ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠡᠪᠤᠯ᠎ᠤᠨ ᠤᠯᠠᠷᠢᠯ᠎ᠳᠤ ᠪᠡᠶ᠎ᠠ ᠪᠣᠯᠪᠠᠰᠣᠷᠠᠪᠠᠯ ᠮᠠᠷᠢᠶ᠎ᠠ ᠵᠢ ᠢᠯᠡᠭᠦᠦ ᠰᠢᠭᠤᠷᠠᠭᠤᠯᠳᠠᠭ
ᠨᠡᠶ᠋ᠢᠲᠡᠯᠡᠭᠰᠡᠨ ᠴᠠᠭ᠄ 2018-12-28

      ᠡᠷᠡᠭᠦᠯ ᠡᠩᠬᠡ ᠵᠢᠨ ᠮᠡᠳᠡᠯᠭᠡ ᠵᠢᠨ ᠲᠦᠭᠡᠮᠡᠯᠵᠢᠬᠦ ᠵᠢ ᠲᠠᠭ᠋ᠠᠯᠳᠤᠨ᠂ ᠨᠢᠭᠡ ᠰᠢᠷᠢᠰ ᠰᠢᠨᠵᠢᠯᠡᠬᠦ ᠤᠬᠠᠭ᠋ᠠᠨᠴᠢ ᠦᠷ᠎ᠠ ᠪᠦᠲᠦᠮᠵᠢᠲᠠᠢ ᠪᠡᠶ᠎ᠠ ᠲᠠᠮᠢᠷ᠎ᠤᠨ ᠪᠤᠯᠪᠠᠰᠤᠷᠠᠯ᠎ᠤᠨ ᠠᠷᠭ᠎ᠠ᠎ᠨᠢ ᠦᠨᠳᠦᠷ ᠬᠠᠨᠭ᠌ᠰᠢ᠎ᠪᠠᠷ ᠬᠤᠳᠠᠯᠳᠤᠨ ᠠᠪᠤᠭᠰᠠᠨ ᠡᠷᠡᠭᠦᠯᠵᠢᠯ᠎ᠤᠨ ᠢᠳᠡᠭᠡᠨ᠎ᠠᠴᠠ ᠲᠤᠰᠠᠲᠠᠢ ᠬᠡᠰᠡᠨ᠎ᠢ ᠤᠯᠠᠨ ᠬᠦᠮᠦᠨ ᠮᠡᠳᠡᠪᠠ᠃ ᠡᠪᠦᠯ᠎ᠤᠨ ᠤᠯᠠᠷᠢᠯ᠎ᠳᠤ ᠪᠡᠶ᠎ᠠ ᠲᠠᠮᠢᠷ᠎ᠤᠨ ᠪᠤᠯᠪᠠᠰᠤᠷᠠᠯ᠎ᠳᠤ ᠤᠷᠤᠯᠴᠠᠬᠤ᠎ᠳᠤ ᠬᠤᠶᠠᠷ ᠤᠨᠴᠠᠯᠢᠭ᠎ᠲᠠᠢ᠃
      ᠲᠡᠷᠢᠭᠦᠨ᠎ᠳᠤ᠂ ᠡᠪᠦᠯ᠎ᠤᠨ ᠤᠯᠠᠷᠢᠯ᠎ᠤᠨ ᠪᠡᠶ᠎ᠠ ᠲᠠᠮᠢᠷ᠎ᠤᠨ ᠪᠤᠯᠪᠠᠰᠤᠷᠠᠯ᠎ᠢ ᠮᠠᠷᠢᠶ᠎ᠠ᠎ᠪᠠᠨ ᠰᠢᠭᠤᠷᠠᠭᠤᠯᠬᠤ ᠵᠢᠨ ᠲᠤᠭᠤᠷᠢᠨ᠎ᠳᠤ ᠢᠷᠡᠵᠤ ᠲᠦᠯᠦᠪᠯᠡᠵᠤ ᠲᠤᠭᠳᠠᠭ᠋ᠠᠨ᠎ᠠ᠃ ᠡᠪᠦᠯ᠎ᠤᠨ ᠤᠯᠠᠷᠢᠯ᠎ᠳᠤ ᠬᠦᠮᠦᠨ᠎ᠤ ᠪᠡᠶ᠎ᠠ ᠵᠢᠨ ᠰᠢᠩᠭᠡᠬᠦ ᠴᠢᠳᠠᠪᠤᠷᠢ ᠰᠠᠶ᠋ᠢᠵᠢᠷᠠᠵᠤ᠂ ᠬᠤᠭᠤᠯᠠᠨ᠎ᠤ ᠲᠤᠷᠠᠰᠢᠯ ᠰᠠᠶ᠋ᠢᠵᠢᠷᠠᠵᠤ᠂ ᠤᠯᠠᠨ ᠬᠦᠮᠦᠨ ᠡᠪᠦᠯ᠎ᠤᠨ ᠤᠯᠠᠷᠢᠯ᠎ᠤᠨ ᠪᠡᠶ᠎ᠡ ᠵᠢᠨ ᠬᠥᠨᠲᠥ᠎ᠨᠢ ᠨᠢᠬᠡ ᠵᠢᠯ᠎ᠤᠨ ᠲᠤᠲᠤᠷ᠎ᠠ ᠬᠠᠮᠤᠬ᠎ᠤᠨ ᠬᠥᠨᠲᠥ ᠥᠶ᠎ᠡ ᠪᠠᠶ᠋ᠢᠳᠠᠭ᠂ ᠡᠭᠦᠨ᠎ᠠᠴᠠ ᠭᠠᠳᠠᠨ᠎ᠠ ᠡᠪᠦᠯ᠎ᠤᠨ ᠤᠯᠠᠷᠢᠯ᠎ᠳᠤ ᠪᠡᠶ᠎ᠠ ᠲᠠᠮᠢᠷ᠎ᠤᠨ ᠪᠤᠯᠪᠠᠰᠤᠷᠠᠯ᠎ᠳᠤ ᠤᠷᠤᠯᠴᠠᠪᠠᠯ ᠵᠠᠷᠤᠴᠠᠭᠤᠯᠬᠤ ᠡᠨᠧᠷᠬᠢ᠎ᠨᠢ ᠬᠠᠮᠤᠭ ᠤᠯᠠᠨ᠂ ᠮᠠᠷᠢᠶ᠎ᠠ ᠵᠢ ᠪᠠᠭᠤᠷᠠᠭᠤᠯᠬᠤ ᠬᠠᠮᠤᠭ ᠰᠠᠶ᠋ᠢᠨ ᠴᠠᠭ ᠪᠤᠯᠤᠨ᠎ᠠ᠃
      ᠳᠠᠷᠠᠭ᠋ᠠᠯᠠᠪᠠᠯ᠂ ᠡᠪᠦᠯ᠎ᠤᠨ ᠤᠯᠠᠷᠢᠯ᠎ᠳᠤ ᠬᠦᠮᠦᠨ᠎ᠤ ᠦᠯᠦ ᠬᠠᠯᠳᠠᠭ᠋ᠠᠬᠤ ᠴᠢᠳᠠᠮᠵᠢ ᠲᠤᠷᠤᠭᠰᠢᠯᠠᠵᠤ ᠠᠮᠠᠷᠬᠠᠨ ᠡᠪᠡᠳᠴᠢᠯᠡᠳᠡᠭ᠂ ᠡᠶ᠋ᠢᠮᠦ᠎ᠠᠴᠠ ᠡᠪᠦᠯ᠎ᠤᠨ ᠤᠯᠠᠷᠢᠯ᠎ᠳᠤ ᠪᠡᠶ᠎ᠠ ᠪᠤᠯᠪᠠᠰᠤᠷᠠᠬᠤ ᠵᠢᠨ ᠨᠦᠭᠦᠭᠡ ᠨᠢᠭᠡ ᠰᠢᠯᠳᠠᠭ᠋ᠠᠨ᠎ᠨᠢ ᠭᠡᠪᠡᠯ ᠪᠦᠲᠦᠮᠵᠢᠲᠠᠢ ᠪᠤᠯᠪᠠᠰᠤᠷᠠᠯ ᠵᠶ᠋ᠠᠷ ᠲᠠᠮᠵᠢᠨ ᠡᠪᠡᠳᠴᠢᠨ ᠡᠮᠬᠡᠭ᠎ᠢ ᠰᠡᠷᠭᠡᠶ᠋ᠢᠯᠡᠳᠡᠭ᠃ ᠬᠡᠪᠡᠴᠦ ᠲᠦᠯᠦᠪᠯᠡᠭᠡ ᠦᠭᠡᠢ᠂ ᠵᠢᠮ᠎ᠠ ᠶᠤᠰᠤ ᠦᠭᠡᠢ ᠪᠤᠯᠪᠠᠰᠤᠷᠠᠯ᠎ᠨᠢ ᠪᠡᠶ᠎ᠠ ᠮᠠᠬᠠᠪᠤᠳ᠎ᠢ ᠴᠢᠬᠢᠷᠠᠭᠵᠢᠭᠤᠯᠵᠤ ᠲᠡᠶ᠋ᠢᠯᠬᠦ ᠦᠭᠡᠢ ᠮᠦᠷᠳᠡᠭᠡᠨ ᠪᠠᠰᠠ ᠡᠪᠡᠳᠴᠢᠨ ᠬᠦᠷᠭᠡᠳᠡᠭ᠃ ᠡᠪᠦᠯ᠎ᠤᠨ ᠤᠯᠠᠷᠢᠯ᠎ᠳᠤ ᠠᠭᠤᠷ ᠠᠮᠢᠰᠬᠤᠯ ᠬᠠᠬᠢᠷ ᠬᠦᠢ᠍ᠲᠡᠨ᠂ ᠪᠡᠶ᠎ᠠ᠎ᠪᠠᠨ ᠪᠤᠯᠪᠠᠰᠤᠷᠠᠭᠤᠯᠬᠤ ᠦᠶ᠎ᠠ᠎ᠳᠤ ᠬᠦᠳᠡᠯᠭᠡᠭᠡᠨ᠎ᠤ ᠬᠡᠮᠵᠢᠶ᠎ᠠ ᠪᠠᠭ᠎ᠠ ᠡᠨᠧᠷᠭᠢ ᠶᠡᠭᠡ ᠵᠠᠷᠤᠴᠠᠭᠤᠯᠬᠤ ᠬᠦᠳᠡᠯᠭᠡᠭᠡᠨ᠎ᠢ ᠰᠤᠩᠭᠤᠪᠠᠯ ᠵᠤᠬᠢᠨ᠎ᠠ᠃ ᠵᠠᠯᠠᠭᠤ ᠬᠦᠮᠦᠨ ᠬᠦᠶᠦᠬᠦ ᠵᠡᠷᠭᠡ ᠲᠠᠮᠢᠷ᠎ᠤᠨ ᠬᠦᠳᠡᠯᠭᠡᠭᠡᠨ᠎ᠳᠤ ᠢᠯᠡᠭᠦᠦ ᠤᠷᠤᠯᠴᠠᠵᠤ᠂ ᠢᠳᠡᠷ ᠨᠠᠰᠤᠨ᠎ᠤ ᠬᠦᠮᠦᠨ ᠬᠤᠷᠳᠤᠨ ᠠᠯᠬᠤᠬᠤ᠂ ᠱᠠᠳᠤ ᠮᠠᠴᠤᠬᠤ᠂ ᠠᠭ᠋ᠠᠵᠢᠭᠤ ᠬᠦᠶᠦᠬᠦ ᠵᠡᠷᠭᠡ ᠬᠦᠳᠡᠯᠭᠡᠭᠡᠨ᠎ᠳᠤ ᠤᠷᠤᠯᠴᠠᠵᠤ᠂ ᠨᠠᠰᠤᠲᠠᠢ ᠬᠦᠮᠦᠨ ᠰᠤᠯᠠ ᠠᠯᠬᠤᠬᠤ᠂ ᠨᠠᠷᠡᠬᠦᠢ ᠨᠢᠲᠤᠷᠭ᠎ᠠ ᠵᠡᠷᠭᠡ ᠬᠦᠳᠡᠯᠭᠡᠭᠡᠨ᠎ᠢ ᠲᠤᠬᠢᠷᠠᠭᠤᠯᠵᠤ ᠪᠤᠯᠤᠨ᠎ᠠ᠃ ᠵᠠᠯᠠᠭᠤ ᠬᠦᠮᠦᠨ ᠡᠪᠦᠯ᠎ᠤᠨ ᠤᠯᠠᠷᠢᠯ᠎ᠳᠤ ᠪᠠᠶ᠎ᠠ ᠲᠠᠮᠢᠷ᠎ᠤᠨ ᠬᠦᠳᠡᠯᠭᠡᠭᠡᠨ᠎ᠳᠤ ᠤᠷᠤᠯᠴᠠᠬᠤ ᠴᠠᠭ ᠵᠶ᠋ᠠᠨ ᠵᠤᠬᠢᠰᠲᠠᠢ ᠤᠷᠳᠤᠳᠬᠠᠵᠤ ᠪᠤᠯᠤᠨ᠎ᠠ᠂ ᠵᠤᠨ᠎ᠤ ᠤᠯᠠᠷᠢᠯ᠎ᠠᠴᠠ 10 — 15 ᠮᠢᠨᠦ᠋ᠲ ᠤᠷᠳᠤᠳᠬᠠᠪᠠᠯ ᠨᠡᠩ ᠰᠠᠶ᠋ᠢᠨ᠃ ᠢᠳᠡᠷ ᠨᠠᠰᠤᠨ᠎ᠤ ᠬᠦᠮᠦᠨ᠎ᠤ ᠪᠠᠶ᠎ᠠ ᠵᠢᠨ ᠪᠠᠶ᠋ᠢᠳᠠᠯ ᠤᠷᠤᠭᠤᠳᠠᠬᠤ ᠬᠠᠨᠳᠤᠰᠢ᠎ᠲᠠᠢ᠃ ᠠᠵᠢᠯ᠎ᠤᠨ ᠶᠠᠭ᠋ᠠᠷᠠᠤ᠎ᠠᠴᠠ ᠪᠤᠯᠵᠤ ᠪᠡᠶ᠎ᠠ ᠮᠠᠬᠠᠪᠤᠳ ᠵᠶ᠋ᠠᠨ ᠪᠤᠯᠪᠠᠰᠤᠷᠠᠬᠤ᠎ᠪᠠᠨ ᠵᠤᠭᠰᠤᠵᠤ ᠪᠤᠯᠬᠤ ᠦᠭᠡᠢ᠃

      ᠡᠪᠦᠯ᠎ᠤᠨ ᠤᠯᠠᠷᠢᠯ᠎ᠳᠤ ᠪᠡᠶ᠎ᠠ ᠮᠠᠬᠠᠪᠤᠳ ᠵᠶ᠋ᠠᠨ ᠪᠤᠯᠪᠠᠰᠤᠷᠠᠬᠤ᠎ᠳᠤ ᠴᠠᠭ ᠵᠶ᠋ᠠᠨ ᠲᠤᠬᠢᠷᠠᠮᠵᠢᠲᠠᠢ ᠰᠤᠩᠭᠤᠬᠤ ᠬᠡᠷᠡᠭᠲᠠᠢ᠃ ᠵᠠᠯᠠᠭᠤ ᠬᠦᠮᠦᠨ ᠡᠪᠦᠯ᠎ᠤᠨ ᠤᠯᠠᠷᠢᠯ᠎ᠳᠤ ᠦᠷᠯᠦᠭᠡ ᠪᠡ ᠦᠳᠡ ᠵᠢᠨ ᠬᠤᠶ᠋ᠢᠨ᠎ᠠ ᠪᠡᠶ᠎ᠠ ᠮᠠᠬᠠᠪᠤᠳ ᠵᠶ᠋ᠠᠨ ᠪᠤᠯᠪᠠᠰᠤᠷᠠᠵᠤ᠂ ᠢᠳᠡᠷ ᠨᠠᠰᠤᠨ᠎ᠤ ᠬᠦᠮᠦᠨ ᠠᠵᠢᠯ᠎ᠠᠴᠠ᠎ᠪᠠᠨ ᠪᠠᠭᠤᠭᠰᠠᠨ᠎ᠤ ᠳᠠᠷᠠᠭ᠎ᠠ 18 — 20 ᠴᠠᠭ᠎ᠤᠨ ᠬᠤᠭᠤᠷᠤᠨᠳᠦ ᠪᠡᠶ᠎ᠠ ᠮᠠᠬᠠᠪᠤᠳ ᠵᠶ᠋ᠠᠨ ᠪᠤᠯᠪᠠᠰᠤᠷᠠᠵᠤ᠂ ᠨᠠᠰᠤᠲᠠᠢ ᠬᠦᠮᠦᠨ 14 — 19 ᠴᠠᠭ᠎ᠤᠨ ᠬᠤᠭᠤᠷᠤᠨᠳᠦ ᠪᠡᠶ᠎ᠠ ᠮᠠᠬᠠᠪᠤᠳ ᠵᠶ᠋ᠠᠨ ᠪᠤᠯᠪᠠᠰᠤᠷᠠᠵᠤ ᠪᠤᠯᠤᠨ᠎ᠠ᠃

ᠢᠷᠡᠯᠲᠡ᠄ ᠤᠯᠠᠭ᠋ᠠᠨᠬᠠᠳᠠ ᠮᠤᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠲᠠᠮᠢᠷ᠎ᠤᠨ ᠬᠦᠳᠡᠯᠬᠡᠭᠡᠡ᠎ᠳᠤ ᠤᠷᠤᠯᠴᠠᠬᠤ ᠤᠷᠮ᠎ᠠ ᠵᠢ ᠬᠡᠷᠬᠢᠨ ᠲᠡᠭᠡᠭᠰᠢᠯᠡᠬᠦᠯᠬᠦ ᠪᠤᠢ
ᠬᠡᠤᠬᠡᠳ ᠪᠠᠭ᠋ᠠᠴᠤᠤᠨ ᠲᠠᠮᠢᠷ᠎ᠤᠨ ᠬᠦᠳᠡᠯᠭᠡᠭᠡᠨ᠎ᠳᠤ ᠢᠯᠡᠬᠦᠤ ᠤᠷᠤᠯᠴᠠᠪᠠᠯ ᠵᠤᠭᠢᠨ᠎ᠠ
ᠦᠳᠡ᠎ᠳᠤ ᠠᠯᠬᠤᠬᠤ ᠬᠢᠭᠡᠳ ᠠᠵᠢᠯ᠎ᠤᠨ ᠪᠦᠳᠦᠮᠵᠢ
ᠡᠪᠤᠯ᠎ᠤᠨ ᠬᠦᠢ᠍ᠳᠡᠨ ᠡᠳᠦᠷ ᠬᠦᠳᠡᠯᠭᠡᠭᠡᠨ ᠬᠢᠬᠦ᠎ᠳᠤ ᠬᠢᠯᠪᠠᠷᠬᠠᠨ ᠰᠢᠷᠬᠠᠳᠤᠯ ᠡᠬᠦᠰᠭᠡᠳᠡᠭ
ᠰᠢᠯᠤᠭᠤᠨ ᠱᠤᠭᠤᠮ ᠵᠶ᠋ᠠᠷ ᠠᠯᠬᠤᠪᠠᠯ ᠲᠠᠷᠢᠬᠢᠨ ᠠᠪᠴᠢᠯᠳᠠ ᠵᠢ ᠰᠡᠷᠭᠡᠢ᠍ᠢ᠍ᠯᠡᠳᠡᠭ
 
            