ᠠᠩᠭ᠍ᠯᠢ ᠵᠢᠨ ᠠᠰᠠᠷᠠᠮᠵᠢ ᠵᠢᠨ ᠵᠤᠬᠢᠶᠠᠨ ᠪᠠᠶ᠋ᠢᠭᠤᠯᠤᠯᠲᠠ ᠵᠢᠨ ᠠᠯᠬᠤᠬ᠍ᠴᠢᠳᠤᠨ ᠨᠡᠶ᠋ᠢᠭᠡᠮᠯᠢᠩ ᠪᠠ ᠮᠠᠶ᠋ᠢᠺᠮᠢᠯᠦ᠋ᠨ ᠦᠮᠠᠨᠤ ᠲᠤᠰᠠᠯᠠᠮᠵᠢ ᠵᠢᠨ ᠲᠦᠪ᠎ᠤᠨ ᠬᠠᠮᠤᠭ᠎ᠤᠨ ᠰᠢᠨ᠎ᠡ ᠰᠣᠳᠣᠯᠭ᠋ᠠᠨ᠎ᠳᠤ ᠣᠯᠵᠣ ᠮᠡᠳᠡᠭᠰᠡᠨ ᠵᠶ᠋ᠠᠷ᠂ ᠡᠳᠦᠷ ᠪᠦᠷᠢ 1.6 ᠺᠢᠯᠦᠮᠧᠳ᠋ᠷ ᠵᠠᠮ᠎ᠢ 20 ᠮᠢᠨᠦ᠋ᠲ᠎ᠲᠤ ᠶᠠᠪᠤᠵᠤ ᠪᠠᠷᠠᠬᠤ ᠵᠢ ᠪᠠᠷᠢᠮᠳᠠᠯᠠᠪᠠᠯ ᠬᠦᠬᠦᠨ ᠪᠤᠯᠴᠢᠷᠬᠠᠢ ᠵᠢᠨ ᠦᠮᠠᠨ᠂ ᠣᠷᠢᠳᠤ ᠪᠤᠯᠴᠢᠷᠬᠠᠢ ᠵᠢᠨ ᠦᠮᠠᠨ᠂ ᠭᠡᠳᠡᠰᠤᠨ᠎ᠤ ᠦᠮᠠᠨᠤ ᠵᠠᠰᠠᠯᠭ᠎ᠠ᠎ᠳᠤ ᠢᠯᠡᠳᠳᠡ ᠲᠤᠰᠠᠳᠠᠢ ᠪᠠᠶ᠋ᠢᠳᠠᠭ᠂ ᠬᠠᠮᠤᠭ᠎ᠤᠨ ᠦᠨᠳᠦᠷ᠎ᠲᠡᠭᠡᠨ 50 % ᠵᠶ᠋ᠠᠷ ᠠᠳᠡᠭᠦ ᠨᠤᠷᠮ᠎ᠠ ᠵᠢ ᠲᠤᠷᠤᠭᠰᠢᠯᠠᠭᠤᠯᠤᠨ᠎ᠠ᠃ ᠡᠬᠦᠨ᠎ᠪᠠᠷ ᠪᠠᠷᠠᠬᠤ ᠦᠭᠡᠢ᠂ ᠠᠯᠬᠤᠬᠤ᠎ᠨᠢ ᠦᠯᠦ ᠬᠠᠯᠳᠠᠭ᠋ᠠᠬᠤ ᠴᠢᠳᠠᠯ᠎ᠢ ᠨᠡᠮᠡᠭᠳᠡᠭᠦᠯᠳᠡᠭ ᠵᠶ᠋ᠠᠷ ᠪᠠᠷᠠᠬᠤ ᠦᠭᠡᠢ᠂ ᠲᠤᠳᠤᠭ᠋ᠠᠳᠤ ᠱᠦᠭᠦᠷᠡᠯᠳᠡ ᠵᠢ ᠰᠠᠶ᠋ᠢᠵᠢᠷᠠᠭᠤᠯᠤᠨ᠂ ᠬᠤᠷᠮᠤᠨ᠎ᠤ ᠲᠦᠪᠰᠢᠨ᠎ᠢ ᠵᠤᠬᠢᠴᠠᠭᠤᠯᠬᠤ᠂ ᠦᠮᠠ᠎ᠨᠢ ᠰᠡᠷᠭᠡᠶ᠋ᠢᠯᠡᠬᠦ᠂ ᠦᠮᠠ᠎ᠨᠢ ᠡᠰᠡᠷᠭᠦᠴᠡᠬᠦ ᠲᠠᠯ᠎ᠠ᠎ᠪᠠᠷ ᠲᠤᠪᠤᠶ᠋ᠢᠮ᠎ᠠ ᠦᠢ᠍ᠯᠡᠳᠦᠯ᠎ᠲᠠᠢ ᠪᠠᠶ᠋ᠢᠳᠠᠭ᠃
ᠬᠦᠬᠦᠨ ᠪᠤᠯᠴᠢᠷᠬᠠᠢ ᠵᠢᠨ ᠦᠮᠠ᠎ᠨᠢ ᠰᠡᠷᠭᠡᠶ᠋ᠢᠯᠡᠨ᠎ᠡ᠃ ᠹᠠᠷᠠᠨᠼᠢ ᠵᠢᠨ ᠨᠢᠭᠡᠨ 400 ᠲᠦᠮᠡᠨ ᠡᠮᠡᠭᠲᠠᠶ᠋ᠢᠴᠤᠤᠯ ᠳᠤ ᠬᠤᠯᠪᠤᠭᠳᠠᠬᠤ ᠰᠣᠳᠣᠯᠭ᠋ᠠᠨ᠎ᠳᠤ ᠢᠯᠡᠷᠬᠡᠶ᠋ᠢᠯᠭᠰᠡᠨ ᠵᠶ᠋ᠠᠷ᠂ ᠶᠠᠮᠠᠷᠪᠠ ᠨᠠᠰᠤᠨ᠎ᠤ ᠡᠮᠡᠭᠲᠠᠢ ᠡᠳᠦᠷ ᠪᠦᠷᠢ 1 ᠴᠠᠭ ᠲᠦᠷᠭᠡᠨ ᠠᠯᠬᠤᠬᠤ ᠵᠢ ᠪᠠᠷᠢᠮᠳᠠᠯᠠᠪᠠᠯ ᠬᠦᠬᠦᠨ ᠪᠤᠯᠴᠢᠷᠬᠠᠢ ᠵᠢᠨ ᠦᠮᠠᠨ᠎ᠳᠤ ᠨᠡᠷᠪᠡᠭᠳᠡᠬᠦ ᠨᠤᠷᠮ᠎ᠠ ᠵᠢ 12 % ᠵᠶ᠋ᠠᠷ ᠲᠤᠷᠤᠰᠢᠯᠠᠭᠤᠯᠳᠠᠭ᠃ ᠭᠡᠳᠡᠰᠤᠨ᠎ᠤ ᠦᠮᠠ᠎ᠨᠢ ᠰᠡᠷᠭᠡᠶ᠋ᠢᠯᠡᠨ᠎ᠡ᠃ ᠬᠠᠹᠦ᠋ ᠶᠡᠭᠡ ᠰᠣᠷᠭ᠋ᠠᠭᠤᠯᠢ ᠵᠢᠨ 7 ᠲᠦᠮᠡᠨ ᠬᠦᠮᠦᠨ᠎ᠳᠤ ᠴᠢᠭᠯᠡᠭᠦᠯᠦᠭᠰᠡᠨ ᠤᠷᠳᠤ ᠬᠤᠭᠤᠴᠠᠭ᠋ᠠᠨ᠎ᠤ ᠰᠤᠳᠤᠯᠭ᠋ᠠᠨ᠎ᠳᠤ ᠢᠯᠡᠷᠡᠭᠦᠯᠦᠭᠰᠡᠨ ᠵᠶ᠋ᠠᠷ᠂ ᠡᠳᠦᠷ ᠪᠦᠷᠢ 1 ᠴᠠᠭ ᠠᠯᠬᠤᠬᠤ ᠵᠢ ᠪᠠᠷᠢᠮᠳᠠᠯᠠᠪᠠᠯ᠂ ᠰᠢᠯᠤᠭᠤᠨ ᠭᠡᠳᠡᠰᠤᠨ᠎ᠤ ᠦᠮᠠᠨ᠎ᠳᠤ ᠨᠡᠷᠪᠡᠭᠳᠡᠬᠦ ᠨᠤᠷᠮ᠎ᠠ ᠵᠢ ᠬᠠᠭ᠋ᠠᠰ᠎ᠪᠠᠷ ᠪᠠᠭᠤᠷᠠᠭᠤᠯᠳᠠᠭ᠃
ᠨᠤᠶ᠋ᠢᠷᠤᠨ ᠪᠤᠯᠴᠢᠷᠬᠠᠢ ᠵᠢᠨ ᠦᠮᠠ᠎ᠨᠢ ᠰᠡᠷᠭᠡᠶ᠋ᠢᠯᠡᠨ᠎ᠡ᠃ ᠠᠮᠧᠷᠢᠺᠠ ᠵᠢᠨ 《ᠤᠩᠰᠢᠭᠴᠢᠳ᠎ᠤᠨ ᠱᠦᠭᠦᠮᠡᠭ》 ᠰᠡᠳᠭᠦᠯ᠎ᠳᠤ ᠨᠡᠶ᠋ᠢᠳᠡᠯᠡᠭᠳᠡᠭᠰᠡᠨ ᠨᠢᠭᠡᠨ ᠰᠤᠳᠤᠯᠭ᠋ᠠᠨ᠎ᠤ ᠪᠦᠳᠦᠭᠡᠯ᠎ᠳᠤ ᠵᠢᠭ᠋ᠠᠵᠤ ᠭᠠᠷᠭ᠋ᠠᠭᠰᠠᠨ ᠵᠶ᠋ᠠᠷ᠂ ᠡᠳᠦᠷ ᠪᠦᠷᠢ ᠬᠤᠭᠤᠯᠠᠨ᠎ᠤ ᠲᠠᠷᠠᠭ᠎ᠠ 30 ᠮᠢᠨᠦ᠋ᠲ ᠰᠤᠯᠠ ᠠᠯᠬᠤᠯᠠᠪᠠᠯ ᠨᠤᠶ᠋ᠢᠷᠤᠨ ᠪᠤᠯᠴᠢᠷᠬᠠᠢ ᠵᠢᠨ ᠦᠮᠠᠨ᠎ᠳᠤ ᠨᠡᠷᠪᠡᠭᠳᠡᠬᠦ ᠨᠤᠷᠮ᠎ᠠ ᠵᠢ ᠬᠠᠭ᠋ᠠᠰ ᠵᠶ᠋ᠠᠷ ᠪᠠᠭᠤᠷᠠᠭᠤᠯᠳᠠᠭ᠃
ᠤᠷᠢᠳᠤ ᠪᠤᠯᠴᠢᠷᠬᠠᠢ ᠵᠢᠨ ᠦᠮᠠ᠎ᠨᠢ ᠡᠰᠡᠷᠭᠦᠴᠡᠨ᠎ᠡ᠃ ᠠᠮᠧᠷᠢᠺᠠ ᠵᠢᠨ ᠺᠠᠯᠢᠹᠦᠷᠨᠢᠶ᠎ᠠ ᠵᠸᠤ ᠵᠢᠨ ᠶᠡᠭᠡ ᠰᠤᠷᠭ᠋ᠠᠭᠤᠯᠢ ᠵᠢᠨ ᠰᠣᠳᠣᠯᠭ᠋ᠠᠳᠠᠳ 1455 ᠤᠷᠢᠳᠤ ᠪᠤᠯᠴᠢᠷᠬᠠᠢ ᠵᠢᠨ ᠦᠮᠠᠨ ᠡᠪᠡᠳᠴᠢᠳᠠᠨ᠎ᠳᠤ ᠤᠷᠳᠤ ᠬᠤᠭᠤᠴᠠᠭ᠋ᠠᠨ᠎ᠤ ᠮᠦᠷᠳᠠᠨ ᠪᠠᠶ᠋ᠢᠴᠠᠭ᠋ᠠᠯᠲᠠ ᠬᠢᠵᠦ ᠢᠯᠡᠷᠡᠭᠦᠯᠦᠭᠰᠡᠨ ᠵᠶ᠋ᠠᠷ᠂ ᠭᠠᠷᠠᠭ ᠪᠦᠷᠢ 3 ᠴᠠᠠᠭ ᠲᠦᠷᠭᠡᠨ ᠠᠯᠬᠤᠪᠠᠯ ᠦᠮᠠᠨ ᠡᠪᠡᠳᠴᠢᠨ᠎ᠤ ᠬᠦᠨᠳᠦᠷᠡᠬᠦ ᠬᠡᠮᠵᠢᠶ᠎ᠡ᠎ᠨᠢ ᠬᠦᠳᠡᠯᠭᠡᠭᠡᠨ ᠬᠢᠳᠡᠭ ᠦᠭᠡᠢ ᠬᠦᠮᠦᠨ᠎ᠠᠴᠠ 57% ᠵᠶ᠋ᠠᠷ ᠲᠤᠤᠷ᠎ᠠ ᠪᠠᠶ᠋ᠢᠳᠠᠭ᠃
ᠠᠯᠬᠤᠬᠤ ᠵᠢᠨ ᠠᠰᠢᠭ ᠲᠣᠰᠠ ᠵᠢ ᠪᠠᠳᠠᠷᠠᠭᠤᠯᠬᠤ᠎ᠳᠤ ᠶᠠᠪᠤᠵᠤ ᠰᠠᠭᠤᠬᠤ ᠠᠯᠬᠤᠬᠤ ᠬᠡᠰᠬᠢᠬᠦ ᠬᠡᠪ ᠨᠠᠮᠪᠠ᠂ ᠭᠠᠵᠠᠷ᠂ ᠡᠮᠦᠰᠭᠡᠯ ᠵᠠᠰᠠᠯ᠂ ᠴᠠᠭ ᠵᠢᠴᠢ ᠬᠤᠷᠳᠤᠴᠠ ᠵᠡᠷᠭᠡ ᠵᠢ ᠠᠩᠬᠠᠷᠤᠭᠤᠰᠢᠲᠠᠢ᠃ ᠠᠯᠬᠤᠯᠠᠬᠤ᠎ᠳᠠᠭᠠᠨ ᠠᠯᠤᠰ ᠢ ᠰᠢᠷᠳᠡᠨ ᠴᠡᠭᠡᠵᠢ᠎ᠪᠠᠨ ᠲᠡᠨᠡᠶ᠋ᠢᠯᠭᠡᠵᠦ᠂ ᠲᠡᠭᠰᠢ ᠤᠯᠠ᠎ᠲᠠᠢ ᠱᠠᠬᠠᠢ ᠡᠮᠦᠰᠦᠨ ᠵᠢᠭᠳᠡ ᠬᠤᠷᠳᠤᠴᠠ᠎ᠪᠠᠷ ᠶᠠᠪᠤᠨ᠎ᠠ᠃ ᠬᠠᠮᠤᠭ᠎ᠤᠨ ᠰᠠᠶ᠋ᠢᠨ᠎ᠨᠢ ᠦᠳᠡ ᠵᠢᠨ ᠬᠤᠶ᠋ᠢᠨᠠᠬᠢ 4 ᠴᠠᠭ᠎ᠤᠨ ᠦᠶᠡᠰ ᠵᠶ᠋ᠠᠷ ᠨᠢᠭᠡ ᠰᠧᠺᠦ᠋ᠨ᠋ᠳ᠋᠎ᠲᠤ ᠬᠤᠶᠠᠷ ᠠᠯᠬᠤᠮ ᠠᠯᠬᠤᠪᠠᠯ ᠦᠶ᠎ᠡ ᠬᠡᠰᠢᠭᠦᠨ᠎ᠤ ᠱᠠᠯᠠᠮᠠᠭ᠋ᠠᠢ ᠠᠮᠢᠳᠣᠯᠢᠭ᠂ ᠵᠢᠷᠦᠭᠡᠨ ᠴᠤᠬᠢᠯᠭ᠎ᠠ ᠪᠠ ᠴᠢᠰᠤᠨ ᠲᠠᠷᠤᠯᠳᠠ ᠵᠢ ᠲᠤᠭᠳᠠᠭᠤᠨ ᠪᠠᠶ᠋ᠢᠯᠭ᠋ᠠᠳᠠᠭ᠃ ᠭᠡᠬᠦ᠎ᠳᠡᠭᠡᠨ ᠴᠠᠭ ᠲᠠᠷᠤᠢ᠎ᠳᠤ᠎ᠨᠢ ᠤᠰᠤ ᠨᠦᠬᠦᠪᠦᠷᠢᠯᠡᠬᠦ ᠵᠢ ᠠᠩᠬᠠᠷᠬᠤ ᠴᠢᠬᠤᠯᠠᠲᠠᠢ᠃