ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠲᠠᠨ᠎ᠳᠤ ᠦᠢᠯᠡᠴᠢᠯᠡᠬᠦ᠌
 ᠬᠡᠤᠬᠡᠤᠨ᠎ᠤᠨ ᠵᠠᠩ ᠠᠭ᠋ᠠᠰᠢ ᠵᠢ ᠲᠠᠮᠢᠷ᠎ᠤᠨ ᠬᠥᠳᠡᠯᠬᠡᠬᠡᠨ ᠨᠥᠯᠤᠬᠡᠯᠡᠳᠡᠭ
ᠨᠡᠶ᠋ᠢᠲᠡᠯᠡᠭᠰᠡᠨ ᠴᠠᠭ᠄ 2022-07-21

    ᠵᠠᠩ ᠠᠭ᠋ᠠᠰᠢ ᠵᠢ ᠵᠤᠬᠢᠬᠤ ᠲᠠᠯ᠎ᠠ᠎ᠪᠠᠷ ᠨᠥᠯᠤᠬᠡᠯᠡᠳᠡᠭ ᠪᠠᠶ᠋ᠢᠨ᠎ᠠ᠃ ᠲᠠᠮᠢᠷ᠎ᠤᠨ ᠬᠥᠳᠡᠯᠬᠡᠬᠡᠨ᠎ᠤ ᠲᠤᠬᠠᠢ ᠰᠤᠳᠤᠯᠭ᠋ᠠᠨ᠎ᠳᠤ ᠬᠡᠷᠡᠴᠢᠯᠡᠭᠰᠡᠨ ᠵᠶ᠋ᠠᠷ᠂ ᠡᠯ᠎ᠡ ᠲᠥᠷᠤᠯ᠎ᠤᠨ ᠲᠠᠮᠢᠷ᠎ᠤᠨ ᠬᠥᠳᠡᠯᠬᠡᠬᠡᠨ᠎ᠳᠤ ᠢᠳᠡᠪᠬᠢᠳᠠᠢ ᠤᠷᠤᠯᠴᠠᠬᠤ᠎ᠨᠢ ᠥᠪᠡᠷ᠎ᠢ᠎ᠪᠠᠨ ᠡᠵᠡᠮᠳᠡᠭᠦ ᠴᠢᠳᠠᠪᠤᠷᠢ᠂ ᠢᠳᠡᠬᠡᠯ ᠵᠤᠷᠢᠭ᠎ᠢ ᠡᠷᠴᠢᠯᠡᠬᠦ᠎ᠳᠤ ᠨᠥᠯᠤᠬᠡ ᠥᠵᠡᠬᠦᠯᠤᠨ ᠪᠠᠭ᠎ᠠ ᠨᠠᠰᠤᠨ᠎ᠤ ᠬᠡᠤᠬᠡᠤᠨ᠎ᠤᠨ ᠡᠷᠡᠬᠦᠯ ᠰᠠᠷᠠᠭᠤᠯ ᠵᠠᠩ ᠴᠢᠨᠠᠷ᠎ᠲᠠᠢ ᠪᠤᠯᠤᠨ ᠬᠥᠮᠤᠵᠢᠬᠦ᠎ᠳᠤ ᠮᠠᠰᠢ ᠲᠤᠰᠠᠳᠠᠢ ᠪᠤᠯᠬᠤᠷ ᠲᠠᠮᠢᠷ᠎ᠤᠨ ᠬᠥᠳᠡᠯᠬᠡᠬᠡᠨ᠎ᠤ ᠪᠤᠯᠪᠠᠰᠤᠷᠠᠯ᠎ᠢ ᠬᠡᠤᠬᠡᠤᠨ ᠪᠠᠭ᠋ᠠᠴᠤᠤᠨ᠎ᠲᠤ ᠢᠯᠡᠬᠦᠬᠡᠨ ᠬᠢᠯᠬᠡᠵᠤ ᠲᠠᠰᠬᠠᠯᠵᠢᠭᠤᠯᠪᠠᠯ ᠵᠤᠬᠢᠨ᠎ᠠ᠃ ᠬᠥᠯ ᠪᠥᠮᠪᠦᠭᠡ᠂ ᠠᠯᠠᠭ᠋ᠠᠳᠠᠬᠤ ᠪᠥᠮᠪᠦᠭᠡ᠂ ᠬᠥᠴᠤᠨ ᠵᠠᠯᠭ᠋ᠠᠵᠤ ᠬᠥᠶᠤᠬᠦ᠂ ᠲᠡᠬᠡᠰᠤ ᠲᠠᠳᠠᠬᠤ ᠵᠡᠷᠬᠡ ᠬᠠᠮᠳᠤ ᠨᠡᠶ᠋ᠢᠳᠡᠴᠢ ᠴᠢᠨᠠᠷ᠎ᠲᠠᠢ ᠬᠥᠳᠡᠯᠬᠡᠬᠡᠨ᠎ᠳᠤ ᠤᠷᠤᠯᠴᠠᠪᠠᠯ ᠭᠠᠭᠴᠠᠭ᠋ᠠᠷᠳᠠᠮᠠᠯ᠂ ᠵᠥᠷᠢᠬᠦᠤᠨ ᠵᠠᠩ ᠠᠭ᠋ᠠᠰᠢ ᠵᠢ ᠰᠠᠶ᠋ᠢᠵᠢᠷᠠᠭᠤᠯᠵᠤ ᠨᠠᠶ᠋ᠢᠵᠠ ᠨᠥᠬᠦᠤᠨ᠎ᠲᠠᠢ᠎ᠪᠠᠨ ᠬᠠᠷᠢᠴᠠᠭ᠎ᠠ᠎ᠪᠠᠨ ᠪᠠᠳᠤᠳᠬᠠᠵᠤ᠂ ᠪᠥᠯᠬᠦᠮᠳᠡᠵᠤ ᠴᠢᠳᠠᠨ᠎ᠠ᠃ ᠤᠰᠤᠨ᠎ᠳᠤ ᠤᠮᠪᠠᠭ᠍ᠤ᠂ ᠮᠥᠰᠤᠨ᠎ᠳᠤ ᠲᠠᠰᠢᠬᠤ᠂ ᠨᠢᠳᠤᠷᠭ᠋ᠠᠨ ᠲᠡᠮᠡᠴᠡᠬᠡᠨ᠂ ᠪᠥᠬᠡ ᠪᠠᠷᠢᠯᠳᠤᠬᠤ᠂ ᠲᠠᠩ ᠬᠤᠤᠰ ᠰᠠᠪᠠᠯᠠᠭᠤᠷ ᠵᠢᠴᠢ ᠬᠤᠯᠠ ᠬᠠᠷᠠᠶ᠋ᠢᠯᠳᠠ ᠵᠢᠨ ᠲᠠᠮᠢᠷ᠎ᠤᠨ ᠬᠥᠳᠡᠯᠬᠡᠬᠡᠨ᠎ᠨᠢ ᠬᠠᠷᠰᠢ ᠰᠠᠭ᠋ᠠᠤᠨ᠎ᠢ ᠲᠤᠭᠤᠯᠬᠤ ᠡᠷᠡᠮᠡᠬᠡᠢ ᠵᠤᠷᠢᠭ᠎ᠲᠠᠢ ᠪᠤᠯᠭ᠋ᠠᠵᠤ ᠢᠴᠢᠮᠡᠳᠡᠬᠡᠢ ᠪᠥᠷᠦᠭ ᠵᠠᠩ ᠵᠶ᠋ᠠᠨ ᠬᠠᠯᠠᠬᠤ᠎ᠳᠤ ᠰᠠᠶ᠋ᠢᠨ ᠨᠥᠯᠤᠬᠡ᠎ᠲᠠᠢ᠂ ᠫᠢᠡᠭᠫᠤᠡᠭ ᠪᠥᠮᠪᠦᠭᠡ᠂ ᠲᠤᠤᠷ ᠪᠥᠮᠪᠦᠭᠡ᠂ ᠥᠳᠤᠨ ᠪᠥᠮᠪᠦᠭᠡ᠂ ᠥᠨᠳᠤᠷ ᠥᠰᠤᠷᠬᠦ᠂ ᠬᠤᠯᠠ ᠬᠠᠷᠠᠶ᠋ᠢᠬᠤ᠎ᠨᠢ ᠠᠵᠢᠯ ᠶᠠᠪᠤᠳᠠᠯ ᠬᠢᠬᠦ᠎ᠳᠤ ᠡᠷᠡᠰ ᠲᠠᠰᠤᠷᠬᠠᠢ ᠥᠪᠡᠷᠮᠢᠴᠡ ᠴᠢᠨᠠᠷ᠎ᠢ ᠬᠥᠮᠤᠵᠢᠬᠦᠯᠬᠦ᠎ᠳᠤ ᠠᠴᠢ ᠲᠤᠰᠠᠳᠠᠢ᠂ ᠰᠢᠳᠠᠷ᠎ᠠ ᠲᠠᠯᠪᠢᠬᠤ᠂ ᠤᠳᠠᠭ᠋ᠠᠨ ᠬᠥᠶᠤᠬᠦ᠂ ᠬᠤᠯᠠ ᠠᠯᠬᠤᠬᠤ᠎ᠨᠢ ᠥᠪᠡᠷ᠎ᠢ᠎ᠪᠠᠨ ᠡᠵᠡᠮᠳᠡᠭᠦ ᠬᠥᠯᠢᠴᠡᠩᠭᠦᠢ ᠯᠠᠪᠳᠠᠭᠤᠨ ᠵᠠᠩ ᠠᠭ᠋ᠠᠰᠢ ᠵᠢ ᠪᠤᠢ ᠪᠤᠯᠭ᠋ᠠᠨ᠎ᠠ᠃ ᠬᠡᠪ ᠴᠢᠨᠠᠷ᠎ᠤᠨ ᠪᠤᠯᠪᠠᠰᠤᠷᠠᠯ ᠤᠤᠷ ᠴᠢᠳᠠᠪᠤᠷᠢ ᠵᠢ ᠬᠥᠮᠤᠵᠢᠬᠦᠯᠬᠦ᠎ᠳᠤ ᠬᠥᠴᠤ ᠲᠠᠯᠪᠢᠭ᠎ᠠ ᠤᠳᠤ ᠴᠠᠭ᠎ᠤᠨ ᠬᠡᠷ᠎ᠤᠨ ᠠᠬᠠᠮᠠᠤᠨ ᠨᠠᠷ ᠬᠡᠤᠬᠡᠤᠨ ᠵᠶ᠋ᠠᠨ ᠪᠢᠳᠡᠬᠡᠢ ᠠᠩᠭ᠍ᠯᠢ ᠬᠡᠯᠡ᠂ ᠬᠥᠭᠵᠢᠮ᠂ ᠺᠤᠮᠫᠢᠦ᠋ᠲ᠋ᠧᠷ᠎ᠲᠤ ᠤᠶᠠᠭ᠋ᠠᠤᠨ ᠪᠠᠶ᠋ᠢᠭ᠋ᠠᠷᠠᠢ! ᠡᠯ᠎ᠡ ᠲᠥᠷᠤᠯ᠎ᠤᠨ ᠲᠠᠮᠢᠷ᠎ᠤᠨ ᠬᠥᠳᠡᠯᠬᠡᠬᠡᠨ᠎ᠳᠤ ᠢᠳᠡᠪᠬᠢᠳᠠᠢ ᠤᠷᠤᠯᠴᠠᠭᠤᠯᠵᠤ᠂ ᠡᠷᠡᠬᠦᠯ ᠴᠢᠬᠢᠷᠠᠭ᠂ ᠰᠠᠶ᠋ᠢᠨ ᠰᠠᠶ᠋ᠢᠬᠠᠨ ᠵᠠᠩ ᠠᠭ᠋ᠠᠰᠢ᠎ᠲᠠᠢ ᠪᠤᠯᠭ᠋ᠠᠨ ᠬᠥᠮᠤᠵᠢᠬᠦᠯᠤᠬᠡᠷᠡᠢ!

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠡᠶ᠎ᠡ ᠵᠢᠨ ᠲᠠᠮᠢᠷ᠎ᠤᠨ ᠲᠤᠪᠴᠢᠶ᠎ᠡ
          
ᠬᠠᠮᠢᠶ᠎ᠡ ᠪᠦᠬᠦᠢ ᠰᠣᠨᠢᠨ
 ᠬᠦᠳᠡᠯᠭᠡᠭᠡᠨ ᠬᠢᠬᠦ ᠦᠬᠡᠢ ᠤᠳᠠᠭ᠋ᠠᠨ ᠰᠠᠭᠤᠪᠠᠯ ᠡᠷᠳᠡ ᠦᠳᠡᠯᠦᠨ᠎ᠠ
ᠫᠢᠩᠫᠠᠩ ᠪᠦᠮᠪᠦᠭᠡ ᠨᠠᠭ᠋ᠠᠳᠬᠤ ᠵᠢᠨ ᠰᠠᠢ᠌ᠨ ᠲᠠᠯ᠎ᠠ
 ᠨᠢᠭᠡ ᠴᠠᠭ ᠰᠠᠭᠤᠪᠠᠯ ᠬᠤᠶᠠᠷ ᠮᠢᠨᠦ᠋ᠲ ᠠᠯᠬᠤᠭ᠋ᠠᠷᠠᠢ!
 ᠲᠠᠮᠢᠷ᠎ᠤᠨ ᠬᠦᠳᠡᠯᠬᠡᠭᠡᠡ᠎ᠳᠤ ᠤᠷᠤᠯᠴᠠᠬᠤ ᠤᠷᠮ᠎ᠠ ᠵᠢ ᠬᠡᠷᠬᠢᠨ ᠲᠡᠭᠡᠭᠰᠢᠯᠡᠬᠦᠯᠬᠦ ᠪᠤᠢ?
ᠤᠳᠠᠭ᠋ᠠᠠ ᠰᠠᠭᠤᠬᠤ᠎ᠠᠴᠠ ᠪᠣᠯᠵᠤ ᠨᠢᠷᠤᠭᠤ ᠭᠥᠯ ᠲᠡᠯᠡᠵᠤ ᠡᠪᠠᠳᠪᠡᠯ ᠭᠦᠴᠦᠳᠡᠢ ᠲᠠᠮᠢᠷ ᠭᠢᠵᠤ ᠪᠣᠯᠬᠤ ᠦᠭᠡᠢ
 
            