ᠣᠶ᠋ᠢᠷ᠎ᠠ᠎ᠳᠤ ᠨᠢᠭᠡᠨ ᠰᠤᠳᠤᠯᠭ᠋ᠠᠨ᠎ᠠᠴᠠ ᠬᠦᠴᠦᠨ᠎ᠤ ᠪᠣᠯᠪᠠᠰᠤᠷᠠᠯ᠎ᠨᠢ ᠨᠤᠶ᠋ᠢᠷᠢ ᠰᠠᠶ᠋ᠢᠵᠢᠷᠠᠭᠤᠯᠬᠤ᠂ ᠤᠨᠲᠠᠬᠤ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ ᠲᠠᠯ᠎ᠠ᠎ᠪᠠᠷ᠎ᠬᠢ ᠦᠷ᠎ᠡ ᠪᠦᠲᠦᠮᠵᠢ᠎ᠨᠢ ᠬᠠᠮᠤᠭ ᠰᠠᠶ᠋ᠢᠨ ᠪᠠᠶ᠋ᠢᠳᠠᠭ ᠭᠡᠳᠡᠭ᠎ᠢ ᠤᠯᠵᠤ ᠮᠡᠳᠡᠪᠡ᠃
ᠰᠤᠳᠤᠯᠭ᠋ᠠᠨ᠎ᠳᠤ ᠤᠷᠤᠭᠤᠯᠤᠬᠰᠠᠨ 2649 ᠣᠷᠣᠯᠴᠠᠭᠴᠢ᠎ᠨᠢ 16 ᠨᠠᠰᠤᠨ᠎ᠠᠴᠠ 62.2 ᠨᠠᠰᠤᠨ᠎ᠤ ᠬᠤᠭᠤᠷᠤᠨᠳᠦᠬᠢ ᠬᠦᠮᠦᠰ ᠪᠠᠶ᠋ᠢᠪᠠ᠂ ᠡᠭᠦᠨ᠎ᠳᠤ 74.1%᠎ᠨᠢ ᠡᠮᠡᠭᠲᠡᠶ᠋ᠢᠴᠦᠳ ᠪᠣᠯᠤᠨ᠎ᠠ᠃ ᠲᠡᠳᠡᠨ᠎ᠳᠤ ᠬᠥᠳᠡᠯᠭᠡᠭᠡᠨ ᠬᠢᠯᠭᠡᠬᠦ ᠠᠷᠭ᠎ᠠ ᠪᠠᠷᠢᠯ ᠠᠪᠴᠠᠢ᠂ ᠬᠥᠳᠡᠯᠭᠡᠭᠡᠨ ᠬᠢᠯᠭᠡᠬᠦ ᠠᠷᠭ᠎ᠠ ᠪᠠᠷᠢᠯ᠎ᠳᠤ᠄ ᠬᠦᠴᠢᠯᠲᠥ᠋ᠷᠥᠭᠴᠢᠲᠦ ᠬᠥᠳᠡᠯᠭᠡᠭᠡᠨ᠂ ᠬᠦᠴᠦᠨ᠎ᠤ ᠪᠣᠯᠪᠠᠰᠤᠷᠠᠯ᠂ ᠠᠯᠬᠤᠬᠤ᠂ ᠶᠤᠭ᠎ᠠ᠂ ᠭᠦᠨ ᠪᠣᠳᠣᠯᠭ᠋ᠠᠰᠢᠷᠠᠬᠤ ᠪᠠ ᠨᠠᠢ᠍ᠮᠠᠯᠠᠭᠰᠠᠨ ᠪᠡᠶ᠎ᠡ ᠴᠢᠭᠢᠷᠠᠭᠵᠢᠭᠤᠯᠬᠤ ᠬᠦᠳᠡᠯᠭᠡᠭᠡᠨ᠎ᠢ ᠪᠠᠭᠳᠠᠭ᠋ᠠᠵᠠᠢ᠃ ᠪᠡᠶ᠎ᠡ ᠵᠢᠨ ᠬᠥᠳᠡᠯᠭᠡᠭᠡᠨ᠎ᠤ ᠲᠡᠮᠳᠡᠭᠯᠡᠭᠦᠷ ᠵᠶ᠋ᠠᠷ ᠳᠠᠮᠵᠢᠨ ᠣᠷᠣᠯᠴᠠᠭᠴᠢ ᠵᠢᠨ ᠤᠨᠲᠠᠬᠤ ᠴᠢᠨᠠᠷ ᠴᠢᠨᠰᠠᠭ᠎ᠠ ᠵᠢᠴᠢ ᠣᠷᠣᠯᠴᠠᠭᠴᠢ ᠵᠢᠨ ᠤᠨᠲᠠᠬᠤ ᠪᠠᠶ᠋ᠢᠳᠠᠯ᠎ᠤᠨ ᠲᠤᠬᠠᠢ ᠥᠪᠡᠷ ᠵᠶ᠋ᠠᠨ ᠦᠨᠡᠯᠡᠯᠳᠡ ᠵᠡᠷᠭᠡ ᠵᠢ ᠲᠡᠮᠳᠡᠭᠯᠡᠳᠡᠭ᠃ ᠬᠠᠮᠤᠭ ᠡᠴᠦᠰ᠎ᠤᠨ ᠲᠤᠷᠰᠢᠯᠲᠠ ᠵᠢᠨ ᠬᠤᠪᠢ ᠲᠣᠭᠲᠠᠭ᠋ᠠᠭᠰᠠᠨ ᠦᠷ᠎ᠡ ᠳ᠋ᠦᠩ᠎ᠠᠴᠠ ᠦᠵᠡᠪᠡᠯ᠄ ᠬᠦᠴᠦᠨ᠎ᠤ ᠪᠣᠯᠪᠠᠰᠤᠷᠠᠯ ᠬᠢᠭᠰᠡᠨ ᠬᠥᠮᠦᠨ᠎ᠨᠢ ᠬᠠᠮᠤᠭ ᠥᠨᠳᠥᠷ ᠬᠤᠪᠢ ᠣᠯᠵᠤ᠂ ᠪᠡᠶ᠎ᠡ ᠵᠢᠨ ᠬᠥᠳᠡᠯᠭᠡᠭᠡᠨ᠂ ᠰᠢᠮ᠎ᠡ ᠲᠡᠵᠢᠭᠡᠯ᠎ᠤᠨ ᠬᠠᠮᠢᠶᠠᠷᠤᠯᠲᠠ ᠵᠡᠷᠭᠡ ᠵᠢ ᠬᠢᠭᠰᠡᠨ ᠬᠦᠮᠦᠨᠤᠬᠢᠠᠴᠠ ᠢᠯᠡᠳᠲᠡ ᠰᠠᠶ᠋ᠢᠨ ᠪᠠᠶ᠋ᠢᠨ᠎ᠠ᠃
ᠰᠤᠳᠤᠯᠭ᠋ᠠᠨ᠎ᠠᠴᠠ᠄ 65 ᠨᠠᠰᠤᠨ᠎ᠠᠴᠠ ᠳᠣᠷᠣᠭᠰᠢᠬᠢ ᠬᠥᠮᠦᠨ᠎ᠳᠤ ᠠᠪᠴᠤ ᠬᠡᠯᠡᠪᠡᠯ᠂ ᠬᠦᠴᠦᠨ᠎ᠤ ᠪᠣᠯᠪᠠᠰᠤᠷᠠᠯ ᠪᠣᠯ ᠤᠨᠲᠠᠬᠤ ᠴᠢᠨᠠᠷ ᠴᠢᠨᠰᠠᠭ᠎ᠠ ᠵᠢ ᠰᠠᠶ᠋ᠢᠵᠢᠷᠠᠭᠤᠯᠬᠤ ᠬᠠᠮᠤᠭ᠎ᠤᠨ ᠪᠦᠲᠦᠮᠵᠢᠲᠡᠶ ᠡᠮᠲᠦ ᠪᠣᠳᠠᠰ᠎ᠤᠨ ᠪᠤᠰᠤ ᠠᠷᠭ᠎ᠠ ᠮᠠᠶᠢᠭ ᠪᠤᠯᠤᠨ᠎ᠠ᠂ ᠭᠦᠶᠦᠬᠦ᠂ ᠠᠯᠬᠤᠬᠤ ᠵᠡᠷᠭᠡ ᠬᠦᠴᠢᠯᠲᠥ᠋ᠷᠥᠭᠴᠢᠲᠦ ᠬᠥᠳᠡᠯᠭᠡᠭᠡᠨ᠎ᠠᠴᠠ ᠨᠠᠩ ᠠᠰᠢᠭᠲᠠᠶ ᠪᠠᠶ᠋ᠢᠳᠠᠭ ᠭᠡᠳᠡᠭ᠎ᠢ ᠤᠯᠵᠤ ᠮᠡᠳᠡᠵᠡᠢ᠃
ᠶᠠᠭ᠋ᠠᠬᠢᠭ᠋ᠠᠳ ᠬᠦᠴᠦᠨ᠎ᠤ ᠪᠣᠯᠪᠠᠰᠤᠷᠠᠯ᠎ᠨᠢ ᠨᠤᠶ᠋ᠢᠷᠢ ᠰᠠᠶ᠋ᠢᠵᠢᠷᠠᠭᠤᠯᠬᠤ᠎ᠳᠤ ᠲᠤᠰᠠᠲᠠᠶ ᠪᠠᠶ᠋ᠢᠳᠠᠭ ᠪᠤᠢ? ᠡᠭᠦᠨ᠎ᠤ ᠲᠤᠬᠠᠢ ᠰᠤᠳᠤᠯᠭ᠋ᠠᠨ᠎ᠤ ᠠᠵᠢᠯᠲᠠᠨ ᠬᠡᠯᠡᠬᠦ᠎ᠳᠡᠭᠡᠨ᠂ ᠬᠦᠴᠦᠨ᠎ᠤ ᠪᠣᠯᠪᠠᠰᠤᠷᠠᠯ᠎ᠨᠢ ᠰᠡᠳᠬᠢᠴᠡ ᠵᠢᠨ ᠡᠷᠡᠭᠦᠯ ᠮᠡᠨᠳᠦ ᠵᠢ ᠰᠠᠶ᠋ᠢᠵᠢᠷᠠᠭᠤᠯᠬᠤ᠎ᠪᠠᠷ ᠳᠡᠮᠵᠢᠨ ᠨᠦᠢ᠍ᠷᠢ ᠰᠠᠶ᠋ᠢᠵᠢᠷᠠᠭᠤᠯᠳᠠᠭ᠂ ᠵᠢᠱ᠌ᠢᠶᠡᠯᠡᠪᠡᠯ ᠵᠣᠪᠠᠨᠢᠯ ᠪᠠ ᠭᠠᠩᠰᠠᠷᠠᠯᠢ ᠰᠠᠶ᠋ᠢᠵᠢᠷᠠᠭᠤᠯᠳᠠᠭ᠃ ᠡᠭᠦᠨ᠎ᠠᠴᠠ ᠡᠮᠦᠨ᠎ᠡ ᠪᠠᠰᠠ ᠨᠢᠭᠡᠨ ᠰᠤᠳᠤᠯᠭ᠋ᠠᠨ᠎ᠳᠤ᠂ ᠬᠦᠴᠦᠨ᠎ᠤ ᠪᠣᠯᠪᠠᠰᠤᠷᠠᠯ᠎ᠨᠢ ᠪᠤᠯᠴᠢᠩ ᠨᠡᠬᠡᠳᠡᠰᠦ᠎ᠳᠤ ᠳᠠᠷᠤᠯᠲᠠ ᠥᠭᠴᠦ᠂ ᠶᠡᠭᠡ ᠲᠠᠷᠢᠬᠢᠨ᠎ᠳᠤ ᠳᠣᠬᠢᠶ᠎ᠠ ᠦᠭᠳᠡᠭ᠎ᠠᠴᠠ ᠪᠡᠶ᠎ᠡ ᠮᠠᠬᠠᠪᠣᠳ᠎ᠨᠢ ᠨᠠᠩ ᠰᠠᠶ᠋ᠢᠨ ᠤᠨᠲᠠᠵᠤ ᠪᠠᠶ᠋ᠢᠭ᠋ᠠᠳ ᠭᠡᠮᠲᠦᠯ ᠵᠶ᠋ᠠᠨ ᠵᠠᠰᠠᠬᠤ ᠴᠢᠬᠤᠯᠠᠳᠠᠢ ᠪᠠᠶ᠋ᠢᠳᠠᠭ᠎ᠢ ᠬᠡᠷᠡᠴᠢᠯᠡᠪᠡ ᠬᠡᠵᠡᠢ᠃