ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠡᠪᠤᠯ ᠪᠡᠶ᠎ᠡ᠎ᠪᠠᠨ ᠪᠤᠯᠪᠠᠰᠤᠷᠠᠭᠤᠯᠬᠤ᠎ᠳᠤ ᠠᠡᠭᠬᠠᠷᠬᠤ ᠵᠦᠢ᠍ᠯ
ᠨᠡᠶ᠋ᠢᠲᠡᠯᠡᠭᠰᠡᠨ ᠴᠠᠭ᠄ 2018-12-28

    ᠬᠦᠳᠡᠯᠭᠡᠭᠡᠨ ᠬᠢᠬᠦ ᠪᠤᠯ ᠡᠷᠡᠭᠦᠯ ᠴᠢᠬᠢᠷᠠᠬ᠎ᠤᠨ ᠰᠠᠭᠤᠷᠢ ᠵᠢᠨ ᠨᠢᠭᠡ ᠪᠤᠯᠤᠨ᠎ᠠ᠃ ᠲᠡᠬᠦᠨ᠎ᠤ ᠴᠢᠬᠤᠯᠠ ᠴᠢᠨᠠᠷ᠎ᠢ ᠭᠡᠯᠡᠬᠦ ᠦᠭᠡᠢ ᠪᠤᠯᠪᠠᠴᠤ ᠭᠡᠨ ᠴᠤ᠌ ᠪᠦᠷ ᠮᠡᠳᠡᠨ᠎ᠠ᠃ ᠭᠡᠪᠡᠴᠤ ᠬᠦᠳᠡᠯᠭᠡᠭᠡᠨ ᠭᠢᠬᠦ᠎ᠨᠢ ᠪᠠᠰᠠ ᠴᠤ᠌ ᠨᠢᠭᠡᠨ 《ᠬᠤᠤᠰ ᠢᠷᠳᠦ ᠰᠡᠯᠡᠮ᠎ᠠ》ᠪᠤᠯᠬᠤᠷ ᠭᠡᠳᠦᠷᠡᠬᠦᠯᠬᠦ ᠪᠤᠶᠤ ᠲᠤᠬᠢᠷᠠᠮᠵᠢ ᠦᠭᠡᠢ ᠬᠦᠳᠡᠯᠭᠡᠭᠡᠨ   ᠬᠢᠪᠡᠯ   ᠪᠡᠶ᠎ᠠ   ᠮᠠᠬᠠᠪᠤᠳ᠎ᠢ   ᠬᠤᠬᠢᠷᠠᠭᠤᠯᠵᠤ᠂   ᠴᠢᠨᠠᠬᠰᠢᠯᠠᠪᠠᠯ ᠭ᠋ᠡᠨᠡᠳᠳᠡ   ᠦᠬᠦᠬᠦ᠎ᠳᠤ   ᠬᠦᠷᠦᠬᠦᠯᠳᠡᠭ᠃   ᠢᠯᠠᠡᠭᠭᠤᠶ᠎ᠠ   ᠡᠪᠤᠯ᠎ᠤᠨ ᠤᠯᠠᠷᠢᠯ᠎ᠤᠨ   ᠡᠷᠳᠡ ᠵᠢᠨ   ᠪᠤᠯᠪᠠᠰᠤᠷᠠᠯ᠎ᠳᠤ   ᠡᠢ᠍ᠢ᠍ᠮᠦᠷᠬᠦ ᠦᠵᠡᠭᠳᠡᠯ ᠵᠦᠡᠭᠳᠡᠭᠡᠨ ᠭᠠᠷᠭ᠋ᠠᠳᠠᠬ ᠪᠤᠯᠬᠤᠷ ᠡᠪᠦᠯ ᠪᠡᠶ᠎ᠡ᠎ᠪᠠᠨ ᠪᠤᠯᠪᠠᠰᠤᠷᠠᠭᠤᠯᠬᠤ᠎ᠳᠤ ᠲᠤᠤᠷᠠᠬᠢ ᠭᠡᠳᠦᠨ ᠲᠠᠯ᠎ᠠ ᠵᠢ   ᠠᠡᠭᠬᠠᠷᠪᠠᠯ ᠵᠤᠬᠢᠨ᠎ᠠ᠃

    ᠨᠢᠭᠡ᠂ ᠤᠯᠠᠷᠢᠯ᠎ᠳᠤ ᠵᠤᠬᠢᠴᠠᠬᠤ ᠵᠢ ᠠᠡᠭᠬᠠᠷᠤᠨ᠎ᠠ᠃ ᠨᠠᠮᠤᠷ᠎ᠤᠨ   ᠰᠡᠬᠦᠯᠴᠢ   ᠡᠪᠤᠯ᠎ᠤᠨ   ᠡᠬᠢ   ᠪᠤᠯᠬᠤ᠎ᠳᠤ   ᠠᠭᠤᠷ ᠠᠮᠢᠰᠬᠤᠯ ᠭᠡᠨᠡᠳᠳᠡ ᠬᠦᠢ᠍ᠳᠡᠷᠡᠵᠤ᠂ ᠢᠯᠠᠡᠭᠭᠤᠶ᠎ᠠ   ᠶᠡᠭᠡ   ᠰᠠᠯᠬᠢ   ᠦᠡᠭᠭᠡᠷᠡᠭᠰᠡᠨ᠎ᠤ   ᠲᠠᠷᠠᠭ᠎ᠠ   ᠬᠦᠢ᠍ᠳᠡᠨ ᠤᠷᠤᠰᠬᠠᠯ   ᠢᠷᠡᠵᠤ ᠲ᠋ᠤᠯᠠᠭ᠋ᠠᠨ᠎ᠤ ᠭᠡᠮᠵᠢᠶ᠎ᠠ ᠪᠠᠭᠤᠷᠠᠬᠤ ᠦᠶᠡᠰ   ᠵᠠᠷᠢᠮ   ᠬᠦᠮᠦᠰ᠎ᠤᠨ   ᠬᠠᠬᠢᠷ   ᠬᠦᠢ᠍ᠳᠡᠨ᠎ᠳᠤ  《ᠪᠠᠴᠢᠮ   ᠪᠠᠢ᠍ᠢ᠍ᠳᠠᠯ᠎ᠢ   ᠠᠷᠭ᠋ᠠᠴᠠᠬᠤ ᠲ᠋ᠤᠰᠬᠠᠯ》᠎ᠨᠢ ᠮᠠᠰᠢ ᠰᠦᠷᠡᠭᠡᠢ ᠪᠤᠯᠵᠤ᠂   ᠰᠤᠯᠪᠢᠭᠤ   ᠮᠡᠳᠡᠷᠡᠯ   ᠬᠦᠭᠡᠷᠦᠨ᠂   ᠴᠢᠰᠤᠨ ᠲᠠᠷᠤᠯᠳᠠ   ᠲᠡᠭᠡᠭᠰᠢᠯᠡᠵᠤ᠂   ᠵᠢᠷᠦᠭᠡᠨ ᠴᠤᠬᠢᠯᠭ᠎ᠠ ᠲᠦᠷᠭᠡᠰᠦᠨ᠂ ᠠᠷᠠᠰᠤᠨ᠎ᠤ ᠵᠢᠵᠢᠭ ᠨᠠᠷᠢᠨ   ᠰᠤᠳᠠᠯ   ᠠᠪᠴᠢᠬᠤ᠎ᠠᠴᠠ   ᠪᠤᠯᠵᠤ᠂   ᠵᠢᠷᠦᠭᠡ   ᠴᠢᠰᠤᠨ   ᠰᠤᠳᠠᠯ᠎ᠤᠨ ᠡᠪᠡᠳᠴᠢᠨ ᠠᠮᠠᠷᠬᠠᠨ ᠡᠬᠦᠰᠬᠦ ᠮᠡᠳᠦ ᠵᠢᠨ ᠢᠯᠡᠷᠡᠯ ᠭᠠᠷᠳᠠᠬ᠃ ᠡᠡᠭ᠎ᠤᠨ ᠪᠠᠢ᠍ᠢ᠍ᠳᠠᠯ᠎ᠳᠤ 4 — 6   ᠭᠠᠷᠠᠬ   ᠦᠡᠭᠭᠡᠷᠡᠭᠰᠡᠨ᠎ᠤ ᠲ᠋ᠠᠷᠠᠭ᠎ᠠ ᠰᠠᠶᠢ ᠵᠢᠡᠭᠬᠢᠨᠢ᠎ᠪᠠᠷ ᠡᠪᠤᠯ᠎ᠤᠨ ᠤᠯᠠᠷᠢᠯ᠎ᠳᠤ ᠵᠤᠬᠢᠴᠠᠵᠤ᠂   ᠪᠡᠶ᠎ᠠ   ᠮᠠᠬᠠᠪᠤᠳ   ᠲᠤᠤᠷ᠎ᠠ   ᠲᠤᠯᠠᠭ᠋ᠠᠨ᠎ᠳᠤ   ᠲᠡᠰᠪᠦᠷᠢᠳᠡᠢ ᠪᠤᠯᠵᠤ ᠨᠡᠯᠢᠶᠡᠳ ᠠᠮᠤᠷ ᠲᠦᠪᠰᠢᠨ ᠪᠤᠯᠳᠠᠬ᠃ ᠡᠨᠡ ᠪᠤᠯ ᠲᠠᠷᠤᠢ 《ᠬᠦᠢ᠍ᠳᠡᠨ᠎ᠳᠤ ᠲᠠᠳᠬᠤ》 ᠶᠠᠪᠤᠴᠠ ᠪᠤᠯᠬᠤ ᠶᠤᠮ᠃

    ᠬᠤᠶᠠᠷ᠂ ᠠᠭ᠋ᠠᠷ᠎ᠤᠨ ᠲᠤᠯᠠᠭ᠋ᠠᠨ ᠬᠢᠭᠡᠳ   ᠰᠠᠯᠬᠢᠨ᠎ᠤ   ᠬᠦᠴᠦ ᠵᠢ   ᠠᠡᠭᠬᠠᠷᠤᠨ᠎ᠠ᠃   ᠪᠡᠭᠡᠵᠢᠡᠭ   ᠬᠤᠳᠠ ᠵᠢᠨ  74 ᠲᠦᠮᠡᠨ ᠬᠦᠮᠦᠨ᠎ᠤ   ᠵᠢᠷᠦᠭᠡ   ᠴᠢᠰᠤᠨ   ᠰᠤᠳᠠᠯ᠎ᠤᠨ   ᠡᠪᠡᠳᠴᠢᠲᠡᠨ  10   ᠵᠢᠯ   ᠬᠢᠨᠠᠨ   ᠭᠡᠮᠵᠢᠭᠰᠡᠨ   ᠦᠷ᠎ᠠ   ᠳ᠋ᠦᠡᠭ᠎ᠳᠤ ᠢᠯᠡᠷᠡᠭᠰᠡᠨ ᠵᠶ᠋ᠠᠷ᠂ ᠲᠦᠷᠭᠡᠨ ᠴᠢᠨᠠᠷᠳᠠᠢ ᠵᠢᠷᠦᠭᠡᠨ ᠪᠤᠯᠴᠢᠡᠭ᠎ᠤᠨ   ᠵᠠᠡᠭᠬᠢᠷᠠᠯ   ᠬᠢᠭᠡᠳ   ᠲᠠᠷᠢᠬᠢᠨ᠎ᠤ   ᠰᠠ   ᠡᠪᠡᠳᠴᠢᠨ   ᠠᠭᠤᠷ ᠠᠮᠢᠰᠬᠤᠯ ᠬᠦᠢ᠍ᠳᠡᠷᠡᠵᠤ ᠲᠤᠯᠠᠭ᠋ᠠᠨ᠎ᠤ ᠭᠡᠮᠵᠢᠶ᠎ᠠ ᠲᠤᠤᠷ᠎ᠠ ᠪᠤᠯᠬᠤ ᠲᠤᠳᠤᠮ ᠡᠬᠦᠰᠬᠦ   ᠨᠤᠷᠮ᠎ᠠ᠎ᠨᠢ   ᠤᠯᠠᠮ   ᠦᠨᠳᠦᠷ   ᠪᠤᠯᠳᠠᠬ᠃ᠰᠤᠳᠤᠯᠭ᠋ᠠᠨ᠎ᠳᠤ ᠬᠠᠷᠠᠭᠤᠯᠤᠬᠰᠠᠨ ᠵᠶ᠋ᠠᠷ᠂ ᠬᠦᠮᠦᠨ ᠭᠡᠷ᠎ᠠᠴᠠ ᠭᠠᠷᠤᠭ᠋ᠠᠳ ᠲᠡᠭ ᠭᠡᠷᠠᠳᠦ᠋ᠰ᠎ᠠᠴᠠ ᠲᠤᠷᠤᠬᠰᠢᠬᠢ ᠬᠦᠢ᠍ᠳᠡᠨ ᠠᠭ᠋ᠠᠷ᠎ᠢ ᠰᠢᠭᠤᠳ ᠨᠢᠭᠤᠷ ᠦᠭᠡᠳᠡ᠎ᠪᠠᠨ ᠦᠯᠢᠶᠡᠯᠭᠡᠪᠡᠯ ᠲᠤᠤᠷ ᠎ᠠ᠎ᠪᠠᠨ ᠲᠢᠳᠢᠮ ᠯᠤᠬᠰᠢᠭᠤᠨ ᠰᠤᠳᠠᠯ᠎ᠤᠨ   ᠲᠠᠳᠠᠪᠠᠯᠵᠠᠯ   ᠡᠬᠦᠰᠬᠦ   ᠪᠠ ᠴᠢᠰᠤᠨ ᠲᠠᠷᠤᠯᠳᠠ ᠲᠡᠭᠡᠭᠰᠢᠯᠡᠵᠤ᠂ ᠵᠢᠷᠦᠭᠡ ᠪᠠᠵᠠᠯᠠᠨ ᠡᠪᠡᠳᠬᠦ ᠡᠪᠡᠳᠴᠢᠨ᠎ᠢ ᠬᠦᠳᠡᠯᠭᠡᠳᠡᠭ᠃ ᠡᠢ᠍ᠢ᠍ᠮᠦ᠎ᠠᠴᠠ ᠮᠠᠯᠠᠭ᠋ᠠᠢ   ᠵᠡᠬᠦᠵᠤ᠂ᠬᠦᠵᠦᠭᠦᠨ ᠤᠷᠢᠶᠠᠯᠳᠠ ᠪᠤᠭᠤᠵᠤ᠂ ᠪᠡᠭᠡᠯᠡᠢ ᠵᠡᠬᠦᠬᠦ   ᠵᠡᠷᠭᠡ᠎ᠪᠠᠷ   ᠲᠤᠯᠠᠭ᠋ᠠᠨ᠎ᠢ   ᠬᠠᠮᠠᠭ᠋ᠠᠯᠬᠠᠤ   ᠭᠡᠷᠡᠭᠳᠡᠢ᠃   ᠠᠭᠤᠷ   ᠠᠮᠢᠰᠬᠤᠯ ᠭ᠋ᠡᠳᠦᠷᠭᠡᠢ ᠬᠦᠢ᠍ᠳᠡᠨ ᠪᠤᠯ ᠵᠢᠷᠦᠭᠡ ᠲᠠᠷᠢᠬᠢᠨ ᠰᠤᠳᠠᠯ᠎ᠤᠨ ᠡᠪᠡᠳᠴᠢᠨ᠎ᠲᠠᠢ ᠬᠦᠮᠦᠨ ᠭᠠᠳᠠᠨ᠎ᠠ ᠭᠠᠷᠬᠤ᠎ᠳᠤ ᠲᠤᠬᠢᠷᠠᠬᠤ   ᠦᠭᠡᠢ᠃ᠡᠬᠦᠨ᠎ᠠᠴᠠ ᠭᠠᠳᠠᠨ᠎ᠠ ᠰᠠᠯᠬᠢᠨ᠎ᠤ ᠬᠦᠴᠦ᠎ᠨᠢ ᠲᠤᠤᠷ᠎ᠠ ᠲᠤᠯᠠᠭ᠋ᠠᠨ᠎ᠤ ᠬᠦᠢ᠍ᠳᠡᠨ ᠦᠢ᠍ᠯᠡᠴᠢᠯᠡᠭᠡ ᠵᠢ ᠶᠡᠭᠡᠰᠭᠡᠳᠡᠭ ᠰᠢᠯᠳᠠᠭ᠋ᠠᠨ᠎ᠢ ᠴᠤ᠌ ᠪᠤᠳᠤᠯᠬᠢᠯᠠᠬᠤ ᠭᠡᠷᠡᠭᠳᠡᠢ᠃

    ᠭᠤᠷᠪᠠ᠂ ᠠᠮᠢᠳᠤ ᠪᠤᠳᠠᠰ᠎ᠤᠨ ᠴᠠᠬ᠎ᠤᠨ ᠭᠡᠮᠨᠡᠯ᠎ᠢ ᠵᠢᠷᠦᠮᠯᠡᠨ᠋ ᠎ᠠ᠃ ᠠᠮᠢᠳᠤ ᠪᠤᠳᠠᠰ᠎ᠤᠨ   ᠦᠵᠡᠭᠳᠡᠯ ᠵᠶ᠋ᠠᠷ   ᠭᠡᠯᠡᠪᠡᠯ᠂ᠬᠦᠮᠦᠨ᠎ᠤ ᠪᠡᠶ᠎ᠠ ᠦᠳᠡ ᠵᠢᠨ ᠬᠤᠢ᠍ᠢ᠍ᠨᠠᠬᠢ 4 — 6 ᠴᠠᠬ᠎ᠲᠤ ᠵᠢᠷᠦᠭᠡ ᠴᠢᠰᠤᠨ ᠰᠤᠳᠠᠯ᠎ᠤᠨ ᠠᠵᠢᠯᠯᠠᠭ᠋ᠠᠨ᠎ᠤ   ᠴᠢᠳᠠᠪᠤᠷᠢ᠎ᠨᠢ ᠬᠠᠮᠤᠬ᠎ᠤᠨ ᠰᠠᠢ᠍ᠢ᠍ᠨ ᠪᠠᠢ᠍ᠢ᠍ᠳᠠᠯ᠎ᠳᠤ ᠤᠷᠤᠵᠤ᠂ ᠲᠠᠷᠠᠭ᠋ᠠᠯᠠᠪᠠᠯ ᠦᠳᠡ ᠵᠢᠨ ᠡᠮᠦᠨᠡᠬᠢ 10   ᠴᠠᠬ᠎ᠠᠴᠠ   ᠬᠤᠢ᠍ᠢ᠍ᠰᠢ᠂   ᠬᠠᠮᠤᠬ᠎ᠤᠨ ᠠᠨᠠᠢ ᠦᠶ᠎ᠠ᠎ᠨᠢ ᠦᠷᠯᠦᠭᠡ ᠵᠢᠨ 6 — 9 ᠴᠠᠬ᠎ᠤᠨ ᠬᠤᠭᠤᠷᠤᠨᠳᠤ ᠪᠠᠢ᠍ᠳᠠᠬ᠃ ᠡᠢ᠍ᠢ᠍ᠮᠦ᠎ᠠᠴᠠ ᠡᠷᠡᠭᠦᠯ ᠡᠡᠭᠭᠡ ᠰᠠᠢ᠍ᠢ᠍ᠨ ᠪᠠᠢ᠍ᠢ᠍ᠪᠠᠯ ᠨᠢᠭᠡ ᠡᠳᠦᠷ᠎ᠤᠨ ᠶᠠᠮᠠᠷ ᠴᠠᠬ᠎ᠲᠤ ᠴᠤ᠌ ᠬᠦᠳᠡᠯᠭᠡᠭᠡᠨ ᠬᠢᠵᠤ ᠪᠤᠯᠳᠠᠬ᠃   ᠭᠡᠷᠪᠡ   ᠵᠢᠷᠦᠭᠡ   ᠴᠢᠰᠤᠨ   ᠰᠤᠳᠠᠯ᠎ᠤᠨ   ᠡᠪᠡᠳᠴᠢᠨ ᠡᠮᠭᠡᠭ᠎ᠲᠠᠢ᠂ ᠵᠢᠱ᠌ᠢᠶᠡᠯᠡᠪᠡᠯ ᠴᠢᠰᠤᠨ ᠲᠠᠷᠤᠯᠳᠠ ᠦᠨᠳᠦᠷ ᠡᠪᠡᠳᠴᠢᠨ᠂ ᠲᠢᠳᠢᠮ   ᠵᠢᠷᠦᠭᠡᠨ   ᠡᠪᠡᠳᠴᠢᠨ᠂   ᠵᠢᠷᠦᠭᠡ   ᠪᠠᠵᠠᠯᠠᠵᠤ ᠡᠪᠡᠳᠬᠦ᠂ ᠵᠢᠷᠦᠭᠡᠨ ᠴᠢᠳᠠᠪᠤᠷᠢ ᠬᠦᠢ᠍ᠴᠡᠳ ᠪᠤᠰᠤ   ᠪᠤᠯ   ᠦᠳᠡ ᠵᠢᠨ   ᠬᠤᠢ᠍ᠢ᠍ᠨᠠᠬᠢ  4  —  6   ᠴᠠᠬ᠎ᠤᠨ   ᠬᠤᠭᠤᠷᠤᠨᠳᠤ ᠬ᠋ᠦᠳᠡᠯᠭᠡᠭᠡᠨ ᠬᠢᠬᠦ ᠪᠤᠶᠤ ᠦᠳᠡ ᠵᠢᠨ ᠡᠮᠦᠨᠡᠬᠢ  10   ᠴᠠᠬ᠎ᠠᠴᠠ   ᠬᠤᠢ᠍ᠢ᠍ᠨ᠎ᠠ   ᠭᠠᠳᠠᠨ᠎ᠠ   ᠭᠠᠷᠪᠠᠯ   ᠲᠤᠬᠢᠷᠠᠮᠵᠢᠳᠠᠢ᠃   ᠠᠯᠢ ᠴᠢᠳᠠᠬᠤ᠎ᠪᠠᠷ ᠬᠠᠷ᠎ᠠ ᠦᠷᠯᠦᠭᠡᠬᠦᠷ ᠡᠪᠤᠯ᠎ᠤᠨ ᠪᠤᠯᠪᠠᠰᠤᠷᠠᠯ ᠬᠢᠬᠦ   ᠦᠭᠡᠢ   ᠪᠠᠢ᠍ᠢ᠍ᠬᠤ   ᠭᠡᠷᠡᠭᠳᠡᠢ᠃   ᠤᠴᠢᠷ᠎ᠨᠢ   ᠡᠨᠡ   ᠦᠶᠡᠰ ᠰᠤᠯᠪᠢᠭᠤ ᠮᠡᠳᠡᠷᠡᠯ᠎ᠤᠨ ᠲᠡᠯᠡᠬᠦ ᠬᠦᠴᠦ ᠤᠬ᠍ᠵᠤᠮ ᠲᠦᠷᠭᠡᠨ ᠲᠡᠭᠡᠭᠰᠢᠯᠡᠵᠤ᠂   ᠵᠢᠷᠦᠭᠡ   ᠴᠢᠰᠤᠨ   ᠰᠤᠳᠠᠯ᠎ᠤᠨ   ᠲᠠᠷᠤᠭ᠋ᠠᠰᠤ ᠵᠢ ᠬᠠᠮᠤᠬ᠎ᠠᠴᠠ ᠬᠦᠨᠳᠦᠷᠡᠬᠦᠯᠳᠡᠭ᠃ ᠶᠡᠭᠡ ᠮᠠᠨᠠᠨ᠎ᠲᠠᠢ ᠡᠳᠦᠷ ᠪᠤᠯ ᠠᠭ᠋ᠠᠷ᠎ᠤᠨ ᠪᠤᠬᠢᠷᠳᠤᠯ ᠬᠦᠨᠳᠦ ᠨᠤᠴᠢᠳᠠᠢ ᠪᠤᠯᠬᠤ᠎ᠪᠠᠷ   ᠪᠠᠷᠠᠬᠤ ᠦᠭᠡᠢ᠂ ᠴᠢᠬᠢᠭ᠎ᠤᠨ ᠭᠡᠮᠵᠢᠶ᠎ᠠ ᠴᠤ᠌ ᠭᠡᠳᠦᠷᠭᠡᠢ ᠦᠨᠳᠦᠷ   ᠪᠤᠯᠬᠤ   ᠲᠤᠯᠠ   ᠮᠦᠨ   ᠴᠤ᠌   ᠡᠷᠳᠡ ᠵᠢᠨ   ᠪᠤᠯᠪᠠᠰᠤᠷᠠᠯ   ᠬᠢᠬᠦ᠎ᠳᠤ ᠲ᠋ᠤᠬᠢᠷᠠᠮᠵᠢ ᠦᠭᠡᠢ᠃

    ᠲᠦᠷᠪᠡ᠂ ᠬᠦᠳᠡᠯᠭᠡᠭᠡᠨ᠎ᠤ ᠭᠡᠮᠵᠢᠶ᠎ᠠ᠎ᠪᠠᠨ ᠲᠤᠬᠢᠷᠠᠭᠤᠯᠤᠨ᠎ᠠ᠃ ᠬᠦᠢ᠍ᠳᠡᠨ ᠡᠳᠦᠷ   ᠶᠡᠷᠦ᠎ᠳᠡᠭᠡᠨ   ᠪᠡᠶ᠎ᠠ ᠮᠠᠬᠠᠪᠤᠳ᠎ᠤᠨ ᠬ᠋ᠦᠴᠢᠯᠳᠦ᠋ᠷᠦᠭᠴᠢ ᠬᠤᠷᠤᠬᠳᠠᠭᠤᠯᠬᠤ ᠭᠡᠮᠵᠢᠶ᠎ᠠ ᠵᠢ ᠨᠡᠮᠡᠭᠳᠡᠬᠦᠯᠳᠡᠭ ᠪᠦᠭᠡᠳ ᠬᠠᠷ᠎ᠠ ᠦᠷᠯᠦᠭᠡᠬᠦᠷ ᠪᠠᠰᠠ ᠠᠶᠤᠯᠳᠠᠢ ᠴᠠᠬ ᠮᠦᠴᠡ ᠪᠤᠯᠬᠤᠷ ᠡᠨᠡ ᠦᠶᠡᠰ᠎ᠤᠨ   ᠬᠦᠳᠡᠯᠭᠡᠭᠡᠨ᠎ᠤ   ᠭᠡᠮᠵᠢᠶ᠎ᠠ᠎ᠪᠠᠨ   ᠵᠠᠪᠠᠯ   ᠬᠠᠷᠢᠴᠡᠡᠭᠭᠤᠢ᠎ᠪᠠᠷ   ᠪᠠᠭ᠋ᠠᠰᠬᠠᠬᠤ   ᠭᠡᠷᠡᠭᠳᠡᠢ᠃   ᠡᠰᠡᠪᠡᠯ ᠬ᠋ᠦᠴᠢᠯᠳᠦ᠋ᠷᠦᠭᠴᠢᠳᠦ ᠬᠦᠳᠡᠯᠭᠡᠭᠡᠨ᠎ᠨᠢ ᠬᠦᠴᠢᠯᠳᠦ᠋ᠷᠦᠭᠴᠢ ᠦᠭᠡᠢ ᠬᠦᠳᠡᠯᠭᠡᠭᠡᠨ ᠪᠤᠯᠤᠨ ᠬᠤᠪᠢᠷᠠᠵᠤ ᠦᠰᠦᠳ ᠦᠭᠡᠷ᠎ᠠ ᠦᠷ᠎ᠠ ᠳ᠋ᠦᠡᠭ ᠤᠯᠳᠠᠬ᠃

    ᠲᠠᠪᠤ᠂   ᠢᠳᠡᠭᠡᠨ   ᠤᠮᠳᠠᠭ᠋ᠠᠨ ᠵᠶ᠋ᠠᠨ   ᠲᠤᠬᠢᠷᠠᠭᠤᠯᠤᠨ᠎ᠠ᠃   ᠪᠡᠶ᠎ᠠ ᠮᠠᠬᠠᠪᠤᠳ᠎ᠤᠨ   ᠬᠦᠢ᠍ᠳᠡᠨ᠎ᠢ   ᠡᠰᠡᠷᠬᠦᠴᠡᠬᠦᠴᠢᠳᠠᠪᠤᠷᠢ ᠵᠢ ᠲᠡᠭᠡᠭᠰᠢᠯᠡᠬᠦᠯᠬᠦ ᠢᠳᠡᠭᠡᠨ ᠤᠮᠳᠠᠭ᠋ᠠᠨ᠎ᠤ ᠵᠠᠷᠴᠢᠮ ᠪᠤᠯ ᠤᠭᠤᠷᠠᠬ ᠡᠯᠪᠡᠭ᠂ ᠢᠯᠴᠢ ᠦᠨᠳᠦᠷ᠂ ᠤᠰᠤ ᠬᠦᠢ᠍ᠴᠡᠳ ᠪᠠᠢ᠍ᠢ᠍ᠬᠤ ᠵᠢ ᠱᠠᠭ᠋ᠠᠷᠳᠠᠨ᠎ᠠ᠃ ᠤᠭᠤᠷᠠᠬ᠎ᠨᠢ ᠨᠢᠭᠡ ᠵᠦᠢ᠍ᠯ᠎ᠤᠨ ᠤᠨᠴᠠᠭ᠋ᠠᠢ ᠢᠯᠴᠢ ᠵᠢᠨ ᠬᠦᠳᠡᠯᠭᠡᠬᠦ   ᠬᠦᠴᠦᠨ᠎ᠤ ᠦᠢ᠍ᠯᠡᠳᠦᠯ᠎ᠲᠠᠢ ᠪᠤᠯᠬᠤᠷ ᠪᠡᠶ᠎ᠠ ᠮᠠᠬᠠᠪᠤᠳ᠎ᠢ ᠬᠦᠢ᠍ᠳᠡᠨ᠎ᠳᠤ ᠲᠡᠰᠪᠦᠷᠢᠳᠡᠢ ᠪᠤᠯᠭ᠋ᠠᠳᠠᠬ᠃ ᠤᠰᠤ   ᠬᠦᠢ᠍ᠴᠡᠳ   ᠪᠠᠢ᠍ᠢ᠍ᠬᠤ᠎ᠨᠢ   ᠤᠷᠭ᠋ᠠᠨᠢᠬ   ᠪᠡᠶ᠎ᠠ ᠵᠢᠨ ᠡᠷᠬᠢᠯᠳᠡ ᠵᠢ ᠰᠠᠢ᠍ᠢ᠍ᠵᠢᠷᠠᠭᠤᠯᠵᠤ᠂ ᠠᠮᠠᠷᠬᠠᠨ ᠬᠦᠯᠳᠡᠭᠡᠵᠤ ᠰᠢᠷᠬᠠᠳᠤᠭᠤᠯᠬᠤ ᠦᠭᠡᠢ᠃ ᠪᠡᠶ᠎ᠠ᠎ᠳᠤ ᠤᠰᠤ   ᠲᠤᠳᠠᠬᠳᠠᠵᠤ   ᠪᠠᠢ᠍ᠢ᠍ᠬᠤ ᠡᠰᠡᠬᠦ ᠵᠢ ᠦᠷᠯᠦᠭᠡ ᠡᠷᠳᠡ ᠵᠢᠨ ᠰᠢᠭᠡᠰᠦᠨ᠎ᠤ ᠦᠡᠭᠭᠡ᠎ᠠᠴᠠ ᠦᠵᠡᠵᠤ ᠭᠠᠷᠴᠤ ᠪᠤᠯᠬᠤ ᠶᠤᠮ᠃ ᠦᠡᠭᠭᠡ᠎ᠨᠢ ᠰᠢᠷ᠎ᠠ   ᠪᠠᠢ᠍ᠢ᠍ᠪᠠᠯ ᠤᠰᠤ ᠲᠤᠳᠠᠬᠳᠠᠵᠤ ᠪᠠᠢ᠍ᠢ᠍ᠨ᠎ᠠ᠂ ᠦᠡᠭᠭᠡ᠎ᠨᠢ ᠲᠤᠡᠭ ᠭᠡᠢ᠍ᠢ᠍ᠪᠤᠷ ᠪᠠᠢ᠍ᠢ᠍ᠪᠠᠯ   ᠭᠡᠪ᠎ᠤᠨ   ᠪᠠᠢ᠍ᠢ᠍ᠳᠠᠯ᠎ᠳᠤ   ᠪᠤᠢ᠃   ᠪᠠᠰᠠ   ᠰᠢᠭᠡᠰᠦᠨ᠎ᠤ ᠭ᠋ᠡᠮᠵᠢᠶ᠎ᠠ᠎ᠨᠢ ᠡᠳᠦᠷ᠎ᠲᠤ 1500 ᠮᠢᠯᠢᠯᠢᠳ᠋ᠷ᠎ᠠᠴᠠ ᠲᠡᠭᠡᠭᠰᠢ ᠪᠠᠢ᠍ᠢ᠍ᠪᠠᠯ ᠭᠡᠪ᠎ᠤᠨ ᠪᠠᠢ᠍ᠢ᠍ᠳᠠᠯ᠎ᠳᠤ ᠲᠤᠭ᠋ᠠᠴᠠᠬᠳᠠᠨ᠎ᠠ᠃   ᠪᠠᠬ᠍ᠴᠠᠯᠠᠪᠠᠯ᠂ ᠡᠪᠤᠯ ᠪᠡᠶ᠎ᠡ᠎ᠪᠠᠨ ᠪᠤᠯᠪᠠᠰᠤᠷᠠᠭᠤᠯᠬᠤ᠎ᠳᠤ ᠵᠠᠪᠠᠯ ᠰᠠᠢ᠍ᠢ᠍ᠨ ᠢᠳᠡᠵᠤ ᠤᠤᠭᠤᠵᠤ ᠪᠠᠢ᠍ᠢ᠍ᠬᠤ ᠭᠡᠷᠡᠭᠳᠡᠢ᠃

    ᠢᠳᠡᠷ ᠦᠳᠡᠯᠦᠭᠡ ᠨᠠᠰᠤᠨ᠎ᠤ ᠬᠦᠮᠦᠰ᠂ ᠢᠯᠠᠡᠭᠭᠤᠶ᠎ᠠ ᠵᠢᠷᠦᠭᠡ ᠴᠢᠰᠤᠨ ᠰᠤᠳᠠᠯ᠎ᠤᠨ ᠡᠪᠡᠳᠴᠢᠨ ᠲᠠᠪᠬᠤᠷᠯᠠᠬᠰᠠᠨ ᠪᠤᠯ ᠵᠢᠷᠦᠭᠡᠨ᠎ᠤ   ᠴᠢᠨᠠᠷᠳᠠᠢ   ᠭᠡᠨᠡᠳᠳᠡ   ᠦᠬᠦᠬᠦ᠎ᠠᠴᠠ   ᠵᠠᠪᠠᠯ   ᠬᠢᠴᠢᠶᠡᠬᠦ   ᠭᠡᠷᠡᠭᠳᠡᠢ᠃   ᠡᠬᠦᠨ᠎ᠳᠤ ᠬᠠᠮᠤᠬ᠎ᠤᠨ ᠦᠷᠬᠦᠯᠵᠢ ᠲ᠋ᠤᠬᠢᠶᠠᠯᠳᠤᠳᠠᠬ᠎ᠨᠢ 《ᠡᠪᠤᠯ᠎ᠤᠨ ᠤᠯᠠᠷᠢᠯ᠎ᠤᠨ ᠭᠡᠨᠡᠳᠳᠡ ᠦᠬᠦᠬᠦ   ᠭᠤᠷᠮᠤᠰᠤᠨ   ᠬᠦᠴᠦᠨ   ᠵᠦᠢ᠍ᠯ》   ᠪᠤᠯᠬᠤ  《ᠡᠪᠤᠯ᠎ᠤᠨ ᠤᠯᠠᠷᠢᠯ᠂ ᠬᠠᠷ᠎ᠠ ᠦᠷᠯᠦᠭᠡ᠂ ᠴᠠᠰᠤ ᠰᠢᠭᠤᠷᠭ᠋ᠠᠨ》 ᠭᠤᠷᠪᠠ ᠵᠢᠨ ᠠᠯᠢ ᠨᠢᠭᠡ᠎ᠨᠢ ᠪᠤᠯᠪᠠᠴᠤ ᠪᠦᠷ ᠯᠡ ᠵᠢᠷᠦᠭᠡᠨ   ᠪᠤᠯᠴᠢᠡᠭ᠎ᠤᠨ ᠬ᠋ᠦᠴᠢᠯᠳᠦ᠋ᠷᠦᠭᠴᠢ ᠵᠠᠷᠤᠴᠠᠭᠤᠯᠬᠤ ᠭᠡᠮᠵᠢᠶ ᠎ᠠ ᠵᠢ ᠨᠡᠮᠡᠭᠳᠡᠬᠦᠯᠳᠡᠭ᠃        

    ᠭᠡᠷᠪᠡ ᠡᠨᠡ ᠭᠤᠷᠪᠠᠭᠤᠯᠠ ᠴᠤᠬ᠎ᠲᠠᠭᠠᠨ ᠢᠯᠡᠷᠡᠪᠡᠯ ᠮᠠᠰᠢ ᠶᠡᠭᠡ ᠠᠶᠤᠯ ᠲᠦᠭᠰᠢᠬᠦᠷᠢ ᠪᠤᠯᠵᠤ   ᠪᠦᠷᠢᠯᠳᠦᠬᠦ   ᠪᠤᠯᠬᠤᠷ ᠡᠷᠬᠡᠪᠰᠢ ᠠᠡᠭᠬᠠᠷᠴᠤ᠂ ᠰᠠᠨᠠᠭ᠋ᠠᠨ᠎ᠳᠤ ᠦᠭᠡᠢ ᠤᠴᠢᠷ ᠭᠠᠷᠬᠤ᠎ᠠᠴᠠ ᠬᠢᠴᠢᠶᠡᠬᠦ ᠭᠡᠷᠡᠭᠳᠡᠢ᠃

ᠢᠷᠡᠯᠲᠡ᠄ ᠠᠷᠠᠳ᠎ᠤᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠪᠦᠵᠢᠭᠯᠡᠪᠡᠯ ᠦᠳᠡᠯᠬᠥ ᠵᠢ ᠤᠳᠠᠭ᠋ᠠᠰᠢᠷᠠᠭᠤᠯᠵᠤ ᠪᠤᠯᠤᠨ᠎ᠠ
ᠪᠡᠶ᠎ᠡ ᠪᠤᠯᠪᠠᠰᠤᠷᠠᠵᠤ ᠠᠭᠤᠷ ᠵᠶ᠋ᠠᠨ ᠭᠠᠷᠭ᠋ᠠᠬᠤ᠎ᠨᠢ ᠵᠢᠷᠦᠬᠡᠨ ᠡᠪᠡᠳᠴᠢᠨ᠎ᠤ ᠲᠦᠭᠰᠢᠬᠦᠷᠢ ᠵᠢ ᠨᠡᠮᠡᠭᠳᠡᠬᠦᠯᠦᠨ᠎ᠠ
ᠨᠠᠰᠤᠳᠠᠢ ᠬᠦᠮᠦᠨ ᠪᠡᠶ᠎ᠠ᠎ᠪᠠᠨ ᠪᠤᠯᠪᠠᠰᠤᠷᠠᠪᠠᠯ ᠲᠠᠷᠢᠬᠢᠨ᠎ᠤ ᠠᠪᠴᠢᠯᠳᠠ ᠵᠢ ᠤᠳᠠᠭ᠋ᠠᠰᠢᠷᠠᠭᠤᠯᠵᠤ ᠴᠢᠳᠠᠨ᠎ᠠ
7 ᠠᠷᠭ᠎ᠠ᠎ᠪᠠᠷ ᠪᠤᠯᠴᠢᠡᠭ ᠰᠢᠷᠪᠤᠰᠤ ᠲᠠᠳᠠᠬᠤ ᠵᠢ ᠬᠦᠡᠭᠭᠡᠷᠡᠬᠦᠯᠬᠦ
ᠡᠪᠤᠯ᠎ᠤᠨ ᠤᠯᠠᠷᠢᠯ᠎ᠳᠤ ᠪᠡᠶ᠎ᠠ ᠪᠣᠯᠪᠠᠰᠣᠷᠠᠪᠠᠯ ᠮᠠᠷᠢᠶ᠎ᠠ ᠵᠢ ᠢᠯᠡᠭᠦᠦ ᠰᠢᠭᠤᠷᠠᠭᠤᠯᠳᠠᠭ
 
            