ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠲᠠᠨ᠎ᠳᠤ ᠦᠢᠯᠡᠴᠢᠯᠡᠬᠦ᠌
7 ᠠᠷᠭ᠎ᠠ᠎ᠪᠠᠷ ᠪᠤᠯᠴᠢᠡᠭ ᠰᠢᠷᠪᠤᠰᠤ ᠲᠠᠳᠠᠬᠤ ᠵᠢ ᠬᠦᠡᠭᠭᠡᠷᠡᠬᠦᠯᠬᠦ
ᠨᠡᠶ᠋ᠢᠲᠡᠯᠡᠭᠰᠡᠨ ᠴᠠᠭ᠄ 2018-12-28

    ᠪᠤᠯᠴᠢᠡᠭ ᠵᠠᠭᠤᠷᠠᠬᠤ ᠵᠢ ᠶᠡᠷᠦ᠎ᠳᠡᠭᠡᠨ ᠰᠢᠷᠪᠤᠰᠤ ᠲᠠᠳᠠᠬᠤ ᠭᠡᠵᠤ ᠨᠡᠷᠡᠯᠡᠨ᠂ ᠲᠠᠷᠤᠢ ᠬᠦᠯ᠎ᠤᠨ ᠭᠡᠰᠡᠭ᠎ᠤᠨ ᠪᠤᠯᠴᠢᠡᠭ ᠭᠡᠨᠡᠳᠳᠡ ᠵᠠᠭᠤᠷᠠᠬᠤ ᠪᠤᠯᠤᠨ᠎ᠠ᠃ ᠡᠬᠦᠨ᠎ᠤ ᠡᠬᠦᠰᠦᠯ᠎ᠨᠢ ᠤᠯᠠᠨ ᠵᠦᠢ᠍ᠯ᠎ᠤᠨ ᠰᠢᠯᠳᠠᠭ᠋ᠠᠨ᠎ᠠᠴᠠ ᠪᠤᠯᠳᠠᠬ᠂ ᠡᠬᠦᠨ᠎ᠳᠤ ᠪᠤᠯᠴᠢᠡᠭ ᠭᠡᠮᠳᠦᠬᠦ᠂ ᠤᠰᠤ ᠦᠭᠡᠢ᠍ᠢ᠍ᠵᠢᠬᠦ᠂ ᠡᠷᠦᠳᠡᠰᠦ ᠪᠤᠳᠠᠰ᠎ᠤᠨ ᠠᠭᠤᠯᠤᠬᠳᠠᠴᠠ ᠲᠤᠤᠷ ᠎ᠠ ᠪᠠ ᠵᠠᠷᠢᠮ ᠡᠮ᠎ᠢ ᠤᠤᠭᠤᠬᠰᠠᠨ ᠵᠡᠷᠭᠡ᠎ᠠᠴᠠ ᠪᠤᠯᠳᠠᠬ᠃ ᠵᠠᠷᠢᠮ ᠲᠦᠬᠦᠮ ᠪᠠᠢ᠍ᠢ᠍ᠭ᠋ᠠᠯᠢᠯᠢᠬ ᠠᠷᠭ᠎ᠠ᠎ᠪᠠᠷ ᠲᠠᠷᠤᠢ ᠰᠢᠷᠪᠤᠰᠤ ᠲᠠᠳᠠᠬᠤ ᠵᠢ ᠵᠠᠰᠠᠵᠤ ᠲᠡᠢ᠍ᠢ᠍ᠯᠦᠨ᠎ᠠ᠃    

    ᠲᠠᠷᠤᠰᠢᠯᠠᠬᠰᠠᠨ ᠨᠤᠭᠤᠭ᠎ᠠ ᠵᠢᠨ ᠰᠢᠬᠦᠰᠦ ᠵᠢ ᠤᠤᠭᠤᠬᠤ    

    ᠠᠮᠸᠷᠢᠺᠠ ᠵᠢᠨ ᠶᠠᠡᠭᠪᠠᠢ᠍ᠢ᠍ᠬᠠᠨ ᠶᠡᠭᠡ ᠰᠤᠷᠭ᠋ᠠᠭᠤᠯᠢ ᠵᠢᠨ ᠰᠤᠳᠤᠯᠤᠬ᠍ᠴᠢᠳ᠎ᠠᠴᠠ ᠲᠠᠷᠤᠰᠢᠯᠠᠬᠰᠠᠨ ᠨᠤᠭᠤᠭ᠎ᠠ ᠵᠢᠨ ᠰᠢᠬᠦᠰᠦ ᠵᠢ ᠤᠤᠭᠤᠪᠠᠯ ᠰᠢᠷᠪᠤᠰᠤ ᠲᠠᠳᠠᠬᠤ ᠵᠢ ᠬᠤᠷᠢᠬᠯᠠᠬᠤ ᠭᠠᠢ᠍ᠢ᠍ᠬᠠᠯᠳᠠᠢ ᠦᠷ ᠎ᠠ ᠳ᠋ᠦᠡᠭ᠎ᠲᠠᠢ ᠪᠠᠢ᠍ᠢ᠍ᠬᠤ ᠵᠢ ᠢᠯᠡᠷᠡᠬᠦᠯᠦᠭᠰᠡᠨ ᠪᠠᠢ᠍ᠢ᠍ᠨ᠎ᠠ᠃ ᠰᠢᠷᠪᠤᠰᠤ ᠲᠠᠳᠠᠬᠤ ᠰᠤᠳᠤᠯᠭ᠎ᠠ᠎ᠳᠤ ᠰᠠᠢ᠍ᠢ᠍ᠨ ᠲᠤᠷ᠎ᠠ᠎ᠠᠴᠠ᠎ᠪᠠᠨ ᠤᠷᠤᠯᠴᠠᠬᠰᠠᠳ᠎ᠲᠤ ᠲᠤᠰ ᠲᠤᠰ 70 ᠭ᠋ᠷᠠᠮ ᠲᠠᠷᠤᠰᠢᠯᠠᠬᠰᠠᠨ ᠨᠤᠭᠤᠭ᠎ᠠ ᠵᠢᠨ ᠰᠢᠬᠦᠰᠦ ᠪᠤᠶᠤ ᠢᠶᠤᠨ᠎ᠢ ᠠᠷᠢᠯᠭ᠋ᠠᠬᠰᠠᠨ ᠤᠰᠤ ᠵᠢ ᠤᠤᠭᠤᠯᠭ᠋ᠠᠬᠤ ᠪᠤᠶᠤ ᠡᠰᠡᠬᠦᠯ ᠎ᠠ ᠶᠠᠭᠤ ᠴᠤ᠌ ᠤᠤᠭᠤᠯᠭ᠋ᠠᠬᠤ ᠦᠭᠡᠢ ᠲᠤᠷᠰᠢᠯᠳᠠ ᠬᠢᠪᠡ᠃ ᠦᠷ ᠎ᠠ ᠳ᠋ᠦᠡᠭ ᠢᠯᠡᠷᠭᠡᠢ᠍ᠢ᠍ᠯᠡᠭᠰᠡᠨ᠎ᠨᠢ᠂ ᠲᠠᠷᠤᠰᠢᠯᠠᠬᠰᠠᠨ ᠨᠤᠭᠤᠭ᠎ᠠ ᠵᠢᠨ ᠰᠢᠬᠦᠰᠦ ᠵᠢ ᠤᠤᠭᠤᠬᠰᠠᠳ᠎ᠤᠨ 85 ᠰᠸᠺᠦ᠋ᠨ᠋ᠳ᠋᠎ᠤᠨ ᠲᠤᠳᠤᠷ ᠎ᠠ ᠰᠢᠷᠪᠤᠰᠤ ᠲᠠᠳᠠᠬᠤ᠎ᠨᠢ ᠵᠤᠬᠰᠤᠵᠤ᠂ ᠢᠶᠤᠨ᠎ᠢ ᠠᠷᠢᠯᠭ᠋ᠠᠬᠰᠠᠨ ᠤᠰᠤ ᠤᠤᠭᠤᠬᠰᠠᠳ᠎ᠠᠴᠠ 37% ᠬᠤᠷᠳᠤᠨ ᠪᠠᠢ᠍ᠢ᠍ᠵᠤ᠂ ᠶᠠᠭᠤ ᠴᠤ᠌ ᠤᠤᠭᠤᠬᠰᠠᠨ ᠦᠭᠡᠢ ᠬᠦᠮᠦᠰ᠎ᠠᠴᠠ 45% ᠬᠤᠷᠳᠤᠨ ᠪᠠᠢ᠍ᠢ᠍ᠯ᠎ᠠ᠃    

    ᠲᠠᠳᠠᠵᠤ ᠰᠤᠡᠭᠭ᠋ᠠᠬᠤ ᠬᠦᠳᠡᠯᠭᠡᠭᠡᠨ ᠬᠢᠬᠦ    

    ᠤᠨᠳᠠᠬᠤ ᠶᠠᠪᠤᠴᠠ᠎ᠳᠤ ᠰᠢᠷᠪᠤᠰᠤ ᠲᠠᠳᠠᠬᠤ ᠵᠢᠨ ᠰ᠊ ᠵᠯᠳᠠᠭ᠋ᠠᠨ᠎ᠤ ᠨᠢᠭᠡ᠎ᠨᠢ ᠬᠦᠯ᠎ᠤᠨ ᠬᠤᠷᠤᠭᠤ᠎ᠪᠠᠨ ᠲᠤᠷᠤᠬᠰᠢ ᠬᠠᠨᠳᠤᠭᠤᠯᠤᠨ ᠭᠡᠪ ᠵᠶ᠋ᠠᠷ ᠬᠠᠵᠠᠭᠤᠯᠠᠨ ᠭᠡᠪᠳᠡᠵᠤ ᠰᠢᠯᠪᠢ ᠵᠢᠨ ᠭᠡᠰᠡᠭ᠎ᠤᠨ ᠪᠤᠯᠴᠢᠡᠭ ᠪᠤᠭᠤᠨᠢᠰᠬᠤ᠎ᠠᠴᠠ ᠪᠤᠯᠵᠤ ᠰᠢᠷᠪᠤᠰᠤ᠎ᠨᠢ ᠨᠡᠡᠭ ᠠᠮᠠᠷᠬᠠᠨ ᠵᠠᠭᠤᠷᠠᠵᠤ ᠡᠪᠡᠳᠬᠦ ᠪᠤᠯᠤᠨ᠎ᠠ᠃ ᠰᠢᠷᠪᠤᠰᠤ ᠲᠠᠳᠠᠵᠤ ᠡᠪᠡᠳᠬᠦ ᠵᠢ ᠬᠦᠡᠭᠭᠡᠷᠡᠬᠦᠯᠬᠦ ᠭᠡᠪᠡᠯ ᠤᠷᠢᠳᠠᠪᠠᠷ ᠬᠦᠯ᠎ᠤᠨ ᠬᠤᠷᠤᠭᠤ᠎ᠪᠠᠨ ᠮᠤᠷᠤᠢ᠍ᠢ᠍ᠯᠭ᠋ᠠᠵᠤ ᠲᠠᠬᠢᠨ ᠲᠠᠳᠠᠵᠤ ᠠᠰᠬᠠᠨ ᠪᠤᠯᠭ᠋ᠠᠬᠤ ᠬᠦᠳᠡᠯᠭᠡᠭᠡᠨ᠎ᠢ 1 ᠮᠢᠨᠦ᠋ᠲ ᠬᠢᠨ᠎ᠠ᠃ ᠲᠠᠷᠠᠭ᠎ᠠ᠎ᠨᠢ ᠬᠠᠨ᠎ᠠ ᠵᠢᠨ ᠡᠮᠦᠨ᠎ᠠ ᠵᠤᠬᠰᠤᠵᠤ ᠵᠠᠭᠤᠷᠠᠬᠰᠠᠨ ᠬᠦᠯ ᠵᠶ᠋ᠠᠨ ᠬᠤᠢ᠍ᠢ᠍ᠰᠢ᠎ᠪᠠᠨ ᠰᠤᠡᠭᠭ᠋ᠠᠵᠤ ᠲᠠᠳᠠᠨ᠂ ᠨᠦᠬᠦᠭᠡ ᠨᠢᠭᠡ ᠬᠦᠯ ᠵᠶ᠋ᠠᠨ ᠡᠪᠦᠳᠦᠭ ᠦᠭᠡᠳᠡ᠎ᠪᠠᠨ ᠮᠤᠷᠤᠢ᠍ᠢ᠍ᠯᠭ᠋ᠠᠨ᠎ᠠ᠃    

    ᠺᠠᠯᠼ ᠨᠦᠬᠦᠪᠦᠷᠢᠯᠡᠬᠦ    

    ᠤᠯᠠᠡᠭᠬᠢ ᠰᠢᠷᠪᠤᠰᠤ ᠲᠠᠳᠠᠬᠤ᠎ᠨᠢ ᠺᠠᠯᠼ ᠲᠤᠳᠠᠬᠰᠠᠨ᠎ᠠᠴᠠ ᠪᠤᠯᠬᠤ ᠶᠤᠮ᠃ ᠶᠡᠭᠡ ᠭᠡᠮᠵᠢᠶᠡᠨ᠎ᠤ ᠺᠠᠯᠼ ᠡᠯᠪᠡᠭ ᠠᠭᠤᠯᠬᠤ ᠢᠳᠡᠭᠡᠨ (ᠵᠢᠱ᠌ᠢᠶᠡᠯᠡᠪᠡᠯ ᠴᠠᠭ᠋ᠠᠨ ᠢᠳᠡᠭᠡᠨ ᠪᠠ ᠨᠤᠭᠤᠭ᠋ᠠᠨ ᠨᠠᠪᠴᠢᠳᠤ ᠨᠤᠭᠤᠭ᠍ ᠎ᠠ)᠎ᠢ ᠢᠳᠡᠬᠦ ᠪᠠ ᠺᠠᠯᠼ ᠡᠯᠪᠡᠭ ᠠᠭᠤᠯᠬᠤ ᠰᠢᠮ ᠎ᠠ ᠲᠡᠵᠢᠭᠡᠯ᠎ᠤᠨ ᠨᠦᠬᠦᠪᠦᠷᠢ ᠡᠳ᠋᠎ᠢ ᠢᠯᠡᠬᠦᠦ ᠤᠤᠭᠤᠪᠠᠯ ᠪᠠᠰᠠ ᠺᠠᠯᠼ ᠲᠤᠳᠠᠬᠤ ᠵᠢ ᠬᠦᠡᠭᠭᠡᠷᠡᠬᠦᠯᠵᠤ ᠲᠡᠢ᠍ᠢ᠍ᠯᠦᠨ᠎ᠠ᠃ ᠪᠠᠰᠠ ᠤᠨᠳᠠᠬᠤ᠎ᠠᠴᠠ᠎ᠪᠠᠨ ᠡᠮᠦᠨ᠎ᠠ ᠨᠢᠭᠡ ᠴᠤᠮᠤ ᠪᠦᠯᠢᠶᠡᠨ ᠰᠦ ᠤᠤᠭᠤᠬᠤ᠎ᠪᠠᠷ ᠲᠠᠮᠵᠢᠨ ᠺᠠᠯᠼ ᠨᠦᠬᠦᠪᠦᠷᠢᠯᠡᠵᠤ ᠪᠤᠯᠤᠨ᠎ᠠ᠃    

    ᠬᠤᠶᠠᠷ ᠮᠸᠲ᠋ᠢᠯᠳᠦ ᠬᠦᠬᠦᠷᠦᠺᠰᠢᠳ᠋ ᠲᠦᠷᠬᠢᠬᠦ    

    ᠬᠤᠶᠠᠷ ᠮᠸᠲ᠋ᠢᠯᠳᠤ ᠬᠦᠬᠦᠷᠦᠺᠰᠢᠳ᠋᠎ᠨᠢ ᠨᠢᠭᠡ ᠵᠦᠢ᠍ᠯ᠎ᠤᠨ ᠮᠤᠳᠤᠨ᠎ᠠᠴᠠ ᠢᠷᠡᠯᠳᠡ᠎ᠲᠠᠢ ᠪᠤᠳᠠᠰ ᠪᠤᠯᠪᠠᠴᠤ ᠠᠨᠠᠭ᠋ᠠᠬᠤ ᠤᠬᠠᠭ᠋ᠠᠨᠳᠠᠨ ᠲᠡᠬᠦᠨ᠎ᠤ ᠡᠮ᠎ᠳᠤ ᠤᠷᠤᠬᠤ ᠴᠢᠳᠠᠪᠤᠷᠢ ᠵᠢ ᠰᠤᠳᠤᠯᠤᠭ᠋ᠠᠳ ᠨᠢᠭᠡᠨᠳᠡ ᠲᠠᠪᠢ ᠭᠠᠷᠤᠢ ᠵᠢᠯ ᠪᠤᠯᠵᠤ ᠪᠠᠢ᠍ᠢ᠍ᠨ᠎ᠠ᠃ ᠡᠢ᠍ᠢ᠍ᠮᠦᠷᠬᠦ ᠬᠠᠮᠠᠷ ᠭᠠᠳᠠᠮ᠎ᠠ ᠦᠷᠪᠢᠰᠦᠯ᠎ᠢ ᠡᠰᠡᠷᠬᠦᠴᠡᠬᠦ ᠪᠤᠳᠠᠰ᠎ᠢ ᠠᠭᠤᠰᠬᠠᠬᠤ ᠡᠮ ᠪᠤᠯᠭ᠋ᠠᠵᠤ ᠭᠡᠷᠡᠭᠯᠡᠵᠤ ᠪᠤᠯᠤᠨ᠎ᠠ᠃ ᠠᠮᠸᠷᠢᠺᠠ ᠵᠢᠨ ᠢᠳᠡᠭᠡᠨ᠎ᠤ ᠵᠦᠢ᠍ᠯ ᠪᠤᠯᠤᠨ ᠡᠮ᠎ᠤᠨ ᠵᠦᠢ᠍ᠯ᠎ᠳᠤ ᠬᠢᠨᠠᠯᠳᠠ ᠲᠠᠯᠪᠢᠬᠤ ᠬᠠᠮᠢᠶᠠᠷᠤᠯᠳᠠ ᠵᠢᠨ ᠲᠤᠪᠴᠢᠶ᠎ᠠ᠎ᠠᠴᠠ ᠲᠡᠬᠦᠨ᠎ᠢ ᠭᠠᠳᠠᠷ ᠭᠡᠷᠡᠭᠯᠡᠬᠦ ᠡᠮ᠎ᠤᠨ ᠵᠤᠷ ᠪᠤᠯᠭ᠋ᠠᠵᠤ ᠤᠯᠠᠨ ᠡᠪᠡᠳᠴᠢᠨ᠎ᠢ ᠵᠠᠰᠠᠵᠤ ᠪᠤᠢ᠂ ᠡᠬᠦᠨ᠎ᠳᠤ ᠪᠦᠰᠡᠯᠡᠬᠦᠷ ᠴᠦᠪᠦᠷᠢᠬᠦᠳᠦ ᠡᠰᠡᠷᠭᠡᠨ᠎ᠠ ᠪᠠᠬᠳᠠᠨ᠎ᠠ᠃ ᠵᠠᠷᠢᠮ ᠲᠠᠮᠢᠷᠴᠢᠨ ᠪᠤᠯᠴᠢᠡᠭ᠎ᠤᠨ ᠭᠡᠰᠡᠭ᠎ᠲᠡᠭᠡᠨ ᠰᠢᠡᠭᠭᠡᠨ ᠪᠡᠶᠡᠳᠦ ᠲᠦᠷᠬᠢᠨ ᠰᠢᠷᠪᠤᠰᠤ ᠵᠠᠭᠤᠷᠠᠬᠤ ᠵᠢ ᠬᠦᠡᠭᠭᠡᠷᠡᠬᠦᠯᠵᠤ ᠪᠤᠢ᠃    

    ᠦᠨᠦᠷᠳᠦ ᠤᠳ᠋ᠪᠠᠯ᠎ᠠ ᠵᠢᠨ ᠴᠠᠢ ᠤᠤᠭᠤᠬᠤ    

    ᠦᠨᠦᠷᠳᠦ ᠤᠳ᠋ᠪᠠᠯ᠎ᠠ ᠵᠢᠨ ᠡᠪᠡᠰᠦᠨ ᠡᠮ ᠵᠶ᠋ᠠᠷ ᠰᠢᠷᠪᠤᠰᠤ ᠵᠠᠭᠤᠷᠠᠬᠤ ᠵᠢ ᠰᠡᠷᠭᠡᠢ᠍ᠢ᠍ᠯᠡᠨ ᠵᠠᠰᠠᠵᠤ ᠪᠤᠯᠤᠨ᠎ᠠ᠂ ᠲᠡᠬᠦᠨ᠎ᠳᠤ 36 ᠵᠦᠢ᠍ᠯ᠎ᠤᠨ ᠦᠷᠪᠢᠰᠦᠯ᠎ᠢ ᠡᠰᠡᠷᠬᠦᠴᠡᠬᠦ ᠪᠦᠷᠢᠯᠳᠦᠬᠦᠨ ᠠᠭᠤᠯᠵᠤ ᠪᠤᠢ᠃ ᠲᠡᠷᠡ᠎ᠨᠢ ᠪᠠᠰᠠ ᠠᠮᠳᠠᠯᠢᠬ ᠰᠢᠪᠳᠤᠷᠳᠤ ᠬᠦᠴᠢᠯ᠎ᠤᠨ ᠠᠭᠤᠯᠤᠬᠳᠠᠴᠠ ᠵᠢ ᠨᠡᠮᠡᠭᠳᠡᠬᠦᠯᠵᠤ ᠴᠢᠳᠠᠨ᠎ᠠ᠂ ᠡᠢ᠍ᠢ᠍ᠮᠦᠷᠬᠦ ᠰᠢᠪᠳᠤᠷᠳᠤ ᠬᠦᠴᠢᠯ᠎ᠨᠢ ᠴᠤᠯᠭᠤᠢ ᠪᠤᠯᠴᠢᠡᠭ᠎ᠢ ᠰᠤᠯᠠᠷᠠᠭᠤᠯᠬᠤ ᠵᠢᠨ ᠤᠯᠠᠮ᠎ᠠᠴᠠ ᠰᠢᠷᠪᠤᠰᠤ ᠵᠠᠭᠤᠷᠠᠬᠤ ᠵᠢ ᠬᠦᠡᠭᠭᠡᠷᠡᠬᠦᠯᠬᠦ ᠦᠢ᠍ᠯᠡᠳᠦᠯ᠎ᠲᠠᠢ᠃ ᠰᠢᠷᠪᠤᠰᠤ ᠵᠠᠭᠤᠷᠠᠬᠤ ᠡᠪᠡᠳᠴᠢᠳᠡᠨ ᠡᠳᠦᠷ᠎ᠲᠡᠭᠡᠨ ᠭᠡᠳᠦᠨ ᠴᠤᠮᠤ ᠦᠨᠦᠷᠳᠤ ᠤᠳ᠋ᠪᠠᠯ᠎ᠠ ᠵᠢᠨ ᠴᠠᠢ ᠤᠤᠭᠤᠬᠤ ᠪᠤᠶᠤ ᠡᠰᠡᠬᠦᠯ᠎ᠠ ᠦᠨᠦᠷᠳᠤ ᠤᠳ᠋ᠪᠠᠯ᠎ᠠ ᠠᠭᠤᠯᠤᠬᠰᠠᠨ ᠰᠢᠮ᠎ᠠ ᠲᠡᠵᠢᠭᠡᠯ᠎ᠤᠨ ᠨᠦᠬᠦᠪᠦᠷᠢ ᠡᠳ᠋᠎ᠢ ᠤᠤᠭᠤᠵᠤ ᠪᠤᠯᠤᠨ᠎ᠠ᠃    

    ᠮᠠᠬᠨᠢ ᠨᠦᠬᠦᠪᠦᠷᠢᠯᠡᠬᠦ    

    ᠮᠠᠬᠨᠢ᠎ᠨᠢ ᠬᠦᠮᠦᠨ᠎ᠤ ᠪᠡᠶ᠎ᠠ᠎ᠳᠤ ᠴᠢᠬᠤᠯᠠ ᠭᠡᠷᠡᠭᠴᠡᠭᠡ᠎ᠲᠠᠢ ᠨᠢᠭᠡ ᠵᠦᠢ᠍ᠯ᠎ᠤᠨ ᠡᠷᠦᠳᠡᠰᠦ ᠪᠤᠳᠠᠰ ᠪᠠᠢ᠍ᠢ᠍ᠵᠤ᠂ ᠮᠠᠬᠨᠢ ᠡᠯᠪᠡᠭ ᠠᠭᠤᠯᠬᠤ ᠢᠳᠡᠭᠡᠨ (ᠪᠦᠷᠢᠨ ᠠᠮᠤ ᠪᠤᠳᠠᠭ᠎ᠠ ᠪᠤᠯᠤᠨ ᠨᠤᠭᠤᠭ᠋ᠠᠨ ᠨᠠᠪᠴᠢᠳᠤ ᠨᠤᠭᠤᠭ᠎ᠠ)᠎ᠢ ᠢᠯᠡᠬᠦᠦ ᠢᠳᠡᠪᠡᠯ ᠰᠢᠷᠪᠤᠰᠤ ᠵᠠᠭᠤᠷᠠᠬᠤ ᠵᠢ ᠬᠦᠡᠭᠭᠡᠷᠡᠬᠦᠯᠵᠤ ᠴᠢᠳᠠᠨ᠎ᠠ᠃ ᠤᠨᠳᠠᠬᠤ᠎ᠠᠴᠠ ᠡᠮᠦᠨ᠎ᠠ 300 — 400 ᠮᠢᠯᠢᠭᠷᠠᠮ ᠰᠢᠮ ᠎ᠠ ᠲᠡᠵᠢᠭᠡᠯ᠎ᠤᠨ ᠨᠦᠬᠦᠪᠦᠷᠢ ᠡᠳ᠋᠎ᠢ ᠤᠤᠭᠤᠪᠠᠯ ᠪᠤᠯᠴᠢᠡᠭ᠎ᠢ ᠰᠤᠯᠠᠷᠠᠭᠤᠯᠬᠤ ᠵᠢᠨ ᠬᠠᠮᠳᠤ ᠪᠡᠶ᠎ᠠ ᠵᠢᠨ ᠺᠠᠯᠼ᠎ᠢ ᠰᠢᠡᠭᠭᠡᠭᠡᠬᠦ᠎ᠳᠤ ᠲᠤᠰᠠᠯᠠᠮᠵᠢ ᠵᠢᠨ ᠦᠢ᠍ᠯᠡᠳᠦᠯ ᠦᠵᠡᠬᠦᠯᠦᠨ᠎ᠠ᠃     ᠤᠰᠤ ᠤᠤᠭᠤᠬᠤ     ᠪᠠᠰᠠ ᠴᠦᠭᠡᠨ ᠪᠤᠰᠤ ᠰᠢᠷᠪᠤᠰᠤ ᠲᠠᠳᠠᠬᠤ᠎ᠨᠢ ᠤᠰᠤ ᠦᠭᠡᠢ᠍ᠢ᠍ᠳᠡᠭᠰᠡᠨ᠎ᠠᠴᠠ ᠪᠤᠯᠤᠬᠰᠠᠨ ᠶᠤᠮ᠂ ᠡᠢ᠍ᠢ᠍ᠮᠦ᠎ᠠᠴᠠ ᠰᠢᠷᠪᠤᠰᠤ ᠲᠠᠳᠠᠬᠤ ᠭᠡᠮ᠎ᠳᠤ ᠨᠡᠷᠪᠡᠭᠳᠡᠭᠰᠡᠳ ᠪᠡᠶ᠎ᠠ᠎ᠳᠡᠭᠡᠨ ᠬᠦᠢ᠍ᠴᠡᠳ ᠭᠡᠮᠵᠢᠶᠡᠨ᠎ᠤ ᠤᠰᠤ ᠪᠠᠢ᠍ᠢ᠍ᠬᠤ ᠵᠢ ᠪᠠᠳᠤᠯᠠᠬᠤ ᠭᠡᠷᠡᠭᠳᠡᠢ᠃ ᠰᠢᠷᠦᠭᠦᠨ ᠬᠦᠳᠡᠯᠭᠡᠭᠡᠨ ᠬᠢᠬᠦ᠎ᠠᠴᠠ ᠡᠮᠦᠨ᠎ᠠ ᠤᠷᠢᠳᠠᠪᠠᠷ 1 — 2 ᠴᠤᠮᠤ ᠤᠰᠤ ᠤᠤᠭᠤᠨ᠎ᠠ᠃ ᠪᠤᠯᠪᠠᠰᠤᠷᠠᠬᠤ ᠶᠠᠪᠤᠴᠠ᠎ᠳᠤ ᠪᠠᠰᠠ ᠵᠤᠬᠢᠬᠤ ᠭᠡᠮᠵᠢᠶᠡᠨ᠎ᠤ ᠴᠠᠬᠢᠯᠭ᠋ᠠᠨ ᠵᠠᠳᠠᠯᠤᠬᠳᠠᠬᠤᠨ᠎ᠤ ᠤᠮᠳᠠᠭ᠋ᠠᠨ ᠤᠤᠭᠤᠵᠤ᠂ ᠤᠰᠤ ᠦᠭᠡᠢ᠍ᠢ᠍ᠳᠡᠬᠦ᠎ᠠᠴᠠ ᠪᠤᠯᠵᠤ ᠰᠢᠷᠪᠤᠰᠤ ᠵᠠᠭᠤᠷᠠᠬᠤ᠎ᠠᠴᠠ ᠰᠡᠷᠭᠡᠢ᠍ᠢ᠍ᠯᠡᠨ᠎ᠠ᠃

ᠢᠷᠡᠯᠲᠡ᠄ ᠤᠯᠠᠭ᠋ᠠᠨᠬᠠᠳᠠ ᠮᠤᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠡᠪᠤᠯ᠎ᠤᠨ ᠤᠯᠠᠷᠢᠯ᠎ᠳᠤ ᠪᠡᠶ᠎ᠠ ᠪᠣᠯᠪᠠᠰᠣᠷᠠᠪᠠᠯ ᠮᠠᠷᠢᠶ᠎ᠠ ᠵᠢ ᠢᠯᠡᠭᠦᠦ ᠰᠢᠭᠤᠷᠠᠭᠤᠯᠳᠠᠭ
ᠲᠠᠮᠢᠷ᠎ᠤᠨ ᠬᠦᠳᠡᠯᠬᠡᠭᠡᠡ᠎ᠳᠤ ᠤᠷᠤᠯᠴᠠᠬᠤ ᠤᠷᠮ᠎ᠠ ᠵᠢ ᠬᠡᠷᠬᠢᠨ ᠲᠡᠭᠡᠭᠰᠢᠯᠡᠬᠦᠯᠬᠦ ᠪᠤᠢ
ᠬᠡᠤᠬᠡᠳ ᠪᠠᠭ᠋ᠠᠴᠤᠤᠨ ᠲᠠᠮᠢᠷ᠎ᠤᠨ ᠬᠦᠳᠡᠯᠭᠡᠭᠡᠨ᠎ᠳᠤ ᠢᠯᠡᠬᠦᠤ ᠤᠷᠤᠯᠴᠠᠪᠠᠯ ᠵᠤᠭᠢᠨ᠎ᠠ
ᠦᠳᠡ᠎ᠳᠤ ᠠᠯᠬᠤᠬᠤ ᠬᠢᠭᠡᠳ ᠠᠵᠢᠯ᠎ᠤᠨ ᠪᠦᠳᠦᠮᠵᠢ
ᠡᠪᠤᠯ᠎ᠤᠨ ᠬᠦᠢ᠍ᠳᠡᠨ ᠡᠳᠦᠷ ᠬᠦᠳᠡᠯᠭᠡᠭᠡᠨ ᠬᠢᠬᠦ᠎ᠳᠤ ᠬᠢᠯᠪᠠᠷᠬᠠᠨ ᠰᠢᠷᠬᠠᠳᠤᠯ ᠡᠬᠦᠰᠭᠡᠳᠡᠭ
 
            