ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠨᠳᠦᠰᠦᠲᠡᠨ᠎ᠤ ᠪᠡᠶ᠎ᠡ ᠲᠠᠮᠢᠷ   -   ᠦᠨᠳᠦᠰᠦᠲᠡᠨ᠎ᠤ ᠪᠡᠶ᠎ᠡ ᠲᠠᠮᠢᠷ᠎ᠤᠨ ᠪᠠᠶ᠋ᠢᠳᠠᠯ
ᠮᠤᠨᠭ᠌ᠭᠤᠯ ᠪᠦᠭᠡ ᠵᠢᠨ ᠪᠠᠷᠢᠴᠠ ᠵᠢᠨ ᠳᠤᠬᠠᠢ ᠦᠭᠦᠯᠡᠭᠦᠢ
ᠨᠡᠶ᠋ᠢᠲᠡᠯᠡᠭᠰᠡᠨ ᠴᠠᠭ᠄ 2022-09-14

      ᠮᠤᠨᠭ᠌ᠭᠤᠯ ᠪᠦᠭᠡ ᠵᠢᠨ ᠪᠠᠷᠢᠯᠳᠤᠭ᠋ᠠᠨ᠎ᠤ ᠭᠤᠤᠯ ᠪᠤᠯᠬᠤ ᠠᠷᠭ᠎ᠠ ᠭᠡᠯᠪᠡᠷᠢ ᠵᠢᠨ ᠨᠢᠭᠡ᠎ᠨᠢ ᠪᠠᠷᠢᠴᠠ ᠪᠤᠯᠤᠨ᠎ᠠ᠃ ᠪᠦᠭᠡ ᠭᠦᠮᠦᠨ ᠪᠠᠷᠢᠴᠠᠨ᠎ᠳᠠᠭᠠᠨ ᠰᠢᠭᠤᠳᠴᠤ ᠴᠢᠳᠠᠬᠤ ᠦᠭᠡᠢ᠎ᠪᠠᠷ ᠭᠦᠮᠦᠨ᠎ᠢ ᠬᠠᠶᠠᠨ᠎ᠠ ᠭᠡᠳᠡᠭ ᠬᠤᠳᠠᠯ᠃ ᠪᠠᠷᠢᠴᠠ ᠪᠤᠯ ᠮᠤᠨᠭ᠌ᠭᠤᠯ ᠪᠦᠭᠡ ᠵᠢᠨ ᠠᠮᠢᠨ᠂ ᠮᠦᠨ ᠴᠤ᠌ ᠳᠤᠳᠤᠭ᠋ᠠᠳᠤ ᠰᠡᠳᠭᠢᠯ᠎ᠤᠨ ᠳᠠᠢ᠍ᠢ᠍ᠨ᠎ᠤ ᠪᠤᠳᠤᠯᠭ᠎ᠠ ᠵᠢᠨ ᠢᠯᠠᠬᠤ᠎ᠳᠤ ᠵᠤᠷᠢᠬᠤ ᠴᠢᠭᠯᠡᠯ ᠮᠦᠨ᠃  
      ᠪᠠᠷᠢᠴᠠᠨ᠎ᠳᠤ ᠳᠤᠢ᠍ᠢ᠍ᠯᠳᠠᠢ ᠭᠦᠷᠭᠦ ᠵᠢᠨ ᠵᠠᠮ ᠪᠤᠯ ᠪᠠᠷᠢᠬᠤ ᠪᠢᠰᠢ ᠬᠠᠷᠢᠨ ᠵᠤᠬᠰᠤᠴᠠ ᠭᠢᠰᠭᠢᠳᠡᠯ ᠪᠠᠢ᠍ᠢ᠍ᠭ᠎ᠠ ᠶᠤᠮ᠃ ᠭᠢᠰᠭᠢᠳᠡᠯ᠎ᠤᠨ ᠳᠤᠬᠠᠢ ᠰᠤᠨᠢᠷᠬᠠᠨ ᠬᠠᠢ᠍ᠢ᠍ᠬᠤ᠎ᠳᠤ ᠨᠢᠳᠤᠨ᠎ᠳᠤ ᠤᠯᠠᠨ ᠶᠠᠭᠤᠮ᠎ᠠ ᠬᠠᠷᠠᠬᠳᠠᠬᠰᠠᠨ ᠯᠡ ᠳ᠋ᠠ᠃ ᠡᠷᠳᠡᠨ᠎ᠠᠴᠠ ᠠᠪᠤᠭ᠋ᠠᠳ ᠮᠤᠨᠭ᠌ᠭᠤᠯ ᠪᠦᠭᠡ᠎ᠨᠢ ᠭᠢᠰᠭᠢᠳᠡᠯ ᠵᠶ᠋ᠠᠨ ᠠᠨᠭ᠌ᠬᠠᠷᠴᠤ᠂ ᠭᠢᠰᠭᠢᠳᠡᠯ ᠰᠠᠢ᠍ᠢ᠍ᠳᠠᠢ ᠪᠠᠢ᠍ᠢ᠍ᠬᠤ ᠵᠢ ᠵᠤᠷᠢᠳᠠᠭ᠃ ᠶᠡᠷᠤᠨᠢ ᠭᠢᠰᠭᠢᠳᠡᠯ ᠰᠠᠢ᠍ᠢ᠍ᠳᠠᠢ ᠪᠦᠭᠡ᠎ᠨᠢ ᠪᠠᠷᠢᠴᠠᠨ᠎ᠳᠠᠭᠠᠨ ᠡᠷᠳᠡ ᠳᠤᠨᠤᠵᠤ ᠭᠦᠷᠳᠡᠭ ᠪᠤᠯ ᠭᠢᠰᠭᠢᠳᠡᠯ ᠵᠤᠭᠢᠴᠠᠬᠤ ᠦᠭᠡᠢ ᠭᠦᠮᠦᠨ᠎ᠤ ᠪᠠᠷᠢᠴᠠ ᠳᠤᠳᠠᠭᠤᠳᠠᠭ᠋ᠠᠳ ᠪᠠᠢ᠍ᠢ᠍ᠬᠤ ᠦᠵᠡᠭᠳᠡᠯ ᠪᠠᠢ᠍ᠢ᠍ᠨᠭ᠌ᠭᠤ ᠬᠠᠷᠠᠬᠳᠠᠳᠠᠭ᠃ ᠤᠳᠤ ᠭᠢᠰᠭᠢᠳᠡᠯ ᠮᠠᠰᠢ ᠰᠠᠢ᠍ᠢ᠍ᠨ ᠪᠦᠭᠡ ᠵᠢᠨ ᠳᠤᠭ᠋ᠠᠨ᠎ᠳᠤ ᠪᠠᠭ᠋ᠠᠷᠢᠨ᠎ᠤ ᠠᠯᠳᠠᠨᠰᠦᠢ᠍ᠭᠡ ᠠᠪᠤᠷᠭᠤ ᠬᠠᠷᠠᠬᠳᠠᠳᠠᠭ᠃ ᠠᠯᠳᠠᠨᠰᠦᠢ᠍ᠭᠡ ᠪᠠᠷᠢᠯᠳᠤᠭ᠋ᠠᠨ᠎ᠤ ᠶᠠᠪᠤᠴᠠ ᠳᠤᠮᠳᠠ᠎ᠪᠠᠨ ᠶᠠᠮᠠᠷ ᠪᠦᠭᠡ᠎ᠲᠠᠢ ᠳᠠᠭ᠋ᠠᠷᠠᠬᠰᠠᠨ ᠴᠤ᠌ ᠭᠢᠰᠭᠢᠳᠡᠯ ᠠᠯᠳᠠᠷᠠᠵᠤ ᠤᠢ᠍ᠢ᠍ᠴᠢᠵᠤ ᠪᠠᠢ᠍ᠢ᠍ᠭ᠎ᠠ᠎ᠨᠢ ᠬᠠᠷᠠᠬᠳᠠᠳᠠᠭ ᠦᠭᠡᠢ᠂ ᠬᠠᠷᠢᠨ ᠮᠠᠰᠢ ᠡᠪ᠎ᠲᠠᠢ ᠰᠠᠮᠪᠠᠭ᠋ᠠᠯᠢᠭ ᠭᠢᠰᠭᠢᠳᠡᠯ ᠳᠡᠭᠦᠨ᠎ᠤ ᠪᠠᠷᠢᠯᠳᠤᠭ᠋ᠠᠨ᠎ᠳᠤ ᠪᠠᠢ᠍ᠢ᠍ᠨᠭ᠌ᠭᠤ ᠬᠠᠷᠠᠬᠳᠠᠳᠠᠭ᠃ ᠵᠤᠬᠰᠤᠴᠠ ᠵᠢᠨ ᠬᠤᠪᠢ᠎ᠳᠤ ᠪᠦᠭᠡ ᠭᠦᠮᠦᠨ ᠪᠠᠢ᠍ᠢ᠍ᠷᠢ᠎ᠲᠠᠢ ᠪᠠᠢ᠍ᠢ᠍ᠬᠤ᠂ ᠯᠠᠪ ᠪᠠᠢ᠍ᠢ᠍ᠬᠤ᠂ ᠭᠦᠨᠳᠤ ᠵᠢᠨ ᠵᠢᠩ᠎ᠲᠠᠢ ᠬᠠᠷᠠᠬᠳᠠᠬᠤ᠎ᠨᠢ ᠰᠠᠢ᠍ᠢ᠍ᠨ ᠵᠤᠬᠰᠤᠴᠠ᠎ᠲᠠᠢ ᠪᠦᠭᠡ ᠵᠢᠨ ᠳᠡᠮᠳᠡᠭ ᠶᠤᠮ᠃ ᠡᠭᠦᠨ᠎ᠤ ᠲᠦᠯᠦᠭᠡᠨ᠎ᠤ ᠪᠦᠭᠡ᠎ᠪᠠᠷ ᠭᠦᠯᠦᠨ ᠪᠤᠢ᠍ᠢ᠍ᠷ᠎ᠤᠨ ᠠᠯᠳᠠᠨᠱ᠌ᠠᠭ᠎ᠠ ᠤᠷᠤᠨ᠎ᠠ᠃ ᠳᠡᠭᠦᠨ᠎ᠤ ᠪᠠᠷᠢᠯᠳᠤᠭ᠋ᠠᠨ᠎ᠢ ᠬᠠᠷᠠᠬᠤ᠎ᠳᠤ ᠪᠡᠶ᠎ᠡ᠎ᠠᠴᠠ᠎ᠪᠠᠨ ᠬᠤᠪᠢ ᠳᠠᠭᠢᠨ ᠭᠦᠨᠳᠤ᠎ᠲᠠᠢ ᠬᠠᠷᠠᠬᠳᠠᠬᠤ ᠭᠠᠢ᠍ᠢ᠍ᠬᠠᠮᠰᠢᠬ ᠰᠡᠷᠡᠭᠳᠡᠳᠡᠭ᠃ ᠭᠦᠨᠳᠦᠷᠡᠵᠤ ᠬᠠᠷᠠᠬᠳᠠᠬᠤ ᠭᠡᠳᠡᠭ᠎ᠨᠢ ᠳᠡᠭᠦᠨ᠎ᠤ ᠵᠤᠬᠰᠤᠴᠠ ᠵᠢᠨ ᠰᠡᠷᠡᠯᠳᠡ ᠶᠤᠮ᠂ ᠪᠠᠢ᠍ᠢ᠍ᠷᠢ ᠰᠠᠢ᠍ᠢ᠍ᠳᠠᠢ ᠪᠦᠭᠡ ᠭᠦᠨ ᠵᠤᠬᠰᠤᠵᠤ ᠴᠢᠳᠠᠳᠠᠭ᠃ ᠵᠦᠪᠭᠡᠨ ᠭᠦᠨᠳᠤ ᠵᠢᠩ᠎ᠲᠠᠢ ᠭᠦᠮᠦᠨ ᠯᠡ ᠭᠦᠨᠳᠤ ᠬᠠᠷᠠᠬᠳᠠᠭ᠋ᠠᠳ ᠪᠠᠢ᠍ᠢ᠍ᠳᠠᠭ ᠦᠭᠡᠢ ᠵᠢ ᠪᠦᠭᠡ ᠭᠦᠮᠦᠨ ᠶᠠᠭᠤ ᠠᠨᠳᠠᠬᠤ ᠪᠢᠯᠡ᠃ ᠡᠢ᠍ᠢ᠍ᠮᠤ ᠭᠦᠮᠦᠰ ᠦᠪᠡᠷ᠎ᠤᠨ ᠪᠠᠷᠢᠴᠠᠨ᠎ᠳᠤ᠎ᠪᠠᠨ ᠠᠮᠠᠷᠬᠠᠨ ᠭᠦᠷᠴᠤ ᠭᠦᠮᠦᠨ᠎ᠤ ᠪᠠᠷᠢᠴᠠᠨ᠎ᠳᠤ   ᠭᠢᠯᠪᠠᠷ   ᠦᠷᠳᠦᠳᠡᠭ   ᠦᠭᠡᠢ ᠪᠤᠯᠬᠤ ᠎ᠪᠠᠷ ᠨᠦᠭᠦᠭᠡ   ᠡᠳᠡᠭᠡᠳ ᠵᠶ᠋ᠠᠨ   ᠬᠠᠶᠠᠬᠤ᠎ᠨᠢ ᠢᠯᠡᠭᠦᠦ   ᠪᠠᠢ᠍ᠢ᠍ᠳᠠᠭ᠃    
    ᠵᠠᠷᠢᠮ ᠪᠦᠭᠡ᠎ᠲᠠᠢ ᠪᠠᠷᠢᠯᠳᠤᠬᠤ᠎ᠳᠤ 《ᠪᠠᠷᠢᠬᠤ᠎ᠳᠤ ᠡᠪ ᠦᠭᠡᠢ》 ᠵᠡᠷᠭᠡ ᠰᠡᠳᠭᠢᠭᠳᠡᠯ ᠦᠭᠳᠡᠭ᠎ᠨᠢ ᠳᠤᠰ ᠪᠦᠭᠡ ᠪᠡᠶ᠎ᠡ᠎ᠪᠠᠨ ᠪᠠᠷᠢᠴᠠᠨ᠎ᠳᠤ ᠡᠪ ᠦᠭᠡᠢ ᠪᠠᠢ᠍ᠢ᠍ᠳᠠᠯ᠎ᠳᠤ ᠳᠠᠰᠬᠠᠬᠰᠠᠨ᠎ᠳᠤ ᠪᠠᠢ᠍ᠢ᠍ᠭ᠎ᠠ ᠶᠤᠮ᠃ ᠡᠨᠡ᠎ᠨᠢ ᠮᠡᠳᠡᠷᠡᠯ᠎ᠲᠠᠢ ᠪᠠᠷᠢᠴᠠᠨ᠎ᠳᠤ ᠳᠠᠰᠬᠠᠬᠰᠠᠨ᠎ᠤ ᠦᠷ᠎ᠡ ᠳᠠᠭ᠋ᠠᠪᠤᠷᠢ ᠶᠤᠮ᠃ 《ᠬᠠᠳᠠᠵᠤ ᠪᠠᠷᠢᠬᠤ》 ᠪᠠᠷᠢᠴᠠ᠎ᠨᠢ ᠶᠡᠷᠦᠨᠭᠭᠡᠢ᠎ᠳᠤ᠎ᠪᠠᠨ ᠪᠠᠷᠢᠴᠠᠨ᠎ᠳᠤ ᠳᠠᠰᠬᠠᠬᠰᠠᠨ᠎ᠤ ᠰᠠᠢ᠍ᠢ᠍ᠨ᠎ᠳᠤ ᠲᠦᠰᠢᠵᠤ᠂ ᠨᠦᠭᠦᠭᠡ ᠡᠳᠡᠭᠡᠳ ᠵᠶ᠋ᠠᠨ ᠡᠪ ᠦᠭᠡᠢ ᠪᠠᠢ᠍ᠢ᠍ᠳᠠᠯ᠎ᠳᠤ ᠤᠷᠤᠭᠤᠯᠵᠤ ᠮᠤᠬᠤᠭ᠋ᠠᠳᠠᠭ ᠶᠤᠮ᠃ ᠮᠡᠭᠡ᠎ᠲᠠᠢ ᠪᠠᠷᠢᠴᠠ᠎ᠲᠠᠢ ᠪᠦᠭᠡ ᠤᠯᠠᠨ ᠭᠠᠷᠤᠭ᠋ᠠᠳ ᠪᠠᠢ᠍ᠢ᠍ᠬᠤ᠎ᠳᠤ ᠭᠦᠷᠪᠡᠯ ᠮᠤᠨᠭ᠌ᠭᠤᠯ ᠪᠦᠭᠡ ᠵᠢᠨ ᠪᠠᠷᠢᠴᠠ ᠭᠡᠳᠡᠭ ᠠᠢ ᠰᠤᠶᠤᠯ ᠴᠢᠨᠠᠬᠰᠢ ᠠᠭᠢᠵᠤ ᠪᠠᠢ᠍ᠢ᠍ᠭ᠎ᠠ ᠵᠢᠨ ᠳᠡᠮᠳᠡᠭ ᠶᠤᠮ᠃ ᠪᠠᠷᠢᠬᠤ᠎ᠳᠤ ᠡᠪ ᠦᠭᠡᠢ ᠭᠦᠮᠦᠨ᠎ᠤ ᠪᠠᠷᠢᠴᠠ ᠵᠢ᠎ᠨᠢ ᠬᠠᠷᠢᠭᠤᠯᠬᠤ ᠡᠷᠳᠡᠮ᠎ᠨᠢ 《ᠪᠠᠷᠢᠴᠠᠨ᠎ᠤ ᠬᠠᠷᠢᠭᠤᠯᠳᠠ》 ᠪᠤᠯᠤᠨ᠎ᠠ᠃ ᠤᠳᠤ ᠵᠢᠨ ᠭᠦᠮᠦᠰ ᠮᠡᠭᠡ ᠮᠡᠷᠭᠡᠵᠢᠯ᠎ᠤᠨ ᠬᠠᠷᠢᠭᠤᠯᠳᠠ ᠭᠡᠪᠡᠯ ᠰᠠᠢ᠍ᠢ᠍ᠨ ᠮᠡᠳᠡᠵᠤ᠂ ᠪᠠᠷᠢᠴᠠᠨ᠎ᠤ ᠬᠠᠷᠢᠭᠤᠯᠳᠠ ᠭᠡᠭᠦᠯᠡᠷ ᠬᠠᠷᠢᠨ ᠪᠠᠷᠢᠴᠠᠨ᠎ᠤ ᠬᠠᠷᠢᠭᠤᠯᠳᠠ ᠭᠡᠵᠤ ᠶᠠᠭᠤ ᠪᠠᠢ᠍ᠢ᠍ᠳᠠᠭ ᠶᠤᠮ ᠭᠡᠵᠤ ᠭᠠᠢ᠍ᠢ᠍ᠬᠠᠬᠤ ᠪᠠᠢ᠍ᠢ᠍ᠬ᠎ᠠ᠃ ᠦᠨᠡᠨᠳᠡᠭᠡᠨ ᠰᠠᠢ᠍ᠢ᠍ᠨ ᠪᠦᠭᠡ᠎ᠳᠤ ᠪᠠᠷᠢᠴᠠ ᠵᠠᠳᠠᠯᠬᠤ ᠤᠷ᠎ᠠ ᠤᠬᠠᠭ᠋ᠠᠨ ᠤᠤᠯ᠎ᠨᠢ ᠪᠤᠯ ᠪᠠᠢ᠍ᠢ᠍ᠵᠤ ᠪᠠᠢ᠍ᠢ᠍ᠬᠰᠠᠨ ᠶᠤᠮ᠃ ᠤᠳᠤ ᠪᠤᠯ ᠳᠠᠷᠡ᠎ᠨᠢ ᠨᠦᠭᠦᠭᠡ ᠡᠳᠡᠭᠡᠳ᠎ᠠᠴᠠ᠎ᠪᠠᠨ ᠠᠭᠢᠭᠤᠬᠠᠨ ᠪᠠᠢ᠍ᠢ᠍ᠭ᠎ᠠ ᠳᠤᠭᠢᠶᠠᠯᠳᠤᠯ᠎ᠳᠤ ᠬᠠᠷ᠎ᠠ ᠠᠯᠪᠠ᠎ᠪᠠᠷ ᠨᠦᠭᠦᠭᠡ ᠡᠳᠡᠭᠡᠳ᠎ᠤᠨ ᠵᠶ᠋ᠠᠨ ᠪᠠᠷᠢᠴᠠ ᠵᠢ ᠵᠠᠳᠠᠯᠬᠤ᠎ᠨᠢ ᠤᠯᠠᠨ ᠬᠠᠷᠠᠬᠳᠠᠵᠤ ᠪᠠᠢ᠍ᠢ᠍ᠭ᠎ᠠ᠎ᠠᠴᠠ ᠪᠢᠰᠢ ᠶᠠᠮᠠᠷ ᠨᠢᠭᠡᠨ ᠪᠠᠷᠢᠴᠠ ᠵᠢ ᠤᠷ᠎ᠠ᠎ᠪᠠᠷ ᠵᠠᠳᠠᠯᠵᠤ ᠪᠤᠢ᠎ᠨᠢ ᠬᠤᠪᠤᠷ ᠬᠠᠷᠠᠬᠳᠠᠵᠤ ᠪᠠᠢ᠍ᠢ᠍ᠭ᠎ᠠ᠎ᠨᠢ ᠡᠨᠡ ᠰᠤᠶᠤᠯ᠎ᠤᠨ ᠰᠤᠳᠤᠨ ᠵᠦᠢ᠍ᠯ ᠲᠠᠶᠠᠭᠳᠠᠵᠤ ᠢᠪᠴᠤᠤᠷᠠᠵᠤ ᠪᠤᠢ ᠵᠢ ᠬᠠᠷᠠᠭᠤᠯᠵᠤ ᠪᠠᠢ᠍ᠢ᠍ᠭ᠎ᠠ ᠶᠤᠮ᠃ ᠪᠠᠷᠢᠴᠠ ᠵᠢ ᠤᠷ᠎ᠠ᠎ᠪᠠᠷ ᠵᠠᠳᠠᠯᠳᠠᠭ ᠭᠦᠮᠦᠨ ᠦᠪᠡᠷ᠎ᠤᠨ ᠪᠠᠷᠢᠴᠠᠨ᠎ᠳᠤ ᠭᠦᠷᠭᠦ ᠪᠤᠯᠤᠮᠵᠢ᠎ᠨᠢ ᠤᠤᠯ᠎ᠠᠴᠠ᠎ᠪᠠᠨ ᠬᠤᠪᠢ ᠳᠠᠭᠢᠨ ᠪᠤᠯᠳᠠᠭ᠎ᠢ ᠪᠦᠭᠡᠴᠢᠳ᠎ᠤᠨ ᠳᠤᠷᠰᠢᠯᠭ᠎ᠠ ᠬᠠᠷᠠᠭᠤᠯᠵᠤ ᠪᠠᠢ᠍ᠢ᠍ᠨ᠎ᠠ᠃ ᠪᠠᠷᠢᠴᠠ ᠵᠢ ᠤᠷ᠎ᠠ᠎ᠪᠠᠷ ᠵᠠᠳᠠᠯᠵᠤ ᠴᠢᠳᠠᠳᠠᠭ ᠪᠦᠭᠡ ᠪᠤᠰᠤᠳ ᠪᠦᠭᠡ᠎ᠲᠠᠢ᠎ᠪᠠᠨ ᠪᠠᠷᠢᠴᠠ ᠪᠤᠯᠢᠶᠠᠯᠳᠤᠬᠤ᠎ᠨᠢ ᠴᠦᠭᠡᠨ ᠪᠠᠢ᠍ᠢ᠍ᠵᠤ ᠶᠠᠭᠤ ᠬᠠᠢ ᠦᠭᠡᠢ ᠪᠠᠷᠢᠴᠠᠨ᠎ᠳᠠᠭᠠᠨ ᠭᠦᠷᠭᠦ᠎ᠪᠠᠷ ᠰᠢᠭᠤᠳᠳᠠᠭ᠎ᠨᠢ ᠳᠡᠷᠡ ᠪᠤᠰᠤᠳ᠎ᠤᠨ ᠪᠠᠷᠢᠴᠠᠨ᠎ᠠᠴᠠ ᠠᠶᠤᠬᠤ ᠦᠭᠡᠢ ᠪᠠᠢ᠍ᠢ᠍ᠭ᠎ᠠ ᠵᠢᠨ ᠢᠯᠡᠷᠡᠯ ᠶᠤᠮ᠃
    ᠪᠠᠷᠢᠴᠠᠨ᠎ᠳᠤ᠎ᠪᠠᠨ ᠬᠠᠨᠭ᠌ᠭ᠋ᠠᠯᠳᠠ᠎ᠲᠠᠢ ᠭᠦᠷᠭᠦ᠎ᠳᠤ ᠮᠦᠴᠢ ᠵᠢᠴᠠ᠎ᠳᠤ ᠲᠦᠰᠢᠭᠯᠡᠨ᠎ᠡ᠃ ᠮᠦᠴᠢ ᠵᠢᠴᠠ ᠰᠠᠢ᠍ᠢ᠍ᠳᠠᠢ ᠪᠦᠭᠡ ᠶᠠᠮᠠᠷ ᠲᠤᠭᠢᠶᠠᠯᠳᠤᠯ᠎ᠳᠤ ᠴᠤ᠌ ᠪᠠᠷᠢᠴᠠᠨ᠎ᠳᠤ ᠤᠷᠢᠳᠠᠪᠠᠷ ᠭᠦᠷᠦᠨ᠎ᠡ᠃ ᠵᠢᠴᠠ ᠰᠠᠢ᠍ᠢ᠍ᠳᠠᠢ ᠪᠦᠭᠡ ᠶᠡᠷᠦ᠎ᠨᠢ ᠮᠠᠰᠢ ᠪᠠᠷᠳᠠᠮ ᠪᠠᠷᠢᠵᠤ ᠪᠠᠢ᠍ᠢ᠍ᠬᠤ᠎ᠨᠢ ᠬᠠᠷᠠᠬᠳᠠᠳᠠᠭ᠃ ᠡᠭᠦᠨ᠎ᠤ ᠵᠢᠱ᠌ᠢᠶ᠎ᠡ᠎ᠨᠢ ᠵᠡᠭᠦᠨ ᠦᠵᠦᠮᠦᠴᠢᠨ ᠬᠤᠰᠢᠭᠤᠨ᠎ᠤ ᠪᠠᠶᠠᠷᠪᠠᠭ᠋ᠠᠳᠤᠷ ᠠᠪᠤᠷᠭᠤ ᠪᠤᠯᠤᠨ ᠠᠷᠤ ᠬᠤᠷᠴᠢᠨ᠎ᠤ ᠮᠦᠨᠭᠭᠡᠳᠦ᠋ᠭᠦᠷᠡᠩ ᠪᠠᠢ᠍ᠢ᠍ᠨ᠎ᠠ᠃ ᠡᠳᠡᠭᠡᠷ ᠪᠦᠭᠡᠴᠢᠳ᠎ᠤᠨ ᠮᠦᠴᠢ ᠵᠢᠴᠠ ᠭᠦᠮᠤᠨ᠎ᠠᠴᠠ ᠤᠷᠳᠤ ᠪᠠᠢ᠍ᠢ᠍ᠵᠤ ᠭᠡᠨ ᠭᠦᠮᠤᠨ᠎ᠠᠴᠠ ᠤᠷᠢᠳᠠᠵᠤ ᠪᠠᠷᠢᠴᠠᠨ᠎ᠳᠤ᠎ᠪᠠᠨ ᠭᠦᠷᠭᠦ ᠪᠤᠶᠤ ᠪᠠᠷᠢᠴᠠᠨ᠎ᠳᠤ᠎ᠪᠠᠨ ᠭᠦᠷᠦᠭᠰᠡᠨ ᠭᠦᠮᠤᠨ᠎ᠤ ᠬᠠᠮᠢᠭ᠋ᠠᠭᠤᠷ᠎ᠨᠢ ᠰᠢᠷᠭᠤᠭᠤᠯᠵᠤ ᠪᠠᠢ᠍ᠢ᠍ᠵᠤ ᠦᠭᠡᠷ᠎ᠡ ᠪᠠᠷᠢᠴᠠᠨ᠎ᠳᠤ ᠭᠦᠷᠴᠤ ᠪᠠᠢ᠍ᠢ᠍ᠳᠠᠭ᠃ ᠡᠢ᠍ᠢ᠍ᠮᠤ ᠭᠦᠮᠤᠨ ᠨᠦᠭᠦᠭᠡ ᠲᠠᠯ᠎ᠠ᠎ᠪᠠᠨ ᠪᠠᠷᠢᠴᠠᠨ᠎ᠳᠤ᠎ᠪᠠᠨ ᠭᠦᠷᠭᠦ ᠭᠡᠳᠡᠭ᠎ᠲᠤ ᠨᠢᠭᠡ ᠶᠡᠭᠡ ᠰᠠᠨᠠᠭ᠎ᠠ ᠪᠤᠯᠳᠠᠭ ᠦᠭᠡᠢ᠎ᠨᠢ ᠲᠡᠳᠡ ᠶᠠᠮᠠᠷ ᠲᠤᠭᠢᠶᠠᠯᠳᠤᠯ᠎ᠳᠤ ᠴᠤ᠌ ᠶᠠᠮᠠᠷ ᠨᠢᠭᠡᠨ ᠪᠠᠷᠢᠴᠠᠨ᠎ᠳᠤ ᠭᠦᠷᠭᠦ ᠬᠠᠨᠭ᠌ᠭ᠋ᠠᠯᠳᠠ᠎ᠲᠠᠢ ᠤᠷᠤᠨ ᠵᠠᠢ ᠪᠠᠢ᠍ᠢ᠍ᠬᠤ᠎ᠳᠤ ᠪᠠᠢ᠍ᠢ᠍ᠳᠠᠭ᠃ ᠡᠭᠦᠨ᠎ᠳᠤ ᠲᠡᠭᠦᠨ᠎ᠤ ᠤᠷᠳᠤ ᠮᠦᠴᠢ ᠵᠢᠴᠠ ᠦᠢ᠍ᠯᠡᠴᠢᠯᠡᠭᠦ ᠪᠤᠯᠤᠨ᠎ᠠ᠃ ᠭᠡᠭᠦ᠎ᠳᠤ ᠮᠦᠴᠢ ᠵᠢᠴᠠ ᠠᠪᠰᠠᠷᠬᠠᠨ ᠭᠦᠮᠤᠰ ᠴᠤ᠌ ᠪᠠᠷᠢᠴᠠᠨ᠎ᠳᠤ ᠱᠠᠯᠠᠮᠠᠭ ᠵᠠᠭᠤᠯᠳᠠ᠎ᠲᠠᠢ ᠭᠦᠷᠴᠤ ᠪᠤᠯᠬᠤ ᠭᠡᠳᠡᠭ᠎ᠢ ᠠᠪᠠᠭ᠎ᠠ ᠨᠤᠳᠤᠭ᠎ᠲᠠᠢ ᠰᠠᠢ᠍ᠢ᠍ᠨᠵᠠᠶᠠᠭ᠎ᠠ ᠬᠠᠷᠠᠭᠤᠯᠵᠤ ᠪᠠᠢ᠍ᠢ᠍ᠨ᠎ᠠ᠃ ᠶᠡᠷᠤ᠎ᠨᠢ ᠰᠠᠢ᠍ᠢ᠍ᠨᠵᠠᠶᠠᠭ᠎ᠠ ᠵᠢᠨ ᠪᠠᠷᠢᠴᠠ ᠵᠠᠭᠤᠯᠳᠠ᠎ᠲᠠᠢ ᠬᠠᠷᠠᠭᠳᠠᠳᠠᠭ᠎ᠨᠢ ᠲᠡᠭᠦᠨ᠎ᠳᠤ ᠮᠠᠰᠢ ᠶᠡᠭᠡ ᠰᠡᠳᠭᠢᠯ᠎ᠤᠨ ᠲᠤᠰᠠ ᠲᠡᠮ ᠪᠤᠯᠳᠠᠭ ᠰᠢᠬ ᠦᠵᠡᠭᠳᠡᠨ᠎ᠡ᠃ ᠶᠠᠮᠠᠷ ᠴᠤ᠌ ᠦᠶ᠎ᠡ᠎ᠳᠤ ᠪᠦᠭᠦ ᠵᠦᠢ᠍ᠯ ᠬᠠᠨᠭ᠌ᠭ᠋ᠠᠯᠳᠠ᠎ᠲᠠᠢ ᠰᠠᠢ᠍ᠢ᠍ᠨ ᠪᠡᠯᠡᠳᠭᠡᠯ᠎ᠳᠤ ᠤᠷᠤᠰᠢᠬᠤ ᠦᠶ᠎ᠡ ᠪᠦᠭᠡ ᠭᠦᠮᠤᠨ᠎ᠤ ᠨᠢᠭᠤᠷ ᠴᠢᠷᠠᠢ᠎ᠳᠤ ᠯᠠᠪ ᠲᠦᠯᠤᠪ ᠬᠠᠷᠠᠭᠳᠠᠵᠤ ᠪᠠᠷᠢᠴᠠ ᠵᠠᠭᠤᠭᠳᠠᠨ᠂ ᠵᠤᠭᠰᠤᠴᠠ ᠯᠠᠪᠰᠢᠷᠠᠵᠤ᠂ ᠲᠤᠨᠤᠭ᠎ᠠ᠎ᠲᠠᠢ ᠪᠠᠷᠢᠯᠳᠤᠬᠤ᠎ᠳᠤ ᠭᠦᠷᠴᠤ ᠴᠢᠳᠠᠳᠠᠭ᠃    
    ᠪᠠᠷᠢᠴᠠ ᠠᠯᠳᠠᠷᠠᠬᠤ ᠦᠭᠡᠢ ᠴᠢᠨᠭ᠌ᠭ᠋ᠠᠷᠠᠭᠤᠯᠬᠤ ᠪᠦᠭᠡ ᠤᠳᠤ ᠬᠤᠪᠤᠷ ᠪᠠᠢ᠍ᠢ᠍ᠨ᠎ᠠ᠃ ᠡᠨᠡ᠎ᠨᠢ ᠪᠦᠭᠡ ᠭᠦᠮᠤᠨ᠎ᠤ ᠲᠡᠰᠪᠤᠷᠢ᠂ ᠲᠠᠭ᠋ᠠᠭ᠋ᠠᠴᠠ᠂ ᠰᠡᠳᠭᠢᠯ᠎ᠤᠨ ᠪᠠᠭᠳᠠᠭ᠋ᠠᠮᠵᠢ᠂ ᠲᠠᠷ᠎ᠤᠨ ᠨᠦᠭᠡᠴᠡ ᠵᠡᠷᠭᠡ᠎ᠪᠠᠨ ᠭᠦᠢ᠍ᠴᠡᠳ ᠲᠠᠢ᠍ᠢ᠍ᠴᠢᠯᠠᠭᠰᠠᠨ᠎ᠤ ᠤᠷ᠎ᠠ ᠲᠠᠭ᠋ᠠᠪᠤᠷᠢ ᠶᠤᠮ᠃ ᠳᠡᠭᠡᠷ᠎ᠡ ᠵᠠᠭᠤᠨ᠎ᠤ ᠡᠭᠢᠨ᠎ᠤ ᠦᠶ᠎ᠡ᠎ᠪᠠᠷ ᠠᠮᠢᠳᠤᠷᠠᠵᠤ ᠪᠠᠢ᠍ᠢ᠍ᠭᠰᠠᠨ ᠠᠷᠤ ᠤᠷᠢᠶᠠᠨᠭ᠌ᠬᠠᠢ ᠵᠢᠨ ᠠᠯᠳᠠᠷᠳᠤ ᠪᠦᠭᠡ ᠢᠳᠰᠢᠬᠠᠤᠷᠯᠤ (ᠭᠦᠷᠦᠨᠭᠭᠦᠤ ᠭᠡᠮᠡᠨ ᠠᠯᠳᠠᠷᠰᠢᠪᠠ) ᠰᠤᠯᠤᠭ᠋ᠠᠢ ᠪᠠᠷᠢᠴᠠ᠎ᠲᠠᠢ ᠪᠦᠭᠡᠳ ᠪᠠᠷᠢᠴᠠ ᠠᠯᠳᠠᠷᠠᠳᠠᠭ ᠦᠭᠡᠢ ᠰᠠᠢ᠍ᠢ᠍ᠨ ᠪᠦᠭᠡ ᠪᠠᠢ᠍ᠢ᠍ᠭᠰᠠᠨ ᠭᠡᠳᠡᠭ᠃ ᠲᠡᠷᠡ ᠨᠢᠭᠡ ᠪᠠᠷᠢᠴᠠᠨ᠎ᠳᠤ᠎ᠪᠠᠨ ᠭᠦᠷᠳᠡᠭ ᠯᠡ ᠪᠤᠯ ᠶᠠᠮᠠᠷ ᠭᠦᠴᠦᠳᠡᠡ ᠴᠤ᠌ ᠲᠡᠭᠦᠨ᠎ᠤ ᠪᠠᠷᠢᠴᠠ ᠵᠢ ᠠᠯᠳᠠᠷᠭ᠋ᠠᠵᠤ ᠲᠡᠢ᠍ᠢ᠍ᠯᠳᠡᠭ ᠦᠭᠡᠢ ᠭᠡᠳᠡᠭ ᠤᠯᠠᠮᠵᠢᠯᠠᠯ ᠶᠠᠷᠢᠶ᠎ᠠ ᠪᠠᠢ᠍ᠢ᠍ᠳᠠᠭ᠃ ᠤᠷᠢᠳᠤ ᠵᠡᠭᠦᠨ ᠭᠤᠪᠢ ᠵᠢᠨ 《ᠠᠯᠳᠠᠨ ᠤᠪᠤᠭ᠎ᠠ》 ᠵᠢᠨ ᠨᠠᠢ᠍ᠢ᠍ᠷ ᠵᠶ᠋ᠠᠷ ᠪᠠᠷᠢᠯᠳᠤᠵᠤ ᠪᠠᠢ᠍ᠢ᠍ᠬᠤ᠎ᠳᠤ᠎ᠪᠠᠨ ᠪᠠᠷᠢᠴᠠ᠎ᠪᠠᠨ ᠭᠡᠳᠤ ᠰᠢᠭᠢᠰᠭᠡᠭᠰᠡᠨ᠎ᠠᠴᠠ ᠪᠤᠯᠵᠤ ᠪᠦᠭᠡ᠎ᠪᠠᠨ ᠬᠠᠶᠠᠴᠢᠬᠠᠭ᠋ᠠᠳ ᠪᠠᠷᠢᠴᠠ᠎ᠪᠠᠨ ᠰᠤᠯᠠᠯᠠᠬᠤ ᠭᠡᠰᠡᠨ᠎ᠳᠤ ᠭᠠᠷ᠎ᠨᠢ ᠭᠦᠰᠢᠵᠤ ᠭᠠᠷ ᠵᠶ᠋ᠠᠨ ᠰᠤᠯᠠᠯᠠᠵᠤ ᠲᠡᠢ᠍ᠢ᠍ᠯᠭᠦ ᠦᠭᠡᠢ ᠭᠦᠮᠤᠨ ᠤᠴᠢᠵᠤ ᠰᠠᠯᠭ᠋ᠠᠵᠤ ᠪᠠᠢ᠍ᠢ᠍ᠯ᠎ᠠ ᠴᠤ᠌ ᠭᠡᠳᠡᠭ᠃ ᠡᠭᠦᠨ᠎ᠠᠴᠠ ᠦᠵᠡᠪᠡᠯ ᠪᠦᠷ ᠰᠠᠢ᠍ᠢ᠍ᠨ 《ᠪᠠᠷᠢᠴᠠ ᠬᠠᠳᠠᠭ᠋ᠠᠬᠤ》 ᠭᠡᠳᠡᠭ ᠤᠬᠠᠭᠳᠠᠬᠤᠨ ᠤᠰᠠᠳᠴᠤ ᠪᠠᠢ᠍ᠢ᠍ᠨ ᠪᠠᠢ᠍ᠢ᠍ᠨ ᠪᠠᠷᠢᠴᠠ ᠰᠤᠯᠢᠭ᠋ᠠᠳ ᠲᠤᠭᠯᠠᠵᠤ ᠪᠠᠢ᠍ᠢ᠍ᠭ᠎ᠠ ᠭᠡᠤᠭᠡᠳ ᠰᠢᠭ ᠵᠠᠭᠤᠷᠠᠯᠳᠤᠳᠠᠭ ᠲᠡᠭᠦᠤᠨᠡᠷ ᠤᠯᠠᠨ ᠬᠠᠷᠠᠭᠳᠠᠬᠤ ᠪᠤᠯᠵᠠᠢ᠃ ᠡᠨᠡ ᠪᠤᠯ ᠪᠦᠭᠡᠴᠢᠳ ᠪᠠᠷᠢᠴᠠ ᠭᠡᠳᠡᠭ ᠲᠤᠷᠭ᠋ᠠᠨ ᠵᠦᠢ᠍ᠯ ᠵᠶ᠋ᠠᠨ ᠰᠡᠭᠡᠭᠡ ᠦᠭᠡᠢ ᠪᠠᠢ᠍ᠢ᠍ᠭ᠎ᠠ ᠵᠢᠨ ᠢᠯᠡᠷᠡᠯ ᠪᠤᠶᠤ ᠡᠰᠡᠭᠦᠯ᠎ᠡ ᠰᠡᠳᠭᠢᠯ᠎ᠤᠨ ᠰᠡᠭᠡᠭᠡ᠂ ᠮᠠᠬᠠᠪᠤᠳ᠎ᠤᠨ ᠲᠠᠷ᠎ᠨᠢ ᠭᠦᠷᠭᠦ᠎ᠪᠠᠨ ᠪᠠᠢ᠍ᠢ᠍ᠭᠰᠠᠨ᠎ᠤ ᠢᠯᠡᠷᠡᠯ ᠪᠤᠯᠤᠨ᠎ᠠ᠃ ᠶᠠᠭᠤ ᠪᠤᠯᠤᠭᠰᠠᠨ ᠴᠤ᠌ 《ᠪᠠᠷᠢᠴᠠ ᠬᠠᠳᠠᠭ᠋ᠠᠬᠤ》 ᠭᠦᠮᠤᠨ ᠨᠠᠢ᠍ᠢ᠍ᠷ ᠵᠶ᠋ᠠᠷ ᠬᠠᠷᠠᠭᠳᠠᠬᠤ᠎ᠨᠢ ᠴᠦᠭᠡᠨ ᠪᠤᠯᠤᠬᠰᠠᠨ ᠪᠦᠭᠡᠳ ᠡᠭᠦᠨ᠎ᠠᠴᠠ᠎ᠪᠠᠨ ᠪᠦᠷ ᠴᠢᠨᠠᠭᠰᠢᠯᠠᠵᠤ ᠪᠠᠷᠢᠴᠠ ᠪᠠᠷᠢᠬᠤ ᠦᠭᠡᠢ ᠲᠤᠭᠤᠷᠢᠵᠤ ᠲᠠᠭᠤᠯᠴᠠᠭ᠋ᠠᠳ ᠴᠠᠭ᠋ᠠᠷᠢᠭ᠎ᠲᠤ ᠤᠷᠤᠳᠠᠭ ᠪᠦᠭᠡ ᠢᠯᠡᠳᠳᠡ ᠤᠯᠠᠰᠢᠷᠠᠪᠠ᠃ ᠡᠨᠡ᠎ᠨᠢ ᠴᠠᠭ᠋ᠠᠷᠢᠭ ᠭᠡᠳᠡᠭ ᠵᠦᠢ᠍ᠯ ᠮᠤᠨᠭ᠌ᠭᠤᠯ ᠪᠦᠭᠡ᠎ᠳᠤ ᠠᠯᠪᠠᠨ ᠶᠤᠰᠤᠭ᠋ᠠᠷ ᠤᠷᠤᠵᠤ ᠢᠷᠡᠭᠰᠡᠨ᠎ᠠᠴᠠ ᠬᠤᠢ᠍ᠢ᠍ᠰᠢ ᠭᠠᠵᠠᠷ ᠠᠪᠤᠭᠰᠠᠨ ᠶᠤᠮ᠃ ᠲᠡᠭᠡᠭᠡᠳ ᠦᠪᠡᠷᠳᠡᠭᠡᠨ ᠲᠠᠷ ᠭᠦᠴᠤ᠂ ᠤᠬᠠᠭ᠋ᠠᠨ ᠰᠡᠭᠡᠭᠡᠨ᠎ᠳᠤ᠎ᠪᠠᠨ ᠲᠦᠰᠢᠵᠤ ᠪᠠᠷᠢᠴᠠ᠎ᠪᠠᠨ ᠤᠯᠳᠠᠭ ᠮᠤᠨᠭ᠌ᠭᠤᠯ ᠪᠦᠭᠡ ᠤᠳᠤ ᠪᠤᠯᠬᠤ᠎ᠪᠠᠷ ᠴᠠᠭ᠎ᠢ᠎ᠨᠢ ᠲᠤᠯᠭ᠋ᠠᠵᠤ ᠴᠠᠭ᠋ᠠᠷᠢᠭ᠎ᠲᠤ ᠤᠷᠤᠭ᠋ᠠᠳ ᠬᠠᠷ ᠎ᠠ ᠵᠢᠨ ᠠᠯᠪᠠ᠎ᠪᠠᠷ ᠰᠠᠢ᠍ᠢ᠍ᠨ ᠭᠡᠭᠴᠢ ᠪᠠᠷᠢᠵᠤ ᠪᠠᠢ᠍ᠢ᠍ᠵᠤ ᠰᠢᠳᠦᠭᠦ᠎ᠳᠤ ᠭᠦᠷᠦᠭᠦᠯᠦᠭᠰᠡᠨ᠎ᠠᠴᠠ ᠪᠦᠭᠡ ᠵᠢᠨ 《ᠪᠠᠷᠢᠴᠠ ᠪᠤᠯᠢᠶᠠᠯᠳᠤᠬᠤ》᠂ 《ᠪᠠᠷᠢᠴᠠ ᠬᠠᠳᠠᠭ᠋ᠠᠬᠤ》᠂ 《ᠪᠠᠷᠢᠴᠠ ᠰᠢᠭᠢᠰᠭᠡᠭᠦ》᠂ 《ᠪᠠᠷᠢᠴᠠ ᠵᠠᠳᠠᠯᠬᠤ》᠂ 《ᠪᠠᠷᠢᠴᠠ ᠬᠠᠷᠢᠭᠤᠯᠬᠤ》 ᠵᠡᠷᠭᠡ ᠮᠤᠨᠭ᠌ᠭᠤᠯ ᠪᠦᠭᠡ ᠵᠢᠨ ᠤᠷ᠎ᠠ ᠠᠯᠠᠭ᠎ᠠ ᠪᠤᠯᠤᠭ᠋ᠠᠳ ᠪᠠᠢ᠍ᠢ᠍ᠭ᠎ᠠ᠎ᠨᠢ ᠦᠨᠡᠭᠡᠷ ᠬᠠᠷᠠᠰᠮᠠᠷ ᠡ᠃ 《ᠪᠠᠷᠢᠴᠠ ᠪᠤᠯᠢᠶᠠᠯᠳᠤᠬᠤ》 ᠭᠡᠳᠡᠭ᠎ᠢ ᠤᠳᠤ ᠪᠠᠷᠢᠴᠠᠨ᠎ᠳᠤ᠎ᠨᠢ ᠭᠦᠷᠭᠡᠭᠦ ᠦᠭᠡᠢ ᠵᠢᠨ ᠲᠦᠯᠦᠭᠡᠨ᠎ᠤ ᠠᠷᠭ᠎ᠠ᠎ᠪᠠᠷ ᠠᠰᠢᠭᠯᠠᠵᠤ᠂ ᠬᠠᠷᠢᠨ ᠲᠡᠭᠦᠨ᠎ᠢ ᠪᠠᠷᠢᠴᠠᠨ᠎ᠳᠤ᠎ᠪᠠᠨ ᠭᠦᠷᠭᠦ ᠵᠠᠮ ᠮᠦᠷ ᠵᠶ᠋ᠠᠷ ᠦᠵᠡᠵᠤ 《ᠪᠠᠷᠢᠴᠠ ᠪᠤᠯᠢᠶᠠᠯᠳᠤᠬᠤ》 ᠵᠢᠨ ᠲᠤᠮᠳᠠ ᠤᠬᠠᠮᠰᠠᠷᠳᠤ ᠪᠠᠢ᠍ᠢ᠍ᠳᠠᠯ᠎ᠳᠤ ᠦᠪᠡᠷ᠎ᠢ᠎ᠪᠠᠨ ᠤᠷᠤᠭᠤᠯᠬᠤ ᠭᠡᠯᠪᠡᠷᠢ᠎ᠨᠢ ᠲᠠᠶᠠᠬᠳᠠᠭ᠋ᠠᠳ ᠪᠠᠢ᠍ᠢ᠍ᠨ᠎ᠠ᠃ ᠮᠤᠨᠭ᠌ᠭᠤᠯ ᠪᠦᠭᠡ ᠵᠢᠨ 《ᠪᠠᠷᠢᠴᠠ ᠪᠤᠯᠢᠶᠠᠯᠳᠤᠬᠤ》 ᠭᠡᠳᠡᠭ ᠴᠢᠨᠢ ᠵᠢᠨᠭᠭᠢᠨᠢ ᠤᠳᠬ᠎ᠠ ᠵᠢᠨ ᠪᠠᠷᠢᠯᠳᠤᠭ᠋ᠠᠨ᠎ᠤ ᠠᠨᠭ᠌ᠬᠠᠨ᠎ᠤ ᠲᠠᠢ᠍ᠢ᠍ᠨ ᠪᠠᠢ᠍ᠢ᠍ᠭ᠎ᠠ ᠶᠤᠮ ᠰᠢᠤ ᠳ᠋ᠠ ᠪᠦᠭᠡᠴᠢᠳ ᠮᠢᠨᠢ! ᠪᠠᠷᠢᠴᠠ ᠪᠤᠯᠢᠶᠠᠯᠳᠤᠬᠤ ᠵᠢᠨ ᠲᠤᠮᠳᠠ ᠯᠠ ᠦᠪᠡᠷ᠎ᠤᠨ ᠲᠠᠪᠠᠭᠤᠯᠢᠭ᠎ᠲᠤ᠎ᠪᠠᠨ ᠭᠦᠷᠴᠤ᠂ ᠪᠠᠷᠢᠴᠠᠨ᠎ᠳᠤ᠎ᠪᠠᠨ ᠭᠦᠷᠴᠤ ᠨᠦᠭᠦᠭᠡ ᠡᠳᠡᠭᠡᠳ ᠵᠶ᠋ᠠᠨ ᠢᠯᠠᠬᠤ᠎ᠳᠤ ᠭᠦᠷᠭᠦ ᠪᠤᠯᠤᠨ᠎ᠠ᠃    
    ᠪᠠᠷᠢᠴᠠ ᠮᠡᠭᠡ ᠬᠤᠶᠠᠷ ᠪᠤᠯ ᠬᠤᠤᠰᠯᠠᠨ ᠠᠵᠢᠯᠯᠠᠳᠠᠭ ᠵᠦᠢ᠍ᠯ ᠶᠤᠮ᠃ ᠬᠠᠷᠠᠭ᠋ᠠᠳ ᠪᠠᠢ᠍ᠢ᠍ᠬᠤ᠎ᠳᠤ ᠪᠠᠷᠢᠴᠠᠨ᠎ᠳᠤ᠎ᠪᠠᠨ ᠪᠦᠭᠦᠯᠢ ᠭᠦᠷᠦᠭᠰᠡᠨ ᠭᠦᠮᠤᠨ᠎ᠨᠢ ᠮᠡᠭᠡ᠎ᠪᠠᠨ ᠲᠦᠭᠦᠷᠭᠡᠵᠤ ᠴᠢᠳᠠᠬᠤ ᠦᠭᠡᠢ᠃ ᠮᠡᠭᠡ᠎ᠪᠠᠨ ᠭᠢᠵᠤ ᠪᠠᠢ᠍ᠢ᠍ᠭ᠎ᠠ ᠪᠤᠯᠪᠠᠴᠤ ᠪᠠᠷᠢᠴᠠᠨ᠎ᠳᠤ᠎ᠪᠠᠨ ᠭᠦᠢ᠍ᠴᠡᠳ ᠭᠦᠷᠴᠤ ᠴᠢᠳᠠᠭ᠎ᠠ ᠦᠭᠡᠢ ᠰᠤᠨᠢᠨ ᠪᠠᠷᠢᠯᠳᠤᠭ᠋ᠠᠨ ᠤᠯᠠᠨ ᠭᠠᠷᠴᠤ ᠪᠠᠢ᠍ᠢ᠍ᠨ᠎ᠠ᠃ ᠡᠨᠡ ᠪᠤᠯ ᠪᠦᠭᠡ ᠭᠦᠮᠤᠨ᠎ᠤ ᠪᠡᠶ᠎ᠡ᠎ᠳᠤ ᠪᠠᠢ᠍ᠢ᠍ᠵᠤ ᠪᠤᠯᠤᠮ᠎ᠠ ᠦᠭᠡᠢ ᠬᠠᠢ᠍ᠢ᠍ᠨᠭ᠌ᠭᠤ ᠵᠠᠩ ᠶᠤᠮ᠃ ᠡᠢ᠍ᠢ᠍ᠮᠤ ᠪᠠᠷᠢᠯᠳᠤᠭ᠋ᠠᠨ ᠦᠵᠡᠮᠤᠷᠢ ᠦᠭᠡᠢ ᠪᠠᠢ᠍ᠢ᠍ᠵᠤ᠂ ᠬᠠᠨᠭ᠌ᠭ᠋ᠠᠢ ᠵᠠᠢ᠍ᠢ᠍ᠳᠠᠩ ᠬᠠᠷᠠᠭᠳᠠᠵᠤ ᠶᠠᠭ ᠯᠠ ᠦᠭᠡᠷ᠎ᠡ ᠦᠨᠳᠤᠰᠤᠳᠡᠨ᠎ᠤ ᠪᠦᠭᠡ ᠵᠢ ᠰᠤᠨᠢᠷᠬᠠᠵᠤ ᠪᠠᠢ᠍ᠢ᠍ᠭ᠎ᠠ ᠰᠢᠬ ᠲᠦᠷᠦᠭᠳᠡᠯ ᠤᠷᠤᠳᠠᠭ᠎ᠨᠢ ᠮᠤᠨᠭ᠌ᠭᠤᠯ ᠪᠦᠭᠡ ᠵᠢᠨ ᠤᠬᠤᠷᠢᠯ ᠶᠤᠮ᠃ ᠶᠡᠷᠤ᠎ᠨᠢ ᠪᠠᠷᠢᠴᠠᠨ᠎ᠳᠤ᠎ᠪᠠᠨ ᠭᠦᠢ᠍ᠴᠡᠳ ᠭᠦᠷᠴᠤ ᠮᠡᠭᠡ᠎ᠪᠠᠨ ᠭᠦᠢ᠍ᠴᠡᠳ ᠲᠦᠭᠦᠷᠭᠡᠵᠤ ᠪᠠᠢ᠍ᠢ᠍ᠭ᠎ᠠ ᠪᠦᠭᠡ ᠬᠤᠪᠤᠷ ᠪᠤᠯᠤᠬᠰᠠᠨ᠎ᠠᠴᠠ ᠨᠠᠢ᠍ᠢ᠍ᠷ᠎ᠤᠨ ᠦᠨᠭᠭᠡ ᠭᠡᠢ᠍ᠢ᠍ᠮᠦᠷᠢ ᠳᠠᠷᠤᠬᠳᠠᠳᠠᠭ᠃    
    ᠪᠦᠭᠡ ᠪᠠᠷᠢᠯᠳᠤᠬᠤ ᠲᠤᠭᠢᠶᠠᠯᠳᠤᠯ᠎ᠳᠤ ᠪᠦᠭᠡᠴᠢᠳ ᠪᠠᠷᠢᠵᠤ ᠪᠠᠢ᠍ᠢ᠍ᠬᠤ᠎ᠨᠢ ᠲᠡᠷᠢᠭᠦᠨ ᠵᠦᠢ᠍ᠯ ᠪᠤᠯᠬᠤ᠎ᠪᠠᠷ ᠪᠠᠷᠢᠴᠠ ᠭᠡᠳᠡᠭ ᠵᠦᠢ᠍ᠯ᠎ᠨᠢ ᠮᠤᠨᠭ᠌ᠭᠤᠯ ᠪᠦᠭᠡ ᠵᠢᠨ ᠪᠠᠷᠢᠯᠳᠤᠬᠤ᠎ᠠᠴᠠ ᠠᠪᠤᠭ᠋ᠠᠳ ᠬᠠᠶᠠᠵᠤ ᠤᠢ᠍ᠢ᠍ᠴᠢᠬᠤ ᠭᠦᠷᠳᠡᠯ᠎ᠡ ᠵᠦᠨᠭᠳᠡᠭᠡᠨ ᠠᠰᠢᠭᠯᠠᠭᠳᠠᠵᠤ ᠪᠠᠢ᠍ᠢ᠍ᠳᠠᠭ᠃ ᠪᠠᠷᠢᠴᠠ ᠦᠭᠡᠢ᠎ᠪᠠᠷ ᠪᠦᠭᠡ ᠭᠡᠷᠭᠢᠨ ᠪᠠᠷᠢᠯᠳᠤᠬᠤ ᠪᠢᠯᠡ? ᠰᠠᠢ᠍ᠢ᠍ᠨ ᠪᠠᠷᠢᠴᠠ ᠦᠭᠡᠢ᠎ᠪᠠᠷ ᠭᠡᠷᠭᠢᠨ ᠬᠠᠶᠠᠬᠤ ᠪᠢᠯᠡ? ᠢᠨᠭ᠌ᠭᠢᠵᠤ ᠪᠤᠳᠤᠪᠠᠯ ᠪᠠᠷᠢᠴᠠ ᠶᠠᠮᠠᠷᠬᠠᠨ ᠭᠡᠷᠡᠭᠳᠡᠢ ᠭᠡᠳᠡᠭ᠎ᠢ ᠪᠦᠭᠦᠳᠡ ᠠᠨᠳᠠᠬᠤ ᠦᠭᠡᠢ ᠪᠤᠯᠤᠨ᠎ᠠ᠃  

ᠢᠷᠡᠯᠲᠡ᠄ ᠰᠢᠯᠢ ᠵᠢᠨ ᠭᠣᠣᠯ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠬᠦᠯᠦᠨ ᠪᠤᠶ᠋ᠢᠷ᠎ᠤᠨ ᠪᠦᠭᠡ ᠵᠢᠨ ᠤᠨᠴᠠᠯᠢᠭ ᠪᠤᠶᠦ ᠲᠤᠯᠢᠶᠠᠳᠦ ᠪᠦᠭᠡ ᠵᠢᠨ ᠡᠮᠦᠰᠭᠡᠯ
ᠪᠥᠬᠡ ᠵᠢᠨ ᠴᠡᠭᠡᠷ
ᠦᠵᠦᠮᠦᠴᠢᠨ ᠪᠦᠭᠡ ᠵᠢᠨ ᠡᠭᠦᠰᠦᠯ ᠬᠦᠭᠵᠢᠯ ᠵᠢᠴᠢ ᠲᠡᠭᠦᠨ᠎ᠤ ᠡᠷᠳᠡᠮ ᠮᠡᠬᠡ ᠵᠢᠨ ᠲᠤᠬᠠᠢ
ᠰᠥᠨᠢᠳ ᠵᠡᠭᠦᠨ ᠬᠣᠰᠢᠭᠤᠨ᠎ᠤ ᠵᠠᠯᠠᠭᠤᠴᠤᠳ ᠪᠠᠭ᠋ᠠᠴᠤᠳ᠎ᠤᠨ ᠤᠯᠠᠮᠵᠢᠯᠠᠯᠲᠤ ᠱᠠᠭ᠎ᠠ ᠵᠢᠨ ᠤᠷᠤᠯᠳᠤᠭ᠋ᠠᠨ ᠠᠮᠵᠢᠯᠲᠠ᠎ᠲᠠᠢ ᠥᠨᠳᠥᠷᠯᠡᠪᠡ
ᠰᠦᠮᠡᠳᠦ ᠭᠠᠴᠠᠭ᠋ᠠᠨ᠎ᠳᠤ ᠲᠡᠮᠡᠭᠡᠨ ᠰᠤᠶᠤᠯ᠎ᠤᠨ ᠨᠠᠭ᠋ᠠᠳᠤᠮ ᠪᠤᠯᠤᠯ᠎ᠠ
 
            