ᠪᠦᠬᠡ ᠲᠠᠭᠤᠳᠠᠬᠤ ᠵᠢᠴᠢ ᠭᠠᠷᠤᠭᠠ ᠲᠡᠪᠢᠯᠬᠡ ᠰᠢᠪᠠᠭᠠ ᠬᠦᠯᠣᠨ ᠪᠤᠶ᠋ᠢᠷᠤᠨ ᠶᠡᠭᠡ ᠪᠠᠭᠠ ᠬᠡᠪᠴᠢᠶᠡᠨᠤ ᠨᠠᠶ᠋ᠢᠷ ᠨᠠᠭ᠋ᠠᠳᠣᠮᠤᠨ ᠠᠯᠬᠤᠮ ᠲᠠᠷᠠᠭ᠋ᠠᠯᠠᠯᠨᠢ ᠶᠡᠷᠣᠩᠬᠡᠢᠳᠡᠭᠡᠨ ᠠᠳᠠᠯᠢᠪᠳᠣᠷ ᠪᠠᠶ᠋ᠢᠳᠠᠭ᠃ ᠲᠡᠬᠢᠪᠡᠯ ᠨᠠᠶ᠋ᠢᠷ ᠨᠠᠭ᠋ᠠᠳᠣᠮᠤᠨ ᠵᠣᠬᠢᠶᠠᠨ ᠪᠠᠶ᠋ᠢᠭᠤᠯᠬᠤ ᠵᠦᠪᠯᠠᠯᠠᠴᠠ ᠠᠵᠢᠯ ᠵᠶ᠋ᠠᠨ ᠲᠣᠬᠢᠷᠠᠭᠤᠯᠵᠣ᠂ ᠡᠷᠳᠡ ᠵᠢᠨ ᠨᠠᠷᠠᠨᠲᠠᠢ ᠣᠷᠣᠯᠳᠣᠨ ᠮᠣᠷᠢᠳ ᠵᠶ᠋ᠠᠨ ᠣᠷᠣᠯᠳᠣᠭᠤᠯᠣᠨ᠂ ᠲᠡᠷᠡ ᠡᠳᠣᠷᠤᠨ ᠨᠠᠶ᠋ᠢᠷᠤᠨ ᠬᠡᠶ᠋ᠢᠮᠣᠷᠢ ᠰᠦᠯᠳᠡ ᠵᠢ ᠪᠣᠰᠬᠠᠨ ᠨᠠᠭ᠋ᠠᠳᠣᠮᠴᠢᠳᠢ ᠪᠠᠶᠠᠷ ᠬᠦᠷᠤᠨ ᠠᠭᠤᠷ ᠠᠮᠢᠰᠬᠤᠯ ᠵᠶ᠋ᠠᠷ ᠪᠢᠯᠬᠠᠨ ᠶᠠᠷᠢᠶᠠ ᠬᠡᠯᠡᠯᠴᠡᠭᠡ ᠵᠢᠨ ᠰᠡᠳᠣᠪᠲᠠᠢ ᠪᠤᠯᠭ᠋ᠠᠨᠠ᠃ ᠲᠠᠷᠠᠭᠠᠨᠢ ᠶᠣᠰᠣᠯᠠᠯᠤᠨ ᠲᠠᠶ᠋ᠢᠰᠠᠨᠳᠤ ᠲᠤᠭ ᠰᠦᠯᠳᠠ ᠮᠠᠡᠳᠣᠨ ᠣᠷᠳᠣ ᠵᠢᠨ ᠰᠠᠶ᠋ᠢᠬᠠᠨ ᠳᠠᠭᠤᠤ ᠬᠠᠨᠭ᠌ᠬᠢᠨᠠᠨ ᠪᠦᠬᠡ ᠰᠣᠨᠢᠷᠬᠠᠬᠤ ᠨᠠᠭ᠋ᠠᠳᠣᠮᠴᠢᠳᠤᠨ ᠴᠣᠬᠯᠠᠭ᠋ᠠᠨ ᠪᠣᠯᠣᠨᠠ᠃ ᠣᠷᠳᠣ ᠵᠢᠨ ᠲᠠᠭᠤᠣ ᠠᠶᠠᠯᠠᠭᠤᠯᠣᠨ ᠪᠦᠬᠡ ᠵᠢᠨ ᠵᠠᠰᠠᠭᠤᠯᠤᠳ ᠪᠦᠬᠡᠴᠢᠳᠤᠨ ᠨᠡᠷᠡᠰᠢ ᠪᠦᠷᠢᠳᠬᠡᠨ ᠵᠡᠬᠦᠨ ᠲᠠᠯᠠᠳᠤ ᠦᠪᠡᠷᠤᠨ ᠨᠣᠳᠤᠭᠤᠨ ᠨᠡᠷᠡᠳᠣ ᠪᠦᠬᠡᠪᠠᠷ ᠦᠵᠣᠬᠦᠷ ᠲᠠᠭ᠋ᠠᠭ᠋ᠠᠯᠭ᠋ᠠᠵᠣ ᠵᠣᠬᠰᠣᠭ᠋ᠠᠨ᠂ ᠪᠠᠷᠠᠭᠤᠨ ᠲᠠᠯᠠ ᠵᠢᠨ ᠦᠵᠣᠬᠦᠷᠲᠤ ᠬᠠᠷᠢ ᠨᠣᠳᠤᠭᠤᠨ ᠨᠡᠷᠡᠳᠣ ᠪᠦᠬᠡ ᠵᠢ ᠬᠦᠡᠳᠣᠳᠬᠡᠯ ᠦᠵᠡᠬᠦᠯᠣᠨ ᠦᠵᠣᠬᠦᠷᠲᠤ ᠵᠣᠬᠰᠣᠭ᠋ᠠᠨ᠂ ᠲᠠᠷᠠᠭ᠋ᠠᠯᠠᠨ ᠪᠦᠬᠡᠴᠢᠳᠢ ᠨᠡᠷᠡᠰ ᠪᠦᠷᠢᠳᠬᠡᠨ ᠵᠢᠬᠰᠠᠭ᠋ᠠᠨᠠ᠃ ᠪᠦᠬᠡᠴᠢᠳ ᠣᠨᠤᠭᠠ ᠨᠣᠭᠤᠯᠤᠭᠠᠪᠠᠨ ᠠᠩᠬᠠᠷᠣᠨ ᠪᠦᠬᠡ ᠭᠠᠷᠬᠤ ᠪᠡᠯᠡᠳᠬᠡᠯ ᠵᠶ᠋ᠠᠨ ᠬᠢᠨᠡ᠃
ᠬᠦᠯᠣᠨ ᠪᠤᠶ᠋ᠢᠷᠤᠨ ᠲᠣᠯᠢᠶᠠᠳᠣ ᠪᠦᠬᠡ ᠵᠢᠨ ᠲᠡᠪᠢᠯᠳᠡ ᠵᠢᠨ ᠲᠣᠬᠠᠢ
ᠮᠣᠩᠭᠤᠯ ᠪᠦᠬᠡᠨᠢ ᠮᠣᠩᠭᠤᠯᠴᠣᠳᠤᠨ ᠡᠷᠡ ᠵᠢᠨ ᠭᠤᠷᠪᠠᠨ ᠡᠷᠳᠡᠮᠤᠨ ᠲᠡᠷᠢᠬᠦᠨ ᠡᠷᠳᠡᠮᠳᠤ ᠣᠷᠣᠨᠠ᠂ ᠪᠦᠬᠡ ᠪᠠᠷᠢᠯᠳᠣᠬᠤ ᠶᠣᠰᠣᠨᠨᠢ ᠶᠣᠰᠣᠯᠠᠯᠤᠨ ᠲᠠᠶ᠋ᠢᠰᠠ ᠵᠢᠨ ᠡᠮᠣᠨᠡ ᠲᠠᠯᠠᠳᠤᠨᠢ ᠪᠦᠬᠡ ᠵᠢᠨ ᠨᠤᠭᠤᠯᠤᠭᠠ ᠲᠠᠭ᠋ᠠᠷᠠᠭᠤᠯᠣᠨ ᠪᠦᠬᠡ ᠵᠢᠨ ᠦᠵᠣᠬᠦᠷ ᠲᠠᠭ᠋ᠠᠭ᠋ᠠᠬᠤ ᠲᠦᠷᠪᠠ ᠪᠣᠶᠣ ᠨᠠᠢ᠍ᠮᠠᠨ ᠪᠦᠬᠡ ᠵᠢ ᠵᠢᠬᠰᠠᠭ᠋ᠠᠨ ᠵᠡᠬᠦᠨ ᠭᠠᠷ ᠲᠠᠯᠠ᠂ ᠪᠠᠷᠠᠭᠤᠨ ᠭᠠᠷ ᠲᠠᠯᠠ ᠬᠡᠵᠣ ᠬᠤᠶᠠᠷ ᠲᠠᠯᠠᠳᠤ ᠭᠠᠷᠯᠠᠨ ᠲᠡᠰ ᠲᠠᠷᠠᠭᠠᠪᠠᠷ ᠵᠶ᠋ᠠᠨ ᠲᠠᠭ᠋ᠠᠯᠳᠠᠨ ᠵᠣᠬᠰᠣᠭ᠋ᠠᠨᠠ᠃ ᠪᠦᠬᠡ ᠵᠢᠨ ᠨᠠᠶ᠋ᠢᠷᠨᠢ᠄ ᠬᠢᠨᠠᠬ᠍ᠴᠢ ᠵᠠᠰᠠᠭᠤᠯᠤᠨ ᠠᠵᠢᠯ᠂ ᠪᠦᠬᠡ ᠵᠢᠨ ᠨᠤᠭᠤᠯᠤᠭᠠ᠂ ᠪᠦᠬᠡ ᠭᠠᠷᠬᠤ ᠪᠡᠯᠡᠳᠬᠡᠯ ᠬᠢᠨᠡ᠂ ᠪᠦᠬᠡ ᠵᠣᠳᠣᠬᠯᠠᠬᠤ᠂ ᠪᠦᠬᠡ ᠲᠠᠭᠤᠳᠠᠬᠤ᠂ ᠪᠦᠬᠡ ᠵᠢᠨ ᠨᠤᠭᠤᠯᠤᠭᠠ ᠲᠠᠭ᠋ᠠᠷᠠᠭᠤᠯᠣᠨ ᠪᠠᠷᠢᠯᠳᠣᠭᠤᠯᠬᠤ᠂ ᠪᠦᠬᠡ ᠴᠣᠯᠠᠯᠠᠬᠤ᠂ ᠪᠣᠰᠣᠳ ᠵᠦᠢ᠍ᠯᠤᠨ ᠱᠠᠩᠨᠠᠯ ᠣᠯᠭᠤᠬᠤ᠂ ᠲᠡᠬᠡᠳᠣ ᠲᠦᠷᠪᠠᠨ ᠪᠦᠬᠡᠪᠠᠨ ᠪᠠᠷᠢᠯᠳᠣᠭᠤᠯᠬᠤ᠂ ᠪᠦᠬᠡ ᠵᠢᠨ ᠱᠠᠩᠨᠠᠯ ᠣᠯᠭᠤᠨ ᠨᠠᠶ᠋ᠢᠷ ᠦᠡᠳᠣᠷᠯᠡᠬᠦ ᠬᠡᠬᠦ ᠮᠡᠳᠣ ᠵᠢᠨ ᠠᠭᠤᠯᠭᠠ ᠪᠠᠶ᠋ᠢᠳᠠᠭ᠃ ᠡᠬᠦᠨᠤ ᠲᠣᠳᠣᠷᠠ ᠪᠦᠬᠡ ᠲᠡᠪᠢᠬᠦ ᠪᠣᠯ ᠪᠦᠬᠡ ᠪᠠᠷᠢᠯᠳᠣᠬᠤ ᠲᠠᠯᠠᠪᠣᠷᠤᠨ ᠦᠵᠡᠮᠣᠷᠢᠲᠠᠢ ᠰᠠᠶ᠋ᠢᠬᠠᠨ ᠨᠢᠬᠡ ᠵᠦᠢ᠍ᠯᠨᠢ ᠪᠣᠯᠣᠨᠠ᠃ ᠨᠠᠷᠠ ᠲᠠᠭᠤᠳᠠᠭᠤᠯᠤᠭᠰᠠᠨ ᠲᠦᠷᠪᠡᠨ ᠪᠦᠭᠡ ᠦᠪᠡᠷ ᠦᠪᠡᠷᠤᠨ ᠰᠣᠷᠣᠬᠰᠠᠨ ᠲᠡᠪᠢᠯᠳᠠᠪᠠᠷ ᠵᠶ᠋ᠠᠨ ᠲᠠᠯᠠᠪᠣᠷᠲᠤ ᠲᠡᠪᠢᠨ ᠭᠠᠷᠬᠤᠳᠤ ᠬᠦᠯᠳᠤᠪᠠᠨ ᠵᠢᠬᠢᠷᠢᠭᠯᠡᠭᠰᠡᠨ ᠲᠣᠯᠢᠶᠠᠨᠢ ᠨᠠᠷᠠᠨᠳᠤ ᠰᠣᠯᠣᠩᠭ᠋ᠠᠷᠠᠨ ᠨᠠᠢ᠍ᠮᠠᠨ ᠬᠦᠴᠣᠳᠠᠨᠨᠢ ᠨᠠᠷᠠᠨᠤ ᠵᠦᠭᠠᠴᠠ ᠬᠠᠯᠢᠨ ᠭᠠᠷᠬᠤ ᠬᠠᠨ ᠭᠠᠷᠣᠳᠢ ᠵᠢᠨ ᠲᠡᠪᠢᠯᠬᠡᠪᠠᠷ ᠲᠣᠬᠯᠠᠬᠤ ᠰᠢᠭ᠋ ᠬᠠᠷᠠᠬᠳᠠᠨᠠ᠃ ᠡᠷᠳᠡᠨᠠᠴᠠ ᠠᠪᠣᠭ᠋ᠠᠳ ᠮᠣᠩᠭᠤᠯᠴᠣᠳᠤᠨ ᠪᠦᠬᠡ ᠪᠠᠷᠢᠯᠳᠣᠬᠤ ᠲᠡᠪᠢᠯᠳᠡ ᠵᠢᠨ ᠶᠣᠰᠣ ᠵᠢᠷᠣᠮ ᠮᠠᠰᠢ ᠨᠠᠷᠢᠨ᠂ ᠭᠠᠵᠠᠷ ᠨᠣᠳᠤᠭᠨᠢ ᠣᠡᠴᠡᠯᠢᠭ᠋ᠲᠠᠢ ᠪᠠᠶ᠋ᠢᠬᠰᠠᠨ ᠶᠣᠮ᠃ ᠲᠣᠬᠠᠶ᠋ᠢᠯᠠᠪᠠᠯ ᠬᠠᠨ ᠭᠠᠷᠣᠳᠢ ᠵᠢᠨ ᠲᠡᠪᠢᠯᠳᠡᠨᠢ ᠣᠯᠣᠰ ᠲᠠᠶᠠᠭ᠋ᠠᠷ ᠠᠯᠳᠠᠷᠰᠢᠬᠰᠡᠨ ᠲᠠᠶᠠᠩ ᠠᠪᠣᠷᠭᠤ᠂ ᠲᠠᠷᠬᠠᠨ ᠠᠪᠣᠷᠭᠤ᠂ ᠠᠪᠣᠷᠭᠤᠴᠣᠳᠤᠨ ᠲᠡᠪᠢᠯᠳᠡ ᠪᠠᠶ᠋ᠢᠵᠡᠢ᠃ ᠲᠡᠪᠢᠵᠣ ᠮᠠᠬᠰᠢᠬᠤᠨᠢ ᠴᠤ᠌ ᠪᠦᠬᠡᠴᠢᠳ ᠰᠦᠷ ᠵᠢᠪᠬᠤᠭᠠ᠂ ᠬᠦᠴᠣᠨ ᠴᠢᠳᠠᠯ ᠵᠶ᠋ᠠᠨ ᠭᠠᠶ᠋ᠢᠬᠠᠭᠤᠯᠣᠨ ᠣᠴᠠᠷᠠᠬᠰᠠᠨ ᠵᠶ᠋ᠠᠨ ᠰᠦᠷᠳᠡᠬᠦᠯᠬᠦ ᠵᠢᠨ ᠬᠠᠮᠳᠣ ᠪᠡᠶᠡ ᠵᠢᠨ ᠴᠢᠯᠡᠭᠡᠪᠠᠨ ᠭᠠᠷᠭ᠋ᠠᠵᠣ᠂ ᠪᠡᠶᠡᠪᠠᠨ ᠬᠠᠯᠠᠭ᠋ᠠᠵᠣ᠂ ᠪᠦᠬᠡ ᠦᠪᠡᠷᠤᠨ ᠣᠡᠴᠡᠯᠢᠭ᠋ᠲᠠᠢ ᠲᠡᠪᠢᠯᠳᠠᠪᠠᠷ ᠵᠶ᠋ᠠᠨ ᠲᠡᠪᠢᠨ ᠭᠠᠷᠴᠣ᠂ ᠨᠠᠷᠠ ᠵᠦᠪ ᠲᠠᠯᠠᠪᠣᠷᠲᠤ ᠲᠡᠪᠢᠨ ᠡᠷᠬᠢᠵᠤ ᠡᠰᠡᠷᠬᠦ ᠡᠳᠡᠬᠡᠳ ᠵᠶ᠋ᠠᠨ ᠣᠬᠳᠣᠨ ᠪᠠᠷᠢᠯᠳᠣᠵᠣ ᠡᠬᠢᠯᠡᠳᠡᠭ ᠪᠢᠯᠠ᠃
ᠲᠡᠪᠢᠯᠳᠡ ᠵᠢᠴᠢ ᠮᠠᠬᠰᠢᠯᠳᠠᠨᠢ ᠠᠳᠠᠯᠢ ᠦᠬᠡᠢ ᠬᠤᠶᠠᠷ ᠠᠭᠤᠯᠭᠠ ᠪᠢᠯᠠ᠃
ᠲᠡᠪᠢᠯᠳᠡ ᠬᠡᠳᠡᠭ ᠦᠬᠡᠨᠢ ᠲᠡᠪᠢᠨ ᠨᠢᠰᠬᠦ᠂ ᠬᠠᠯᠢᠨ ᠲᠡᠬᠦᠯᠢᠬᠦ᠂ ᠭᠠᠵᠠᠷᠠᠴᠠ ᠲᠡᠬᠡᠭᠰᠢ ᠬᠦᠬᠡᠷᠦᠨ ᠭᠠᠷᠬᠤ᠂ ᠪᠦᠬᠡ ᠬᠦᠮᠣᠨ ᠭᠠᠷ ᠵᠶ᠋ᠠᠨ ᠪᠦᠷᠬᠦᠳᠤᠨ ᠵᠢᠬᠦᠷ ᠮᠡᠳᠣ ᠬᠦᠳᠡᠯᠬᠡᠨ ᠬᠤᠶᠠᠷ ᠬᠦᠯᠨᠢ ᠵᠡᠷᠬᠡᠪᠡᠷ ᠭᠠᠵᠠᠷᠠᠴᠠ ᠰᠠᠯᠬᠤ ᠬᠡᠰᠡᠨ ᠣᠳᠬᠠᠲᠠᠢ᠂ ᠵᠢᠬᠦᠷᠳᠡᠨ ᠰᠢᠪᠠᠭᠤᠤᠨ ᠰᠠᠶᠢ ᠭᠠᠵᠠᠷᠠᠴᠠ ᠲᠡᠪᠢᠨ ᠨᠢᠰᠣᠨᠡ᠃ ᠡᠶ᠋ᠢᠮᠣᠠᠴᠠ ᠬᠦᠯᠣᠨ ᠪᠤᠶ᠋ᠢᠷᠤᠨ ᠪᠦᠬᠡ ᠵᠢ ᠬᠠᠨᠳᠠᠭ᠋ᠠᠢ ᠪᠣᠭᠤ ᠵᠢᠨ ᠲᠡᠪᠢᠯᠳᠡᠲᠠᠢ ᠬᠡᠳᠡᠭᠨᠢ ᠣᠳᠬᠠ ᠵᠢᠨ ᠲᠠᠯᠠᠠᠴᠠ ᠠᠯᠳᠠᠭᠠᠲᠠᠢ ᠶᠠᠷᠢᠵᠣ ᠪᠠᠶ᠋ᠢᠨᠠ (ᠵᠠᠷᠢᠮ ᠭᠠᠵᠠᠷᠤᠨ ᠡᠷᠳᠡᠮᠳᠡᠳᠠᠴᠠ)᠃
ᠮᠠᠬᠰᠢᠯᠳᠠ ᠬᠡᠳᠡᠭ ᠦᠬᠡᠨᠢ ᠡᠮᠨᠢᠭ ᠲᠣᠬᠰᠢᠨ ᠠᠮᠢᠳᠠᠨ ᠰᠣᠴᠢᠮᠠᠭ ᠬᠦᠳᠡᠯᠬᠡᠬᠡᠨ ᠬᠢᠵᠣ ᠡᠮᠣᠨᠡᠰᠢ ᠪᠣᠯᠭᠢᠨ ᠬᠦᠶᠣᠬᠦ᠂ ᠵᠢᠱ᠌ᠢᠶᠠᠯᠠᠪᠠᠯ᠂ ᠠᠷᠰᠯᠠᠨ ᠪᠠᠷᠰᠤᠨ ᠮᠠᠬᠰᠢᠯᠳᠠᠲᠠᠢ ᠬᠦᠯᠨᠢ ᠭᠠᠵᠠᠷᠠᠴᠠ ᠰᠠᠯᠬᠤ ᠦᠬᠡᠢ ᠡᠮᠣᠨᠡᠰᠢ ᠮᠠᠬᠰᠢᠬᠤ ᠬᠦᠳᠡᠯᠬᠡᠬᠡᠨ ᠬᠢᠬᠦ ᠵᠢ ᠬᠡᠯᠡᠨᠡ᠃
ᠬᠦᠯᠳ ᠪᠤᠶ᠋ᠢᠷᠤᠨ ᠲᠣᠯᠢᠶᠠᠳᠣ ᠪᠦᠬᠡ ᠵᠢᠨ ᠪᠠᠷᠢᠯᠳᠣᠭ᠋ᠠᠨᠤ ᠲᠡᠰ ᠲᠠᠷᠠᠭ᠋ᠠᠯᠠᠯ
ᠨᠢᠬᠡ᠂ ᠬᠢᠨᠠᠬ᠍ᠴᠢ ᠵᠢᠨ ᠠᠵᠢᠯ
ᠨᠠᠭ᠋ᠠᠳᠣᠮᠤᠨ ᠵᠣᠬᠢᠶᠠᠨ ᠪᠠᠶ᠋ᠢᠭᠤᠯᠬᠤ ᠵᠦᠪᠯᠠᠯᠠᠴᠠ ᠪᠦᠬᠡ ᠵᠢᠨ ᠲᠠᠯᠠ ᠵᠢᠨ ᠠᠵᠢᠯᠤᠨ ᠲᠣᠰᠬᠠᠢ ᠬᠢᠨᠠᠬ᠍ᠴᠢ (ᠵᠠᠰᠠᠭᠤᠯ) ᠨᠠᠷᠢ ᠭᠠᠷᠭ᠋ᠠᠨ ᠪᠦᠬᠡ ᠵᠢᠨ ᠶᠡᠷᠣᠩᠬᠡᠢ ᠬᠢᠨᠠᠬ᠍ᠴᠢ ᠵᠢ ᠨᠡᠷᠡ ᠲᠣᠷᠠᠳᠣᠨ ᠲᠣᠬᠳᠠᠭ᠋ᠠᠵᠣ᠂ ᠲᠣᠰ ᠶᠡᠷᠣᠩᠬᠡᠢ ᠬᠢᠨᠡᠬ᠍ᠴᠢᠨᠢ ᠠᠵᠢᠯ ᠵᠶ᠋ᠠᠨ (ᠶᠡᠷᠣᠩᠬᠡᠢ ᠬᠢᠨᠡᠬ᠍ᠴᠢᠨᠢ ᠲᠡᠳ᠋ ᠬᠢᠨᠠᠬ᠍ᠴᠢ ᠪᠠ ᠬᠠᠪᠰᠣᠷᠣᠬ᠍ᠴᠢ ᠬᠢᠨᠠᠬ᠍ᠴᠢ ᠨᠠᠷ ᠵᠶ᠋ᠠᠨ ᠲᠣᠬᠳᠠᠭ᠋ᠠᠨ᠂ ᠪᠠᠷᠢᠯᠳᠣᠭ᠋ᠠᠨ ᠵᠶ᠋ᠠᠨ ᠬᠡᠷᠬᠢᠨ ᠶᠠᠪᠣᠬᠳᠠᠭᠤᠯᠬᠤ ᠠᠵᠢᠯᠤᠨ ᠲᠣᠬᠠᠢ ᠲᠦᠷᠢᠮ ᠵᠶ᠋ᠠᠨ ᠵᠦᠪᠳᠡᠯᠴᠡᠨ ᠲᠣᠬᠳᠠᠭ᠋ᠠᠨᠠ) ᠪᠠᠶ᠋ᠢᠷᠢᠯᠠᠭᠤᠯᠣᠨᠠ᠃ ᠪᠦᠬᠡᠴᠣᠳ ᠨᠡᠷᠡᠪᠠᠨ ᠮᠡᠳᠡᠬᠦᠯᠣᠨᠠ᠃
ᠬᠤᠶᠠᠷ᠂ ᠨᠣᠭᠤᠯᠤᠭᠠ
ᠬᠢᠨᠠᠬ᠍ᠴᠢ (ᠵᠠᠰᠠᠭᠤᠯ) ᠨᠠᠷ ᠲᠣᠰ ᠣᠳᠠᠭᠠ ᠵᠢᠨ ᠨᠠᠭ᠋ᠠᠳᠣᠮᠤᠨ ᠲᠦᠷᠢᠮ ᠵᠶ᠋ᠠᠷ ᠪᠦᠬᠡ ᠵᠢᠨ ᠨᠤᠭᠤᠯᠤᠭᠠ ᠵᠢ ᠲᠠᠭ᠋ᠠᠷᠠᠭᠤᠯᠳ ᠵᠡᠬᠦᠨ ᠪᠠ ᠪᠠᠷᠠᠭᠤᠨ ᠬᠤᠶᠠᠷ ᠭᠠᠷ ᠲᠠᠯᠠᠳᠤ ᠦᠵᠣᠬᠦᠷ ᠵᠣᠬᠰᠣᠬᠤ ᠪᠦᠬᠡ (ᠦᠵᠣᠬᠦᠷ ᠲᠠᠭ᠋ᠠᠬᠤ ᠪᠦᠬᠡ ᠬᠡᠳᠡᠭ᠂ ᠣᠳᠣ ᠰᠣᠭᠤᠯᠤᠭᠠ ᠲᠠᠳᠠᠬᠤ ᠠᠷᠭᠠ ᠴᠦ᠍ ᠪᠠᠶ᠋ᠢᠨᠠ) ᠪᠠ ᠮᠦᠡᠴᠣ ᠨᠠᠭ᠋ᠠᠳᠣᠮᠤᠨ ᠶᠡᠭᠡ ᠪᠠᠭᠠ ᠵᠢᠨ ᠬᠡᠪᠴᠢᠶᠠᠨᠤ ᠠᠳᠠᠯᠢ ᠦᠬᠡᠢ ᠵᠢᠨ ᠰᠢᠯᠳᠠᠭ᠋ᠠᠨ ᠵᠶ᠋ᠠᠷ ᠬᠤᠶᠠᠷ ᠲᠠᠯᠠ ᠵᠢᠨ ᠲᠡᠬᠡᠷᠡ ᠵᠣᠬᠰᠣᠬᠤ ᠲᠦᠷᠪᠠ᠂ ᠨᠠᠢ᠍ᠮᠨ᠂ ᠠᠷᠪᠠᠨ ᠵᠢᠷᠭᠤᠭ᠋ᠠᠨ ᠨᠡᠷᠡᠳᠣ ᠪᠦᠬᠡ ᠵᠢ ᠵᠢᠬᠰᠠᠭ᠋ᠠᠨ ᠲᠡᠬᠦᠨᠠᠴᠠ ᠲᠠᠷᠠᠭ᠋ᠠᠬᠢ ᠪᠦᠬᠡᠴᠢᠳᠢ ᠢᠷᠡᠭᠰᠠᠨᠤ ᠲᠠᠷᠠᠭ᠋ᠠᠯᠠᠯ ᠵᠶ᠋ᠠᠷ ᠵᠢᠬᠰᠠᠭ᠋ᠠᠨᠠ᠃ ᠨᠤᠭᠤᠯᠤᠭᠠᠨᠢ᠄ 4᠂ 8᠂ 16᠂ 32᠂ 64᠂ 128᠂ 256᠂ 512᠂ 1024 ᠵᠡᠷᠬᠡ ᠵᠢᠨ ᠪᠦᠬᠡ ᠪᠠᠷᠢᠯᠳᠣᠨᠠ᠃ ᠨᠤᠭᠤᠯᠤᠭᠠ ᠪᠠᠷᠢᠯᠳᠣᠭ᠋ᠠᠨᠳᠤ ᠢᠳᠡᠰᠢᠨ ᠪᠦᠬᠡ ᠲᠣᠳᠠᠭᠤ ᠪᠣᠯ ᠲᠡᠬᠡᠷᠡ ᠲᠠᠯᠠ ᠵᠢᠨ ᠪᠦᠬᠡᠨᠢ ᠬᠡᠢ ᠲᠡᠪᠢᠵᠣ ᠪᠣᠯᠣᠨᠠ᠃
ᠭᠤᠷᠪᠠ᠂ ᠪᠦᠬᠡ ᠭᠠᠷᠬᠤ ᠪᠡᠯᠡᠳᠬᠡᠯ
ᠪᠦᠬᠡ ᠭᠠᠷᠬᠤᠠᠴᠠ ᠡᠮᠣᠨᠠ ᠡᠮᠣᠰᠬᠡᠯ ᠬᠡᠷᠡᠭᠰᠡᠯ ᠵᠶ᠋ᠠᠨ ᠪᠦᠷᠢᠨ ᠪᠣᠯᠭ᠋ᠠᠨᠠ᠂ ᠡᠬᠦᠨᠳᠤ ᠲᠣᠯᠢᠶᠠ᠂ ᠵᠢᠭᠢᠷᠢᠭ᠂ ᠵᠣᠳᠤᠭ ᠵᠡᠷᠬᠡᠪᠠᠨ ᠪᠦᠷᠢᠨ ᠪᠣᠯᠭ᠋ᠠᠨ ᠪᠦᠬᠡ ᠭᠠᠷᠬᠤ ᠪᠠᠶ᠋ᠢᠷᠢᠨᠳᠠᠭᠠᠨ ᠲᠡᠰ ᠲᠠᠷᠠᠭᠠᠲᠠᠢ ᠪᠡᠯᠡᠳᠬᠡᠨ ᠬᠦᠯᠢᠶᠠᠨᠠ᠃ ᠪᠦᠬᠡ ᠭᠠᠷᠬᠤᠳᠠᠭᠠᠨ ᠵᠢᠱ᠌ᠢᠶᠠᠯᠠᠪᠠᠯ᠂ ᠵᠡᠬᠦᠨ ᠲᠠᠯᠠ ᠵᠢᠨ ᠲᠡᠬᠡᠳᠣ ᠲᠦᠷᠪᠠᠨ ᠪᠦᠬᠡ ᠭᠠᠷᠬᠤᠳᠤ ᠪᠦᠬᠡ ᠪᠦᠷᠢ ᠵᠢᠨ ᠬᠤᠶᠠᠷ ᠲᠠᠯᠠᠳᠤ ᠪᠦᠬᠡ ᠵᠢᠨ ᠵᠠᠰᠠᠭᠤᠯ ᠵᠣᠬᠰᠣᠨ᠂ ᠪᠦᠬᠡᠨᠢ ᠬᠤᠶᠠᠷ ᠵᠠᠰᠠᠭᠤᠯᠤᠨ ᠲᠣᠮᠳᠠ ᠵᠣᠬᠰᠣᠨ ᠮᠦᠷᠦᠨ ᠲᠡᠬᠡᠷᠡᠨᠢ ᠬᠤᠶᠠᠷ ᠭᠠᠷ ᠵᠶ᠋ᠠᠨ ᠲᠠᠯᠪᠢᠨ ᠭᠤᠷᠪᠠ ᠣᠳᠠᠭᠠ ᠭᠠᠵᠠᠷ ᠬᠦᠴᠣᠳᠠᠢ ᠦᠰᠣᠷᠣᠨ ᠲᠡᠪᠢᠰᠣᠬᠡᠳ ᠲᠡᠪᠢᠨ ᠭᠠᠷᠣᠨᠠ (ᠡᠬᠢᠯᠠᠨ ᠬᠦᠶᠣᠬᠦ ᠦᠬᠡᠢ᠂ ᠰᠢᠭᠤᠳ ᠲᠡᠪᠢᠨ ᠭᠠᠷᠣᠨᠠ)᠃ ᠵᠣᠬᠢᠬᠤ ᠪᠠᠶ᠋ᠢᠷᠢᠲᠠᠢ ᠲᠡᠪᠢᠨ ᠨᠠᠷᠠ ᠵᠦᠪ ᠡᠷᠬᠢᠨ ᠨᠡᠷᠡ ᠵᠢᠨ ᠲᠡᠰ ᠲᠠᠷᠠᠭ᠋ᠠᠯᠠᠯ ᠵᠶ᠋ᠠᠷ ᠪᠠᠶ᠋ᠢᠷᠢᠳᠠᠭᠠᠨ ᠵᠣᠬᠰᠣᠨ ᠣᠬᠳᠣᠭᠤᠯ ᠪᠦᠬᠡᠪᠠᠨ ᠬᠦᠯᠢᠶᠠᠨᠠ᠃ ᠲᠡᠬᠡᠳᠣ ᠲᠠᠯᠠ ᠵᠢᠨ ᠪᠦᠬᠡ᠂ ᠲᠣᠣᠷᠠᠳᠣ ᠲᠠᠯᠠ ᠵᠢᠨ ᠪᠦᠬᠡᠲᠠᠢ ᠵᠦᠷᠢᠯᠳᠣᠨ ᠣᠨᠤᠭᠠ ᠲᠠᠭ᠋ᠠᠷᠠᠵᠣ ᠪᠠᠷᠢᠯᠳᠣᠬᠤ ᠠᠷᠭᠠᠪᠠᠷ ᠪᠠᠷᠢᠯᠳᠣᠨᠠ᠃ ᠪᠦᠬᠡ ᠲᠡᠪᠢᠨ ᠭᠠᠷᠬᠤᠳᠤ ᠪᠦᠬᠡ ᠵᠢᠨ ᠪᠠᠭᠰᠢ ᠪᠣᠶᠣ ᠨᠣᠳᠤᠭ ᠣᠰᠣᠨᠤ ᠠᠬᠠᠮᠠᠳ ᠪᠦᠬᠡ᠂ ᠰᠠᠶ᠋ᠢᠨ ᠨᠠᠶ᠋ᠢᠵᠨ ᠨᠦᠬᠦᠳᠨᠢ ᠲᠠᠭ᠋ᠠᠷᠠᠨ ᠪᠠᠷᠢᠯᠳᠣᠬᠤ ᠪᠦᠬᠡ ᠵᠢᠨ ᠠᠯᠢ ᠲᠠᠯᠠᠲᠠᠢ᠂ ᠶᠠᠮᠠᠷ ᠮᠡᠭᠡ᠂ ᠪᠠᠷᠢᠴᠠᠲᠠᠢ ᠵᠢᠨᠢ ᠠᠩᠬᠠᠷᠣᠭᠤᠯᠵᠤ᠂ ᠶᠠᠭ᠋ᠠᠬᠢᠪᠠᠯ ᠬᠠᠶᠠᠬᠤ ᠲᠣᠬᠠᠢ ᠁ ᠰᠠᠨᠠᠭᠤᠯᠳ ᠪᠦᠬᠡᠪᠠᠨ ᠲᠠᠪᠢᠬᠦᠯᠣᠨ ᠭᠠᠷᠭ᠋ᠠᠨᠠ᠂ ᠣᠨᠴᠠᠭ᠋ᠠᠶ᠋ᠢᠯᠠᠨ ᠵᠠᠯᠠᠭᠤ ᠪᠦᠬᠡᠴᠢᠳᠲᠤ ᠡᠨᠡ ᠮᠡᠳᠣ ᠠᠩᠬᠠᠷᠣᠭᠤᠯᠣᠨᠠ᠃
ᠪᠦᠬᠡ ᠭᠠᠷᠬᠤ᠄ ᠵᠢᠱ᠌ᠢᠶᠠᠯᠠᠪᠠᠯ ᠵᠡᠬᠦᠨ ᠲᠠᠯᠠ ᠵᠢᠨ ᠲᠡᠬᠡᠷᠡ ᠲᠦᠷᠪᠡᠨ ᠪᠦᠬᠡ ᠭᠠᠷᠣᠨᠠ᠂ ᠪᠠᠷᠠᠭᠤᠨ ᠲᠠᠯᠠ ᠵᠢᠨ ᠲᠣᠣᠷᠠ ᠲᠠᠯᠠᠠᠴᠠ ᠲᠦᠷᠪᠠᠨ ᠪᠦᠬᠡ ᠭᠠᠷᠣᠨᠠ᠂ ᠢᠳᠡᠰᠢᠨ ᠪᠦᠬᠡ ᠲᠣᠳᠠᠭᠤ ᠪᠠᠶ᠋ᠢᠬᠰᠠᠨ ᠴᠦ᠍ ᠲᠡᠬᠡᠷᠡ ᠲᠠᠯᠠ ᠵᠢᠨ ᠪᠦᠬᠡᠴᠣᠳ ᠲᠡᠪᠢᠨ ᠭᠠᠷᠴᠣ᠂ ᠲᠠᠬᠢᠨ ᠬᠡᠢ ᠲᠡᠪᠢᠵᠣ ᠪᠠᠶ᠋ᠢᠷᠢᠳᠠᠭᠠᠨ ᠪᠣᠴᠠᠨ ᠲᠡᠪᠠᠭᠰᠠᠨ ᠪᠠ ᠬᠡᠢ ᠲᠠᠪᠢᠭ᠌ᠰᠡᠨ ᠵᠶ᠋ᠠᠨ ᠦᠵᠡᠭᠴᠢᠳᠲᠤ ᠮᠡᠳᠡᠭᠳᠡᠨᠠ᠃
ᠲᠦᠷᠪᠠ᠂ ᠪᠦᠬᠡ ᠵᠣᠳᠣᠬᠯᠠᠬᠤ
ᠪᠦᠬᠡ ᠵᠣᠳᠣᠬᠯᠠᠬᠤᠨᠢ ᠪᠦᠬᠡ ᠭᠠᠷᠴᠣ ᠪᠠᠷᠢᠯᠳᠣᠬᠤ ᠵᠢᠨ ᠭᠤᠣᠯ ᠨᠢᠬᠡ ᠵᠦᠢ᠍ᠯ ᠪᠣᠯᠣᠨᠠ᠃ ᠪᠦᠬᠡ ᠵᠣᠳᠣᠬᠯᠠᠬᠤᠨᠢ ᠪᠦᠬᠡ ᠭᠠᠷᠴᠣ ᠪᠠᠷᠢᠯᠳᠣᠬᠤ ᠵᠢᠨ ᠡᠮᠣᠨᠡᠬᠢ ᠭᠤᠣᠯ ᠠᠵᠢᠯᠤᠨ ᠨᠢᠭᠡ ᠪᠣᠯᠣᠨᠠ᠃ ᠪᠦᠬᠡ ᠵᠣᠳᠣᠬᠯᠠᠬᠤ ᠬᠦᠳᠡᠯᠬᠡᠬᠡᠨᠨᠢ ᠠᠯᠢ ᠲᠠᠯᠠᠲᠠᠢ᠂ ᠪᠡᠶᠡ ᠵᠢᠨ ᠪᠠᠶ᠋ᠢᠳᠠᠯ ᠶᠠᠮᠠᠷ᠂ ᠰᠦᠷ ᠵᠢᠪᠬᠤᠭᠠ᠂ ᠠᠯᠢ ᠭᠠᠵᠠᠷᠤᠨ ᠬᠡᠨ ᠬᠡᠳᠡᠭ᠂ ᠶᠠᠮᠠᠷ ᠴᠣᠯᠠᠲᠠᠢ ᠪᠦᠭᠡ ᠵᠡᠷᠬᠡᠨᠢ ᠣᠬᠳᠣᠨ ᠪᠠᠷᠢᠯᠳᠣᠬᠤ ᠪᠦᠬᠡ ᠨᠡᠩ ᠴᠦ᠍ ᠦᠷᠬᠡᠨ ᠣᠯᠠᠨ ᠨᠠᠭ᠋ᠠᠳᠣᠮᠴᠢᠨ ᠦᠵᠡᠭᠴᠢᠳᠲᠤ ᠦᠭᠬᠦ ᠠᠩᠬᠠ ᠠᠯᠬᠤᠮᠤᠨ ᠦᠵᠡᠮᠣᠷᠢᠲᠠᠢ ᠰᠠᠶ᠋ᠢᠬᠠᠨ ᠭᠤᠸᠠ ᠰᠠᠶ᠋ᠢᠬᠠᠨᠤ ᠬᠦᠷᠳᠡᠬᠡᠯ ᠪᠤᠯᠵᠦ᠂ ᠡᠨᠡ ᠨᠠᠭ᠋ᠠᠳᠣᠮᠤᠨ ᠠᠩᠬᠠᠷᠣᠯᠤᠨ ᠲᠦᠪ ᠪᠣᠯᠳᠠᠭ᠃ ᠲᠡᠬᠡᠪᠡᠯ ᠵᠣᠳᠣᠬᠯᠠᠵᠣ ᠪᠠᠷᠢᠯᠳᠣᠬᠤ ᠪᠦᠬᠡᠨᠢ ᠣᠷᠣᠨᠠᠴᠠᠪᠠᠨ ᠡᠮᠣᠨᠡᠰᠢ ᠠᠯᠬᠤᠨ ᠢᠯᠡ ᠭᠠᠷᠴᠣ ᠵᠣᠳᠣᠬᠯᠠᠬᠤ ᠵᠢᠨ ᠡᠮᠣᠨᠠ ᠵᠣᠳᠤᠭ ᠵᠶ᠋ᠠᠨ ᠲᠡᠯᠬᠡᠨ ᠵᠣᠳᠤᠭᠤᠨ ᠲᠣᠳᠣᠷᠠ ᠲᠠᠯᠠ ᠵᠢ ᠭᠠᠳᠠᠬᠰᠢ ᠬᠠᠨᠳᠣᠭᠤᠯᠣᠨ ᠬᠤᠶᠠᠷ ᠭᠠᠷᠲᠠᠭᠠᠨ ᠪᠠᠷᠢᠵᠤ᠂ ᠬᠤᠶᠠᠷ ᠬᠦᠯᠤᠨ ᠰᠢᠯᠪᠢ ᠳᠠᠭᠡᠷᠡ ᠡᠬᠡᠯᠵᠢᠯᠠᠨ ᠬᠦᠴᠣᠳᠠᠢ ᠬᠦᠪᠢᠵᠣ ᠰᠢᠪᠬᠠᠷᠳᠠᠵᠣ ᠵᠣᠳᠤᠭ ᠵᠶ᠋ᠠᠨ ᠡᠮᠣᠰᠣᠨᠠ (ᠡᠨᠡ ᠦᠶᠡᠰᠲᠤ ᠠᠯᠢ ᠲᠠᠯᠠᠲᠠᠢ ᠪᠦᠬᠡ ᠵᠢ ᠮᠡᠳᠡᠬᠦ ᠣᠴᠢᠷᠲᠠᠢ᠂ ᠪᠦᠬᠡ ᠬᠦ᠍ᠮᠦᠨ ᠶᠡᠷᠦᠳᠡᠭᠡᠨ ᠲᠠᠳᠮᠠᠭ᠋ᠠᠢ ᠲᠠᠯᠠᠠᠴᠠ ᠡᠬᠢᠯᠠᠨ ᠬᠦᠳᠡᠯᠬᠡᠬᠡᠨ ᠬᠢᠨᠠ)᠃ ᠵᠣᠳᠤᠭᠤᠨ ᠪᠦᠰᠠᠪᠠᠨ ᠰᠣᠯᠠ ᠰᠢᠭ᠋ ᠪᠦᠰᠡᠯᠡᠨᠠ᠂ ᠪᠦᠰᠠᠨᠳᠤ ᠲᠦᠷᠪᠡᠨ ᠬᠤᠷᠣᠭᠤ ᠣᠷᠣᠬᠤ ᠵᠠᠢᠲᠠᠢ᠃ ᠵᠣᠳᠤᠭᠤᠨ ᠪᠦᠰᠠ ᠵᠢ ᠬᠠᠳᠠᠭ ᠪᠣᠶᠣ ᠰᠠᠶ᠋ᠢᠨ ᠴᠢᠨᠠᠷᠤᠨ ᠪᠦᠰ ᠲᠣᠷᠭᠠ᠂ ᠰᠣᠷ᠂ ᠣᠯᠣᠰᠣᠨ ᠲᠡᠬᠡᠰᠣᠪᠠᠷ ᠬᠢᠬᠦ ᠴᠤ᠌ ᠪᠠᠶ᠋ᠢᠳᠠᠭ᠃
ᠲᠠᠪᠤ᠂ ᠪᠦᠬᠡ ᠲᠠᠭᠤᠳᠠᠬᠤ
ᠨᠣᠭᠤᠯᠤᠭᠠ ᠪᠠᠷᠢᠯᠳᠣᠭ᠋ᠠᠨ ᠡᠬᠢᠯᠡᠨ ᠪᠦᠬᠡᠴᠢᠳ ᠲᠠᠯᠠᠪᠣᠷᠲᠤ ᠭᠠᠷᠴᠣ ᠪᠠᠷᠢᠯᠳᠣᠬᠤ ᠵᠢᠨ ᠵᠠᠷᠯᠢᠭ ᠪᠢᠯᠠ᠃ 《ᠪᠦᠬᠡᠪᠠᠨ ᠲᠠᠯᠪᠢ! ᠪᠦᠬᠡᠪᠠᠨ ᠲᠠᠯᠪᠢ! ᠪᠦᠬᠡᠪᠠᠨ ᠲᠠᠯᠪᠢ!》 ᠬᠡᠵᠣ ᠣᠷᠳᠣ ᠵᠢᠨ ᠰᠠᠶ᠋ᠢᠬᠠᠨ ᠲᠠᠭᠤᠣ ᠠᠶᠠᠯᠠᠭᠤᠯᠣᠨ ᠲᠠᠭᠤᠯᠠᠨᠠ᠂ ᠡᠨᠡ ᠦᠶᠠᠰ ᠪᠦᠬᠡ ᠭᠠᠷᠭ᠋ᠠᠬᠤ ᠬᠤᠶᠠᠷ ᠵᠠᠰᠠᠭᠤᠯᠤᠨ ᠲᠣᠮᠳᠠᠠᠴᠠ ᠪᠦᠬᠡᠴᠢᠳ ᠲᠡᠪᠢᠨ ᠲᠡᠪᠢᠭᠰᠡᠬᠡᠷ ᠭᠠᠷᠴᠣ ᠢᠷᠡᠨᠠ᠃ ᠮᠦᠡᠴᠣ ᠲᠣᠰ ᠨᠠᠭ᠋ᠠᠳᠤᠮᠳᠤ ᠶᠠᠮᠠᠷ ᠭᠠᠵᠠᠷᠤᠨ ᠬᠡᠨ ᠬᠡᠳᠡᠭ ᠨᠡᠷᠡᠳᠣ ᠪᠦᠬᠡᠴᠢᠨ ᠬᠦᠷᠣᠯᠴᠠᠨ ᠢᠷᠠᠵᠣ ᠨᠠᠭ᠋ᠠᠳᠣᠮᠢ ᠬᠦᠷ ᠬᠦᠭᠵᠢᠶᠡᠨᠲᠠᠢ ᠪᠣᠯᠭ᠋ᠠᠯᠠ ᠬᠡᠬᠦ ᠮᠡᠳᠣᠪᠠᠷ ᠨᠡᠷᠡᠳᠣ ᠪᠦᠬᠡᠴᠢᠳ ᠲᠣᠰ ᠨᠠᠭ᠋ᠠᠳᠣᠮᠳᠤ ᠪᠠᠷᠢᠯᠳᠣᠵᠣ ᠪᠠᠶ᠋ᠢᠬᠤ ᠵᠢ ᠦᠵᠡᠭᠴᠢ ᠲᠦᠮᠡᠨᠳᠡᠭᠡᠨ ᠪᠠᠶᠠᠷ ᠪᠣᠯᠭ᠋ᠠᠨ ᠮᠡᠳᠡᠭᠳᠡᠨᠠ᠃ ᠪᠦᠬᠡ ᠲᠠᠭᠤᠳᠠᠬᠤᠨᠢ ᠪᠦᠬᠡ ᠭᠠᠷᠴᠣ ᠪᠠᠷᠢᠯᠳᠣᠬᠤ ᠬᠢᠬᠡᠳ ᠪᠠᠷᠢᠯᠳᠣᠵᠣ ᠪᠠᠶ᠋ᠢᠬᠤ ᠦᠶᠡᠰ 《ᠪᠦᠬᠡᠪᠠᠨ ᠲᠠᠯᠪᠢ! ᠪᠦᠬᠡᠪᠠᠨ ᠲᠠᠯᠪᠢ! ᠪᠦᠬᠡᠪᠠᠨ ᠲᠠᠯᠪᠢ!》 ᠬᠡᠵᠣ ᠣᠷᠳᠣ ᠵᠢᠨ ᠳᠠᠭᠤᠤ ᠠᠶᠠᠯᠠᠭᠤᠯᠣᠨ ᠪᠦᠬᠡᠴᠢᠳᠤᠨ ᠬᠡᠶ᠋ᠢᠮᠣᠷᠢ ᠵᠣᠷᠢᠭᠢ ᠰᠡᠷᠬᠦᠬᠡᠨ ᠲᠠᠭᠤᠯᠠᠭᠤᠯᠳᠠᠭ᠃ ᠡᠬᠦᠨᠳᠤ ᠶᠡᠭᠡ ᠨᠠᠭ᠋ᠠᠳᠣᠮᠳᠤ ᠪᠣᠯ ᠷᠠᠳᠢᠣ᠋ᠪᠠᠷ ᠲᠣᠰᠬᠠᠢ ᠲᠠᠭᠤᠴᠢᠨᠢ ᠣᠷᠢᠨ ᠲᠠᠭᠤᠯᠠᠭᠤᠯᠳᠠᠭ ᠪᠠᠶ᠋ᠢᠯᠠ᠃ ᠣᠪᠣᠭ᠋ᠠᠨ ᠨᠠᠭ᠋ᠠᠳᠣᠮ ᠵᠡᠷᠬᠡ ᠵᠢᠨ ᠪᠠᠭ᠋ᠠᠪᠳᠣᠷ ᠨᠠᠭ᠋ᠠᠳᠣᠮᠳᠤ ᠨᠣᠳᠤᠭᠤᠨ ᠲᠠᠭᠤᠴᠢᠨ ᠭᠤᠣᠯᠯᠠᠨ᠂ ᠰᠠᠶ᠋ᠢᠨ ᠲᠣᠷᠠ ᠵᠢᠨ ᠲᠠᠭᠤᠴᠢᠳ ᠲᠠᠭᠤᠯᠠᠳᠠᠭ᠃ ᠮᠦᠡᠴᠣ ᠪᠠᠷᠢᠯᠳᠣᠭ᠋ᠠᠨᠤ ᠲᠣᠮᠳᠠ ᠰᠠᠶ᠋ᠢᠬᠠᠨ ᠰᠠᠶ᠋ᠢᠬᠠᠨ ᠣᠷᠳᠣ ᠵᠢᠨ ᠲᠠᠭᠤᠣᠨᠤᠭᠤᠳᠢ ᠲᠠᠭᠤᠯᠠᠳᠠᠭ᠃ ᠣᠡᠴᠠᠭ᠋ᠠᠶ᠋ᠢᠯᠠᠨ ᠲᠣᠷᠠᠳᠣᠪᠠᠯ ᠨᠣᠳᠤᠭᠤᠨ ᠪᠠᠷᠢᠯᠳᠣᠭ᠋ᠠᠨ ᠦᠳᠡ ᠵᠢᠨ ᠬᠤᠶ᠋ᠢᠨᠠ ᠨᠠᠷᠠ ᠣᠷᠣᠬᠤ ᠦᠶᠡᠪᠠᠷ ᠲᠡᠬᠡᠳᠣ ᠲᠦᠷᠪᠠ ᠪᠤᠶᠦ ᠨᠠᠢ᠍ᠮᠠ ᠵᠢᠨ ᠪᠠᠷᠢᠯᠳᠣᠭ᠋ᠠᠨ ᠪᠤᠯᠬᠤᠳᠤ ᠨᠣᠳᠤᠭᠤᠨ ᠠᠬᠠᠮᠠᠳ ᠲᠣᠮᠣᠭ᠋ᠠᠳᠠᠳ ᠮᠢᠨᠢ 《ᠪᠦᠬᠡ ᠲᠠᠭᠤᠳᠠᠬᠤ》ᠨᠢ ᠲᠣᠩ ᠣᠳᠬᠠ ᠠᠭᠤᠯᠭᠠᠲᠠᠢ᠂ ᠪᠠᠶᠠᠷ ᠬᠦᠷᠲᠠᠢ ᠰᠠᠨᠠᠭᠳᠠᠳᠠᠭ᠃ ᠲᠡᠷᠡ ᠬᠦ᠌ ᠣᠯᠠᠨ ᠰᠠᠶ᠋ᠢᠬᠠᠨ ᠦᠵᠡᠭᠴᠢᠳ ᠬᠠᠮᠳᠣᠪᠠᠷ 《ᠪᠦᠬᠡᠪᠠᠨ ᠲᠠᠯᠪᠢ》 ᠬᠡᠵᠣ ᠣᠯᠠᠨ ᠶᠠᠩᠵᠣ ᠵᠢᠨ ᠠᠶᠠᠯᠭᠤ ᠨᠠᠶ᠋ᠢᠯᠡᠬᠦᠯᠣᠨ ᠲᠠᠭᠤᠯᠠᠬᠤᠨᠢ ᠨᠠᠰᠣᠨᠤ ᠮᠢᠨᠢ ᠦᠨᠢᠳᠠ ᠮᠠᠷᠳᠠᠵᠣ ᠴᠢᠳᠠᠬᠤ ᠦᠬᠡᠢ ᠰᠠᠶ᠋ᠢᠬᠠᠨ ᠲᠣᠷᠠᠳᠬᠠᠯ ᠪᠤᠯᠳᠠᠭ ᠪᠢᠯᠠ᠃ ᠲᠡᠷᠡ ᠲᠠᠭᠤᠤᠳᠤ ᠬᠦᠴᠣ ᠬᠡᠶ᠋ᠢᠮᠣᠷᠢ ᠮᠢᠨᠢ ᠪᠣᠰᠳᠠᠭ ᠪᠠᠶ᠋ᠢᠯᠠ᠃
ᠵᠢᠷᠭᠤᠭᠠ᠂ ᠪᠦᠬᠡ ᠵᠢᠨ ᠨᠤᠭᠤᠯᠤᠭᠠ ᠲᠠᠭ᠋ᠠᠷᠠᠭᠤᠯᠣᠨ ᠪᠠᠷᠢᠯᠳᠣᠬᠤ ᠠᠷᠭᠠ
128 ᠪᠦᠬᠡ ᠵᠢᠨ ᠨᠤᠭᠤᠯᠤᠭᠠ ᠪᠠᠷᠢᠯᠳᠣᠭ᠋ᠠᠨ ᠪᠣᠯᠪᠠᠯ ᠡᠬᠢᠯᠡᠯᠳᠠ ᠵᠢᠨ ᠨᠣᠭᠤᠯᠤᠭᠠᠳᠤ ᠵᠡᠬᠦᠨ ᠲᠠᠯᠠ ᠵᠢᠨ ᠲᠡᠬᠡᠳᠣ ᠲᠠᠯᠠᠠᠴᠠ ᠲᠦᠷᠪᠠ ᠪᠣᠶᠣ ᠨᠠᠢ᠍ᠮᠠᠨ ᠪᠦᠬᠡ ᠵᠡᠷᠬᠡᠪᠠᠷ ᠵᠡᠷᠬᠡᠴᠡᠨ ᠭᠠᠷᠣᠨᠠ᠂ ᠲᠣᠣᠷᠠᠳᠣ ᠲᠠᠯᠠ ᠵᠢᠨ ᠢᠳᠡᠰᠢ ᠵᠢᠨ ᠨᠠᠢ᠍ᠮᠠᠨ ᠪᠦᠬᠡ ᠮᠦᠨ ᠲᠡᠪᠢᠨ ᠭᠠᠷᠴᠣ ᠵᠦᠷᠢᠯᠳᠣᠬᠦᠯᠣᠨ ᠪᠠᠷᠢᠯᠳᠣᠬᠤ ᠠᠷᠭᠠᠪᠠᠷ ᠪᠠᠷᠢᠯᠳᠣᠨᠠ᠃ × × × × × × × × ᠪᠠᠷᠠᠭᠤᠨ ᠭᠠᠷᠤᠨ ᠪᠦᠬᠡ ᠲᠠᠶ᠋ᠢᠵᠠ × × × × × × × × ᠵᠡᠬᠦᠨ ᠭᠠᠷᠤᠨ ᠪᠦᠬᠡ ᠬᠡᠪᠡᠴᠣ 16 ᠵᠢᠨ ᠨᠤᠭᠤᠯᠤᠭᠠ ᠡᠬᠢᠯᠡᠪᠡᠯ ᠲᠡᠬᠡᠳᠣ ᠲᠠᠯᠠᠠᠴᠠ ᠲᠦᠷᠪᠡᠨ ᠪᠦᠬᠡ᠂ ᠲᠣᠣᠷᠡᠳᠣ ᠲᠠᠯᠠᠠᠴᠠ ᠲᠦᠷᠪᠡᠨ ᠪᠦᠬᠡ ᠭᠠᠷᠴᠣ ᠵᠦᠷᠢᠯᠳᠣᠨ ᠪᠠᠷᠢᠯᠳᠣᠨᠠ᠃ ᠲᠠᠬᠡᠳᠣ ᠰᠢᠯᠢᠳᠡᠭ ᠨᠠᠢ᠍ᠮᠠᠨ ᠵᠢᠨ ᠨᠣᠭᠤᠯᠭᠠ ᠡᠬᠢᠯᠡᠪᠡᠯ ᠬᠤᠶᠠᠷ ᠲᠠᠯᠠᠠᠴᠠ ᠬᠤᠶᠠᠷ ᠬᠤᠣᠰ ᠪᠦᠬᠡ ᠭᠠᠷᠴᠣ ᠪᠠᠷᠢᠯᠳᠣᠨᠠ᠃ ᠡᠨᠡ ᠮᠡᠳᠣᠪᠠᠷ ᠪᠠᠷᠢᠯᠳᠣᠨ ᠦᠵᠣᠬᠦᠷ ᠵᠶ᠋ᠠᠨ ᠲᠡᠳ᠋ᠤᠨ ᠪᠦᠬᠡᠪᠠᠨ ᠭᠠᠷᠭ᠋ᠠᠨᠠ᠂ ᠦᠵᠣᠬᠦᠷ ᠲᠡᠳ᠋ ᠪᠦᠬᠡ ᠵᠢᠨ ᠡᠮᠣᠨᠠ ᠣᠣᠯᠨᠢ ᠭᠤᠷᠪᠠ ᠲᠦᠷᠪᠠ ᠵᠢᠨ ᠪᠦᠬᠡᠪᠠᠨ ᠪᠠᠷᠢᠯᠳᠣᠭᠤᠯᠣᠨ ᠭᠠᠷᠭ᠋ᠠᠳᠠᠭ ᠪᠠᠶ᠋ᠢᠯᠠ (ᠣᠳᠣ ᠭᠠᠳᠠᠨᠠᠠᠴᠠ ᠰᠣᠷᠴᠣ ᠭᠤᠷᠪᠠ ᠲᠦᠷᠪᠠ ᠵᠢᠨ ᠪᠦᠬᠡᠪᠠᠨ ᠪᠠᠷᠢᠯᠳᠣᠭᠤᠯᠬᠤ ᠦᠬᠡᠢ ᠪᠣᠯᠵᠡᠢ᠂ ᠱᠠᠩᠨᠠᠯᠨᠢ ᠴᠦ᠍ ᠠᠳᠠᠯᠢ ᠪᠣᠯᠵᠡᠢ)᠃
ᠲᠡᠬᠡᠳᠣ ᠲᠦᠷᠪᠠᠨ ᠪᠦᠬᠡ ᠵᠢᠨ ᠦᠶᠠᠰ᠂ ᠬᠤᠶᠠᠷ ᠲᠠᠯᠠᠠᠴᠠ ᠬᠤᠶᠠᠷ ᠬᠤᠣᠰ ᠪᠦᠬᠡ ᠭᠠᠷᠭ᠋ᠠᠨ ᠠᠭ᠋ᠠᠵᠢᠮ ᠪᠠᠷᠢᠯᠳᠣᠭᠤᠯᠬᠤᠨᠢ ᠰᠠᠶ᠋ᠢᠨ ᠪᠦᠬᠡᠴᠢᠳᠤᠨ ᠪᠠᠷᠢᠯᠳᠣᠭ᠋ᠠᠨᠢ ᠰᠠᠶ᠋ᠢᠳᠣᠷ ᠰᠣᠨᠢᠷᠬᠠᠨ ᠨᠡᠷᠡᠳᠣ ᠪᠦᠬᠡ ᠵᠢᠨ ᠭᠤᠶ᠋ᠢᠳᠠ ᠪᠠᠷᠢᠯᠳᠣᠭ᠋ᠠᠨᠢ ᠦᠵᠡᠭᠴᠢ ᠲᠦᠮᠡᠨᠳᠤ ᠰᠣᠨᠢᠷᠬᠠᠭᠤᠯᠣᠨ ᠭᠤᠸᠠ ᠰᠠᠶ᠋ᠢᠬᠠᠨ ᠣᠶᠣᠨ ᠰᠠᠨᠠᠭ᠋ᠠᠨᠤ ᠬᠦᠷᠳᠡᠬᠡᠯ ᠣᠯᠭᠤᠨ ᠦᠵᠡᠬᠦᠯᠬᠦ ᠵᠢᠨ ᠲᠦᠯᠣᠬᠡ ᠶᠣᠮ᠃ ᠨᠤᠭᠤᠯᠤᠭᠠ ᠲᠠᠭ᠋ᠠᠷᠠᠵᠣ ᠪᠠᠷᠢᠯᠳᠣᠭ᠋ᠠᠳ ᠨᠤᠭᠤᠯᠤᠭᠠᠪᠠᠨ ᠲᠠᠪᠠᠪᠠᠯ ᠲᠡᠬᠡᠳᠣ ᠲᠠᠯᠠ ᠵᠢᠨ ᠰᠠᠶ᠋ᠢᠨ ᠪᠦᠬᠡ᠂ ᠢᠳᠡᠰᠢ ᠵᠢᠨ ᠲᠣᠣᠷᠠᠳᠣ ᠲᠠᠯᠠ ᠵᠢᠨ ᠪᠦᠬᠡ ᠴᠤ᠌ ᠬᠡᠰᠠᠨ ᠪᠠᠷᠢᠯᠳᠣᠨ ᠬᠠᠶᠠᠪᠠᠯ ᠲᠡᠬᠡᠳᠣ ᠲᠠᠯᠠ ᠵᠢᠨ ᠣᠷᠣᠨᠳᠤᠨᠢ ᠭᠠᠷᠴᠣ ᠰᠠᠭᠤᠨᠠ᠃ ᠲᠡᠬᠡᠳᠣ ᠲᠠᠯᠠᠠᠴᠠ ᠭᠠᠷᠣᠬᠰᠠᠨ ᠪᠦᠬᠡᠢ ᠬᠠᠶᠠᠬᠰᠠᠨ ᠣᠴᠢᠷ ᠣᠯᠠᠨ ᠪᠣᠢ᠃ ᠡᠨᠡ ᠮᠡᠳᠣᠪᠠᠷ ᠨᠤᠭᠤᠯᠤᠭᠠ ᠪᠦᠷᠢ ᠬᠠᠶᠠᠬᠰᠠᠨ ᠪᠦᠬᠡᠨᠢ ᠲᠡᠬᠡᠳᠣ ᠲᠠᠯᠠ ᠵᠢᠨ ᠣᠷᠣᠨᠳᠤ ᠣᠴᠢᠵᠣ᠂ ᠲᠠᠷᠠᠭᠠ ᠵᠢᠨ ᠨᠣᠭᠤᠯᠭᠠ ᠵᠢᠨ ᠪᠦᠬᠡᠲᠠᠢᠪᠠᠨ ᠵᠠᠯᠭ᠋ᠠᠨ ᠪᠠᠷᠢᠯᠳᠣᠨᠠ᠃
ᠲᠣᠯᠤᠭᠠ᠂ ᠪᠦᠬᠡ ᠴᠣᠯᠠᠯᠠᠬᠤ
ᠠᠷᠭᠠ ᠪᠠᠷᠢᠯᠳᠣᠭ᠋ᠠᠨ ᠢᠳᠡ ᠶᠠᠪᠣᠬᠳᠠᠵᠣ ᠲᠡᠬᠡᠳᠣ ᠲᠦᠷᠪᠠᠨ ᠪᠦᠬᠡ ᠦᠯᠡᠳᠡᠪᠡᠯ ᠡᠯᠡ ᠵᠦᠢ᠍ᠯᠤᠨ ᠱᠠᠩᠨᠡᠯ ᠣᠯᠭᠤᠨᠠ᠂ ᠮᠣᠷᠢᠨᠤ ᠱᠠᠩᠨᠡᠯ᠂ ᠵᠢᠱ᠌ᠢᠶᠠᠴᠢ ᠮᠠᠯᠴᠢᠨ᠂ ᠨᠡᠷᠡᠳᠣ ᠣᠶᠠᠭ᠋ᠠᠴᠢ᠂ ᠨᠡᠷᠡᠳᠣ ᠪᠦᠬᠡᠪᠠᠨ ᠴᠣᠯᠯᠠᠬᠤ ᠵᠡᠷᠬᠡ ᠠᠵᠢᠯᠤᠳ ᠶᠠᠪᠣᠬᠳᠠᠨᠠ᠃ ᠬᠦᠯᠣᠨ ᠪᠤᠶ᠋ᠢᠷᠲᠤ ᠭᠤᠣᠯᠳᠠᠭᠤ ᠣᠣᠯᠤᠨ ᠨᠡᠷᠡᠳᠣ ᠰᠠᠶ᠋ᠢᠨ ᠪᠦᠬᠡ ᠵᠢ ᠨᠠᠰᠤ ᠦᠡᠳᠣᠷ ᠪᠣᠯᠵᠣ ᠪᠠᠷᠢᠯᠳᠣᠬᠤ ᠦᠬᠡᠢ ᠴᠠᠭᠲᠤᠨᠢ ᠠᠯᠳᠠᠷ ᠭᠠᠪᠢᠶᠠ ᠵᠢᠨᠢ ᠲᠠᠬᠢᠨᠳᠠ ᠦᠨᠡᠯᠡᠨ ᠮᠠᠡᠳᠣᠭᠤᠯᠵᠣ 《ᠲᠠᠷᠬᠠᠨ ᠪᠦᠬᠡ》 ᠵᠢᠨ ᠴᠣᠯᠠ ᠣᠯᠭᠤᠨ ᠬᠤᠶ᠋ᠢᠴᠢ ᠦᠶᠡᠳᠤ ᠬᠦᠮᠣᠵᠢᠯ ᠪᠣᠯᠭ᠋ᠠᠨᠠ᠃ ᠵᠠᠰᠠᠭᠤᠨ ᠲᠠᠯᠠᠠᠴᠠ᠂ 1997 ᠣᠨᠳᠤ ᠭᠤᠴᠢᠨ ᠬᠤᠶᠠᠷ ᠨᠡᠷᠡᠰ ᠪᠦᠬᠡᠳᠤ ᠦᠪᠣᠷ ᠮᠣᠩᠭᠤᠯᠤᠨ ᠦᠪᠡᠷᠳᠡᠬᠡᠨ ᠵᠠᠰᠠᠬᠤ ᠣᠷᠣᠨᠤ ᠲᠠᠪᠢᠨ ᠵᠢᠯᠤᠨ ᠣᠢᠳᠤ᠂ ᠨᠢᠬᠡ ᠣᠳᠠᠭᠠ ᠠᠯᠪᠠᠨ ᠲᠠᠯᠠᠠᠴᠠ ᠪᠦᠬᠡ ᠵᠢᠨ ᠴᠣᠯᠠ ᠣᠯᠭᠤᠵᠡᠢ᠂ ᠬᠦᠯᠣᠨ ᠪᠤᠶ᠋ᠢᠷ ᠠᠶ᠋ᠢᠮᠠᠭ (ᠬᠤᠳᠠ) ᠭᠤᠷᠪᠠᠨ ᠣᠳᠠᠭᠠ (1983 ᠣᠨᠳᠤ ᠠᠷᠪᠠᠨ ᠨᠢᠬᠡᠨ ᠪᠦᠬᠡ᠂ 1991 ᠣᠨᠳᠤ ᠵᠢᠷᠭᠤᠭ᠋ᠠᠨ ᠪᠦᠬᠡ᠂ 2007 ᠣᠨᠳᠤ ᠲᠦᠷᠪᠠᠨ ᠪᠦᠬᠡ)᠂ 《ᠠᠶ᠋ᠢᠮᠠᠭᠤᠨ ᠲᠠᠷᠬᠠᠨ ᠪᠦᠬᠡ》 ᠵᠢᠨ ᠴᠣᠯᠠ ᠣᠯᠭᠤᠨ᠂ ᠰᠢᠨᠠ ᠪᠠᠷᠭᠤ ᠵᠠᠬᠦᠨ ᠬᠤᠰᠢᠭᠤ ᠬᠤᠶᠠᠷ ᠣᠳᠠᠭᠠ 《ᠬᠤᠰᠢᠭᠤᠨᠤ ᠲᠠᠷᠬᠠᠨ ᠪᠦᠬᠡ》 ᠵᠢᠨ ᠴᠣᠯᠠ ᠣᠯᠭᠤᠨ᠂ ᠰᠢᠨᠠ ᠪᠠᠷᠭᠤ ᠵᠡᠬᠦᠨ ᠬᠤᠰᠢᠭᠤᠨᠤ ᠰᠣᠶᠣᠯ ᠲᠠᠮᠢᠷ ᠲᠣᠪᠴᠢᠶᠠᠨᠠᠴᠠ 2013 ᠣᠨᠤ ᠪᠦᠬᠡ ᠵᠢᠨ ᠣᠪᠣᠭ᠋ᠠᠨ ᠲᠠᠬᠢᠯᠭᠠᠳᠤ ᠠᠩᠬᠠ ᠲᠡᠷᠢᠭᠦᠨ ᠠᠯᠪᠠᠨ ᠲᠠᠯᠠᠠᠴᠠ ᠴᠣᠯᠠ ᠣᠯᠭᠤᠬᠤᠳᠠᠭᠠᠨ ᠲᠠᠬᠡᠳᠣ ᠠᠷᠪᠠᠨ ᠵᠢᠷᠭᠤᠭ᠋ᠠᠨ ᠪᠦᠬᠡᠳᠤ ᠴᠣᠯᠠ ᠣᠯᠭᠤᠬᠤ ᠠᠵᠢᠯᠢ ᠬᠢᠵᠡᠢ᠃ 1998 ᠣᠨᠳᠤ ᠲᠠᠷᠭᠤᠨᠨᠠᠭᠤᠷ ᠰᠣᠮᠣᠨᠤ ᠠᠷᠠᠳᠤᠨ ᠨᠠᠭ᠋ᠠᠳᠣᠮᠳᠤ ᠲᠦᠷᠪᠠᠨ ᠠᠬᠠᠮᠠᠳ ᠪᠦᠬᠡᠳᠤ ᠰᠣᠮᠣᠨᠤ ᠵᠠᠰᠠᠭᠤᠨ ᠣᠷᠳᠣᠨᠠᠴᠠ 《ᠰᠣᠮᠣᠨᠤ ᠲᠠᠷᠬᠠᠨ ᠪᠦᠬᠡ》 ᠵᠢᠨ ᠴᠣᠯᠠ ᠣᠯᠭᠤᠵᠡᠢ᠃
ᠬᠠᠷᠢᠨ ᠠᠭᠤᠯᠠ ᠣᠪᠣᠭ᠋ᠠᠨᠤ ᠲᠠᠬᠢᠯᠭᠠ ᠨᠠᠭ᠋ᠠᠳᠣᠮᠳᠤ ᠭᠤᠷᠪᠠᠨ ᠵᠢᠯ ᠲᠠᠷᠠᠭ᠋ᠠᠯᠠᠨ ᠲᠡᠷᠢᠬᠦᠨ ᠪᠦᠬᠡ ᠪᠣᠯᠪᠠᠯ ᠠᠭᠤᠯᠠ ᠣᠪᠣᠭ᠋ᠠᠨᠤ ᠲᠠᠬᠢᠯᠭᠠ ᠵᠢᠨ ᠵᠦᠪᠯᠡᠯᠤᠨ ᠲᠠᠷᠤᠭᠠ ᠨᠠᠷ ᠶᠠᠷᠢᠯᠴᠠᠨ ᠲᠣᠰ ᠣᠪᠣᠭᠠ ᠵᠢᠨ 《ᠲᠠᠷᠬᠠᠨ ᠪᠦᠬᠡ》 ᠵᠢᠨ ᠴᠣᠯᠠ ᠣᠯᠭᠤᠨᠠ᠃ ᠡᠨᠡᠬᠦ ᠶᠣᠰᠣᠨᠢ ᠬᠤᠶ᠋ᠢᠴᠢ ᠦᠶᠡ ᠵᠢᠨ ᠰᠢᠨᠡᠪᠠᠷ ᠭᠠᠷᠬᠤ ᠪᠦᠬᠡᠳᠤ ᠵᠠᠮ ᠲᠠᠯᠪᠢᠨ ᠬᠦᠮᠣᠵᠢᠬᠦᠯᠬᠦ ᠶᠣᠰᠣ ᠪᠢᠯᠠ᠃ ᠵᠢᠱ᠌ᠢᠶᠠᠯᠠᠪᠠᠯ᠄ ᠰᠣᠮᠣᠨ ᠨᠠᠭ᠋ᠠᠳᠣᠮ᠂ ᠪᠣᠬᠳᠠ ᠠᠭᠤᠯᠠ ᠵᠢᠨ ᠲᠠᠬᠢᠯᠭᠠ᠂ ᠬᠤᠰᠢᠭᠤᠨ ᠣᠪᠣᠭ᠋ᠠᠨ ᠲᠠᠬᠢᠯᠭᠠ᠂ ᠰᠣᠮᠣᠨ ᠣᠪᠣᠭ᠋ᠠᠨᠤ ᠲᠠᠬᠢᠯᠭᠠ᠂ ᠬᠠᠯᠠ ᠵᠢᠨ ᠣᠪᠣᠭ᠋ᠠᠨ ᠲᠠᠬᠢᠯᠭᠠ ᠬᠡᠬᠦ ᠮᠡᠳᠣ 《ᠲᠠᠷᠬᠠᠨ ᠪᠦᠬᠡ》 ᠵᠢᠨ ᠴᠣᠯᠠ ᠣᠯᠭᠤᠨ ᠲᠣᠰᠬᠠᠢ ᠱᠠᠩᠨᠠᠯ ᠬᠦᠷᠳᠡᠬᠡᠨ᠂ ᠲᠣᠰ ᠭᠠᠵᠠᠷ ᠲᠠᠬᠢᠨ ᠪᠠᠷᠢᠯᠳᠣᠬᠤ ᠦᠬᠡᠢ᠂ ᠬᠦᠡᠳᠣᠳᠬᠡᠯᠤᠨ ᠰᠠᠭᠤᠳᠠᠯ ᠪᠣᠶᠣ ᠪᠦᠬᠡ ᠵᠠᠰᠠᠬᠤ ᠠᠵᠢᠯᠳᠤ ᠬᠠᠪᠰᠣᠷᠣᠭᠤᠯᠣᠨ ᠬᠦᠡᠳᠣᠳᠬᠡᠨᠠ᠃ (ᠲᠣᠰ ᠭᠠᠵᠠᠷ ᠪᠦᠬᠡ ᠵᠢᠨ ᠠᠵᠢᠯᠤᠨ ᠲᠣᠬᠠᠢ ᠦᠬᠡ ᠶᠠᠷᠢᠬᠤ ᠡᠷᠬᠡᠲᠠᠢ ᠪᠣᠯᠣᠨᠠ)᠃
ᠦᠪᠣᠷ ᠮᠣᠩᠭᠤᠯᠤᠨ ᠦᠪᠡᠷᠳᠡᠬᠡᠨ ᠵᠠᠰᠠᠬᠤ ᠣᠷᠣᠨ ᠪᠠᠶ᠋ᠢᠭᠤᠯᠣᠬᠳᠠᠬᠰᠠᠨ ᠲᠠᠪᠢᠨ ᠵᠢᠯᠤᠨ ᠣᠢ ᠵᠢᠨ ᠣᠷᠣᠨ ᠲᠠᠶᠠᠭ᠋ᠠᠷ ᠴᠣᠯᠠ ᠣᠯᠭᠤᠬᠤ ᠨᠠᠭ᠋ᠠᠳᠣᠮᠳᠤ ᠲᠡᠬᠡᠳᠣ ᠠᠷᠪᠠᠨ ᠵᠢᠷᠭᠤᠭᠠ ᠵᠢᠨ ᠨᠤᠭᠤᠯᠤᠭᠠᠳᠤ ᠦᠯᠡᠳᠡᠭᠰᠠᠨ ᠪᠦᠬᠡ ᠡᠷᠳᠡᠮᠳᠣ ᠣᠷᠣᠨᠤ ᠦᠯᠵᠡᠢ ᠵᠢᠪᠬᠤᠯᠠᠩᠳᠣ ᠵᠠᠭ᠋ᠠᠨ ᠴᠣᠯᠠ ᠬᠦᠷᠳᠡᠨ᠂ ᠭᠤᠴᠢᠨ ᠬᠤᠶᠠᠷᠤᠨ ᠨᠣᠭᠤᠯᠭᠠᠳᠤ ᠪᠦᠬᠡ ᠰᠠᠡᠴᠢᠷ ᠪᠠᠷᠰ ᠴᠣᠯᠠ ᠬᠦᠷᠳᠡᠵᠡᠢ᠃
ᠲᠠᠷᠬᠠᠨ ᠪᠦᠬᠡ ᠵᠢᠨ ᠴᠣᠯᠠ ᠣᠯᠭᠤᠬᠤᠨᠢ ᠲᠣᠩ ᠨᠠᠷᠢᠯᠢᠭ ᠠᠵᠢᠯ᠂ ᠴᠣᠯᠠ ᠣᠯᠬᠤ ᠪᠦᠬᠡᠨᠢ ᠨᠡᠯᠢᠶᠡᠳ ᠶᠡᠭᠡ ᠠᠮᠵᠢᠯᠳᠠ ᠪᠦᠳᠣᠮᠵᠢᠲᠠᠢ ᠪᠠᠶ᠋ᠢᠬᠤ ᠬᠡᠷᠡᠭᠳᠡᠢ᠂ ᠡᠬᠦᠨᠳᠤ ᠠᠶ᠋ᠢᠮᠠᠭᠤᠨ ᠨᠠᠭ᠋ᠠᠳᠣᠮᠤᠨ 512 ᠪᠦᠬᠡᠲᠠᠢ ᠨᠣᠭᠤᠯᠤᠭᠠ ᠪᠠᠷᠢᠯᠳᠣᠭ᠋ᠠᠨᠳᠤ ᠲᠡᠬᠡᠳᠣ ᠲᠦᠷᠪᠠᠳᠤ ᠦᠯᠡᠳᠡᠭᠰᠠᠨ ᠪᠦᠬᠡ 《ᠠᠶ᠋ᠢᠮᠠᠭᠤᠨ ᠲᠠᠷᠬᠠᠨ ᠪᠦᠬᠡ》 ᠵᠢᠨ ᠴᠣᠯᠠ ᠬᠦᠷᠳᠡᠬᠦ᠂ ᠬᠤᠰᠢᠭᠤᠨᠤ ᠲᠠᠷᠬᠠᠨ ᠪᠦᠬᠡᠨᠢ ᠬᠤᠰᠢᠭᠤ ᠨᠠᠭ᠋ᠠᠳᠣᠮᠳᠤ ᠨᠢᠬᠡ ᠣᠳᠠᠭᠠᠠᠴᠠ ᠲᠡᠬᠡᠭᠰᠢ 256 ᠪᠦᠬᠡ ᠵᠢᠨ ᠪᠠᠷᠢᠯᠳᠣᠭ᠋ᠠᠨᠳᠤ ᠲᠡᠬᠡᠳᠣ ᠲᠦᠷᠪᠠᠳᠤ ᠦᠯᠡᠳᠡᠭᠰᠠᠨ ᠪᠦᠬᠡ 《ᠬᠤᠰᠢᠭᠤᠨᠤ ᠲᠠᠷᠬᠠᠨ ᠪᠦᠬᠡ》 ᠵᠢᠨ ᠴᠣᠯᠠ ᠬᠦᠷᠳᠡᠬᠦ᠂ ᠰᠣᠮᠣᠨᠤ ᠲᠠᠷᠬᠠᠨ ᠪᠦᠬᠡᠨᠢ ᠠᠶ᠋ᠢᠮᠠᠭ ᠬᠤᠰᠢᠭᠤ ᠲᠠᠶᠠᠭ᠋ᠠᠷ ᠨᠡᠯᠢᠶᠡᠳ ᠠᠯᠳᠠᠷᠲᠠᠢ᠂ ᠰᠣᠮᠣᠨᠤ ᠨᠡᠷᠡ ᠠᠯᠳᠠᠷᠢ ᠨᠠᠯᠢᠶᠡᠳ ᠮᠠᠡᠳᠣᠭᠤᠯᠣᠬᠰᠠᠨ ᠪᠣᠬᠳᠠ ᠠᠭᠤᠯᠠ ᠵᠢᠨ ᠲᠠᠬᠢᠯᠭᠠ (ᠣᠴᠢᠷᠨᠢ ᠰᠢᠨᠠ ᠪᠠᠷᠭᠤ ᠵᠡᠬᠦᠨ᠂ ᠪᠠᠷᠠᠭᠤᠨ ᠬᠤᠰᠢᠭᠤ ᠵᠠᠰᠠ ᠨᠡᠶ᠋ᠢᠯᠡᠨ ᠬᠦᠯᠣᠨ ᠪᠤᠶ᠋ᠢᠷ ᠵᠶ᠋ᠠᠷ ᠵᠶ᠋ᠠᠨ ᠲᠠᠬᠢᠳᠠᠭ) ᠵᠡᠷᠬᠡ ᠨᠠᠶ᠋ᠢᠷ ᠨᠠᠭ᠋ᠠᠳᠣᠮᠳᠤ ᠦᠵᠤᠬᠦᠷ ᠲᠡᠳ᠋ᠳᠤ ᠦᠯᠡᠳᠡᠭᠰᠡᠨ ᠪᠦᠭᠡ ᠪᠤᠶᠦ ᠤᠯᠠᠨ ᠵᠢᠯ ᠪᠠᠷᠢᠯᠳᠣᠬᠰᠠᠨ ᠪᠦᠬᠡᠳᠤ 《ᠰᠣᠮᠣᠨᠤ ᠲᠠᠷᠬᠠᠨ ᠪᠦᠬᠡ》 ᠵᠢᠨ ᠴᠣᠯᠠ ᠣᠯᠭᠤᠨᠠ᠃
ᠨᠠᠢ᠍ᠮᠠ᠂ ᠦᠵᠣᠬᠦᠷᠤᠨ ᠲᠦᠷᠪᠠᠨ ᠪᠦᠬᠡᠪᠠᠨ ᠪᠠᠷᠢᠯᠳᠣᠭᠤᠯᠬᠤ ᠠᠷᠭᠠ
ᠵᠡᠬᠦᠨ ᠲᠠᠯᠠ ᠵᠢᠨ ᠦᠵᠣᠬᠦᠷ ᠪᠦᠬᠡᠨᠢ ᠪᠠᠷᠠᠭᠤᠨ ᠲᠠᠯᠠ ᠵᠢᠨ ᠬᠤᠶᠠᠷᠲᠤ ᠵᠣᠬᠰᠣᠬᠰᠠᠨ ᠪᠦᠬᠡᠲᠠᠢ ᠪᠠᠷᠢᠯᠳᠣᠭᠤᠯᠣᠨ᠂ ᠪᠠᠷᠠᠭᠤᠨ ᠲᠠᠯᠠ ᠵᠢᠨ ᠦᠵᠣᠬᠦᠷ ᠪᠦᠬᠡᠨᠢ ᠵᠡᠬᠦᠨ ᠲᠠᠯᠠ ᠵᠢᠨ ᠬᠤᠶᠠᠷᠲᠤ ᠵᠣᠬᠰᠣᠬᠰᠠᠨ ᠪᠦᠬᠡᠲᠠᠢ ᠪᠠᠷᠢᠯᠳᠣᠨᠠ (ᠲᠡᠬᠡᠳᠣ ᠲᠠᠯᠠ ᠵᠢᠨ ᠪᠦᠬᠡᠨᠢ ᠲᠣᠣᠷᠠᠳᠣ ᠲᠠᠯᠠ ᠵᠢᠨ ᠪᠦᠬᠡᠲᠠᠢ ᠪᠠᠷᠢᠯᠳᠣᠨᠠ)᠃ ᠬᠤᠶᠠᠷ ᠬᠤᠣᠰ ᠲᠦᠷᠪᠠᠨ ᠪᠦᠬᠡᠪᠠᠨ ᠪᠦᠬᠡ ᠲᠠᠭᠤᠳᠠᠬᠤ ᠲᠠᠭᠤᠤ ᠵᠢᠨ ᠠᠶᠠᠰ ᠵᠶ᠋ᠠᠷ ᠬᠤᠶᠠᠷ ᠲᠠᠯᠠ ᠵᠢᠨ ᠪᠦᠬᠡ ᠵᠢᠨ ᠵᠠᠰᠠᠭᠤᠯ (ᠪᠦᠬᠡ ᠵᠢᠨ ᠪᠠᠭᠰᠢ ᠵᠢᠴᠢ ᠪᠦᠬᠡ ᠵᠢᠨ ᠲᠣᠳᠣᠨᠣ ᠬᠦᠮᠣᠰ) ᠲᠦᠷᠪᠠᠨ ᠪᠦᠬᠡᠪᠠᠨ ᠬᠠᠮᠳᠣᠪᠠᠷ ᠰᠦᠷ ᠵᠢᠪᠬᠤᠭᠠᠲᠠᠢᠪᠠᠷ ᠲᠡᠪᠢᠨ ᠭᠠᠷᠭ᠋ᠠᠨ ᠪᠠᠷᠢᠯᠳᠣᠭᠤᠯᠣᠨᠠ᠃
ᠶᠢᠰᠣ᠂ ᠱᠠᠩᠨᠠᠯ ᠣᠯᠭᠤᠬᠤ
ᠮᠣᠩᠭᠤᠯ ᠪᠦᠬᠡ ᠵᠢᠨ ᠨᠠᠶ᠋ᠢᠷ ᠨᠠᠭ᠋ᠠᠳᠣᠮ ᠪᠦᠷᠢ ᠡᠬᠢᠯᠡᠯᠳᠠᠠᠴᠠ ᠲᠡᠬᠦᠰᠬᠡᠯ ᠬᠦᠷᠳᠡᠯᠡ ᠠᠳᠠᠯᠢ ᠦᠬᠡᠢ ᠱᠠᠩᠲᠠᠢ᠂ ᠱᠠᠩᠨᠠᠯᠤᠨ ᠶᠡᠭᠡ ᠪᠠᠭᠠᠨᠢ ᠵᠤᠬᠢᠶᠠᠨ ᠪᠠᠶ᠋ᠢᠭᠤᠯᠬᠤ ᠨᠢᠬᠡᠴᠠᠠᠴᠠ ᠨᠦᠬᠦᠴᠡᠯᠢ ᠪᠦᠷᠢᠯᠳᠣᠬᠦᠯᠣᠨᠠ᠃ ᠣᠣᠯᠨᠢ ᠬᠠᠭ᠋ᠠᠰ ᠲᠠᠭ᠋ᠠᠷ ᠪᠣᠳᠠᠭᠠ᠂ ᠭᠤᠯᠢᠷ᠂ ᠬᠠᠭ᠋ᠠᠰ ᠬᠡᠪᠤᠨ ᠴᠠᠢ᠂ ᠬᠤᠵᠢᠮᠨᠢ ᠴᠠᠢ᠂ ᠨᠣᠣᠰᠣᠨ ᠲᠠᠡᠽᠢ᠂ ᠷᠠᠳᠢᠣ᠋᠂ ᠬᠠᠯᠠᠭᠤᠨ ᠣᠰᠣᠨᠤ ᠰᠠᠪᠠ᠂ ᠪᠠᠭᠠ ᠰᠢᠭᠬᠡᠬᠡᠯᠳᠠ ᠵᠢᠨ ᠮᠠᠰᠢᠨ ᠵᠡᠷᠭᠡ᠃ ᠣᠳᠤ ᠮᠠᠨᠤ ᠨᠣᠳᠤᠭᠤᠨ (ᠬᠦᠯᠣᠨ ᠪᠤᠶ᠋ᠢᠷ) ᠦᠡᠳᠣᠷ ᠱᠠᠩᠨᠠᠯᠨᠢ ᠠᠷᠠᠳᠤᠨ ᠵᠣᠭᠤᠰ ᠨᠠᠢ᠍ᠮᠠᠨ ᠲᠦᠮᠡ᠂ ᠬᠤᠶᠠᠷ ᠲᠦᠮᠡᠨ ᠲᠦᠬᠦᠷᠢᠭ ᠬᠦᠷᠴᠣ᠂ ᠮᠦᠡᠴᠣ ᠡᠳ᠋ ᠪᠣᠳᠡᠰ᠂ ᠲᠠᠪᠣᠨ ᠬᠤᠰᠢᠭᠤ ᠮᠠᠯ᠂ ᠪᠠᠭᠠ ᠲᠷᠡᠭᠲ᠋ᠣᠷ᠂ ᠮᠣᠲ᠋ᠣᠷ᠂ ᠲᠧᠯᠧᠢ᠍ᠰ ᠵᠢᠩᠬᠢᠨᠢ ᠰᠢᠵᠢᠷ ᠠᠯᠳᠠᠠ ᠮᠧᠲ᠋ᠠᠯ ᠬᠡᠬᠦ ᠮᠡᠳᠣ ᠱᠠᠩᠨᠠᠯ ᠣᠯᠭᠤᠨᠠ᠃ ᠪᠦᠬᠡ ᠵᠢᠨ ᠪᠠᠷᠢᠯᠳᠣᠭ᠋ᠠᠨᠤ ᠲᠡᠷᠢᠬᠦᠨ ᠨᠤᠭᠤᠯᠤᠭᠠ ᠡᠷᠬᠢᠯᠡᠬᠦᠳᠤ ᠯᠠ ᠢᠳᠡᠰᠢ ᠵᠢᠨ ᠪᠦᠬᠡᠨᠢ ᠪᠠᠭᠠ ᠬᠡᠮᠵᠢᠶᠠᠨᠤ ᠱᠠᠩᠲᠠᠢ᠂ ᠨᠣᠭᠤᠯᠤᠭᠠ ᠲᠡᠬᠡᠭᠰᠢᠯᠡᠬᠦ ᠪᠦᠷᠢ ᠱᠠᠩᠨᠡᠯᠨᠢ ᠨᠡᠮᠡᠭᠳᠡᠨᠡ᠂ ᠶᠡᠭᠡ ᠨᠠᠭ᠋ᠠᠳᠣᠮᠳᠤ 32᠂ 16 ᠵᠢᠨ ᠨᠤᠭᠤᠯᠤᠭᠠ ᠪᠠᠷᠢᠯᠳᠣᠭ᠋ᠠᠨᠠᠴᠠ ᠱᠠᠩᠨᠠᠯ ᠨᠡᠯᠢᠶᠡᠳ ᠰᠠᠶ᠋ᠢᠵᠢᠷᠠᠨᠠ᠂ ᠲᠡᠬᠡᠳᠣ ᠨᠠᠢ᠍ᠮᠠᠨ ᠪᠦᠬᠡ ᠵᠢᠨ ᠱᠠᠩ ᠨᠡᠯᠢᠶᠡᠳ ᠰᠠᠶ᠋ᠢᠨ᠂ ᠦᠵᠣᠬᠦᠷ ᠪᠦᠬᠡ ᠵᠢᠨ ᠱᠠᠩᠨᠡᠯ ᠬᠠᠮᠤᠭ ᠶᠡᠭᠡ᠂ ᠲᠡᠳ᠋ ᠪᠦᠬᠡ ᠵᠢᠨ ᠱᠠᠩᠨᠡᠯᠨᠢ ᠦᠵᠣᠬᠦᠷ ᠪᠦᠬᠡᠠᠴᠠ ᠨᠡᠯᠢᠶᠡᠳ ᠪᠠᠭᠠ᠂ ᠭᠤᠷᠪᠠ᠂ ᠲᠦᠷᠪᠠᠳᠣᠬᠡᠷ ᠪᠦᠬᠡ ᠵᠢᠨ ᠱᠠᠩᠨᠡᠯ ᠪᠠᠭᠠ ᠯᠠ ᠵᠦᠷᠢᠶᠠᠨᠲᠠᠢ (ᠵᠠᠷᠢᠮ ᠦᠶᠡᠰ ᠠᠳᠠᠯᠢ ᠪᠠᠶ᠋ᠢᠳᠠᠭ)᠃ ᠶᠡᠭᠡ ᠨᠠᠭ᠋ᠠᠳᠣᠮᠳᠤ ᠲᠡᠬᠡᠳᠣ ᠨᠠᠢ᠍ᠮᠠᠨ ᠪᠦᠬᠡ ᠵᠢᠨ ᠱᠠᠩᠨᠡᠯᠢ ᠬᠠᠮᠳᠣᠳᠤᠨᠢ ᠣᠯᠭᠤᠨᠠ᠂ ᠪᠠᠭᠠ ᠰᠢᠭ᠋ ᠨᠠᠭ᠋ᠠᠳᠣᠮᠳᠤ ᠲᠡᠬᠡᠳᠣ ᠲᠦᠷᠪᠠᠨ ᠪᠦᠬᠡ ᠵᠢᠨ ᠱᠠᠩᠨᠡᠯᠢ ᠬᠠᠮᠳᠣᠳᠤᠨᠢ ᠣᠯᠭᠤᠨᠠ᠃ ᠲᠡᠬᠡᠳᠣ ᠲᠦᠷᠪᠠᠨ ᠪᠦᠬᠡ ᠪᠠᠷᠢᠯᠳᠣᠬᠤᠠᠴᠠ ᠡᠮᠣᠨᠠ ᠬᠡᠳᠤᠨ ᠲᠦᠷᠣᠯᠤᠨ ᠮᠣᠷᠢᠳᠤᠨ ᠱᠠᠩᠨᠡᠯ ᠣᠯᠭᠤᠨᠠ᠂ ᠲᠡᠬᠢᠨ ᠲᠡᠬᠡᠳᠣ ᠲᠦᠷᠪᠠᠨ ᠪᠦᠬᠡᠪᠠᠨ ᠪᠠᠷᠢᠯᠳᠣᠭᠤᠯᠵᠣ ᠦᠵᠣᠬᠦᠷ ᠲᠡᠳ᠋ ᠵᠶ᠋ᠠᠨ ᠭᠠᠷᠭ᠋ᠠᠨ ᠱᠠᠩᠨᠡᠯ ᠦᠭᠬᠦ ᠶᠣᠰᠣᠯᠠᠯ ᠡᠬᠢᠯᠠᠨ ᠨᠠᠭ᠋ᠠᠳᠣᠮ ᠵᠶ᠋ᠠᠨ ᠳ᠋ᠦᠡᠭᠨᠠᠨᠠ᠃
ᠵᠣᠬᠢᠶᠠᠭᠴᠢ᠄ ᠰᠢᠷᠠᠶ᠋ᠢᠳ · ᠮᠦᠡᠭᠭᠡ ᠵᠢᠨ ᠦᠯᠵᠠᠶ᠋ᠢᠬᠤᠳᠤᠭ