— ᠵᠠᠯᠠᠭᠤ ᠪᠥᠬᠡᠴᠢᠨ ᠮᠥᠡᠭᠭᠡᠳᠦ᠋ᠬᠦᠷᠡᠩ ᠢ ᠰᠣᠷᠪᠣᠯᠵᠢᠯᠠᠭᠰᠠᠨ ᠨᠢ | ᠰᠤᠷᠪᠤᠯᠵᠢᠯᠠᠭᠴᠢ᠄ ᠪᠤᠤ ᠦᠷᠭᠡᠨ | ᠰᠤᠷᠪᠤᠯᠵᠢᠯᠠᠬᠴᠢ ᠲᠥᠷᠥᠬᠦᠬᠡᠨ ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤ ᠪᠠᠷ ᠰᠤᠷᠪᠤᠯᠵᠢᠯᠠᠨ | ᠶᠠᠪᠤᠬᠤ ᠳᠠᠭᠠᠨ ᠤᠷᠤᠨ ᠨᠤᠳᠤᠬ ᠲᠠᠭᠠᠨ ᠠᠯᠳᠠᠷ ᠢᠶᠠᠨ ᠲᠠᠭᠤᠷᠢᠰᠤᠭᠤᠯᠵᠥ ᠶᠠᠪᠤᠭ᠎ᠠ ᠵᠠᠯᠠᠭᠤ ᠰᠤᠳᠤᠨ ᠪᠥᠬᠡᠴᠢᠨ | ᠮᠥᠡᠭᠭᠡᠳᠦ᠋ᠬᠦᠷᠡᠩ ᠲᠠᠢ ᠲᠠᠭᠠᠷᠠᠯᠳᠤᠵᠥ ᠪᠥᠭᠡ ᠶᠢᠨ ᠲᠤᠬᠠᠢ ᠵᠤᠭᠤᠬ ᠠᠴᠠ ᠭᠠᠳᠠᠨ᠎ᠠ ᠪᠤᠰᠤᠳ ᠢ ᠬᠠᠪᠰᠤᠷᠤᠨ | ᠲᠡᠮᠵᠢᠵᠥ ᠶᠠᠪᠤᠭ᠎ᠠ ᠪᠤᠶᠠᠨ ᠤ ᠥᠢᠯᠡᠰ ᠤᠨ ᠲᠡᠯ᠎ᠠ ᠪᠠᠷ ᠶᠠᠷᠢᠯᠴᠠᠭ᠎ᠠ ᠬᠢᠭᠰᠡᠨ ᠶᠤᠮ᠃ | ᠰᠤᠷᠪᠤᠯᠵᠢᠯᠠᠬᠴᠢ᠄ ᠲᠠ ᠠᠯᠢ ᠤᠨ ᠠᠴᠠ ᠡᠬᠢᠯᠡᠨ ᠮᠤᠩᠭᠤᠯ ᠪᠥᠬᠡ ᠪᠠᠨ ᠪᠠᠷᠢᠯᠳᠤᠵᠥ ᠡᠬᠢᠯᠡᠭᠰᠡᠨ ᠪᠤᠢ︖ | ᠮᠥᠡᠭᠭᠡᠳᠦ᠋ᠬᠦᠷᠡᠩ᠄ ᠶᠡᠷᠥ ᠨᠢ ᠪᠢ ᠪᠠᠭ᠎ᠠ ᠠᠴᠠ ᠪᠠᠨ ᠮᠤᠩᠭᠤᠯ ᠪᠥᠬᠡ ᠳᠤ ᠪᠠᠭ᠋ᠠᠳᠠᠢ᠂ 2010 ᠤᠨ ᠳᠤ᠂ | ᠲᠠᠷᠤᠢ 18 ᠨᠠᠰᠤᠨ ᠠᠴᠠ ᠪᠠᠨ ᠡᠬᠢᠯᠡᠨ ᠮᠤᠩᠭᠤᠯ ᠪᠥᠬᠡ ᠪᠠᠨ ᠪᠠᠷᠢᠯᠳᠤᠵᠥ ᠢᠷᠡᠭᠰᠡᠨ ᠶᠤᠮ᠃ ᠤᠳᠤ 9 ᠵᠢᠯ | ᠪᠤᠯᠴᠢᠬᠠᠯ᠎ᠠ᠃ | ᠰᠤᠷᠪᠤᠯᠵᠢᠯᠠᠬᠴᠢ᠄ ᠲᠠᠨ ᠤ ᠠᠬᠠᠰ ᠶᠡᠭᠡᠰ ᠲᠤ ᠴᠢᠨᠢ ᠪᠥᠬᠡ ᠪᠠᠷᠢᠯᠳᠤᠳᠠᠬ ᠬᠥᠮᠥᠨ ᠪᠠᠶᠢᠬᠰᠠᠨ ᠤᠤ︖ | ᠮᠥᠡᠭᠭᠡᠳᠦ᠋ᠬᠦᠷᠡᠩ᠄ ᠮᠠᠨ ᠤ ᠨᠠᠭᠠᠴᠤ ᠶᠢᠨ ᠤᠳᠤᠮ ᠳᠤ ᠨᠢᠬᠡ ᠬᠤᠶᠠᠷ ᠮᠤᠩᠭᠤᠯ ᠪᠥᠬᠡᠴᠢᠨ ᠪᠠᠶᠢᠬᠰᠠᠨ ᠶᠤᠮ᠃ | ᠠᠪᠤ ᠶᠢᠨ ᠤᠳᠤᠮ ᠳᠤ ᠪᠠᠶᠢᠭ᠎ᠠ ᠥᠬᠡᠢ᠃ | ᠰᠤᠷᠪᠤᠯᠵᠢᠯᠠᠬᠴᠢ᠄ ᠲᠠᠨ ᠤ ᠰᠤᠷᠭᠠᠬᠴᠢ ᠴᠢᠨᠢ ᠬᠡᠨ ᠪᠤᠢ︖ | ᠮᠥᠡᠭᠭᠡᠳᠦ᠋ᠬᠦᠷᠡᠩ᠄ ᠮᠢᠨᠥ ᠪᠥᠬᠡ ᠶᠢᠨ ᠪᠠᠭᠰᠢ ᠪᠤᠯ ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤ | ᠨᠤᠳᠤᠬᠳᠠᠢ᠂ ᠲᠤᠮᠳᠠᠳᠤ ᠤᠯᠤᠰ ᠤᠨ ᠵᠢᠤᠳᠤᠤ ᠪᠥᠬᠡ ᠶᠢᠨ ᠲᠠᠮᠢᠷᠴᠢᠨ ᠵᠢᠭᠮᠢᠳᠰᠦ᠋ᠷᠥᠭ ᠪᠤᠯᠬᠤ ᠶᠤᠮ᠃ ᠪᠠᠭᠰᠢ | ᠮᠢᠨᠢ ᠵᠠᠯᠠᠭᠤ ᠽᠠᠨᠳᠠᠨ ᠨᠠᠰᠤᠨ ᠳᠠᠭᠠᠨ ᠤᠯᠠᠨ ᠤᠳᠠᠭ᠎ᠠ ᠤᠷᠦ᠋ᠢᠯᠡᠵᠥ ᠶᠠᠪᠤᠬᠰᠠᠨ ᠲᠡᠤᠭᠡ ᠲᠠᠢ᠂ 2011 | ᠤᠨ ᠠᠴᠠ ᠤᠳᠤ ᠪᠤᠯᠳᠠᠯ᠎ᠠ ᠲᠤᠰ ᠪᠠᠭᠰᠢ ᠶᠢᠨ ᠲᠤᠤᠷ᠎ᠠ ᠰᠤᠷᠢᠭ᠎ᠠ ᠪᠤᠯᠪᠠᠰᠤᠷᠠᠯ ᠢᠶᠠᠨ ᠬᠢᠵᠥ ᠯᠠ ᠪᠠᠶᠢᠭ᠎ᠠ ᠶᠤᠮ᠃ | ᠰᠤᠷᠪᠤᠯᠵᠢᠯᠠᠬᠴᠢ᠄ ᠪᠥᠬᠡ ᠶᠢᠨ ᠪᠠᠷᠢᠯᠳᠤᠭᠠᠨ ᠳᠤ ᠲᠠᠨ ᠵᠠᠮᠠᠷ ᠠᠮᠵᠢᠯᠳᠠ ᠪᠥᠳᠥᠮᠵᠢ ᠲᠠᠢ ᠶᠠᠪᠤᠭ᠎ᠠ ᠪᠤᠢ︖ | ᠮᠥᠡᠭᠭᠡᠳᠦ᠋ᠬᠦᠷᠡᠩ᠄ ᠵᠥᠪᠭᠡᠨ ᠮᠤᠩᠭᠤᠯ ᠪᠥᠬᠡ ᠪᠡᠷᠢᠯᠳᠤᠳᠠᠬ ᠪᠤᠯᠬᠤᠷ ᠤᠷᠤᠨ ᠤ ᠲᠡᠰ ᠤᠨ | ᠤᠷᠤᠯᠳᠤᠭᠠᠨ ᠳᠤ ᠨᠢᠭᠡ ᠤᠳᠠᠭ᠎ᠠ ᠲᠡᠷᠢᠬᠦᠯᠡᠵᠥ ︽ᠭᠠᠷᠤᠳᠠᠢ︾ ᠴᠤᠯᠠ ᠬᠠᠮᠠᠭᠠᠯᠠᠵᠥ ᠥᠡᠭᠭᠡᠷᠡᠭᠰᠡᠨ ᠶᠤᠮ᠃ | ᠰᠤᠷᠪᠤᠯᠵᠢᠯᠠᠬᠴᠢ᠄ ᠶᠡᠷᠤᠳᠡ ᠶᠢᠨ ᠪᠡᠯᠡᠳᠭᠡᠯ ᠰᠤᠷᠢᠭ᠎ᠠ ᠶᠠᠮᠠᠷ ᠰᠢᠤ ᠪᠠᠶᠢᠭ᠎ᠠ ᠪᠤᠢ︖ | ᠮᠥᠡᠭᠭᠡᠳᠦ᠋ᠬᠦᠷᠡᠩ᠄ ᠡᠪᠤᠯ ᠤᠨ ᠪᠡᠯᠡᠳᠭᠡᠯ ᠪᠠ ᠬᠠᠪᠤᠷ ᠤᠨ ᠪᠡᠯᠡᠳᠭᠡᠯ ᠢᠶᠠᠷ ᠭᠤᠤᠯᠳᠠᠭᠤᠯᠵᠥ ᠪᠠᠶᠢᠨ᠎ᠠ᠃ | ᠤᠷᠴᠢᠮ ᠤᠨ ᠵᠢᠯ ᠳᠤ ᠮᠠᠨ ᠤ ᠪᠤᠰᠤᠳ ᠪᠥᠬᠡᠴᠢᠳ ᠮᠤᠩᠭᠤᠯ ᠤᠯᠤᠰ ᠢᠶᠠᠷ ᠬᠥᠷᠴᠤ ᠰᠤᠯᠢᠯᠴᠠᠭ᠎ᠠ ᠬᠢᠵᠥ ᠮᠡᠷᠭᠡᠵᠢᠯ | ᠪᠠ ᠬᠥᠴᠥᠨ ᠤ ᠲᠠᠯ᠎ᠠ ᠪᠠᠷ ᠲᠠᠪᠳᠠᠨ ᠪᠤᠯᠪᠠᠰᠤᠷᠠᠬᠤ ᠪᠤᠯᠤᠬᠰᠠᠨ ᠪᠠᠶᠢᠨ᠎ᠠ᠃ ᠬᠤᠶᠢᠰᠢᠳᠠ ᠡᠨᠡ ᠲᠠᠯ᠎ᠠ ᠪᠠᠷ ᠬᠢ | ᠰᠤᠯᠢᠯᠴᠠᠭ᠎ᠠ ᠪᠠᠨ ᠥᠷᠭᠡᠳᠭᠡᠬᠦ ᠰᠠᠨᠠᠭ᠎ᠠ ᠲᠠᠢ᠃ | ᠰᠤᠷᠪᠤᠯᠵᠢᠯᠠᠬᠴᠢ᠄ ᠮᠤᠩᠭᠤᠯ ᠪᠥᠬᠡ ᠶᠢᠨ ᠪᠠᠷᠢᠯᠳᠤᠭᠠᠨ ᠤ ᠲᠠᠷᠬᠠᠭᠠᠯᠳᠠ ᠶᠢᠨ ᠤᠨᠴᠠᠯᠢᠬ ᠶᠠᠮᠠᠷ | ᠪᠠᠶᠢᠬᠤ ᠪᠤᠢ ︖ | ᠮᠥᠡᠭᠭᠡᠳᠦ᠋ᠬᠦᠷᠡᠩ᠄ ᠤᠳᠤᠬᠠᠨ ᠤ ᠪᠠᠶᠢᠳᠠᠯ ᠠᠴᠠ ᠥᠵᠡᠬᠦ ᠳᠤ᠂ ᠮᠠᠨ ᠤ ᠤᠷᠤᠨ ᠤ ᠤᠯᠠᠩᠭᠢ ᠭᠠᠵᠠᠷ ᠤᠷᠤᠨ | ᠵᠠᠩᠬᠢᠶᠠᠳᠤ ᠪᠥᠭᠡ ᠪᠠᠷᠢᠯᠳᠤᠳᠠᠬ ᠪᠤᠯᠪᠠᠴᠤ ᠬᠥᠯᠤᠨ ᠪᠤᠶᠢᠷ ᠬᠤᠳᠠ ᠪᠠᠷ ᠲᠤᠯᠢᠶᠠᠳᠤ ᠪᠥᠭᠡ ᠪᠠᠷᠢᠯᠳᠤᠵᠥ ᠠᠯᠠᠱᠨ | ᠠᠶᠢᠮᠠᠬ ᠪᠠᠶᠠᠨᠨᠠᠭᠤᠷ ᠬᠤᠳᠠ ᠪᠠ ᠤᠷᠳᠤᠰ ᠬᠤᠳᠠ ᠳᠤ ᠪᠠᠰᠠ ᠪᠥᠰᠡᠯᠡᠬᠦᠷ ᠪᠥᠬᠡ ᠱᠠᠯᠠᠪᠤᠷ ᠪᠥᠭᠡ ᠵᠡᠷᠭᠡ ᠭᠠᠵᠠᠷ | ᠤᠷᠤᠨ ᠤ ᠤᠨᠴᠠᠯᠢᠬᠳᠤ ᠪᠥᠬᠡ ᠪᠠᠷᠢᠯᠳᠤᠵᠥ ᠪᠠᠶᠢᠳᠠᠬ᠃ | ᠰᠤᠷᠪᠤᠯᠵᠢᠯᠠᠬᠴᠢ᠄ ᠮᠤᠩᠭᠤᠯ ᠪᠥᠬᠡ ᠪᠠᠨ ᠵᠠᠯᠠᠭᠤᠴᠤᠤᠨ ᠪᠠᠭᠠᠴᠤᠤᠨ ᠲᠠᠭᠠᠨ ᠶᠠᠭᠠᠬᠢᠵᠥ ᠤᠯᠠᠮᠵᠢᠯᠠᠨ | ᠵᠤᠷᠢᠬᠵᠢᠭᠤᠯᠵᠥ ᠪᠠᠶᠢᠬᠤ ᠪᠢᠯᠠ︖ | ᠮᠥᠡᠭᠭᠡᠳᠦ᠋ᠬᠦᠷᠡᠩ᠄ ᠤᠳᠤᠬᠠᠨ ᠳᠤ ᠬᠤᠰᠢᠭᠤᠨ ᠨᠠᠶᠢᠷ ᠲᠤ ᠲᠡᠷᠢᠬᠦᠯᠡᠪᠡᠯ ᠬᠤᠰᠢᠭᠤᠨ ᠤ ᠵᠠᠩᠭᠢᠶ᠎ᠠ ᠥᠭᠴᠤ᠂ | ᠰᠤᠮᠤᠨ ᠨᠠᠶᠢᠷ ᠲᠤ ᠲᠡᠷᠢᠬᠦᠯᠡᠪᠡᠯ ᠰᠤᠮᠤᠨ ᠤ ᠵᠠᠩᠭᠢᠶ᠎ᠠ ᠥᠭᠴᠤ ᠪᠠᠶᠢᠳᠠᠬ᠂ ᠵᠠᠩᠭᠢᠶᠠᠳᠤ ᠪᠥᠬᠡᠴᠢᠳ ᠠᠴᠠ ᠵᠠᠯᠠᠭᠤ | ᠨᠢᠬᠡ ᠥᠶ᠎ᠠ ᠶᠢᠨ ᠪᠥᠬᠡᠴᠢᠨ ᠢᠶᠠᠨ ᠵᠤᠷᠢᠬᠵᠢᠭᠤᠯᠬᠤ ᠶᠢᠨ ᠲᠥᠯᠥᠭᠡ ᠲᠠᠷᠬᠠᠨ ᠪᠥᠬᠡ ᠶᠢᠨ ᠴᠤᠯᠠ ᠬᠠᠮᠠᠭᠠᠯᠠᠬᠤ | ᠥᠶᠡᠰ ᠲᠡᠭᠡᠨ ᠵᠠᠩᠭᠢᠶ᠎ᠠ ᠪᠠᠨ ᠥᠪᠡᠷ ᠤᠨ ᠲᠤᠭᠤᠳᠠᠬ ᠵᠠᠯᠠᠭᠤ ᠪᠥᠬᠡᠴᠢᠨ ᠳᠤ ᠤᠯᠠᠮᠵᠢᠯᠠᠵᠥ ᠥᠭᠴᠤ ᠪᠠᠶᠢᠳᠠᠬ᠃ | ᠰᠤᠷᠪᠤᠯᠵᠢᠯᠠᠬᠴᠢ᠄ ᠲᠠᠨ ᠢ ᠪᠠᠰᠠ ᠶᠠᠳᠠᠭᠤ ᠬᠥᠴᠢᠷᠳᠠᠯᠳᠠᠢ ᠭᠡᠷ ᠪᠥᠯᠢ ᠶᠢᠨ ᠬᠡᠤᠬᠡᠳ ᠢ ᠲᠤᠰᠠᠯᠠᠳᠠᠬ ᠬᠡᠵᠥ | ᠰᠤᠨᠤᠰᠤᠬᠰᠠᠨ᠂ ᠡᠨᠡ ᠲᠠᠯ᠎ᠠ ᠪᠠᠷ ᠲᠠᠨᠢᠯᠴᠠᠭᠤᠯᠤᠭᠠᠳ ᠥᠭᠭᠦ ᠤᠤ︖ | ᠮᠥᠡᠭᠭᠡᠳᠦ᠋ᠬᠦᠷᠡᠩ᠄ ᠶᠡᠷᠥ ᠨᠢ ᠮᠤᠩᠭᠤᠯ ᠪᠥᠭᠡᠴᠢᠨ ᠪᠤᠯ ᠠᠷᠠᠳ ᠲᠥᠮᠡᠨ ᠤ ᠲᠤᠰᠠ ᠪᠠᠷ ᠤᠷᠤᠰᠢᠨ | ᠲᠤᠬᠳᠠᠨᠢᠵᠥ ᠬᠥᠭᠵᠢᠨ ᠮᠠᠨᠳᠤᠵᠥ ᠪᠠᠶᠢᠳᠠᠬ ᠬᠡᠵᠥ ᠪᠢ ᠥᠵᠡᠳᠡᠭ᠃ ᠤᠴᠢᠷ ᠨᠢ᠂ ᠠᠷᠠᠳ ᠲᠥᠮᠡᠨ ᠪᠢᠳᠠᠨ ᠳᠤ | ᠨᠠᠶᠢᠷ ᠬᠢᠵᠥ ᠥᠭᠬᠦ ᠥᠬᠡᠢ ᠪᠤᠯ ᠮᠠᠨ ᠤ ᠪᠥᠭᠡᠴᠢᠨ ᠤ ᠥᠢᠯᠡᠰ ᠤᠨ ᠰᠠᠭᠤᠷᠢ ᠪᠠᠳᠤᠯᠠᠭ᠎ᠠ ᠪᠠᠶᠢᠬᠤ ᠥᠭᠡᠢ᠃ | ᠡᠶᠢᠮᠥ ᠠᠴᠠ ᠪᠢ 2016 ᠤᠨ ᠤ ᠬᠠᠪᠤᠷ ᠠᠴᠠ ᠡᠬᠢᠯᠡᠨ ᠬᠠᠶᠢᠷ᠎ᠠ ᠬᠠᠯᠠᠮᠵᠢ ᠪᠠᠨ ᠶᠠᠳᠠᠭᠤ ᠬᠥᠴᠢᠷᠳᠠᠯᠳᠠᠢ | ᠬᠡᠤᠬᠡᠳ ᠲᠤ ᠥᠭᠬᠦ ᠪᠠᠷ ︽ᠭᠤᠪᠢ ᠶᠢᠨ ᠨᠠᠷᠠᠨ ᠬᠠᠶᠢᠷ᠎ᠠ ᠬᠠᠯᠠᠮᠵᠢ ᠶᠢᠨ ᠥᠷᠥᠭᠡ︾ ᠪᠠᠨ ᠪᠠᠶᠢᠭᠤᠯᠵᠥ᠂ | ᠬᠤᠰᠢᠭᠤᠨ ᠳᠤ ᠰᠠᠭᠤᠭ᠎ᠠ ᠠᠪᠤ ᠡᠵᠢ ᠨᠢ ᠨᠠᠰᠤ ᠪᠠᠷᠠᠬᠰᠠᠨ ᠬᠡᠤᠬᠡᠳ ᠢ ᠴᠤᠬᠯᠠᠭᠤᠯᠤᠨ ᠲᠠᠰᠬᠠᠯ ᠲᠠᠭᠠᠭᠠᠯᠭᠠᠪᠤᠷᠢ ᠶᠢ | ᠬᠠᠪᠰᠤᠷᠤᠨ ᠬᠢᠵᠥ ᠥᠭᠬᠦ ᠪᠠ ᠶᠠᠳᠠᠭᠤ ᠬᠥᠴᠢᠷᠳᠠᠯᠳᠠᠢ ᠠᠶᠢᠯ ᠡᠷᠥᠭᠡ ᠶᠢᠨ ᠬᠡᠤᠬᠡᠳ ᠢ ᠬᠠᠪᠰᠤᠷᠤᠨ ᠲᠡᠮᠵᠢᠭᠰᠡᠨ | ᠶᠤᠮ᠃ ᠡᠮᠥᠨᠡᠬᠡᠨ ᠤᠯᠠᠭᠠᠨᠬᠠᠳᠠ ᠬᠤᠳᠠ ᠳᠤ ᠬᠥᠴᠤᠨ ᠤ ᠠᠵᠢᠯ ᠬᠢᠵᠥ ᠪᠠᠶᠢᠭ᠎ᠠ ᠨᠢᠬᠡᠨ ᠭᠡᠷ ᠪᠥᠯᠢ ᠶᠢᠨ 15 | ᠨᠠᠰᠤᠳᠠᠢ ᠭᠡᠤᠭᠡᠨ ᠨᠢ ᠶᠠᠰᠤᠨ ᠤ ᠰᠥᠷᠢᠶᠠ ᠡᠪᠡᠳᠴᠢᠨ ᠳᠤ ᠨᠡᠷᠪᠡᠭᠳᠡᠭᠰᠡᠨ ᠢ ᠰᠤᠨᠤᠰᠤᠭᠠᠳ ᠪᠢᠳᠠ ᠪᠠᠷᠢᠨ ᠪᠡᠯᠡ | ᠮᠥᠡᠭᠭᠦ ᠴᠤᠬᠯᠠᠭᠤᠯᠤᠨ ᠬᠠᠪᠰᠤᠷᠤᠬᠰᠠᠨ ᠶᠤᠮ᠃ | ᠰᠤᠷᠪᠤᠯᠵᠢᠯᠠᠬᠴᠢ᠄ ᠬᠠᠶᠢᠷ᠎ᠠ ᠬᠠᠨᠳᠢᠪ ᠤᠨ ᠪᠡᠯᠡ ᠮᠥᠡᠭᠭᠦ ᠶᠢ ᠬᠡᠷᠬᠢᠨ ᠴᠤᠬᠯᠠᠭᠤᠯᠵᠥ ᠪᠠᠶᠢᠬᠤ ᠪᠤᠢ︖ | ᠮᠥᠡᠭᠭᠡᠳᠦ᠋ᠬᠦᠷᠡᠩ᠄ ᠭᠠᠭᠴᠠ ᠬᠥᠮᠥᠨ ᠤ ᠴᠢᠳᠠᠯ ᠬᠡᠳᠤᠢ ᠶᠡᠭᠡ ᠪᠤᠯᠪᠠᠴᠤ ᠵᠤᠭᠤᠰ ᠮᠥᠡᠭᠭᠦ ᠶᠢ ᠴᠤᠬᠯᠠᠭᠤᠯᠬᠤ | ᠲᠠᠯ᠎ᠠ ᠪᠠᠷ ᠬᠠᠮᠳᠤ ᠶᠢᠨ ᠬᠥᠴᠥᠨ ᠢ ᠬᠥᠷᠬᠦ ᠥᠬᠡᠢ ᠪᠠᠶᠢᠳᠠᠬ᠃ ᠴᠤᠬᠯᠠᠭᠤᠯᠬᠤ ᠲᠠᠯ᠎ᠠ ᠪᠠᠷ ᠤᠯᠠᠨ ᠬᠥᠮᠥᠨ ᠢ | ᠲᠥᠰᠢᠭᠯᠡᠬᠦ ᠪᠠ ᠰᠥᠯᠵᠢᠶᠠᠨ ᠤ ᠰᠢᠭᠤᠳ ᠨᠡᠪᠳᠡᠷᠡᠭᠦᠯᠭᠡ ᠪᠠᠷ ᠲᠠᠮᠵᠢᠭᠤᠯᠤᠨ ᠮᠤᠩᠭᠤᠯᠴᠤᠳ ᠢᠶᠠᠨ ᠤᠷᠢᠶᠠᠯᠠᠨ | ᠬᠠᠶᠢᠷ᠎ᠠ ᠬᠠᠨᠳᠢᠪ ᠤᠨ ᠰᠡᠳᠬᠢᠯᠬᠡ ᠪᠠᠨ ᠢᠯᠡᠳᠭᠡᠭᠦ ᠶᠢ ᠬᠥᠰᠡᠬᠦ ᠶᠢᠨ ᠬᠠᠮᠳᠤ ᠬᠠᠶᠢᠷ᠎ᠠ ᠬᠠᠨᠳᠢᠪ ᠤᠨ ᠵᠦᠢᠯᠡᠰ ᠢ | ᠴᠤᠬᠯᠠᠭᠤᠯᠵᠥ ᠪᠠᠶᠢᠳᠠᠬ᠃ | ᠰᠤᠷᠪᠤᠯᠵᠢᠯᠠᠬᠴᠢ᠄ ᠲᠠᠨ ᠤ ᠬᠠᠶᠢᠷ᠎ᠠ ᠬᠠᠨᠳᠢᠪ ᠤᠨ ᠬᠡᠰᠢᠬᠦᠳ ᠤᠯᠠᠨ ᠪᠤᠯᠤᠬᠰᠠᠨ ᠤᠤ︖ | ᠮᠥᠡᠭᠭᠡᠳᠦ᠋ᠬᠦᠷᠡᠩ᠄ ᠤᠳᠤ ᠮᠠᠨ ᠬᠠᠶᠢᠷ᠎ᠠ ᠬᠠᠨᠳᠢᠪ ᠢᠶᠠᠨ ᠡᠷᠬᠦᠬᠦ ᠪᠥᠯᠬᠦᠮ ᠤᠨ ᠬᠥᠮᠥᠨ ᠤ ᠲᠤᠭ᠎ᠠ 2000 | ᠭᠠᠷᠤᠢ ᠪᠤᠯᠵᠥ ᠪᠤᠢ᠃ ᠬᠡᠪᠡᠴᠤ ᠲᠠᠳᠠᠨᠠᠷ ᠪᠤᠯ ᠲᠡᠶᠢᠮᠥ ᠶᠡᠭᠡ ᠵᠤᠭᠤᠰ ᠮᠥᠡᠭᠭᠦ ᠲᠠᠢ ᠬᠥᠮᠥᠰ ᠪᠢᠰᠢ᠂ ᠵᠤᠭᠤᠰ | ᠮᠥᠡᠭᠭᠦ ᠨᠢᠮᠬᠡᠨ ᠪᠤᠯᠪᠠᠴᠤ ᠬᠠᠶᠢᠷ᠎ᠠ ᠬᠠᠯᠠᠮᠵᠢ ᠶᠢᠨ ᠰᠡᠳᠬᠢᠯᠭᠡ ᠪᠠᠷ ᠵᠤᠵᠠᠭᠠᠨ ᠬᠥᠮᠥᠰ ᠪᠤᠯᠬᠤ ᠶᠤᠮ᠃ | ᠰᠤᠷᠪᠤᠯᠵᠢᠯᠠᠬᠴᠢ᠄ ᠡᠨᠡ ᠵᠤᠨ ᠤᠯᠠᠨ ᠨᠠᠶᠢᠷ ᠨᠠᠭᠠᠳᠤᠮ ᠳᠤ ᠤᠷᠤᠯᠴᠠᠬᠰᠠᠨ ᠤᠤ︖ | ᠮᠥᠡᠭᠭᠡᠳᠦ᠋ᠬᠦᠷᠡᠩ᠄ ᠡᠨᠡ ᠵᠤᠨ ᠮᠠᠨ ᠤ ᠥᠢᠷ᠎ᠠ ᠬᠠᠪᠢ ᠶᠢᠨ ᠭᠠᠵᠠᠷ ᠤᠷᠤᠨ ᠨᠤᠳᠤᠬ ᠤᠰᠤ ᠪᠠᠨ | ᠪᠠᠶᠠᠷᠯᠠᠭᠤᠯᠬᠤ ᠡᠬᠦᠳᠡᠨ ᠠᠴᠠ ᠬᠤᠪᠢ ᠬᠥᠮᠥᠨ ᠤ ᠲᠠᠯ᠎ᠠ ᠠᠴᠠ ᠠᠭᠤᠯᠭ᠎ᠠ ᠪᠠᠷ ᠪᠠᠶᠠᠯᠢᠬ ᠨᠠᠶᠢᠷ | ᠨᠠᠭᠠᠳᠤᠮ ᠢ ᠤᠯᠠᠨ ᠶᠠᠪᠤᠬᠳᠠᠭᠤᠯᠤᠬᠰᠠᠨ ᠶᠤᠮ᠃ ᠵᠤᠨ ᠤ ᠭᠤᠷᠪᠠᠨ ᠰᠠᠷ᠎ᠠ ᠳᠤ ᠪᠠᠷᠤᠬ ᠡᠳᠤᠷ ᠪᠤᠯᠭᠠᠨ | ᠪᠥᠬᠡ ᠪᠡᠷᠢᠯᠳᠤᠬᠰᠠᠨ ᠪᠠᠶᠢᠨ᠎ᠠ᠃ | ᠰᠤᠷᠪᠤᠯᠵᠢᠯᠠᠬᠴᠢ᠄ ᠡᠪᠤᠯ ᠤᠨ ᠪᠡᠯᠡᠳᠭᠡᠯ ᠢᠶᠠᠨ ᠬᠡᠵᠢᠶ᠎ᠠ ᠡᠬᠢᠯᠡᠳᠡᠭ ᠪᠤᠢ︖ | ᠮᠥᠡᠭᠭᠡᠳᠦ᠋ᠬᠦᠷᠡᠩ᠄ 11 ᠰᠠᠷ᠎ᠠ ᠠᠴᠠ ᠡᠬᠢᠯᠡᠨ ᠡᠪᠤᠯ ᠤᠨ ᠪᠡᠯᠡᠳᠭᠡᠯ ᠢᠶᠠᠨ ᠰᠢ ᠠᠨ ᠳᠤ ᠤᠴᠢᠵᠥ | ᠪᠤᠯᠪᠠᠰᠤᠷᠠᠯ ᠢᠶᠠᠨ ᠬᠢᠬᠦ ᠪᠤᠯᠬᠤᠷ ᠪᠠᠭᠰᠢ ᠶᠢᠨ ᠵᠠᠬᠢᠶ᠎ᠠ ᠰᠤᠷᠭᠠᠯ ᠢ ᠰᠤᠨᠤᠰᠤᠨ᠎ᠠ᠃ | ᠰᠤᠷᠪᠤᠯᠵᠢᠯᠠᠬᠴᠢ᠄ ᠲᠠ ᠮᠤᠩᠭᠤᠯ ᠪᠥᠬᠡ ᠪᠠᠨ ᠬᠠᠶᠢᠷᠠᠯᠠᠨ ᠪᠠᠷᠢᠯᠳᠤᠳᠠᠬ ᠤᠨ ᠤᠴᠢᠷ︖ | ᠮᠥᠡᠭᠭᠡᠳᠦ᠋ᠬᠦᠷᠡᠩ᠄ ᠮᠤᠩᠭᠤᠯ ᠪᠥᠬᠡ ᠪᠠᠨ ᠰᠠᠶᠢᠳᠤᠷ ᠪᠠᠷᠢᠯᠳᠤᠨ ᠮᠤᠩᠭᠤᠯ ᠰᠤᠶᠤᠯ ᠢᠶᠠᠨ ᠨᠠᠩ ᠤᠯᠠᠨ | ᠬᠥᠮᠥᠨ ᠳᠤ ᠲᠠᠨᠢᠭᠤᠯᠤᠨ ᠮᠤᠩᠭᠤᠯ ᠪᠥᠬᠡ ᠪᠠᠷ ᠢᠶᠠᠨ ᠨᠠᠩ ᠤᠯᠠᠨ ᠲᠠᠢ ᠲᠠᠨᠢᠯᠴᠠᠨ ᠨᠠᠩ ᠤᠯᠠᠨ ᠬᠥᠮᠥᠰ ᠲᠠᠢ | ᠨᠠᠶᠢᠵᠠᠯᠠᠨ ᠨᠥᠬᠦᠷᠯᠡᠵᠥ ᠶᠠᠪᠤᠬᠤ ᠶᠢ ᠪᠤᠳᠤᠵᠥ ᠪᠠᠶᠢᠨ᠎ᠠ᠃ | ᠰᠤᠷᠪᠤᠯᠵᠢᠯᠠᠬᠴᠢ᠄ ᠵᠠᠯᠠᠭᠤ ᠪᠥᠬᠡᠴᠢᠨ ᠤ ᠲᠤᠬᠠᠢ ᠶᠠᠷᠢᠮᠠᠷ ᠵᠦᠢᠯ ᠶᠠᠭᠤ ᠪᠠᠶᠢᠨ᠎ᠠ︖ | ᠮᠥᠡᠭᠭᠡᠳᠦ᠋ᠬᠦᠷᠡᠩ᠄ ᠮᠤᠩᠭᠤᠯ ᠪᠥᠬᠡᠴᠢᠨ ᠤᠯᠠᠨ᠂ ᠬᠡᠪᠡᠴᠤ ᠵᠠᠯᠠᠭᠤ ᠪᠥᠬᠡᠴᠢᠳ ᠨᠢᠬᠡᠳᠤᠯᠳᠠᠢ ᠪᠤᠯᠪᠠᠰᠤᠷᠠᠯ | ᠬᠢᠵᠥ ᠪᠠᠶᠢᠭ᠎ᠠ ᠥᠬᠡᠢ᠃ ᠠᠷᠤ ᠭᠡᠷ ᠤᠨ ᠠᠮᠢᠳᠤᠷᠠᠯ ᠢᠶᠠᠨ ᠲᠦᠪᠬᠢᠨᠠᠬᠦᠯᠬᠦ ᠶᠢᠨ ᠲᠠᠭᠠᠤ ᠤᠷᠤᠯᠳᠤᠭᠠᠨ ᠳᠤ | ᠤᠷᠤᠯᠴᠠᠵᠥ ᠪᠠᠶᠢᠨ᠎ᠠ᠃ ᠠᠷᠤ ᠬᠤᠷᠴᠢᠨ ᠬᠤᠰᠢᠭᠤ ᠪᠠᠷ ᠠᠪᠴᠤ ᠬᠡᠯᠡᠬᠦ ᠳᠤ ᠪᠠᠯᠴᠢᠷᠤᠳ ᠨᠤᠳᠤᠬ ᠲᠠᠢ | ᠪᠠᠶᠠᠰᠬᠤᠯᠠᠩ᠂ ᠵᠢᠭᠠᠰᠤᠳᠠᠢ ᠨᠤᠳᠤᠬ ᠲᠠᠢ ᠠᠮᠢᠨᠪᠦ᠋ᠭᠡ ᠵᠡᠷᠭᠡ ᠪᠡᠶ᠎ᠠ ᠪᠢᠯᠳᠠᠷ ᠰᠠᠶᠢᠳᠠᠢ ᠪᠥᠬᠡ ᠳᠤ ᠪᠠᠭ᠋ᠠᠳᠠᠢ | ᠵᠠᠯᠠᠭᠤᠴᠤᠳ ᠢᠯᠡᠷᠡᠵᠥ ᠪᠠᠶᠢᠨ᠎ᠠ᠃ ᠲᠡᠳᠠᠨᠠᠷ ᠰᠠᠶᠢᠨ ᠴᠢᠷᠮᠠᠶᠢᠪᠠᠯ ᠪᠥᠷ ᠴᠤᠯᠭᠤᠷᠠᠨ ᠭᠠᠷᠬᠤ ᠪᠤᠯᠤᠯᠴᠠᠭ᠎ᠠ ᠲᠠᠢ᠃ | ᠮᠤᠩᠭᠤᠯ ᠪᠥᠬᠡ ᠶᠢ ᠠᠩᠬᠠᠷᠬᠤ ᠬᠥᠮᠥᠰ ᠨᠠᠩ ᠤᠯᠠᠨ ᠪᠤᠯᠤᠬᠰᠠᠨ ᠤ ᠬᠤᠶᠢᠨ᠎ᠠ ᠵᠠᠯᠠᠭᠤ ᠪᠥᠬᠡᠴᠢᠳ ᠬᠠᠮᠳᠤ ᠪᠠᠷ | ᠴᠢᠷᠮᠠᠶᠢᠵᠥ ᠯᠠ ᠪᠠᠶᠢᠪᠠᠯ ᠯᠠᠪᠳᠠᠢ ᠪᠥᠬᠦᠳᠡᠭᠡᠷ ᠨᠢᠬᠡᠳᠴᠤ ᠢᠷᠡᠨ᠎ᠠ ᠬᠡᠳᠡᠭ ᠢ ᠪᠠᠳᠤ ᠢᠳᠡᠭᠡᠵᠥ ᠪᠠᠶᠢᠨ᠎ᠠ᠃ | ᠰᠤᠷᠪᠤᠯᠵᠢᠯᠠᠬᠴᠢ᠄ ᠪᠠᠶᠠᠷᠯᠠᠯ᠎ᠠ︕ |