| ᠨᠠᠶᠢᠵᠠ ᠶᠢᠨ ᠲᠤᠭᠤᠷᠢᠭ ᠢᠶᠠᠷ ᠠᠶᠢᠯᠴᠢᠯᠠᠨ ᠬᠦᠷᠬᠦ ᠳᠤ ᠤᠩᠨᠢᠭᠤᠳ ᠨᠣᠳᠤᠭ ᠤᠨ ᠠᠯᠳᠠᠷᠲᠦ ᠪᠦᠬᠡ | ᠪᠠᠳᠤᠵᠢᠷᠭᠠᠯ ᠢᠯᠡᠭᠡᠭᠰᠡᠨ ᠴᠢᠮᠡᠭᠡ ᠶᠢ ᠦᠵᠡᠭᠡᠳ ᠰᠣᠷᠪᠤᠯᠵᠢᠯᠠᠬᠴᠢ ᠮᠢᠨᠤ ᠪᠡᠶ᠎ᠡ ᠴᠦ ᠶᠡᠭᠡ ᠪᠠᠶᠠᠷᠯᠠᠵᠥ᠂ ᠡᠨᠡᠬᠦ | ᠬᠠᠯᠠᠭᠤᠨ ᠴᠢᠮᠡᠭᠡ ᠶᠢ ᠪᠦᠭᠦᠳᠡ ᠣᠯᠠᠨ ᠲᠠᠢ ᠪᠠᠨ ᠬᠤᠪᠢᠶᠠᠯᠴᠠᠬᠤ ᠬᠡᠮᠡᠨ ᠰᠢᠯᠢ ᠶᠢᠨ ᠭᠤᠣᠯ ᠠᠶᠢᠮᠠᠭ ᠤᠨ | ᠬᠦᠪᠡᠭᠡᠲᠦ ᠰᠢᠷ᠎ᠠ ᠬᠤᠰᠢᠭᠤ ᠪᠠᠷ ᠨᠤᠲᠣᠬᠲᠠᠢ ᠤᠯᠣᠰ ᠤᠨ ᠵᠢᠤᠳᠣᠤ ᠶᠢᠨ ᠰᠢᠭᠰᠢᠭᠡ ᠪᠠᠭ ᠲᠤ ᠰᠤᠷᠢᠭ᠎ᠠ | ᠪᠡᠯᠡᠳᠭᠡᠯ ᠢᠶᠠᠨ ᠬᠢᠵᠥ ᠶᠠᠪᠤᠭ᠎ᠠ ᠴᠢᠨᠳᠠᠭ᠎ᠠ ᠶᠢ ᠵᠢᠷᠭᠢᠭᠡ ᠪᠠᠷ ᠲᠦᠭᠦᠮᠬᠡᠨ ᠰᠤᠷᠪᠣᠯᠵᠢᠯᠠᠬᠰᠠᠨ ᠪᠢᠯᠡ᠃ | ᠲᠤᠬᠠᠢ ᠶᠢᠨ ᠭᠠᠵᠠᠷ ᠤᠨ ᠴᠠᠭ ᠢᠶᠠᠷ᠂ 2 ᠰᠠᠷ᠎ᠠ ᠶᠢᠨ 16 — 17 ᠤ ᠡᠳᠦᠷ ᠪᠤᠯᠳᠠᠯ᠎ᠠ ᠢᠲ᠋ᠠᠯᠢ | ᠤᠯᠣᠰ ᠤᠨ ᠷᠤᠮᠠ ᠬᠤᠲᠠ ᠳᠤ ᠶᠠᠪᠤᠬᠳᠠᠬᠰᠠᠨ ᠡᠸᠦ᠋ᠷᠦᠫᠡ ᠶᠢᠨ ᠰᠢᠷᠢᠰ ᠤᠷᠣᠯᠳᠤᠭᠠᠨ ᠤ ᠢᠲ᠋ᠠᠯᠢ ᠶᠢᠨ | ᠨᠡᠭᠡᠭᠡᠯᠲᠡᠲᠦ ᠬᠤᠪᠢᠶᠠᠷᠢ ᠲᠠᠯᠠᠪᠠᠢ ᠤᠷᠣᠯᠳᠤᠭᠠᠨ ᠤ 73 ᠺᠢᠯᠥᠭᠷᠠᠮ ᠤᠨ ᠳᠡᠰ ᠤᠨ ᠤᠷᠤᠯᠳᠤᠭᠠᠨ ᠳᠤ 59 | ᠤᠷᠣᠯᠴᠠᠬᠴᠢ ᠤᠷᠣᠯᠴᠠᠵᠠᠢ᠃ ᠡᠨᠡᠬᠦ ᠤᠷᠤᠯᠳᠤᠭᠠᠨ ᠤ ᠠᠯᠲᠠᠨ ᠮᠧᠳᠠᠯ ᠤᠨ ᠡᠵᠡᠨ ᠢᠶᠠᠷ ᠲᠤᠳᠣᠷᠠᠬᠰᠠᠨ ᠴᠢᠨᠳᠠᠭ᠎ᠠ᠄ | ︽ᠠᠯᠲᠠᠠ ᠮᠧᠳᠠᠯ ᠠᠪᠴᠥ ᠴᠢᠳᠠᠬᠰᠠᠨ ᠳᠤ ᠪᠠᠨ ᠮᠠᠰᠢ ᠶᠡᠭᠡ ᠪᠠᠶᠠᠷᠯᠠᠵᠥ ᠪᠠᠢᠨ᠎ᠡ᠃ ᠦᠪᠡᠷ ᠤᠨ ᠬᠤᠪᠢ ᠳᠤ | ᠪᠣᠯᠪᠠᠰᠤᠷᠠᠯ ᠰᠤᠷᠢᠭ᠎ᠠ ᠪᠠᠨ ᠰᠠᠶᠢᠨ ᠬᠢᠭᠰᠡᠨ᠂ ᠭᠡᠪᠡᠴᠥ ᠦᠨᠥᠳᠦᠷ ᠤᠨ ᠠᠮᠵᠢᠯᠲᠠ ᠮᠠᠨᠢ ᠠᠪᠤ ᠡᠵᠢ᠂ ᠠᠬᠠᠨ ᠳᠡᠭᠦᠥ | ᠲᠦᠷᠥᠯ ᠰᠠᠳᠤᠨ᠂ ᠳᠠᠰᠬᠠᠯᠵᠢᠭᠤᠯᠣᠬᠴᠢ᠂ ᠬᠠᠮᠲᠦ ᠤᠯᠠᠨ ᠵᠢᠴᠢ ᠨᠠᠮ᠎ᠠ ᠶᠢ ᠳᠡᠮᠵᠢᠳᠡᠭ ᠪᠦᠬᠦ ᠬᠦᠮᠦᠰ ᠤᠨ | ᠳᠡᠮᠵᠢᠯᠭᠡ᠂ ᠵᠣᠷᠢᠬᠵᠢᠭᠤᠯᠣᠯ ᠊ ᠠᠴᠠ ᠰᠠᠯᠵᠥ ᠴᠢᠳᠠᠬᠤ ᠦᠭᠡᠢ ᠶᠤᠮ᠃ ᠡᠶᠢᠮᠦᠷᠬᠦᠥ ᠵᠠᠪᠰᠢᠶᠠᠨ ᠲᠣᠬᠢᠶᠠᠯ ᠢ | ᠣᠯᠭᠤᠬᠰᠠᠨ ᠤᠯᠣᠰ ᠤᠨ ᠵᠢᠣᠳᠤᠣ ᠶᠢᠨ ᠰᠢᠭᠰᠢᠭᠡ ᠪᠠᠭ ᠲᠠᠭᠠᠨ ᠮᠠᠰᠢ ᠶᠡᠭᠡ ᠪᠠᠶᠠᠷᠯᠠᠯ᠎ᠠ︾ ᠭᠡᠵᠦ ᠶᠠᠷᠢᠯ᠎ᠠ᠃ | ︽ᠭᠡᠭᠡᠷ᠎ᠡ ᠶᠢᠨ ᠭᠠᠯᠠᠭᠤ ᠨᠢᠰᠦᠭᠡᠳ ᠬᠦᠷᠬᠦ ᠦᠭᠡᠢ ᠭᠠᠵᠠᠷ ᠠᠴᠠ ᠬᠦᠮᠦᠨ ᠤ ᠬᠦᠥ ᠡᠷᠳᠡᠨᠢ ᠡᠪᠦᠷᠯᠡᠵᠥ | ᠢᠷᠡᠨ᠎ᠡ︾ ᠭᠡᠳᠡᠭᠴᠢᠯᠠᠨ ᠵᠠᠯᠠᠭᠤ ᠲᠠᠮᠢᠷᠴᠢᠨ ᠴᠢᠨᠳᠠᠭ᠎ᠠ ᠲᠠᠭᠠᠨ ᠬᠤᠵᠢᠮ ᠤᠨ ᠤᠷᠤᠯᠳᠤᠭᠠᠨ ᠲᠡᠮᠡᠴᠡᠭᠡᠨ ᠤ ᠬᠢᠨᠢ | ᠦᠠᠳᠦᠷ ᠠᠮᠵᠢᠯᠲᠠ ᠲᠠᠢ ᠪᠠᠷᠢᠯᠳᠤᠵᠥ ᠶᠠᠪᠤᠬᠤ ᠦᠯᠵᠡᠶᠢᠲᠡᠢ ᠵᠦᠩᠨᠡᠯ ᠢ ᠲᠡᠪᠰᠢᠭᠦᠯᠦᠶ᠎ᠡ︕ | | ᠤᠡᠭᠰᠢᠪᠦᠷᠢ᠄ | ᠡᠸᠦ᠋ᠷᠦᠫᠡ ᠶᠢᠨ ᠰᠢᠷᠢᠰ ᠤᠷᠣᠯᠳᠤᠭᠠᠨ ᠤ ᠢᠲ᠋ᠠᠯᠢ ᠶᠢᠨ ᠨᠡᠭᠡᠭᠡᠯᠲᠡᠲᠦ ᠬᠤᠪᠢᠶᠠᠷᠢ ᠲᠠᠯᠠᠪᠠᠢ ᠤᠷᠣᠯᠳᠤᠭᠠᠨ ᠳᠤ | ᠦᠪᠦᠷ ᠮᠤᠩᠭᠤᠯ ᠤᠨ ᠲᠠᠪᠤᠨ ᠤᠷᠤᠯᠴᠠᠬᠴᠢ ᠲᠤᠮᠳᠠᠳᠦ ᠤᠯᠤᠰ ᠢ ᠲᠦᠯᠦᠭᠡᠯᠡᠨ ᠤᠷᠤᠯᠳᠤᠭᠠᠨ ᠳᠤ ᠤᠷᠤᠯᠴᠠᠵᠦ᠂ | ᠰᠠᠶᠢᠨᠵᠢᠷᠭᠠᠯ ᠰᠢᠷᠠᠬᠳᠤᠯ ᠠᠴᠠ ᠪᠤᠯᠵᠦ ᠲᠤᠰ ᠲᠠᠯᠠᠪᠠᠢ ᠤᠷᠤᠯᠳᠤᠭᠠᠨ ᠳᠤ ᠤᠷᠤᠯᠴᠠᠵᠦ ᠲᠡᠶᠢᠯᠦᠭᠰᠡᠨ ᠦᠭᠡᠢ᠃ | ᠴᠢᠨᠳᠠᠭ᠎ᠠ 73 ᠺᠢᠯᠥᠭᠷᠠᠮ ᠤᠨ ᠳᠡᠰ ᠤᠨ ᠠᠯᠲᠠᠨ ᠮᠧᠳᠠᠯ | ᠡᠷᠬᠢᠮᠪᠠᠳᠦ -100 ᠺᠢᠯᠥᠭᠷᠠᠮ ᠤᠨ ᠲᠡᠰ ᠤᠨ ᠮᠦᠡᠭᠬᠦᠨ ᠮᠧᠳᠠᠯ | ᠪᠦᠬᠡᠪᠢᠯᠢᠭ - 90 ᠺᠢᠯᠥᠭᠷᠠᠮ ᠤᠨ ᠲᠡᠰ ᠤᠨ ᠬᠦᠷᠡᠯ ᠮᠧᠳᠠᠯ | ᠵᠠᠯᠰᠠᠩ 81 ᠺᠢᠯᠥᠭᠷᠠᠮ ᠤᠨ ᠲᠡᠰ ᠤᠨ ᠲᠠᠪᠤᠳᠤᠭᠠᠷ | | | | | |