ᠳᠦᠪ ᠬᠤᠷᠢᠶ᠎ᠠ ᠠᠴᠠ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢ ᠳᠦᠪᠯᠡᠷᠡᠬᠦᠯᠦᠨ ᠪᠡᠶ᠎ᠡ ᠶᠢᠨ ᠳᠠᠮᠢᠷ ᠤᠨ ᠠᠵᠢᠯ ᠦᠢᠯᠡᠰ ᠢ ᠳᠡᠮᠵᠢᠬᠦ ᠳᠣᠰᠬᠠᠢ ᠳᠦᠷᠦᠯ ᠤᠨ ᠪᠡᠯᠡ ᠮᠦᠩᠬᠦ ᠶᠢᠨ ᠬᠠᠮᠢᠶᠠᠷᠣᠯᠳᠠ ᠶᠢᠨ ᠠᠷᠭ᠎ᠠ
ᠨᠡᠶᠢᠲᠡᠯᠡᠭᠰᠡᠨ ᠴᠠᠭ᠄
2019/2/18
ᠡᠯ᠎ᠡ ᠮᠣᠵᠢ᠂ ᠦᠪᠡᠷᠳᠡᠬᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠳᠠ ᠶᠢᠨ ᠡᠳ᠋ ᠤᠨ ᠵᠠᠰᠠᠭ ᠤᠨ ᠳᠠᠩᠬᠢᠮ ︵ᠳᠣᠪᠴᠢᠶ᠎ᠠ︶᠂  ᠪᠡᠶ᠎ᠡ ᠶᠢᠨ ᠳᠠᠮᠢᠷ ᠤᠨ ᠳᠣᠪᠴᠢᠶ᠎ᠠ᠂ ᠰᠢᠨᠵᠢᠶᠠᠩ ‍ᠣᠨ‌ᠦᠢᠯᠡᠳᠪᠦᠷᠢᠯᠠᠯ  ᠪᠦᠳᠦᠭᠡᠨ ᠪᠠᠶᠢᠭᠤᠯᠣᠯᠳᠠ  ᠶᠢᠨ ᠪᠢᠩᠲ᠋ᠤᠸᠠᠨ ᠤ ᠡᠳ᠋ ᠤᠨ ᠶᠠᠪᠣᠳᠠᠯ ᠤᠨ ᠳᠣᠪᠴᠢᠶ᠎ᠠ᠂  ᠪᠡᠶ᠎ᠡ ᠶᠢᠨ ᠳᠠᠮᠢᠷ ᠤᠨ ᠳᠣᠪᠴᠢᠶ᠎ᠠ  ᠄     ᠳᠦᠪ ᠬᠤᠷᠢᠶ᠎ᠠ ᠠᠴᠠ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢ ᠳᠦᠪᠯᠡᠷᠡᠬᠦᠯᠦᠨ ᠪᠡᠶ᠎ᠡ ᠶᠢᠨ ᠳᠠᠮᠢᠷ ᠤᠨ ᠠᠵᠢᠯ ᠦᠢᠯᠡᠰ ᠢ ᠳᠡᠮᠵᠢᠬᠦ ᠳᠣᠰᠬᠠᠢ ᠳᠦᠷᠦᠯ ᠤᠨ ᠪᠡᠯᠡ ᠮᠦᠩᠬᠦ ᠶᠢᠨ ᠬᠠᠮᠢᠶᠠᠷᠣᠯᠳᠠ ᠶᠢ ᠳᠦᠷᠢᠮᠵᠢᠬᠦᠯᠤᠨ  ᠴᠢᠩᠭᠠᠳᠬᠠᠵᠣ᠂ ᠪᠡᠯᠡ ᠮᠦᠩᠬᠦ ᠶᠢᠨ ᠬᠡᠷᠡᠭᠯᠡᠬᠡᠨ ᠤ ᠦᠷ᠎ᠡ ᠪᠦᠳᠦᠮᠵᠢ ᠶᠢ ᠨᠡᠮᠡᠭᠳᠡᠬᠦᠯᠬᠦ ᠶᠢᠨ ᠲᠦᠯᠦᠬᠡ᠂ ᠬᠤᠯᠪᠣᠭᠳᠠᠬᠤ ᠳᠦᠷᠢᠮ ᠢ ᠦᠨᠳᠦᠰᠦᠯᠡᠨ᠂ ︽ᠳᠦᠪ ᠬᠤᠷᠢᠶ᠎ᠠ ᠠᠴᠠ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢ ᠳᠦᠪᠯᠡᠷᠡᠬᠦᠯᠦᠨ ᠪᠡᠶ᠎ᠡ ᠶᠢᠨ ᠳᠠᠮᠢᠷ ᠤᠨ ᠠᠵᠢᠯ ᠦᠢᠯᠡᠰ ᠢ ᠳᠡᠮᠵᠢᠬᠦ ᠳᠣᠰᠬᠠᠢ ᠳᠦᠷᠦᠯ ᠤᠨ ᠪᠡᠯᠡ ᠮᠦᠩᠬᠦ ᠶᠢᠨ ᠬᠠᠮᠢᠶᠠᠷᠣᠯᠳᠠ ᠶᠢᠨ ᠠᠷᠭ᠎ᠠ︾ ᠶᠢ ᠭᠠᠷᠭᠠᠭᠰᠠᠨ ᠪᠠᠶᠢᠨ᠎ᠠ᠃ ᠡᠳᠦᠬᠡ ᠳᠠᠷᠣᠮᠠᠯᠯᠠᠨ ᠲᠠ ᠪᠦᠬᠦᠨ ᠳᠤ ᠳᠠᠷᠬᠠᠭᠠᠵᠣ ᠪᠠᠶᠢᠨ᠎ᠠ᠃ ᠵᠢᠷᠣᠮᠯᠠᠨ ᠬᠡᠷᠡᠭᠵᠢᠬᠦᠯᠬᠦ ᠪᠣᠯᠪᠠᠣ︕     ᠳᠠᠭᠠᠯᠳᠣᠭᠤᠯᠣᠭᠰᠠᠨ ᠮᠠᠲ᠋ᠧᠷᠢᠶᠠᠯ  ᠄ ᠳᠦᠪ ᠬᠤᠷᠢᠶ᠎ᠠ ᠠᠴᠠ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢ ᠳᠦᠪᠯᠡᠷᠡᠬᠦᠯᠦᠨ ᠪᠡᠶ᠎ᠡ ᠶᠢᠨ ᠳᠠᠮᠢᠷ ᠤᠨ ᠠᠵᠢᠯ ᠦᠢᠯᠡᠰ ᠢ ᠳᠡᠮᠵᠢᠬᠦ ᠳᠣᠰᠬᠠᠢ ᠳᠦᠷᠦᠯ ᠤᠨ ᠪᠡᠯᠡ ᠮᠦᠩᠬᠦ ᠶᠢᠨ  ᠬᠠᠮᠢᠶᠠᠷᠣᠯᠳᠠ ᠶᠢᠨ ᠠᠷᠭ᠎ᠠ                                  ᠡᠳ᠋ ᠤᠨ ᠵᠠᠰᠠᠭ ᠤᠨ ᠶᠠᠮᠣᠨ                                      ᠣᠯᠣᠰ ᠤᠨ ᠪᠡᠶ᠎ᠡ ᠶᠢᠨ ᠳᠠᠮᠢᠷ ᠤᠨ ᠶᠡᠷᠦᠩᠬᠡᠢ ᠳᠣᠪᠴᠢᠶ᠎ᠠ                                                2013ᠣᠨ ᠤ 12 ᠰᠠᠷ᠎ᠠ ᠶᠢᠨ 23 ᠤ ᠡᠳᠦᠷ                           ᠨᠢᠬᠡᠳᠦᠬᠡᠷ ᠪᠦᠯᠦᠭ        ᠶᠡᠷᠦᠩᠬᠡᠢ ᠳᠦᠷᠢᠮ     ᠨᠢᠬᠡᠳᠦᠬᠡᠷ ᠵᠣᠷᠪᠣᠰ    ᠳᠦᠪ ᠬᠤᠷᠢᠶ᠎ᠠ ᠠᠴᠠ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢ ᠳᠦᠪᠯᠡᠷᠡᠬᠦᠯᠦᠨ ᠪᠡᠶ᠎ᠡ ᠶᠢᠨ ᠳᠠᠮᠢᠷ ᠤᠨ ᠠᠵᠢᠯ ᠦᠢᠯᠡᠰ ᠢ ᠳᠡᠮᠵᠢᠬᠦ ᠳᠣᠰᠬᠠᠢ ᠳᠦᠷᠦᠯ ᠤᠨ ᠪᠡᠯᠡ ᠮᠦᠩᠬᠦ ᠶᠢᠨ  ᠬᠠᠮᠢᠶᠠᠷᠣᠯᠳᠠ ᠶᠢ ᠳᠦᠷᠢᠮᠵᠢᠬᠦᠯᠤᠨ ᠴᠢᠩᠭᠠᠳᠬᠠᠵᠣ᠂ ᠪᠡᠯᠡ ᠮᠦᠩᠬᠦ ᠶᠢ  ᠬᠡᠷᠡᠭᠯᠡᠬᠦ ᠦᠷ᠎ᠡ ᠪᠦᠳᠦᠮᠵᠢ ᠶᠢ ᠨᠡᠮᠡᠭᠳᠡᠬᠦᠯᠬᠦ ᠶᠢᠨ ᠲᠦᠯᠦᠬᠡ᠂  ︽ᠬᠤᠨᠵᠢᠪᠣᠷᠢᠳᠣ ᠰᠣᠭᠤᠯᠤᠭ᠎ᠠ ᠶᠢᠨ ᠬᠠᠮᠢᠶᠠᠷᠣᠯᠳᠠ ᠶᠢᠨ ᠵᠣᠷᠪᠣᠰ︾᠂ ︽ᠬᠤᠨᠵᠢᠪᠣᠷᠢᠳᠣ ᠰᠣᠭᠤᠯᠤᠭ᠎ᠠ ᠶᠢᠨ ᠬᠠᠮᠢᠶᠠᠷᠣᠯᠳᠠ ᠶᠢᠨ ᠵᠣᠷᠪᠣᠰ ᠢ ᠬᠡᠷᠡᠭᠵᠢᠬᠦᠯᠬᠦ ᠨᠠᠷᠢᠨ ᠳᠦᠷᠢᠮ︾ ᠪᠠ ︽ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠵᠢᠨ‌ᠬᠠᠮᠢᠶᠠᠷᠣᠯᠳᠠ ᠶᠢᠨ ᠠᠷᠭ᠎ᠠ ︾( ᠡᠳ᠋ ᠤᠨ ᠵᠠᠰᠠᠭ ᠤᠨ ᠶᠠᠮᠤᠨ ᠵᠡᠷᠭᠡ ᠠᠴᠠ ᠬᠠᠮᠳᠤᠷᠠᠨ ᠭᠠᠷᠭᠠᠭᠰᠠᠨ ﹇2012﹈ 15 ᠳ᠋ᠤᠭᠠᠷ ᠳᠣᠭᠠᠳᠣ ᠪᠢᠴᠢᠭ ᠮᠠᠲ᠋ᠧᠷᠢᠶᠠᠯ )ᠵᠡᠷᠬᠡ ᠬᠠᠤᠯᠢ ᠴᠠᠭᠠᠵᠠ ᠬᠠᠤᠯᠢ ᠳᠦᠷᠢᠮ ᠪᠠ ᠡᠳ᠋ ᠤᠨ ᠵᠠᠰᠠᠭ ᠤᠨ ᠬᠠᠮᠢᠶᠠᠷᠣᠯᠳᠠ ᠵᠢᠨ‌ᠬᠤᠯᠪᠣᠭᠳᠠᠬᠤ ᠳᠦᠷᠢᠮ ᠢ ᠦᠨᠳᠦᠰᠦᠯᠡᠨ᠂ ᠪᠡᠶ᠎ᠡ ᠶᠢᠨ ᠳᠠᠮᠢᠷ ᠤᠨ ᠠᠵᠢᠯ ᠦᠢᠯᠡᠰ ᠤᠨ ᠪᠣᠳᠠᠳᠣ ᠪᠠᠶᠢᠳᠠᠯ ᠲᠠᠢ ᠣᠶᠠᠯᠳᠣᠭᠤᠯᠣᠨ ᠳᠣᠰ ᠠᠷᠭ᠎ᠠ ᠶᠢ ᠭᠠᠷᠭᠠᠭᠰᠠᠨ ᠪᠠᠶᠢᠨ᠎ᠠ᠃        ᠬᠤᠶᠠᠳᠣᠭᠠᠷ ᠵᠣᠷᠪᠣᠰ   ᠳᠣᠰ ᠠᠷᠭ᠎ᠠ ᠳᠤ ᠬᠡᠯᠡᠵᠣ ᠪᠠᠶᠢᠬᠤ ᠳᠦᠪ ᠬᠤᠷᠢᠶ᠎ᠠ ᠠᠴᠠ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢ ᠳᠦᠪᠯᠡᠷᠡᠬᠦᠯᠦᠨ ᠪᠡᠶ᠎ᠡ ᠶᠢᠨ ᠳᠠᠮᠢᠷ ᠤᠨ ᠠᠵᠢᠯ ᠦᠢᠯᠡᠰ ᠢ ᠳᠡᠮᠵᠢᠬᠦ ᠳᠣᠰᠬᠠᠢ ᠳᠦᠷᠦᠯ ᠤᠨ ᠪᠡᠯᠡ ᠮᠦᠩᠬᠦ  ︵ᠳᠣᠷᠣᠭᠰᠢ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠬᠡᠵᠣ  ᠳᠦᠬᠦᠮᠴᠢᠯᠡᠨ᠎ᠡ︶ ᠨᠢ ᠳᠦᠪ ᠬᠤᠷᠢᠶ᠎ᠠ ᠶᠢᠨ ᠡᠳ᠋ ᠤᠨ ᠵᠠᠰᠠᠭ ᠨᠢ ᠳᠦᠪ ᠬᠤᠷᠢᠶ᠎ᠠ  ᠶᠢᠨ ᠳᠦᠪᠯᠡᠷᠡᠬᠦᠯᠦᠭᠰᠡᠨ  ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠵᠢᠨ‌‍ᠲ᠋ᠣᠮᠳᠠ ᠠᠴᠠ ᠪᠡᠶ᠎ᠡ ᠶᠢᠨ ᠳᠠᠮᠢᠷ ᠤᠨ ᠠᠵᠢᠯ ᠦᠢᠯᠡᠰ ‍ᠤᠨ‌‍ᠲ᠋ᠣᠰᠬᠠᠢ ᠳᠦᠷᠦᠯ ᠤᠨ ᠪᠡᠯᠡ ᠮᠦᠩᠬᠦ  ᠪᠣᠯᠭᠠᠨ ᠳᠣᠬᠢᠷᠠᠭᠤᠯᠬᠤ ᠶᠢ ᠵᠢᠭᠠᠨ᠎ᠠ᠃      ᠭᠤᠷᠪᠠᠳᠣᠭᠠᠷ ᠵᠣᠷᠪᠣᠰ   ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ  ᠶᠢᠨ  ᠠᠰᠠᠷᠠᠮᠵᠢ  ᠶᠢᠨ ᠮᠦᠩᠬᠦ ᠶᠢ ᠵᠠᠰᠠᠭ ᠤᠨ  ᠣᠷᠳᠣᠨ ᠤ  ᠴᠢᠨᠠᠷᠳᠠᠢ  ᠰᠠᠭᠤᠷᠢ ᠮᠦᠩᠬᠦᠨ  ᠤ ᠳᠦᠰᠦᠪ  ᠤᠨ ᠬᠠᠮᠢᠶᠠᠷᠣᠯᠳᠠ   ᠳᠤ  ᠣᠷᠣᠭᠤᠯᠣᠨ᠂ ᠳᠣᠰᠬᠠᠢ  ᠮᠦᠩᠬᠦ ᠶᠢ  ᠳᠣᠰᠬᠠᠢ ᠬᠡᠷᠡᠭᠯᠡᠨ᠂ ᠰᠢᠯᠵᠢᠬᠦᠯᠬᠡ  ᠪᠠ  ᠦᠯᠡᠳᠡᠪᠣᠷᠢ  ᠶᠢ ᠳᠦᠷᠢᠮ ᠤᠨ ᠶᠣᠰᠣᠭᠠᠷ ᠬᠡᠷᠡᠭᠯᠡᠨ᠎ᠡ᠃     ᠳᠦᠷᠪᠡᠳᠦᠬᠡᠷ ᠵᠣᠷᠪᠣᠰ   ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠬᠠᠮᠢᠶᠠᠷᠣᠯᠳᠠ  ᠪᠠ ᠬᠡᠷᠡᠭᠯᠡᠯᠳᠠ ᠨᠢ ᠣᠯᠣᠰ ᠤᠨ ᠬᠠᠤᠯᠢ ᠴᠠᠭᠠᠵᠠ ᠬᠠᠤᠯᠢ ᠳᠦᠷᠢᠮ ᠪᠠ ᠡᠳ᠋ ᠤᠨ ᠶᠠᠪᠣᠳᠠᠯ ᠤᠨ ᠳᠦᠷᠢᠮ ᠳᠣᠭᠳᠠᠭᠠᠯ ᠢ ᠳᠦᠪ ᠴᠢᠩᠭ᠎ᠠ ᠪᠠᠷ ᠬᠡᠷᠡᠭᠵᠢᠬᠦᠯᠦᠨ᠂ ᠡᠳ᠋ ᠤᠨ ᠵᠠᠰᠠᠭ᠂ ᠬᠢᠨᠠᠨ ᠪᠣᠳᠣᠯᠳᠠ᠂ ᠪᠡᠶ᠎ᠡ ᠶᠢᠨ ᠳᠠᠮᠢᠷ ᠤᠨ ᠵᠠᠰᠠᠭ ᠵᠠᠬᠢᠷᠭ᠎ᠠ ᠵᠡᠷᠬᠡ ᠪᠠᠶᠢᠭᠤᠯᠣᠯᠭ᠎ᠠ ᠶᠢᠨ ᠬᠢᠨᠠᠯᠳᠠ ᠪᠠᠶᠢᠴᠠᠭᠠᠯᠳᠠ ᠶᠢ ᠬᠦᠯᠢᠶᠡᠨ᠎ᠡ᠃     ᠬᠤᠶᠠᠳᠣᠭᠠᠷ ᠪᠦᠯᠦᠭ   ᠳᠣᠰᠠᠯᠠᠬᠤ ᠬᠦᠷᠢᠶ᠎ᠡ ᠬᠡᠪᠴᠢᠶ᠎ᠡ ᠪᠠ ᠵᠠᠷᠣᠯᠭ᠎ᠠ ᠶᠢᠨ ᠠᠭᠤᠯᠭ᠎ᠠ     ᠳᠠᠪᠣᠳᠣᠭᠠᠷ ᠵᠣᠷᠪᠣᠰ  ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠳᠣᠰᠠᠯᠠᠬᠤ ᠬᠦᠷᠢᠶ᠎ᠡ ᠬᠡᠪᠴᠢᠶ᠎ᠡ ᠳᠤ ᠣᠯᠠᠨ ᠳᠦᠮᠡᠨᠴᠢ ᠪᠡᠶ᠎ᠡ ᠶᠢᠨ ᠳᠠᠮᠢᠷ ᠪᠠ ᠦᠷᠢᠰᠦᠯᠳᠦᠬᠡᠨ ᠤ ᠪᠡᠶ᠎ᠡ ᠶᠢᠨ ᠳᠠᠮᠢᠷ  ᠪᠠᠭᠳᠠᠨ᠎ᠠ᠃ ᠡᠬᠦᠨ ᠳᠤ ᠣᠯᠠᠨ ᠳᠦᠮᠡᠨᠴᠢ ᠪᠡᠶ᠎ᠡ ᠶᠢᠨ ᠳᠠᠮᠢᠷ  ᠳᠤ ᠬᠡᠷᠡᠭᠯᠡᠬᠦ ᠬᠠᠷᠢᠴᠠᠯ ᠨᠢ70% ᠠᠴᠠ  ᠳᠣᠣᠷ᠎ᠠ ᠪᠠᠶᠢᠵᠣ ᠪᠣᠯᠬᠤ ᠦᠬᠡᠢ᠂ ᠦᠷᠢᠰᠦᠯᠳᠦᠭᠡᠨ ᠤ ᠪᠡᠶ᠎ᠡ ᠶᠢᠨ ᠳᠠᠮᠢᠷ ᠳᠤ ᠬᠡᠷᠡᠭᠯᠡᠬᠦ ᠬᠠᠷᠢᠴᠠᠯ   ᠨᠢ 30% ᠠᠴᠠ ᠦᠨᠳᠦᠷ ᠪᠠᠶᠢᠵᠣ ᠪᠣᠯᠬᠤ ᠦᠬᠡᠢ᠃      ᠵᠢᠷᠭᠤᠳᠣᠭᠠᠷ ᠵᠣᠷᠪᠣᠰ   ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠵᠠᠷᠣᠯᠭ᠎ᠠ ᠳᠤ ᠳᠣᠣᠷᠠᠬᠢ ᠠᠭᠤᠯᠭ᠎ᠠ  ᠪᠠᠭᠳᠠᠨ᠎ᠠ᠄      ︵ᠨᠢᠬᠡ︶ ᠣᠯᠠᠨ ᠳᠦᠮᠡᠨᠴᠢ ᠪᠡᠶ᠎ᠡ ᠶᠢᠨ ᠳᠠᠮᠢᠷ ᠤᠨ ᠬᠡᠰᠡᠭ ᠤᠨ ᠬᠡᠷᠡᠭᠯᠡᠭᠡ ᠨᠢ ᠭᠤᠣᠯᠳᠠᠭᠤ᠄      1.ᠣᠯᠠᠨ ᠨᠡᠶᠢᠳᠠ ᠶᠢᠨ ᠪᠡᠶ᠎ᠡ ᠶᠢᠨ ᠳᠠᠮᠢᠷ ᠤᠨ ᠳᠠᠯᠠᠪᠣᠷ᠂ ᠳᠣᠨᠤᠭ ᠳᠦᠬᠦᠬᠡᠷᠣᠮᠵᠢ ᠶᠢ ᠳᠣᠰᠠᠯᠠᠨ ᠪᠠᠶᠢᠭᠤᠯᠬᠤ ᠪᠠ ᠪᠡᠶ᠎ᠡ ᠶᠢᠨ ᠳᠠᠮᠢᠷ ᠤᠨ ᠪᠡᠶ᠎ᠡ ᠪᠣᠯᠪᠠᠰᠣᠷᠠᠬᠤ ᠬᠡᠷᠡᠭᠰᠡᠯ ᠢ ᠬᠠᠨᠳᠢᠪᠯᠠᠬᠤ      2.ᠣᠯᠠᠨ ᠳᠦᠮᠡᠨᠴᠢ ᠪᠡᠶ᠎ᠡ ᠶᠢᠨ ᠳᠠᠮᠢᠷ ᠤᠨ ᠵᠣᠬᠢᠶᠠᠨ ᠪᠠᠶᠢᠭᠤᠯᠣᠯᠳᠠ ᠪᠠ ᠠᠩᠬᠢ ᠨᠢᠬᠡᠴᠡ ᠶᠢᠨ ᠪᠠᠶᠢᠭᠤᠯᠣᠯᠳᠠ ᠶᠢ ᠳᠣᠰᠠᠯᠠᠬᠤ      3. ᠪᠦᠬᠦ ᠠᠷᠠᠳ ᠤᠨ ᠪᠡᠶ᠎ᠡ ᠪᠣᠯᠪᠠᠰᠣᠷᠠᠬᠤ ᠬᠦᠳᠡᠯᠬᠡᠬᠡᠨ ᠢ ᠦᠷᠨᠢᠬᠦᠯᠬᠦ ᠶᠢ ᠳᠣᠰᠠᠯᠠᠬᠤ ᠪᠠ ᠵᠣᠬᠢᠶᠠᠨ ᠪᠠᠶᠢᠭᠤᠯᠬᠤ      4.ᠪᠦᠬᠦ ᠠᠷᠠᠳ ᠤᠨ ᠪᠡᠶ᠎ᠡ ᠪᠣᠯᠪᠠᠰᠣᠷᠠᠬᠤ  ᠰᠢᠨᠵᠢᠯᠡᠬᠦ ᠣᠬᠠᠭᠠᠨ ᠤ ᠰᠣᠳᠣᠯᠠᠭ᠎ᠠ ᠪᠠ ᠣᠬᠠᠭᠤᠯᠭ᠎ᠠ ᠶᠢ ᠦᠷᠨᠢᠬᠦᠯᠬᠦ ᠶᠢ ᠵᠣᠬᠢᠶᠠᠨ ᠪᠠᠶᠢᠭᠤᠯᠬᠤ ︵ᠬᠤᠶᠠᠷ︶ᠦᠷᠢᠰᠦᠯᠳᠦᠬᠡᠨ ᠤ ᠪᠡᠶ᠎ᠡ ᠶᠢᠨ ᠳᠠᠮᠢᠷ ᠤᠨ ᠬᠡᠰᠡᠭ  ᠤᠨ ᠬᠡᠷᠡᠭᠯᠡᠭᠡ ᠨᠢ ᠭᠤᠣᠯᠳᠠᠭᠤ᠄      1. ᠪᠦᠬᠦ ᠣᠯᠣᠰ ᠤᠨ ᠶᠡᠷᠦᠩᠬᠡᠶᠢᠯᠡᠭᠰᠡᠨ ᠴᠢᠨᠠᠷᠳᠠᠢ ᠪᠡᠶ᠎ᠡ ᠶᠢᠨ  ᠳᠠᠮᠢᠷ ᠤᠨ ᠬᠦᠳᠡᠯᠬᠡᠬᠡᠨ ᠢ ᠶᠠᠪᠣᠭᠳᠠᠭᠤᠯᠬᠤ ᠶᠢ ᠳᠣᠰᠠᠯᠠᠬᠤ      2. ᠣᠯᠣᠰ ᠤᠨ ᠠᠩᠬᠢ ᠶᠢᠨ ᠪᠣᠯᠪᠠᠰᠣᠷᠠᠯ ᠬᠢᠬᠦ ᠳᠠᠯᠠᠪᠣᠷ ᠳᠣᠨᠤᠭ ᠳᠦᠬᠦᠬᠡᠷᠣᠮᠵᠢ ᠶᠢᠨ ᠨᠦᠬᠦᠴᠡᠯ ᠢ ᠰᠠᠶᠢᠵᠢᠷᠠᠭᠤᠯᠬᠤ      3. ᠪᠡᠶ᠎ᠡ ᠶᠢᠨ ᠳᠠᠮᠢᠷ ᠤᠨ ᠦᠨᠳᠦᠷ ᠬᠢᠷᠢ ᠳᠦᠪᠰᠢᠨ ᠲᠠᠢ ᠪᠡᠯᠡᠳᠬᠡᠯ ᠴᠢᠳᠠᠪᠣᠷᠢᠳᠠᠨ ᠢ ᠬᠦᠮᠦᠵᠢᠬᠦᠯᠬᠦ ᠳᠤ ᠳᠣᠰᠠᠯᠠᠬᠤ      4. ᠣᠯᠣᠰ ᠤᠨ ᠠᠩᠬᠢ ᠶᠢᠨ  ᠪᠡᠯᠡᠳᠬᠡᠯ ᠪᠠ ᠣᠯᠠᠨ ᠣᠯᠣᠰ ᠤᠨ  ᠶᠡᠷᠦᠩᠬᠡᠶᠢᠯᠡᠭᠰᠡᠨ ᠴᠢᠨᠠᠷᠳᠠᠢ ᠪᠡᠶ᠎ᠡ ᠶᠢᠨ  ᠳᠠᠮᠢᠷ ᠤᠨ ᠬᠦᠳᠡᠯᠬᠡᠬᠡᠨ ᠢ  ᠳᠡᠮᠵᠢᠬᠦ      5.ᠳᠠᠮᠢᠷᠴᠢᠨ ᠤ ᠪᠠᠳᠣᠯᠠᠭ᠎ᠠ ᠶᠢᠨ ᠵᠠᠷᠣᠯᠭ᠎ᠠ ᠶᠢ ᠨᠦᠬᠦᠪᠦᠷᠢᠯᠡᠬᠦ     ᠳᠣᠯᠣᠳᠣᠭᠠᠷ ᠵᠣᠷᠪᠣᠰ  ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢ ᠳᠣᠣᠷᠠᠬᠢ ᠬᠡᠳᠣᠨ ᠲᠠᠯ᠎ᠠ  ᠶᠢᠨ ᠵᠠᠷᠣᠯᠭ᠎ᠠ ᠪᠣᠯᠭᠠᠨ ᠬᠡᠷᠡᠭᠯᠡᠵᠣ ᠪᠣᠯᠬᠤ ᠦᠬᠡᠢ᠄      ︵ᠨᠢᠬᠡ︶ ᠠᠯᠪᠠᠨ ᠶᠠᠪᠣᠳᠠᠯ ᠢᠶᠠᠷ ᠵᠣᠴᠢᠯᠠᠬᠤ      ︵ᠬᠤᠶᠠᠷ︶ ᠠᠯᠪᠠᠨ ᠳᠤ ᠬᠡᠷᠡᠭᠯᠡᠬᠦ ᠮᠠᠰᠢᠨ ᠳᠡᠷᠬᠡ ᠬᠤᠳᠠᠯᠳᠣᠨ ᠠᠪᠬᠤ ᠪᠣᠯᠣᠨ ᠠᠵᠢᠯᠯᠠᠭᠤᠯᠬᠤ      ︵ᠭᠤᠷᠪᠠ︶ ᠡᠯ᠎ᠡ ᠱᠠᠳᠣᠨ ᠤ ᠪᠡᠶ᠎ᠡ ᠶᠢᠨ ᠳᠠᠮᠢᠷ ᠤᠨ ᠵᠠᠰᠠᠭ ᠵᠠᠬᠢᠷᠭᠠᠨ ᠤ ᠪᠠᠶᠢᠭᠤᠯᠣᠯᠭ᠎ᠠ ᠶᠢᠨ ᠵᠠᠰᠠᠭ ᠵᠠᠬᠢᠷᠭᠠᠨ ᠤ ᠵᠠᠷᠣᠯᠭ᠎ᠠ      ︵ᠳᠦᠷᠪᠡ︶ ᠭᠠᠳᠠᠭᠰᠢ ᠪᠡᠯᠡ ᠣᠷᠣᠭᠤᠯᠬᠤ ᠪᠠ ᠪᠣᠰᠣᠳ ᠡᠵᠡᠩᠨᠡᠯᠳᠠ ᠶᠢᠨ ᠴᠢᠨᠠᠷᠳᠠᠢ ᠬᠦᠳᠡᠯᠬᠡᠬᠡᠨ      ᠭᠤᠷᠪᠠᠳᠣᠭᠠᠷ ᠪᠦᠯᠦᠭ    ᠪᠡᠯᠡ ᠮᠦᠩᠬᠦ ᠶᠢᠨ ᠬᠠᠮᠢᠶᠠᠷᠣᠯᠳᠠ      ᠨᠠᠢᠮᠠᠳᠣᠭᠠᠷ ᠵᠣᠷᠪᠣᠰ  ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠳᠦᠰᠦᠪ ᠢ ᠳᠦᠪ ᠬᠤᠷᠢᠶᠠᠨ ᠤ ᠳᠣᠰ ᠱᠠᠳᠣᠨ ᠤ ᠵᠠᠷᠣᠯᠭ᠎ᠠ ᠶᠢᠨ ᠳᠦᠰᠦᠪ ᠪᠠ ᠣᠷᠣᠨ‌ᠨᠣᠳᠤᠭ ᠤᠨ ᠪᠡᠶ᠎ᠡ ᠶᠢᠨ ᠳᠠᠮᠢᠷ ᠤᠨ ᠠᠵᠢᠯ ᠦᠢᠯᠡᠰ ᠢ ᠳᠡᠮᠵᠢᠬᠦ ᠵᠠᠷᠣᠯᠭ᠎ᠠ ᠶᠢᠨ ᠳᠦᠰᠦᠪ ᠬᠡᠵᠣ ᠬᠤᠶᠠᠷ ᠬᠡᠰᠡᠭ ᠲᠤ ᠬᠤᠪᠢᠶᠠᠨ᠎ᠠ᠃ ᠳᠦᠪ ᠬᠤᠷᠢᠶ᠎ᠠ ᠶᠢᠨ ᠳᠣᠰ ᠱᠠᠳᠣᠨ ᠤ ᠵᠠᠷᠣᠯᠭ᠎ᠠ ᠶᠢᠨ ᠳᠦᠰᠦᠪ ᠢ ᠪᠠᠶᠢᠭᠤᠯᠣᠯᠭ᠎ᠠ ᠶᠢᠨ ᠳᠦᠰᠦᠪ ᠤᠨ ᠬᠠᠮᠢᠶᠠᠷᠣᠯᠳᠠ ᠳᠤ ᠣᠷᠣᠭᠤᠯᠣᠨ᠎ᠠ᠃ᠣᠷᠣᠨ‌ᠨᠣᠳᠤᠭ ᠤᠨ ᠪᠡᠶ᠎ᠡ ᠶᠢᠨ ᠳᠠᠮᠢᠷ ᠤᠨ ᠠᠵᠢᠯ ᠦᠢᠯᠡᠰ ᠢ ᠳᠡᠮᠵᠢᠬᠦ ᠵᠠᠷᠣᠯᠭ᠎ᠠ ᠶᠢᠨ ᠳᠦᠰᠦᠪ ᠢ ᠳᠦᠪ ᠬᠤᠷᠢᠶᠠᠨ ᠠᠴᠠ ᠣᠷᠣᠨ ᠨᠣᠳᠤᠭ ᠲᠤ ᠰᠢᠯᠵᠢᠬᠦᠯᠦᠨ ᠳᠦᠯᠦᠬᠦ ᠳᠦᠰᠦᠪ ᠤᠨ ᠬᠠᠮᠢᠶᠠᠷᠣᠯᠳᠠ ᠳᠤ ᠣᠷᠣᠭᠤᠯᠣᠨ᠎ᠠ᠃     ᠶᠢᠰᠦᠳᠦᠭᠡᠷ ᠵᠣᠷᠪᠣᠰ   ᠳᠦᠪ ᠬᠤᠷᠢᠶᠠᠨ ᠤ ᠳᠣᠰ ᠱᠠᠳᠣᠨ ᠤ ᠵᠠᠷᠣᠯᠭ᠎ᠠ ᠶᠢᠨ ᠳᠦᠰᠦᠪ ᠢ ᠨᠠᠶᠢᠷᠠᠭᠤᠯᠬᠤ ᠪᠠ ᠵᠦᠪᠰᠢᠶᠡᠷᠡᠬᠦ ᠳᠤ ᠡᠳ᠋ ᠤᠨ ᠵᠠᠰᠠᠭ ᠤᠨ ᠶᠠᠮᠣᠨ ᠤ ᠪᠠᠶᠢᠭᠤᠯᠣᠯᠭ᠎ᠠ ᠶᠢᠨ ᠳᠦᠰᠦᠪ ᠤᠨ ᠬᠠᠮᠢᠶᠠᠷᠣᠯᠳᠠ ᠶᠢᠨ ᠳᠦᠷᠢᠮ ᠢ ᠦᠨᠳᠦᠰᠦᠯᠡᠨ ᠬᠡᠷᠡᠭᠵᠢᠬᠦᠯᠦᠨ᠎ᠠ᠃     ᠠᠷᠪᠠᠳᠣᠭᠠᠷ ᠵᠣᠷᠪᠣᠰ   ᠣᠷᠣᠨ‌ᠨᠣᠳᠤᠭ ᠤᠨ ᠪᠡᠶ᠎ᠡ ᠶᠢᠨ ᠳᠠᠮᠢᠷ ᠤᠨ ᠠᠵᠢᠯ ᠦᠢᠯᠡᠰ ᠢ ᠳᠡᠮᠵᠢᠬᠦ ᠵᠠᠷᠣᠯᠭ᠎ᠠ ᠶᠢᠨ ᠳᠦᠰᠦᠪ ᠢ ᠮᠡᠳᠡᠬᠦᠯᠬᠦ ᠪᠠ ᠵᠦᠪᠰᠢᠶᠡᠷᠡᠬᠦ ᠶᠠᠪᠣᠴᠠ ᠳᠣᠣᠷᠠᠬᠢ ᠮᠡᠨᠳᠦ᠄     ︵ᠨᠢᠬᠡ︶ ᠮᠣᠵᠢ ᠶᠢᠨ ᠳᠡᠰ ᠤᠨ ᠡᠳ᠋ ᠤᠨ ᠵᠠᠰᠠᠭ ᠤᠨ  ᠪᠠᠶᠢᠭᠤᠯᠣᠯᠭ᠎ᠠ ᠪᠠ ᠮᠣᠵᠢ ᠵᠢᠨ‌‍ᠲ᠋ᠡᠰ ᠤᠨ  ᠪᠡᠶ᠎ᠡ ᠶᠢᠨ ᠳᠠᠮᠢᠷ ᠤᠨ ᠵᠠᠰᠠᠭ ᠵᠠᠬᠢᠷᠭᠠᠨ ᠤ  ᠪᠠᠶᠢᠭᠤᠯᠣᠯᠭ᠎ᠠ  ᠵᠢᠯ ᠪᠣᠯᠭᠠᠨ ᠤ 3 ᠰᠠᠷ᠎ᠠ ᠶᠢᠨ ᠰᠡᠬᠦᠯᠴᠢ ᠠᠴᠠ ᠡᠮᠣᠨ᠎ᠠ ᠬᠤᠯᠪᠣᠭᠠᠯᠠᠨ ᠳᠦᠷᠦᠯ ᠵᠦᠢᠯ ᠤᠨ ᠭᠤᠶᠣᠴᠢᠯᠠᠯ ᠢ ᠬᠠᠩᠭᠠᠵᠣ᠂ ᠡᠳ᠋ ᠤᠨ ᠵᠠᠰᠠᠭ ᠤᠨ  ᠶᠠᠮᠣᠨ ᠪᠠ ᠣᠯᠣᠰ ᠤᠨ ᠪᠡᠶ᠎ᠡ ᠶᠢᠨ ᠳᠠᠮᠢᠷ ᠤᠨ ᠶᠡᠷᠦᠩᠬᠡᠢ ᠳᠣᠪᠴᠢᠶ᠎ᠠ ᠳᠤ ᠮᠡᠳᠡᠬᠦᠯᠦᠨ᠎ᠠ᠃ ᠳᠦᠷᠦᠯ ᠵᠦᠢᠯ ᠢ ᠭᠤᠶᠣᠴᠢᠯᠠᠬᠤ ᠮᠠᠲ᠋ᠧᠷᠢᠶᠠᠯ  ᠳᠤ ᠳᠦᠷᠦᠯ ᠵᠦᠢᠯ ᠤᠨ ᠭᠤᠶᠣᠴᠢᠯᠠᠯ ᠤᠨ ᠪᠢᠴᠢᠭ᠂ ᠳᠦᠷᠦᠯ ᠵᠦᠢᠯ ᠤᠨ ᠪᠣᠯᠣᠮᠵᠢᠳᠣ ᠰᠣᠳᠣᠯᠭᠠᠨ ᠤ ᠮᠡᠳᠡᠬᠦᠯᠦᠯᠳᠠ᠂ ᠳᠦᠷᠦᠯ ᠵᠦᠢᠯ ᠤᠨ ᠬᠡᠷᠡᠭᠵᠢᠬᠦᠯᠬᠦ ᠳᠦᠰᠦᠯ ᠪᠠᠭᠳᠠᠪᠠᠯ ᠵᠣᠬᠢᠨ᠎ᠠ᠃     ︵ᠬᠤᠶᠠᠷ︶ ᠣᠯᠣᠰ  ᠤᠨ  ᠪᠡᠶ᠎ᠡ ᠶᠢᠨ ᠳᠠᠮᠢᠷ ᠤᠨ ᠶᠡᠷᠦᠩᠬᠡᠢ ᠳᠣᠪᠴᠢᠶ᠎ᠠ  ᠪᠦᠬᠦ ᠣᠯᠣᠰ ᠤᠨ ᠪᠡᠶ᠎ᠡ ᠶᠢᠨ ᠳᠠᠮᠢᠷ ᠤᠨ ᠠᠵᠢᠯ ᠦᠢᠯᠡᠰ ᠤᠨ ᠬᠦᠭᠵᠢᠯᠳᠠ ᠶᠢᠨ ᠪᠠᠶᠢᠳᠠᠯ ᠪᠠ ᠳᠡᠬᠡᠷ᠎ᠡ ᠨᠢᠬᠡ ᠵᠢᠯ ᠤᠨ ᠳᠦᠰᠦᠪ ᠤᠨ ᠬᠡᠷᠡᠭᠵᠢᠬᠦᠯᠦᠯᠳᠠ ᠶᠢᠨ ᠪᠠᠶᠢᠳᠠᠯ ᠢ ᠦᠨᠳᠦᠰᠦᠯᠡᠨ᠂ ᠡᠯ᠎ᠡ ᠭᠠᠵᠠᠷ ᠤᠨ ᠮᠡᠳᠡᠬᠦᠯᠦᠭᠰᠡᠨ ᠳᠦᠷᠦᠯ ᠵᠦᠢᠯ ᠢ  ᠬᠢᠨᠠᠨ ᠬᠠᠷᠭᠤᠭᠤᠯᠵᠣ᠂ ᠡᠳ᠋ ᠤᠨ ᠵᠠᠰᠠᠭ ᠤᠨ  ᠶᠠᠮᠣᠨ   ᠲᠠᠢ ᠬᠠᠮᠳᠣ ᠪᠡᠯᠡ ᠮᠦᠩᠬᠦ ᠶᠢᠨ ᠬᠤᠪᠢᠶᠠᠷᠢᠯᠠᠯᠳᠠ ᠶᠢᠨ ᠵᠠᠷᠴᠢᠮ ᠢ ᠪᠠᠳᠣᠯᠠᠵᠣ᠂ ᠭᠠᠵᠠᠷ ᠣᠷᠣᠨ  ᠬᠤᠪᠢᠶᠠᠨ  ᠰᠠᠨᠠᠭᠤᠯᠭ᠎ᠠ  ᠳᠣᠷᠠᠳᠣᠨ ᠡᠳ᠋ ᠤᠨ ᠵᠠᠰᠠᠭ ᠤᠨ  ᠶᠠᠮᠣᠨ   ᠳᠤ ᠮᠡᠳᠡᠬᠦᠯᠦᠨ᠎ᠠ᠃     ︵ᠭᠤᠷᠪᠠ︶ ᠡᠳ᠋ ᠤᠨ ᠵᠠᠰᠠᠭ ᠤᠨ ᠶᠠᠮᠣᠨ ᠳᠣᠬᠠᠢ ᠶᠢᠨ ᠵᠢᠯ ᠤᠨ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ  ᠳᠦᠰᠦᠪ ᠤᠨ ᠪᠠᠶᠢᠳᠠᠯ ᠢ ᠦᠨᠳᠦᠰᠦᠯᠡᠨ᠂ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ  ᠳᠣᠰᠠᠯᠠᠬᠤ ᠳᠦᠰᠦᠯ ᠢ ᠪᠠᠳᠣᠯᠠᠨ᠂ ᠳᠦᠰᠦᠪ ᠢ ᠮᠣᠵᠢ ᠶᠢᠨ ᠳᠡᠰ ‍ᠦᠨ‌ᠡᠳ᠋ ᠤᠨ ᠵᠠᠰᠠᠭ ᠤᠨ  ᠪᠠᠶᠢᠭᠤᠯᠣᠯᠭ᠎ᠠ ᠳᠤ ᠳᠠᠮᠵᠢᠭᠤᠯᠣᠨ᠂ ᠡᠬᠦᠨ ᠤ ᠵᠡᠷᠬᠡᠪᠡᠷ ᠣᠯᠣᠰ ᠤᠨ ᠪᠡᠶ᠎ᠡ ᠶᠢᠨ ᠳᠠᠮᠢᠷ ᠤᠨ ᠶᠡᠷᠦᠩᠬᠡᠢ ᠳᠣᠪᠴᠢᠶ᠎ᠠ ᠪᠠ ᠮᠣᠵᠢ ᠵᠢᠨ‌‍ᠲ᠋ᠡᠰ ᠤᠨ  ᠪᠡᠶ᠎ᠡ ᠶᠢᠨ ᠳᠠᠮᠢᠷ ᠤᠨ ᠵᠠᠰᠠᠭ ᠵᠠᠬᠢᠷᠭᠠᠨ ᠤ  ᠪᠠᠶᠢᠭᠤᠯᠣᠯᠭ᠎ᠠ   ᠳᠤ ᠬᠦᠷᠬᠡᠨ᠎ᠡ᠃     ᠠᠷᠪᠠᠨ ᠨᠢᠬᠡᠳᠦᠬᠡᠷ ᠵᠣᠷᠪᠣᠰ   ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠳᠦᠰᠦᠪ ᠢ ᠵᠦᠪᠰᠢᠶᠡᠷᠡᠭᠰᠡᠨ ᠪᠣᠯ ᠳᠦᠪ ᠭᠤᠣᠯᠴᠢ ᠪᠠᠷ ᠬᠡᠷᠡᠭᠵᠢᠬᠦᠯᠪᠡᠯ  ᠵᠣᠬᠢᠵᠣ᠂ ᠳᠣᠷ᠎ᠠ ᠪᠠᠷ ᠵᠣᠬᠢᠴᠠᠭᠤᠯᠵᠣ ᠪᠣᠯᠬᠤ ᠦᠬᠡᠢ᠃ ᠬᠡᠷᠪᠡ ᠵᠣᠬᠢᠴᠠᠭᠤᠯᠬᠤ ᠱᠠᠭᠠᠷᠳᠠᠯᠭ᠎ᠠ ᠲᠠᠢ ᠪᠣᠯ᠂ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠳᠦᠰᠦᠪ ᠤᠨ ᠬᠠᠮᠢᠶᠠᠷᠣᠯᠳᠠ ᠶᠢᠨ ᠬᠤᠯᠪᠣᠭᠳᠠᠬᠤ ᠳᠣᠭᠳᠠᠭᠠᠯ ᠢ ᠦᠨᠳᠦᠰᠦᠯᠡᠨ᠂ ᠳᠦᠪ ᠬᠤᠷᠢᠶᠠᠨ ᠤ ᠳᠣᠰ ᠱᠠᠳᠣᠨ ᠤ ᠵᠠᠷᠣᠯᠭ᠎ᠠ ᠶᠢᠨ ᠳᠦᠰᠦᠪ ᠢ ᠣᠯᠣᠰ ᠤᠨ ᠪᠡᠶ᠎ᠡ ᠶᠢᠨ ᠳᠠᠮᠢᠷ ᠤᠨ ᠶᠡᠷᠦᠩᠬᠡᠢ ᠳᠣᠪᠴᠢᠶ᠎ᠠ  ᠠᠴᠠ ᠨᠢᠬᠡᠳᠦᠯᠳᠠᠢ ᠪᠠᠷ ᠡᠳ᠋ ᠤᠨ ᠵᠠᠰᠠᠭ ᠤᠨ  ᠶᠠᠮᠣᠨ ᠳᠤ ᠮᠡᠳᠡᠬᠦᠯᠦᠨ ᠵᠦᠪᠰᠢᠶᠡᠷᠡᠬᠦᠯᠦᠭᠰᠡᠨ ᠳᠠᠷᠠᠭ᠎ᠠ ᠬᠡᠷᠡᠭᠵᠢᠬᠦᠯᠵᠣ᠂ ᠣᠷᠣᠨ‌ᠨᠣᠳᠤᠭ ᠤᠨ ᠪᠡᠶ᠎ᠡ ᠶᠢᠨ ᠳᠠᠮᠢᠷ ᠤᠨ ᠠᠵᠢᠯ ᠦᠢᠯᠡᠰ  ᠳᠤ ᠳᠣᠰᠠᠯᠠᠬᠤ ᠵᠠᠷᠣᠯᠭ᠎ᠠ ᠶᠢᠨ ᠳᠦᠰᠦᠪ  ᠢ ᠮᠣᠵᠢ ᠶᠢᠨ ᠳᠡᠰ ᠤᠨ  ᠵᠠᠰᠠᠭ ᠵᠠᠬᠢᠷᠭᠠᠨ ᠤ ᠪᠠᠶᠢᠭᠤᠯᠣᠯᠭ᠎ᠠ ᠠᠴᠠ ᠠᠳᠠᠯᠢ ᠳᠡᠰ ‍ᠦᠨ‌ᠡᠳ᠋ ᠤᠨ ᠵᠠᠰᠠᠭ ᠤᠨ ᠪᠠᠶᠢᠭᠤᠯᠣᠯᠭ᠎ᠠ ᠳᠤ ᠮᠡᠳᠡᠬᠦᠯᠦᠨ ᠵᠦᠪᠰᠢᠶᠡᠷᠡᠬᠦᠯᠦᠭᠰᠡᠨ ᠳᠠᠷᠠᠭ᠎ᠠ ᠬᠡᠷᠡᠭᠵᠢᠬᠦᠯᠵᠣ᠂ ᠡᠳ᠋ ᠤᠨ ᠵᠠᠰᠠᠭ ᠤᠨ ᠶᠠᠮᠣᠨ  ᠪᠠ ᠣᠯᠣᠰ ᠤᠨ ᠪᠡᠶ᠎ᠡ ᠶᠢᠨ ᠳᠠᠮᠢᠷ ᠤᠨ ᠶᠡᠷᠦᠩᠬᠡᠢ ᠳᠣᠪᠴᠢᠶ᠎ᠠ ᠳᠤ ᠮᠡᠳᠡᠬᠦᠯᠦᠨ ᠳᠠᠩᠰᠠᠨ ᠳᠤ ᠳᠡᠮᠳᠡᠭᠯᠡᠨ᠎ᠡ᠃     ᠠᠷᠪᠠᠨ‌ᠬᠤᠶᠠᠳᠣᠭᠠᠷ ᠵᠣᠷᠪᠣᠰ    ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠵᠣᠭᠤᠰ ᠳᠦᠯᠦᠬᠦ ᠳᠤ ᠡᠳ᠋ ᠤᠨ ᠵᠠᠰᠠᠭ ᠤᠨ ᠣᠯᠣᠰ ᠤᠨ ᠬᠦᠮᠦᠷᠬᠡ ᠶᠢᠨ ᠬᠠᠮᠢᠶᠠᠷᠣᠯᠳᠠ ᠶᠢᠨ ᠳᠦᠷᠢᠮ ᠤᠨ ᠬᠤᠯᠪᠣᠭᠳᠠᠬᠤ ᠳᠦᠷᠢᠮ ᠢ ᠦᠨᠳᠦᠰᠦᠯᠡᠨ  ᠬᠡᠷᠡᠭᠵᠢᠬᠦᠯᠦᠨ᠎ᠠ᠃ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠬᠡᠷᠡᠭᠯᠡᠬᠡᠨ ᠤ ᠶᠠᠪᠣᠴᠠ ᠳᠣᠮᠳᠠ ᠵᠠᠰᠠᠭ ᠤᠨ ᠣᠷᠳᠣᠨ ᠤ ᠬᠤᠳᠠᠯᠳᠣᠨ ᠠᠪᠣᠯᠳᠠ ᠲᠠᠢ ᠬᠤᠯᠪᠣᠭᠳᠠᠭᠰᠠᠨ ᠪᠣᠯ ᠵᠠᠰᠠᠭ ᠤᠨ ᠣᠷᠳᠣᠨ ᠤ ᠬᠤᠳᠠᠯᠳᠣᠨ  ᠠᠪᠬᠤ ᠬᠤᠯᠪᠣᠭᠳᠠᠬᠤ ᠳᠦᠷᠢᠮ ᠢ ᠦᠨᠳᠦᠰᠦᠯᠡᠨ ᠬᠡᠷᠡᠭᠵᠢᠬᠦᠯᠦᠨ᠎ᠠ᠃     ᠠᠷᠪᠠᠨ ᠭᠤᠷᠪᠠᠳᠣᠭᠠᠷ ᠵᠣᠷᠪᠣᠰ    ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠪᠠᠷ ᠪᠦᠷᠢᠯᠳᠦᠭᠰᠡᠨ ᠰᠢᠯᠵᠢᠬᠦᠯᠦᠭᠰᠡᠨ ᠪᠡᠯᠡ ᠮᠦᠩᠬᠦ ᠶᠢ ᠳᠠᠷᠠᠭ᠎ᠠ ᠨᠢᠬᠡ ᠵᠢᠯ  ᠳᠤ ᠰᠢᠯᠵᠢᠬᠦᠯᠵᠣ ᠳᠦᠰᠦᠪ ᠤᠨ  ᠴᠣᠬᠤᠯᠠᠪᠣᠷᠢ ᠶᠢ ᠦᠨᠳᠦᠰᠦᠯᠡᠨ ᠦᠷᠬᠦᠯᠵᠢᠯᠡᠨ ᠬᠡᠷᠡᠭᠯᠡᠨ᠎ᠡ᠃ ᠳᠦᠪ ᠬᠤᠷᠢᠶᠠᠨ ᠤ ᠳᠣᠰ ᠱᠠᠳᠣᠨ ᠤ  ᠦᠯᠡᠳᠡᠭᠰᠡᠨ ᠪᠡᠯᠡ ᠮᠦᠩᠬᠦ ᠶᠢ ᠡᠳ᠋ ᠤᠨ ᠵᠠᠰᠠᠭ ᠤᠨ ᠶᠠᠮᠣᠨ  ᠳᠤ ᠮᠡᠳᠡᠬᠦᠯᠦᠨ ᠵᠦᠪᠰᠢᠶᠡᠷᠡᠬᠦᠯᠦᠭᠰᠡᠨ ᠳᠠᠷᠠᠭ᠎ᠠ ᠬᠡᠷᠡᠭᠯᠡᠨ᠎ᠡ᠃ ᠣᠷᠣᠨ ᠨᠣᠳᠤᠭ ᠲᠤ ᠳᠣᠰᠠᠯᠠᠬᠤ ᠦᠯᠡᠳᠡᠭᠰᠡᠨ ᠪᠡᠯᠡ ᠮᠦᠩᠬᠦ ᠶᠢ ᠳᠣᠰ ᠠᠷᠭ᠎ᠠ ᠶᠢᠨ ᠳᠦᠷᠢᠮ ᠤᠨ ᠬᠦᠷᠢᠶ᠎ᠡ ᠬᠡᠪᠴᠢᠶᠡᠨ ᠳᠣᠳᠣᠷ᠎ᠠ‌ᠮᠣᠵᠢ ᠶᠢᠨ ᠳᠡᠰ ‍ᠦᠨ‌ᠡᠳ᠋ ᠤᠨ ᠵᠠᠰᠠᠭ ᠤᠨ  ᠪᠠᠶᠢᠭᠤᠯᠣᠯᠭ᠎ᠠ ᠠᠴᠠ ᠠᠳᠠᠯᠢ ᠳᠡᠰ ‍ᠦᠨ‌ᠡᠳ᠋ ᠤᠨ ᠵᠠᠰᠠᠭ ᠤᠨ ᠪᠠᠶᠢᠭᠤᠯᠣᠯᠭ᠎ᠠ ᠳᠤ ᠮᠡᠳᠡᠬᠦᠯᠦᠨ ᠵᠦᠪᠰᠢᠶᠡᠷᠡᠬᠦᠯᠦᠭᠰᠡᠨ  ᠳᠠᠷᠠᠭ᠎ᠠ ᠬᠡᠷᠡᠭᠯᠡᠵᠣ ᠂ ᠡᠳ᠋ ᠤᠨ ᠵᠠᠰᠠᠭ ᠤᠨ ᠶᠠᠮᠣᠨ  ᠪᠠ ᠣᠯᠣᠰ ᠤᠨ ᠪᠡᠶ᠎ᠡ ᠶᠢᠨ ᠳᠠᠮᠢᠷ ᠤᠨ ᠶᠡᠷᠦᠩᠬᠡᠢ ᠳᠣᠪᠴᠢᠶ᠎ᠠ ᠳᠤ ᠮᠡᠳᠡᠬᠦᠯᠦᠨ ᠳᠠᠩᠰᠠᠨ ᠳᠤ ᠳᠡᠮᠳᠡᠭᠯᠡᠨ᠎ᠡ᠃    ᠠᠷᠪᠠᠨ  ᠳᠦᠷᠪᠡᠳᠦᠬᠡᠷ ᠵᠣᠷᠪᠣᠰ  ᠳᠠᠷᠠᠭᠠᠯᠠᠨ ᠬᠤᠶᠠᠷ ᠵᠢᠯ ᠬᠡᠷᠡᠭᠯᠡᠭᠰᠡᠨ ᠦᠬᠡᠢ ᠪᠣᠶᠣ ᠳᠠᠷᠠᠭᠠᠯᠠᠨ ᠭᠤᠷᠪᠠᠨ ᠵᠢᠯ ᠪᠡᠶᠡᠯᠡᠬᠦᠯᠦᠭᠰᠡᠨ ᠦᠬᠡᠢ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠳᠦᠰᠦᠪ ᠤᠨ ᠳᠦᠷᠦᠯ ᠵᠦᠢᠯ ᠤᠨ ᠪᠠᠶᠢᠭᠤᠯᠣᠯᠭ᠎ᠠ᠂ ᠡᠳ᠋ ᠤᠨ ᠵᠠᠰᠠᠭ ᠤᠨ ᠶᠠᠮᠣᠨ  ᠪᠠ ᠣᠯᠣᠰ ᠤᠨ ᠪᠡᠶ᠎ᠡ ᠶᠢᠨ ᠳᠠᠮᠢᠷ ᠤᠨ ᠶᠡᠷᠦᠩᠬᠡᠢ ᠳᠣᠪᠴᠢᠶ᠎ᠠ ᠳᠠᠷᠠᠭ᠎ᠠ ᠵᠢᠯ ᠤᠨ ᠳᠣᠰ ᠪᠠᠶᠢᠭᠤᠯᠣᠯᠭ᠎ᠠ ᠶᠢᠨ ᠠᠳᠠᠯᠢ ᠳᠦᠷᠦᠯ ᠤᠨ ᠳᠦᠷᠦᠯ ᠵᠦᠢᠯ ‍ᠦᠨ‌ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠳᠦᠰᠦᠪ ᠢ ᠳᠣᠬᠢᠷᠠᠭᠤᠯᠬᠤ ᠶᠢ ᠵᠣᠭᠰᠣᠭᠠᠵᠣ ᠪᠣᠯᠣᠨ᠎ᠠ᠃    ᠠᠷᠪᠠᠨ ᠳᠠᠪᠣᠳᠣᠭᠠᠷ ᠵᠣᠷᠪᠣᠰ   ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠳᠣᠰᠠᠯᠠᠭᠰᠠᠨ ᠦᠨᠳᠦᠰᠦᠨ ᠪᠦᠳᠦᠬᠡᠨ ᠪᠠᠶᠢᠭᠤᠯᠣᠯᠳᠠ ᠶᠢᠨ ᠳᠦᠬᠦᠬᠡᠷᠦᠮᠵᠢ᠂ ᠳᠣᠨᠤᠭ ᠳᠦᠬᠦᠬᠡᠷᠦᠮᠵᠢ ᠪᠣᠶᠣ ᠨᠡᠶᠢᠬᠡᠮ ᠤᠨ ᠨᠡᠶᠢᠳᠠ ᠶᠢᠨ ᠠᠰᠠᠷᠠᠮᠵᠢ ᠶᠢᠨ ᠬᠦᠳᠡᠯᠬᠡᠬᠡᠨ ᠨᠢ ᠳᠣᠪᠣᠶᠢᠮ᠎ᠠ ᠬᠡᠯᠪᠡᠷᠢ ᠪᠠᠷ ︽ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠳᠣᠰᠠᠯᠠᠮᠵᠢ- ᠳᠣᠮᠳᠠᠳᠣ ᠣᠯᠣᠰ ᠤᠨ ᠪᠡᠶ᠎ᠡ ᠶᠢᠨ ᠳᠠᠮᠢᠷ ᠤᠨ ᠬᠤᠨᠵᠢᠪᠣᠷᠢᠳᠣ ᠰᠣᠭᠤᠯᠤᠭ᠎ᠠ︾ ᠬᠡᠵᠣ ᠳᠣᠳᠣᠷᠬᠠᠶᠢᠯᠠᠪᠠᠯ ᠵᠣᠬᠢᠨ᠎ᠠ᠃     ᠠᠷᠪᠠᠨ ᠵᠢᠷᠭᠤᠳᠣᠭᠠᠷ ᠵᠣᠷᠪᠣᠰ   ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢ ᠬᠡᠷᠡᠭᠯᠡᠭᠰᠡᠨ ᠪᠠᠶᠢᠭᠤᠯᠣᠯᠭ᠎ᠠ ᠨᠢᠬᠡᠴᠢ ᠠᠳᠠᠯᠢ ᠳᠡᠰ ᠤᠨ ᠡᠳ᠋ ᠤᠨ ᠵᠠᠰᠠᠭ ᠤᠨ ᠪᠠᠶᠢᠭᠤᠯᠣᠯᠭ᠎ᠠ ᠶᠢᠨ ᠳᠦᠷᠢᠮ ᠢ ᠦᠨᠳᠦᠰᠦᠯᠡᠨ᠂ ᠵᠢᠯ ᠤᠨ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ  ᠳᠦᠰᠦᠪ ‍ᠦᠨ‌‍ᠬᠦ᠋ᠴᠡᠳᠬᠡᠯ ᠢ ᠨᠠᠶᠢᠷᠠᠭᠤᠯᠣᠨ᠂ ᠠᠳᠠᠯᠢ ᠳᠡᠰ ᠤᠨ ᠡᠳ᠋ ᠤᠨ ᠵᠠᠰᠠᠭ ᠤᠨ ᠪᠠᠶᠢᠭᠤᠯᠣᠯᠭ᠎ᠠ ᠳᠤ ᠮᠡᠳᠡᠬᠦᠯᠦᠨ  ᠵᠦᠪᠰᠢᠶᠡᠷᠡᠬᠦᠯᠪᠡᠯ ᠵᠣᠬᠢᠨ᠎ᠠ᠃    ᠠᠷᠪᠠᠨ  ᠳᠣᠯᠣᠳᠣᠭᠠᠷ ᠵᠣᠷᠪᠣᠰ    ᠮᠣᠵᠢ ᠶᠢᠨ ᠳᠡᠰ ᠤᠨ ᠡᠳ᠋ ᠤᠨ ᠵᠠᠰᠠᠭ ᠤᠨ ᠪᠠᠶᠢᠭᠤᠯᠣᠯᠭ᠎ᠠ ᠪᠣᠯᠣᠨ ᠮᠣᠵᠢ ᠶᠢᠨ ᠳᠡᠰ ᠤᠨ ᠪᠡᠶ᠎ᠡ ᠶᠢᠨ ᠳᠠᠮᠢᠷ ᠤᠨ ᠵᠠᠰᠠᠭ ᠵᠠᠬᠢᠷᠭᠠᠨ ᠤ ᠪᠠᠶᠢᠭᠤᠯᠣᠯᠭ᠎ᠠ ᠵᠢᠯ ᠪᠣᠯᠭᠠᠨ ᠤ 3 ᠰᠠᠷ᠎ᠠ ᠶᠢᠨ ᠰᠡᠬᠦᠯᠴᠢ ᠠᠴᠠ ᠡᠮᠣᠨ᠎ᠠ᠂ ᠳᠡᠬᠡᠷ᠎ᠡ ᠨᠢᠬᠡ ᠵᠢᠯ ᠤᠨ ᠳᠦᠪ ᠬᠤᠷᠢᠶᠠᠨ ᠠᠴᠠ ᠣᠷᠣᠨ ᠨᠣᠳᠤᠭ ᠲᠤ ᠳᠣᠰᠠᠯᠠᠭᠰᠠᠨ  ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠬᠡᠷᠡᠭᠯᠡᠬᠡᠨ ᠤ ᠪᠠᠶᠢᠳᠠᠯ ᠢ ᠡᠳ᠋ ᠤᠨ ᠵᠠᠰᠠᠭ ᠤᠨ ᠶᠠᠮᠣᠨ ᠪᠠ ᠣᠯᠣᠰ ᠤᠨ ᠪᠡᠶ᠎ᠡ ᠶᠢᠨ ᠳᠠᠮᠢᠷ ᠤᠨ ᠶᠡᠷᠦᠩᠬᠡᠢ ᠳᠣᠪᠴᠢᠶ᠎ᠠ ᠳᠤ ᠮᠡᠳᠡᠬᠦᠯᠦᠨ ᠬᠦᠷᠬᠡᠵᠣ᠂ ᠳᠦᠷᠦᠯ ᠵᠦᠢᠯ ᠤᠨ ᠵᠣᠬᠢᠶᠠᠨ ᠪᠠᠶᠢᠭᠤᠯᠣᠯᠳᠠ ᠶᠢᠨ ᠪᠣᠳᠠᠳᠣ ᠪᠠᠶᠢᠳᠠᠯ᠂ ᠳᠦᠷᠦᠯ ᠵᠦᠢᠯ ᠤᠨ ᠪᠡᠯᠡ ᠮᠦᠩᠬᠦ ᠶᠢᠨ ᠬᠡᠷᠡᠭᠯᠡᠭᠡ ᠪᠠ ᠦᠯᠡᠳᠡᠪᠦᠷᠢ ᠶᠢᠨ ᠪᠠᠶᠢᠳᠠᠯ ᠪᠣᠯᠣᠨ ᠳᠦᠷᠦᠯ ᠵᠦᠢᠯ ᠤᠨ ᠨᠡᠶᠢᠬᠡᠮ ᠤᠨ ᠦᠷ᠎ᠡ ᠪᠦᠳᠦᠮᠵᠢ ᠪᠠ ᠠᠵᠣ ᠠᠬᠤᠢ ᠶᠢᠨ ᠦᠷ᠎ᠡ ᠪᠦᠳᠦᠮᠵᠢ ᠵᠡᠷᠬᠡ ᠪᠠᠭᠳᠠᠨ᠎ᠠ᠃    ᠠᠷᠪᠠᠨ ᠨᠠᠢᠮᠠᠳᠣᠭᠠᠷ ᠵᠣᠷᠪᠣᠰ    ᠣᠯᠣᠰ ᠤᠨ ᠪᠡᠶ᠎ᠡ ᠶᠢᠨ ᠳᠠᠮᠢᠷ ᠤᠨ ᠶᠡᠷᠦᠩᠬᠡᠢ ᠳᠣᠪᠴᠢᠶ᠎ᠠ ᠵᠢᠯ ᠪᠣᠯᠭᠠᠨ ᠤ 6 ᠰᠠᠷ᠎ᠠ ᠶᠢᠨ ᠰᠡᠬᠦᠯᠴᠢ ᠠᠴᠠ ᠡᠮᠣᠨ᠎ᠠ᠂    ᠳᠡᠬᠡᠷ᠎ᠡ ᠨᠢᠬᠡ ᠵᠢᠯ ᠤᠨ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ  ᠶᠢ ᠬᠡᠷᠡᠭᠯᠡᠭᠰᠡᠨ ᠬᠦᠷᠢᠶ᠎ᠡ ᠬᠡᠪᠴᠢᠶ᠎ᠡ᠂ ᠳᠣᠰᠠᠯᠠᠭᠰᠠᠨ ᠳᠦᠷᠦᠯ ᠵᠦᠢᠯ᠂ ᠬᠡᠷᠡᠭᠵᠢᠬᠦᠯᠦᠭᠰᠡᠨ ᠪᠠᠶᠢᠳᠠᠯ ᠪᠠ ᠪᠣᠳᠠᠳᠣ ᠦᠷ᠎ᠡ ᠪᠦᠳᠦᠮᠵᠢ ᠵᠡᠷᠬᠡ ᠵᠢ‌ᠨᠡᠶᠢᠬᠡᠮ ᠳᠤ ᠵᠠᠷᠯᠠᠪᠠᠯ ᠵᠣᠬᠢᠨ᠎ᠠ᠃     ᠳᠦᠷᠪᠡᠳᠦᠬᠡᠷ ᠪᠦᠯᠦᠭ  ᠬᠢᠨᠠᠨ ᠪᠠᠶᠢᠴᠠᠭᠠᠯᠳᠠ     ᠠᠷᠪᠠᠨ ᠶᠢᠰᠦᠳᠦᠭᠡᠷ ᠵᠣᠷᠪᠣᠰ     ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢ ᠬᠡᠷᠡᠭᠯᠡᠭᠰᠡᠨ ᠪᠠᠶᠢᠭᠤᠯᠣᠯᠭ᠎ᠠ ᠨᠢᠬᠡᠴᠢ ︽ᠬᠡᠨ  ᠬᠡᠷᠡᠭᠯᠡᠬᠦ᠂ ᠬᠡᠨ ᠠᠰᠢᠭ ᠬᠦᠷᠳᠡᠬᠦ᠂ ᠬᠡᠨ ᠬᠠᠷᠢᠭᠤᠴᠠᠬᠤ ︾  ᠵᠠᠷᠴᠢᠮ ᠢ ᠦᠨᠳᠦᠰᠦᠯᠡᠨ᠂ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢ ᠬᠡᠷᠡᠭᠯᠡᠬᠦ ᠬᠠᠮᠢᠶᠠᠷᠣᠯᠳᠠ ᠶᠢ ᠴᠢᠩᠭᠠᠳᠬᠠᠵᠣ᠂ ᠳᠣᠰᠬᠠᠢ ᠮᠦᠩᠬᠦ ᠶᠢ ᠳᠣᠰᠬᠠᠢ ᠬᠡᠷᠡᠭᠯᠡᠬᠦ ᠶᠢ ᠪᠠᠳᠣᠯᠠᠨ᠂ ᠪᠡᠯᠡ ᠮᠦᠩᠬᠦ ᠶᠢ ᠬᠡᠷᠡᠭᠯᠡᠬᠦ ᠦᠷ᠎ᠡ ᠪᠦᠳᠦᠮᠵᠢ ᠶᠢ ᠬᠦᠴᠡᠳ ᠪᠠᠳᠠᠷᠠᠭᠤᠯᠣᠨ᠎ᠠ᠃     ᠬᠤᠷᠢᠳᠣᠭᠠᠷ ᠵᠣᠷᠪᠣᠰ   ᠡᠳ᠋ ᠤᠨ ᠵᠠᠰᠠᠭ ᠤᠨ ᠶᠠᠮᠣᠨ ᠪᠠ ᠣᠯᠣᠰ ᠤᠨ ᠪᠡᠶ᠎ᠡ ᠶᠢᠨ ᠳᠠᠮᠢᠷ ᠤᠨ ᠶᠡᠷᠦᠩᠬᠡᠢ ᠳᠣᠪᠴᠢᠶ᠎ᠠ  ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠵᠠᠷᠣᠯᠭ᠎ᠠ ᠶᠢᠨ ᠦᠷ᠎ᠡ ᠪᠦᠳᠦᠮᠵᠢ ᠶᠢ ᠦᠨᠡᠯᠡᠬᠦ ᠳᠦᠷᠢᠮ ᠢ ᠠᠯᠬᠤᠮ ᠳᠠᠷᠠᠭᠠᠯᠠᠨ ᠪᠠᠶᠢᠭᠤᠯᠣᠨ᠂ᠦᠷ᠎ᠡ ᠪᠦᠳᠦᠮᠵᠢ ᠶᠢᠨ ᠦᠨᠡᠯᠡᠯᠳᠠ ᠶᠢᠨ ᠳ᠋ᠦᠩ ᠢ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ  ᠶᠢᠨ ᠳᠦᠰᠦᠪ ᠤᠨ ᠪᠠᠷᠢᠮᠳᠠ ᠪᠣᠯᠭᠠᠨ ᠳᠤᠬᠢᠷᠠᠭᠤᠯᠪᠠᠯ ᠵᠣᠬᠢᠨ᠎ᠠ᠃     ᠬᠤᠷᠢᠨ ᠨᠢᠬᠡᠳᠦᠬᠡᠷ ᠵᠣᠷᠪᠣᠰ    ᠡᠯ᠎ᠡ ᠱᠠᠳᠣᠨ ᠤ ᠡᠳ᠋ ᠤᠨ ᠵᠠᠰᠠᠭ ᠪᠠ ᠪᠡᠶ᠎ᠡ ᠶᠢᠨ ᠳᠠᠮᠢᠷ ᠤᠨ ᠵᠠᠰᠠᠭ ᠵᠠᠬᠢᠷᠭᠠᠨ ᠤ ᠪᠠᠶᠢᠭᠤᠯᠣᠯᠭ᠎ᠠ ᠨᠢ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠬᠠᠮᠢᠶᠠᠷᠣᠯᠳᠠ ᠶᠢᠨ ᠬᠡᠷᠡᠭᠯᠡᠭᠡ ᠶᠢ ᠬᠢᠨᠠᠨ ᠪᠠᠶᠢᠴᠠᠭᠠᠯᠳᠠ ᠬᠢᠬᠦ ᠶᠢ ᠵᠣᠬᠢᠶᠠᠨ ᠪᠠᠶᠢᠭᠤᠯᠵᠣ᠂ ᠪᠠᠶᠢᠴᠠᠭᠠᠯᠳᠠ ᠪᠠᠷ ᠢᠯᠡᠷᠡᠬᠦᠯᠦᠭᠰᠡᠨ ᠡᠳ᠋ ᠤᠨ ᠵᠠᠰᠠᠭ ᠤᠨ ᠬᠠᠤᠯᠢ ᠵᠦᠷᠢᠴᠡᠭᠰᠡᠨ ᠠᠵᠢᠯᠯᠠᠭ᠎ᠠ ᠳᠤ ︽ᠡᠳ᠋ ᠤᠨ ᠵᠠᠰᠠᠭ ᠤᠨ ᠬᠠᠤᠯᠢ ᠵᠦᠷᠢᠴᠡᠭᠰᠡᠨ ᠠᠵᠢᠯᠯᠠᠭ᠎ᠠ ᠶᠢ ᠳᠣᠷᠭᠠᠨ ᠰᠢᠢᠳᠬᠡᠬᠦ ᠵᠣᠷᠪᠣᠰ︾ ᠪᠠ ︽ᠬᠤᠨᠵᠢᠪᠣᠷᠢᠳᠣ ᠰᠣᠭᠤᠯᠤᠭ᠎ᠠ ᠶᠢᠨ ᠬᠠᠮᠢᠶᠠᠷᠣᠯᠳᠠ ᠶᠢᠨ ᠵᠣᠷᠪᠣᠰ︾ ᠵᠡᠷᠬᠡ ᠬᠤᠯᠪᠣᠭᠳᠠᠬᠤ ᠳᠦᠷᠢᠮ ᠢ ᠦᠨᠳᠦᠰᠦᠯᠡᠨ  ᠰᠢᠢᠳᠪᠣᠷᠢᠯᠠᠪᠠᠯ ᠵᠣᠬᠢᠨ᠎ᠠ᠃      ᠳᠠᠪᠣᠳᠣᠭᠠᠷ ᠪᠦᠯᠦᠭ   ᠨᠡᠮᠡᠯᠳᠡ ᠳᠦᠷᠢᠮ      ᠬᠤᠷᠢᠨ ᠬᠤᠶᠠᠳᠣᠭᠠᠷ ᠵᠣᠷᠪᠣᠰ   ᠮᠣᠵᠢ ᠶᠢᠨ ᠳᠡᠰ ᠤᠨ ᠡᠳ᠋ ᠤᠨ ᠵᠠᠰᠠᠭ ᠪᠠ ᠪᠡᠶ᠎ᠡ ᠶᠢᠨ ᠳᠠᠮᠢᠷ ᠤᠨ ᠵᠠᠰᠠᠭ ᠵᠠᠬᠢᠷᠭᠠᠨ ᠤ ᠪᠠᠶᠢᠭᠤᠯᠣᠯᠭ᠎ᠠ ᠨᠢ  ᠳᠣᠰ ᠠᠷᠭ᠎ᠠ ᠶᠢᠨ ᠳᠣᠭᠳᠠᠭᠠᠯ ᠢᠶᠠᠷ ᠯᠠᠪᠯᠠᠯᠳᠠ ᠪᠣᠯᠭᠠᠨ᠂  ᠳᠣᠬᠠᠢ ᠶᠢᠨ ᠭᠠᠵᠠᠷ ᠤᠨ ᠪᠠᠶᠢᠳᠠᠯ ᠲᠠᠢ ᠣᠶᠠᠯᠳᠣᠭᠤᠯᠣᠨ ᠳᠣᠰ ᠭᠠᠵᠠᠷ ᠣᠷᠣᠨ ᠤ ᠬᠠᠮᠢᠶᠠᠷᠣᠯᠳᠠ ᠶᠢᠨ ᠠᠷᠭ᠎ᠠ ᠶᠢ ᠳᠣᠭᠳᠠᠭᠠᠵᠣ ᠪᠣᠯᠣᠨ᠎ᠠ᠃     ᠬᠤᠷᠢᠨ ᠭᠤᠷᠪᠠᠳᠣᠭᠠᠷ ᠵᠣᠷᠪᠣᠰ    ᠳᠣᠰ ᠠᠷᠭ᠎ᠠ ᠶᠢ ᠬᠡᠪᠯᠡᠨ ᠳᠠᠷᠬᠠᠭᠠᠭᠰᠠᠨ ᠡᠳᠦᠷ ᠠᠴᠠ ᠡᠬᠢᠯᠡᠨ ᠬᠡᠷᠡᠭᠵᠢᠬᠦᠯᠦᠨ᠎ᠠ᠃ ᠣᠭ ︽ᠪᠡᠶ᠎ᠡ ᠶᠢᠨ ᠳᠠᠮᠢᠷ ᠤᠨ ᠬᠤᠨᠵᠢᠪᠣᠷᠢᠳᠣ ᠰᠣᠭᠤᠯᠤᠭ᠎ᠠ ᠶᠢᠨ ᠨᠡᠶᠢᠳᠠ ᠶᠢᠨ ᠠᠰᠠᠷᠠᠮᠵᠢ ᠶᠢᠨ ᠮᠦᠩᠬᠦ ᠶᠢᠨ ᠬᠠᠮᠢᠶᠠᠷᠣᠯᠳᠠ ᠶᠢᠨ  ᠳᠦᠷ ᠬᠡᠷᠡᠭᠵᠢᠬᠦᠯᠬᠦ ᠠᠷᠭ᠎ᠠ︾ ︵ᠤᠯᠤᠰ ᠤᠨ  ᠪᠡᠶ᠎ᠡ ᠶᠢᠨ ᠲᠠᠮᠢᠷ ᠤᠨ ᠶᠠᠷᠦᠩᠭᠡᠢ ᠲᠤᠪᠴᠢᠶ᠎ᠡ ᠶᠢᠨ ᠠᠵᠤ ᠠᠬᠤᠢ ᠶᠢᠨ ᠵᠤᠷᠭᠠᠨ ᠠᠴᠠ  ᠲᠠᠷᠬᠠᠭᠠᠭᠰᠠᠨ ﹇1998﹈365  ᠳ᠋ᠤᠭᠠᠷ ᠳᠣᠭᠠᠳᠣ  ᠪᠢᠴᠢᠭ ᠮᠠᠲ᠋ᠧᠷᠢᠶᠠᠯ︶   ᠶᠢ ᠡᠬᠦᠨ ᠤ ᠵᠡᠷᠬᠡᠴᠡᠭᠡ ᠬᠦᠴᠦᠨ ᠦᠬᠡᠢ ᠪᠣᠯᠭᠠᠨ᠎ᠠ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号