ᠦᠪᠦᠷ ᠮᠤᠩᠭᠤᠯ ᠤᠨ ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ ᠶᠢᠨ ᠬᠤᠷᠠᠯ ᠤᠨ ᠬᠠᠮᠢᠶᠠᠷᠣᠯᠳᠠ ᠶᠢᠨ ᠠᠷᠭ᠎ᠠ
ᠨᠡᠶᠢᠲᠡᠯᠡᠭᠰᠡᠨ ᠴᠠᠭ᠄
2019/2/18
    ᠨᠢᠬᠡᠳᠦᠬᠡᠷ ᠪᠦᠯᠦᠭ   ᠶᠡᠷᠦᠩᠬᠡᠢ ᠵᠠᠷᠴᠢᠮ     ᠨᠢᠬᠡᠳᠦᠬᠡᠷ ᠵᠣᠷᠪᠣᠰ  ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ  ᠶᠢᠨ ᠬᠤᠷᠠᠯ ᠤᠨ ᠬᠠᠮᠢᠶᠠᠷᠣᠯᠳᠠ ᠶᠢ ᠴᠢᠩᠭᠠᠳᠬᠠᠬᠤ ᠪᠠ ᠳᠦᠷᠢᠮᠵᠢᠬᠦᠯᠬᠦ ᠶᠢᠨ ᠳᠦᠯᠦᠬᠡ᠂ ᠬᠤᠷᠠᠯ ᠢ ᠰᠢᠯᠢᠳᠡᠭᠵᠢᠬᠦᠯᠦᠨ ᠴᠣᠮᠬᠠᠳᠬᠠᠵᠣ᠂ ᠬᠤᠷᠠᠯ ᠤᠨ ᠰᠣᠷᠳᠠᠯ ᠢ ᠰᠠᠶᠢᠵᠢᠷᠠᠭᠤᠯᠣᠨ᠂ ᠬᠤᠷᠠᠯ ᠤᠨ ᠦᠷ᠎ᠡ ᠪᠦᠳᠦᠮᠵᠢ ᠪᠠ ᠴᠢᠨᠠᠷ ᠢ ᠨᠡᠮᠡᠭᠳᠡᠬᠦᠯᠦᠨ᠂ ᠬᠤᠷᠠᠯ ᠤᠨ ᠵᠠᠷᠣᠳᠠᠯ ᠵᠠᠷᠣᠯᠭ᠎ᠠ ᠶᠢ ᠠᠷᠪᠢᠯᠠᠵᠣ᠂ ᠳᠦᠪ ᠬᠤᠷᠢᠶᠠᠨ ᠤ ᠬᠤᠷᠠᠯ ᠤᠨ ᠬᠠᠮᠢᠶᠠᠷᠣᠯᠳᠠ ᠶᠢ ᠴᠢᠩᠭᠠᠳᠬᠠᠬᠤ ᠬᠤᠯᠪᠣᠭᠳᠠᠯ ᠪᠦᠬᠦᠢ ᠳᠦᠷᠢᠮ ᠢ ᠦᠨᠳᠦᠰᠦᠯᠡᠨ᠂ ᠦᠪᠡᠷᠳᠡᠬᠡᠨ ᠵᠠᠰᠠᠬᠤ ᠣᠷᠣᠨ  ᠤ ᠪᠣᠳᠠᠳᠣ ᠪᠠᠶᠢᠳᠠᠯ ᠲᠠᠢ ᠣᠶᠠᠯᠳᠣᠭᠤᠯᠣᠨ᠂ ᠳᠣᠰ ᠠᠷᠭ᠎ᠠ ᠶᠢ ᠭᠠᠷᠭᠠᠭᠰᠠᠨ ᠪᠠᠶᠢᠨ᠎ᠠ᠃    ᠬᠤᠶᠠᠳᠣᠭᠠᠷ ᠵᠣᠷᠪᠣᠰ  ᠳᠣᠰ ᠠᠷᠭ᠎ᠠ ᠨᠢ ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ  ᠂ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠪᠠᠶᠢᠭᠤᠯᠣᠯᠭ᠎ᠠ᠂ ᠵᠠᠰᠠᠭ ᠵᠠᠬᠢᠷᠭᠠᠨ ᠤ ᠪᠠᠶᠢᠭᠤᠯᠣᠯᠭ᠎ᠠ᠂ ᠣᠯᠣᠰ ᠳᠦᠷᠦ ᠶᠢᠨ ᠵᠦᠪᠯᠡᠯᠬᠡᠨ ᠤ ᠪᠠᠶᠢᠭᠤᠯᠣᠯᠭ᠎ᠠ᠂ ᠰᠢᠬᠦᠨ ᠳᠠᠰᠣᠯᠬᠤ ᠪᠠᠶᠢᠭᠤᠯᠣᠯᠭ᠎ᠠ᠂ ᠬᠢᠨᠠᠨ ᠪᠠᠶᠢᠴᠠᠭᠠᠬᠤ ᠪᠠᠶᠢᠭᠤᠯᠣᠯᠭ᠎ᠠ ᠵᠢᠴᠢ ᠠᠵᠢᠯᠴᠢᠨ ᠤ ᠡᠪᠯᠡᠯ᠂ ᠡᠪ ᠬᠠᠮᠳᠣ ᠵᠠᠯᠠᠭᠤᠴᠣᠳ ᠤᠨ ᠡᠪᠯᠡᠯ᠂ ᠡᠮᠡᠭᠳᠡᠶᠢᠴᠣᠳ ᠤᠨ ᠬᠤᠯᠪᠣᠭ᠎ᠠ ᠵᠡᠷᠬᠡ ᠠᠷᠠᠳ ᠲᠦᠮᠡᠨ ᠤ ᠬᠠᠮᠳᠣ ᠨᠢᠬᠡᠴᠠ᠂ ᠡᠯ᠎ᠡ ᠠᠷᠠᠳᠴᠢᠯᠠᠭᠰᠠᠨ ᠨᠠᠮ ᠪᠦᠯᠦᠭ ᠂ ᠠᠵᠣ ᠦᠢᠯᠡᠳᠪᠣᠷᠢ ᠬᠤᠳᠠᠯᠳᠣᠭᠠᠨ ᠤ ᠬᠤᠯᠪᠣᠭ᠎ᠠ ᠪᠠ ᠠᠯᠪᠠᠳᠠᠨ ᠤ ᠬᠠᠤᠯᠢ ᠬᠠᠮᠢᠶᠠᠷᠣᠯᠳᠠ ᠶᠢᠨ ᠠᠯᠪᠠᠨ ᠪᠠᠶᠢᠭᠤᠯᠣᠯᠭ᠎ᠠ  ︵ᠳᠣᠷᠣᠭᠰᠢ ︽ᠡᠯ᠎ᠡ ᠪᠠᠶᠢᠭᠤᠯᠣᠯᠭ᠎ᠠ︾ ᠬᠡᠵᠣ ᠳᠦᠬᠦᠮᠴᠢᠯᠠ᠊ ‍ᠨ᠎ᠠ︶ ᠳᠤ ᠳᠣᠬᠢᠷᠠᠨ᠎ᠠ᠃     ᠭᠤᠷᠪᠠᠳᠣᠭᠠᠷ ᠵᠣᠷᠪᠣᠰ   ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ ᠶᠢᠨ ᠬᠤᠷᠠᠯ ᠨᠢ ᠠᠩᠬᠢᠯᠠᠨ ᠬᠠᠮᠢᠶᠠᠷᠬᠤ᠂ ᠳᠡᠰ  ᠬᠤᠪᠢᠶᠠᠨ ᠵᠦᠪᠰᠢᠶᠡᠷᠡᠬᠦ ᠶᠢ ᠬᠡᠷᠡᠭᠵᠢᠬᠦᠯᠦᠨ᠎ᠠ᠃ ᠡᠯ᠎ᠡ ᠪᠠᠶᠢᠭᠤᠯᠣᠯᠭ᠎ᠠ ᠬᠤᠷᠠᠯ ᠵᠣᠬᠢᠶᠠᠨ ᠪᠠᠶᠢᠭᠤᠯᠬᠤ ᠳᠠᠭᠠᠨ ᠰᠠᠶᠢᠳᠣᠷ ᠭᠠᠮᠨᠠᠨ ᠠᠷᠪᠢᠯᠠᠬᠤ᠂ ᠪᠦᠷᠢᠯᠬᠡᠬᠦ ᠶᠢ ᠡᠰᠡᠷᠬᠦᠴᠡᠬᠦ᠂ ᠳᠦᠷᠢᠮ ᠨᠢ ᠡᠩ ᠤᠨ᠂ ᠪᠣᠳᠠᠳᠣ ᠠᠵᠢᠯᠯᠠᠭ᠎ᠠ ᠦᠨᠳᠦᠷ ᠦᠷ᠎ᠡ ᠠᠰᠢᠭᠳᠣ ᠵᠠᠷᠴᠢᠮ ᠢ ᠪᠠᠷᠢᠮᠳᠠᠯᠠᠨ᠂ ᠬᠤᠷᠠᠯ ᠤᠨ ᠳᠤᠭ᠎ᠠ ᠬᠡᠮᠵᠢᠶ᠎ᠡ᠂ ᠬᠦᠷᠢᠶ᠎ᠡ ᠬᠡᠪᠴᠢᠶ᠎ᠡ ᠪᠠ ᠵᠠᠷᠣᠳᠠᠯ ᠢ ᠳᠦᠪ ᠴᠢᠩᠭ᠎ᠠ ᠬᠢᠵᠠᠭᠠᠷᠯᠠᠨ᠎ᠠ᠃     ᠬᠤᠶᠠᠳᠣᠭᠠᠷ ᠪᠦᠯᠦᠭ  ᠬᠤᠷᠠᠯ ᠤᠨ ᠳᠦᠷᠦᠯ ᠠᠩᠬᠢᠯᠠᠯ᠂ ᠵᠦᠪᠰᠢᠶᠡᠷᠡᠯ ᠪᠠ ᠬᠠᠮᠢᠶᠠᠷᠣᠯᠳᠠ     ᠳᠦᠷᠪᠠᠳᠦᠬᠡᠷ ᠵᠣᠷᠪᠣᠰ ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ  ᠶᠢᠨ ᠬᠤᠷᠠᠯ ᠤᠨ ᠠᠩᠬᠢᠯᠠᠯ ᠳᠣᠣᠷᠠᠬᠢ ᠮᠡᠳᠣ᠄     ᠨᠢᠬᠡᠳᠦᠬᠡᠷ ᠳᠦᠷᠦᠯ ᠤᠨ ᠬᠤᠷᠠᠯ᠃ ᠦᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠡᠷᠬᠢᠯᠡᠭᠰᠡᠨ᠂ ᠡᠯ᠎ᠡ ᠠᠶᠢᠮᠠᠭ ᠬᠤᠳᠠ ᠪᠣᠶᠣ ᠦᠪᠡᠷᠳᠡᠬᠡᠨ ᠵᠠᠰᠠᠬᠤ ᠣᠷᠣᠨ ᠤ  ᠬᠤᠯᠪᠣᠭᠳᠠᠯ ᠪᠦᠬᠦᠢ ᠶᠠᠮᠣᠨ ᠤ ᠭᠤᠣᠯ ᠬᠠᠷᠢᠭᠤᠴᠠᠯᠭᠠᠳᠠᠨ ᠢ ᠱᠠᠭᠠᠷᠳᠠᠵᠣ ᠣᠷᠣᠯᠴᠠᠭᠤᠯᠬᠤ ᠬᠤᠷᠠᠯ᠃     ᠦᠪᠡᠷᠳᠡᠬᠡᠨ ᠵᠠᠰᠠᠬᠤ ᠣᠷᠣᠨ ᠤ ᠨᠠᠮ ᠤᠨ ᠳᠦᠯᠦᠬᠡᠯᠡᠭᠴᠢᠳ ᠤᠨ  ᠬᠤᠷᠠᠯ᠂ ᠨᠠᠮ ᠤᠨ ᠬᠤᠷᠢᠶ᠎ᠠ ᠶᠢᠨ ᠪᠦᠬᠦ ᠬᠡᠰᠢᠬᠦᠳ ᠤᠨ ᠬᠤᠷᠠᠯ᠂ ᠰᠠᠬᠢᠯᠭ᠎ᠠ ᠪᠠᠳᠣ ᠪᠠᠶᠢᠴᠠᠭᠠᠬᠤ ᠬᠤᠷᠢᠶ᠎ᠠ ᠶᠢᠨ ᠪᠦᠬᠦ ᠬᠡᠰᠢᠬᠦᠳ ᠤᠨ ᠬᠤᠷᠠᠯ᠂ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ᠂ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠨᠠᠮ ᠤᠨ ᠬᠤᠷᠢᠶ᠎ᠠ ᠶᠢᠨ ᠬᠤᠷᠠᠯ᠂ᠣᠯᠣᠰ ᠳᠦᠷᠦ ᠶᠢᠨ ᠵᠦᠪᠯᠡᠯᠬᠡᠨ ᠤ  ᠪᠦᠬᠦ ᠬᠡᠰᠢᠬᠦᠳ ᠤᠨ ᠬᠤᠷᠠᠯ  ᠂ ᠪᠠᠶᠢᠩᠭᠤ ᠶᠢᠨ ᠬᠡᠰᠢᠬᠦᠨ ᠤ ᠬᠤᠷᠠᠯ ᠤᠨ ᠵᠠᠷᠴᠢᠮ ᠳᠡᠬᠡᠷ᠎ᠡ ᠨᠢᠬᠡᠳᠦᠬᠡᠷ ᠳᠦᠷᠦᠯ ᠤᠨ ᠬᠤᠷᠠᠯ ᠢ ᠦᠨᠳᠦᠰᠦᠯᠡᠨ ᠬᠡᠷᠡᠭᠵᠢᠬᠦᠯᠦᠨ᠎ᠠ᠃     ᠬᠤᠶᠠᠳᠣᠭᠠᠷ ᠳᠦᠷᠦᠯ ᠤᠨ ᠬᠤᠷᠠᠯ᠃ ᠦᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠨᠡᠷ᠎ᠡ ᠪᠠᠷ ᠡᠷᠬᠢᠯᠡᠭᠰᠡᠨ᠂ᠦᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠡᠷᠬᠢᠯᠡᠭᠰᠡᠨ᠂ ᠡᠯ᠎ᠡ ᠠᠶᠢᠮᠠᠭ ᠬᠤᠳᠠ ᠪᠣᠶᠣ ᠦᠪᠡᠷᠳᠡᠬᠡᠨ ᠵᠠᠰᠠᠬᠤ ᠣᠷᠣᠨ ᠤ  ᠬᠤᠯᠪᠣᠭᠳᠠᠯ ᠪᠦᠬᠦᠢ ᠶᠠᠮᠣᠨ ᠤ ᠬᠤᠪᠢᠶᠠᠷᠢᠯᠠᠨ ᠬᠠᠮᠢᠶᠠᠷᠬᠤ ᠬᠠᠷᠢᠭᠤᠴᠠᠯᠭᠠᠳᠠᠨ ᠢ ᠱᠠᠭᠠᠷᠳᠠᠵᠣ ᠣᠷᠣᠯᠴᠠᠭᠤᠯᠬᠤ ᠬᠤᠷᠠᠯ᠃     ᠡᠯ᠎ᠡ ᠠᠷᠠᠳᠴᠢᠯᠠᠭᠰᠠᠨ ᠨᠠᠮ ᠪᠦᠯᠦᠭᠳᠡᠨ᠂ ᠠᠷᠠᠳ ᠲᠦᠮᠡᠨ ᠤ ᠬᠠᠮᠳᠣ ᠨᠢᠬᠡᠴᠠ ᠶᠢᠨ ᠳᠦᠯᠦᠬᠡᠯᠡᠭᠴᠢᠳ ᠤᠨ ᠶᠡᠭᠡ ᠬᠤᠷᠠᠯ ᠶᠢᠨ ᠵᠠᠷᠴᠢᠮ ᠳᠡᠬᠡᠷ᠎ᠡ ᠬᠤᠶᠠᠳᠣᠭᠠᠷ ᠳᠦᠷᠦᠯ ᠤᠨ ᠬᠤᠷᠠᠯ ᠢ ᠦᠨᠳᠦᠰᠦᠯᠡᠨ ᠬᠡᠷᠡᠭᠵᠢᠬᠦᠯᠦᠨ᠎ᠠ᠃     ᠭᠤᠷᠪᠠᠳᠣᠭᠠᠷ ᠳᠦᠷᠦᠯ ᠤᠨ ᠬᠤᠷᠠᠯ᠃  ᠡᠯ᠎ᠡ ᠪᠠᠶᠢᠭᠤᠯᠣᠯᠭ᠎ᠠ ᠶᠢᠨ ᠡᠷᠬᠢᠯᠡᠭᠰᠡᠨ ᠪᠦᠬᠦ ᠣᠷᠣᠨ ᠤ ᠴᠢᠨᠠᠷᠳᠠᠢ ᠠᠵᠢᠯ ᠤᠨ ᠬᠤᠷᠠᠯ᠃     ᠳᠦᠷᠪᠡᠳᠦᠬᠡᠷ ᠳᠦᠷᠦᠯ ᠤᠨ ᠬᠤᠷᠠᠯ᠃  ᠨᠢᠬᠡᠳᠦᠬᠡᠷ᠂ ᠬᠤᠶᠠᠳᠣᠭᠠᠷ᠂ ᠭᠤᠷᠪᠠᠳᠣᠭᠠᠷ ᠳᠦᠷᠦᠯ ᠤᠨ ᠬᠤᠷᠠᠯ ᠠᠴᠠ ᠪᠣᠰᠣᠳ ᠳᠣᠰᠬᠠᠢ ᠰᠡᠳᠦᠪᠳᠣ ᠬᠤᠷᠠᠯ ᠪᠣᠶᠣ ᠡᠷᠬᠢᠯᠡᠭᠰᠡᠨ ᠠᠵᠢᠯ ᠤᠨ ᠴᠢᠨᠠᠷᠳᠠᠢ ᠬᠤᠷᠠᠯ᠂ ᠪᠠᠭ᠎ᠠ ᠬᠡᠮᠵᠢᠶᠡᠨ ᠤ ᠰᠣᠳᠣᠯᠣᠨ ᠶᠠᠷᠢᠯᠴᠠᠬᠤ ᠬᠤᠷᠠᠯ᠂ ᠰᠠᠭᠤᠳᠠᠯ ᠤᠨ ᠬᠤᠷᠠᠯ ᠵᠡᠷᠬᠡ ᠪᠠᠭᠳᠠᠨ᠎ᠠ     ᠳᠠᠪᠣᠳᠣᠭᠠᠷ ᠵᠣᠷᠪᠣᠰ  ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ  ᠶᠢᠨ ᠬᠤᠷᠠᠯ ᠳᠦᠯᠦᠪᠯᠡᠯᠬᠡᠳᠣ ᠬᠠᠮᠢᠶᠠᠷᠣᠯᠳᠠ ᠶᠢ ᠬᠡᠷᠡᠭᠵᠢᠬᠦᠯᠵᠣ᠂ ᠳᠣᠣᠷᠠᠬᠢ ᠠᠯᠬᠤᠮ ᠪᠠ ᠱᠠᠭᠠᠷᠳᠠᠯᠭ᠎ᠠ ᠶᠢ ᠦᠨᠳᠦᠰᠦᠯᠡᠨ ᠵᠦᠪᠰᠢᠶᠡᠷᠡᠨ᠎ᠡ᠄    ᠦᠪᠡᠷᠳᠡᠬᠡᠨ ᠵᠠᠰᠠᠬᠤ ᠣᠷᠣᠨ ᠤ ᠨᠠᠮ ‍ᠣᠨ‌ᠬᠤᠷᠢᠶᠠᠨ ᠤ ᠨᠡᠷ᠎ᠡ ᠪᠠᠷ ᠡᠷᠬᠢᠯᠡᠭᠰᠡᠨ ᠨᠢᠬᠡᠳᠦᠬᠡᠷ ᠬᠤᠶᠠᠳᠣᠭᠠᠷ ᠳᠦᠷᠦᠯ ᠤᠨ ᠬᠤᠷᠠᠯ   ᠨᠢ  ᠦᠪᠡᠷᠳᠡᠬᠡᠨ ᠵᠠᠰᠠᠬᠤ ᠣᠷᠣᠨ ᠤ ᠨᠠᠮ ‍ᠣᠨ‌ᠬᠤᠷᠢᠶᠠᠨ ᠤ ᠪᠠᠶᠢᠩᠭᠤ ᠶᠢᠨ ᠬᠡᠰᠢᠬᠦᠨ ᠤ ᠬᠤᠷᠠᠯ ᠪᠣᠶᠣ ᠦᠪᠡᠷᠳᠡᠬᠡᠨ ᠵᠠᠰᠠᠬᠤ ᠣᠷᠣᠨ ᠤ ᠨᠠᠮ ᠤᠨ  ᠬᠤᠷᠢᠶᠠᠨ ᠤ ᠱᠦᠵᠢ ᠪᠠᠷ ᠵᠦᠪᠰᠢᠶᠡᠷᠡᠬᠦᠯᠦᠨ᠎ᠠ᠃     ᠦᠪᠡᠷᠳᠡᠬᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠨᠡᠷ᠎ᠡ ᠪᠠᠷ ᠡᠷᠬᠢᠯᠡᠭᠰᠡᠨ ᠨᠢᠬᠡᠳᠦᠬᠡᠷ ᠬᠤᠶᠠᠳᠣᠭᠠᠷ ᠳᠦᠷᠦᠯ ᠤᠨ ᠬᠤᠷᠠᠯ   ᠨᠢ ᠦᠪᠡᠷᠳᠡᠬᠡᠨ ᠵᠠᠰᠠᠬᠤ ᠣᠷᠣᠨ ᠤ ᠵᠠᠰᠠᠭ ᠤᠨ ᠣᠷᠳᠣᠨ ᠤ  ᠪᠠᠶᠢᠩᠭᠤ ᠶᠢᠨ ᠬᠤᠷᠠᠯ ᠪᠣᠶᠣ ᠦᠪᠡᠷᠳᠡᠬᠡᠨ ᠵᠠᠰᠠᠬᠤ ᠣᠷᠣᠨ ᠤ  ᠳᠡᠷᠢᠬᠦᠯᠡᠭᠴᠢ ᠪᠠᠷ ᠵᠦᠪᠰᠢᠶᠡᠷᠡᠬᠦᠯᠦᠨ᠎ᠠ᠃     ᠡᠯ᠎ᠡ ᠪᠠᠶᠢᠭᠤᠯᠣᠯᠭ᠎ᠠ ᠵᠢᠯ ᠪᠣᠯᠭᠠᠨ ᠤ 10 ᠰᠠᠷ᠎ᠠ ᠶᠢᠨ 20 ᠤ ᠡᠳᠦᠷ ᠠᠴᠠ ᠡᠮᠣᠨ᠎ᠠ15 ᠡᠳᠦᠷ ᠤᠨ ᠳᠣᠳᠣᠷ᠎ᠠ ᠳᠠᠷᠠᠭ᠎ᠠ ᠨᠢᠬᠡ ᠵᠢᠯ ᠤᠨ ᠡᠷᠬᠢᠯᠡᠬᠦ ᠬᠤᠶᠠᠳᠣᠭᠠᠷ ᠳᠦᠷᠦᠯ ᠤᠨ ᠬᠤᠷᠠᠯ ᠤᠨ ᠳᠦᠯᠦᠪᠯᠡᠭᠡ ᠶᠢ ᠬᠤᠯᠪᠣᠭᠳᠠᠬᠤ ᠪᠠᠶᠢᠭᠤᠯᠣᠯᠭ᠎ᠠ ᠪᠠᠷ ᠨᠢ ᠬᠤᠪᠢᠶᠠᠨ ᠦᠪᠡᠷᠳᠡᠬᠡᠨ ᠵᠠᠰᠠᠬᠤ ᠣᠷᠣᠨ ᠤ ᠨᠠᠮ ‍ᠣᠨ‌ᠬᠤᠷᠢᠶᠠᠨ ᠤ  ᠠᠯᠪᠠᠨ ᠬᠡᠷ ᠤᠨ ᠳᠢᠩᠬᠢᠮ᠂ ᠵᠠᠰᠠᠭ ᠤᠨ ᠣᠷᠳᠣᠨ ᠤ  ᠠᠯᠪᠠᠨ ᠬᠡᠷ ᠤᠨ ᠳᠢᠩᠬᠢᠮ   ᠳᠤ ᠮᠡᠳᠡᠬᠦᠯᠦᠨ᠂ ᠠᠯᠬᠤᠮ ᠳᠠᠷᠠᠭ᠎ᠠ ᠶᠢ ᠦᠨᠳᠦᠰᠦᠯᠡᠨ ᠵᠦᠪᠰᠢᠶᠡᠷᠡᠬᠦᠯᠦᠨ᠎ᠠ᠃ ᠳᠣᠰᠬᠠᠢ ᠳᠦᠷᠦᠯ ᠤᠨ ᠠᠵᠢᠯ ᠢ ᠪᠠᠶᠢᠷᠢᠯᠠᠭᠤᠯᠬᠤ ᠬᠤᠶᠠᠳᠣᠭᠠᠷ ᠳᠦᠷᠦᠯ ᠤᠨ ᠬᠤᠷᠠᠯ ᠨᠢ ᠵᠢᠯ ᠪᠣᠯᠭᠠᠨ ᠨᠢᠬᠡ ᠣᠳᠠᠭ᠎ᠠ ᠠᠴᠠ ᠬᠡᠳᠦᠷᠠᠵᠣ ᠪᠣᠯᠬᠤ ᠦᠬᠡᠢ᠃     ᠡᠯ᠎ᠡ ᠪᠠᠶᠢᠭᠤᠯᠣᠯᠭ᠎ᠠ ᠨᠢ ᠳᠣᠳᠣᠭᠠᠳᠣ ᠬᠤᠷᠠᠯ ᠤᠨ ᠵᠦᠪᠰᠢᠶᠡᠬᠦ ᠳᠣᠭᠳᠠᠯᠴᠠᠭ᠎ᠠ ᠶᠢ ᠪᠠᠶᠢᠭᠤᠯᠪᠠᠯ ᠵᠣᠬᠢᠨ᠎ᠠ᠃ ᠳᠦᠪ ᠴᠢᠩᠭ᠎ᠠ ᠪᠠᠷ ᠭᠤᠷᠪᠠᠳᠣᠭᠠᠷ ᠳᠦᠷᠪᠡᠳᠦᠬᠡᠷ ᠳᠦᠷᠦᠯ ᠤᠨ ᠬᠤᠷᠠᠯ ᠢ ᠬᠢᠵᠠᠭᠠᠷᠯᠠᠨ᠎ᠠ᠃ ᠬᠤᠷᠠᠯ ᠢ ᠡᠷᠬᠢᠯᠡᠬᠦ ᠳᠤ ᠪᠠᠶᠢᠭᠤᠯᠣᠯᠭ᠎ᠠ ᠶᠢᠨ ᠣᠳᠣᠷᠢᠳᠣᠯᠭ᠎ᠠ ᠶᠢᠨ ᠠᠯᠪᠠᠨ ᠬᠤᠷᠠᠯ ᠪᠣᠶᠣ ᠭᠤᠣᠯ ᠣᠳᠣᠷᠢᠳᠣᠯᠭ᠎ᠠ ᠪᠠᠷ ᠵᠦᠪᠰᠢᠶᠡᠷᠡᠬᠦᠯᠦᠨ᠎ᠠ ᠃ ᠬᠤᠷᠠᠯ ᠤᠨ ᠠᠭᠤᠯᠭ᠎ᠠ ᠪᠠ ᠣᠷᠣᠯᠴᠠᠬᠤ ᠬᠦᠷᠢᠶ᠎ᠡ ᠬᠡᠪᠴᠢᠶ᠎ᠡ ᠨᠢ ᠠᠳᠠᠯᠢᠪᠳᠣᠷ ᠬᠤᠷᠠᠯ ᠢ ᠰᠠᠯᠭᠠᠬᠤ ᠪᠣᠶᠣ ᠨᠡᠶᠢᠯᠡᠬᠦᠯᠤᠨ ᠬᠤᠷᠠᠯᠳᠤᠭᠤᠯᠬᠤ ᠠᠷᠭ᠎ᠠ ᠶᠢ  ᠬᠡᠷᠡᠭᠯᠡᠪᠡᠯ ᠵᠣᠬᠢᠨ᠎ᠠ᠃      ᠵᠢᠷᠭᠤᠳᠣᠭᠠᠷ ᠵᠣᠷᠪᠣᠰ   ᠬᠤᠷᠠᠯ ᠤᠨ ᠬᠤᠭᠤᠴᠠᠭ᠎ᠠ ᠶᠢ ᠬᠦᠴᠦᠳᠠᠢ ᠰᠢᠬᠠᠨ᠎ᠠ᠃ ᠳᠣᠭᠳᠠᠭᠠᠯ ᠤᠨ ᠴᠢᠨᠠᠷᠳᠠᠢ ᠬᠤᠷᠠᠯ ᠠᠴᠠ ᠭᠠᠳᠠᠨ᠎ᠠ᠂ ᠨᠢᠬᠡᠳᠦᠬᠡᠷ᠂ ᠬᠤᠶᠠᠳᠣᠭᠠᠷ ᠳᠦᠷᠦᠯ ᠤᠨ ᠬᠤᠷᠠᠯ ᠤᠨ ᠬᠤᠭᠤᠴᠠᠭ᠎ᠠ ᠬᠤᠶᠠᠷ ᠡᠳᠦᠷ ᠠᠴᠠ ᠬᠡᠳᠦᠷᠡᠬᠦ ᠦᠬᠡᠢ᠂ ᠭᠤᠷᠪᠠᠳᠣᠭᠠᠷ᠂ ᠳᠦᠷᠪᠡᠳᠦᠬᠡᠷ ᠳᠦᠷᠦᠯ   ᠤᠨ ᠬᠤᠷᠠᠯ ᠨᠢ ᠨᠢᠬᠡ ᠡᠳᠦᠷ ᠠᠴᠠ ᠬᠡᠳᠦᠷᠡᠬᠦᠯᠬᠦ ᠦᠬᠡᠢ᠃     ᠬᠤᠷᠠᠯ ᠳᠤ ᠨᠡᠷ᠎ᠡ ᠮᠡᠳᠡᠬᠦᠯᠬᠦ ᠪᠠ  ᠬᠤᠷᠠᠯ ᠠᠴᠠ ᠰᠠᠯᠬᠤ ᠴᠠᠭ ᠬᠤᠭᠤᠴᠠᠭ᠎ᠠ ᠨᠢ ᠨᠡᠶᠢᠳᠠ ᠬᠤᠶᠠᠷ ᠡᠳᠦᠷ ᠠᠴᠠ ᠬᠡᠳᠦᠷᠡᠬᠦ ᠦᠬᠡᠢ᠃     ᠳᠣᠯᠣᠳᠣᠭᠠᠷ ᠵᠣᠷᠪᠣᠰ    ᠬᠤᠷᠠᠯ ᠤᠨ ᠬᠦᠷᠢᠶ᠎ᠡ ᠬᠡᠪᠴᠢᠶ᠎ᠡ ᠶᠢ ᠳᠦᠪ ᠴᠢᠩᠭ᠎ᠠ ᠪᠠᠷ ᠬᠢᠵᠠᠭᠠᠷᠯᠠᠨ᠎ᠠ᠃ ᠬᠤᠷᠠᠯ ᠤᠨ ᠠᠭᠤᠯᠭ᠎ᠠ ᠲᠠᠢ ᠬᠠᠮᠢᠶᠠᠳᠠᠬᠤ ᠦᠬᠡᠢ ᠪᠠᠶᠢᠭᠤᠯᠣᠯᠭ᠎ᠠ ᠪᠠ ᠬᠦᠮᠦᠨ ᠢ ᠬᠤᠷᠠᠯ ᠳᠤ ᠣᠷᠢᠵᠣ ᠣᠷᠣᠯᠴᠠᠭᠤᠯᠬᠤ ᠦᠬᠡᠢ᠃     ᠨᠢᠬᠡᠳᠦᠬᠡᠷ ᠳᠦᠷᠦᠯ ᠤᠨ ᠬᠤᠷᠠᠯ ᠨᠢ ᠬᠤᠷᠠᠯ ᠤᠨ ᠠᠭᠤᠯᠭ᠎ᠠ ᠶᠢ ᠦᠨᠳᠦᠰᠦᠯᠡᠨ ᠬᠤᠷᠠᠯ ᠳᠤ ᠣᠷᠣᠯᠴᠠᠬᠤ ᠬᠦᠮᠦᠨ ᠪᠠ ᠠᠵᠢᠯᠳᠠᠨ ᠤ ᠳᠤᠭ᠎ᠠ ᠬᠡᠮᠵᠢᠶ᠎ᠡ ᠶᠢ ᠳᠦᠪ ᠴᠢᠩᠭ᠎ᠠ ᠪᠠᠷ ᠬᠢᠵᠠᠭᠠᠷᠯᠠᠨ᠎ᠠ᠃     ᠬᠤᠶᠠᠳᠣᠭᠠᠷ ᠳᠦᠷᠦᠯ ᠤᠨ ᠬᠤᠷᠠᠯ ᠤᠨ ᠳᠦᠯᠦᠬᠡᠯᠡᠭᠴᠢᠳ ᠤᠨ ᠳᠤᠭ᠎ᠠ ᠨᠢ 250 ᠬᠦᠮᠦᠨ ᠠᠴᠠ ᠬᠡᠳᠦᠷᠡᠬᠦ ᠦᠬᠡᠢ᠂ ᠪᠠᠭᠤᠳᠠᠯ ᠳᠣᠬᠢᠷᠠᠭᠤᠯᠬᠤ ᠱᠠᠭᠠᠷᠳᠠᠯᠭ᠎ᠠ ᠲᠠᠢ ᠳᠦᠯᠦᠬᠡᠯᠡᠭᠴᠢᠳ ᠤᠨ ᠳᠤᠭ᠎ᠠ 90 ᠠᠴᠠ ᠬᠡᠳᠦᠷᠡᠬᠦ ᠦᠬᠡᠢ ᠂ ᠠᠵᠢᠯᠳᠠᠨ ᠤ ᠳᠤᠭ᠎ᠠ ᠶᠢ ᠳᠦᠯᠦᠬᠡᠯᠡᠭᠴᠢᠳ ᠤᠨ ᠳᠤᠭ᠎ᠠ ᠶᠢᠨ12% ᠳᠣᠳᠣᠷ᠎ᠠ ᠬᠢᠵᠠᠭᠠᠷᠯᠠᠨ᠎ᠠ᠃     ᠭᠤᠷᠪᠠᠳᠣᠭᠠᠷ ᠳᠦᠷᠦᠯ ᠤᠨ ᠬᠤᠷᠠᠯ ᠤᠨ ᠳᠦᠯᠦᠬᠡᠯᠡᠭᠴᠢᠳ ᠤᠨ ᠳᠤᠭ᠎ᠠ ᠨᠢ 150 ᠬᠦᠮᠦᠨ ᠠᠴᠠ ᠬᠡᠳᠦᠷᠡᠬᠦ ᠦᠬᠡᠢ᠂ ᠪᠠᠭᠤᠳᠠᠯ ᠳᠣᠬᠢᠷᠠᠭᠤᠯᠬᠤ ᠱᠠᠭᠠᠷᠳᠠᠯᠭ᠎ᠠ ᠲᠠᠢ ᠳᠦᠯᠦᠬᠡᠯᠡᠭᠴᠢᠳ ᠤᠨ ᠳᠤᠭ᠎ᠠ 70 ᠠᠴᠠ ᠬᠡᠳᠦᠷᠡᠬᠦ ᠦᠬᠡᠢ᠂ ᠠᠵᠢᠯᠳᠠᠨ ᠤ ᠳᠤᠭ᠎ᠠ ᠶᠢ ᠳᠦᠯᠦᠬᠡᠯᠡᠭᠴᠢᠳ ᠤᠨ ᠳᠤᠭ᠎ᠠ ᠶᠢᠨ10% ᠳᠣᠳᠣᠷ᠎ᠠ ᠬᠢᠵᠠᠭᠠᠷᠯᠠᠨ᠎ᠠ᠃     ᠳᠦᠷᠪᠡᠳᠦᠬᠡᠷ ᠳᠦᠷᠦᠯ ᠤᠨ ᠬᠤᠷᠠᠯ ᠤᠨ ᠳᠦᠯᠦᠬᠡᠯᠡᠭᠴᠢᠳ ᠤᠨ ᠳᠤᠭ᠎ᠠ ᠨᠢ 100 ᠬᠦᠮᠦᠨ ᠠᠴᠠ ᠬᠡᠳᠦᠷᠡᠬᠦ ᠦᠬᠡᠢ᠂ ᠪᠠᠭᠤᠳᠠᠯ ᠳᠣᠬᠢᠷᠠᠭᠤᠯᠬᠤ ᠱᠠᠭᠠᠷᠳᠠᠯᠭ᠎ᠠ ᠲᠠᠢ ᠳᠦᠯᠦᠬᠡᠯᠡᠭᠴᠢᠳ ᠤᠨ ᠳᠤᠭ᠎ᠠ 50 ᠠᠴᠠ ᠬᠡᠳᠦᠷᠡᠬᠦ ᠦᠬᠡᠢ᠂ ᠠᠵᠢᠯᠳᠠᠨ ᠤ ᠳᠤᠭ᠎ᠠ ᠶᠢ ᠳᠦᠯᠦᠬᠡᠯᠡᠭᠴᠢᠳ ᠤᠨ ᠳᠤᠭ᠎ᠠ ᠶᠢᠨ10% ᠳᠣᠳᠣᠷ᠎ᠠ ᠬᠢᠵᠠᠭᠠᠷᠯᠠᠨ᠎ᠠ᠃     ᠭᠤᠷᠪᠠᠳᠣᠭᠠᠷ ᠳᠦᠷᠪᠡᠳᠦᠬᠡᠷ ᠳᠦᠷᠦᠯ ᠤᠨ ᠬᠤᠷᠠᠯ ᠳᠤ ᠡᠯ᠎ᠡ ᠠᠶᠢᠮᠠᠭ ᠬᠤᠳᠠ ᠶᠢᠨ ᠨᠠᠮ ᠵᠠᠰᠠᠭ ᠤᠨ ᠭᠤᠣᠯ ᠬᠠᠷᠢᠭᠤᠴᠠᠯᠭᠠᠳᠠᠨ ᠪᠣᠶᠣ ᠬᠤᠪᠢᠳᠠᠨ ᠬᠠᠮᠢᠶᠠᠷᠬᠤ ᠬᠠᠷᠢᠭᠤᠴᠠᠯᠭᠠᠳᠠᠨ ᠢ ᠣᠷᠢᠵᠣ ᠣᠷᠣᠯᠴᠠᠭᠤᠯᠬᠤ ᠦᠬᠡᠢ᠃ ᠳᠦᠷᠢᠮ ᠤᠨ ᠴᠢᠨᠠᠷᠳᠠᠢ ᠬᠤᠷᠠᠯ ᠠᠴᠠ ᠭᠠᠳᠠᠨ᠎ᠠ᠂  ᠬᠤᠶᠠᠳᠣᠭᠠᠷ ᠭᠤᠷᠪᠠᠳᠣᠭᠠᠷ ᠳᠦᠷᠪᠡᠳᠦᠬᠡᠷ ᠳᠦᠷᠦᠯ ᠤᠨ ᠬᠤᠷᠠᠯ ᠳᠤ ᠬᠤᠰᠢᠭᠤ ᠰᠢᠶᠠᠨ ᠤ ︵ᠬᠤᠳᠠ᠂ ᠳᠣᠭᠤᠷᠢᠭ︶ ᠬᠤᠯᠪᠣᠭᠳᠠᠬᠤ ᠬᠦᠮᠦᠨ ᠣᠷᠣᠯᠴᠠᠬᠤ ᠶᠢ ᠱᠠᠭᠠᠷᠳᠠᠵᠣ ᠪᠣᠯᠬᠤ ᠦᠬᠡᠢ᠃     ᠬᠤᠶᠠᠳᠣᠭᠠᠷ ᠭᠤᠷᠪᠠᠳᠣᠭᠠᠷ ᠳᠦᠷᠪᠡᠳᠦᠬᠡᠷ ᠳᠦᠷᠦᠯ ᠤᠨ ᠬᠤᠷᠠᠯ ᠳᠤ ᠳᠣᠰ ᠭᠠᠵᠠᠷ ᠤᠨ ᠳᠦᠯᠦᠬᠡᠯᠡᠭᠴᠢᠳ  ᠳᠤ ᠪᠠᠭᠤᠳᠠᠯ ᠳᠣᠬᠢᠷᠠᠭᠤᠯᠬᠤ ᠦᠬᠡᠢ᠃     ᠨᠠᠢᠮᠠᠳᠣᠭᠠᠷ ᠵᠣᠷᠪᠣᠰ    ᠬᠤᠷᠠᠯ ᠤᠨ ᠬᠡᠯᠪᠡᠷᠢ ᠶᠢ ᠬᠤᠪᠢᠷᠠᠭᠤᠯᠵᠣ᠂ ᠲᠧᠯᠸᠢᠰ ᠣᠳᠠᠰᠣ᠂ ᠰᠦᠯᠵᠢᠶ᠎ᠡ ᠳᠦᠷᠰᠦ ᠪᠢᠴᠢᠯᠬᠡ ᠵᠡᠷᠬᠡ ᠣᠳᠣ ᠦᠶ᠎ᠡ ᠶᠢᠨ ᠰᠣᠷᠠᠭ ᠵᠠᠩᠬᠢ ᠶᠢᠨ ᠮᠡᠷᠬᠡᠵᠢᠯ ᠤᠨ ᠠᠷᠭ᠎ᠠ ᠪᠠᠷᠢᠯ ᠢ ᠬᠦᠢᠴᠡᠳ ᠠᠰᠢᠭᠯᠠᠨ᠂ ᠬᠤᠷᠠᠯ ᠤᠨ ᠦᠪᠡᠷ ᠤᠨ ᠦᠷᠳᠡᠭ ᠢ ᠪᠠᠭᠤᠷᠠᠭᠤᠯᠣᠨ᠂ ᠬᠤᠷᠠᠯ ᠤᠨ ᠦᠷ᠎ᠡ ᠪᠦᠳᠦᠮᠵᠢ ᠶᠢ ᠨᠡᠮᠡᠭᠳᠡᠬᠦᠯᠦᠨ᠎ᠠ᠃ ᠦᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠭᠤᠣᠯ ᠣᠳᠣᠷᠢᠳᠣᠯᠭ᠎ᠠ ᠬᠤᠷᠠᠯ ᠳᠤ ᠣᠷᠣᠯᠴᠠᠬᠤ ᠪᠠ ᠦᠭᠡ ᠬᠡᠯᠡᠬᠦ ᠠᠴᠠ ᠭᠠᠳᠠᠨ᠎ᠠ᠂ ᠲᠧᠯᠸᠢᠰ ᠣᠳᠠᠰᠣᠳᠣ ᠬᠤᠷᠠᠯ ᠨᠢ ᠶᠡᠷᠦ ᠳᠡᠭᠡᠨ ᠵᠦᠪᠬᠡᠨ ᠠᠶᠢᠮᠠᠭ ᠬᠤᠳᠠ ᠶᠢᠨ ᠳᠡᠰ ᠳᠤ ᠨᠡᠬᠡᠬᠡᠵᠣ᠂ ᠬᠤᠰᠢᠭᠤ ᠰᠢᠶᠠᠨ ᠤ ᠳᠡᠰ ᠳᠤ ᠨᠡᠬᠡᠬᠡᠬᠦ ᠱᠠᠭᠠᠷᠳᠠᠯᠭ᠎ᠠ ᠲᠠᠢ ᠪᠣᠯ ᠬᠤᠯᠪᠣᠭᠳᠠᠬᠤ ᠪᠠᠶᠢᠭᠤᠯᠣᠯᠭ᠎ᠠ ᠶᠢ ᠦᠨᠳᠦᠰᠦᠯᠡᠨ᠂ᠦᠪᠡᠷᠳᠡᠬᠡᠨ ᠵᠠᠰᠠᠬᠤ ᠣᠷᠣᠨ ᠤ ᠨᠠᠮ ‍ᠣᠨ‌ᠬᠤᠷᠢᠶᠠᠨ ᠤ  ᠠᠯᠪᠠᠨ ᠬᠡᠷ ᠤᠨ ᠳᠢᠩᠬᠢᠮ᠂ ᠵᠠᠰᠠᠭ ᠤᠨ ᠣᠷᠳᠣᠨ ᠤ  ᠠᠯᠪᠠᠨ ᠬᠡᠷ ᠤᠨ ᠳᠢᠩᠬᠢᠮ   ᠳᠤ ᠮᠡᠳᠡᠬᠦᠯᠦᠨ ᠵᠦᠪᠰᠢᠶᠡᠷᠡᠬᠦᠯᠦᠨ᠎ᠠ᠃     ᠶᠢᠰᠦᠳᠦᠬᠡᠷ ᠵᠣᠷᠪᠣᠰ   ᠲᠧᠯᠸᠢᠰ ᠣᠳᠠᠰᠣ᠂ ᠰᠦᠯᠵᠢᠶ᠎ᠡ ᠳᠦᠷᠰᠦ ᠪᠢᠴᠢᠯᠬᠡ ᠵᠡᠷᠬᠡ  ᠶᠢ ᠬᠡᠷᠡᠭᠯᠡᠵᠣ ᠳᠡᠶᠢᠯᠬᠦ ᠦᠬᠡᠢ ᠡᠷᠬᠢᠯᠡᠭᠰᠡᠨ ᠬᠤᠷᠠᠯ  ᠨᠢ ᠴᠡᠭ ᠳᠣᠭᠳᠠᠭᠠᠬᠤ ᠬᠠᠮᠢᠶᠠᠷᠣᠯᠳᠠ ᠶᠢ ᠬᠡᠷᠡᠭᠵᠢᠬᠦᠯᠦᠨ᠎ᠡ᠃ ᠡᠯ᠎ᠡ ᠳᠦᠷᠦᠯ ᠤᠨ ᠬᠤᠷᠠᠯ  ᠢ ᠳᠣᠭᠳᠠᠭᠰᠠᠨ ᠬᠤᠭᠤᠯᠠᠨ ᠬᠡᠷ ᠲᠤ ᠬᠢᠵᠣ᠂ ᠳᠣᠭᠳᠠᠭᠰᠠᠨ ᠬᠤᠭᠤᠯᠠᠨ ᠬᠡᠷ ᠢ‌ᠦᠪᠡᠷᠳᠡᠬᠡᠨ ᠵᠠᠰᠠᠬᠤ ᠣᠷᠣᠨ ᠤ ᠨᠠᠮ ‍ᠣᠨ‌ᠬᠤᠷᠢᠶᠠᠨ ᠤ  ᠠᠯᠪᠠᠨ ᠬᠡᠷ ᠤᠨ ᠳᠢᠩᠬᠢᠮ᠂ ᠵᠠᠰᠠᠭ ᠤᠨ ᠣᠷᠳᠣᠨ ᠤ  ᠠᠯᠪᠠᠨ ᠬᠡᠷ ᠤᠨ ᠳᠢᠩᠬᠢᠮ ᠪᠣᠯᠣᠨ ᠡᠳ᠋ ᠤᠨ ᠵᠠᠰᠠᠭ ᠤᠨ ᠲᠢᠩᠬᠢᠮ ᠲᠠᠢ ᠬᠠᠮᠳᠣ  ᠳᠣᠭᠳᠠᠭᠠᠵᠣ᠂ ᠡᠳ᠋ ᠤᠨ ᠵᠠᠰᠠᠭ ᠤᠨ  ᠶᠠᠮᠣᠨ ᠨᠢᠬᠡᠳᠦᠯᠳᠠᠢ ᠬᠤᠳᠠᠯᠳᠣᠨ ᠠᠪᠴᠤ᠂ ᠬᠡᠯᠡᠯᠴᠡᠬᠡᠷ ᠶᠢᠨ ᠦᠨ᠎ᠡ ᠬᠠᠩᠰᠢ ᠶᠢ ᠦᠨᠳᠦᠰᠦᠯᠡᠨ ᠵᠠᠷᠣᠳᠠᠯ ᠮᠦᠩᠬᠦ ᠶᠢ ᠳᠣᠭᠠᠴᠠᠭ᠎ᠠ ᠬᠢᠨ᠎ᠡ᠃ ᠣᠨᠴᠠᠭᠠᠢ ᠪᠠᠶᠢᠳᠠᠯ ᠠᠴᠠ ᠪᠣᠯᠵᠣ ᠳᠣᠭᠳᠠᠭᠰᠠᠨ ᠬᠤᠭᠤᠯᠠᠨ ᠬᠡᠷ  ᠲᠤ  ᠶᠠᠪᠣᠭᠳᠠᠭᠤᠯᠵᠣ ᠳᠡᠶᠢᠯᠤᠭ᠍ᠰᠡᠨ ᠦᠬᠡᠢ ᠪᠣᠯ ᠳᠣᠭᠳᠠᠭᠠᠯ ᠶᠠᠪᠣᠴᠠ ᠶᠢ ᠦᠨᠳᠦᠰᠦᠯᠡᠨ ᠮᠡᠳᠡᠬᠦᠯᠦᠨ ᠵᠦᠪᠰᠢᠶᠡᠷᠡᠬᠦᠯᠪᠡᠯ ᠵᠣᠬᠢᠵᠣ᠂ ᠵᠠᠷᠣᠳᠠᠯ ᠨᠢ ᠡᠯ᠎ᠡ ᠳᠦᠷᠦᠯ ᠤᠨ ᠬᠤᠷᠠᠯ ᠤᠨ ᠪᠠᠷᠢᠮᠵᠢᠶᠠᠨ ᠠᠴᠠ ᠬᠡᠳᠦᠷᠡᠵᠣ ᠪᠣᠯᠬᠤ ᠦᠬᠡᠢ᠃ ᠳᠣᠭᠳᠠᠭᠰᠠᠨ ᠬᠦᠷᠢᠶ᠎ᠡ ᠬᠡᠪᠴᠢᠶᠡᠨ ᠳᠤ ᠣᠷᠣᠭᠤᠯᠤᠭ᠎ᠠ ᠦᠬᠡᠢ᠂ ᠦᠨ᠎ᠡ ᠬᠠᠩᠰᠢ ᠨᠢ ᠬᠤᠷᠠᠯ ᠤᠨ ᠶᠡᠷᠦᠩᠬᠡᠶᠢᠯᠡᠨ ᠳᠣᠭᠳᠠᠭᠠᠭᠰᠠᠨ ᠪᠠᠷᠢᠮᠵᠢᠶ᠎ᠡ ᠠᠴᠠ ᠳᠣᠣᠷ᠎ᠠ ᠪᠠᠶᠢᠬᠤ ᠪᠠᠶᠢᠭᠤᠯᠣᠯᠭ᠎ᠠ ᠶᠢᠨ ᠳᠣᠳᠣᠭᠠᠳᠣ ᠶᠢᠨ ᠬᠤᠷᠠᠯ ᠤᠨ ᠬᠡᠷ᠂ ᠶᠣᠰᠣᠯᠠᠯ ᠤᠨ ᠳᠠᠩᠬᠢᠮ᠂ ᠵᠣᠴᠢᠳ ᠤᠨ ᠪᠠᠭᠤᠳᠠᠯ᠂ ᠵᠣᠴᠢᠯᠠᠬᠤ ᠭᠠᠵᠠᠷ᠂ ᠪᠣᠯᠪᠠᠰᠣᠷᠠᠯ ᠤᠨ ᠳᠦᠪ ᠢ  ᠶᠠᠭᠤᠨ ᠳᠡᠷᠢᠬᠦᠨ ᠳᠤ ᠳᠣᠰ ᠪᠠᠶᠢᠭᠤᠯᠣᠯᠭ᠎ᠠ ᠪᠣᠶᠣ ᠳᠣᠰ ᠰᠢᠰᠲ᠋ᠧᠮ ᠤᠨ ᠬᠤᠷᠠᠯ ᠤᠨ ᠳᠠᠯᠠᠪᠣᠷ ᠪᠣᠯᠭᠠᠪᠠᠯ ᠵᠣᠬᠢᠨ᠎ᠠ᠃     ᠬᠤᠷᠠᠯ   ᠳᠤ ᠣᠷᠣᠯᠴᠠᠬᠤ ᠬᠦᠮᠦᠨ ᠤ ᠳᠤᠭ᠎ᠠ ᠨᠢ 50 ᠳᠣᠳᠣᠷ᠎ᠠ ᠪᠠᠶᠢᠬᠤ ᠪᠦᠬᠡᠳ ᠭᠠᠳᠠᠨ᠎ᠠ ᠠᠴᠠ ᠳᠦᠯᠦᠬᠡᠯᠡᠭᠴᠢᠳ ᠣᠷᠣᠯᠴᠠᠭᠰᠠᠨ ᠦᠬᠡᠢ ᠬᠤᠷᠠᠯ ᠨᠢ ᠨᠦᠬᠦᠴᠡᠯ ᠳᠤ ᠬᠦᠷᠦᠭᠰᠡᠨ ᠪᠣᠯ ᠪᠠᠶᠢᠭᠤᠯᠣᠯᠭ᠎ᠠ ᠶᠢᠨ ᠳᠣᠳᠣᠭᠠᠳᠣ ᠶᠢᠨ ᠬᠤᠷᠠᠯ ᠤᠨ ᠬᠡᠷ   ᠲᠤ ᠡᠷᠬᠢᠯᠡᠨ ᠶᠠᠪᠣᠭᠳᠠᠭᠤᠯᠪᠠᠯ ᠵᠣᠬᠢᠨ᠎ᠠ᠃     ᠠᠷᠪᠠᠳᠣᠭᠠᠷ ᠵᠣᠷᠪᠣᠰ   ᠬᠤᠷᠠᠯ   ᠳᠤ ᠣᠷᠣᠯᠴᠠᠬᠤ ᠬᠦᠮᠦᠨ  ᠨᠢ ᠬᠦᠬᠡᠬᠤᠳᠠ ᠶᠢᠨ ᠬᠤᠳᠠ ᠳᠣᠭᠤᠷᠢᠭ ᠲᠤ ᠰᠠᠭᠤᠭ᠎ᠠ ᠪᠠᠶᠢᠭᠤᠯᠣᠯᠭ᠎ᠠ ᠠᠴᠠ ᠭᠤᠣᠯᠴᠢᠯᠠᠨ ᠣᠷᠣᠯᠴᠠᠭᠰᠠᠨ ᠬᠤᠷᠠᠯ ᠢ ᠬᠦᠬᠡᠬᠤᠳᠠ ᠶᠢᠨ ᠬᠤᠳᠠ ᠳᠣᠭᠤᠷᠢᠭ ᠠᠴᠠ ᠭᠠᠳᠠᠨ᠎ᠠ ᠡᠷᠬᠢᠯᠡᠨ ᠶᠠᠪᠣᠭᠳᠠᠭᠤᠯᠵᠣ ᠪᠣᠯᠬᠤ ᠦᠬᠡᠢ᠃ ᠡᠯ᠎ᠡ ᠪᠠᠶᠢᠭᠤᠯᠣᠯᠭ᠎ᠠ  ᠨᠢ ᠨᠠᠮ ᠤᠨ ᠳᠦᠪ ᠬᠤᠷᠢᠶ᠎ᠠ᠂ ᠳᠦᠷᠦ ᠶᠢᠨ ᠶᠠᠪᠣᠳᠠᠯ ᠤᠨ ᠬᠤᠷᠢᠶ᠎ᠠ ᠪᠠ ᠦᠪᠡᠷᠳᠡᠬᠡᠨ ᠵᠠᠰᠠᠬᠤ ᠣᠷᠣᠨ ᠤ ᠵᠠᠷᠯᠢᠭ ᠪᠠᠭᠤᠯᠭᠠᠨ ᠬᠤᠷᠢᠭᠯᠠᠭᠰᠠᠨ ᠦᠵᠡᠮᠵᠢ ᠶᠢᠨ ᠨᠡᠷᠡᠳᠣ ᠭᠠᠵᠠᠷ ᠢᠶᠠᠷ ᠬᠤᠷᠠᠯ ᠬᠢᠵᠣ ᠪᠣᠯᠬᠤ ᠦᠬᠡᠢ᠃     ᠠᠷᠪᠠᠨ ᠨᠢᠬᠡᠳᠦᠬᠡᠷ ᠵᠣᠷᠪᠣᠰ  ᠵᠦᠪᠰᠢᠶᠡᠷᠡᠯ ᠢ ᠣᠯᠣᠭᠰᠠᠨ ᠦᠬᠡᠢ ᠪᠠᠷ ᠡᠯ᠎ᠡ ᠪᠠᠶᠢᠭᠤᠯᠣᠯᠭ᠎ᠠ ᠨᠡᠶᠢᠳᠠ ᠶᠢᠨ ᠳᠠᠬᠢᠯᠭ᠎ᠠ᠂ ᠳᠡᠤᠬᠡ ᠰᠣᠶᠣᠯ᠂ ᠣᠨᠴᠠᠯᠢᠭᠳᠣ ᠭᠠᠷᠣᠯᠳᠠ᠂ ᠪᠠᠶᠢᠭᠤᠯᠣᠯᠭ᠎ᠠ ᠪᠠᠶᠢᠭᠤᠯᠣᠭᠳᠠᠬᠤ᠂ ᠵᠠᠰᠠᠭ ᠵᠠᠬᠢᠷᠭᠠᠨ ᠤ ᠬᠤᠪᠢᠶᠠᠷᠢᠯᠠᠯ ᠬᠤᠪᠢᠷᠠᠬᠤ᠂ ᠢᠨᠵᠧᠨᠧᠷᠢᠩ ᠤᠨ ᠰᠠᠭᠤᠷᠢ ᠳᠠᠯᠪᠢᠬᠤ ᠪᠣᠶᠣ ᠪᠠᠷᠢᠯᠭ᠎ᠠ ᠶᠢᠨ ᠠᠵᠢᠯ ᠳᠠᠭᠤᠰᠬᠤ ᠵᠡᠷᠬᠡ ᠨᠡᠷ᠎ᠡ ᠪᠠᠷ ᠵᠣᠬᠢᠶᠠᠨ ᠪᠠᠶᠢᠭᠤᠯᠬᠤ ᠪᠣᠶᠣ ᠳᠠᠭᠠᠭᠠᠯᠭᠠᠬᠤ᠂ ᠪᠣᠰᠣᠳ ᠪᠠᠶᠢᠭᠤᠯᠣᠯᠭ᠎ᠠ ᠶᠢ ᠨᠡᠷ᠎ᠡ ᠵᠢᠭᠠᠨ ᠡᠯ᠎ᠡ ᠳᠦᠷᠦᠯ ᠤᠨ ᠪᠠᠶᠠᠷ ᠳᠣᠷᠠᠰᠬᠠᠯ ᠬᠤᠷᠠᠯ ᠴᠣᠭᠯᠠᠭᠠᠨ᠂ ᠪᠠᠶᠠᠷ ᠶᠣᠰᠣᠯᠠᠯ ᠤᠨ ᠬᠦᠳᠡᠯᠬᠡᠬᠡᠨ  ᠢ ᠬᠢᠵᠣ ᠪᠣᠯᠬᠤ ᠦᠬᠡᠢ᠂ ᠦᠬᠦᠯᠡᠯ ᠤᠨ ᠳᠠᠪᠴᠠᠩ᠂ ᠦᠵᠡᠰᠬᠦᠯᠡᠩ ᠬᠤᠳᠠᠯᠳᠣᠭᠠᠨ ᠤ ᠬᠦᠳᠡᠯᠬᠡᠬᠡᠨ ᠢ ᠡᠷᠬᠢᠯᠡᠨ ᠶᠠᠪᠣᠭᠳᠠᠭᠤᠯᠵᠣ ᠪᠣᠯᠬᠤ ᠦᠬᠡᠢ᠃ ᠣᠯᠠᠨ ᠣᠯᠣᠰ ᠤᠨ ᠴᠢᠨᠠᠷᠳᠠᠢ ᠪᠣᠶᠣ ᠪᠦᠬᠦ ᠣᠯᠣᠰ ᠤᠨ ᠴᠢᠨᠠᠷᠳᠠᠢ ᠬᠤᠷᠠᠯ ᠢ ᠳᠠᠭᠠᠭᠠᠨ ᠠᠪᠬᠤ ᠳᠤ ᠡᠷᠬᠡᠪᠰᠢ‌ᠦᠪᠡᠷᠳᠡᠬᠡᠨ ᠵᠠᠰᠠᠬᠤ ᠣᠷᠣᠨ ᠤ ᠨᠠᠮ ‍ᠣᠨ‌ᠬᠤᠷᠢᠶᠠᠨ ᠤ  ᠠᠯᠪᠠᠨ ᠬᠡᠷ ᠤᠨ ᠳᠢᠩᠬᠢᠮ᠂ ᠵᠠᠰᠠᠭ ᠤᠨ ᠣᠷᠳᠣᠨ ᠤ  ᠠᠯᠪᠠᠨ ᠬᠡᠷ ᠤᠨ ᠳᠢᠩᠬᠢᠮ  ᠠᠴᠠ  ᠬᠢᠨᠠᠨ ᠬᠠᠷᠭᠤᠭᠤᠯᠣᠭᠰᠠᠨ ᠳᠠᠷᠠᠭ᠎ᠠ ᠮᠡᠳᠡᠬᠦᠯᠦᠨ ᠵᠦᠪᠰᠢᠶᠡᠷᠡᠬᠦᠯᠦᠨ᠎ᠠ᠃     ᠠᠷᠪᠠᠨ ᠬᠤᠶᠠᠳᠣᠭᠠᠷ ᠵᠣᠷᠪᠣᠰ   ᠦᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠣᠳᠣᠷᠢᠳᠣᠯᠭ᠎ᠠ ᠶᠢᠨ ᠬᠤᠷᠠᠯ ᠳᠤ ᠣᠷᠣᠯᠴᠠᠬᠤ ᠶᠢ ᠳᠦᠪ ᠴᠢᠩᠭ᠎ᠠ ᠳᠦᠷᠢᠮᠵᠢᠬᠦᠯᠵᠣ᠂ ᠦᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠬᠡᠰᠢᠬᠦᠨ ᠢ ᠣᠷᠢᠵᠣ ᠣᠷᠣᠯᠴᠠᠭᠤᠯᠬᠤ ᠠᠯᠢᠪᠠ ᠪᠦᠬᠦ ᠣᠷᠣᠨ ᠤ ᠴᠢᠨᠠᠷᠳᠠᠢ ᠬᠤᠷᠠᠯ ᠢ ᠦᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠱᠦᠵᠢ ᠳᠤ ᠮᠡᠳᠡᠬᠦᠯᠦᠨ ᠵᠦᠪᠰᠢᠶᠡᠷᠡᠬᠦᠯᠦᠨ᠎ᠠ᠃ᠦᠪᠡᠷᠳᠡᠬᠡᠨ ᠵᠠᠰᠠᠬᠤ ᠣᠷᠣᠨ ᠤ ᠳᠡᠳ᠋ ᠲᠡᠷᠢᠬᠦᠯᠡᠭᠴᠢ ᠶᠢ ᠣᠷᠢᠵᠣ ᠣᠷᠣᠯᠴᠠᠭᠤᠯᠬᠤ ᠪᠦᠬᠦ ᠣᠷᠣᠨ ᠤ ᠴᠢᠨᠠᠷᠳᠠᠢ ᠬᠤᠷᠠᠯ ᠢ ᠦᠪᠡᠷᠳᠡᠬᠡᠨ ᠵᠠᠰᠠᠬᠤ ᠣᠷᠣᠨ ᠤ  ᠲᠡᠷᠢᠬᠦᠯᠡᠭᠴᠢ ᠳᠤ ᠮᠡᠳᠡᠬᠦᠯᠦᠨ ᠵᠦᠪᠰᠢᠶᠡᠷᠡᠬᠦᠯᠦᠨ᠎ᠠ᠃     ᠠᠷᠪᠠᠨ ᠭᠤᠷᠪᠠᠳᠣᠭᠠᠷ ᠵᠣᠷᠪᠣᠰ   ᠬᠤᠷᠠᠯ ᠤᠨ ᠮᠡᠳᠡᠬᠦᠯᠦᠯᠳᠠ ᠶᠢᠨ ᠳᠣᠭᠳᠠᠯᠴᠠᠭ᠎ᠠ ᠶᠢ ᠪᠠᠶᠢᠭᠤᠯᠣᠨ᠂ ᠦᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ  ᠪᠠᠶᠢᠩᠭᠤ ᠶᠢᠨ ᠬᠡᠰᠢᠬᠦᠨ᠂ ᠦᠪᠡᠷᠳᠡᠬᠡᠨ ᠵᠠᠰᠠᠬᠤ ᠣᠷᠣᠨ ᠤ  ᠡᠯ᠎ᠡ ᠳᠡᠳ᠋ ᠲᠡᠷᠢᠬᠦᠯᠡᠭᠴᠢ ᠬᠠᠭᠠᠰ ᠵᠢᠯ ᠪᠣᠯᠭᠠᠨ ᠦᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ  ᠪᠠᠶᠢᠩᠭᠤ ᠶᠢᠨ ᠬᠡᠰᠢᠬᠦᠨ᠂ᠦᠪᠡᠷᠳᠡᠬᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠪᠠᠶᠢᠩᠭᠤ ᠶᠢᠨ ᠬᠤᠷᠠᠯ ᠳᠤ ᠳᠣᠰ ᠳᠣᠰ  ᠨᠢᠬᠡ ᠣᠳᠠᠭ᠎ᠠ  ᠣᠷᠣᠯᠴᠠᠬᠤ ᠪᠣᠶᠣ ᠬᠦᠳᠦᠯᠦᠨ ᠶᠠᠪᠣᠭᠳᠠᠭᠤᠯᠬᠤ ᠬᠤᠷᠠᠯ ᠤᠨ ᠪᠠᠶᠢᠳᠠᠯ ︵ᠬᠤᠷᠠᠯ ᠤᠨ ᠠᠭᠤᠯᠭ᠎ᠠ᠂ ᠬᠤᠷᠠᠯ ᠤᠨ ᠬᠤᠭᠤᠴᠠᠭ᠎ᠠ᠂ ᠣᠷᠣᠯᠴᠠᠬᠤ ᠬᠦᠮᠦᠨ᠂ ᠰᠣᠳᠣᠯᠬᠤ ᠶᠠᠪᠣᠳᠠᠯ ᠤᠳ ᠵᠡᠷᠬᠡ︶ ᠢ  ᠮᠡᠳᠡᠬᠦᠯᠦᠨ᠎ᠠ᠃     ᠭᠤᠷᠪᠠᠳᠣᠭᠠᠷ ᠪᠦᠯᠦᠭ  ᠬᠤᠷᠠᠯ  ᠤᠨ ᠵᠠᠷᠣᠳᠠᠯ ᠤᠨ ᠬᠠᠮᠢᠶᠠᠷᠣᠯᠳᠠ     ᠠᠷᠪᠠᠨ ᠳᠦᠷᠪᠡᠳᠦᠬᠡᠷ ᠵᠣᠷᠪᠣᠰ ᠡᠯ᠎ᠡ ᠪᠠᠶᠢᠭᠤᠯᠣᠯᠭ᠎ᠠ ᠨᠢ ᠬᠤᠷᠠᠯ ᠤᠨ ᠵᠠᠷᠣᠳᠠᠯ ᠢᠶᠠᠨ ᠬᠡᠯᠳᠡᠰ ᠤᠨ ᠳᠦᠰᠦᠪ  ᠳᠤ ᠣᠷᠣᠭᠤᠯᠪᠠᠯ ᠵᠣᠬᠢᠵᠣ᠂ ᠪᠣᠳᠠᠳᠠᠢ ᠬᠤᠷᠠᠯ ᠤᠨ ᠳᠦᠷᠦᠯ ᠵᠦᠢᠯ  ᠢ ᠳᠣᠰ ᠳᠤᠨᠢ ᠵᠢᠭᠰᠠᠭᠠᠵᠣ᠂ ᠬᠡᠷᠡᠭᠵᠢᠬᠦᠯᠦᠯᠳᠠ ᠳᠣᠮᠳᠠ ᠳᠦᠰᠦᠪ ᠤᠨ ᠬᠦᠷᠢᠶ᠎ᠡ ᠬᠡᠪᠴᠢᠶ᠎ᠡ ᠶᠢ ᠳᠠᠪᠠᠵᠣ ᠪᠣᠯᠬᠤ ᠦᠬᠡᠢ     ᠠᠷᠪᠠᠨ ᠳᠠᠪᠣᠳᠣᠭᠠᠷ ᠵᠣᠷᠪᠣᠰ    ᠬᠤᠷᠠᠯ ᠤᠨ ᠵᠠᠷᠣᠳᠠᠯ ᠵᠠᠷᠣᠯᠭ᠎ᠠ ᠶᠢᠨ ᠬᠦᠷᠢᠶ᠎ᠡ  ᠬᠡᠪᠴᠢᠶᠡᠨ ᠳᠤ ᠬᠤᠷᠠᠯ ᠤᠨ ᠪᠠᠭᠤᠳᠠᠯ ᠤᠨ ᠵᠠᠷᠣᠳᠠᠯ᠂ ᠬᠤᠭᠤᠯᠠᠨ ᠵᠠᠷᠣᠳᠠᠯ᠂ ᠬᠤᠷᠠᠯ  ᠤᠨ ᠬᠡᠷ ᠤᠨ ᠳᠦᠷᠢᠶᠡᠰᠣ᠂ ᠵᠠᠮ ᠬᠠᠷᠢᠯᠴᠠᠭᠠᠨ ᠤ ᠵᠠᠷᠣᠳᠠᠯ᠂ ᠪᠢᠴᠢᠭ ᠮᠠᠲ᠋ᠧᠷᠢᠶᠠᠯ ᠤᠨ ᠬᠡᠪᠯᠡᠨ ᠳᠠᠷᠣᠮᠯᠠᠭᠰᠠᠨ ᠵᠠᠷᠣᠳᠠᠯ᠂ ᠡᠮ ᠤᠨ ᠵᠠᠷᠣᠳᠠᠯ᠂ ᠳᠦᠷᠰᠦ ᠪᠢᠴᠢᠯᠭᠡ ᠶᠢᠨ ᠱᠣᠭᠤᠮ ᠬᠤᠯᠪᠣᠭ᠎ᠠ ᠶᠢ ᠳᠦᠷᠢᠶᠡᠰᠦᠯᠡᠨ ᠬᠡᠷᠡᠭᠯᠡᠬᠦ ᠵᠠᠷᠣᠳᠠᠯ ᠵᠡᠷᠬᠡ ᠪᠠᠭᠳᠠᠨ᠎ᠠ᠃     ᠡᠮᠣᠨ᠎ᠠ ᠬᠡᠯᠡᠭᠰᠡᠨ ᠬᠤᠷᠠᠯ ᠤᠨ ᠵᠠᠮ ᠬᠠᠷᠢᠯᠴᠠᠭᠠᠨ ᠤ ᠵᠠᠷᠣᠳᠠᠯ ᠨᠢ ᠬᠤᠷᠠᠯ  ᠤᠨ ᠳᠦᠯᠦᠬᠡᠯᠡᠭᠴᠢᠳ ᠢ ᠳᠣᠰᠴᠣ ᠬᠦᠷᠬᠡᠬᠦ᠂ ᠬᠤᠷᠠᠯ  ᠠᠴᠠ ᠨᠢᠬᠡᠳᠦᠯᠳᠡᠢ ᠵᠣᠬᠢᠶᠠᠨ ᠪᠠᠶᠢᠭᠤᠯᠣᠭᠰᠠᠨ ᠳᠦᠯᠦᠬᠡᠯᠡᠭᠴᠢᠳ ᠤᠨ ᠪᠠᠶᠢᠴᠠᠭᠠᠨ ᠰᠣᠳᠣᠯᠣᠯᠳᠠ ᠬᠢᠬᠦ ᠳᠤ ᠭᠠᠷᠭᠠᠭᠰᠠᠨ‌ᠵᠠᠮ ᠬᠠᠷᠢᠯᠴᠠᠭᠠᠨ ᠤ  ᠵᠠᠷᠣᠯᠭ᠎ᠠ  ᠶᠢ ᠵᠢᠭᠠᠵᠣ ᠪᠠᠶᠢᠨ᠎ᠠ᠃    ᠬᠤᠷᠠᠯ ᠤᠨ ᠳᠦᠯᠦᠬᠡᠯᠡᠭᠴᠢᠳ ᠬᠤᠷᠠᠯ ᠳᠤ ᠣᠷᠣᠯᠴᠠᠬᠤ ᠳᠤ ᠭᠠᠷᠭᠠᠭᠰᠠᠨ ᠬᠤᠳᠠ ᠬᠤᠭᠤᠷᠣᠨᠳᠣ ᠵᠢᠨ‌ᠵᠠᠮ ᠬᠠᠷᠢᠯᠴᠠᠭᠠᠨ ᠤ ᠵᠠᠷᠣᠳᠠᠯ ᠢ ᠠᠵᠢᠯ  ᠢᠶᠠᠷ ᠭᠠᠷᠣᠭᠰᠠᠨ ᠵᠠᠷᠣᠳᠠᠯ ᠤᠨ ᠬᠠᠮᠢᠶᠠᠷᠣᠯᠳᠠ ᠶᠢᠨ ᠠᠷᠭ᠎ᠠ  ᠶᠢᠨ ᠳᠣᠭᠳᠠᠭᠠᠯ  ᠢ ᠦᠨᠳᠦᠰᠦᠯᠡᠨ ᠪᠠᠶᠢᠭᠤᠯᠣᠯᠭ᠎ᠠ ᠳᠤ ᠬᠠᠷᠢᠭᠰᠠᠨ ᠳᠠᠷᠠᠭ᠎ᠠ ᠵᠠᠷᠣᠳᠠᠯ  ᠢᠶᠠᠨ ᠮᠡᠳᠡᠬᠦᠯᠦᠨ᠎ᠠ᠃     ᠠᠷᠪᠠᠨ  ᠵᠢᠷᠭᠤᠳᠣᠭᠠᠷ ᠵᠣᠷᠪᠣᠰ   ᠬᠤᠷᠠᠯ ᠤᠨ ᠵᠠᠷᠣᠳᠠᠯ ᠵᠠᠷᠣᠯᠭ᠎ᠠ ᠨᠢ ᠶᠡᠷᠦᠩᠬᠡᠶᠢᠯᠡᠭᠰᠡᠨ ᠨᠣᠷᠮ᠎ᠠ ᠡᠵᠡᠮᠰᠢᠯ ᠢ ᠬᠡᠷᠡᠭᠵᠢᠬᠦᠯᠦᠨ᠎ᠠ᠃ ᠡᠬᠦᠨ ᠳᠤ᠄ ᠨᠢᠬᠡᠳᠦᠬᠡᠷ ᠳᠦᠷᠦᠯ ᠤᠨ ᠬᠤᠷᠠᠯ ᠤᠨ ᠪᠠᠷᠢᠮᠵᠢᠶ᠎ᠠ   ᠨᠢ 550 ᠳᠦᠬᠦᠷᠢᠭ/ ᠬᠦᠮᠦᠨ/ ᠡᠳᠦᠷ᠂ ᠬᠤᠶᠠᠳᠣᠭᠠᠷ ᠳᠦᠷᠦᠯ ᠤᠨ ᠬᠤᠷᠠᠯ ᠤᠨ ᠪᠠᠷᠢᠮᠵᠢᠶ᠎ᠠ   ᠨᠢ 450 ᠳᠦᠬᠦᠷᠢᠭ/ ᠬᠦᠮᠦᠨ/ ᠡᠳᠦᠷ᠂ ᠭᠤᠷᠪᠠᠳᠣᠭᠠᠷ ᠳᠦᠷᠦᠯ ᠤᠨ ᠬᠤᠷᠠᠯ ᠤᠨ ᠪᠠᠷᠢᠮᠵᠢᠶ᠎ᠠ   ᠨᠢ 350 ᠳᠦᠬᠦᠷᠢᠭ/ ᠬᠦᠮᠦᠨ/ ᠡᠳᠦᠷ᠃ ᠦᠪᠡᠷᠳᠡᠬᠡᠨ ᠵᠠᠰᠠᠬᠤ ᠣᠷᠣᠨ  ᠤ ᠠᠶᠠᠯᠠᠯ ᠵᠢᠭᠤᠯᠴᠢᠯᠠᠯ  ᠤᠨ ᠬᠦᠭᠵᠢᠯᠳᠠᠢ ᠣᠯᠠᠷᠢᠯ ︵ᠳᠣᠯᠤᠭ᠎ᠠ᠂ ᠨᠠᠢᠮᠠ᠂  ᠶᠢᠰᠦᠨ ᠰᠠᠷ᠎ᠠ︶ ᠳᠤ ᠶᠡᠷᠦᠩᠬᠡᠶᠢᠯᠡᠭᠰᠡᠨ ᠨᠣᠷᠮ᠎ᠠ ᠡᠵᠡᠮᠰᠢᠯ  ᠤᠨ ᠪᠠᠷᠢᠮᠵᠢᠶ᠎ᠠ   ᠨᠢ ᠬᠠᠮᠤᠭ ᠤᠨ ᠦᠨᠳᠦᠷ  ᠲᠡᠭᠡᠨ20% ᠬᠦᠷᠦᠨ᠎ᠠ᠃      ᠶᠡᠷᠦᠩᠬᠡᠶᠢᠯᠡᠭᠰᠡᠨ ᠨᠣᠷᠮ᠎ᠠ ᠡᠵᠡᠮᠰᠢᠯ ᠤᠨ ᠪᠠᠷᠢᠮᠵᠢᠶ᠎ᠠ   ᠨᠢ ᠬᠤᠷᠠᠯ ᠤᠨ ᠵᠠᠷᠣᠳᠠᠯ ᠵᠠᠷᠣᠯᠭ᠎ᠠ  ᠶᠢᠨ ᠳᠡᠬᠡᠳᠣ ᠬᠢᠵᠠᠭᠠᠷ᠂ ᠡᠯ᠎ᠡ ᠪᠠᠶᠢᠭᠤᠯᠣᠯᠭ᠎ᠠ ᠨᠢ   ᠶᠡᠷᠦᠩᠬᠡᠶᠢᠯᠡᠭᠰᠡᠨ ᠨᠣᠷᠮ᠎ᠠ ᠡᠵᠡᠮᠰᠢᠯ  ᠤᠨ ᠪᠠᠷᠢᠮᠵᠢᠶ᠎ᠠ  ᠳᠣᠳᠣᠷ᠎ᠠ ᠳᠣᠭᠠᠴᠠᠭ᠎ᠠ ᠬᠢᠵᠣ ᠵᠠᠷᠣᠳᠠᠯ  ᠢᠶᠠᠨ ᠮᠡᠳᠡᠬᠦᠯᠦᠨ᠎ᠠ᠃     ᠠᠷᠪᠠᠨ ᠳᠣᠯᠣᠳᠣᠭᠠᠷ ᠵᠣᠷᠪᠣᠰ   ᠨᠢᠬᠡᠳᠦᠬᠡᠷ ᠬᠤᠶᠠᠳᠣᠭᠠᠷ ᠳᠦᠷᠦᠯ ᠤᠨ ᠬᠤᠷᠠᠯ ᠤᠨ ᠵᠠᠷᠣᠳᠠᠯ  ᠶᠢ ᠳᠦᠰᠦᠪ ᠤᠨ ᠳᠣᠰᠬᠠᠢ ᠳᠦᠷᠦᠯ ᠤᠨ ᠵᠠᠷᠣᠳᠠᠯ ᠳᠣᠮᠳᠠ ᠵᠢᠭᠰᠠᠭᠠᠨ᠎ᠠ᠃ ᠦᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠠᠯᠪᠠᠨ ᠳᠢᠩᠬᠢᠮ᠂ ᠵᠠᠰᠠᠭ ᠤᠨ ᠣᠷᠳᠣᠨ ᠤ ᠠᠯᠪᠠᠨ ᠳᠢᠩᠬᠢᠮ  ᠠᠴᠠ ᠵᠦᠪᠰᠢᠶᠡᠷᠡᠭᠰᠡᠨ ᠡᠯ᠎ᠡ ᠪᠠᠶᠢᠭᠤᠯᠣᠯᠭ᠎ᠠ ᠨᠢ ᠳᠠᠷᠠᠭ᠎ᠠ ᠵᠢᠯ   ᠳᠤ ᠡᠷᠬᠢᠯᠡᠨ ᠶᠠᠪᠣᠭᠳᠠᠭᠤᠯᠬᠤ ᠬᠤᠶᠠᠳᠣᠭᠠᠷ ᠳᠦᠷᠦᠯ ᠤᠨ ᠬᠤᠷᠠᠯ ᠤᠨ ᠳᠦᠯᠦᠪᠯᠡᠭᠡ ᠶᠢ 10 ᠰᠠᠷ᠎ᠠ ᠶᠢᠨ ᠰᠡᠬᠦᠯᠴᠢ ᠠᠴᠠ ᠡᠮᠣᠨ᠎ᠠ ᠦᠪᠡᠷᠳᠡᠬᠡᠨ ᠵᠠᠰᠠᠬᠤ ᠣᠷᠣᠨ ᠤ ᠡᠳ᠋  ᠤᠨ ᠵᠠᠰᠠᠭ ᠤᠨ ᠳᠢᠩᠬᠢᠮ ᠳᠤ ᠬᠠᠭᠤᠯᠣᠨ ᠬᠦᠷᠬᠡᠵᠣ᠂ᠦᠪᠡᠷᠳᠡᠬᠡᠨ ᠵᠠᠰᠠᠬᠤ ᠣᠷᠣᠨ ᠤ ᠡᠳ᠋  ᠤᠨ ᠵᠠᠰᠠᠭ ᠤᠨ ᠳᠢᠩᠬᠢᠮ  ᠠᠴᠠ ᠡᠬᠦᠨ  ᠢ ᠦᠨᠳᠦᠰᠦᠯᠡᠨ ᠬᠤᠷᠠᠯ ᠤᠨ ᠵᠠᠷᠣᠳᠠᠯ ᠤᠨ ᠳᠦᠰᠦᠪ  ᠢ ᠳᠣᠬᠢᠷᠠᠭᠤᠯᠣᠨ᠎ᠠ᠃ ᠣᠨᠴᠠᠭᠠᠢ ᠪᠠᠶᠢᠳᠠᠯ  ᠠᠴᠠ ᠳᠦᠷ ᠴᠠᠭ ᠡᠷᠬᠢᠯᠡᠨ ᠶᠠᠪᠣᠭᠳᠠᠭᠤᠯᠣᠭᠰᠠᠨ ᠨᠢᠬᠡᠳᠦᠬᠡᠷ ᠬᠤᠶᠠᠳᠣᠭᠠᠷ ᠳᠦᠷᠦᠯ ᠤᠨ ᠬᠤᠷᠠᠯ  ᠢ ᠵᠦᠪᠰᠢᠶᠡᠷᠡᠭᠰᠡᠨ ᠳᠠᠷᠠᠭ᠎ᠠ‌ᠦᠪᠡᠷᠳᠡᠬᠡᠨ ᠵᠠᠰᠠᠬᠤ ᠣᠷᠣᠨ ᠤ ᠡᠳ᠋  ᠤᠨ ᠵᠠᠰᠠᠭ ᠤᠨ ᠳᠢᠩᠬᠢᠮ  ᠠᠴᠠ ᠳᠣᠰᠬᠠᠢ ᠳᠦᠷᠦᠯ  ᠠᠴᠠ ᠬᠤᠷᠠᠯ  ᠤᠨ  ᠵᠠᠷᠣᠳᠠᠯ  ᠤᠨ ᠳᠦᠰᠦᠪ  ᠢ ᠨᠡᠮᠡᠨ᠎ᠡ᠃ ᠭᠤᠷᠪᠠᠳᠣᠭᠠᠷ ᠳᠦᠷᠪᠡᠳᠦᠬᠡᠷ ᠳᠦᠷᠦᠯ ᠤᠨ ᠬᠤᠷᠠᠯ ᠤᠨ ᠵᠠᠷᠣᠳᠠᠯ ᠢ ᠨᠡᠶᠢᠳᠠ  ᠶᠢᠨ ᠵᠠᠷᠣᠳᠠᠯ ᠳᠣᠮᠳᠠ ᠵᠢᠭᠰᠠᠭᠠᠵᠣ᠂ ᠬᠢᠨᠠᠨ ᠳᠣᠭᠳᠠᠭᠠᠯᠳᠠ  ᠶᠢᠨ ᠶᠣᠰᠣᠭᠠᠷ ᠳᠠᠭᠠᠭᠠᠴᠢᠯᠠᠭᠤᠯᠣᠨ ᠬᠡᠷᠡᠭᠯᠡᠨ᠎ᠡ᠃     ᠠᠷᠪᠠᠨ  ᠨᠠᠢᠮᠠᠳᠣᠭᠠᠷ ᠵᠣᠷᠪᠣᠰ     ᠬᠤᠷᠠᠯ  ᠤᠨ  ᠵᠠᠷᠣᠳᠠᠯ ᠢ ᠬᠤᠷᠠᠯ ᠢ ᠡᠷᠬᠢᠯᠡᠨ ᠶᠠᠪᠣᠭᠳᠠᠭᠤᠯᠵᠣ ᠪᠠᠶᠢᠭ᠎ᠠ ᠪᠠᠶᠢᠭᠤᠯᠣᠯᠭ᠎ᠠ ᠠᠴᠠ ᠡᠬᠦᠷᠬᠡᠯᠡᠵᠣ᠂ ᠣᠷᠣᠯᠴᠠᠭᠴᠢ ᠠᠴᠠ ᠬᠤᠷᠢᠶᠠᠵᠣ ᠪᠣᠯᠬᠤ ᠦᠬᠡᠢ᠂ ᠶᠠᠮᠠᠷ ᠨᠢᠬᠡᠨ ᠬᠡᠯᠪᠡᠷᠢ ᠪᠠᠷ ᠬᠠᠷᠢᠶ᠎ᠠ ᠪᠠᠶᠢᠭᠤᠯᠣᠮᠵᠢ᠂ ᠠᠵᠣ ᠠᠬᠤᠶᠢᠯᠠᠯ ᠠᠯᠪᠠᠨ ᠪᠠᠶᠢᠭᠤᠯᠣᠯᠭ᠎ᠠ  ᠂ ᠭᠠᠵᠠᠷ ᠣᠷᠣᠨ ᠳᠤ ᠰᠢᠯᠵᠢᠬᠦᠯᠬᠦ ᠪᠣᠶᠣ ᠳᠣᠬᠤᠵᠣ ᠪᠣᠯᠬᠤ ᠦᠬᠡᠢ᠃      ᠡᠯ᠎ᠡ ᠪᠠᠶᠢᠭᠤᠯᠣᠯᠭ᠎ᠠ ᠬᠤᠷᠠᠯ ᠤᠨ ᠨᠡᠷ᠎ᠡ ᠪᠠᠷ ᠴᠤᠭ ᠬᠤᠭᠤᠯᠠᠯᠠᠬᠤ ᠶᠢ ᠵᠣᠬᠢᠶᠠᠨ ᠪᠠᠶᠢᠭᠤᠯᠬᠤ ᠪᠣᠶᠣ ᠳᠠᠶᠢᠯᠠᠬᠤ ᠶᠢ ᠬᠤᠷᠢᠭᠯᠠᠨ᠎ᠠ᠃ ᠬᠤᠷᠠᠯ ᠤᠨ ᠵᠠᠷᠣᠳᠠᠯ ᠢᠶᠠᠷ ︽ᠵᠢᠵᠢᠭ ᠬᠠᠳᠠᠭᠠᠯᠠᠮᠵᠢ︾ ᠪᠠᠶᠢᠭᠤᠯᠬᠤ ᠶᠢ ᠬᠤᠷᠢᠭᠯᠠᠨ᠎ᠠ ᠃ ᠬᠤᠷᠠᠯ ᠤᠨ ᠵᠠᠷᠣᠳᠠᠯ ᠳᠣᠮᠳᠠ ᠠᠯᠪᠠᠨ ᠤ ᠵᠣᠴᠢᠯᠠᠬᠤ ᠵᠠᠷᠣᠳᠠᠯ ᠵᠢᠭᠰᠠᠭᠠᠬᠤ ᠶᠢ ᠬᠤᠷᠢᠭᠯᠠᠨ᠎ᠠ᠃      ᠡᠯ᠎ᠡ ᠪᠠᠶᠢᠭᠤᠯᠣᠯᠭ᠎ᠠ ᠬᠤᠷᠠᠯ ᠤᠨ ᠪᠠᠭᠤᠳᠠᠯ ᠵᠠᠬᠢᠶᠠᠯᠠᠬᠤ ᠪᠠᠷᠢᠮᠵᠢᠶ᠎ᠡ ᠶᠢ ᠳᠦᠪ ᠴᠢᠩᠭ᠎ᠠ ᠬᠡᠷᠡᠭᠵᠢᠬᠦᠯᠵᠣ᠂ ᠦᠨᠳᠦᠷ ᠳᠡᠰ ᠤᠨ ᠢᠵᠢ ᠦᠷᠦᠬᠡ ᠳᠣᠬᠢᠷᠠᠭᠤᠯᠵᠣ ᠪᠣᠯᠬᠤ ᠦᠬᠡᠢ᠃ ᠬᠤᠷᠠᠯ ᠤᠨ ᠬᠤᠭᠤᠯᠠ ᠶᠢᠨ ᠳᠦᠷᠦᠯ ᠵᠦᠢᠯ᠂ ᠳᠤᠭ᠎ᠠ ᠬᠡᠮᠵᠢᠶ᠎ᠡ᠂ ᠬᠤᠪᠢ ᠬᠡᠮᠵᠢᠶ᠎ᠡ ᠶᠢ ᠳᠦᠪ ᠴᠢᠩᠭ᠎ᠠ ᠬᠢᠵᠠᠭᠠᠷᠯᠠᠨ᠂ ᠦᠨᠳᠦᠷ ᠳᠡᠰ ᠤᠨ ᠨᠣᠭᠤᠭ᠎ᠠ ᠬᠠᠩᠭᠠᠬᠤ ᠶᠢ ᠬᠤᠷᠢᠭᠯᠠᠵᠣ᠂ ᠳᠠᠶᠢᠯᠠᠯᠭ᠎ᠠ  ᠳᠣᠬᠢᠷᠠᠭᠤᠯᠬᠤ ᠦᠬᠡᠢ᠂ ᠠᠷᠢᠬᠢ ᠳᠠᠮᠡᠬᠢ ᠭᠠᠷᠭᠠᠬᠤ ᠦᠬᠡᠢ᠃ ᠬᠤᠷᠠᠯ ᠤᠨ ᠳᠠᠯᠠᠪᠠᠢ ᠳᠤ ᠬᠤᠸᠠᠷ ᠴᠡᠴᠡᠭ ᠳᠠᠯᠪᠢᠬᠤ ᠦᠬᠡᠢ᠂ ᠠᠬᠤᠢ ᠳᠠᠯᠠᠪᠠᠢ ᠶᠢᠨ ᠬᠠᠪᠳᠠᠰᠣ ᠬᠢᠬᠦ ᠦᠬᠡᠢ᠂ ᠵᠢᠮᠢᠰ ᠬᠠᠩᠭᠠᠬᠤ ᠦᠬᠡᠢ᠃       ᠬᠤᠷᠠᠯ ᠤᠨ ᠵᠠᠷᠣᠳᠠᠯ  ᠢᠶᠠᠷ ᠺᠣᠮᠫᠢᠦ᠋ᠲ᠋ᠧᠷ᠂ ᠳᠠᠷᠣᠮᠠᠯᠯᠠᠬᠤ ᠮᠠᠰᠢᠨ᠂ ᠬᠡᠪᠯᠡᠬᠦ ᠮᠠᠰᠢᠨ᠂ ᠹᠠᠺᠰ ᠢᠯᠡᠭᠡᠬᠦ ᠮᠠᠰᠢᠨ ᠵᠡᠷᠬᠡ ᠳᠣᠭᠳᠠᠮᠠᠯ ᠬᠦᠷᠦᠩᠬᠡ ᠬᠤᠳᠠᠯᠳᠣᠨ ᠠᠪᠴᠣ ᠪᠣᠯᠬᠤ ᠦᠬᠡᠢ᠂ ᠡᠨᠡ ᠣᠳᠠᠭᠠᠨ ᠤ ᠬᠤᠷᠠᠯ ᠲᠠᠢ ᠬᠤᠯᠪᠣᠭᠳᠠᠬᠤ ᠦᠬᠡᠢ ᠪᠣᠰᠣᠳ ᠵᠠᠷᠤᠯᠭ᠎ᠠ ᠶᠢ ᠭᠠᠷᠭᠠᠬᠤ ᠦᠬᠡᠢ᠃ ᠬᠤᠷᠠᠯ ᠤᠨ ᠳᠦᠯᠦᠬᠡᠯᠡᠭᠴᠢᠳ ᠢ ᠠᠶᠠᠯᠠᠨ ᠵᠣᠭᠠᠴᠠᠭᠤᠯᠬᠤ ᠪᠠ ᠬᠤᠷᠠᠯ ᠲᠠᠢ ᠬᠤᠯᠪᠣᠭᠳᠠᠯ ᠦᠬᠡᠢ ᠳᠣᠭᠤᠷᠢ᠊ ᠰᠣᠨᠢᠷᠬᠠᠭᠤᠯᠬᠤ ᠶᠢ  ᠵᠣᠬᠢᠶᠠᠨ ᠪᠠᠶᠢᠭᠤᠯᠵᠣ  ᠪᠣᠯᠬᠤ ᠦᠬᠡᠢ᠃ ᠬᠡᠷᠡᠭᠯᠡᠭᠡ ᠶᠡᠬᠡᠳᠡᠢ ᠵᠤᠭ᠎ᠠ ᠴᠡᠩᠬᠡᠯ᠂ ᠪᠡᠶ᠎ᠡ ᠪᠣᠯᠪᠠᠰᠣᠷᠠᠬᠤ ᠬᠦᠳᠡᠯᠬᠡᠬᠡᠨ ᠢ ᠵᠣᠬᠢᠶᠠᠨ ᠪᠠᠶᠢᠭᠤᠯᠬᠤ ᠶᠢ ᠬᠤᠷᠢᠭᠯᠠᠨ᠎ᠠ᠃ ᠶᠠᠮᠠᠷ ᠨᠢᠬᠡᠨ ᠨᠡᠷ᠎ᠡ ᠪᠠᠷ ᠳᠣᠷᠠᠰᠬᠠᠯ ᠤᠨ ᠪᠣᠳᠠᠰ ᠲᠠᠷᠬᠠᠭᠠᠬᠤ ᠶᠢ ᠬᠤᠷᠢᠭᠯᠠᠨ᠎ᠠ᠃ ᠢᠯᠡᠬᠦᠴᠠ ᠣᠬᠢᠶᠠᠵᠣ ᠬᠡᠷᠡᠭᠯᠡᠬᠦ ᠪᠣᠳᠠᠰ ᠬᠤᠪᠢᠶᠠᠬᠤ ᠦᠬᠡᠢ᠃      ᠠᠷᠪᠠᠨ  ᠶᠢᠰᠦᠳᠦᠬᠡᠷ ᠵᠣᠷᠪᠣᠰ   ᠡᠯ᠎ᠡ ᠪᠠᠶᠢᠭᠤᠯᠣᠯᠭ᠎ᠠ ᠬᠤᠷᠠᠯ ᠳᠠᠷᠬᠠᠭᠰᠠᠨ ᠳᠠᠷᠠᠭ᠎ᠠ ᠴᠠᠭ ᠳᠣᠬᠠᠢ ᠲᠤᠨᠢ ᠵᠠᠷᠣᠳᠠᠯ ᠢᠶᠠᠨ ᠮᠡᠳᠡᠬᠦᠯᠬᠦ ᠭᠠᠷ ᠬᠦᠢᠴᠡᠳᠬᠡᠯ ᠢ ᠬᠢᠪᠠᠯ ᠵᠣᠬᠢᠨ᠎ᠠ᠃ ᠬᠤᠷᠠᠯ ᠤᠨ ᠵᠠᠷᠣᠳᠠᠯ ᠢ ᠮᠡᠳᠡᠬᠦᠯᠬᠦ ᠦᠶ᠎ᠡ ᠳᠤ᠂ ᠬᠤᠷᠠᠯ ᠢ ᠵᠦᠪᠰᠢᠶᠡᠷᠡᠭᠰᠡᠨ ᠪᠢᠴᠢᠭ ᠮᠠᠲ᠋ᠧᠷᠢᠶᠡᠯ᠂ ᠬᠤᠷᠠᠯ ᠤᠨ ᠮᠡᠳᠡᠭᠳᠡᠯ ᠵᠢᠴᠢ ᠪᠣᠳᠠᠳᠠᠢ ᠬᠤᠷᠠᠯ ᠤᠨ ᠳᠦᠯᠦᠬᠡᠯᠡᠭᠴᠢᠳ ᠤᠨ ᠨᠡᠷ᠎ᠡ ᠮᠡᠳᠡᠬᠦᠯᠬᠦ ᠬᠦᠰᠦᠨᠦᠭ᠂ ᠳᠣᠭᠳᠠᠭᠰᠠᠨ ᠬᠤᠭᠤᠯᠠᠨ ᠬᠡᠷ ᠵᠡᠷᠬᠡ ᠬᠤᠷᠠᠯ ᠤᠨ ᠦᠢᠯᠡᠴᠢᠯᠡᠬᠡᠨ ᠤ ᠪᠠᠶᠢᠭᠤᠯᠣᠯᠭ᠎ᠠ ᠶᠢᠨ ᠬᠠᠩᠭᠠᠭᠰᠠᠨ ᠵᠠᠷᠣᠳᠠᠯ ᠤᠨ ᠡᠬᠢ ᠨᠠᠷᠢᠨ ᠳᠣᠳᠣ ᠨᠠᠷᠢᠨ ᠪᠠᠷᠢᠮᠳᠠ᠂  ᠳᠣᠭᠠᠴᠠᠭ᠎ᠠ ᠬᠢᠭᠰᠡᠨ ᠡᠯᠧᠺᠲᠷᠣᠨ ᠳᠠᠩᠰᠠ ᠵᠡᠷᠬᠡ ᠬᠡᠷᠡᠴᠢ ᠪᠠᠷᠢᠮᠳᠠ ᠶᠢ ᠬᠠᠩᠭᠠᠪᠠᠯ ᠵᠣᠬᠢᠨ᠎ᠠ᠃ ᠡᠳ᠋ ᠤᠨ ᠶᠠᠪᠣᠳᠠᠯ ᠤᠨ ᠶᠠᠮᠣᠨ ᠳᠣᠭᠳᠠᠭᠠᠯ ᠶᠣᠰᠣᠭᠠᠷ ᠬᠤᠷᠠᠯ ᠤᠨ ᠵᠠᠷᠣᠳᠠᠯ ᠵᠠᠷᠣᠯᠭ᠎ᠠ ᠶᠢ ᠳᠦᠪ ᠴᠢᠩᠭ᠎ᠠ ᠪᠠᠷ ᠬᠢᠨᠠᠨ ᠬᠠᠷᠭᠤᠭᠤᠯᠵᠣ᠂ ᠵᠢᠯ ᠤᠨ ᠬᠤᠷᠠᠯ ᠤᠨ ᠳᠦᠯᠦᠪᠯᠡᠭᠡ ᠳᠤ ᠣᠷᠣᠭᠤᠯᠣᠭᠰᠠᠨ ᠦᠬᠡᠢ᠂ ᠬᠦᠷᠢᠶ᠎ᠡ ᠬᠡᠪᠴᠢᠶᠡᠨ ᠠᠴᠠ ᠬᠡᠳᠦᠷᠡᠭᠰᠡᠨ᠂ ᠪᠠᠷᠢᠮᠵᠢᠶ᠎ᠠ ᠠᠴᠠ ᠬᠡᠳᠦᠷᠡᠭᠰᠡᠨ ᠵᠠᠷᠣᠯᠭ᠎ᠠ ᠶᠢᠨ ᠵᠠᠷᠣᠳᠠᠯ  ᠢ ᠮᠡᠳᠡᠬᠦᠯᠵᠣ ᠪᠣᠯᠬᠤ ᠦᠬᠡᠢ᠃     ᠡᠯ᠎ᠡ ᠪᠠᠶᠢᠭᠤᠯᠣᠯᠭ᠎ᠠ ᠬᠤᠷᠠᠯ ‍ᠤᠨ‌ᠵᠠᠷᠣᠳᠠᠯ ᠢ ᠳᠦᠯᠦᠬᠦ ᠳᠤ ᠦᠪᠡᠷᠳᠡᠬᠡᠨ ᠵᠠᠰᠠᠬᠤ ᠣᠷᠣᠨ ᠤ ᠡᠳ᠋ ᠤᠨ ᠵᠠᠰᠠᠭ ᠤᠨ ᠣᠯᠣᠰ ᠤᠨ ᠬᠦᠮᠦᠷᠬᠡ ᠳᠤ ᠴᠣᠭᠯᠠᠭᠤᠯᠣᠭᠰᠠᠨ ᠳᠦᠯᠦᠬᠦ  ᠳᠦᠷᠢᠮ᠂ ᠵᠠᠰᠠᠭ ᠤᠨ ᠣᠷᠳᠣᠨ ᠤ ᠬᠤᠳᠠᠯᠳᠣᠨ ᠠᠪᠬᠤ ᠳᠦᠷᠢᠮ ᠤᠨ ᠬᠤᠯᠪᠣᠭᠳᠠᠯ ᠪᠦᠬᠦᠢ ᠳᠣᠭᠳᠠᠭᠠᠯ ᠶᠣᠰᠣᠭᠠᠷ ᠳᠦᠪ ᠴᠢᠩᠭ᠎ᠠ ᠬᠡᠷᠡᠭᠵᠢᠬᠦᠯᠪᠡᠯ ᠵᠣᠬᠢᠵᠣ᠂ ᠪᠠᠩᠬᠢ ᠶᠢᠨ ᠰᠢᠯᠵᠢᠬᠦᠯᠬᠡ ᠶᠢᠨ ᠬᠡᠯᠪᠡᠷᠢ ᠪᠠᠷ ᠳᠣᠭᠠᠴᠠᠭ᠎ᠠ ᠬᠢᠵᠣ᠂ ᠪᠡᠯᠡᠨ ᠮᠦᠩᠬᠦ ᠶᠢᠨ ᠬᠡᠯᠪᠡᠷᠢ ᠪᠠᠷ ᠳᠣᠭᠠᠴᠠᠭ᠎ᠠ ᠬᠢᠬᠦ ᠶᠢ ᠬᠤᠷᠢᠭᠯᠠᠨ᠎ᠠ᠃      ᠨᠦᠬᠦᠴᠡᠯ ᠪᠦᠷᠢᠳᠦᠭᠰᠡᠨ ᠪᠣᠯ᠂ ᠬᠤᠷᠠᠯ ᠤᠨ ᠵᠠᠷᠣᠳᠠᠯ ᠢ ᠪᠠᠶᠢᠭᠤᠯᠣᠯᠭ᠎ᠠ ᠶᠢᠨ ᠡᠳ᠋ ᠤᠨ ᠶᠠᠪᠣᠳᠠᠯ ᠤᠨ ᠬᠡᠯᠳᠡᠰ ᠰᠢᠭᠤᠳ ᠳᠣᠭᠠᠴᠠᠭ᠎ᠠ ᠬᠢᠨ᠎ᠡ᠃      ᠬᠤᠷᠢᠳᠣᠭᠠᠷ ᠵᠣᠷᠪᠣᠰ  ᠵᠠᠳᠠᠷᠠᠭᠤᠯᠵᠤ ᠦᠯᠦ ᠪᠣᠯᠬᠤ ᠨᠢᠭᠤᠴᠠ ᠲᠠᠢ ᠬᠤᠯᠪᠤᠭᠳᠠᠭᠰᠠᠨ ᠪᠢᠰᠢ ᠪᠣᠯ ᠡᠯ᠎ᠠ ᠪᠠᠶᠢᠭᠤᠯᠤᠯᠭ᠎ᠠ ᠬᠤᠷᠠᠯ ᠤᠨ ᠨᠡᠷᠡᠶᠢᠳᠦᠯ᠂ ᠭᠤᠣᠯ ᠠᠭᠤᠯᠭ᠎ᠠ᠂ ᠣᠷᠣᠯᠴᠠᠭᠰᠠᠨ ᠬᠦᠮᠦᠨ ᠤ ᠳᠤᠭ᠎ᠠ᠂ ᠵᠠᠷᠣᠳᠠᠯ ᠵᠠᠷᠣᠯᠭ᠎ᠠ ᠵᠡᠷᠬᠡ ᠪᠠᠶᠢᠳᠠᠯ ᠢ ᠪᠠᠶᠢᠭᠤᠯᠣᠯᠭ᠎ᠠ ᠶᠢᠨ ᠳᠣᠳᠣᠭᠠᠳᠣ ᠳᠤ ᠨᠡᠶᠢᠳᠡᠯᠡᠪᠡᠯ ᠵᠣᠬᠢᠨ᠎ᠠ᠃     ᠬᠤᠷᠢᠨ ᠨᠢᠬᠡᠳᠦᠬᠡᠷ ᠵᠣᠷᠪᠣᠰ ᠨᠢᠬᠡᠳᠦᠬᠡᠷ ᠳᠡᠰ ᠤᠨ ᠳᠦᠰᠦᠪ ᠤᠨ ᠪᠠᠶᠢᠭᠤᠯᠣᠯᠭ᠎ᠠ ᠵᠢᠯ ᠪᠣᠯᠭᠠᠨ ᠤ 3 ᠰᠠᠷ᠎ᠠ ᠶᠢᠨ ᠰᠡᠬᠦᠯᠴᠢ ᠠᠴᠠ ᠡᠮᠣᠨ᠎ᠠ᠂ ᠳᠣᠰ ᠱᠠᠳᠣᠨ ᠤ ᠪᠠ ᠬᠠᠷᠢᠶᠠᠳᠣ ᠳᠦᠰᠦᠪ ᠤᠨ ᠪᠠᠶᠢᠭᠤᠯᠣᠯᠭ᠎ᠠ ᠶᠢᠨ ᠳᠡᠬᠡᠷ᠎ᠡ ᠵᠢᠯ ᠤᠨ ᠬᠤᠷᠠᠯ ᠤᠨ ᠳᠦᠯᠦᠪᠯᠡᠭᠡ ᠪᠣᠯᠣᠨ ᠬᠡᠷᠡᠭᠵᠢᠬᠦᠯᠬᠦ ᠪᠠᠶᠢᠳᠠᠯ ︵ᠬᠤᠷᠠᠯ ᠤᠨ ᠨᠡᠷᠡᠶᠢᠳᠦᠯ᠂ ᠭᠤᠣᠯ ᠠᠭᠤᠯᠭ᠎ᠠ᠂  ᠳᠦᠯᠦᠬᠡᠯᠡᠭᠴᠢᠳ ᠤᠨ ᠳᠤᠭ᠎ᠠ᠂ ᠠᠵᠢᠯᠳᠠᠨ ᠤ ᠳᠤᠭ᠎ᠠ᠂ ᠵᠠᠷᠣᠳᠠᠯ ᠵᠠᠷᠣᠯᠭ᠎ᠠ︶ ᠢ ᠬᠤᠷᠢᠶᠠᠩᠭᠤᠶᠢᠯᠠᠭᠰᠠᠨ ᠳᠠᠷᠠᠭ᠎ᠠ‌ᠦᠪᠡᠷᠳᠡᠬᠡᠨ ᠵᠠᠰᠠᠬᠤ ᠣᠷᠣᠨ ᠤ ᠡᠳ᠋ ᠤᠨ ᠵᠠᠰᠠᠭ ᠤᠨ ᠳᠢᠩᠬᠢᠮ ᠳᠤ  ᠮᠡᠳᠡᠬᠦᠯᠦᠨ᠎ᠠ᠃ᠦᠪᠡᠷᠳᠡᠬᠡᠨ ᠵᠠᠰᠠᠬᠤ ᠣᠷᠣᠨ ᠤ  ᠨᠠᠮ ᠤᠨ ᠬᠤᠷᠢᠶᠠᠨ ᠤ ᠡᠯ᠎ᠡ ᠪᠠᠶᠢᠭᠤᠯᠣᠯᠭ᠎ᠠ ᠵᠡᠷᠬᠡᠪᠡᠷ ᠦᠪᠡᠷᠳᠡᠬᠡᠨ ᠵᠠᠰᠠᠬᠤ ᠣᠷᠣᠨ ᠤ  ᠨᠠᠮ ᠤᠨ ᠬᠤᠷᠢᠶᠠᠨ ᠤ  ᠠᠯᠪᠠᠨ ᠳᠢᠩᠬᠢᠮ ᠳᠤ᠂ᠦᠪᠡᠷᠳᠡᠬᠡᠨ ᠵᠠᠰᠠᠬᠤ ᠣᠷᠣᠨ ᠤ  ᠵᠠᠰᠠᠭ ᠤᠨ ᠣᠷᠳᠣᠨ ᠤ ᠡᠯ᠎ᠡ ᠪᠠᠶᠢᠭᠤᠯᠣᠯᠭ᠎ᠠ ᠵᠡᠷᠬᠡᠪᠡᠷ‌ᠦᠪᠡᠷᠳᠡᠬᠡᠨ ᠵᠠᠰᠠᠬᠤ ᠣᠷᠣᠨ ᠤ  ᠵᠠᠰᠠᠭ ᠤᠨ ᠣᠷᠳᠣᠨ ᠤ ᠠᠯᠪᠠᠨ ᠳᠢᠩᠬᠢᠮ ᠳᠤ ᠬᠠᠭᠤᠯᠣᠨ ᠬᠦᠷᠬᠡᠨ᠎ᠡ᠃    ᠬᠤᠷᠢᠨ ᠬᠤᠶᠠᠳᠣᠭᠠᠷ ᠵᠣᠷᠪᠣᠰ   ᠦᠪᠡᠷᠳᠡᠬᠡᠨ ᠵᠠᠰᠠᠬᠤ ᠣᠷᠣᠨ ᠤ ᠡᠳ᠋ ᠤᠨ ᠵᠠᠰᠠᠭ ᠤᠨ ᠳᠢᠩᠬᠢᠮ ᠠᠴᠠ ᠡᠯ᠎ᠡ ᠪᠠᠶᠢᠭᠤᠯᠣᠯᠭ᠎ᠠ ᠶᠢᠨ ᠮᠡᠳᠡᠬᠦᠯᠦᠨ ᠬᠦᠷᠬᠡᠭᠰᠡᠨ ᠬᠤᠷᠠᠯ ᠤᠨ ᠵᠢᠯ ᠤᠨ ᠮᠡᠳᠡᠬᠦᠯᠦᠯᠳᠠ ᠶᠢ ᠬᠤᠷᠢᠶᠠᠩᠭᠤᠶᠢᠯᠠᠨ ᠵᠠᠳᠠᠯᠵᠣ ᠂ ᠬᠡᠷᠡᠭᠵᠢᠬᠦᠯᠦᠯᠳᠠ ᠳᠣᠮᠳᠠ ᠣᠷᠣᠰᠢᠵᠣ ᠪᠠᠶᠢᠭ᠎ᠠ ᠠᠰᠠᠭᠤᠳᠠᠯ ᠳᠤ ᠴᠢᠭᠯᠡᠬᠦᠯᠦᠨ᠂ ᠴᠠᠭ ᠳᠣᠬᠠᠢ ᠳᠤᠨᠢ ᠬᠤᠯᠪᠣᠭᠳᠠᠬᠤ ᠳᠦᠷᠢᠮ ᠢ ᠳᠡᠬᠦᠯᠳᠡᠷᠵᠢᠬᠦᠯᠪᠡᠯ ᠵᠣᠬᠢᠨ᠎ᠠ᠃     ᠳᠦᠷᠪᠡᠳᠦᠬᠡᠷ ᠪᠦᠯᠦᠭ     ᠬᠢᠨᠠᠨ ᠪᠠᠶᠢᠴᠠᠭᠠᠬᠤ ᠪᠠ  ᠬᠠᠷᠢᠭᠤᠴᠠᠯᠭ᠎ᠠ ᠨᠡᠬᠡᠮᠵᠢᠯᠡᠬᠦ     ᠬᠤᠷᠢᠨ ᠭᠤᠷᠪᠠᠳᠣᠭᠠᠷ ᠵᠣᠷᠪᠣᠰ    ᠦᠪᠡᠷᠳᠡᠬᠡᠨ ᠵᠠᠰᠠᠬᠤ ᠣᠷᠣᠨ ᠤ  ᠨᠠᠮ ᠤᠨ ᠬᠤᠷᠢᠶᠠᠨ ᠤ  ᠠᠯᠪᠠᠨ ᠳᠢᠩᠬᠢᠮ᠂  ᠵᠠᠰᠠᠭ ᠤᠨ ᠣᠷᠳᠣᠨ ᠤ  ᠠᠯᠪᠠᠨ ᠳᠢᠩᠬᠢᠮ᠂ ᠡᠳ᠋ ᠤᠨ ᠵᠠᠰᠠᠭ ᠤᠨ ᠳᠢᠩᠬᠢᠮ ᠬᠤᠯᠪᠣᠭᠳᠠᠬᠤ ᠪᠠᠶᠢᠭᠤᠯᠣᠯᠭ᠎ᠠ ᠲᠠᠢ ᠬᠠᠮᠳᠣ ᠡᠯ᠎ᠡ ᠪᠠᠶᠢᠭᠤᠯᠣᠯᠭ᠎ᠠ ᠶᠢᠨ ᠬᠤᠷᠠᠯ ᠢ ᠡᠷᠬᠢᠯᠡᠨ ᠶᠠᠪᠣᠭᠳᠠᠭᠤᠯᠣᠭᠰᠠᠨ ᠪᠠᠶᠢᠳᠠᠯ ᠳᠤ ᠬᠢᠨᠠᠨ ᠪᠠᠶᠢᠴᠠᠭᠠᠯᠳᠠ ᠬᠢᠨ᠎ᠠ᠃ ᠭᠤᠣᠯ ᠠᠭᠤᠯᠭ᠎ᠠ ᠳᠤ᠄    ︵ᠨᠢᠬᠡ︶  ᠬᠤᠷᠠᠯ ᠤᠨ ᠳᠦᠯᠦᠪᠯᠡᠭᠡ ᠶᠢ ᠨᠠᠶᠢᠷᠠᠭᠤᠯᠣᠨ ᠮᠡᠳᠡᠬᠦᠯᠬᠦ᠂ ᠬᠢᠨᠠᠨ ᠵᠦᠪᠰᠢᠶᠡᠷᠡᠬᠦ ᠪᠣᠯᠣᠨ ᠬᠡᠷᠡᠭᠵᠢᠬᠦᠯᠬᠦ ᠨᠢ ᠳᠣᠭᠳᠠᠭᠠᠯ ᠳᠤ  ᠨᠡᠶᠢᠴᠡᠬᠦ ᠡᠰᠡᠬᠦ    ︵ᠬᠤᠶᠠᠷ︶ ᠬᠤᠷᠠᠯ ᠤᠨ ᠬᠤᠭᠤᠴᠠᠭ᠎ᠠ᠂ ᠬᠡᠪᠴᠢᠶ᠎ᠡ᠂ ᠭᠠᠵᠠᠷ ᠨᠢ ᠳᠣᠭᠳᠠᠭᠠᠯ ᠳᠤ  ᠨᠡᠶᠢᠴᠡᠬᠦ ᠡᠰᠡᠬᠦ    ︵ᠭᠤᠷᠪᠠ︶ᠬᠤᠷᠠᠯ ᠤᠨ ᠵᠠᠷᠣᠳᠠᠯ ᠵᠠᠷᠣᠯᠭ᠎ᠠ ᠵᠢᠨ‌‍ᠬᠦ᠋ᠷᠢᠶ᠎ᠡ ᠬᠡᠪᠴᠢᠶ᠎ᠡ᠂ ᠪᠠᠷᠢᠮᠵᠢᠶ᠎ᠠ ᠪᠣᠯᠣᠨ ᠵᠠᠷᠣᠳᠠᠯ ᠮᠡᠳᠡᠬᠦᠯᠬᠦ᠂ ᠳᠦᠯᠦᠬᠦ ᠨᠢ ᠳᠣᠭᠳᠠᠭᠠᠯ ᠳᠤ  ᠨᠡᠶᠢᠴᠡᠬᠦ ᠡᠰᠡᠬᠦ    ︵ᠳᠦᠷᠪᠡ︶ ᠳᠣᠣᠷᠠᠳᠣ ᠱᠠᠳᠣᠨ ᠤ ᠪᠠᠶᠢᠭᠤᠯᠣᠮᠵᠢ᠂ ᠠᠵᠣ ᠠᠬᠤᠶᠢᠯᠠᠯ ᠠᠯᠪᠠᠨ ᠪᠠᠶᠢᠭᠤᠯᠣᠯᠭ᠎ᠠ ᠪᠣᠶᠣ ᠭᠠᠵᠠᠷ ᠣᠷᠣᠨ ᠳᠤ ᠬᠤᠷᠠᠯ ᠤᠨ ᠵᠠᠷᠣᠳᠠᠯ ᠢ ᠰᠢᠯᠵᠢᠬᠦᠯᠬᠦ᠂   ᠳᠣᠬᠤᠭᠰᠠᠨ ᠡᠰᠡᠬᠦ    ︵ᠳᠠᠪᠤ︶ ᠬᠤᠷᠠᠯ ᠤᠨ ᠬᠠᠮᠢᠶᠠᠷᠣᠯᠳᠠ ᠶᠢᠨ ᠪᠣᠰᠣᠳ  ᠪᠠᠶᠢᠳᠠᠯ     ᠬᠤᠷᠢᠨ  ᠳᠦᠷᠪᠡᠳᠦᠬᠡᠷ ᠵᠣᠷᠪᠣᠰ   ᠳᠣᠰ ᠠᠷᠭ᠎ᠠ ᠳᠣᠭᠳᠠᠭᠠᠯ ᠢ ᠵᠦᠷᠢᠴᠡᠭᠰᠡᠨ ᠳᠠᠷᠠᠭᠠᠬᠢ ᠠᠯᠢ ᠨᠢᠬᠡᠨ ᠦᠢᠯᠡᠳᠦᠯ ᠪᠠᠶᠢᠪᠠᠯ᠂ ᠬᠠᠤᠯᠢ ᠳᠦᠷᠢᠮ ᠤᠨ ᠶᠣᠰᠣᠭᠠᠷ ᠡᠷᠬᠢᠯᠡᠨ ᠶᠠᠪᠣᠭᠳᠠᠭᠤᠯᠣᠭᠰᠠᠨ ᠪᠠᠶᠢᠭᠤᠯᠣᠯᠭ᠎ᠠ ᠪᠣᠯᠣᠨ ᠬᠤᠯᠪᠣᠭᠳᠠᠬᠤ ᠬᠦᠮᠦᠨ ᠠᠴᠠ ᠬᠠᠷᠢᠭᠤᠴᠠᠯᠭ᠎ᠠ ᠨᠡᠬᠡᠮᠵᠢᠯᠡᠨ᠎ᠡ᠄     ︵ᠨᠢᠬᠡ︶  ᠳᠦᠯᠦᠪᠯᠡᠭᠡ ᠠᠴᠠ ᠭᠠᠳᠠᠭᠤᠷ ᠬᠤᠷᠠᠯ ᠡᠷᠬᠢᠯᠡᠬᠦ     ︵ᠬᠤᠶᠠᠷ︶ ᠬᠤᠳᠠᠯ ᠢᠶᠠᠷ ᠮᠡᠳᠡᠬᠦᠯᠬᠦ᠂ ᠬᠠᠭᠤᠷᠮᠠᠭᠯᠠᠨ ᠠᠪᠬᠤ ᠠᠷᠭ᠎ᠠ ᠪᠠᠷᠢᠯ ᠢᠶᠠᠷ ᠬᠤᠷᠠᠯ ᠤᠨ ᠵᠠᠷᠣᠳᠠᠯ ᠢ ᠮᠡᠬᠡᠯᠡᠨ ᠠᠪᠬᠤ     ︵ᠭᠤᠷᠪᠠ︶ ᠬᠤᠷᠠᠯ ᠳᠤ ᠣᠷᠣᠯᠴᠠᠭᠰᠠᠨ ᠬᠦᠮᠦᠨ ᠤ ᠳᠤᠭ᠎ᠠ᠂ ᠡᠳᠦᠷ ᠤᠨ ᠳᠤᠭ᠎ᠠ ᠵᠡᠷᠬᠡ ᠶᠢ ᠬᠤᠳᠠᠯ ᠢᠶᠠᠷ ᠮᠡᠳᠡᠬᠦᠯᠦᠨ ᠳᠠᠩᠰᠠ ᠳᠠᠶᠢᠯᠬᠤ     ︵ᠳᠦᠷᠪᠡ︶  ᠳᠣᠭᠳᠠᠭᠠᠯ ᠢ  ᠵᠦᠷᠢᠴᠡᠨ ᠬᠤᠷᠠᠯ ᠤᠨ ᠵᠠᠷᠣᠳᠠᠯ ᠵᠠᠷᠣᠯᠭ᠎ᠠ ᠶᠢᠨ ᠬᠦᠷᠢᠶ᠎ᠡ ᠬᠡᠪᠴᠢᠶ᠎ᠡ ᠶᠢ ᠦᠷᠬᠡᠳᠬᠡᠵᠣ᠂ ᠬᠤᠷᠠᠯ ᠤᠨ ᠵᠠᠷᠣᠯᠭ᠎ᠠ ᠶᠢᠨ ᠪᠠᠷᠢᠮᠵᠢᠶ᠎ᠡ ᠶᠢ ᠳᠣᠷ᠎ᠠ ᠳᠠᠪᠠ ᠪᠠᠷ ᠨᠡᠮᠡᠭᠳᠡᠬᠦᠯᠬᠦ     ︵ᠳᠠᠪᠤ︶  ᠳᠣᠭᠳᠠᠭᠠᠯ ᠢ  ᠵᠦᠷᠢᠴᠡᠨ‌ᠬᠤᠷᠠᠯ ᠲᠠᠢ ᠬᠤᠯᠪᠣᠭᠳᠠᠬᠤ ᠦᠬᠡᠢ ᠵᠠᠷᠣᠳᠠᠯ ᠢ ᠮᠡᠳᠡᠬᠦᠯᠬᠦ     ︵ᠵᠢᠷᠭᠤᠭ᠎ᠠ︶ ᠳᠣᠰ ᠠᠷᠭ᠎ᠠ ᠶᠢ ᠵᠦᠷᠢᠴᠡᠭᠰᠡᠨ ᠪᠣᠰᠣᠳ ᠦᠢᠯᠡ ᠠᠵᠢᠯᠯᠠᠭ᠎ᠠ     ᠳᠡᠬᠡᠷ᠎ᠡ ᠶᠠᠷᠢᠭᠰᠠᠨ ᠦᠢᠯᠡ ᠠᠵᠢᠯᠯᠠᠭ᠎ᠠ ᠪᠦᠷᠢ ᠶᠢ ᠡᠳ᠋ ᠤᠨ ᠵᠠᠰᠠᠭ ᠤᠨ ᠳᠢᠩᠬᠢᠮ ᠬᠤᠯᠪᠣᠭᠳᠠᠬᠤ ᠪᠠᠶᠢᠭᠤᠯᠣᠯᠭ᠎ᠠ ᠲᠠᠢ ᠬᠠᠮᠳᠣ ᠵᠠᠷᠯᠢᠭ ᠪᠠᠭᠤᠯᠭᠠᠨ ᠵᠠᠯᠠᠷᠠᠭᠤᠯᠵᠣ᠂ ᠪᠡᠯᠡ ᠮᠦᠩᠬᠦ ᠶᠢ ᠨᠡᠬᠡᠮᠵᠢᠯᠡᠨ ᠠᠪᠴᠢᠷᠠᠵᠣ᠂ ᠮᠡᠳᠡᠬᠦᠯᠦᠨ ᠵᠦᠪᠰᠢᠶᠡᠷᠡᠭᠰᠡᠨ ᠳᠠᠷᠠᠭ᠎ᠠ ᠮᠡᠳᠡᠭᠳᠡᠨ᠎ᠡ᠃ ᠪᠠᠶᠢᠭ᠎ᠠ ᠪᠠᠶᠢᠭᠤᠯᠣᠯᠭ᠎ᠠ ᠶᠢᠨ ᠳᠦᠷᠢᠮ ᠳᠣᠭᠳᠠᠭᠠᠯ ᠢ ᠦᠨᠳᠦᠰᠦᠯᠡᠨ ᠬᠤᠯᠪᠣᠭᠳᠠᠬᠤ ᠬᠠᠷᠢᠭᠤᠴᠠᠯᠭᠠᠳᠠᠨ ᠳᠤ ᠵᠠᠰᠠᠭ ᠵᠠᠬᠢᠷᠭᠠᠨ ᠤ ᠰᠢᠳᠬᠡᠯ ᠦᠭᠬᠦᠨ᠎ᠠ᠃ ᠦᠢᠯᠠ ᠠᠵᠢᠯᠯᠠᠭ᠎ᠠ ᠨᠢ ᠬᠠᠤᠯᠢ ᠵᠦᠷᠢᠴᠡᠭᠰᠡᠨ ᠰᠡᠵᠢᠭᠯᠡᠯ ᠲᠠᠢ ᠪᠣᠯ᠂ ᠬᠠᠤᠯᠢ ᠴᠠᠭᠠᠵᠠ ᠶᠢᠨ ᠪᠠᠶᠢᠭᠤᠯᠣᠯᠭ᠎ᠠ ᠳᠤ ᠰᠢᠯᠵᠢᠬᠦᠯᠦᠨ ᠦᠭᠴᠤ ᠰᠢᠢᠳᠪᠣᠷᠢᠯᠡᠨ᠎ᠡ᠃      ᠳᠣᠭᠳᠠᠭᠰᠠᠨ ᠬᠤᠭᠤᠯᠠᠨ ᠬᠡᠷ ᠪᠣᠶᠣ ᠪᠠᠶᠢᠭᠤᠯᠣᠯᠭ᠎ᠠ ᠶᠢᠨ ᠳᠣᠳᠣᠭᠠᠳᠣ ᠪᠠᠭᠤᠳᠠᠯ᠂ ᠵᠣᠴᠢᠯᠠᠬᠤ ᠭᠠᠵᠠᠷ᠂ ᠪᠣᠯᠪᠠᠰᠣᠷᠠᠯ ᠤᠨ ᠳᠦᠪ ᠤᠨ ᠬᠤᠯᠪᠣᠭᠳᠠᠬᠤ ᠠᠵᠢᠯᠳᠠᠨ ᠳᠣᠭᠳᠠᠭᠠᠯ ᠢ ᠵᠦᠷᠢᠴᠡᠭᠰᠡᠨ ᠢ ᠦᠪᠡᠷᠳᠡᠬᠡᠨ ᠵᠠᠰᠠᠬᠤ ᠣᠷᠣᠨ ᠤ ᠳᠣᠭᠳᠠᠭᠰᠠᠨ ᠬᠤᠭᠤᠯᠠᠨ ᠬᠡᠷ ᠤᠨ ᠬᠠᠮᠢᠶᠠᠷᠣᠯᠳᠠ ᠶᠢᠨ ᠬᠤᠯᠪᠣᠭᠳᠠᠬᠤ ᠳᠣᠭᠳᠠᠭᠠᠯ ᠢ ᠦᠨᠳᠦᠰᠦᠯᠡᠨ ᠰᠢᠢᠳᠪᠣᠷᠢᠯᠡᠨ᠎ᠠ᠃      ᠳᠠᠪᠣᠳᠣᠭᠠᠷ ᠪᠦᠯᠦᠭ    ᠳᠠᠭᠠᠯᠳᠣᠭᠤᠯᠣᠭᠰᠠᠨ ᠵᠦᠢᠯ      ᠬᠤᠷᠢᠨ  ᠳᠠᠪᠣᠳᠣᠭᠠᠷ ᠵᠣᠷᠪᠣᠰ    ᠡᠯ᠎ᠡ ᠪᠠᠶᠢᠭᠤᠯᠣᠯᠭ᠎ᠠ ᠳᠣᠰ ᠠᠷᠭ᠎ᠠ ᠳᠤ ᠳᠣᠭᠳᠠᠭᠰᠠᠨ ᠢ ᠦᠨᠳᠦᠰᠦᠯᠡᠨ ᠂ ᠳᠣᠰ ᠪᠠᠶᠢᠭᠤᠯᠣᠯᠭ᠎ᠠ ᠶᠢᠨ ᠡᠷᠬᠢᠯᠡᠭᠰᠡᠨ ᠠᠵᠢᠯ ᠤᠨ ᠣᠨᠴᠠᠯᠢᠭ ᠪᠠ ᠠᠵᠢᠯ ᠤᠨ ᠱᠠᠭᠠᠷᠳᠠᠯᠭ᠎ᠠ ᠲᠠᠢ ᠣᠶᠠᠯᠳᠣᠭᠤᠯᠣᠨ᠂ ᠬᠤᠷᠠᠯ ᠤᠨ ᠬᠠᠮᠢᠶᠠᠷᠣᠯᠳᠠ ᠶᠢᠨ ᠪᠣᠳᠠᠳᠠᠢ ᠠᠷᠭ᠎ᠠ ᠶᠢ ᠭᠠᠷᠭᠠᠨ᠎ᠠ᠃      ᠬᠤᠷᠢᠨ  ᠵᠢᠷᠭᠤᠳᠣᠭᠠᠷ ᠵᠣᠷᠪᠣᠰ  ᠦᠪᠡᠷᠳᠡᠬᠡᠨ ᠵᠠᠰᠠᠬᠤ ᠣᠷᠣᠨ ᠤ ᠳᠣᠰ ᠱᠠᠳᠣ ᠠᠯᠪᠠᠳᠠᠨ ᠤ ᠬᠠᠤᠯᠢ ᠬᠠᠮᠢᠶᠠᠷᠣᠯᠳᠠ ᠶᠢ ᠯᠠᠪᠯᠠᠯᠳᠠ ᠪᠣᠯᠭᠠᠬᠤ ᠦᠬᠡᠢ  ᠠᠯᠪᠠᠨ ᠪᠠᠶᠢᠭᠤᠯᠣᠯᠭ᠎ᠠ ᠳᠣᠰ ᠠᠷᠭ᠎ᠠ ᠪᠠᠷ ᠯᠠᠪᠯᠠᠯᠳᠠ  ᠪᠣᠯᠭᠠᠨ ᠬᠡᠷᠡᠭᠵᠢᠬᠦᠯᠦᠨ᠎ᠡ᠃      ᠬᠤᠷᠢᠨ  ᠳᠣᠯᠣᠳᠣᠭᠠᠷ ᠵᠣᠷᠪᠣᠰ   ᠦᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠠᠯᠪᠠᠨ ᠳᠢᠩᠬᠢᠮ᠂ ᠵᠠᠰᠠᠭ ᠤᠨ ᠣᠷᠳᠣᠨ ᠤ ᠠᠯᠪᠠᠨ ᠳᠢᠩᠬᠢᠮ᠂ ᠡᠳ᠋ ᠤᠨ ᠵᠠᠰᠠᠭ ᠤᠨ ᠳᠢᠩᠬᠢᠮ ᠳᠣᠰ ᠠᠷᠭ᠎ᠠ ᠶᠢᠨ ᠳᠠᠶᠢᠯᠪᠣᠷᠢᠯᠠᠨ ᠰᠢᠢᠳᠪᠣᠷᠢᠯᠡᠬᠦ ᠪᠣᠳᠠᠳᠠᠢ ᠠᠵᠢᠯ ᠢ ᠬᠠᠷᠢᠭᠤᠴᠠᠨ᠎ᠠ᠃      ᠬᠤᠷᠢᠨ ᠨᠠᠢᠮᠠᠳᠣᠭᠠᠷ ᠵᠣᠷᠪᠣᠰ     ᠳᠣᠰ ᠠᠷᠭ᠎ᠠ ᠶᠢ ᠨᠡᠶᠢᠳᠡᠯᠡᠭᠰᠡᠨ ᠡᠳᠦᠷ ᠠᠴᠠ ᠡᠬᠢᠯᠡᠨ ᠬᠡᠷᠡᠭᠵᠢᠬᠦᠯᠦᠨ᠎ᠡ ᠃ ︽ᠦᠪᠦᠷ ᠮᠣᠩᠭᠤᠯ ᠤᠨ ᠨᠠᠮ ᠤᠨ ᠬᠤᠷᠢᠶᠠᠨ ᠤ ᠠᠯᠪᠠᠨ ᠳᠢᠩᠬᠢᠮ᠂ ᠵᠠᠰᠠᠭ ᠤᠨ ᠣᠷᠳᠣᠨ ᠤ ᠠᠯᠪᠠᠨ ᠳᠢᠩᠬᠢᠮ  ︿ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ ᠶᠢᠨ ᠠᠷᠠᠳ ᠤᠨ ᠬᠠᠮᠳᠣ ᠨᠢᠬᠡᠴᠠ ᠶᠢᠨ ᠬᠤᠷᠠᠯ ᠤᠨ ᠵᠠᠷᠣᠳᠠᠯ ᠤᠨ ᠬᠠᠮᠢᠶᠠᠷᠣᠯᠳᠠ ᠶᠢᠨ ᠠᠷᠭ᠎ᠠ﹀ ᠶᠢ ᠳᠠᠷᠣᠮᠯᠠᠯᠠᠨ ᠳᠠᠷᠬᠠᠭᠠᠬᠤ ᠳᠣᠬᠠᠢ ᠮᠡᠳᠡᠭᠳᠡᠯ︾ ︵ᠦᠪᠦᠷ ᠮᠣᠩᠭᠤᠯ ᠤᠨ ᠨᠠᠮ ᠤᠨ ᠬᠤᠷᠢᠶᠠᠨ ᠤ ᠠᠯᠪᠠᠨ ᠳᠢᠩᠬᠢᠮ᠂ ᠵᠠᠰᠠᠭ ᠤᠨ ᠣᠷᠳᠣᠨ ᠤ ᠠᠯᠪᠠᠨ ᠳᠢᠩᠬᠢᠮ ᠠᠴᠠ ᠲᠠᠷᠬᠠᠭᠠᠭᠰᠠᠨ〔2006〕81  ᠳ᠋ᠤᠭᠠᠷ ᠳᠣᠭᠠᠳᠣ ᠪᠢᠴᠢᠭ ᠮᠠᠲ᠋ᠧᠷᠢᠶᠠᠯ︶᠂ ︽ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠡᠳ᠋ ᠤᠨ ᠵᠠᠰᠠᠭ ᠤᠨ ᠳᠢᠩᠬᠢᠮ ᠬᠤᠷᠠᠯ ᠤᠨ ᠵᠠᠷᠣᠳᠠᠯ ᠤᠨ ᠬᠠᠮᠢᠶᠠᠷᠣᠯᠳᠠ ᠶᠢ  ᠴᠢᠩᠭᠠᠳᠬᠠᠤ ᠳᠣᠬᠠᠢ ᠮᠡᠳᠡᠭᠳᠡᠯ︾( ᠦᠪᠤᠷ ᠮᠤᠩᠭᠤᠯ ᠤᠨ ᠡᠳ᠋ ᠤᠨ ᠵᠠᠰᠠᠭ ᠤᠨ ᠲᠢᠩᠭᠢᠮ ᠤᠨ ᠵᠠᠰᠠᠭ ᠵᠠᠬᠢᠷᠭ᠎ᠠ ᠤᠯᠤᠰ ᠲᠦᠷᠤ ᠬᠠᠤᠯᠢ ᠴᠠᠭᠠᠵᠠ ᠶᠢᠨ ᠭᠠᠵᠠᠷ ᠠᠴᠠ ᠲᠠᠷᠬᠠᠭᠠᠭᠰᠠᠨ〔2009〕1029  ᠳ᠋ᠤᠭᠠᠷ ᠳᠣᠭᠠᠳᠣ ᠪᠢᠴᠢᠭ ᠮᠠᠲ᠋ᠧᠷᠢᠶᠠᠯ)  ᠢ ᠵᠡᠷᠬᠡᠪᠡᠷ ᠬᠦᠴᠦᠨ ᠦᠬᠡᠢ ᠪᠣᠯᠭᠠᠪᠠ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号