ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ ᠶᠢᠨ ᠠᠵᠢᠯ ᠢᠶᠠᠷ ᠭᠠᠳᠠᠭᠰᠢ ᠭᠠᠷᠬᠤ ᠵᠠᠮ ᠤᠨ ᠵᠠᠷᠣᠳᠠᠯ ᠮᠦᠩᠬᠦ ᠶᠢᠨ ᠬᠠᠮᠢᠶᠠᠷᠣᠯᠳᠠ ᠶᠢᠨ ᠠᠷᠭ᠎ᠠ
ᠨᠡᠶᠢᠲᠡᠯᠡᠭᠰᠡᠨ ᠴᠠᠭ᠄
2019/2/18
ᠦᠪᠤᠷ ᠮᠤᠩᠭᠤᠯ ᠤᠨ ᠡᠳ᠋ ᠤᠨ ᠵᠠᠰᠠᠭ ᠤᠨ ᠲᠢᠩᠭᠢᠮ ᠤᠨ ᠵᠠᠰᠠᠭ ᠵᠠᠬᠢᠷᠭ᠎ᠠ ᠤᠯᠤᠰ ᠲᠦᠷᠤ ᠬᠠᠤᠯᠢ ᠴᠠᠭᠠᠵᠠ ᠶᠢᠨ ᠬᠡᠯᠲᠡᠰ ᠠᠴᠠ ᠲᠠᠷᠬᠠᠭᠠᠭᠰᠠᠨ〔2014〕1612 ᠳ᠋ᠤᠭᠠᠷ ᠳᠣᠭᠠᠳᠣ ᠪᠢᠴᠢᠭ ᠮᠠᠲ᠋ᠧᠷᠢᠶᠠᠯ      1. ︽ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ ᠶᠢᠨ ᠠᠵᠢᠯ ᠢᠶᠠᠷ ᠭᠠᠳᠠᠭᠰᠢ ᠭᠠᠷᠬᠤ ᠵᠠᠮ ᠤᠨ ᠵᠠᠷᠣᠳᠠᠯ ᠮᠦᠩᠬᠦ ᠶᠢᠨ ᠬᠠᠮᠢᠶᠠᠷᠣᠯᠳᠠ ᠶᠢᠨ ᠠᠷᠭ᠎ᠠ︾ ︵ᠳᠣᠷᠣᠭᠰᠢ ︽ᠠᠷᠭ᠎ᠠ︾ ᠬᠡᠵᠣ ᠳᠦᠬᠦᠮᠴᠢᠯᠠᠨ᠎ᠠ︶ ᠶᠢᠨ ᠬᠡᠷᠡᠭᠯᠡᠬᠦ ᠳᠤ ᠳᠣᠬᠢᠷᠠᠮᠵᠢᠳᠠᠢ ᠬᠦᠷᠢᠶ᠎ᠡ ᠬᠡᠪᠴᠢᠶᠠᠨ ᠳᠤ ᠶᠠᠭᠤ ᠶᠠᠭᠤ ᠪᠠᠭᠳᠠᠬᠤ ᠪᠣᠢ︖      ︽ᠠᠷᠭ᠎ᠠ︾ ᠶᠢᠨ ᠬᠤᠶᠠᠳᠣᠭᠠᠷ ᠵᠣᠷᠪᠣᠰ ᠲᠤ ᠳᠣᠳᠣᠷᠬᠠᠶᠢᠯᠠᠭᠰᠠᠨ ᠢᠶᠠᠷ᠂ ᠳᠣᠰ ᠠᠷᠭ᠎ᠠ ᠨᠢ ᠦᠪᠡᠷᠳᠡᠬᠡᠨ ᠵᠠᠰᠠᠬᠤ ᠣᠷᠣᠨ ‍ᠤ‌‍ᠲ᠋ᠣᠰ ᠱᠠᠳᠣᠨ ᠤ ᠨᠠᠮ ᠤᠨ ᠪᠠᠶᠢᠭᠤᠯᠣᠯᠭ᠎ᠠ᠂ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠪᠠᠶᠢᠭᠤᠯᠣᠯᠭ᠎ᠠ᠂ ᠵᠠᠰᠠᠭ ᠤᠨ ᠣᠷᠳᠣᠨ ᠤ ᠪᠠᠶᠢᠭᠤᠯᠣᠯᠭ᠎ᠠ᠂ ᠣᠯᠣᠰ ᠳᠦᠷᠦ ᠶᠢᠨ ᠵᠦᠪᠯᠡᠯᠬᠡᠨ ᠤ ᠪᠠᠶᠢᠭᠤᠯᠣᠯᠭ᠎ᠠ᠂ ᠰᠢᠬᠦᠨ ᠳᠠᠰᠣᠯᠬᠤ ᠪᠠᠶᠢᠭᠤᠯᠣᠯᠭ᠎ᠠ᠂ ᠪᠠᠶᠢᠴᠠᠭᠠᠬᠤ ᠪᠠᠶᠢᠭᠤᠯᠣᠯᠭ᠎ᠠ ᠵᠢᠴᠢ‌ᠦᠪᠡᠷᠳᠡᠬᠡᠨ ᠵᠠᠰᠠᠬᠤ ᠣᠷᠣᠨ ᠤ ᠠᠵᠢᠯᠳᠠᠨ ᠤ ᠡᠪᠯᠡᠯ᠂ ᠡᠪ ᠬᠠᠮᠳᠣ ᠵᠠᠯᠠᠭᠤᠴᠣᠳ ᠤᠨ ᠡᠪᠯᠡᠯ᠂ ᠡᠮᠡᠭᠳᠡᠶᠢᠴᠣᠳ ᠤᠨ ᠬᠤᠯᠪᠣᠭ᠎ᠠ ᠵᠡᠷᠬᠡ ᠠᠷᠠᠳ ᠲᠦᠮᠡᠨ ᠤ ᠬᠠᠮᠳᠣ ᠨᠢᠬᠡᠴᠠ᠂ ᠡᠯ᠎ᠡ ᠠᠷᠠᠳᠴᠢᠯᠠᠭᠰᠠᠨ ᠨᠠᠮ ᠪᠦᠯᠦᠭ ᠪᠠ ᠠᠵᠣ ᠦᠢᠯᠡᠳᠪᠦᠷᠢ ᠬᠤᠳᠠᠯᠳᠣᠭᠠᠨ ᠤ ᠬᠤᠯᠪᠣᠭ᠎ᠠ ᠵᠢᠴᠢ ᠠᠯᠪᠠᠳᠠᠨ ᠤ ᠬᠠᠤᠯᠢ ᠬᠠᠮᠢᠶᠠᠷᠣᠯᠳᠠ ᠪᠠᠷ ᠯᠠᠪᠯᠠᠯᠳᠠ ᠪᠣᠯᠭᠠᠳᠠᠭ ᠠᠯᠪᠠᠨ ᠪᠠᠶᠢᠭᠤᠯᠣᠯᠭ᠎ᠠ ᠤᠳ ᠲᠤ ᠬᠡᠷᠡᠭᠯᠡᠬᠦ ᠳᠤ ᠳᠣᠬᠢᠷᠠᠨ᠎ᠠ᠃  ︽ᠠᠷᠭ᠎ᠠ︾ ᠶᠢᠨ  ᠭᠤᠴᠢᠨ ᠨᠢᠬᠡᠳᠦᠬᠡᠷ ᠵᠣᠷᠪᠣᠰ ᠲᠤ ᠳᠣᠳᠣᠷᠬᠠᠶᠢᠯᠠᠭᠰᠠᠨ ᠢᠶᠠᠷ᠂ ᠠᠯᠪᠠᠳᠠᠨ ᠤ ᠬᠠᠤᠯᠢ ᠬᠠᠮᠢᠶᠠᠷᠣᠯᠳᠠ ᠪᠠᠷ ᠯᠠᠪᠯᠠᠯᠳᠠ ᠪᠣᠯᠭᠠᠳᠠᠭ ᠦᠬᠡᠢ ᠠᠯᠪᠠᠨ ᠪᠠᠶᠢᠭᠤᠯᠣᠯᠭ᠎ᠠ ᠤᠳ ᠳᠣᠰ ᠠᠷᠭ᠎ᠠ ᠪᠠᠷ ᠯᠠᠪᠯᠠᠯᠳᠠ ᠪᠣᠯᠭᠠᠨ᠎ᠠ᠃      ︽ᠠᠷᠭ᠎ᠠ︾ ᠶᠢᠨ  ᠭᠤᠴᠢᠨ‌ᠭᠤᠷᠪᠠᠳᠣᠭᠠᠷ ᠵᠣᠷᠪᠣᠰ ᠲᠤ ᠳᠣᠳᠣᠷᠬᠠᠶᠢᠯᠠᠭᠰᠠᠨ ᠢᠶᠠᠷ᠂ ᠳᠣᠰ ᠠᠷᠭ᠎ᠠ  ᠨᠢ2014 ᠣᠨ ᠤ 6 ᠰᠠᠷ᠎ᠠ ᠶᠢᠨ 1 ᠤ ᠡᠳᠦᠷ ᠠᠴᠠ ᠡᠬᠢᠯᠡᠨ ᠬᠡᠷᠡᠭᠵᠢᠬᠦᠯᠪᠡ᠃ ᠡᠬᠦᠨ ᠤ ᠵᠡᠷᠬᠡᠴᠡᠭᠡ ᠡᠮᠣᠨ᠎ᠠ ᠨᠢ ᠳᠣᠭᠳᠠᠭᠠᠵᠣ ᠪᠠᠶᠢᠭᠰᠠᠨ‌ᠠᠵᠢᠯ ᠢᠶᠠᠷ ᠭᠠᠳᠠᠭᠰᠢ ᠭᠠᠷᠬᠤ ᠵᠠᠮ ᠤᠨ ᠵᠠᠷᠣᠳᠠᠯ ᠮᠦᠩᠬᠦ ᠶᠢᠨ ᠬᠠᠮᠢᠶᠠᠷᠣᠯᠳᠠ ᠶᠢᠨ ᠠᠷᠭ᠎ᠠ   ᠨᠢ ᠬᠦᠴᠦᠨ ᠦᠬᠡᠢ ᠪᠣᠯᠵᠣ᠂ ᠪᠣᠰᠣᠳ ᠪᠢᠴᠢᠭ ᠮᠠᠲ᠋ᠧᠷᠢᠶᠠᠯ   ᠳᠤ ᠬᠤᠯᠪᠣᠭᠳᠠᠭᠰᠠᠨ‌ᠦᠪᠡᠷᠳᠡᠬᠡᠨ ᠵᠠᠰᠠᠬᠤ ᠣᠷᠣᠨ ‍ᠤ‌‍ᠲ᠋ᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ᠂ ᠠᠯᠪᠠᠨ ᠪᠠᠶᠢᠭᠤᠯᠣᠯᠭ᠎ᠠ ᠵᠢᠨ‌ᠭᠠᠳᠠᠭᠰᠢ ᠭᠠᠷᠬᠤ ᠵᠠᠮ ᠤᠨ ᠵᠠᠷᠣᠳᠠᠯ ᠮᠦᠩᠬᠦ ᠶᠢᠨ ᠬᠠᠮᠢᠶᠠᠷᠣᠯᠳᠠ ᠶᠢᠨ ᠳᠣᠭᠳᠠᠭᠠᠯ ᠪᠣᠯᠣᠨ ᠳᠣᠰ ᠠᠷᠭ᠎ᠠ ᠳᠤ ᠳᠣᠭᠳᠠᠭᠰᠠᠨ ᠲᠠᠢ ᠠᠳᠠᠯᠢ ᠦᠬᠡᠢ ᠪᠣᠯ ᠳᠣᠰ ᠠᠷᠭ᠎ᠠ ᠶᠢᠨ ᠳᠠᠭᠠᠣ ᠬᠡᠷᠡᠭᠵᠢᠬᠦᠯᠦᠨ᠎ᠠ᠃      2.︽ᠠᠷᠭ᠎ᠠ︾ ᠶᠢᠨ ᠭᠤᠷᠪᠠᠳᠣᠭᠠᠷ ᠵᠣᠷᠪᠣᠰ ᠲᠤ ᠳᠣᠷᠠᠳᠣᠭᠰᠠᠨ ᠪᠠᠶᠢᠩᠭᠤ ᠰᠠᠭᠤᠭ᠎ᠠ ᠭᠠᠵᠠᠷ ᠠᠴᠠ ᠪᠠᠨ ᠰᠠᠯᠵᠣ ᠠᠵᠢᠯ ᠢᠶᠠᠷ ᠭᠠᠳᠠᠭᠰᠢ ᠭᠠᠷᠣᠭᠰᠠᠨ ᠢ ᠬᠡᠷᠬᠢᠨ ᠣᠶᠢᠯᠠᠭᠠᠬᠤ ᠪᠣᠢ︖     ᠦᠪᠡᠷᠳᠡᠬᠡᠨ ᠵᠠᠰᠠᠬᠤ ᠣᠷᠣᠨ ‍ᠤ‌‍ᠲ᠋ᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ ᠶᠢᠨ ᠪᠠᠶᠢᠩᠭᠤ ᠰᠠᠭᠤᠭ᠎ᠠ ᠭᠠᠵᠠᠷ  ᠨᠢ ᠬᠦᠬᠡᠬᠤᠳᠠ ︵ᠰᠠᠶᠢᠬᠠᠨ ᠳᠣᠭᠤᠷᠢᠭ᠂ ᠰᠢᠨ᠎ᠡ ᠬᠤᠳᠠ ᠳᠣᠭᠤᠷᠢᠭ᠂ ᠢᠤᠢ ᠴᠢᠣᠸᠠᠨ ᠳᠣᠭᠤᠷᠢᠭ ᠪᠠ ᠬᠤᠳᠣᠩ ᠠᠷᠠᠳ ᠤᠨ ᠳᠣᠭᠤᠷᠢᠭ ᠪᠠᠭᠳᠠᠵᠣ᠂ ᠬᠠᠷᠢᠶ᠎ᠠ ᠬᠤᠰᠢᠭᠤ ᠰᠢᠶᠠᠨ ᠪᠠᠭᠳᠠᠬᠤ ᠦᠬᠡᠢ︶᠂ ᠡᠨᠡ ᠬᠡᠪᠴᠢᠶᠡᠨ  ᠳᠤ ᠠᠯᠪᠠᠨ ᠠᠵᠢᠯ ᠢᠶᠠᠷ ᠭᠠᠷᠣᠭᠰᠠᠨ ᠪᠣᠯ ᠠᠵᠢᠯ ᠢᠶᠠᠷ ᠭᠠᠳᠠᠭᠰᠢ ᠭᠠᠷᠣᠭᠰᠠᠨ ᠳᠤ ᠳᠣᠭᠠᠴᠠᠭᠳᠠᠬᠤ ᠦᠬᠡᠢ᠃      3.︽ᠠᠷᠭ᠎ᠠ︾ ᠶᠢᠨ ᠳᠣᠯᠣᠳᠣᠭᠠᠷ ᠵᠣᠷᠪᠣᠰ ᠲᠤ  ᠠᠵᠢᠯ ᠢᠶᠠᠷ ᠭᠠᠳᠠᠭᠰᠢ  ᠭᠠᠷᠬᠤ  ᠠᠵᠢᠯᠳᠠᠨ ᠭᠠᠯᠳᠣ ᠲᠡᠷᠬᠡᠨ ᠤ ᠵᠦᠬᠡᠯᠡᠨ ᠣᠷᠣ  ᠵᠦᠬᠡᠯᠡᠨ ᠰᠠᠭᠤᠳᠠᠯ ᠢᠶᠠᠷ ᠠᠶᠠᠯᠠᠵᠣ ᠪᠣᠯᠣᠨ᠎ᠠ  ᠦᠦ︖ ᠭᠠᠵᠠᠷ ᠤᠨ ᠳᠡᠰ ᠪᠣᠶᠣ  ᠭᠠᠵᠠᠷ ᠤᠨ  ᠳᠡᠰ ᠠᠴᠠ ᠳᠣᠷᠣᠭᠰᠢ ᠺᠠᠳᠠᠷ ᠠᠵᠢᠯᠳᠠᠨ ᠭᠠᠯᠳᠣ  ᠳᠡᠷᠬᠡ ᠪᠠᠷ ᠠᠶᠠᠯᠠᠬᠤ ᠳᠤ ᠵᠦᠬᠡᠯᠡᠨ ᠣᠷᠣ  ᠶᠢᠨ  ᠦᠨ᠎ᠡ ᠨᠢ  ᠨᠢᠰᠬᠡᠯ  ᠤᠨ  ᠪᠢᠯᠧᠲ  ᠤᠨ ᠦᠨ᠎ᠡ ᠠᠴᠠ ᠳᠣᠣᠷ᠎ᠠ ᠨᠦᠬᠦᠴᠡᠯ ᠳᠤ ᠵᠦᠬᠡᠯᠡᠨ ᠣᠷᠣ ᠠᠪᠴᠣ ᠪᠣᠯᠣᠨ᠎ᠠ ᠦᠦ︖       ︽ᠠᠷᠭ᠎ᠠ︾ ᠶᠢᠨ ᠳᠣᠯᠣᠳᠣᠭᠠᠷ ᠵᠣᠷᠪᠣᠰ ᠲᠤ ᠳᠣᠳᠣᠷᠬᠠᠶᠢᠯᠠᠭᠰᠠᠨ ᠢᠶᠠᠷ᠂ ᠠᠵᠢᠯ ᠢᠶᠠᠷ ᠭᠠᠳᠠᠭᠰᠢ ᠭᠠᠷᠬᠤ ᠠᠵᠢᠯᠳᠠᠨ ᠳᠦᠷᠢᠮ ᠳᠤ ᠳᠣᠭᠳᠠᠭᠠᠭᠰᠠᠨ  ᠵᠡᠷᠬᠡ ᠳᠡᠰ ᠢ ᠦᠨᠳᠦᠰᠦᠯᠡᠨ ᠵᠠᠮ ᠬᠠᠷᠢᠯᠴᠠᠭᠠᠨ ᠤ ᠬᠡᠷᠡᠭᠰᠡᠯ ᠢᠶᠠᠷ ᠠᠶᠠᠯᠠᠬᠤ ᠬᠡᠷᠡᠭᠳᠡᠢ᠃ᠳᠦᠷᠢᠮ ᠳᠤ ᠳᠣᠭᠳᠠᠭᠠᠭᠰᠠᠨ  ᠵᠡᠷᠬᠡ ᠳᠡᠰ ᠢ ᠦᠨᠳᠦᠰᠦᠯᠡᠨ ᠵᠠᠮ ᠬᠠᠷᠢᠯᠴᠠᠭᠠᠨ ᠤ ᠬᠡᠷᠡᠭᠰᠡᠯ ᠢᠶᠠᠷ ᠠᠶᠠᠯᠠᠭᠰᠠᠨ ᠦᠬᠡᠢ ᠪᠣᠯ ᠬᠡᠳᠦᠷᠡᠭᠰᠡᠨ ᠵᠠᠷᠣᠳᠠᠯ ᠢ ᠬᠤᠪᠢ ᠬᠦᠮᠦᠨ ᠦᠪᠡᠷ ᠢᠶᠠᠨ ᠳᠠᠭᠠᠭᠠᠨ᠎ᠠ᠃ ᠠᠵᠢᠯ ᠢᠶᠠᠷ ᠭᠠᠳᠠᠭᠰᠢ ᠭᠠᠷᠬᠤ ᠠᠵᠢᠯᠳᠠᠨ  ᠵᠠᠷᠴᠢᠮ ᠳᠡᠬᠡᠷ᠎ᠡ ᠪᠠᠨ ᠵᠦᠬᠡᠯᠡᠨ ᠣᠷᠣ ᠵᠦᠬᠡᠯᠡᠨ ᠰᠠᠭᠤᠳᠠᠯ ᠢᠶᠠᠷ ᠠᠶᠠᠯᠠᠵᠣ ᠪᠣᠯᠣᠨ᠎ᠠ᠂ ᠬᠡᠪᠡᠴᠣ ᠣᠷᠣᠢ ᠶᠢᠨ ᠨᠠᠢᠮᠠᠨ ᠴᠠᠭ ᠠᠴᠠ ᠳᠠᠷᠠᠭ᠎ᠠ ᠦᠷᠯᠦᠬᠡ ᠶᠢᠨ ᠳᠣᠯᠣᠭᠠᠨ ᠴᠠᠭ ᠤᠨ ᠬᠤᠭᠤᠷᠣᠨᠳᠣ ᠠᠶᠠᠯᠠᠬᠤ ᠴᠠᠭ ᠨᠢ ᠵᠢᠷᠭᠤᠭᠠᠨ ᠴᠠᠭ ᠠᠴᠠ  ᠢᠯᠡᠬᠦᠦ ᠪᠣᠶᠣ  ᠦᠷᠬᠦᠯᠵᠢᠯᠡᠨ ᠠᠶᠠᠯᠠᠭᠰᠠᠨ ᠴᠠᠭ  ᠨᠢ12 ᠴᠠᠭ ᠬᠡᠳᠦᠷᠡᠭᠰᠡᠨ ᠪᠣᠯ ᠵᠦᠬᠡᠯᠡᠨ ᠣᠷᠣ ᠪᠠᠷ ᠠᠶᠠᠯᠠᠵᠣ ᠪᠣᠯᠣᠨ᠎ᠠ᠂ ᠵᠦᠬᠡᠯᠡᠨ ᠣᠷᠣ ᠶᠢᠨ ᠦᠨ᠎ᠡ ᠪᠠᠷ ᠵᠠᠷᠣᠳᠠᠯ ᠢᠶᠠᠨ ᠴᠠᠶᠢᠷᠠᠭᠤᠯᠣᠨ᠎ᠠ᠃      ᠭᠠᠵᠠᠷ ᠤᠨ ᠳᠡᠰ ᠪᠣᠶᠣ  ᠭᠠᠵᠠᠷ ᠤᠨ ᠳᠡᠰ ᠠᠴᠠ ᠳᠣᠷᠣᠭᠰᠢ ᠺᠠᠳᠠᠷ ᠠᠵᠢᠯᠳᠠᠨ ᠭᠠᠯᠳᠣ ᠳᠡᠷᠬᠡ ᠪᠠᠷ ᠠᠶᠠᠯᠠᠬᠤ ᠳᠤ ᠵᠦᠬᠡᠯᠡᠨ ᠣᠷᠣ  ᠪᠠᠷ ᠠᠶᠠᠯᠠᠵᠣ ᠪᠣᠯᠬᠤ ᠦᠬᠡᠢ᠃      4. ᠠᠵᠢᠯ  ᠢᠶᠠᠷ ᠭᠠᠷᠬᠤ ᠠᠵᠢᠯᠳᠠᠨ ᠨᠢᠰᠬᠡᠯ ᠳᠤ ᠰᠠᠭᠤᠪᠠᠯ ᠨᠢᠰᠬᠡᠯ  ᠤᠨ ᠪᠠᠭᠤᠳᠠᠯ ᠤᠨ ᠦᠢᠯᠡᠴᠢᠯᠡᠬᠡᠨ ᠤ ᠵᠠᠷᠣᠳᠠᠯ᠂ ᠪᠣᠭᠤᠳᠠᠯᠯᠠᠬᠤ ᠵᠠᠷᠣᠳᠠᠯ᠂ ᠰᠠᠭᠤᠭ᠎ᠠ ᠭᠠᠵᠠᠷ  ᠠᠴᠠ  ᠪᠠᠨ ᠨᠢᠰᠬᠡᠯ  ᠤᠨ ᠪᠠᠭᠤᠳᠠᠯ ᠬᠦᠷᠬᠦ ᠵᠠᠮ  ᠤᠨ ᠵᠠᠷᠣᠳᠠᠯ  ᠢᠶᠠᠨ ᠪᠠᠰᠠ ᠳᠠᠩᠰᠠᠨ ᠳᠤ ᠳᠠᠶᠢᠯᠵᠣ ᠪᠣᠯᠣᠨ᠎ᠠ ᠦᠦ︖      ︽ᠠᠷᠭ᠎ᠠ︾ ᠶᠢᠨ ᠶᠢᠰᠦᠳᠦᠬᠡᠷ᠂ ᠠᠷᠪᠠᠳᠣᠭᠠᠷ ᠵᠣᠷᠪᠣᠰ ᠲᠤ ᠳᠣᠳᠣᠷᠬᠠᠶᠢᠯᠠᠭᠰᠠᠨ ᠢᠶᠠᠷ᠂ ᠨᠢᠰᠬᠡᠯ ᠳᠤ ᠰᠠᠭᠤᠬᠤ ᠳᠤ᠂ ᠢᠷᠬᠡᠨ  ᠤ ᠠᠭᠠᠷ ᠤᠨ ᠳᠡᠬᠡᠬᠡᠪᠦᠷᠢ  ᠶᠢᠨ ᠬᠦᠭᠵᠢᠯᠳᠠ ᠶᠢᠨ ᠰᠠᠭᠤᠷᠢ ᠮᠦᠩᠬᠦ᠂ ᠲᠦᠯᠡᠰᠢ ᠶᠢᠨ ᠨᠡᠮᠡᠯᠳᠠ ᠵᠠᠷᠣᠳᠠᠯ᠂ ᠠᠳᠡᠯ ᠤᠨ ᠳᠠᠭᠠᠳᠬᠠᠯ ᠵᠡᠷᠬᠡ  ᠶᠢ ᠪᠢᠴᠢᠭ ᠪᠠᠷᠢᠮᠳᠠ  ᠪᠠᠷ ᠨᠢ ᠳᠠᠩᠰᠠᠨ ᠳᠤ ᠴᠠᠶᠢᠷᠠᠭᠤᠯᠵᠣ ᠪᠣᠯᠣᠨ᠎ᠠ᠃  ᠨᠢᠰᠬᠡᠯ  ᠤᠨ ᠪᠠᠭᠤᠳᠠᠯ ᠤᠨ ᠦᠢᠯᠡᠴᠢᠯᠡᠬᠡᠨ ᠤ ᠵᠠᠷᠣᠳᠠᠯ᠂ ᠪᠣᠭᠤᠳᠠᠯᠯᠠᠬᠤ ᠵᠠᠷᠣᠳᠠᠯ ᠵᠡᠷᠬᠡ ᠪᠣᠰᠣᠳ ᠵᠠᠷᠣᠳᠠᠯ ᠢ ᠦᠪᠡᠷᠳᠡᠬᠡᠨ ᠳᠠᠭᠠᠭᠠᠨ᠎ᠠ᠃      ︽ᠠᠷᠭ᠎ᠠ︾ ᠶᠢᠨ  ᠬᠤᠷᠢᠳᠣᠭᠠᠷ ᠵᠣᠷᠪᠣᠰ ᠲᠤ ᠳᠣᠳᠣᠷᠬᠠᠶᠢᠯᠠᠭᠰᠠᠨ ᠢᠶᠠᠷ᠂ ᠬᠤᠳᠠ ᠶᠢᠨ ᠳᠣᠳᠣᠷᠠᠬᠢ ᠵᠠᠮ ᠬᠠᠷᠢᠯᠴᠠᠭᠠᠨ ᠤ ᠵᠠᠷᠣᠳᠠᠯ ᠢ ᠠᠵᠢᠯ  ᠢᠶᠠᠷ ᠭᠠᠳᠠᠭᠰᠢ ᠭᠠᠷᠬᠤ ᠡᠳᠦᠷ ᠤᠨ ᠳᠤᠭ᠎ᠠ ᠪᠠᠷ ᠳᠣᠭᠠᠴᠠᠵᠣ᠂ ᠬᠦᠮᠦᠨ ᠪᠣᠯᠭᠠᠨ ᠳᠤ ᠡᠳᠦᠷ ᠪᠦᠷᠢ 80 ᠳᠦᠬᠦᠷᠢᠭ ᠳᠠᠭᠠᠭᠠᠴᠢᠯᠠᠭᠤᠯᠣᠨ ᠬᠡᠷᠡᠭᠯᠡᠬᠦᠯᠦᠨ᠎ᠠ᠃ ᠰᠠᠭᠤᠭ᠎ᠠ ᠭᠠᠵᠠᠷ  ᠠᠴᠠ ᠨᠢᠰᠬᠡᠯ ᠤᠨ ᠪᠠᠭᠤᠳᠠᠯ ᠳᠤ ᠶᠠᠪᠣᠵᠣ ᠢᠷᠡᠬᠦ ᠵᠠᠮ ᠤᠨ ᠵᠠᠷᠣᠳᠠᠯ ᠢ ᠳᠦᠷᠢᠮ ᠳᠤ ᠳᠣᠭᠳᠠᠭᠠᠭᠰᠠᠨ ᠬᠤᠳᠠ ᠳᠣᠳᠣᠷᠠᠬᠢ ᠵᠠᠮ ᠬᠠᠷᠢᠯᠴᠠᠭᠠᠨ ᠤ ᠵᠠᠷᠣᠳᠠᠯ  ᠠᠴᠠ ᠦᠪᠡᠷ ᠢᠶᠠᠨ ᠡᠬᠦᠷᠬᠡᠯᠠᠵᠣ᠂ ᠳᠠᠬᠢᠨ ᠳᠠᠩᠰᠠᠨ ᠳᠤ ᠴᠠᠶᠢᠷᠠᠭᠤᠯᠬᠤ ᠦᠬᠡᠢ᠃      5. ᠠᠵᠢᠯ ᠢᠶᠠᠷ ᠭᠠᠳᠠᠭᠰᠢ ᠭᠠᠷᠬᠤ ᠠᠵᠢᠯᠳᠠᠨ ᠭᠠᠯᠳᠣ ᠲᠡᠷᠬᠡᠨ ᠤ ᠵᠦᠬᠡᠯᠡᠨ ᠣᠷᠣ ᠳᠤ ᠰᠠᠭᠤᠬᠤ ᠨᠦᠬᠦᠴᠡᠯ ᠳᠤ ᠨᠡᠶᠢᠴᠡᠭᠰᠡᠨ ᠴᠣ᠋ ᠵᠦᠬᠡᠯᠡᠨ ᠰᠠᠭᠤᠳᠠᠯ ᠢᠶᠠᠷ ᠰᠣᠯᠢᠭᠰᠠᠨ ᠪᠣᠯ ᠵᠦᠷᠢᠶᠡᠨ ᠤ ᠨᠦᠬᠦᠪᠦᠷᠢ ᠮᠦᠩᠬᠦ  ᠶᠢ ᠦᠭᠬᠦᠨ᠎ᠠ ᠦᠦ  ︖      ︽ᠠᠷᠭ᠎ᠠ︾ ᠳᠤ ᠳᠣᠭᠳᠠᠭᠠᠭᠰᠠᠨ ᠵᠠᠮ ᠬᠠᠷᠢᠯᠴᠠᠭᠠᠨ ᠤ ᠬᠡᠷᠡᠭᠰᠡᠯ ᠤᠨ ᠵᠡᠷᠬᠡ ᠳᠡᠰ ᠪᠣᠯ ᠠᠵᠢᠯ ᠢᠶᠠᠷ ᠭᠠᠳᠠᠭᠰᠢ ᠭᠠᠷᠬᠤ ᠠᠵᠢᠯᠳᠠᠨ ᠤ ᠰᠠᠭᠤᠵᠣ ᠪᠣᠯᠬᠤ ᠵᠠᠮ ᠬᠠᠷᠢᠯᠴᠠᠭᠠᠨ ᠤ ᠬᠡᠷᠡᠭᠰᠡᠯ   ᠤᠨ ᠳᠡᠬᠡᠳᠣ ᠬᠢᠵᠠᠭᠠᠷ ᠪᠣᠯᠣᠨ᠎ᠠ᠃ ᠠᠵᠢᠯ ᠢᠶᠠᠷ ᠭᠠᠳᠠᠭᠰᠢ ᠭᠠᠷᠬᠤ ᠠᠵᠢᠯᠳᠠᠨ ᠡᠷᠬᠡᠪᠰᠢ ︽ᠠᠷᠭ᠎ᠠ︾ ᠳᠤ ᠳᠣᠭᠳᠠᠭᠠᠭᠰᠠᠨ ᠵᠡᠷᠬᠡ ᠳᠡᠰ  ᠤᠨ ᠳᠠᠭᠠᠤ ᠬᠠᠷᠠᠭᠠᠯᠵᠠᠬᠤ ᠵᠠᠮ ᠬᠠᠷᠢᠯᠴᠠᠭᠠᠨ ᠤ ᠬᠡᠷᠡᠭᠰᠡᠯ  ᠢᠶᠠᠷ ᠠᠶᠠᠯᠠᠵᠣ ᠵᠣᠷᠴᠢᠨ᠂ᠭᠠᠯᠳᠣ ᠲᠡᠷᠬᠡᠨ ᠤ ᠵᠦᠬᠡᠯᠡᠨ ᠣᠷᠣ ᠳᠤ ᠰᠠᠭᠤᠬᠤ ᠨᠦᠬᠦᠴᠡᠯ ᠳᠤ ᠨᠡᠶᠢᠴᠡᠭᠰᠡᠨ ᠴᠣ᠋ ᠵᠦᠬᠡᠯᠡᠨ ᠰᠠᠭᠤᠳᠠᠯ ᠢᠶᠠᠷ ᠰᠣᠯᠢᠭᠰᠠᠨ ᠪᠣᠯ ᠵᠦᠷᠢᠶᠡᠨ ᠤ ᠨᠦᠬᠦᠪᠦᠷᠢ ᠮᠦᠩᠬᠦ ᠦᠭᠬᠦ ᠦᠬᠡᠢ᠃      6.ᠭᠠᠵᠠᠷ ᠤᠨ ᠳᠡᠰ ᠪᠣᠶᠣ  ᠭᠠᠵᠠᠷ ᠤᠨ ᠳᠡᠰ ᠠᠴᠠ ᠳᠣᠷᠣᠭᠰᠢ ᠺᠠᠳᠠᠷ ᠠᠵᠢᠯᠳᠠᠨ ᠠᠵᠢᠯ ᠢᠶᠠᠷ ᠭᠠᠳᠠᠭᠰᠢ ᠭᠠᠷᠬᠤ ᠳᠠᠭᠠᠨ ᠨᠢᠬᠡ ᠬᠦᠮᠦᠨ ᠨᠢᠬᠡ ᠦᠷᠦᠬᠡᠨ ᠳᠤ ᠪᠠᠭᠤᠳᠠᠯᠯᠠᠵᠣ ᠪᠣᠯᠣᠨ᠎ᠠ ᠦᠦ︖ ᠵᠠᠷᠣᠳᠠᠯ ᠮᠦᠩᠬᠦ ᠶᠢ ᠬᠡᠷᠬᠢᠨ ᠳᠠᠩᠰᠠᠨ ᠳᠤ ᠳᠠᠶᠢᠯᠬᠤ ᠪᠣᠢ︖      ︽ᠠᠷᠭ᠎ᠠ︾ ᠳᠤ ᠭᠠᠵᠠᠷ ᠣᠷᠣᠨ ᠢᠶᠠᠷ ᠬᠤᠪᠢᠶᠠᠷᠢᠯᠠᠨ ᠵᠡᠷᠬᠡ ᠳᠡᠰ  ᠤᠨ ᠳᠠᠭᠠᠤ ᠬᠦᠮᠦᠨ ᠪᠣᠯᠭᠠᠨ ᠤ ᠡᠳᠦᠷ ᠪᠦᠷᠢ ᠶᠢᠨ ᠪᠠᠭᠤᠳᠠᠯ  ᠤᠨ ᠵᠠᠷᠣᠳᠠᠯ ᠤᠨ ᠪᠠᠷᠢᠮᠵᠢᠶ᠎ᠠ ᠶᠢ ᠬᠡᠷᠡᠭᠵᠢᠬᠦᠯᠦᠨ᠂ ᠳᠣᠭᠳᠠᠭᠠᠭᠰᠠᠨ ᠪᠠᠷᠢᠮᠵᠢᠶ᠎ᠠ ᠳᠣᠳᠣᠷ᠎ᠠ ᠠᠵᠢᠯ ᠢᠶᠠᠷ ᠭᠠᠷᠬᠤ ᠠᠵᠢᠯᠳᠠᠨ ᠦᠪᠡᠷᠳᠡᠬᠡᠨ ᠵᠡᠷᠬᠡ ᠳᠡᠰ ᠲᠤ  ᠪᠠᠨ ᠳᠣᠬᠢᠷᠠᠭᠰᠠᠨ ᠦᠷᠦᠬᠡᠨ ᠤ ᠳᠦᠷᠦᠯ ᠵᠦᠢᠯ ᠢ ᠰᠣᠩᠭᠤᠵᠣ ᠪᠣᠯᠣᠨ᠎ᠠ᠂ ᠬᠤᠶᠠᠷ ᠬᠦᠮᠦᠨ ᠨᠢᠬᠡ ᠦᠷᠦᠬᠡᠨ ᠳᠤ ᠰᠠᠭᠤᠬᠤ ᠬᠡᠷᠡᠭᠳᠡᠢ ᠭᠡᠰᠡᠨ ᠠᠯᠪᠠᠯᠳᠠᠯᠭ᠎ᠠ  ᠶᠢᠨ ᠴᠢᠨᠠᠷᠳᠠᠢ ᠳᠣᠭᠳᠠᠭᠠᠯ ᠪᠠᠶᠢᠬᠤ ᠦᠬᠡᠢ᠃ ᠪᠠᠶᠢᠭᠤᠯᠣᠯᠭ᠎ᠠ ᠶᠢᠨ ᠡᠳ᠋ ᠤᠨ ᠶᠠᠪᠣᠳᠠᠯ ᠤᠨ ᠬᠡᠯᠳᠡᠰ ᠠᠵᠢᠯ ᠢᠶᠠᠷ ᠭᠠᠷᠬᠤ ᠠᠵᠢᠯᠳᠠᠨ ᠤ ᠲᠤᠭ᠎ᠠ ᠪᠠ ᠬᠤᠨᠤᠭ ᠤᠨ ᠲᠤᠭ᠎ᠠ ᠶᠢ ᠦᠨᠳᠦᠰᠦᠯᠡᠨ᠂ ᠳᠣᠭᠳᠠᠭᠠᠭᠰᠠᠨ ᠬᠤᠨᠣᠬᠤ ᠪᠠᠭᠤᠳᠠᠯ ᠤᠨ ᠦᠨ᠎ᠡ ᠶᠢᠨ ᠪᠠᠷᠢᠮᠵᠢᠶ᠎ᠠ ᠳᠣᠳᠣᠷ᠎ᠠ ᠳᠠᠩᠰᠠᠨ ᠠᠴᠠ ᠴᠠᠶᠢᠷᠠᠭᠤᠯᠣᠨ᠎ᠠ᠃ ᠵᠢᠱᠢᠶᠡᠯᠡᠬᠦ ᠳᠤ᠂ ᠶᠠᠮᠠᠷ ᠨᠢᠬᠡᠨ ᠪᠠᠶᠢᠭᠤᠯᠣᠯᠭ᠎ᠠ ᠶᠢᠨ ᠭᠠᠵᠠᠷ ᠤᠨ ᠳᠡᠰ  ᠠᠴᠠ ᠳᠣᠷᠣᠭᠰᠢ ᠠᠵᠢᠯᠳᠠᠨ ᠠᠵᠢᠯ ᠢᠶᠠᠷ ᠭᠠᠷᠬᠤ ᠳᠤ ᠬᠦᠮᠦᠨ ᠤ ᠳᠤᠭ᠎ᠠ᠂ ᠴᠢᠨᠠᠷ ᠤᠨ ᠢᠯᠭᠠᠯ ᠬᠠᠮᠢᠶᠠᠷᠬᠤ ᠦᠬᠡᠢ᠂ ᠳᠣᠭᠳᠠᠭᠠᠭᠰᠠᠨ ᠪᠠᠭᠤᠳᠠᠯᠯᠠᠬᠤ ᠵᠠᠷᠣᠳᠠᠯ ᠤᠨ  ᠬᠢᠵᠠᠭᠠᠷᠯᠠᠭᠰᠠᠨ ᠪᠠᠷᠢᠮᠵᠢᠶ᠎ᠠ ᠳᠣᠳᠣᠷ᠎ᠠ᠂ ᠠᠵᠢᠯ  ᠢᠶᠠᠷ ᠭᠠᠷᠣᠭᠰᠠᠨ ᠬᠦᠮᠦᠨ ᠤ ᠳᠤᠭ᠎ᠠ ᠪᠠ ᠵᠦᠪᠰᠢᠶᠡᠷᠡᠭᠰᠡᠨ ᠠᠵᠢᠯ  ᠢᠶᠠᠷ ᠭᠠᠷᠬᠤ ᠬᠤᠨᠤᠭ ᠤᠨ ᠳᠤᠭ᠎ᠠ ᠶᠢ ᠦᠨᠳᠦᠰᠦᠯᠡᠨ᠂ ᠪᠠᠭᠤᠳᠠᠯᠯᠠᠬᠤ ᠵᠠᠷᠣᠳᠠᠯ ᠢ ᠳᠠᠩᠰᠠᠨ  ᠠᠴᠠ ᠴᠠᠶᠢᠷᠠᠭᠤᠯᠵᠣ ᠦᠭᠬᠦᠨ᠎ᠠ᠃      7. ᠠᠵᠢᠯᠳᠠᠨ ᠠᠵᠢᠯ  ᠢᠶᠠᠷ ᠭᠠᠷᠣᠭᠰᠠᠨ ᠬᠤᠭᠤᠴᠠᠭᠠᠨ ᠳᠤ ᠬᠤᠨᠤᠭ ᠤᠨ ᠵᠠᠷᠣᠳᠠᠯ ᠢ ᠨᠢᠬᠡᠳᠦᠯᠳᠠᠢ ᠬᠡᠷᠡᠭᠯᠡᠵᠣ ᠪᠣᠯᠣᠨ᠎ᠠ ᠦᠦ︖     ᠠᠵᠢᠯᠳᠠᠨ ᠠᠵᠢᠯ ᠢᠶᠠᠷ ᠭᠠᠷᠪᠠᠯ᠂  ᠠᠵᠢᠯ ᠢᠶᠠᠷ ᠭᠠᠷᠬᠤ ᠶᠢ ᠵᠦᠪᠰᠢᠶᠡᠷᠡᠭᠰᠡᠨ ᠬᠤᠨᠤᠭ ᠤᠨ ᠲᠤᠭ᠎ᠠ ᠪᠠ ᠳᠣᠭᠳᠠᠭᠠᠭᠰᠠᠨ ᠬᠤᠨᠤᠭ ᠤᠨ ᠵᠠᠷᠣᠳᠠᠯ ᠤᠨ ᠬᠢᠵᠠᠭᠠᠷᠯᠠᠭᠰᠠᠨ ᠪᠠᠷᠢᠮᠵᠢᠶᠠᠨ ᠳᠣᠳᠣᠷ᠎ᠠ᠂  ᠪᠣᠳᠠᠳᠠᠢ ᠬᠤᠨᠤᠭ ᠤᠨ ᠲᠤᠭ᠎ᠠ ᠶᠢ ᠦᠨᠳᠦᠰᠦᠯᠡᠨ ᠦᠨᠳᠦᠷ ᠰᠢᠭ ᠪᠠ ᠳᠣᠣᠷ᠎ᠠ ᠰᠢᠭ᠋ ᠦᠨ᠎ᠡ ᠲᠠᠢ ᠪᠠᠭᠤᠳᠠᠯᠯᠯᠠᠬᠤ ᠵᠠᠷᠣᠳᠠᠯ ᠢ ᠨᠢᠬᠡᠳᠬᠡᠨ ᠬᠡᠷᠡᠭᠯᠡᠬᠦ ᠶᠢ ᠵᠦᠪᠰᠢᠶᠡᠷᠡᠨ᠎ᠡ᠃      8.ᠠᠵᠢᠯ ᠢᠶᠠᠷ ᠭᠠᠷᠬᠤ ᠠᠵᠢᠯᠳᠠᠨ ᠬᠤᠭᠤᠯᠠ ᠬᠦᠨᠡᠰᠦ ᠶᠢᠨ ᠨᠦᠬᠦᠪᠦᠷᠢ ᠂ ᠬᠤᠳᠠ ᠳᠣᠳᠣᠷᠠᠬᠢ ᠵᠠᠮ ᠤᠨ ᠵᠠᠷᠤᠳᠠᠯ ᠢ ᠠᠵᠢᠯ ᠢᠶᠠᠷ ᠭᠠᠳᠠᠭᠰᠢ ᠭᠠᠷᠣᠭᠰᠠᠨ ᠬᠤᠨᠤᠭ ᠤᠨ ᠳᠤᠭ᠎ᠠ ᠪᠠᠷ ᠳᠣᠭᠠᠴᠠᠨ᠎ᠠ᠃ ᠬᠤᠨᠤᠭ ᠤᠨ ᠳᠤᠭ᠎ᠠ ᠶᠢ ᠬᠡᠷᠬᠢᠨ ᠵᠦᠪ ᠣᠶᠢᠯᠠᠭᠠᠬᠤ ᠪᠠ ᠬᠡᠷᠡᠭᠵᠢᠬᠦᠯᠬᠦ ᠪᠣᠢ︖      ᠬᠤᠨᠤᠭ ᠤᠨ ᠳᠤᠭ᠎ᠠ‌ᠨᠢ ᠠᠵᠢᠯ ᠢᠶᠠᠷ ᠭᠠᠷᠬᠤ ᠠᠵᠢᠯᠳᠠᠨ ᠤ ᠵᠠᠮ ᠳᠤ ᠭᠠᠷᠬᠤ ᠳᠣᠬᠠᠢ ᠶᠢᠨ ᠡᠳᠦᠷ ᠤᠨ ᠳᠡᠭ ᠴᠠᠭ ᠠᠴᠠ ᠡᠬᠢᠯᠡᠨ᠂ ᠠᠵᠢᠯ ᠡᠬᠦᠷᠬᠡ ᠪᠠᠨ ᠳᠠᠭᠤᠰᠬᠠᠭᠠᠳ ᠪᠣᠴᠠᠵᠣ ᠠᠵᠢᠯᠯᠠᠬᠤ ᠪᠠᠶᠢᠭᠤᠯᠣᠯᠭ᠎ᠠ ᠶᠢᠨ ᠪᠠᠶᠢᠬᠤ ᠭᠠᠵᠠᠷ ᠣᠷᠣᠨ ᠳᠠᠭᠠᠨ ᠬᠠᠷᠢᠵᠣ ᠢᠷᠡᠬᠦ ᠳᠣᠬᠠᠢ ᠶᠢᠨ ᠡᠳᠦᠷ ᠤᠨ 24 ᠴᠠᠭ ᠪᠣᠯᠳᠠᠯᠠᠬᠢ ᠪᠣᠳᠠᠳᠠᠢ ᠬᠤᠨᠤᠭ ᠤᠨ ᠳᠤᠭ᠎ᠠ ᠶᠢ ᠵᠢᠭᠠᠵᠣ᠂ ᠵᠠᠮ ᠳᠤ ᠭᠠᠷᠬᠤ ᠪᠠ ᠪᠣᠴᠠᠵᠣ ᠢᠷᠡᠬᠦ ᠳᠣᠬᠠᠢ ᠶᠢᠨ ᠡᠳᠦᠷ ᠢ ᠪᠦᠬᠦᠯᠢ ᠨᠢᠬᠡ ᠡᠳᠦᠷ ᠢᠶᠠᠷ ᠳᠣᠭᠠᠴᠠᠨ᠎ᠠ᠃ ᠵᠢᠱᠢᠶᠡᠯᠡᠬᠦ ᠳᠤ᠂ ᠨᠢᠬᠡ ᠬᠦᠮᠦᠨ ᠠᠯᠪᠠᠨ ᠠᠵᠢᠯ ᠢᠶᠠᠷ5 ᠤ ᠡᠳᠦᠷ ᠤᠨ ᠦᠳᠠ ᠶᠢᠨ ᠡᠮᠣᠨᠡᠬᠢ11 ᠴᠠᠭ ᠲᠤ ᠵᠠᠮ ᠳᠤ ᠭᠠᠷᠴᠣ᠂7 ᠤ ᠡᠳᠦᠷ ᠤᠨ ᠦᠷᠯᠦᠬᠡ ᠵᠢ᠊7 ᠴᠠᠭ ᠲᠤ ᠬᠠᠷᠢᠵᠣ ᠢᠷᠡᠭᠰᠡᠨ ᠪᠣᠯ ᠡᠨᠡ ᠬᠦᠮᠦᠨ ᠠᠯᠪᠠᠨ ᠠᠵᠢᠯ ᠢᠶᠠᠷ ᠭᠠᠳᠠᠭᠰᠢ ᠭᠠᠷᠣᠭᠰᠠᠨ ᠬᠤᠨᠤᠭ ᠤᠨ ᠲᠤᠭ᠎ᠠ ᠨᠢ ᠭᠤᠷᠪᠠᠨ ᠡᠳᠦᠷ ᠪᠠᠶᠢᠬᠤ ᠪᠣᠯᠣᠨ᠎ᠠ᠃       9.ᠡᠳᠦᠷ ᠳᠣᠳᠣᠮ ᠤᠨ ᠠᠵᠢᠯᠯᠠᠬᠤ ᠪᠦᠰᠡ ᠨᠣᠳᠤᠭ ᠨᠢ ᠪᠠᠶᠢᠩᠭᠤ ᠰᠠᠭᠤᠭ᠎ᠠ ᠭᠠᠵᠠᠷ  ᠠᠴᠠ ᠠᠯᠣᠰᠯᠠᠭᠰᠠᠨ‌ᠠᠵᠢᠯᠳᠠᠨ ᠡᠳᠦᠷ ᠳᠣᠳᠣᠮ ᠤᠨ ᠳᠣᠭᠤᠷᠢᠨ ᠪᠠᠶᠢᠴᠠᠭᠠᠬᠤ ᠠᠵᠢᠯ ᠬᠢᠬᠦ ᠳᠡᠭᠡᠨ ᠠᠯᠪᠠᠨ ᠠᠵᠢᠯ ᠢᠶᠠᠷ ᠭᠠᠳᠠᠭᠰᠢ ᠭᠠᠷᠣᠭᠰᠠᠨ ᠵᠠᠷᠣᠳᠠᠯ ᠳᠤ ᠳᠣᠭᠳᠠᠭᠠᠭᠰᠠᠨ ᠨᠦᠬᠦᠪᠦᠷᠢ ᠶᠢ ᠡᠳ᠋ᠯᠡᠬᠦ ᠪᠣᠯᠣᠮᠵᠢ ᠲᠠᠢ ᠦᠦ︖       ᠡᠳᠦᠷ ᠳᠣᠳᠣᠮ ᠤᠨ ᠠᠵᠢᠯᠯᠠᠬᠤ ᠪᠦᠰᠡ ᠨᠣᠳᠤᠭ ᠨᠢ ᠪᠠᠶᠢᠩᠭᠤ ᠰᠠᠭᠤᠭ᠎ᠠ ᠭᠠᠵᠠᠷ ᠠᠴᠠ ᠠᠯᠣᠰᠯᠠᠭᠰᠠᠨ‌ᠠᠵᠢᠯᠳᠠᠨ‌ᠡᠳᠦᠷ ᠳᠣᠳᠣᠮ ᠤᠨ ᠠᠵᠢᠯᠯᠠᠬᠤ ᠪᠦᠰᠡ ᠨᠣᠳᠤᠭ‌‍ᠲ᠋ᠣ ᠵᠠᠮ ᠱᠣᠭᠤᠮ᠂ ᠠᠭᠤᠯᠠᠨ ᠣᠢ ᠵᠡᠷᠬᠡ ᠡᠳᠦᠷ ᠳᠣᠳᠣᠮ ᠤᠨ ᠳᠣᠭᠤᠷᠢᠨ ᠪᠠᠶᠢᠴᠠᠭᠠᠬᠤ ᠠᠵᠢᠯ  ᠬᠢᠵᠣ ᠪᠠᠶᠢᠪᠠᠯ᠂ ᠠᠯᠪᠠᠨ ᠠᠵᠢᠯ ᠢᠶᠠᠷ ᠭᠠᠳᠠᠭᠰᠢ ᠭᠠᠷᠣᠭᠰᠠᠨ ᠵᠠᠷᠣᠳᠠᠯ ᠳᠤ ᠳᠣᠭᠳᠠᠭᠠᠭᠰᠠᠨ ᠨᠦᠬᠦᠪᠦᠷᠢ ᠶᠢ ᠡᠳ᠋ᠯᠡᠬᠦ ᠪᠣᠯᠣᠮᠵᠢ ᠦᠬᠡᠢ᠃      10᠂ ᠬᠤᠷᠠᠯ᠂ ᠪᠣᠯᠪᠠᠰᠣᠷᠠᠯ ᠳᠤ ᠣᠷᠣᠯᠴᠠᠬᠤ ᠳᠤ ᠶᠠᠪᠣᠵᠣ ᠢᠷᠡᠬᠦ ᠵᠠᠮ ᠤᠨ ᠵᠠᠷᠣᠳᠠᠯ ᠢ ᠬᠡᠷᠬᠢᠨ  ᠳᠠᠩᠰᠠ ᠳᠠᠶᠢᠯᠬᠤ ᠪᠣᠢ︖      ᠠᠵᠢᠯᠳᠠᠨ ᠵᠦᠪᠰᠢᠶᠡᠷᠡᠯ ᠢᠶᠠᠷ ᠪᠠᠶᠢᠩᠭᠤ ᠰᠠᠭᠤᠭ᠎ᠠ ᠭᠠᠵᠠᠷ ᠠᠴᠠ ᠭᠠᠳᠠᠨ᠎ᠠ ᠣᠷᠣᠨ ᠳᠤ ᠬᠤᠷᠠᠯ᠂ ᠪᠣᠯᠪᠠᠰᠣᠷᠠᠯ ᠳᠤ ᠣᠷᠣᠯᠴᠠᠪᠠᠯ᠂ ᠬᠤᠷᠠᠯ᠂ ᠪᠣᠯᠪᠠᠰᠣᠷᠠᠯ  ᠬᠢᠬᠦ ᠭᠠᠵᠠᠷ ᠣᠷᠣᠨ ᠤ ᠬᠤᠳᠠ ᠶᠢᠨ ᠬᠤᠭᠤᠷᠣᠨᠳᠣ ᠶᠠᠪᠣᠵᠣ ᠢᠷᠡᠬᠦ ︵ᠡᠬᠢᠨ ᠤ ᠪᠠ ᠰᠡᠬᠦᠯ ᠤᠨ ᠬᠤᠶᠠᠷ ᠡᠳᠦᠷ ᠢ ᠵᠢᠭᠠᠨ᠎ᠠ᠂ ᠳᠣᠬᠠᠢ ᠶᠢᠨ ᠡᠳᠦᠷ ᠤᠨ ᠶᠠᠪᠣᠵᠣ ᠢᠷᠡᠬᠦ ᠶᠢ ᠨᠢᠬᠡ ᠡᠳᠦᠷ ᠢᠶᠠᠷ ᠳᠣᠭᠠᠴᠠᠨ᠎ᠠ︶  ᠵᠠᠮ ᠤᠨ ᠵᠠᠷᠣᠳᠠᠯ᠂ ᠬᠤᠭᠤᠯᠠᠨ ᠤ ᠵᠠᠷᠣᠳᠠᠯ᠂ ᠬᠤᠳᠠ ᠳᠣᠳᠣᠷᠠᠬᠢ ᠵᠠᠮ ᠤᠨ ᠵᠠᠷᠣᠳᠠᠯ ᠢ ᠠᠵᠢᠯ ᠢᠶᠠᠷ ᠭᠠᠳᠠᠭᠰᠢ ᠭᠠᠷᠣᠭᠰᠠᠨ ᠳᠦᠷᠢᠮ ᠤᠨ ᠳᠠᠭᠠᠣ ᠳᠠᠩᠰᠠᠨ ᠠᠴᠠ ᠳᠠᠶᠢᠯᠵᠣ᠂ ᠳᠠᠩᠰᠠᠨ ᠠᠴᠠ ᠳᠠᠶᠢᠯᠬᠤ ᠳᠠᠭᠠᠨ ᠠᠵᠢᠯ ᠢᠶᠠᠷ ᠭᠠᠷᠬᠤ ᠶᠢ ᠬᠢᠨᠠᠨ ᠵᠦᠪᠰᠢᠶᠡᠷᠡᠬᠦ ᠬᠠᠭᠤᠳᠠᠰᠣ᠂ ᠬᠤᠷᠠᠯ᠂ ᠪᠣᠯᠪᠠᠰᠣᠷᠠᠯ ᠤᠨ ᠮᠡᠳᠡᠭᠳᠡᠯ ᠢ ᠬᠠᠩᠭᠠᠬᠤ ᠱᠠᠭᠠᠷᠳᠠᠯᠭ᠎ᠠ ᠲᠠᠢ᠃ ᠬᠤᠷᠠᠯ᠂ ᠪᠣᠯᠪᠠᠰᠣᠷᠠᠯ ᠤᠨ ᠬᠤᠭᠤᠴᠠᠭᠠᠨ ᠳᠤ ᠬᠤᠭᠤᠯᠠᠨ ᠤ ᠨᠦᠬᠦᠪᠦᠷᠢ ᠪᠠ ᠬᠤᠳᠠ ᠳᠣᠳᠣᠷᠠᠬᠢ ᠵᠠᠮ ᠤᠨ ᠵᠠᠷᠣᠳᠠᠯ ᠢ ᠦᠭᠬᠦ ᠦᠬᠡᠢ᠃      11.︽ᠠᠷᠭ᠎ᠠ︾ ᠵᠢᠨ‌ᠭᠤᠴᠢᠳᠣᠭᠠᠷ ᠵᠣᠷᠪᠣᠰ ᠲᠤ ᠳᠣᠭᠳᠠᠭᠠᠭᠰᠠᠨ ᠢᠶᠠᠷ᠂ ᠠᠵᠢᠯᠳᠠᠨ ᠭᠠᠳᠠᠭᠰᠢ ᠭᠠᠷᠴᠣ ᠬᠤᠷᠠᠯ ᠪᠣᠯᠪᠠᠰᠣᠷᠠᠯ ᠳᠤ ᠣᠷᠣᠯᠴᠠᠬᠤ ᠳᠤ ᠵᠣᠬᠢᠶᠠᠨ ᠪᠠᠶᠢᠭᠤᠯᠣᠭᠴᠢ ᠪᠠᠶᠢᠭᠤᠯᠣᠯᠭ᠎ᠠ ᠠᠴᠠ ᠬᠤᠭᠤᠯᠠ ᠣᠮᠳᠠ ᠪᠠᠭᠤᠳᠠᠯᠯᠠᠬᠤ ᠠᠰᠠᠭᠤᠳᠠᠯ ᠢ ᠨᠢᠬᠡᠳᠦᠯᠳᠠᠢ ᠳᠣᠬᠢᠷᠠᠭᠤᠯᠣᠨ᠂ ᠬᠤᠷᠠᠯ ᠪᠣᠯᠪᠠᠰᠣᠷᠠᠯ ᠤᠨ ᠬᠤᠭᠤᠴᠠᠭᠠᠨ ᠤ ᠬᠤᠭᠤᠯᠠ ᠬᠤᠨᠤᠭ ᠤᠨ ᠵᠠᠷᠣᠳᠠᠯ ᠪᠠ ᠬᠤᠳᠠ ᠳᠣᠳᠣᠷᠠᠬᠢ ᠵᠠᠮ ᠤᠨ ᠵᠠᠷᠣᠳᠠᠯ ᠢ ᠬᠤᠷᠠᠯ ᠪᠣᠯᠪᠠᠰᠣᠷᠠᠯ ᠵᠣᠬᠢᠶᠠᠨ ᠪᠠᠶᠢᠭᠤᠯᠣᠭᠰᠠᠨ ᠪᠠᠶᠢᠭᠤᠯᠣᠯᠭ᠎ᠠ ᠠᠴᠠ  ᠳᠦᠷᠢᠮ ᠳᠤ ᠳᠣᠭᠳᠠᠭᠠᠭᠰᠠᠨ ᠶᠣᠰᠣᠭᠠᠷ ᠨᠢᠬᠡᠳᠦᠯᠳᠠᠢ ᠳᠦᠯᠦᠨ᠎ᠠ᠃ ᠬᠤᠷᠠᠯ᠂ ᠪᠣᠯᠪᠠᠰᠣᠷᠠᠯ  ᠬᠢᠬᠦ ᠭᠠᠵᠠᠷ ᠣᠷᠣᠨ ᠳᠤ ᠶᠠᠪᠣᠵᠣ ᠢᠷᠡᠬᠦ ᠵᠠᠮ ᠤᠨ ᠵᠠᠷᠣᠳᠠᠯ  ᠢ ᠠᠵᠢᠯᠳᠠᠨ ᠤ ᠠᠵᠢᠯᠯᠠᠵᠣ ᠪᠠᠶᠢᠭ᠎ᠠ ᠪᠠᠶᠢᠭᠤᠯᠣᠯᠭ᠎ᠠ ᠠᠴᠠ  ᠳᠦᠷᠢᠮ ᠳᠤ ᠳᠣᠭᠳᠠᠭᠠᠭᠰᠠᠨ ᠶᠣᠰᠣᠭᠠᠷ ᠳᠠᠩᠰᠠᠨ ᠠᠴᠠ ᠴᠠᠶᠢᠷᠠᠭᠤᠯᠣᠨ᠎ᠠ᠃ ᠬᠡᠷᠪᠡ‌ᠬᠤᠷᠠᠯ ᠪᠣᠯᠪᠠᠰᠣᠷᠠᠯ ᠵᠣᠬᠢᠶᠠᠨ ᠪᠠᠶᠢᠭᠤᠯᠣᠭᠰᠠᠨ ᠪᠠᠶᠢᠭᠤᠯᠣᠯᠭ᠎ᠠ ᠠᠴᠠ ᠵᠠᠷᠣᠳᠠᠯ ᠮᠦᠩᠬᠦ ᠶᠢ ᠳᠠᠭᠠᠭᠠᠪᠠᠯ ᠬᠡᠷᠬᠢᠨ ᠳᠠᠩᠰᠠ ᠠᠴᠠ ᠴᠠᠶᠢᠷᠠᠭᠤᠯᠬᠤ ᠪᠣᠢ︖      ︽ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ ᠶᠢᠨ ᠬᠤᠷᠠᠯ ᠤᠨ ᠬᠠᠮᠢᠶᠠᠷᠣᠯᠳᠠ ᠶᠢᠨ ᠠᠷᠭ᠎ᠠ︾  ︵ᠦᠪᠤᠷ ᠮᠤᠩᠭᠤᠯ ᠤᠨ ᠨᠠᠮ ᠤᠨ ᠬᠤᠷᠢᠶ᠎ᠠ ᠶᠢᠨ ᠠᠯᠪᠠᠨ ᠲᠢᠩᠭᠢᠮ᠂  ᠵᠠᠰᠠᠭ ᠤᠨ ᠤᠷᠳᠤᠨ ᠤ ᠠᠯᠪᠠᠨ ᠲᠢᠩᠭᠢᠮ ᠠᠴᠠ ᠲᠠᠷᠬᠠᠭᠠᠭᠰᠠᠨ〔2014〕13 ᠳ᠋ᠤᠭᠠᠷ ᠳᠣᠭᠠᠳᠣ ᠪᠢᠴᠢᠭ ᠮᠠᠲ᠋ᠧᠷᠢᠶᠠᠯ) ᠠᠷᠪᠠᠨ ᠨᠠᠢᠮᠠᠳᠣᠭᠠᠷ ᠵᠣᠷᠪᠣᠰ ᠲᠤ ᠳᠣᠳᠣᠷᠬᠠᠶᠢᠯᠠᠭᠰᠠᠨ ᠢᠶᠠᠷ᠂ ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ᠂ ᠠᠯᠪᠠᠳᠠᠨ ᠤ ᠬᠠᠤᠯᠢ ᠬᠠᠮᠢᠶᠠᠷᠣᠯᠳᠠ ᠪᠠᠷ ᠯᠠᠪᠯᠠᠯᠳᠠ ᠪᠣᠯᠭᠠᠳᠠᠭ ᠠᠯᠪᠠᠨ ᠪᠠᠶᠢᠭᠤᠯᠣᠯᠭ᠎ᠠ᠂ ᠡᠳ᠋ ᠤᠨ ᠵᠠᠰᠠᠭ ᠤᠨ ᠨᠦᠬᠦᠪᠦᠷᠢ ᠶᠢᠨ ᠪᠣᠰᠣᠳ ᠠᠯᠪᠠᠨ ᠪᠠᠶᠢᠭᠤᠯᠣᠯᠭ᠎ᠠ ᠶᠢᠨ ᠵᠣᠬᠢᠶᠠᠨ ᠪᠠᠶᠢᠭᠤᠯᠣᠭᠰᠠᠨ ᠬᠤᠷᠠᠯ  ᠪᠣᠯ  ᠬᠤᠷᠠᠯ ᠤᠨ  ᠵᠠᠷᠣᠳᠠᠯ ᠢ ᠬᠤᠷᠠᠯ  ᠢ ᠶᠠᠪᠣᠭᠳᠠᠭᠤᠯᠣᠭᠰᠠᠨ ᠪᠠᠶᠢᠭᠤᠯᠣᠯᠭ᠎ᠠ ᠠᠴᠠ ᠳᠠᠭᠠᠭᠠᠵᠣ᠂ ᠣᠷᠣᠯᠴᠠᠭᠰᠠᠨ ᠬᠦᠮᠦᠨ ᠠᠴᠠ ᠠᠪᠴᠣ ᠪᠣᠯᠬᠤ ᠦᠬᠡᠢ᠂ ᠶᠠᠮᠠᠷ ᠨᠢᠬᠡᠨ ᠠᠷᠭ᠎ᠠ ᠬᠡᠯᠪᠡᠷᠢ ᠪᠠᠷ ᠬᠠᠷᠢᠶ᠎ᠠ ᠪᠠᠶᠢᠭᠤᠯᠣᠮᠵᠢ᠂ ᠠᠵᠣ ᠠᠬᠤᠶᠢᠯᠠᠯ ᠠᠯᠪᠠᠨ ᠪᠠᠶᠢᠭᠤᠯᠣᠯᠭ᠎ᠠ᠂ ᠭᠠᠵᠠᠷ ᠣᠷᠣᠨ ᠳᠤ ᠰᠢᠯᠵᠢᠬᠦᠯᠦᠨ ᠦᠭᠬᠦ ᠪᠣᠶᠣ ᠨᠣᠭᠳᠠᠭᠤᠯᠣᠨ ᠦᠭᠴᠣ  ᠪᠣᠯᠬᠤ ᠦᠬᠡᠢ᠃ ᠡᠯ᠎ᠡ  ᠪᠠᠶᠢᠭᠤᠯᠣᠯᠭ᠎ᠠ ᠠᠯᠪᠠᠨ ᠪᠠᠶᠢᠭᠤᠯᠣᠯᠭ᠎ᠠ ᠶᠢᠨ ᠠᠵᠢᠯᠳᠠᠨ ᠡᠨᠡ ᠳᠦᠷᠦᠯ ᠤᠨ ᠬᠤᠷᠠᠯ ᠳᠤ ᠣᠷᠣᠯᠴᠠᠪᠠᠯ᠂ ᠬᠤᠷᠠᠯ ᠪᠣᠯᠣᠨ ᠠᠵᠢᠯ ᠢᠶᠠᠷ  ᠭᠠᠳᠠᠭᠰᠢ ᠭᠠᠷᠣᠭᠰᠠᠨ ᠵᠠᠷᠣᠳᠠᠯ ᠤᠨ  ᠨᠡᠷ᠎ᠡ  ᠪᠠᠷ ᠬᠤᠷᠠᠯ ᠤᠨ ᠬᠤᠭᠤᠴᠠᠭᠠᠨ ᠳᠠᠬᠢ ᠡᠯ᠎ᠡ ᠳᠦᠷᠦᠯ ᠤᠨ ᠵᠠᠷᠣᠳᠠᠯ ᠮᠦᠩᠬᠦ  ᠶᠢ  ᠳᠠᠩᠰᠠ  ᠳᠠᠶᠢᠯᠵᠣ  ᠪᠣᠯᠬᠤ  ᠦᠬᠡᠢ᠃     ︽ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ ᠶᠢᠨ ᠪᠣᠯᠪᠠᠰᠣᠷᠠᠯ ᠤᠨ ᠵᠠᠷᠣᠳᠠᠯ ᠤᠨ ᠬᠠᠮᠢᠶᠠᠷᠣᠯᠳᠠ ᠶᠢᠨ ᠠᠷᠭ᠎ᠠ︾ (ᠦᠪᠤᠷ ᠮᠤᠩᠭᠤᠯ ᠤᠨ ᠡᠳ᠋ ᠤᠨ ᠵᠠᠰᠠᠭ ᠤᠨ ᠲᠢᠩᠭᠢᠮ ᠤᠨ ᠵᠠᠰᠠᠭ ᠵᠠᠬᠢᠷᠭ᠎ᠠ ᠤᠯᠤᠰ ᠲᠦᠷᠤ ᠬᠠᠤᠯᠢ ᠴᠠᠭᠠᠵᠠ ᠶᠢᠨ ᠬᠡᠯᠲᠡᠰ ᠠᠴᠠ ᠲᠠᠷᠬᠠᠭᠠᠭᠰᠠᠨ〔2014〕529 ᠳ᠋ᠤᠭᠠᠷ ᠳᠣᠭᠠᠳᠣ ᠪᠢᠴᠢᠭ ᠮᠠᠲ᠋ᠧᠷᠢᠶᠠᠯ) ᠳᠤ ᠳᠣᠳᠣᠷᠬᠠᠶᠢᠯᠠᠭᠰᠠᠨ ᠢᠶᠠᠷ᠂ ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ ᠵᠢᠴᠢ ᠠᠯᠪᠠᠳᠠᠨ ᠤ ᠬᠠᠤᠯᠢ ᠬᠠᠮᠢᠶᠠᠷᠣᠯᠳᠠ ᠪᠠᠷ ᠯᠠᠪᠯᠠᠯᠳᠠ ᠪᠣᠯᠭᠠᠳᠠᠭ ᠠᠯᠪᠠᠨ ᠪᠠᠶᠢᠭᠤᠯᠣᠯᠭ᠎ᠠ ᠡᠳ᠋ ᠤᠨ ᠵᠠᠰᠠᠭ ᠤᠨ ᠮᠦᠩᠬᠦ ᠶᠢ ᠬᠡᠷᠡᠭᠯᠡᠨ ᠣᠯᠣᠰ ᠤᠨ ᠳᠣᠳᠣᠭᠠᠳᠣ ᠳᠤ ᠭᠤᠷᠪᠠᠨ ᠰᠠᠷ᠎ᠠ ᠶᠢᠨ ᠬᠤᠭᠤᠴᠠᠭᠠᠨ ᠤ ᠲᠤᠳᠤᠷᠠᠬᠢ ᠠᠵᠢᠯ ᠤᠨ ᠪᠠᠶᠢᠷᠢ ᠶᠢᠨ ᠪᠤᠯᠪᠠᠰᠤᠷᠠᠯ᠂ ᠲᠤᠰᠢᠶᠠᠯ ᠳᠤ ᠭᠠᠷᠬᠤ ᠠᠴᠠ ᠡᠮᠦᠨᠡᠬᠢ ᠪᠤᠯᠪᠠᠰᠤᠷᠠᠯ᠂ ᠲᠤᠬᠠᠶᠢᠯᠠᠭᠰᠠᠨ ᠠᠵᠢᠯ ᠤᠨ ᠪᠤᠯᠪᠠᠰᠤᠷᠠᠯ᠂ ᠲᠤᠰᠢᠶᠠᠯ ᠳᠤ ᠠᠩᠬ᠎ᠠ ᠲᠤᠮᠢᠯᠠᠭᠳᠠᠭᠰᠠᠳ ᠤᠨ ᠪᠤᠯᠪᠠᠰᠤᠷᠠᠯ ᠵᠡᠷᠬᠡ ᠡᠯ᠎ᠡ ᠳᠦᠷᠦᠯ ᠤᠨ ᠪᠣᠯᠪᠠᠰᠣᠷᠠᠯ ᠢ ᠬᠢᠭᠰᠡᠨ ᠪᠣᠯ ᠂ ᠪᠣᠯᠪᠠᠰᠣᠷᠠᠯ ᠤᠨ ᠵᠠᠷᠣᠳᠠᠯ ᠢ ᠪᠣᠯᠪᠠᠰᠣᠷᠠᠯ ᠢ ᠵᠣᠬᠢᠶᠠᠨ ᠶᠠᠪᠣᠭᠳᠠᠭᠤᠯᠵᠣ ᠪᠠᠶᠢᠭ᠎ᠠ ᠪᠠᠶᠢᠭᠤᠯᠣᠯᠭ᠎ᠠ ᠠᠴᠠ ᠳᠠᠭᠠᠭᠠᠨ ᠬᠠᠷᠢᠭᠤᠴᠠᠨ᠎ᠠ᠃ ᠡᠯ᠎ᠡ ᠪᠠᠶᠢᠭᠤᠯᠣᠯᠭ᠎ᠠ ᠠᠯᠪᠠᠨ ᠪᠠᠶᠢᠭᠤᠯᠣᠯᠭ᠎ᠠ ᠶᠢᠨ ᠠᠵᠢᠯᠳᠠᠨ ᠡᠨᠡ ᠳᠦᠷᠦᠯ ᠤᠨ ᠪᠣᠯᠪᠠᠰᠤᠷᠠᠯ  ᠳᠤ ᠣᠷᠣᠯᠴᠠᠪᠠᠯ᠂ ᠪᠣᠯᠪᠠᠰᠤᠷᠠᠯ ᠪᠣᠯᠣᠨ ᠠᠵᠢᠯ ᠢᠶᠠᠷ  ᠭᠠᠳᠠᠭᠰᠢ ᠭᠠᠷᠣᠭᠰᠠᠨ ᠵᠠᠷᠣᠳᠠᠯ ᠤᠨ ᠨᠡᠷ᠎ᠡ ᠪᠠᠷ ᠪᠣᠯᠪᠠᠰᠤᠷᠠᠯ ᠤᠨ ᠬᠤᠭᠤᠴᠠᠭᠠᠨ ᠳᠠᠬᠢ ᠡᠯ᠎ᠡ ᠳᠦᠷᠦᠯ ᠤᠨ ᠵᠠᠷᠣᠳᠠᠯ ᠮᠦᠩᠬᠦ  ᠶᠢ ᠳᠠᠩᠰᠠ ᠳᠠᠶᠢᠯᠵᠣ ᠪᠣᠯᠬᠤ ᠦᠬᠡᠢ      ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ᠂ ᠠᠯᠪᠠᠳᠠᠨ ᠤ ᠬᠠᠤᠯᠢ ᠬᠠᠮᠢᠶᠠᠷᠣᠯᠳᠠ ᠪᠠᠷ ᠯᠠᠪᠯᠠᠯᠳᠠ ᠪᠣᠯᠭᠠᠳᠠᠭ ᠠᠯᠪᠠᠨ ᠪᠠᠶᠢᠭᠤᠯᠣᠯᠭ᠎ᠠ᠂ ᠡᠳ᠋ ᠤᠨ ᠵᠠᠰᠠᠭ ᠤᠨ ᠨᠦᠬᠦᠪᠦᠷᠢ ᠶᠢᠨ ᠪᠣᠰᠣᠳ ᠠᠯᠪᠠᠨ ᠪᠠᠶᠢᠭᠤᠯᠣᠯᠭ᠎ᠠ ᠶᠢᠨ ᠠᠵᠢᠯᠳᠠᠨ ᠳᠡᠬᠡᠷᠡᠬᠢ ᠭᠤᠣᠯᠯᠠᠨ ᠵᠣᠬᠢᠶᠠᠨ ᠪᠠᠶᠢᠭᠤᠯᠬᠤ ᠪᠠᠶᠢᠭᠤᠯᠣᠯᠭ᠎ᠠ ᠠᠴᠠ ᠵᠠᠷᠣᠳᠠᠯ ᠮᠦᠩᠬᠦ ᠶᠢ ᠳᠠᠭᠠᠭᠠᠬᠤ ᠬᠤᠷᠠᠯ ᠪᠣᠯᠪᠠᠰᠣᠷᠠᠯ ᠳᠤ  ᠣᠷᠣᠯᠴᠠᠬᠤ ᠳᠤ᠂ ᠬᠡᠷᠪᠡ ᠵᠠᠷᠣᠳᠠᠯ ᠮᠦᠩᠬᠦ ᠪᠠᠨ ᠳᠠᠭᠠᠭᠠᠬᠤ ᠱᠠᠭᠠᠷᠳᠠᠯᠭ᠎ᠠ ᠳᠠᠯᠪᠢᠪᠠᠯ᠂ ᠣᠷᠣᠯᠴᠠᠬᠤ ᠠᠴᠠ ᠳᠠᠳᠠᠭᠠᠯᠵᠠᠬᠤ ᠬᠡᠷᠡᠭᠳᠡᠢ᠃ ᠳᠡᠬᠡᠷᠡᠬᠢ ᠪᠠᠶᠢᠭᠤᠯᠣᠮᠵᠢ ᠠᠴᠠ ᠪᠣᠰᠣᠳ ᠪᠠᠶᠢᠭᠤᠯᠣᠮᠵᠢ ᠶᠢᠨ ᠵᠣᠬᠢᠶᠠᠨ ᠪᠠᠶᠢᠭᠤᠯᠣᠭᠰᠠᠨ ᠰᠦᠢᠳᠬᠡᠯ ᠳᠣᠰᠢᠶᠠᠬᠤ ᠬᠡᠷᠡᠭᠳᠡᠢ ᠬᠤᠷᠠᠯ ᠪᠣᠯᠪᠠᠰᠣᠷᠠᠯ ᠳᠤ ᠮᠦᠨ ᠣᠷᠣᠯᠴᠠᠬᠤ ᠠᠴᠠ ᠳᠠᠳᠠᠭᠠᠯᠵᠠᠬᠤ ᠬᠡᠷᠡᠭᠳᠡᠢ᠃      12. ᠠᠵᠢᠯᠳᠠᠨ ᠪᠠᠶᠢᠩᠭᠤ ᠰᠠᠭᠤᠭ᠎ᠠ ᠭᠠᠵᠠᠷ ᠠᠴᠠ ᠪᠣᠰᠣᠳ ᠭᠠᠵᠠᠷ ᠬᠦᠷᠴᠣ ᠳᠠᠳᠣᠯᠭ᠎ᠠ ᠬᠢᠬᠦ᠂  ᠲᠤᠰᠢᠶᠠᠯ ᠡᠭᠦᠷᠭᠡᠯᠡᠨ ᠳᠠᠪᠳᠠᠨ ᠪᠣᠯᠪᠠᠰᠣᠷᠠᠬᠤ挂职 锻炼 ᠪᠣᠶᠣ ᠳᠣᠰᠠᠯᠠᠯᠴᠠᠭ᠎ᠠ ᠦᠵᠡᠬᠦᠯᠬᠦ᠂ ᠶᠠᠳᠠᠭᠤ ᠶᠢ ᠳᠡᠳᠬᠦᠬᠦ ᠵᠢᠴᠢ ᠪᠣᠰᠣᠳ ᠠᠵᠢᠯᠯᠠᠬᠤ ᠪᠠᠭ ᠳᠤ ᠣᠷᠣᠯᠴᠠᠬᠤ ᠵᠡᠷᠬᠡ ᠪᠠᠷ ᠪᠣᠰᠣᠳ ᠭᠠᠵᠠᠷ ᠣᠷᠣᠨ ᠳᠤ ᠠᠵᠢᠯᠯᠠᠬᠤ ᠬᠤᠭᠤᠴᠠᠭᠠᠨ ᠳᠤ ᠡᠳᠦᠷ ᠪᠣᠯᠭᠠᠨ ᠤ ᠬᠤᠭᠤᠯᠠ ᠤ ᠨᠦᠬᠦᠪᠦᠷᠢ᠂ ᠬᠤᠳᠠ ᠳᠣᠳᠣᠷᠠᠬᠢ ᠵᠠᠮ ᠤᠨ ᠵᠠᠷᠣᠳᠠᠯ ᠢ ᠬᠡᠷᠬᠢᠨ ᠠᠪᠬᠤ ᠪᠣᠢ︖       ᠦᠪᠡᠷᠳᠡᠬᠡᠨ ᠵᠠᠰᠠᠬᠤ ᠣᠷᠣᠨ ᠤ ᠵᠣᠬᠢᠶᠠᠨ ᠪᠠᠶᠢᠭᠤᠯᠣᠯᠳᠠ ᠶᠢᠨ ᠶᠠᠮᠣᠨ᠂ ᠡᠳ᠋ ᠤᠨ ᠵᠠᠰᠠᠭ ᠤᠨ ᠳᠠᠩᠬᠢᠮ᠂ ᠬᠦᠮᠦᠨ ᠤ ᠬᠦᠴᠦᠨ ᠤ ᠡᠬᠢ ᠪᠠᠶᠠᠯᠢᠭ ᠤᠨ ᠨᠡᠶᠢᠬᠡᠮ ᠤᠨ ᠪᠠᠳᠣᠯᠠᠭ᠎ᠠ ᠶᠢᠨ ᠳᠠᠩᠬᠢᠮ ︽ᠺᠠᠳ᠋ᠷ ᠤᠨ  ᠲᠤᠰᠢᠶᠠᠯ ᠡᠭᠦᠷᠭᠡᠯᠡᠨ ᠠᠵᠢᠯᠯᠠᠬᠤ ᠬᠤᠭᠤᠴᠠᠭᠠᠨ ᠳᠠᠬᠢ ᠬᠤᠯᠪᠣᠭᠳᠠᠯ ᠪᠦᠬᠦᠢ ᠬᠦᠯᠦᠰᠦ ᠣᠯᠭᠤᠮᠵᠢ ᠶᠢ ᠳᠦᠷᠢᠮᠵᠢᠬᠦᠯᠬᠦ ᠳᠣᠬᠠᠢ ᠮᠡᠳᠡᠭᠳᠡᠯ︾(ᠦᠪᠤᠷ ᠮᠤᠩᠭᠤᠯ ᠤᠨ ᠨᠠᠮ ᠤᠨ ᠬᠤᠷᠢᠶ᠎ᠡ ᠶᠢᠨ ᠵᠤᠬᠢᠶᠠᠨ ᠪᠠᠶᠢᠭᠤᠯᠬᠤ ᠬᠡᠯᠲᠡᠰ ᠠᠴᠠ ᠲᠠᠷᠬᠠᠭᠠᠭᠰᠠᠨ ᠮᠡᠳᠡᠭᠳᠡᠯ〔2012〕25 ᠳ᠋ᠤᠭᠠᠷ ᠲᠤᠭᠠᠲᠤ ᠪᠢᠴᠢᠭ ᠮᠠᠲ᠋ᠧᠷᠢᠶᠠᠯ) ᠳᠣᠭᠳᠠᠭᠠᠭᠰᠠᠨ ᠢᠶᠠᠷ᠂ ᠦᠪᠡᠷᠳᠡᠬᠡᠨ ᠵᠠᠰᠠᠬᠤ ᠣᠷᠣᠨ᠂ ᠠᠶᠢᠮᠠᠭ ᠬᠤᠳᠠ ᠬᠤᠶᠠᠷ ᠱᠠᠳᠣᠨ ᠤ ᠵᠣᠬᠢᠶᠠᠨ ᠪᠠᠶᠢᠭᠤᠯᠣᠯᠳᠠ ᠶᠢᠨ ᠶᠠᠮᠣᠨ ᠤ ᠵᠦᠪᠰᠢᠶᠡᠷᠡᠭᠰᠡᠨ ᠬᠠᠷᠢ ᠭᠠᠵᠠᠷ ᠠᠵᠢᠯᠯᠠᠵᠣ ᠪᠠᠶᠢᠭ᠎ᠠ ᠺᠠᠳ᠋ᠷ᠂  ᠲᠤᠰᠢᠶᠠᠯ ᠡᠭᠦᠷᠭᠡᠯᠡᠨ  ᠠᠵᠢᠯᠯᠠᠬᠤ ᠬᠤᠭᠤᠴᠠᠭᠠᠨ  ᠳᠤ ᠬᠦᠮᠦᠨ ᠪᠦᠷᠢ ᠳᠤ ᠡᠳᠦᠷ ᠪᠣᠯᠭᠠᠨ50 ᠳᠦᠬᠦᠷᠢᠭ ᠤᠨ ᠠᠮᠢᠳᠣᠷᠠᠯ ᠤᠨ ᠨᠦᠬᠦᠪᠦᠷᠢ ᠦᠭᠴᠣ᠂ ᠰᠠᠷ᠎ᠠ ᠪᠣᠯᠭᠠᠨ ᠬᠤᠶᠠᠷ ᠡᠳᠦᠷ ᠤᠨ ᠬᠡᠷ ᠢᠶᠠᠨ ᠡᠷᠬᠢᠨ ᠦᠵᠡᠬᠦ ᠴᠢᠯᠦᠭᠡ探亲假 ᠠᠪᠴᠣ ᠶᠠᠪᠣᠵᠣ ᠢᠷᠡᠬᠦ ︵ᠡᠬᠢᠨ ᠤ ᠪᠠ ᠰᠡᠬᠦᠯ ᠤᠨ ᠬᠤᠶᠠᠷ ᠡᠳᠦᠷ ᠢ ᠵᠢᠭᠠᠨ᠎ᠠ︶  ᠵᠠᠮ ᠤᠨ ᠵᠠᠷᠣᠳᠠᠯ ᠢ ᠠᠵᠢᠯ ᠢᠶᠠᠷ ᠭᠠᠷᠣᠭᠰᠠᠨ ᠵᠠᠷᠣᠳᠠᠯ ᠤᠨ ᠳᠦᠷᠢᠮ ᠳᠤ ᠳᠣᠭᠳᠠᠭᠠᠭᠰᠠᠨ ᠶᠣᠰᠣᠭᠠᠷ ᠳᠠᠩᠰᠠ ᠳᠠᠶᠢᠯᠵᠣ᠂ ᠠᠮᠢᠳᠣᠷᠠᠯ ᠤᠨ ᠨᠦᠬᠦᠪᠦᠷᠢ ᠪᠠ ᠶᠠᠪᠣᠵᠣ ᠢᠷᠡᠬᠦ ᠵᠠᠷᠣᠳᠠᠯ ᠮᠦᠩᠬᠦ ᠶᠢ ᠳᠣᠮᠢᠯᠠᠭᠰᠠᠨ ᠪᠠᠶᠢᠭᠤᠯᠣᠯᠭ᠎ᠠ ᠠᠴᠠ ᠳᠠᠭᠠᠭᠠᠨ᠎ᠠ᠃      ᠡᠯ᠎ᠡ ᠪᠠᠶᠢᠭᠤᠯᠣᠯᠭ᠎ᠠ ᠶᠢᠨ ᠵᠦᠪᠰᠢᠶᠡᠷᠡᠯ ᠢᠶᠠᠷ ᠪᠠᠶᠢᠩᠭᠤ ᠰᠠᠭᠤᠭ᠎ᠠ ᠭᠠᠵᠠᠷ ᠠᠴᠠ ᠪᠣᠰᠣᠳ ᠭᠠᠵᠠᠷ ᠬᠦᠷᠴᠣ ᠳᠠᠳᠣᠯᠭ᠎ᠠ ᠬᠢᠬᠦ᠂  ᠲᠤᠰᠢᠶᠠᠯ ᠡᠭᠦᠷᠭᠡᠯᠡᠨ ᠳᠠᠪᠳᠠᠨ ᠪᠣᠯᠪᠠᠰᠣᠷᠠᠬᠤ ᠪᠣᠶᠣ ᠳᠣᠰᠠᠯᠠᠯᠴᠠᠭ᠎ᠠ ᠦᠵᠡᠬᠦᠯᠬᠦ᠂ ᠶᠠᠳᠠᠭᠤ ᠶᠢ ᠳᠡᠳᠬᠦᠬᠦ ᠵᠢᠴᠢ ᠪᠣᠰᠣᠳ ᠠᠵᠢᠯᠯᠠᠬᠤ ᠪᠠᠭ ᠳᠤ ᠣᠷᠣᠯᠴᠠᠬᠤ ᠵᠡᠷᠬᠡ ᠪᠠᠷ ᠪᠣᠰᠣᠳ ᠭᠠᠵᠠᠷ ᠣᠷᠣᠨ ᠳᠤ ᠠᠵᠢᠯᠯᠠᠬᠤ ᠬᠤᠭᠤᠴᠠᠭᠠᠨ ᠳᠠᠬᠢ ᠠᠮᠢᠳᠣᠷᠠᠯ ᠤᠨ ᠨᠦᠬᠦᠪᠦᠷᠢ ᠪᠠ ᠬᠡᠷ ᠢᠶᠠᠨ ᠡᠷᠬᠢᠨ ᠦᠵᠡᠬᠦ ᠴᠢᠯᠦᠭᠡ ( ᠦᠪᠤᠷ ᠮᠤᠩᠭᠤᠯ ᠤᠨ ᠨᠠᠮ ᠤᠨ ᠬᠤᠷᠢᠶ᠎ᠡ ᠶᠢᠨ ᠵᠤᠬᠢᠶᠠᠨ ᠪᠠᠶᠢᠭᠤᠯᠬᠤ ᠬᠡᠯᠲᠡᠰ ᠠᠴᠠ ᠲᠠᠷᠬᠠᠭᠠᠭᠰᠠᠨ ᠮᠡᠳᠡᠭᠳᠡᠯ〔2012〕25  ᠳ᠋ᠤᠭᠠᠷ ᠲᠤᠭᠠᠲᠤ ᠪᠢᠴᠢᠭ ᠮᠠᠲ᠋ᠧᠷᠢᠶᠠᠯ) ᠶᠢᠨ ᠳᠣᠭᠳᠠᠭᠠᠯ  ᠢᠶᠠᠷ ᠯᠠᠪᠯᠠᠯᠳᠠ ᠪᠣᠯᠭᠠᠨ ᠬᠡᠷᠡᠭᠵᠢᠬᠦᠯᠵᠣ᠂ ᠭᠠᠳᠠᠨ᠎ᠠ ᠣᠷᠣᠨ ᠳᠤ ᠠᠵᠢᠯᠯᠠᠬᠤ ᠬᠤᠭᠤᠴᠠᠭᠠᠨ ᠳᠤ ᠬᠤᠨᠤᠭ ᠤᠨ ᠵᠠᠷᠣᠳᠠᠯ ᠪᠠ ᠬᠤᠳᠠ ᠳᠣᠳᠣᠷᠠᠬᠢ ᠵᠠᠮ ᠤᠨ ᠵᠠᠷᠣᠳᠠᠯ ᠢ ᠳᠠᠩᠰᠠ ᠳᠠᠶᠢᠯᠬᠤ ᠦᠬᠡᠢ᠃       13.ᠠᠵᠢᠯᠳᠠᠨ ᠠᠯᠪᠠᠨ ᠶᠠᠪᠣᠳᠠᠯ ᠢᠶᠠᠷ ᠭᠠᠳᠠᠭᠰᠢ ᠭᠠᠷᠬᠤ ᠬᠤᠭᠤᠴᠠᠭᠠᠨ ᠳᠤ᠂ ᠠᠯᠪᠠᠨ ᠶᠠᠪᠣᠳᠠᠯ ᠤᠨ ᠱᠠᠭᠠᠷᠳᠠᠯᠭ᠎ᠠ ᠠᠴᠠ ᠪᠣᠯᠵᠣ᠂ ᠳᠠᠷᠣᠮᠯᠠᠬᠤ᠂ ᠬᠠᠭᠤᠯᠪᠣᠷᠢᠯᠠᠬᠤ᠂ ᠹᠠᠺᠰ ᠢᠯᠡᠭᠡᠬᠦ᠂ ᠭᠤᠪᠢᠭᠤᠯᠬᠤ᠂ ᠪᠣᠭᠤᠳᠠᠯᠯᠠᠬᠤ ᠵᠡᠷᠬᠡ ᠵᠠᠷᠣᠳᠠᠯ ᠭᠠᠷᠣᠭᠰᠠᠨ ᠪᠣᠯ᠂ ᠳᠠᠩᠰᠠ ᠳᠠᠶᠢᠯᠵᠣ ᠪᠣᠯᠣᠨ᠎ᠠ ᠦᠦ︖       ᠠᠵᠢᠯᠳᠠᠨ ᠠᠯᠪᠠᠨ ᠶᠠᠪᠣᠳᠠᠯ ᠢᠶᠠᠷ ᠭᠠᠳᠠᠭᠰᠢ ᠭᠠᠷᠬᠤ ᠬᠤᠭᠤᠴᠠᠭᠠᠨ ᠳᠤ᠂ ᠠᠯᠪᠠᠨ ᠶᠠᠪᠣᠳᠠᠯ ᠤᠨ ᠱᠠᠭᠠᠷᠳᠠᠯᠭ᠎ᠠ ᠠᠴᠠ ᠪᠣᠯᠵᠣ᠂ ᠳᠠᠷᠣᠮᠯᠠᠬᠤ᠂ ᠬᠠᠭᠤᠯᠪᠣᠷᠢᠯᠠᠬᠤ᠂ ᠹᠠᠺᠠᠰ ᠢᠯᠡᠭᠡᠬᠦ᠂ ᠭᠤᠪᠢᠭᠤᠯᠬᠤ᠂ ᠪᠣᠭᠤᠳᠠᠯᠯᠠᠬᠤ ᠵᠡᠷᠬᠡ ᠵᠠᠷᠣᠳᠠᠯ ᠭᠠᠷᠣᠭᠰᠠᠨ ᠪᠣᠯ᠂ ᠬᠠᠣᠯᠢ ᠳᠤ ᠨᠡᠶᠢᠴᠡᠬᠦ ᠪᠢᠴᠢᠭ ᠪᠠᠷᠢᠮᠳᠠ ᠪᠠᠷ ᠳᠠᠩᠰᠠ ᠳᠠᠶᠢᠯᠵᠣ᠂ ᠵᠠᠮ ᠤᠨ ᠵᠠᠷᠣᠳᠠᠯ差旅费 ᠤᠨ ᠵᠢᠭᠰᠠᠭᠠᠯᠳᠠ ᠳᠤ ᠵᠢᠭᠰᠠᠭᠠᠨ᠎ᠠ᠃ ᠬᠡᠪᠡᠴᠣ ᠪᠣᠰᠣᠳ ᠪᠠᠷᠢᠮᠳᠠ ᠪᠢᠴᠢᠭ ᠵᠢᠱᠢᠶᠡᠯᠡᠬᠦ  ᠳᠤ ᠬᠤᠳᠠᠯᠳᠣᠭᠠᠨ ᠤ ᠳᠠᠯᠠᠪᠠᠢ᠂ ᠬᠡᠳᠣ ᠳᠡᠯᠬᠡᠬᠦᠷ ᠵᠡᠷᠬᠡ ᠬᠤᠳᠠᠯᠳᠣᠨ ᠠᠪᠬᠤ ᠪᠢᠴᠢᠭ ᠪᠠᠷᠢᠮᠳᠠ ᠵᠢᠴᠢ ᠬᠠᠷᠢᠯᠴᠠᠭ᠎ᠠ ᠬᠤᠯᠪᠣᠭᠠᠨ ᠤ ᠵᠠᠷᠣᠳᠠᠯ ᠤᠨ ᠪᠢᠴᠢᠭ ᠪᠠᠷᠢᠮᠳᠠ ᠵᠡᠷᠬᠡ ᠶᠢ ᠳᠠᠩᠰᠠ ᠳᠠᠶᠢᠯᠬᠤ ᠦᠬᠡᠢ᠃      14.ᠠᠵᠢᠯᠳᠠᠨ ᠠᠯᠪᠠᠨ ᠶᠠᠪᠣᠳᠠᠯ ᠢᠶᠠᠷ ᠭᠠᠳᠠᠭᠰᠢ ᠭᠠᠷᠬᠤ ᠬᠤᠭᠤᠴᠠᠭᠠᠨ ᠳᠤ᠂  ᠭᠠᠯᠳᠣ ᠳᠡᠷᠬᠡᠨ ᠳᠤ ᠵᠠᠯᠭᠠᠪᠠᠷ ᠰᠠᠭᠤᠭᠰᠠᠨ ᠴᠠᠭ ᠨᠢ12 ᠴᠠᠭ ᠬᠡᠳᠦᠷᠡᠭᠰᠡᠨ ᠪᠣᠯ᠂ ᠬᠤᠭᠤᠯᠠᠨ ᠤ ᠨᠦᠬᠦᠪᠦᠷᠢ ᠪᠠ ᠬᠤᠳᠠ ᠳᠣᠳᠣᠷᠠᠬᠢ ᠵᠠᠮ ᠤᠨ ᠵᠠᠷᠣᠳᠠᠯ ᠢ ᠬᠡᠷᠬᠢᠨ ᠳᠠᠩᠰᠠ ᠳᠠᠶᠢᠯᠬᠤ ᠪᠣᠢ︖       ᠠᠵᠢᠯᠳᠠᠨ ᠵᠠᠮ ᠶᠠᠪᠣᠵᠣ ᠪᠠᠶᠢᠬᠤ ᠳᠣᠮᠳᠠ᠂ ᠭᠠᠯᠳᠣ ᠳᠡᠷᠬᠡᠨ ᠳᠤ ᠵᠠᠯᠭᠠᠪᠠᠷ ᠰᠠᠭᠤᠭᠰᠠᠨ ᠴᠠᠭ ᠨᠢ 12 ᠴᠠᠭ ᠬᠡᠳᠦᠷᠡᠭᠰᠡᠨ ᠪᠣᠯ᠂ ᠲᠡᠷᠭᠡᠨ ᠪᠢᠯᠧᠲ ᠢ ᠦᠨᠳᠦᠰᠦᠯᠡᠨ ᠪᠦᠬᠦᠯᠢ 12 ᠴᠠᠭ ᠪᠦᠷᠢ ᠳᠤ 50 ᠳᠦᠬᠦᠷᠢᠭ ᠤᠨ ᠬᠤᠭᠤᠯᠠᠨ ᠤ ᠨᠦᠬᠦᠪᠦᠷᠢ ᠶᠢ ᠨᠡᠮᠡᠵᠣ ᠦᠭᠴᠣ ᠪᠣᠯᠣᠨ᠎ᠠ᠃ ᠭᠠᠯᠳᠣ ᠳᠡᠷᠬᠡᠨ ᠳᠤ ᠵᠠᠯᠭᠠᠪᠠᠷ ᠰᠠᠭᠤᠭᠰᠠᠨ ᠴᠠᠭ ᠨᠢ  ᠨᠢᠬᠡ ᠬᠤᠨᠤᠭ ᠠᠴᠠ ᠬᠡᠳᠦᠷᠡᠭᠰᠡᠨ ᠪᠣᠯ᠂ ᠵᠠᠮ ᠳᠣᠮᠳᠠᠬᠢ ᠬᠤᠨᠤᠭ ᠤᠨ ᠳᠤᠭ᠎ᠠ ᠳᠤ ᠬᠡᠷᠡᠭᠯᠡᠭᠰᠡᠨ ᠬᠤᠳᠠ ᠳᠣᠳᠣᠷᠠᠬᠢ ᠵᠠᠮ ᠤᠨ ᠵᠠᠷᠣᠳᠠᠯ ᠢ  ᠳᠠᠩᠰᠠ ᠳᠠᠶᠢᠯᠵᠣ ᠦᠭᠬᠦ ᠦᠬᠡᠢ᠃ ᠵᠢᠱᠢᠶᠡᠯᠡᠬᠦ ᠳᠤ᠂ ᠨᠢᠬᠡ ᠠᠵᠢᠯᠳᠠᠨ 5 ᠤ ᠡᠳᠦᠷ ᠤᠨ 18 ᠴᠠᠭ ᠲᠤ ᠭᠠᠯᠳᠣ ᠲᠡᠷᠭᠡᠨ ᠰᠠᠭᠤᠵᠣ᠂ 7 ᠤ ᠡᠳᠦᠷ ᠤᠨ 6 ᠴᠠᠭ ᠲᠤ ᠵᠣᠷᠢᠭᠰᠠᠨ ᠭᠠᠵᠠᠷ ᠲᠠᠭᠠᠨ ᠬᠦᠷᠦᠭᠰᠡᠨ ᠪᠣᠯ ︵ᠵᠠᠯᠭᠠᠪᠠᠷ ᠰᠠᠭᠤᠭᠰᠠᠨ ᠴᠠᠭ ᠨᠢ 36 ᠴᠠᠭ︶᠂ ᠳᠣᠰ ᠬᠦᠮᠦᠨ 6 ᠤ ᠡᠳᠦᠷ ᠤᠨ ᠬᠤᠳᠠ ᠳᠣᠳᠣᠷᠠᠬᠢ ᠵᠠᠮ ᠤᠨ ᠵᠠᠷᠣᠳᠠᠯ ᠢ ᠦᠭᠬᠦ ᠦᠬᠡᠢ᠂ 5 ᠤ ᠡᠳᠦᠷ ᠠᠴᠠ 7 ᠤ ᠡᠳᠦᠷ ᠪᠣᠯᠳᠠᠯᠠᠬᠢ ᠬᠤᠳᠠ ᠳᠣᠳᠣᠷᠠᠬᠢ ᠵᠠᠮ ᠤᠨ ᠵᠠᠷᠣᠳᠠᠯ ᠢ ᠠᠵᠢᠯ ᠢᠶᠠᠷ ᠭᠠᠳᠠᠭᠰᠢ ᠭᠠᠷᠬᠤ ᠵᠠᠷᠣᠳᠠᠯ ᠤᠨ ᠳᠦᠷᠢᠮ ᠢ ᠦᠨᠳᠦᠰᠦᠯᠡᠨ ᠦᠭᠬᠦᠨ᠎ᠡ᠃       15.ᠣᠷᠳᠣ ᠬᠤᠭᠤᠴᠠᠭ᠎ᠠ ᠪᠠᠷ ᠭᠠᠳᠠᠨ᠎ᠠ ᠣᠷᠣᠨ ᠳᠤ ᠳᠣᠮᠢᠯᠠᠯᠳᠠ ᠪᠠᠷ ᠠᠵᠢᠯᠯᠠᠵᠣ ᠪᠠᠶᠢᠭ᠎ᠠ ᠠᠵᠢᠯᠳᠠᠨ ᠳᠣᠮᠢᠯᠠᠭᠰᠠᠨ ᠭᠠᠵᠠᠷ ᠠᠵᠢᠯᠯᠠᠵᠣ ᠪᠠᠶᠢᠬᠤ ᠬᠤᠭᠤᠴᠠᠭᠠᠨ ᠳᠤ᠂ ᠠᠵᠢᠯ ᠢᠶᠠᠷ ᠭᠠᠷᠬᠤ ᠬᠤᠭᠤᠯᠠᠨ ᠤ ᠵᠠᠷᠣᠳᠠᠯ ᠪᠠ ᠬᠤᠳᠠ ᠳᠣᠳᠣᠷᠠᠬᠢ ᠵᠠᠮ ᠤᠨ ᠵᠠᠷᠣᠳᠠᠯ ᠢ ᠬᠡᠷᠬᠢᠨ ᠳᠠᠩᠰᠠ ᠳᠠᠶᠢᠯᠬᠤ ᠪᠣᠢ︖      ᠣᠷᠳᠣ ᠬᠤᠭᠤᠴᠠᠭ᠎ᠠ ᠪᠠᠷ ᠭᠠᠳᠠᠨ᠎ᠠ ᠣᠷᠣᠨ ᠳᠤ ᠳᠣᠮᠢᠯᠠᠯᠳᠠ ᠪᠠᠷ ᠠᠵᠢᠯᠯᠠᠵᠣ ᠪᠠᠶᠢᠭ᠎ᠠ ᠠᠵᠢᠯᠳᠠᠨ ᠳᠣᠮᠢᠯᠠᠭᠰᠠᠨ ᠭᠠᠵᠠᠷ ᠠᠵᠢᠯᠯᠠᠵᠣ ᠪᠠᠶᠢᠬᠤ ᠬᠤᠭᠤᠴᠠᠭᠠᠨ ᠳᠤ᠂ ᠠᠵᠢᠯ ᠢᠶᠠᠷ ᠭᠠᠷᠬᠤ ᠬᠤᠭᠤᠯᠠᠨ ᠤ ᠵᠠᠷᠣᠳᠠᠯ ᠪᠠ ᠬᠤᠳᠠ ᠳᠣᠳᠣᠷᠠᠬᠢ ᠵᠠᠮ ᠤᠨ ᠵᠠᠷᠣᠳᠠᠯ ᠢ ᠳᠠᠩᠰᠠ ᠳᠠᠶᠢᠯᠵᠣ ᠦᠭᠬᠦ ᠦᠬᠡᠢ᠃      16.ᠠᠵᠢᠯᠳᠠᠨ ᠠᠯᠪᠠᠨ ᠶᠠᠪᠣᠳᠠᠯ ᠢᠶᠠᠷ ᠭᠠᠳᠠᠭᠰᠢ ᠭᠠᠷᠣᠭᠠᠳ ᠵᠦᠪᠬᠡᠨ ᠳᠠᠩ ᠴᠢᠭᠯᠡᠯ ᠤᠨ ᠬᠤᠳᠠ ᠬᠤᠭᠤᠷᠣᠨᠳᠣ ᠶᠢᠨ ᠵᠠᠮ ᠬᠠᠷᠢᠯᠴᠠᠭᠠᠨ ᠤ ᠪᠠᠷᠢᠮᠳᠠ ᠪᠢᠴᠢᠭ ᠪᠠᠶᠢᠬᠤ ᠪᠣᠶᠤ ᠬᠤᠳᠠ ᠬᠤᠭᠤᠷᠣᠨᠳᠣ ᠶᠢᠨ ᠵᠠᠮ ᠬᠠᠷᠢᠯᠴᠠᠭᠠᠨ ᠤ ᠪᠠᠷᠢᠮᠳᠠ ᠪᠢᠴᠢᠭ ᠪᠠᠶᠢᠬᠤ ᠦᠬᠡᠢ  ᠪᠣᠯ᠂ ᠬᠤᠭᠤᠯᠠᠨ ᠤ ᠨᠦᠬᠦᠪᠦᠷᠢ ᠪᠠ ᠬᠤᠳᠠ ᠳᠣᠳᠣᠷᠠᠬᠢ ᠵᠠᠮ ᠤᠨ ᠵᠠᠷᠣᠳᠠᠯ ᠢ ᠬᠡᠷᠬᠢᠨ ᠳᠠᠩᠰᠠ ᠳᠠᠶᠢᠯᠬᠤ ᠪᠣᠢ︖      ᠠᠵᠢᠯᠳᠠᠨ ᠠᠯᠪᠠᠨ ᠶᠠᠪᠣᠳᠠᠯ ᠢᠶᠠᠷ ᠭᠠᠳᠠᠭᠰᠢ ᠭᠠᠷᠬᠤ ᠳᠠᠭᠠᠨ ᠣᠯᠠᠨ ᠨᠡᠶᠢᠳᠠ ᠶᠢᠨ ᠵᠠᠮ ᠳᠡᠬᠡᠬᠡᠪᠣᠷᠢ ᠶᠢᠨ ᠬᠡᠷᠡᠭᠰᠡᠯ ᠢᠶᠠᠷ ᠵᠣᠷᠢᠭᠰᠠᠨ ᠭᠠᠵᠠᠷ ᠲᠠᠭᠠᠨ ᠬᠦᠷᠴᠦ᠂ ᠬᠤᠨᠤᠭ ᠤᠨ ᠵᠠᠷᠣᠳᠠᠯ ᠤᠨ ᠪᠠᠷᠢᠮᠳᠠ ᠪᠢᠴᠢᠭ ᠪᠠ ᠬᠤᠳᠠ ᠬᠤᠭᠤᠷᠣᠨᠳᠣ ᠶᠢᠨ ᠵᠠᠮ ᠬᠠᠷᠢᠯᠴᠠᠭᠠᠨ ᠤ ᠪᠠᠷᠢᠮᠳᠠ ᠪᠢᠴᠢᠭ ᠢᠶᠠᠷ ᠬᠤᠭᠤᠯᠠᠨ ᠤ ᠨᠦᠬᠦᠪᠦᠷᠢ ᠪᠠ ᠬᠤᠳᠠ ᠳᠣᠳᠣᠷᠠᠬᠢ ᠵᠠᠮ ᠤᠨ ᠵᠠᠷᠣᠳᠠᠯ ᠢᠶᠠᠨ ᠳᠠᠩᠰᠠ ᠳᠠᠶᠢᠯᠣᠨ‌ᠠᠪᠣᠨ᠎ᠠ᠃ᠠᠵᠢᠯᠳᠠᠨ ᠠᠯᠪᠠᠨ ᠶᠠᠪᠣᠳᠠᠯ ᠢᠶᠠᠷ ᠭᠠᠳᠠᠭᠰᠢ ᠭᠠᠷᠣᠭᠠᠳ ᠵᠦᠪᠬᠡᠨ ᠳᠠᠩ ᠴᠢᠭᠯᠡᠯ ᠤᠨ ᠬᠤᠳᠠ ᠬᠤᠭᠤᠷᠣᠨᠳᠣ ᠶᠢᠨ ᠵᠠᠮ ᠬᠠᠷᠢᠯᠴᠠᠭᠠᠨ ᠤ ᠪᠠᠷᠢᠮᠳᠠ ᠪᠢᠴᠢᠭ  ᠪᠠᠶᠢᠪᠠᠯ᠂ ᠳᠦᠷᠢᠮ ᠶᠣᠰᠣᠭᠠᠷ ᠬᠤᠭᠤᠯᠠᠨ ᠤ ᠨᠦᠬᠦᠪᠦᠷᠢ ᠪᠠ ᠬᠤᠳᠠ ᠳᠣᠳᠣᠷᠠᠬᠢ ᠵᠠᠮ ᠤᠨ ᠵᠠᠷᠣᠳᠠᠯ ᠢᠶᠠᠨ ᠳᠠᠩᠰᠠ ᠳᠠᠶᠢᠯᠣᠨ ᠠᠪᠴᠣ ᠪᠣᠯᠣᠨ᠎ᠠ᠃ ᠬᠡᠷᠪᠡ ᠳᠠᠭᠠᠵᠣ ᠶᠠᠪᠣᠬᠤ ᠪᠣᠶᠣ ᠠᠯᠪᠠᠨ ᠤ ᠳᠡᠷᠬᠡ ᠵᠡᠷᠬᠡ ᠵᠠᠮ ᠬᠠᠷᠢᠯᠴᠠᠭᠠᠨ ᠤ ᠬᠡᠷᠡᠭᠰᠡᠯ ᠳᠤ ᠰᠠᠭᠤᠵᠣ᠂ ᠬᠤᠳᠠ ᠬᠤᠭᠤᠷᠣᠨᠳᠣ ᠶᠢᠨ ᠵᠠᠮ ᠬᠠᠷᠢᠯᠴᠠᠭᠠᠨ ᠤ ᠪᠠᠷᠢᠮᠳᠠ ᠪᠢᠴᠢᠭ ᠪᠠᠶᠢᠬᠤ ᠦᠬᠡᠢ ᠪᠣᠯ᠂ ᠪᠠᠷᠢᠮᠵᠢᠶ᠎ᠠ ᠶᠢ ᠦᠨᠳᠦᠰᠦᠯᠡᠨ‌ᠬᠤᠭᠤᠯᠠᠨ ᠤ ᠨᠦᠬᠦᠪᠦᠷᠢ ᠠᠪᠣᠨ᠎ᠠ᠂ᠬᠤᠳᠠ ᠳᠣᠳᠣᠷᠠᠬᠢ ᠵᠠᠮ ᠤᠨ ᠵᠠᠷᠣᠳᠠᠯ ᠠᠪᠴᠣ ᠪᠣᠯᠬᠤ ᠦᠬᠡᠢ᠃      ᠠᠮᠣᠷ ᠳᠦᠪᠰᠢᠨ ᠢ ᠪᠣᠳᠣᠯᠬᠢᠯᠠᠨ᠂ ᠣᠳᠣᠬᠠᠨ ᠳᠤ ᠠᠵᠢᠯᠳᠠᠨ ᠬᠤᠪᠢ ᠶᠢᠨ ᠳᠡᠷᠬᠡ ᠪᠠᠷ ᠠᠯᠪᠠᠨ ᠤ ᠠᠵᠢᠯ ᠢᠶᠠᠷ ᠭᠠᠳᠠᠭᠰᠢ ᠭᠠᠷᠬᠤ ᠶᠢ ᠳᠡᠮᠵᠢᠬᠦ ᠦᠬᠡᠢ᠃       17.ᠠᠵᠢᠯᠳᠠᠨ ᠠᠯᠪᠠᠨ ᠶᠠᠪᠣᠳᠠᠯ ᠢᠶᠠᠷ ᠭᠠᠳᠠᠭᠰᠢ ᠭᠠᠷᠬᠤ ᠳᠤ᠂ ᠠᠵᠢᠯ ᠤᠨ ᠬᠡᠷᠡᠭᠴᠡᠬᠡᠨ ᠠᠴᠠ ᠪᠣᠯᠵᠣ ᠪᠠᠶᠢᠭᠤᠯᠣᠯᠭ᠎ᠠ ᠶᠢᠨ ᠪᠡᠯᠡᠳᠬᠡᠵᠣ ᠦᠭᠬᠦᠭᠰᠡᠨ ᠳᠡᠷᠬᠡ ᠪᠠᠷ ᠭᠠᠳᠠᠭᠰᠢ ᠭᠠᠷᠣᠭᠰᠠᠨ ᠳᠣᠬᠢᠶᠠᠯᠳᠣᠯ ᠳᠤ᠂ ᠵᠢᠯᠣᠭᠤᠴᠢ ᠶᠢᠨ ᠠᠵᠢᠯ ᠢᠶᠠᠷ ᠭᠠᠷᠬᠤ ᠵᠠᠷᠣᠳᠠᠯ ᠢ ᠬᠡᠷᠬᠢᠨ ᠳᠣᠭᠠᠴᠠᠬᠤ ᠪᠣᠢ︖      ᠠᠵᠢᠯᠳᠠᠨ ᠠᠯᠪᠠᠨ ᠶᠠᠪᠣᠳᠠᠯ ᠢᠶᠠᠷ ᠭᠠᠳᠠᠭᠰᠢ ᠭᠠᠷᠬᠤ ᠳᠤ᠂ ᠣᠨᠴᠠᠭᠠᠢ ᠪᠠᠶᠢᠳᠠᠯ ᠳᠣᠣᠷ᠎ᠠ᠂ ᠪᠠᠶᠢᠭᠤᠯᠣᠯᠭ᠎ᠠ ᠶᠢᠨ ᠪᠡᠯᠡᠳᠬᠡᠵᠣ ᠦᠭᠬᠦᠭᠰᠡᠨ ᠳᠡᠷᠬᠡ ᠪᠠᠷ ᠭᠠᠳᠠᠭᠰᠢ ᠭᠠᠷᠣᠭᠰᠠᠨ ᠳᠣᠬᠢᠶᠠᠯᠳᠣᠯ ᠳᠤ᠂ ᠵᠢᠯᠣᠭᠤᠴᠢ ᠶᠢᠨ ᠠᠵᠢᠯ ᠢᠶᠠᠷ ᠭᠠᠷᠬᠤ ᠨᠦᠬᠦᠪᠦᠷᠢ ᠶᠢᠨ ᠪᠠᠷᠢᠮᠵᠢᠶ᠎ᠠ ᠨᠢ ᠠᠵᠢᠯᠳᠠᠨ ᠲᠠᠢ ᠠᠳᠠᠯᠢᠬᠠᠨ  ︽ᠠᠷᠭ᠎ᠠ︾  ᠳᠤ ᠳᠣᠭᠳᠠᠭᠰᠠᠨ ᠶᠣᠰᠣᠭᠠᠷ ᠪᠣᠳᠣᠵᠣ ᠦᠭᠬᠦᠨ᠎ᠠ᠃      18. ᠠᠵᠢᠯᠳᠠᠨ ᠨᠡᠬᠦᠯᠬᠡᠨ ᠰᠢᠯᠵᠢᠬᠦᠯᠬᠦ ᠵᠠᠷᠣᠳᠠᠯ  ᠢ ᠬᠡᠷᠬᠢᠨ ᠳᠠᠩᠰᠠ ᠳᠠᠶᠢᠯᠬᠤ ᠪᠣᠢ︖      ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ ᠶᠢᠨ ᠠᠵᠢᠯᠳᠠᠨ ᠠᠵᠢᠯ ᠰᠢᠯᠵᠢᠬᠦ  ᠠᠴᠠ ᠪᠣᠯᠣᠭᠰᠠᠨ ᠬᠤᠳᠠ ᠬᠤᠭᠤᠷᠣᠨᠳᠣ  ᠶᠢᠨ ᠵᠠᠮ  ᠤᠨ ᠵᠠᠷᠣᠳᠠᠯ᠂ ᠬᠤᠨᠤᠭ ᠤᠨ ᠵᠠᠷᠣᠳᠠᠯ᠂ ᠬᠤᠭᠤᠯᠠᠨ  ᠤ ᠨᠦᠬᠦᠪᠦᠷᠢ ᠪᠠ ᠬᠤᠳᠠ ᠳᠣᠳᠣᠷᠠᠬᠢ ᠵᠠᠮ ᠤᠨ ᠵᠠᠷᠣᠳᠠᠯ  ᠢ ᠰᠢᠯᠵᠢᠵᠣ ᠣᠴᠢᠭᠰᠠᠨ ᠪᠠᠶᠢᠭᠤᠯᠣᠯᠭ᠎ᠠ  ᠠᠴᠠ ᠠᠯᠪᠠᠨ ᠠᠵᠢᠯ  ᠢᠶᠠᠷ ᠭᠠᠳᠠᠭᠰᠢ ᠭᠠᠷᠣᠭᠰᠠᠨ ᠵᠠᠷᠣᠳᠠᠯ ᠤᠨ ᠬᠠᠮᠢᠶᠠᠷᠣᠯᠳᠠ ᠶᠢᠨ ᠠᠷᠭ᠎ᠠ ᠳᠤ ᠳᠣᠭᠳᠠᠭᠠᠭᠰᠠᠨ ᠶᠣᠰᠣᠭᠠᠷ ᠨᠢᠬᠡᠯᠡ ᠣᠳᠠᠭ᠎ᠠ ᠳᠡᠬᠡᠷ᠎ᠡ ᠳᠠᠩᠰᠠ ᠳᠠᠶᠢᠯᠵᠣ ᠦᠭᠬᠦᠨ᠎ᠠ᠃ ᠭᠡᠷ ᠪᠦᠯᠢ  ᠶᠢᠨ ᠬᠦᠮᠦᠨ  ᠢᠶᠠᠨ ᠨᠡᠬᠦᠯᠬᠡᠬᠦ ᠪᠠ ᠭᠡᠷ  ᠤᠨ ᠬᠡᠷᠡᠭᠰᠡᠯ ᠨᠡᠬᠦᠯᠬᠡᠬᠦ ᠳᠤ ᠭᠠᠷᠣᠭᠰᠠᠨ ᠵᠠᠷᠣᠳᠠᠯ  ᠢ ᠠᠵᠢᠯ ᠰᠢᠯᠵᠢᠭᠰᠡᠨ ᠬᠦᠮᠦᠨ ᠦᠪᠡᠷᠳᠡᠬᠡᠨ ᠭᠠᠷᠭᠠᠨ᠎ᠠ᠃     19. ᠪᠠᠶᠢᠭᠤᠯᠣᠯᠭ᠎ᠠ ᠶᠢᠨ ᠣᠳᠣᠷᠢᠳᠣᠯᠭ᠎ᠠ  ᠪᠠᠷ ᠵᠦᠪᠰᠢᠶᠡᠷᠡᠬᠦᠯᠦᠨ ᠠᠵᠢᠯᠳᠠᠨ ᠠᠵᠢᠯ   ᠢᠶᠠᠷ ᠭᠠᠷᠣᠭᠰᠠᠨ ᠬᠤᠭᠤᠴᠠᠭᠠᠨ ᠳᠠᠭᠠᠨ ᠭᠡᠷ ᠲᠡᠭᠡᠨ ᠬᠠᠷᠢᠵᠣ ᠰᠠᠳᠣᠨ  ᠢᠶᠠᠨ ᠡᠷᠬᠢᠨ ᠣᠴᠢᠷ ᠶᠠᠪᠣᠳᠠᠯ ᠰᠢᠢᠳᠪᠣᠷᠢᠯᠡᠭᠰᠡᠨ ᠪᠣᠯ ᠵᠠᠮ  ᠤᠨ ᠵᠠᠷᠣᠳᠠᠯ  ᠢ ᠬᠡᠷᠬᠢᠨ ᠳᠠᠩᠰᠠ ᠳᠠᠶᠢᠯᠬᠤ ᠪᠣᠢ︖      ᠠᠵᠢᠯᠳᠠᠨ ᠠᠵᠢᠯ ᠢᠶᠠᠷ ᠭᠠᠳᠠᠭᠰᠢ ᠭᠠᠷᠣᠭᠰᠠᠨ ᠬᠤᠭᠤᠴᠠᠭᠠᠨ ᠳᠤ ᠬᠡᠷ ᠲᠡᠭᠡᠨ ᠬᠠᠷᠢᠵᠣ  ᠰᠠᠳᠣᠨ ᠳᠦᠷᠦᠯ ᠢᠶᠠᠨ ᠡᠷᠬᠢᠵᠣ ᠣᠴᠢᠷ ᠶᠠᠪᠣᠳᠠᠯ ᠰᠢᠢᠳᠪᠣᠷᠢᠯᠡᠭᠰᠡᠨ ᠪᠣᠯ᠂ ᠬᠤᠳᠠ ᠳᠣᠳᠣᠷᠠᠬᠢ ᠵᠠᠷᠣᠳᠠᠯ ᠢ ᠭᠠᠳᠠᠭᠰᠢ ᠠᠵᠢᠯ ᠳᠤ ᠭᠠᠷᠣᠭᠰᠠᠨ ᠠᠴᠠ ᠪᠠᠶᠢᠩᠭᠤ ᠰᠠᠭᠤᠭ᠎ᠠ ᠭᠠᠵᠠᠷ ᠲᠡᠭᠡᠨ ᠪᠣᠴᠠᠨ ᠢᠷᠡᠬᠦ  ᠪᠣᠯᠳᠠᠯ᠎ᠠ‌‍ᠲ᠋ᠣᠭᠳᠠᠭᠠᠯ ᠳᠤ ᠳᠣᠭᠳᠠᠭᠠᠭᠰᠠᠨ ᠶᠣᠰᠣᠭᠠᠷ ᠳᠣᠬᠢᠷᠠᠭᠰᠠᠨ ᠵᠠᠮ ᠬᠠᠷᠢᠯᠴᠠᠭᠠᠨ ᠤ ᠬᠡᠷᠡᠭᠰᠡᠯ ᠤᠨ ᠦᠨ᠎ᠡ ᠠᠴᠠ ᠦᠨᠳᠦᠷ ᠪᠢᠰᠢ ᠪᠠᠷᠢᠮᠵᠢᠶ᠎ᠠ ᠪᠠᠷ ᠳᠠᠩᠰᠠ ᠳᠠᠶᠢᠯᠬᠤ ᠪᠣᠯᠣᠨ᠎ᠠ᠃ ᠬᠡᠳᠣᠷᠡᠭᠰᠡᠨ ᠬᠡᠰᠡᠭ ᠢ ᠬᠤᠪᠢ ᠬᠦᠮᠦᠨ ᠦᠪᠡᠷᠳᠡᠬᠡᠨ ᠭᠠᠷᠭᠠᠨ᠎ᠠ᠃ ᠬᠤᠭᠤᠯᠠᠨ ᠤ ᠨᠦᠬᠦᠪᠦᠷᠢ ᠪᠠ ᠬᠤᠳᠠ ᠳᠣᠳᠣᠷᠠᠬᠢ ᠵᠠᠮ ᠤᠨ ᠵᠠᠷᠣᠳᠠᠯ ᠢ ᠭᠠᠳᠠᠭᠰᠢ ᠠᠵᠢᠯ ᠳᠤ ᠭᠠᠷᠣᠭᠰᠠᠨ ᠠᠴᠠ ᠪᠠᠶᠢᠩᠭᠤ ᠰᠠᠭᠤᠭ᠎ᠠ ᠭᠠᠵᠠᠷ ᠲᠡᠭᠡᠨ ᠪᠣᠴᠠᠨ ᠢᠷᠡᠬᠦ ᠪᠣᠯᠳᠠᠯᠠᠬᠢ ᠬᠤᠨᠤᠭ ᠤᠨ ᠳᠤᠭ᠎ᠠ ︵ᠬᠡᠷ ᠲᠡᠭᠡᠨ ᠬᠠᠷᠢᠭᠰᠠᠨ ᠬᠤᠨᠤᠭ ᠤᠨ ᠳᠤᠭ᠎ᠠ ᠶᠢ ᠬᠠᠰᠣᠨ᠎ᠠ︶ ᠪᠠ ᠳᠣᠭᠳᠠᠭᠠᠭᠰᠠᠨ ᠪᠠᠷᠢᠮᠵᠢᠶ᠎ᠠ ᠪᠠᠷ ᠳᠠᠩᠰᠠ ᠳᠠᠶᠢᠯᠬᠤ ᠪᠣᠯᠣᠨ᠎ᠠ᠃      20. ᠪᠠᠭᠤᠳᠠᠯᠯᠠᠭᠰᠠᠨ ᠴᠣ᠋ ᠪᠠᠭᠤᠳᠠᠯᠯᠠᠭᠰᠠᠨ ᠪᠢᠴᠢᠭ ᠪᠠᠷᠢᠮᠳᠠ ᠪᠠᠶᠢᠬᠤ ᠦᠬᠡᠢ ᠪᠣᠯ ᠪᠠᠭᠤᠳᠠᠯᠯᠠᠭᠰᠠᠨ ᠵᠠᠷᠣᠳᠠᠯ ᠪᠣᠯᠣᠨ ᠬᠤᠳᠠ ᠬᠤᠭᠤᠷᠣᠨᠳᠣᠬᠢ ᠵᠠᠷᠣᠳᠠᠯ᠂ ᠬᠤᠭᠤᠯᠠᠨ ᠤ ᠨᠦᠬᠦᠪᠦᠷᠢ ᠪᠠ ᠬᠤᠳᠠ ᠳᠣᠳᠣᠷᠠᠬᠢ ᠵᠠᠮ ᠤᠨ ᠵᠠᠷᠣᠳᠠᠯ ᠢ  ᠳᠠᠩᠰᠠ ᠳᠠᠶᠢᠯᠵᠣ ᠦᠭᠬᠦ ᠦᠬᠡᠢ ᠭᠡᠳᠡᠭ ᠢ ᠶᠠᠭᠠᠬᠢᠵᠣ ᠣᠶᠢᠯᠠᠭᠠᠬᠤ ᠪᠣᠢ︖      ᠳᠦᠪ ᠬᠤᠷᠢᠶᠠᠨ ᠤ ᠨᠢᠬᠡᠳᠦᠯᠳᠠᠢ ᠱᠠᠭᠠᠷᠳᠠᠯᠭ᠎ᠠ ᠶᠢ ᠦᠨᠳᠦᠰᠦᠯᠡᠨ᠂ ᠪᠠᠭᠤᠳᠠᠯᠯᠠᠭᠰᠠᠨ ᠵᠠᠷᠣᠳᠠᠯ ᠢ ᠰᠢᠯᠵᠢᠬᠦᠯᠬᠦ ᠶᠢ ᠬᠤᠷᠢᠭᠯᠠᠬᠤ᠂ ᠪᠠᠭᠤᠳᠠᠯᠯᠠᠭᠰᠠᠨ ᠴᠣ᠋ ᠪᠠᠭᠤᠳᠠᠯᠯᠠᠭᠰᠠᠨ ᠪᠢᠴᠢᠭ ᠪᠠᠷᠢᠮᠳᠠ ᠪᠠᠶᠢᠬᠤ ᠦᠬᠡᠢ ᠪᠠᠶᠢᠳᠠᠯ ᠢ ᠬᠢᠵᠠᠭᠠᠷᠯᠠᠬᠤ ᠶᠢᠨ ᠳᠣᠯᠠᠳᠠ᠂ ᠠᠵᠢᠯᠳᠠᠨ ᠪᠠᠭᠤᠳᠠᠯᠯᠠᠭᠰᠠᠨ ᠴᠣ᠋ ᠪᠠᠭᠤᠳᠠᠯᠯᠠᠭᠰᠠᠨ ᠪᠢᠴᠢᠭ ᠪᠠᠷᠢᠮᠳᠠ ᠪᠠᠶᠢᠬᠤ ᠦᠬᠡᠢ᠂ ᠬᠡᠷᠪᠡ ᠬᠡᠷ ᠲᠡᠭᠡᠨ ᠬᠤᠨᠣᠭᠰᠠᠨ ᠪᠣᠶᠣ ᠠᠯᠣᠰ ᠬᠢᠵᠠᠭᠠᠷ ᠭᠠᠵᠠᠷ ᠠᠵᠢᠯ ᠢᠶᠠᠷ ᠬᠦᠷᠴᠣ᠂ ᠪᠠᠭᠤᠳᠠᠯᠯᠠᠭᠰᠠᠨ ᠪᠢᠴᠢᠭ ᠪᠠᠷᠢᠮᠳᠠ ᠭᠠᠷᠭᠠᠵᠣ  ᠠᠪᠬᠤ ᠪᠣᠯᠣᠮᠵᠢ ᠦᠬᠡᠢ ᠪᠣᠯ᠂ ᠠᠵᠢᠯᠳᠠᠨ ᠨᠦᠬᠦᠴᠡᠯ ᠪᠠᠶᠢᠳᠠᠯ ᠢᠶᠠᠨ ᠳᠠᠶᠢᠯᠪᠣᠷᠢᠯᠠᠨ᠂ ᠪᠠᠶᠢᠭᠤᠯᠣᠯᠭ᠎ᠠ ᠶᠢᠨ ᠪᠠᠨ  ᠣᠳᠣᠷᠢᠳᠣᠯᠭ᠎ᠠ ᠪᠠᠷ ᠵᠦᠪᠰᠢᠶᠡᠷᠡᠬᠦᠯᠦᠨ᠂ ᠬᠤᠳᠠ ᠬᠤᠭᠤᠷᠣᠨᠳᠣᠬᠢ ᠵᠠᠷᠣᠳᠠᠯ᠂ ᠬᠤᠭᠤᠯᠠᠨ ᠤ ᠨᠦᠬᠦᠪᠦᠷᠢ ᠪᠠ ᠬᠤᠳᠠ ᠳᠣᠳᠣᠷᠠᠬᠢ ᠵᠠᠮ ᠤᠨ ᠵᠠᠷᠣᠳᠠᠯ ᠢ  ᠳᠠᠩᠰᠠ ᠳᠠᠶᠢᠯᠵᠣ  ᠦᠭᠴᠤ ᠪᠣᠯᠣᠨ᠎ᠠ᠃ ᠪᠣᠰᠣᠳ ᠨᠦᠬᠦᠴᠡᠯ ᠳᠤ ᠳᠠᠩᠰᠠ ᠳᠠᠶᠢᠯᠬᠤ ᠦᠬᠡᠢ᠃       21. ᠠᠯᠪᠠᠨ ᠶᠠᠪᠣᠳᠠᠯ ᠢᠶᠠᠷ ᠭᠠᠳᠠᠭᠰᠢ ᠭᠠᠷᠣᠭᠰᠠᠨ ᠠᠵᠢᠯᠳᠠᠨ ᠢ ᠬᠦᠯᠢᠶᠡᠨ ᠠᠪᠴᠤ ᠪᠠᠶᠢᠭ᠎ᠠ ᠪᠠᠶᠢᠭᠤᠯᠣᠯᠭ᠎ᠠ ᠠᠴᠠ ᠨᠢᠬᠡᠳᠣᠯᠳᠠᠢ ᠬᠤᠭᠤᠯᠠ ᠳᠣᠬᠢᠷᠠᠭᠤᠯᠣᠭᠰᠠᠨ ᠪᠣᠯ ᠬᠤᠭᠤᠯᠠᠨ ᠤ ᠵᠠᠷᠣᠳᠠᠯ ᠢ ᠬᠡᠷᠬᠢᠨ ᠳᠣᠰᠢᠶᠠᠬᠤ ᠪᠣᠢ︖       ᠬᠦᠯᠢᠶᠡᠨ ᠠᠪᠣᠭᠰᠠᠨ ᠪᠠᠶᠢᠭᠤᠯᠣᠯᠭ᠎ᠠ ᠶᠢᠨ ︽ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠳᠣᠰ ᠱᠠᠳᠣᠨ ᠤ ᠨᠠᠮ ᠵᠠᠰᠠᠭ ᠤᠨ ᠪᠠᠶᠢᠭᠤᠯᠣᠯᠭ᠎ᠠ ᠶᠢᠨ  ᠠᠯᠪᠠᠨ ᠶᠠᠪᠣᠳᠠᠯ ᠤᠨ ᠬᠦᠯᠢᠶᠡᠨ ᠠᠪᠣᠯᠳᠠ ᠶᠢᠨ ᠵᠠᠷᠣᠳᠠᠯ ᠮᠦᠩᠬᠦ ᠶᠢᠨ ᠬᠠᠮᠢᠶᠠᠷᠣᠯᠳᠠ ᠶᠢᠨ ᠠᠷᠭ᠎ᠠ︾(ᠦᠪᠤᠷ ᠮᠤᠩᠭᠤᠯ ᠤᠨ ᠨᠠᠮ ᠤᠨ ᠬᠤᠷᠢᠶ᠎ᠠ ᠶᠢᠨ ᠠᠯᠪᠠᠨ ᠲᠢᠩᠭᠢᠮ᠂  ᠵᠠᠰᠠᠭ ᠤᠨ ᠤᠷᠳᠤᠨ ᠤ ᠠᠯᠪᠠᠨ ᠲᠢᠩᠭᠢᠮ ᠠᠴᠠ ᠲᠠᠷᠬᠠᠭᠠᠭᠰᠠᠨ〔2014〕5  ᠳ᠋ᠤᠭᠠᠷ ᠳᠣᠭᠠᠳᠣ ᠪᠢᠴᠢᠭ ᠮᠠᠲ᠋ᠧᠷᠢᠶᠠᠯ) ᠳᠤ ᠳᠣᠭᠳᠠᠭᠠᠭᠰᠠᠨ ᠶᠣᠰᠣᠭᠠᠷ ᠳᠣᠬᠢᠷᠠᠭᠤᠯᠣᠭᠰᠠᠨ ᠨᠢᠬᠡ ᠯᠠ ᠣᠳᠠᠭ᠎ᠠ ᠶᠢᠨ ᠠᠵᠢᠯ ᠤᠨ ᠬᠤᠭᠤᠯᠠ ᠠᠴᠠ ᠪᠣᠰᠣᠳ ᠢ ᠠᠵᠢᠯ ᠢᠶᠠᠷ ᠭᠠᠷᠣᠭᠰᠠᠨ ᠠᠵᠢᠯᠳᠠᠨ ᠦᠪᠡᠷᠳᠡᠬᠡᠨ ᠰᠢᠢᠳᠪᠣᠷᠢᠯᠡᠬᠦ ᠬᠡᠷᠡᠭᠳᠡᠢ᠃ ᠬᠦᠯᠢᠶᠡᠨ ᠠᠪᠣᠭᠰᠠᠨ ᠪᠠᠶᠢᠭᠤᠯᠣᠯᠭ᠎ᠠ ᠳᠣᠰᠠᠯᠠᠨ ᠬᠤᠭᠤᠯᠠ ᠳᠣᠬᠢᠷᠠᠭᠤᠯᠣᠭᠰᠠᠨ ᠪᠣᠯ᠂ ᠠᠵᠢᠯ ᠢᠶᠠᠷ ᠭᠠᠷᠣᠭᠰᠠᠨ ᠠᠵᠢᠯᠳᠠᠨ ᠠᠵᠢᠯ ᠢᠶᠠᠷ ᠭᠠᠷᠬᠤ ᠬᠠᠮᠢᠶᠠᠷᠣᠯᠳᠠ ᠶᠢᠨ ᠠᠷᠭ᠎ᠠ ᠳᠤ ᠳᠣᠭᠳᠠᠭᠠᠭᠰᠠᠨ ᠪᠠᠷᠢᠮᠵᠢᠶ᠎ᠠ ᠳᠣᠳᠣᠷ᠎ᠠ ᠬᠦᠯᠢᠶᠡᠨ ᠠᠪᠣᠭᠰᠠᠨ ᠪᠠᠶᠢᠭᠤᠯᠣᠯᠭ᠎ᠠ ᠳᠤ ᠵᠣᠬᠢᠬᠤ ᠬᠤᠭᠤᠯᠠᠨ ᠤ ᠵᠠᠷᠣᠳᠠᠯ ᠢ ᠦᠭᠬᠦ ᠬᠡᠷᠡᠭᠳᠡᠢ᠃ ᠬᠦᠯᠢᠶᠡᠨ ᠠᠪᠣᠭᠰᠠᠨ ᠪᠠᠶᠢᠭᠤᠯᠣᠯᠭ᠎ᠠ ᠡᠴᠡ‌ᠠᠵᠢᠯ ᠢᠶᠠᠷ ᠭᠠᠷᠣᠭᠰᠠᠨ ᠠᠵᠢᠯᠳᠠᠨ ᠳᠤ ᠬᠤᠷᠢᠶᠠᠨ ᠠᠪᠣᠭᠰᠠᠨ ᠪᠢᠴᠢᠭ ᠪᠠᠷᠢᠮᠳᠠ ᠭᠠᠷᠭᠠᠨ ᠦᠭᠴᠣ᠂ ᠬᠤᠷᠢᠶᠠᠨ ᠠᠪᠣᠭᠰᠠᠨ ᠬᠤᠭᠤᠯᠠᠨ ᠤ ᠵᠠᠷᠣᠳᠠᠯ ᠢ ᠬᠦᠯᠢᠶᠡᠨ ᠠᠪᠣᠭᠰᠠᠨ ᠪᠠᠶᠢᠭᠤᠯᠣᠯᠭ᠎ᠠ ᠶᠢᠨ ᠬᠦᠯᠢᠶᠡᠨ ᠠᠪᠣᠯᠳᠠ ᠶᠢᠨ ᠵᠠᠷᠣᠳᠠᠯ ᠠᠴᠠ ᠭᠠᠷᠭᠠᠨ ᠠᠪᠣᠭᠰᠠᠨ ᠢᠶᠠᠷ ᠣᠷᠣᠯᠠᠭᠤᠯᠣᠨ᠎ᠠ᠃       22.ᠠᠯᠪᠠᠨ ᠶᠠᠪᠣᠳᠠᠯ ᠢᠶᠠᠷ ᠭᠠᠳᠠᠭᠰᠢ ᠭᠠᠷᠣᠭᠰᠠᠨ ᠠᠵᠢᠯᠳᠠᠨ ᠢ ᠬᠦᠯᠢᠶᠡᠨ ᠠᠪᠴᠤ ᠪᠠᠶᠢᠭ᠎ᠠ ᠪᠠᠶᠢᠭᠤᠯᠣᠯᠭ᠎ᠠ ᠪᠣᠶᠣ ᠪᠣᠰᠣᠳ ᠪᠠᠶᠢᠭᠤᠯᠣᠯᠭ᠎ᠠ ᠠᠴᠠ ᠵᠠᠮ ᠬᠠᠷᠢᠯᠴᠭᠠᠨ ᠤ ᠬᠡᠷᠡᠭᠰᠡᠯ ᠬᠠᠩᠭᠠᠭᠰᠠᠨ ᠪᠣᠯ ᠬᠤᠳᠠ ᠳᠣᠳᠣᠷᠠᠬᠢ ᠵᠠᠮ ᠤᠨ ᠵᠠᠷᠣᠳᠠᠯ  ᠢ  ᠬᠡᠷᠬᠢᠨ ᠳᠣᠰᠢᠶᠠᠬᠤ ᠪᠣᠢ︖    ᠬᠤᠳᠠ ᠳᠣᠳᠣᠷᠠᠬᠢ ᠵᠠᠮ ᠬᠠᠷᠢᠯᠴᠠᠭ᠎ᠠ ᠶᠢ ᠠᠵᠢᠯ ᠢᠶᠠᠷ ᠭᠠᠷᠣᠭᠰᠠᠨ ᠠᠵᠢᠯᠳᠠᠨ‌ᠦᠪᠡᠷᠳᠡᠬᠡᠨ ᠰᠢᠢᠳᠪᠣᠷᠢᠯᠠᠨ᠎ᠠ᠃ ᠬᠦᠯᠢᠶᠡᠨ ᠠᠪᠴᠤ ᠪᠠᠶᠢᠭ᠎ᠠ ᠪᠠᠶᠢᠭᠤᠯᠣᠯᠭ᠎ᠠ   ᠨᠢ ᠵᠠᠮ ᠬᠠᠷᠢᠯᠴᠭᠠᠨ ᠤ ᠬᠡᠷᠡᠭᠰᠡᠯ ᠬᠠᠩᠭᠠᠭᠰᠠᠨ ᠪᠣᠯ ᠠᠵᠢᠯ ᠢᠶᠠᠷ ᠭᠠᠷᠣᠭᠰᠠᠨ ᠠᠵᠢᠯᠳᠠᠨ ᠠᠵᠢᠯ ᠢᠶᠠᠷ ᠭᠠᠷᠬᠤ ᠵᠠᠷᠣᠳᠠᠯ ᠤᠨ ᠬᠠᠮᠢᠶᠠᠷᠣᠯᠳᠠ  ᠶᠢᠨ ᠠᠷᠭ᠎ᠠ ᠳᠤ ᠳᠣᠭᠳᠠᠭᠠᠭᠰᠠᠨ ᠪᠠᠷᠢᠮᠵᠢᠶ᠎ᠠ ᠳᠣᠳᠣᠷ᠎ᠠ ᠬᠦᠯᠢᠶᠡᠨ ᠠᠪᠣᠭᠰᠠᠨ ᠪᠠᠶᠢᠭᠤᠯᠣᠯᠭ᠎ᠠ ᠳᠤ ᠬᠤᠳᠠ ᠳᠣᠳᠣᠷᠠᠬᠢ ᠵᠠᠮ ᠤᠨ ᠵᠠᠷᠣᠳᠠᠯ ᠢ ᠳᠣᠰᠢᠶᠠᠨ᠎ᠠ᠃ᠬᠦᠯᠢᠶᠡᠨ ᠠᠪᠣᠭᠰᠠᠨ ᠪᠠᠶᠢᠭᠤᠯᠣᠯᠭ᠎ᠠ ᠡᠴᠡ‌ᠠᠵᠢᠯ ᠢᠶᠠᠷ ᠭᠠᠷᠣᠭᠰᠠᠨ ᠠᠵᠢᠯᠳᠠᠨ ᠳᠤ ᠬᠤᠷᠢᠶᠠᠨ ᠠᠪᠣᠭᠰᠠᠨ ᠪᠢᠴᠢᠭ ᠪᠠᠷᠢᠮᠳᠠ ᠭᠠᠷᠭᠠᠨ ᠦᠭᠴᠣ᠂  ᠬᠤᠷᠢᠶᠠᠨ ᠠᠪᠣᠭᠰᠠᠨ‌ᠬᠤᠳᠠ ᠳᠣᠳᠣᠷᠠᠬᠢ ᠵᠠᠮ ᠤᠨ ᠵᠠᠷᠣᠳᠠᠯ ᠢ ᠬᠦᠯᠢᠶᠡᠨ ᠠᠪᠣᠭᠰᠠᠨ ᠪᠠᠶᠢᠭᠤᠯᠣᠯᠭ᠎ᠠ ᠶᠢᠨ ᠳᠡᠷᠬᠡ ᠣᠨᠤᠭ᠎ᠠ ᠶᠢᠨ ᠵᠠᠷᠣᠯᠭ᠎ᠠ ᠪᠠᠷ ᠣᠷᠣᠯᠠᠭᠤᠯᠣᠨ᠎ᠠ᠃       23.  ᠬᠡᠬᠡᠷ᠎ᠡ ᠭᠠᠳᠠᠨᠠᠬᠢ ᠨᠦᠬᠦᠨ ᠣᠯᠭᠤᠪᠣᠷᠢ ᠪᠠ ᠪᠣᠰᠣᠳ ᠠᠵᠢᠯᠯᠠᠪᠣᠷᠢ ᠵᠢᠨ‌ᠨᠦ᠋ᠬᠦᠨ ᠣᠯᠭᠤᠪᠣᠷᠢ ᠶᠢ ᠬᠦᠷᠳᠡᠭᠰᠡᠨ ᠠᠵᠢᠯᠳᠠᠨ᠂ ᠠᠵᠢᠯ  ᠢᠶᠠᠷ ᠭᠠᠷᠣᠭᠰᠠᠨ ᠨᠦᠬᠦᠪᠦᠷᠢ  ᠶᠢ ᠡᠳ᠋ᠯᠡᠵᠣ ᠪᠣᠯᠬᠤ ᠦᠦ︖       ᠬᠡᠬᠡᠷ᠎ᠡ ᠭᠠᠳᠠᠨᠠᠬᠢ ᠨᠦᠬᠦᠨ ᠣᠯᠭᠤᠪᠣᠷᠢ ᠪᠠ ᠪᠣᠰᠣᠳ ᠠᠵᠢᠯᠯᠠᠪᠣᠷᠢ ᠵᠢᠨ‌ᠨᠦ᠋ᠬᠦᠨ ᠣᠯᠭᠤᠪᠣᠷᠢ   ᠶᠢ ᠬᠦᠷᠳᠡᠭᠰᠡᠨ ᠠᠵᠢᠯᠳᠠᠨ ᠪᠠᠶᠢᠩᠭᠤ ᠰᠠᠭᠤᠭ᠎ᠠ ᠭᠠᠵᠠᠷ  ᠠᠴᠠ  ᠪᠠᠨ ᠰᠠᠯᠵᠣ ᠬᠡᠬᠡᠷ᠎ᠡ ᠭᠠᠳᠠᠨ᠎ᠠ ᠠᠵᠢᠯᠯᠠᠬᠤ ᠦᠶ᠎ᠡ ᠳᠤ ᠪᠣᠶᠣ ᠪᠣᠰᠣᠳ ᠠᠵᠢᠯᠯᠠᠭ᠎ᠠ  ᠶᠢᠨ ᠨᠦᠬᠦᠨ ᠣᠯᠭᠤᠪᠣᠷᠢ  ᠶᠢ ᠣᠯᠣᠭᠰᠠᠳ ᠪᠠᠶᠢᠩᠭᠤ ᠰᠠᠭᠤᠭ᠎ᠠ ᠭᠠᠵᠠᠷ  ᠠᠴᠠ  ᠪᠠᠨ ᠰᠠᠯᠵᠣ  ᠪᠣᠰᠣᠳ ᠠᠵᠢᠯᠯᠠᠭ᠎ᠠ ᠬᠢᠬᠦ ᠦᠶ᠎ᠡ᠂ ᠠᠵᠢᠯ  ᠢᠶᠠᠷ ᠭᠠᠷᠣᠭᠰᠠᠨ ᠬᠠᠮᠢᠶᠠᠳᠠᠢ ᠨᠦᠬᠦᠪᠦᠷᠢ  ᠶᠢ ᠡᠳ᠋ᠯᠡᠬᠦ ᠦᠬᠡᠢ ᠂ ᠵᠦᠪᠬᠡᠨ‌ᠬᠤᠭᠤᠯᠠᠨ ᠤ ᠨᠦᠬᠦᠪᠦᠷᠢ ᠪᠠ ᠬᠤᠳᠠ ᠳᠣᠳᠣᠷᠠᠬᠢ ᠵᠠᠮ ᠤᠨ ᠵᠠᠷᠣᠳᠠᠯ ᠢ  ᠠᠪᠴᠣ ᠪᠣᠯᠣᠨ᠎ᠠ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号