ᠪᠡᠶ᠎ᠡ ᠲᠠᠮᠢᠷ ᠤᠨ ᠵᠠᠰᠠᠭ ᠵᠠᠬᠢᠷᠭᠠᠨ ᠤ ᠵᠦᠪᠰᠢᠶᠠᠷᠡᠯ  ᠤᠨ ᠭᠤᠶᠣᠴᠢᠯᠠᠭᠴᠢ ᠪᠠ ᠠᠰᠢᠭ ᠬᠤᠣᠷ ᠤᠨ ᠬᠠᠷᠢᠴᠠᠭ᠎ᠠ ᠪᠦᠬᠦᠢ ᠬᠦᠮᠦᠨ ᠤ ᠰᠠᠨᠠᠯ ᠢ ᠰᠣᠨᠣᠰᠬᠤ ᠳᠦᠷᠢᠮ
ᠨᠡᠶᠢᠲᠡᠯᠡᠭᠰᠡᠨ ᠴᠠᠭ᠄
2019/2/18
    ᠨᠢᠭᠡ᠂ ᠪᠡᠶ᠎ᠡ ᠶᠢᠨ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠠᠴᠠ ᠵᠠᠰᠠᠭ ᠵᠠᠬᠢᠷᠭᠠᠨ ᠤ ᠵᠥᠪᠰᠢᠶᠡᠷᠡᠯ ᠠᠪᠬᠤ  ᠭᠤᠶᠤᠴᠢᠯᠠᠯ ᠢ ᠬᠢᠨᠠᠨ  ᠪᠠᠶᠢᠴᠠᠭᠠᠬᠤ  ᠳᠠᠭᠠᠨ ᠭᠤᠶᠤᠴᠢᠯᠠᠭᠰᠠᠨ ᠵᠦᠢᠯᠡᠰ ᠨᠢ ᠤᠯᠠᠨ ᠨᠡᠶᠢᠲᠡ ᠶᠢᠨ ᠠᠰᠢᠭ  ᠲᠤᠰᠠ  ᠪᠤᠶᠤ  ᠭᠤᠶᠤᠴᠢᠯᠠᠭᠴᠢ ᠠᠴᠠ ᠪᠤᠰᠤᠳ ᠬᠥᠮᠦᠨ ᠤ ᠴᠢᠬᠤᠯᠠ ᠶᠡᠭᠡ ᠠᠰᠢᠭ ᠲᠤᠰᠠ ᠳᠤ  ᠰᠢᠭᠤᠳ  ᠬᠤᠯᠪᠣᠭᠳᠠᠬᠤ  ᠪᠠᠶᠢᠳᠠᠯ ᠢ  ᠣᠯᠵᠤ  ᠮᠡᠳᠡᠪᠡᠯ᠂ ᠠᠰᠢᠭ  ᠬᠤᠣᠷ  ᠤᠨ ᠬᠠᠷᠢᠴᠠᠭ᠎ᠠ ᠲᠠᠢ  ᠬᠥᠮᠦᠨ ᠳᠤ  ᠮᠡᠳᠡᠭᠳᠡᠬᠦ  ᠬᠡᠷᠡᠭᠲᠡᠶ᠃     ︵ ᠨᠢᠭᠡ︶ ᠠᠰᠢᠭ  ᠬᠤᠣᠷ  ᠤᠨ  ᠬᠤᠯᠪᠣᠭᠳᠠᠯ  ᠪᠦᠬᠦᠢ  ᠬᠥᠮᠦᠨ   ᠨᠢ  ᠲᠣᠰᠬᠠᠢ  ᠳᠣᠬᠳᠠᠬᠰᠡᠨ  ᠠᠷᠠᠳ  ᠢᠷᠭᠡᠨ᠂ ᠬᠠᠤᠯᠢ  ᠶᠢᠨ  ᠡᠷᠬᠡᠲᠡᠨ  ᠪᠤᠶᠤ  ᠪᠤᠰᠤᠳ  ᠵᠣᠬᠢᠶᠠᠨ  ᠪᠠᠶᠢᠭᠤᠯᠤᠯᠲᠠ  ᠪᠠᠶᠢᠵᠦ᠂ ᠮᠡᠳᠡᠭᠰᠡᠨ  ᠪᠠᠶᠢᠪᠠᠯ᠂ ᠭᠤᠶᠤᠴᠢᠯᠠᠯ  ᠤᠨ  ᠪᠢᠴᠢᠭ  ᠪᠣᠯᠤᠨ  ᠬᠤᠯᠪᠣᠭᠳᠠᠯ  ᠪᠦᠬᠦᠢ  ᠭᠤᠶᠤᠴᠢᠯᠠᠯ ᠤᠨ  ᠮᠠᠲ᠋ᠧᠷᠢᠶᠠᠯ ᠢ ᠰᠢᠭᠤᠳ  ᠰᠢᠯᠵᠢᠭᠦᠯᠦᠨ ᠬᠦᠷᠭᠡᠬᠦ  ᠬᠡᠷᠡᠭᠲᠡᠶ᠃     ︵ᠬᠤᠶᠠᠷ︶ ᠭᠤᠶᠤᠴᠢᠯᠠᠬᠤ ᠵᠦᠢᠯᠡᠰ ᠨᠢ ᠣᠯᠠᠨ ᠨᠡᠶᠢᠲᠡ ᠶᠢᠨ ᠠᠰᠢᠭ ᠲᠤᠰᠠ ᠵᠢᠴᠢ ᠠᠰᠢᠭ ᠬᠤᠣᠷ ᠤᠨ ᠬᠤᠯᠪᠣᠭᠳᠠᠯ ᠪᠦᠬᠦᠢ ᠬᠥᠮᠦᠨ ᠨᠢ ᠣᠨᠴᠠ ᠲᠣᠭᠲᠠᠭᠰᠠᠨ ᠪᠤᠰᠤ ᠣᠯᠠᠩᠬᠢ ᠬᠥᠮᠦᠨ ᠪᠣᠶᠣ ᠣᠯᠵᠤ ᠮᠡᠳᠡᠭᠰᠡᠨ‌ᠦᠭᠡᠢ ᠪᠠ ᠭᠦᠷᠭᠡᠵᠦ ᠳᠡᠶᠢᠯᠬᠦ ᠦᠭᠡᠢ ᠪᠠᠶᠢᠪᠠᠯ᠂ ᠬᠤᠯᠪᠣᠭᠳᠠᠯ ᠪᠦᠬᠦᠢ ᠭᠤᠶᠤᠴᠢᠯᠠᠯ ᠢ ᠵᠠᠷᠯᠠᠵᠤ  ᠨᠡᠶᠢᠲᠡᠯᠡᠭᠰᠡᠨ ᠪᠠᠶᠢᠬᠤ ᠬᠡᠷᠡᠭᠲᠡᠢ᠃     ᠬᠤᠶᠠᠷ᠂ ᠵᠠᠰᠠᠭ ᠵᠠᠬᠢᠷᠭᠠᠨ ᠤ ᠵᠦᠪᠰᠢᠶᠠᠷᠡᠯ ᠤᠨ ᠭᠤᠶᠣᠴᠢᠯᠠᠭᠴᠢ ᠪᠠ ᠠᠰᠢᠭ ᠬᠤᠣᠷ ᠤᠨ ᠬᠠᠷᠢᠴᠠᠭ᠎ᠠ ᠪᠦᠬᠦᠢ ᠬᠦᠮᠦᠨ ᠠᠴᠠ ᠵᠦᠪᠰᠢᠶᠠᠷᠡᠯ ᠤᠨ ᠶᠠᠪᠣᠳᠠᠯ ᠤᠨ ᠳᠣᠬᠠᠢ ᠳᠣᠭᠠᠴᠢᠯᠲᠠ ᠬᠢᠬᠦ ᠪᠠ ᠮᠠᠷᠭᠤᠬᠤ ᠡᠷᠬᠡ ᠲᠠᠢ᠃     ᠭᠤᠷᠪᠠ᠂ ᠪᠡᠶ᠎ᠡ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠨᠢ ᠵᠠᠰᠠᠭ ᠵᠠᠬᠢᠷᠭᠠᠨ ᠤ ᠵᠦᠪᠰᠢᠶᠡᠷᠡᠯ ᠤᠨ ᠭᠤᠶᠣᠴᠢᠯᠠᠭᠴᠢ ᠪᠠ ᠠᠰᠢᠭ ᠬᠤᠣᠷ ᠤᠨ ᠬᠠᠷᠢᠴᠠᠭ᠎ᠠ ᠪᠦᠬᠦᠢ ᠬᠦᠮᠦᠨ ᠤ ᠰᠠᠨᠠᠯ ᠢ ᠰᠣᠨᠣᠰᠬᠤ ᠵᠤᠬᠢᠰᠲᠠᠢ᠃     ︵ᠨᠢᠭᠡ︶ ᠠᠰᠢᠭ ᠬᠤᠣᠷ ᠤᠨ ᠬᠠᠷᠢᠴᠠᠭ᠎ᠠ ᠲᠠᠢ ᠬᠥᠮᠦᠨ ᠢ ᠣᠯᠵᠤ ᠮᠡᠳᠡᠭᠰᠡᠨ ᠪᠣᠯ ᠭᠤᠶᠤᠴᠢᠯᠠᠯ ᠤᠨ ᠪᠢᠴᠢᠭ ᠵᠢᠴᠢ ᠬᠤᠯᠪᠣᠭᠳᠠᠯ ᠪᠦᠬᠦᠢ ᠮᠠᠲ᠋ᠧᠷᠢᠶᠠᠯ ᠢ ᠰᠢᠯᠵᠢᠭᠦᠯᠦᠨ ᠬᠦᠷᠭᠡᠬᠦ ᠦᠶ᠎ᠡ ᠳᠤ᠂ ᠬᠠᠮᠲᠤ ᠳᠤᠨᠢ ᠠᠰᠢᠭ ᠬᠤᠣᠷ ᠤᠨ ᠬᠠᠷᠢᠴᠠᠭ᠎ᠠ ᠲᠠᠢ ᠬᠥᠮᠦᠨ ᠤ ᠰᠠᠨᠠᠯ ᠢ ᠰᠣᠨᠣᠰᠴᠤ ᠪᠣᠯᠤᠨ᠎ᠠ᠃     ︵ᠬᠤᠶᠠᠷ︶ ᠠᠰᠢᠭ  ᠬᠤᠣᠷ  ᠤᠨ ᠬᠠᠷᠢᠴᠠᠭ᠎ᠠ ᠲᠠᠢ ᠬᠥᠮᠦᠨ ᠨᠢ ᠳᠣᠬᠳᠠᠬᠰᠡᠨ ᠪᠢᠰᠢ ᠤᠯᠠᠩᠭᠢ ᠬᠦᠮᠦᠨ ᠪᠤᠶᠤ  ᠭᠤᠶᠣᠴᠢᠯᠠᠯ  ᠤᠨ  ᠮᠠᠲ᠋ᠧᠷᠢᠶᠠᠯ ᠬᠦᠷᠭᠡᠬᠦ  ᠠᠷᠭ᠎ᠠ  ᠦᠭᠡᠢ  ᠪᠠᠶᠢᠳᠠᠯ  ᠳᠣᠣᠷ᠎ᠠ  ᠭᠤᠶᠣᠴᠢᠯᠠᠯ ᠤᠨ ᠮᠠᠲ᠋ᠧᠷᠢᠶᠠᠯ ᠢ ᠨᠡᠶᠢᠳᠡᠯᠡᠬᠦ  ᠦᠶ᠎ᠡ ᠳᠤ  ᠬᠠᠮᠳᠦ   ᠳᠤᠨᠢ ᠨᠡᠶᠢᠲᠡ ᠠᠴᠠ  ᠰᠠᠨᠠᠯ  ᠬᠤᠷᠢᠶᠠᠬᠤ  ᠠᠷᠭ᠎ᠠ ᠪᠠ  ᠵᠠᠮ  ᠮᠦᠷ  ᠢ  ᠴᠤᠭ  ᠨᠡᠶᠢᠲᠡᠯᠡᠨ᠎ᠡ᠃     ︵ᠭᠤᠷᠪᠠ︶ ᠪᠡᠶ᠎ᠡ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠠᠰᠢᠭ ᠬᠤᠣᠷ ᠤᠨ ᠬᠠᠷᠢᠴᠠᠭ᠎ᠠ ᠲᠠᠢ ᠬᠥᠮᠦᠨ ᠤ ᠰᠠᠨᠠᠯ ᠢ ᠴᠠᠭ ᠳᠣᠬᠠᠢ ᠳᠤᠨᠢ ᠭᠤᠶᠣᠴᠢᠯᠠᠭᠴᠢ ᠳᠤ ᠮᠡᠳᠡᠭᠦᠯᠦᠨ᠎ᠡ᠃ ᠭᠤᠶᠣᠴᠢᠯᠠᠭᠴᠢ ᠠᠴᠠ ᠮᠠᠷᠭᠤᠬᠤ ᠰᠠᠨᠠᠯ ᠳᠤᠷᠠᠳᠬᠤ ᠡᠷᠬᠡ ᠲᠠᠢ ᠪᠦᠭᠡᠳ ᠪᠢᠴᠢᠭ ᠤᠨ ᠬᠡᠯᠪᠡᠷᠢ ᠪᠠᠷ ᠪᠡᠶ᠎ᠡ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠲᠤ ᠲᠣᠰᠢᠶᠠᠨ᠎ᠠ᠃     ᠳᠦᠷᠪᠠ᠂ ᠪᠡᠶ᠎ᠡ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠠᠴᠠ ᠭᠤᠶᠣᠴᠢᠯᠠᠭᠴᠢ ᠪᠠ ᠠᠰᠢᠭ ᠬᠤᠣᠷ ᠤᠨ ᠬᠠᠷᠢᠴᠠᠭ᠎ᠠ ᠪᠦᠬᠦᠢ ᠬᠦᠮᠦᠨ ᠤ ᠳᠣᠷᠠᠳᠣᠬᠰᠡᠨ ᠰᠢᠯᠳᠠᠭᠠᠨ ᠪᠠ ᠪᠠᠷᠢᠮᠲᠠ ᠶᠢ ᠳᠠᠪᠲᠠᠨ  ᠬᠠᠷᠭᠤᠭᠤᠯᠤᠭᠰᠠᠨ ᠤ ᠰᠠᠭᠤᠷᠢᠨ ᠳᠡᠭᠡᠷ᠎ᠡ ᠵᠠᠰᠠᠭ ᠵᠠᠬᠢᠷᠭᠠᠨ ᠤ ᠵᠦᠪᠰᠢᠶᠠᠷᠡᠯ ᠭᠠᠷᠭᠠᠨ᠎ᠠ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号