ᠭᠥᠳᠡᠯᠭᠡᠭᠡᠨ ᠤ ᠲᠠᠷᠠᠭ᠎ᠠ ᠶᠠᠭᠠᠬᠢᠭᠠᠳ ᠲᠡᠭᠰᠢᠯᠡᠬᠦ ᠭᠥᠳᠡᠯᠥᠯ ᠢ ᠬᠢᠪᠡᠯ ᠵᠣᠬᠢᠰᠳᠠᠢ ᠪᠣᠢ︖
ᠨᠡᠶᠢᠲᠡᠯᠡᠭᠰᠡᠨ ᠴᠠᠭ᠄
2021/10/28
    ᠲᠡᠭᠰᠢᠯᠡᠬᠦ ᠭᠥᠳᠡᠯᠥᠯ ᠪᠣᠯ ᠭᠥᠳᠡᠯᠭᠡᠭᠡᠨ ᠤ ᠲᠠᠷᠠᠭ᠎ᠠ ᠶᠠᠪᠣᠭᠳᠠᠭᠤᠯᠬᠤ ᠨᠢᠬᠡ ᠲᠥᠷᠥᠯ ᠤᠨ ᠭᠥᠳᠡᠯᠥᠯ ᠪᠠᠶᠢᠵᠣ᠂ ᠬᠤᠷᠴᠠ ᠰᠢᠷᠣᠭᠦᠨ ᠭᠥᠳᠡᠯᠭᠡᠭᠡᠨ ᠤ ᠪᠠᠶᠢᠳᠠᠯ ᠠᠴᠠ ᠨᠠᠮ ᠲᠠᠶᠢᠪᠣᠩ ᠠᠮᠠᠷᠠᠯᠳᠠ ᠶᠢᠨ ᠪᠠᠶᠢᠳᠠᠯ ᠪᠣᠯᠵᠣ ᠬᠤᠪᠢᠷᠠᠬᠤ ᠳᠤ ᠲᠣᠭᠳᠠᠭᠤᠨ ᠰᠢᠯᠵᠢᠯᠳᠠ ᠶᠢ ᠬᠠᠩᠭᠠᠬᠤ ᠪᠥᠭᠡᠳ ᠰᠢᠷᠥᠭᠦᠨ ᠭᠥᠳᠡᠯᠭᠡᠭᠡᠨ ᠠᠴᠠ ᠪᠣᠯᠣᠭᠰᠠᠨ ᠣᠯᠠᠨ ᠠᠷᠪᠢᠨ ᠪᠡᠶ᠎ᠡ ᠮᠠᠬᠠᠪᠣᠳ ᠤᠨ ᠵᠣᠬᠢᠴᠠᠯᠳᠣᠬᠤ ᠥᠭᠡᠢ ᠪᠣᠶᠣ ᠭᠡᠮᠳᠥᠭᠡᠬᠦ ᠠᠴᠠ ᠵᠠᠶᠢᠯᠠᠭᠤᠯᠬᠤ ᠶᠣᠮ᠃     ᠥᠢᠯᠡᠳᠣᠯ ᠨᠢ᠄     ︵1︶ ᠮᠡᠳᠡᠷᠡᠯ ᠢ ᠨᠠᠮᠵᠢᠭᠤᠯᠵᠣ᠂ ᠣᠨᠳᠠᠬᠤ ᠶᠢ ᠠᠬᠢᠭᠤᠯᠳᠠᠭ᠃ ᠭᠥᠳᠡᠯᠭᠡᠭᠡᠨ ᠬᠢᠬᠦ ᠥᠶᠡᠰ ᠪᠡᠶ᠎ᠡ ᠮᠠᠬᠠᠪᠣᠳ ᠭᠥᠭᠡᠷᠣᠯᠳᠠ ᠶᠢᠨ ᠪᠠᠶᠢᠳᠠᠯ ᠳᠤ ᠣᠷᠣᠰᠢᠵᠣ᠂ ᠲᠡᠭᠰᠢᠯᠡᠬᠦ ᠭᠥᠳᠡᠯᠥᠯ ᠢᠶᠠᠷ ᠲᠠᠮᠵᠢᠨ ᠵᠣᠬᠢᠴᠠᠭᠤᠯᠵᠣ᠂ ᠠᠭᠤᠵᠢᠭᠤ ᠲᠠᠯᠪᠢᠭᠤ ᠪᠠᠶᠢᠳᠠᠯ ᠳᠤ ᠭᠥᠷᠭᠡᠳᠡᠭ᠃     ︵2︶ ᠢᠳᠡᠪᠬᠢᠳᠠᠢ ᠠᠮᠢᠰᠬᠤᠯ ᠤᠨ ᠭᠥᠳᠡᠯᠭᠡᠭᠡᠨ ᠢ ᠪᠠᠷᠢᠮᠳᠠᠯᠠᠵᠣ᠂ ᠭᠥᠢᠴᠡᠳ ᠭᠡᠮᠵᠢᠶᠡᠨ ᠤ ᠭᠥᠴᠢᠯᠳᠥ᠋ᠷᠣᠭ᠍ᠴᠢ ᠶᠢ ᠨᠥᠭᠦᠪᠥᠷᠢᠯᠡᠳᠡᠭ᠃     ︵3︶ ᠲᠥᠷᠪᠡᠨ ᠮᠥᠴᠢ ᠥᠷᠭᠦᠯᠵᠢᠯᠡᠨ ᠭᠥᠳᠡᠯᠭᠡᠭᠡᠨ ᠳᠤ ᠣᠷᠣᠯᠴᠠᠵᠣ᠂ ᠴᠢᠰᠣ ᠶᠢ ᠵᠢᠷᠣᠭᠡᠨ ᠳᠤ ᠪᠣᠴᠠᠭᠠᠵᠣ᠂ ᠭᠡᠨᠡᠳᠳᠠ ᠶᠢᠨ ᠴᠢᠨᠠᠷᠳᠠᠢ ᠭᠥᠳᠡᠯᠭᠡᠭᠡᠨ ᠵᠣᠭᠰᠣᠭᠰᠠᠨ ᠠᠴᠠ ᠪᠣᠯᠣᠭᠰᠠᠨ ᠵᠢᠷᠣᠭᠡᠨ ᠤ ᠴᠢᠰᠣ ᠲᠣᠳᠠᠭᠳᠠᠬᠤ᠂ ᠵᠢᠷᠣᠭᠡᠨ ᠤ ᠲᠠᠪᠳᠠᠮᠵᠢ ᠨᠢ ᠭᠡᠪ ᠤᠨ ᠪᠣᠰᠣ ᠵᠡᠷᠭᠡ ᠡᠷᠡᠭᠦᠯ ᠪᠣᠰᠣ ᠲᠣᠰᠬᠠᠯ ᠠᠴᠠ ᠵᠠᠶᠢᠯᠠᠭᠤᠯᠬᠤ ᠶᠣᠮ᠃     ︵4︶ ᠭᠥᠳᠡᠯᠭᠡᠭᠡᠨ ᠠᠴᠠ ᠪᠣᠯᠣᠭᠰᠠᠨ ᠪᠣᠯᠴᠢᠩ ᠤᠨ ᠱᠡᠷᠬᠢᠷᠠᠵᠣ ᠡᠪᠡᠳᠬᠦ ᠪᠡ ᠭᠥᠰᠢᠭᠦᠨ ᠪᠣᠯᠬᠤ ᠶᠢ ᠭᠥᠩᠭᠡᠷᠡᠭᠦᠯᠵᠣ᠂ ᠥᠶ᠎ᠡ ᠭᠡᠰᠢᠭᠦᠣ ᠶᠢ ᠬᠠᠮᠠᠭᠠᠯᠠᠨ᠂ ᠥᠶ᠎ᠡ ᠭᠡᠰᠢᠭᠦᠨ ᠤ ᠲᠠᠷᠣᠭᠠᠰᠣ ᠶᠢ ᠪᠠᠭᠠᠰᠬᠠᠳᠠᠭ᠃ ᠲᠡᠭᠰᠢᠯᠡᠬᠦ ᠭᠥᠳᠡᠯᠥᠯ ᠢ ᠪᠠᠰᠨ ᠠᠭᠤᠵᠢᠭᠤ ᠲᠠᠯᠪᠢᠭᠤ ᠠᠯᠬᠤᠬᠤ ᠪᠣᠶᠣ ᠣᠳᠠᠭᠠᠨ ᠭᠥᠶᠥᠬᠦ ᠵᠡᠷᠭᠡ ᠭᠥᠴᠥᠯᠡᠴᠨ ᠪᠠᠷ ᠨᠡᠯᠢᠶᠡᠳ ᠪᠠᠭ᠎ᠠ ᠭᠥᠳᠡᠯᠭᠡᠭᠡᠨ ᠢ ᠶᠠᠪᠣᠭᠳᠠᠭᠤᠯᠵᠣ ᠭᠥᠳᠡᠯᠭᠡᠭᠡᠨ ᠳᠤ ᠣᠷᠣᠯᠴᠠᠭᠰᠠᠨ ᠪᠣᠯᠴᠢᠩ ᠤᠳ ᠢ ᠪᠥᠷᠢᠮᠥᠰᠣᠨ ᠲᠠᠳᠠᠨ ᠴᠢᠩᠭᠠᠵᠣ᠂ ᠡᠯ᠎ᠡ ᠥᠶ᠎ᠡ ᠭᠡᠰᠢᠭᠦᠨ ᠤ ᠣᠶᠠᠨ ᠬᠠᠳᠠᠨ ᠭᠤᠯᠭᠤᠮᠳᠠᠭᠠᠢ ᠪᠠᠶᠢᠬᠤ ᠶᠢ ᠪᠠᠳᠣᠯᠠᠵᠣ᠂ ᠭᠥᠨ ᠠᠮᠢᠰᠬᠤᠭ᠎ᠠ ᠠᠪᠴᠣ ᠪᠠᠴᠢᠮᠳᠠᠭᠰᠠᠨ ᠰᠠᠳᠬᠢᠯ ᠰᠠᠨᠠᠭᠠᠨ ᠤ ᠪᠠᠶᠢᠳᠠᠯ ᠢ ᠲᠣᠬᠢᠷᠠᠭᠤᠯᠳᠠᠭ᠃ ᠲᠡᠭᠰᠢᠯᠡᠬᠦ ᠭᠥᠳᠡᠯᠥᠯ ᠪᠠ ᠪᠡᠯᠡᠳᠭᠡᠯ ᠭᠥᠳᠡᠯᠥᠯ ᠨᠢ ᠠᠳᠠᠯᠢᠬᠠᠨ ᠴᠢᠬᠤᠯᠨ ᠪᠠᠶᠢᠵᠣ᠂ ᠣᠮᠳᠠᠭᠠᠶᠢᠯᠠᠵᠣ ᠪᠣᠯᠣᠰᠢ ᠥᠭᠡᠢ ᠶᠣᠮ᠃ ᠲᠡᠭᠰᠢᠯᠡᠬᠦ ᠭᠥᠳᠡᠯᠥᠯ ᠢ ᠢᠳᠡᠪᠬᠢᠳᠡᠢ ᠰᠠᠶᠢᠳᠣᠷ ᠬᠢᠵᠣ᠂ ᠭᠥᠮᠥᠨ ᠤ ᠪᠡᠶ᠎ᠡ ᠳᠤ ᠭᠥᠳᠡᠯᠭᠡᠭᠡᠨ ᠤ ᠠᠴᠢ ᠲᠣᠰᠨ ᠶᠢ ᠭᠥᠷᠳᠡᠭᠡᠵᠣ᠂ ᠭᠥᠳᠡᠯᠭᠡᠭᠡᠨ ᠵᠣᠬᠢᠰ ᠥᠭᠡᠢ ᠪᠣᠯᠣᠭᠰᠠᠨ ᠣᠯᠠᠨ ᠠᠷᠪᠢᠨ ᠭᠡᠮᠳᠣᠯ ᠡᠭᠦᠰᠬᠦ ᠠᠴᠠ ᠵᠠᠶᠢᠯᠠᠭᠤᠯᠬᠤ ᠶᠣᠮ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠡᠶ᠎ᠡ ᠶᠢᠨ ᠲᠠᠮᠢᠷ ᠤᠨ ᠲᠤᠪᠴᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号