ᠤᠯᠢᠮᠫᠢᠺ ᠤᠨ ᠠᠯᠳᠠᠨ ᠳᠠᠶᠢᠰᠠᠨ᠎ᠠ ᠭᠡᠷᠡᠯ ᠳᠠᠳᠠᠭᠤᠯᠤᠭᠰᠠᠨ ᠴᠸᠡ ᠶᠦᠨ ᠰᠢᠶᠠ
ᠨᠡᠶᠢᠲᠡᠯᠡᠭᠰᠡᠨ ᠴᠠᠭ᠄
2021/11/15
    7 ᠰᠠᠷ᠎ᠠ ᠶᠢᠨ 28 ᠤ ᠡᠳᠦᠷ᠂ ᠳᠤᠤᠺᠢᠣ᠋ ᠶᠢᠨ ᠤᠯᠢᠮᠫᠢᠺ ᠤᠨ ᠳᠠᠮᠢᠷ ᠤᠨ ᠴᠤᠭᠯᠠᠭᠠᠨ ᠤ ᠡᠮᠡᠭᠳᠠᠢ ᠶᠢᠨ ᠳᠦᠷᠪᠡᠨ ᠭᠦᠮᠦᠨ ᠤ ᠬᠤᠤᠰ ᠰᠡᠯᠢᠭᠦᠷᠳᠦ ᠤᠷᠤᠯᠳᠤᠭᠠᠨ ᠤ ᠵᠠᠪᠢ ᠶᠢᠨ ᠰᠢᠢᠳᠪᠤᠷᠢᠳᠦ ᠤᠷᠤᠯᠳᠤᠭᠠᠨ ᠳᠤ᠂ ᠴᠸᠡ ᠶᠦᠨ ᠰᠢᠶᠠ᠂ ᠵᠠᠩ ᠯᠢᠩ᠂ ᠯᠢᠤᠢ ᠶᠠᠩ᠂ ᠼᠦᠢ ᠰᠢᠶᠦᠦ ᠳᠦᠡᠭ ᠳᠦᠷᠪᠡᠨ ᠬᠦᠮᠦᠨ ᠢᠶᠠᠷ ᠪᠦᠷᠢᠯᠳᠦᠭᠰᠡᠨ ᠳᠤᠮᠳᠠᠳᠤ ᠤᠯᠤᠰ ᠤᠨ ᠠᠩᠭᠢ ᠠᠯᠳᠠᠨ ᠮᠧᠲᠠᠯ ᠤᠯᠵᠤ᠂ ᠳᠠᠯᠡᠭᠡᠢ ᠶᠢᠨ ᠬᠠᠮᠤᠭ ᠰᠠᠶᠢᠨ ᠭᠢᠷᠢ ᠪᠦᠳᠦᠮᠵᠢ ᠶᠢ ᠡᠭᠦᠳᠴᠠᠢ᠃     ᠬᠠᠷᠢᠨ ᠡᠨᠡ ᠳᠦᠷᠪᠡᠨ ᠭᠦᠮᠦᠨ ᠤ ᠬᠠᠮᠳᠦ ᠨᠢᠭᠡᠴᠢ ᠳᠤ ᠦᠪᠦᠷ ᠮᠤᠩᠭᠤᠯ ᠤᠨ ᠳᠦᠡᠭᠯᠢᠶᠦᠦ ᠬᠤᠳᠠ ᠶᠢᠨ ᠨᠠᠢᠮᠠᠨ ᠬᠤᠰᠢᠭᠤ ᠪᠠᠷ ᠨᠤᠳᠤᠭᠳᠠᠢ ᠴᠸᠡ ᠶᠦᠨ ᠰᠢᠶᠠ ᠲᠠᠢ ᠳᠠᠨᠢᠯᠴᠠᠮᠠᠷ ᠪᠠᠶᠢᠨ᠎ᠠ᠃ ᠴᠸᠡ ᠶᠦᠨ ᠰᠢᠶᠠ᠂ ᠨᠠᠢᠮᠠᠨ ᠬᠤᠰᠢᠭᠤᠨ ᠤ ᠵᠢᠷᠭᠤᠳᠤᠭᠠᠷ ᠳᠠᠷᠢᠶᠠᠯᠡᠩ ᠤᠨ ᠳᠠᠯᠠᠪᠠᠢ ᠳᠤ ᠳᠦᠷᠦᠵᠤ᠂ 2007 ᠤᠨ ᠳᠤ ᠨᠠᠢᠮᠠᠨ ᠬᠤᠰᠢᠭᠤᠨ ᠤ ᠳᠠᠮᠢᠷ ᠤᠨ ᠰᠤᠷᠭᠠᠭᠤᠯᠢ ᠶᠢᠨ ᠤᠢᠢᠷ᠎ᠠ ᠬᠠᠷᠠᠶᠢᠯᠳᠠ ᠶᠢᠨ ᠠᠩᠭᠢ ᠳᠤ ᠸᠠᠩ ᠬᠠᠢ ᠴᠢᠩ ᠳᠠᠰᠬᠠᠯᠵᠢᠭᠤᠯᠤᠭᠴᠢ ᠶᠢᠨ ᠭᠠᠷ ᠳᠤᠤᠷ᠎ᠠ ᠳᠠᠮᠢᠷᠴᠢᠨ ᠪᠤᠯᠬᠤ ᠪᠤᠯᠪᠠᠰᠤᠷᠠᠯ ᠤᠨ ᠭᠠᠷᠤᠭ᠎ᠠ ᠪᠠᠨ ᠡᠯᠭᠦᠭᠰᠡᠨ ᠪᠠᠶᠢᠨ᠎ᠠ᠃ ᠴᠸᠡ ᠶᠦᠨ ᠰᠢᠶᠠ ᠤᠯᠠᠨᠳᠠ ᠳᠦᠡᠭᠯᠢᠶᠦᠦ ᠬᠤᠳᠠ ᠶᠢᠨ ᠭᠦᠨᠳᠦ ᠭᠦᠡᠭᠭᠡᠨ ᠪᠡᠶ᠎ᠠ ᠶᠢᠨ ᠳᠠᠮᠢᠷ ᠤᠨ ᠤᠷᠤᠯᠳᠤᠭᠠᠨ ᠤ ᠨᠢᠭᠡᠳᠦᠭᠡᠷ ᠨᠡᠷ᠎ᠠ ᠪᠠᠷ ᠳᠤᠳᠤᠷᠠᠵᠤ ᠪᠠᠶᠢᠵᠠᠢ᠃ 2009 ᠤᠨ ᠳᠤ ᠴᠸᠡ ᠶᠦᠨ ᠰᠢᠶᠠ ᠱᠠᠩᠬᠠᠢ ᠬᠤᠳᠠ ᠶᠢᠨ ᠴᠢ ᠪᠤᠤ ᠳᠤᠮᠳᠠᠳᠤ ᠰᠤᠷᠭᠠᠭᠤᠯᠢ ᠳᠤ ᠰᠤᠩᠭᠤᠭᠳᠠᠨ ᠶᠠᠪᠤᠵᠠᠢ᠃ 2011 ᠤᠨ ᠳᠤ ᠱᠠᠩᠬᠠᠢ ᠬᠤᠳᠠ ᠶᠢᠨ ᠤᠷᠤᠯᠳᠤᠭᠠᠨ ᠤ ᠵᠠᠪᠢ ᠶᠢᠨ ᠠᠩᠭᠢ ᠳᠤ ᠰᠢᠯᠢᠭᠳᠡᠨ ᠤᠷᠤᠭᠰᠠᠨ ᠪᠠᠶᠢᠨ᠎ᠠ᠃     ᠳᠦᠷᠪᠡᠨ ᠭᠦᠮᠦᠨ ᠤ ᠳᠤᠳᠤᠷ᠎ᠠ᠂ ᠴᠸᠡ ᠶᠦᠨ ᠰᠢᠶᠠ ᠪᠤᠰᠤᠳ ᠢᠶᠠᠨ ᠪᠤᠳᠤᠪᠠᠯ᠂ ᠨᠠᠮᠵᠢᠭᠤᠨ ᠲᠤᠳᠤᠷᠠᠯᠢᠭ ᠵᠠᠩ ᠲᠠᠢ ᠪᠠᠶᠢᠳᠠᠭ ᠴᠦ ᠬᠠᠮᠤᠭ ᠠᠴᠠ ᠢᠯᠡᠭᠦᠦ ᠪᠤᠯᠪᠠᠰᠤᠷᠠᠯ ᠤᠨ ᠬᠠᠯᠠ ᠶᠢ ᠳᠠᠭᠠᠭᠠᠳᠠᠭ ᠨᠢᠭᠡᠨ ᠪᠠᠶᠢᠯ᠎ᠠ᠃ ᠤᠯᠢᠮᠫᠢᠺ ᠤᠨ ᠮᠦᠷᠦᠭᠡᠳᠦᠯ ᠤᠨ ᠳᠦᠯᠦᠭᠡ ᠶᠠᠮᠠᠷ ᠶᠡᠭᠡ ᠬᠠᠯᠠ ᠪᠠᠷᠭᠡᠰᠢᠶᠡᠯ ᠪᠠᠶᠢᠭᠰᠠᠨ ᠴᠦ  ᠬᠤᠶᠢᠰᠢ ᠤᠬᠤᠷᠢᠭ᠎ᠠ ᠦᠭᠡᠢ᠂ ᠨᠢᠭᠡᠳ ᠨᠢᠭᠡ ᠪᠠᠷ ᠳᠤᠭᠤᠯᠵᠤ ᠢᠷᠡᠭᠰᠡᠨ ᠶᠤᠮ᠃ ᠴᠸᠡ ᠶᠦᠨ ᠰᠢᠶᠠ ᠤᠤᠯ ᠨᠢ 5 ᠵᠢᠯ ᠭᠠᠷᠤᠢ ᠶᠢᠨ ᠭᠦᠨᠳᠦ ᠭᠦᠡᠭᠭᠡᠨ ᠪᠡᠶ᠎ᠠ ᠶᠢᠨ ᠳᠠᠮᠢᠷ ᠤᠨ ᠳᠠᠮᠢᠷᠴᠢᠨ ᠪᠠᠶᠢᠭᠰᠠᠨ ᠳᠤᠯᠠ ᠮᠠᠰᠢ ᠰᠠᠶᠢᠨ ᠪᠢᠷ᠎ᠠ ᠳᠠᠮᠢᠷ᠂ ᠪᠠᠶ᠎ᠠ ᠶᠢᠨ ᠭᠦᠷᠦᠩᠭᠡ ᠲᠠᠢ ᠪᠠᠶᠢᠳᠠᠭ ᠤᠨ ᠭᠠᠳᠠᠨ᠎ᠠ᠂ ᠵᠤᠷᠢᠭᠰᠠᠨ ᠳᠠᠭᠠᠨ ᠭᠦᠷᠳᠡᠭ ᠵᠤᠷᠢᠮᠠᠭ ᠵᠠᠩ ᠲᠠᠢ ᠪᠠᠶᠢᠳᠠᠭ ᠠᠴᠠ ᠭᠡᠳᠦ᠋ᠢᠪᠡᠷ ᠤᠷᠤᠯᠳᠤᠭᠠᠨ ᠤ ᠵᠠᠪᠢ ᠶᠢᠨ ᠳᠠᠮᠢᠷᠴᠢᠨ ᠪᠤᠯᠤᠭᠠᠳ ᠤᠳᠠᠭ᠎ᠠ ᠦᠭᠡᠢ ᠴᠦ ᠮᠠᠰᠢ ᠳᠦᠷᠭᠡᠨ ᠪᠤᠯᠪᠠᠰᠤᠷᠠᠨ ᠳᠠᠪᠰᠢᠵᠤ᠂ ᠦᠨᠦᠳᠦᠷ ᠦᠪᠡᠷ ᠤᠨ ᠭᠦᠰᠡᠯ ᠮᠦᠷᠦᠭᠡᠳᠦᠯ ᠢᠶᠠᠨ ᠪᠡᠶᠡᠯᠡᠭᠦᠯᠵᠤ ᠴᠢᠳᠠᠭᠰᠠᠨ ᠪᠠᠶᠢᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠡᠶ᠎ᠡ ᠶᠢᠨ ᠲᠠᠮᠢᠷ ᠤᠨ ᠲᠤᠪᠴᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号