ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠰᠤᠶᠤᠯ᠎ᠤᠨ ᠵᠠᠬ᠎ᠠ ᠳᠡᠯᠭᠡᠭᠦᠷ᠎ᠤᠨ ᠬᠠᠮᠢᠶᠠᠷᠤᠯᠲᠠ ᠵᠢᠨ ᠳᠦᠷᠢᠮ
ᠨᠡᠶᠢᠲᠡᠯᠡᠭᠰᠡᠨ ᠴᠠᠭ᠄ 2019-10-17

     (1994 ᠤᠨ ᠎ᠤ 5 ᠰᠠᠷ᠎ᠠ ᠵᠢᠨ 31 ᠎ᠤ ᠡᠳᠦᠷ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ ᠎ᠤ ᠨᠠᠢ᠍ᠮᠠᠳᠤᠭ᠋ᠠᠷ ᠬᠤᠭᠤᠴᠠᠭ᠋ᠠᠨ᠎ᠤ ᠠᠷᠠᠳ ᠎ᠤᠨ ᠲᠦᠯᠦᠭᠡᠯᠡᠭᠴᠢᠳ ᠎ᠤᠨ ᠶᠡᠬᠡ ᠬᠤᠷᠠᠯ ᠎ᠤᠨ ᠪᠠᠢ᠌ᠩᠭᠤ ᠵᠢᠨ ᠬᠤᠷᠢᠶ᠎ᠠ ᠵᠢᠨ ᠨᠠᠢ᠍ᠮᠠᠳᠤᠭ᠋ᠠᠷ ᠤᠳᠠᠭ᠋ᠠᠨ᠎ᠤ ᠬᠤᠷᠠᠯ ᠵᠶ᠋ᠠᠷ ᠪᠠᠲᠤᠯᠠᠵᠤ᠂ 1998 ᠤᠨ᠎ᠤ 11 ᠰᠠᠷ᠎ᠠ ᠵᠢᠨ 27 ᠎ᠤ ᠡᠳᠦᠷ ᠎ᠤᠨ ᠦᠪᠦᠷ ᠮᠤᠩᠭᠤᠯ ᠎ᠤᠨ ᠦᠪᠡᠷᠲᠡᠭᠡᠨ ᠵᠠᠰᠠᠬᠤ ᠤᠷᠤᠨ᠎ᠤ ᠶᠢᠰᠦᠳᠦᠭᠡᠷ ᠬᠤᠭᠤᠴᠠᠭ᠋ᠠᠨ ᠎ᠤ ᠠᠷᠠᠳ᠎ᠤᠨ ᠲᠦᠯᠦᠭᠡᠯᠡᠭᠴᠢᠳ ᠎ᠤᠨ ᠶᠡᠬᠡ ᠬᠤᠷᠠᠯ᠎ᠤᠨ ᠪᠠᠢ᠌ᠩᠭᠤ ᠵᠢᠨ ᠬᠤᠷᠢᠶ᠎ᠠ ᠵᠢᠨ ᠵᠢᠷᠭᠤᠳᠤᠭ᠋ᠠᠷ ᠤᠳᠠᠭ᠋ᠠᠨ ᠎ᠤ ᠬᠤᠷᠠᠯ ᠎ᠢ ᠦᠨᠳᠦᠰᠦᠯᠡᠵᠦ᠂《〈ᠦᠪᠦᠷ ᠮᠤᠩᠭᠤᠯ ᠎ᠤᠨ ᠦᠪᠡᠷᠲᠡᠭᠡᠨ ᠵᠠᠰᠠᠬᠤ ᠤᠷᠤᠨ᠎ᠤ ᠰᠤᠶᠤᠯ ᠎ᠤᠨ ᠵᠠᠬ᠎ᠠ ᠳᠡᠯᠭᠡᠭᠦᠷ ᠎ᠤᠨ ᠬᠠᠮᠢᠶᠠᠷᠤᠯᠲᠠ ᠵᠢᠨ ᠳᠦᠷᠢᠮ〉᠎ᠳᠤ ᠵᠠᠰᠠᠪᠤᠷᠢ ᠤᠷᠤᠭᠤᠯᠬᠤ ᠲᠤᠬᠠᠢ ᠲᠤᠭᠲᠠᠭ᠋ᠠᠯ》᠎ᠳᠤ ᠨᠢᠭᠡᠳᠦᠭᠡᠷ ᠤᠳᠠᠭ᠎ᠠ ᠵᠠᠰᠠᠪᠤᠷᠢ ᠤᠷᠤᠭᠤᠯᠵᠤ᠂ 2010   ᠤᠨ ᠎ᠤ 9 ᠰᠠᠷ᠎ᠠ ᠵᠢᠨ 17 ᠎ᠤ ᠡᠳᠦᠷ ᠎ᠤᠨ ᠦᠪᠦᠷ ᠮᠤᠩᠭᠤᠯ ᠎ᠤᠨ ᠦᠪᠡᠷᠲᠡᠭᠡᠨ ᠵᠠᠰᠠᠬᠤ ᠤᠷᠤᠨ ᠎ᠤ ᠠᠷᠪᠠᠨ ᠨᠢᠭᠡᠳᠦᠭᠡᠷ ᠬᠤᠭᠤᠴᠠᠭ᠋ᠠᠨ᠎ᠤ ᠠᠷᠠᠳ ᠎ᠤᠨ ᠲᠦᠯᠦᠭᠡᠯᠡᠭᠴᠢᠳ᠎ᠤᠨ ᠶᠡᠬᠡ ᠬᠤᠷᠠᠯ ᠎ᠤᠨ ᠪᠠᠢ᠌ᠩᠭᠤ ᠵᠢᠨ ᠬᠤᠷᠢᠶ᠎ᠠ ᠵᠢᠨ ᠠᠷᠪᠠᠨ ᠳᠤᠯᠤᠳᠤᠭ᠋ᠠᠷ ᠤᠳᠠᠭ᠋ᠠᠨ᠎ᠤ ᠬᠤᠷᠠᠯ ᠎ᠢ ᠦᠨᠳᠦᠰᠦᠯᠡᠵᠦ᠂《ᠬᠡᠰᠡᠭ ᠤᠷᠤᠨ ᠨᠤᠲᠤᠭ ᠎ᠤᠨ ᠴᠢᠨᠠᠷᠲᠠᠢ ᠬᠠᠤᠯᠢ ᠳᠦᠷᠢᠮ ᠎ᠳᠤ ᠵᠠᠰᠠᠪᠤᠷᠢ ᠤᠷᠤᠭᠤᠯᠬᠤ ᠲᠤᠬᠠᠢ ᠲᠤᠭᠲᠠᠭ᠋ᠠᠯ  (ᠬᠤᠶᠠᠷ)》᠎ᠳᠤ ᠬᠤᠶᠠᠳᠤᠭ᠋ᠠᠷ ᠤᠳᠠᠭ᠎ᠠ ᠵᠠᠰᠠᠪᠤᠷᠢ ᠤᠷᠤᠭᠤᠯᠵᠤ᠂ 2016   ᠤᠨ ᠎ᠤ 5 ᠰᠠᠷ᠎ᠠ ᠵᠢᠨ 30  ᠎ᠤ ᠡᠳᠦᠷ ᠎ᠤᠨ ᠦᠪᠦᠷ ᠮᠤᠩᠭᠤᠯ ᠎ᠤᠨ ᠦᠪᠡᠷᠲᠡᠭᠡᠨ ᠵᠠᠰᠠᠬᠤ ᠤᠷᠤᠨ ᠎ᠤ ᠠᠷᠪᠠᠨ ᠬᠤᠶᠠᠳᠤᠭ᠋ᠠᠷ ᠬᠤᠭᠤᠴᠠᠭ᠋ᠠᠨ ᠎ᠤ ᠠᠷᠠᠳ ᠎ᠤᠨ ᠲᠦᠯᠦᠭᠡᠯᠡᠭᠴᠢᠳ ᠎ᠤᠨ ᠶᠡᠬᠡ ᠬᠤᠷᠠᠯ ᠎ᠤᠨ ᠪᠠᠢ᠌ᠩᠭᠤ ᠵᠢᠨ ᠬᠤᠷᠢᠶ᠎ᠠ ᠵᠢᠨ ᠬᠤᠷᠢᠨ ᠬᠤᠶᠠᠳᠤᠭ᠋ᠠᠷ ᠤᠳᠠᠭ᠋ᠠᠨ ᠎ᠤ ᠬᠤᠷᠠᠯ ᠎ᠢ ᠦᠨᠳᠦᠰᠦᠯᠡᠵᠦ᠂《ᠬᠡᠰᠡᠭ ᠤᠷᠤᠨ ᠨᠤᠲᠤᠭ ᠎ᠤᠨ ᠴᠢᠨᠠᠷᠲᠠᠢ ᠬᠠᠤᠯᠢ ᠳᠦᠷᠢᠮ ᠎ᠳᠤ ᠵᠠᠰᠠᠪᠤᠷᠢ ᠤᠷᠤᠭᠤᠯᠬᠤ ᠲᠤᠬᠠᠢ ᠲᠤᠭᠲᠠᠭ᠋ᠠᠯ》᠎ᠳᠤ ᠭᠤᠷᠪᠠᠳᠤᠭ᠋ᠠᠷ ᠤᠳᠠᠭ᠋ᠠᠨ ᠎ᠤ ᠵᠠᠰᠠᠪᠤᠷᠢ ᠤᠷᠤᠭᠤᠯᠪᠠ)


ᠨᠢᠭᠡᠳᠦᠭᠡᠷ ᠪᠦᠯᠦᠭ   ᠶᠡᠷᠦᠩᠬᠡᠢ ᠳᠦᠷᠢᠮ

    ᠨᠢᠭᠡᠳᠦᠭᠡᠷ ᠵᠤᠷᠪᠤᠰ   ᠰᠤᠶᠤᠯ᠎ᠤᠨ ᠵᠠᠬ᠎ᠠ ᠳᠡᠯᠭᠡᠭᠦᠷ ᠎ᠤᠨ ᠬᠠᠮᠢᠶᠠᠷᠤᠯᠲᠠ ᠵᠢ ᠴᠢᠩᠭ᠋ᠠᠳᠬᠠᠵᠤ᠂ ᠨᠡᠢ᠌ᠭᠡᠮ ᠵᠢᠷᠤᠮᠲᠤ ᠰᠤᠶᠤᠯ ᠎ᠤᠨ ᠦᠢ᠍ᠯᠡᠰ᠎ᠢ ᠴᠡᠴᠡᠭᠯᠡᠭᠦᠯᠦᠨ ᠬᠦᠭᠵᠢᠭᠦᠯᠵᠦ᠂ ᠨᠡᠢ᠌ᠭᠡᠮ ᠵᠢᠷᠤᠮᠲᠤ ᠤᠶᠤᠨ᠎ᠤ ᠪᠤᠯᠪᠠᠰᠤᠨ᠎ᠤ ᠪᠠᠢ᠌ᠭᠤᠯᠤᠯᠲᠠ ᠵᠢ ᠠᠬᠢᠭᠤᠯᠵᠤ᠂ ᠨᠡᠢ᠌ᠭᠡᠮ ᠵᠢᠷᠤᠮᠲᠤ ᠵᠠᠬ᠎ᠠ ᠳᠡᠯᠭᠡᠭᠦᠷ᠎ᠤᠨ ᠠᠵᠤ ᠠᠬᠤᠢ ᠵᠢᠨ ᠪᠠᠢ᠌ᠭᠤᠯᠤᠯ ᠎ᠤᠨ ᠬᠡᠷᠡᠭᠴᠡᠭᠡ ᠎ᠳᠤ ᠵᠤᠬᠢᠴᠠᠭᠤᠯᠬᠤ ᠵᠢᠨ ᠲᠦᠯᠦᠭᠡ᠂ ᠦᠨᠳᠦᠰᠦᠨ ᠬᠠᠤᠯᠢ ᠪᠤᠯᠤᠨ ᠬᠤᠯᠪᠤᠭᠳᠠᠯ ᠪᠦᠬᠦᠢ ᠬᠠᠤᠯᠢ ᠴᠠᠭ᠋ᠠᠵᠠ᠂ ᠬᠠᠤᠯᠢ ᠲᠤᠭᠲᠠᠭ᠋ᠠᠯ᠎ᠢ ᠦᠨᠳᠦᠰᠦᠯᠡᠨ᠂ ᠦᠪᠡᠷᠲᠡᠭᠡᠨ ᠵᠠᠰᠠᠬᠤ ᠤᠷᠤᠨ ᠎ᠤ ᠪᠤᠳᠠᠲᠤ ᠪᠠᠢ᠌ᠳᠠᠯ᠎ᠲᠠᠢ ᠤᠶᠠᠯᠳᠤᠭᠤᠯᠤᠨ ᠲᠤᠰ ᠳᠦᠷᠢᠮ᠎ᠢ ᠲᠤᠭᠲᠠᠭ᠋ᠠᠪᠠ᠃
    ᠬᠤᠶᠠᠳᠤᠭ᠋ᠠᠷ ᠵᠤᠷᠪᠤᠰ   ᠦᠪᠡᠷᠲᠡᠭᠡᠨ ᠵᠠᠰᠠᠬᠤ ᠤᠷᠤᠨ᠎ᠤ ᠬᠡᠪᠴᠢᠶᠡᠨ᠎ᠳᠤ ᠰᠤᠶᠤᠯ ᠎ᠤᠨ ᠡᠵᠡᠩᠨᠡᠯᠲᠡ ᠵᠢᠨ ᠠᠵᠢᠯᠯᠠᠭ᠎ᠠ ᠡᠷᠬᠢᠯᠡᠵᠦ ᠪᠠᠢ᠌ᠭ᠎ᠠ ᠠᠯᠢᠪᠠ ᠪᠠᠢ᠌ᠭᠤᠯᠭ᠎ᠠ ᠪᠤᠯᠤᠨ ᠬᠤᠪᠢ ᠬᠦᠮᠦᠨ ᠡᠷᠬᠡᠪᠡᠰᠢ ᠲᠤᠰ ᠳᠦᠷᠢᠮ᠎ᠢ ᠵᠢᠷᠤᠮᠯᠠᠬᠤ ᠬᠡᠷᠡᠭᠲᠡᠢ᠃
      ᠭᠤᠷᠪᠠᠳᠤᠭ᠋ᠠᠷ ᠵᠤᠷᠪᠤᠰ   ᠡᠯ᠎ᠡ ᠱᠠᠲᠤᠨ᠎ᠤ ᠠᠷᠠᠳ ᠎ᠤᠨ ᠵᠠᠰᠠᠭ᠎ᠤᠨ ᠤᠷᠳᠤᠨ ᠰᠤᠶᠤᠯ᠎ᠤᠨ ᠵᠠᠬ᠎ᠠ ᠳᠡᠯᠭᠡᠭᠦᠷ ᠎ᠤᠨ ᠬᠠᠮᠢᠶᠠᠷᠤᠯᠲᠠ ᠵᠢᠨ ᠤᠳᠤᠷᠢᠳᠤᠯᠭ᠎ᠠ᠎ᠪᠠᠨ ᠴᠢᠩᠭ᠋ᠠᠳᠬᠠᠵᠤ᠂ ᠨᠢᠭᠡ ᠲᠠᠯ᠎ᠠ᠎ᠪᠠᠷ ᠬᠦᠭᠵᠢᠯᠲᠡ ᠵᠢ ᠠᠳᠬᠤᠵᠤ᠂ ᠨᠢᠭᠡ ᠲᠠᠯ᠎ᠠ ᠎ᠪᠠᠷ ᠬᠠᠮᠢᠶᠠᠷᠤᠯᠲᠠ ᠵᠢ ᠠᠳᠬᠤᠬᠤ ᠵᠢ ᠡᠷᠡᠰ ᠪᠠᠷᠢᠮᠲᠠᠯᠠᠬᠤ ᠬᠡᠷᠡᠭᠲᠡᠢ᠃
      ᠰᠤᠶᠤᠯ ᠎ᠤᠨ ᠵᠠᠬ᠎ᠠ ᠳᠡᠯᠭᠡᠭᠦᠷ ᠎ᠤᠨ ᠡᠵᠡᠩᠨᠡᠯᠲᠡ ᠪᠠ ᠬᠠᠮᠢᠶᠠᠷᠤᠯᠲᠠ ᠡᠷᠬᠡᠪᠡᠰᠢ ᠠᠷᠠᠳ ᠲᠦᠮᠡᠨ ᠎ᠳᠤ ᠦᠢ᠍ᠯᠡᠴᠢᠯᠡᠬᠦ᠂ ᠨᠡᠢ᠌ᠭᠡᠮ ᠵᠢᠷᠤᠮ᠎ᠳᠤ ᠦᠢ᠍ᠯᠡᠴᠢᠯᠡᠬᠦ ᠴᠢᠭᠯᠡᠯ ᠵᠶ᠋ᠠᠨ ᠡᠷᠡᠰ ᠪᠠᠷᠢᠮᠲᠠᠯᠠᠵᠤ᠂ ᠨᠡᠢ᠌ᠭᠡᠮ᠎ᠤᠨ ᠦᠷ᠎ᠡ ᠠᠰᠢᠭ᠎ᠢ ᠲᠡᠷᠢᠭᠦᠨ ᠪᠠᠢ᠌ᠷᠢᠨ ᠎ᠳᠤ ᠲᠠᠯᠪᠢᠵᠤ᠂ ᠡᠷᠡᠭᠦᠯ ᠮᠡᠨᠳᠦ᠎ᠳᠤ ᠲᠤᠰᠠᠲᠠᠢ᠂ ᠭᠤᠢ᠌ᠲᠠ ᠪᠠᠶᠠᠯᠢᠭ ᠠᠭᠤᠯᠭ᠎ᠠ᠎ᠲᠠᠢ᠂ ᠤᠯᠠᠨ ᠲᠦᠮᠡᠨ᠎ᠤ ᠰᠤᠨᠢᠷᠬᠠᠬᠤ ᠳᠤᠷᠠᠲᠠᠢ ᠪᠦᠭᠡᠳ ᠦᠨᠳᠦᠰᠦᠲᠡᠨ᠎ᠤ ᠪᠦᠯᠬᠦᠮᠳᠡᠯ ᠎ᠳᠤ ᠠᠰᠢᠭᠲᠠᠢ ᠰᠤᠶᠤᠯ᠎ᠤᠨ ᠡᠵᠡᠩᠨᠡᠬᠦ ᠠᠵᠢᠯᠯᠠᠭ᠎ᠠ ᠵᠢ ᠵᠤᠷᠢᠭᠵᠢᠭᠤᠯᠤᠨ ᠳᠡᠮᠵᠢᠬᠦ ᠬᠡᠷᠡᠭᠲᠡᠢ᠃ ᠲᠡᠷᠰᠯᠡᠭᠦᠦ ᠠᠭᠤᠯᠭ᠎ᠠ᠎ᠲᠠᠢ᠂ ᠰᠠᠳᠤᠷ ᠰᠠᠮᠠᠭᠤᠨ ᠱᠠᠯᠢᠭ ᠵᠠᠪᠬᠠᠢ᠂ ᠬᠦᠴᠦᠷᠬᠡᠭᠯᠡᠯᠲᠦ ᠠᠵᠢᠯᠯᠠᠭ᠎ᠠ᠂ ᠹᠸᠤᠳᠠᠯ ᠎ᠤᠨ ᠮᠤᠬᠤᠷ ᠰᠦᠰᠦᠭ᠂ ᠵᠤᠭᠤᠰ ᠮᠦᠷᠦᠢ᠌ᠴᠡᠬᠦ ᠪᠤᠯᠤᠨ ᠦᠨᠳᠦᠰᠦᠲᠡᠨ ᠎ᠤ ᠪᠦᠯᠬᠦᠮᠳᠡᠯ ᠎ᠳᠤ ᠠᠰᠢᠭ ᠦᠭᠡᠢ ᠰᠤᠶᠤᠯ ᠎ᠤᠨ ᠡᠵᠡᠩᠨᠡᠬᠦ ᠠᠵᠢᠯᠯᠠᠭ᠎ᠠ ᠵᠢ ᠬᠤᠷᠢᠭᠯᠠᠨ ᠴᠠᠭ᠋ᠠᠵᠠᠯᠠᠨ᠎ᠠ᠃
      ᠳᠦᠷᠪᠡᠳᠦᠭᠡᠷ ᠵᠤᠷᠪᠤᠰ   ᠦᠨᠳᠦᠰᠦᠲᠡᠨ᠎ᠤ ᠰᠤᠶᠤᠯ ᠎ᠤᠨ ᠰᠢᠯᠢᠳᠡᠭ ᠤᠯᠠᠮᠵᠢᠯᠠᠯ ᠎ᠢ ᠵᠠᠯᠭ᠋ᠠᠮᠵᠢᠯᠠᠨ ᠪᠠᠳᠠᠷᠠᠭᠤᠯᠵᠤ᠂ ᠦᠨᠳᠦᠰᠦᠲᠡᠨ᠎ᠤ ᠬᠡᠯᠪᠡᠷᠢ ᠪᠤᠯᠤᠨ ᠦᠨᠳᠦᠰᠦᠲᠡᠨ ᠎ᠤ ᠤᠨᠴᠠᠯᠢᠭ ᠪᠦᠬᠦᠢ ᠰᠤᠶᠤᠯ᠎ᠤᠨ ᠡᠵᠡᠩᠨᠡᠬᠦ ᠠᠵᠢᠯᠯᠠᠭ᠎ᠠ ᠵᠢ ᠳᠡᠮᠵᠢᠨ ᠪᠠᠳᠠᠷᠠᠭᠤᠯᠵᠤ᠂ ᠨᠡᠢ᠌ᠭᠡᠮ ᠵᠢᠷᠤᠮᠲᠤ ᠦᠨᠳᠦᠰᠦᠲᠡᠨ ᠎ᠤ ᠰᠤᠶᠤᠯ ᠎ᠤᠨ ᠦᠢ᠍ᠯᠡᠰ᠎ᠢ ᠴᠡᠴᠡᠭᠯᠡᠨ ᠬᠦᠭᠵᠢᠭᠦᠯᠦᠨ᠎ᠡ᠃
      ᠬᠦᠳᠡᠭᠡ ᠲᠤᠰᠬᠤᠨ᠂ ᠮᠠᠯᠵᠢᠬᠤ ᠤᠷᠤᠨ᠎ᠤ ᠰᠤᠶᠤᠯ ᠎ᠤᠨ ᠵᠠᠬ᠎ᠠ ᠳᠡᠯᠭᠡᠭᠦᠷ᠎ᠤᠨ ᠬᠦᠭᠵᠢᠯᠲᠡ ᠵᠢ ᠵᠤᠷᠢᠭᠵᠢᠭᠤᠯᠤᠨ ᠳᠡᠮᠵᠢᠵᠦ᠂ ᠬᠦᠳᠡᠭᠡ ᠲᠤᠰᠬᠤᠨ᠂ ᠮᠠᠯᠵᠢᠬᠤ ᠤᠷᠤᠨ᠎ᠳᠤ ᠰᠤᠶᠤᠯ ᠎ᠤᠨ ᠡᠵᠡᠩᠨᠡᠯᠲᠡ ᠵᠢᠨ ᠵᠦᠢ᠍ᠯ ᠎ᠢ ᠨᠡᠬᠡᠬᠡᠨ ᠡᠷᠬᠢᠯᠡᠬᠦ ᠪᠤᠯᠤᠨ ᠺᠢᠨᠤ᠋ ᠭᠠᠷᠭ᠋ᠠᠬᠤ ᠠᠵᠢᠯᠯᠠᠭ᠎ᠠ ᠵᠢ ᠨᠡᠬᠡᠬᠡᠨ ᠬᠦᠭᠵᠢᠭᠦᠯᠬᠦ ᠵᠢ ᠬᠠᠷᠠᠭ᠋ᠠᠯᠵᠠᠨ ᠳᠡᠮᠵᠢᠨ᠎ᠡ᠃
      ᠲᠠᠪᠤᠳᠤᠭ᠋ᠠᠷ ᠵᠤᠷᠪᠤᠰ   ᠲᠤᠰ ᠳᠦᠷᠢᠮ ᠳᠤᠤᠷᠠᠬᠢ ᠰᠤᠶᠤᠯ᠎ᠤᠨ ᠡᠵᠡᠩᠨᠡᠬᠦ ᠠᠵᠢᠯᠯᠠᠭ᠋ᠠᠨ᠎ᠳᠤ ᠵᠤᠷᠢᠭᠤᠯᠤᠯᠲᠠ᠎ᠲᠠᠢ᠄
     (  ᠨᠢᠭᠡ)   ᠡᠵᠡᠩᠨᠡᠯᠲᠡ ᠵᠢᠨ ᠴᠢᠨᠠᠷᠲᠠᠢ ᠲᠤᠭᠯᠠᠯᠲᠠ᠂ ᠤᠷᠤᠯᠳᠤᠭ᠋ᠠᠨ ᠲᠡᠮᠡᠴᠡᠭᠡᠨ᠂ ᠳᠡᠯᠭᠡᠨ ᠦᠵᠡᠭᠦᠯᠦᠯᠭᠡ;
     (  ᠬᠤᠶᠠᠷ)   ᠡᠵᠡᠩᠨᠡᠯᠲᠡ ᠵᠢᠨ ᠴᠢᠨᠠᠷᠲᠠᠢ ᠨᠠᠢ᠌ᠷ ᠴᠡᠩᠭᠡᠭᠦᠨ ᠎ᠤ ᠬᠦᠳᠡᠯᠭᠡᠭᠡᠨ;
     (  ᠭᠤᠷᠪᠠ)   ᠨᠤᠮ ᠪᠢᠴᠢᠭ᠂ ᠭᠡᠷᠡᠯ ᠵᠢᠷᠤᠭ᠂ ᠰᠤᠨᠢᠨ ᠰᠡᠳᠭᠦᠯ ᠲᠠᠷᠬᠠᠭ᠋ᠠᠬᠤ ᠪᠠ ᠪᠤᠷᠤᠯᠠᠭᠤᠯᠬᠤ᠂ ᠲᠦᠷᠢᠶᠡᠰᠦᠯᠡᠭᠦᠯᠬᠦ;
     (  ᠳᠦᠷᠪᠡ)   ᠳᠠᠭᠤ ᠳᠦᠷᠰᠦ ᠰᠢᠩᠭᠡᠭᠡᠯᠲᠡ ᠵᠢᠨ ᠦᠢ᠍ᠯᠡᠳᠭᠦᠨ᠎ᠤ ᠲᠠᠷᠬᠠᠭ᠋ᠠᠬᠤ᠂ ᠪᠤᠷᠤᠯᠠᠭᠤᠯᠬᠤ᠂ ᠲᠦᠷᠢᠶᠡᠰᠦᠯᠡᠭᠦᠯᠬᠦ᠂ ᠰᠤᠨᠢᠷᠬᠠᠭᠤᠯᠬᠤ;
     (  ᠲᠠᠪᠤ)   ᠤᠷᠠᠨ ᠪᠢᠴᠢᠯᠭᠡ᠂ ᠤᠷᠠᠨ ᠵᠢᠷᠤᠭ ᠵᠡᠷᠭᠡ ᠤᠷᠠᠯᠢᠭ᠎ᠤᠨ ᠪᠦᠲᠦᠭᠡᠯ᠎ᠢ ᠪᠤᠷᠤᠯᠠᠭᠤᠯᠬᠤ᠂ ᠦᠨ᠎ᠡ ᠬᠠᠶᠠᠯᠴᠠᠨ ᠬᠤᠳᠠᠯᠳᠤᠬᠤ᠂ ᠡᠵᠡᠩᠨᠡᠯᠲᠡ ᠵᠢᠨ ᠴᠢᠨᠠᠷᠲᠠᠢ ᠴᠠᠷᠳᠠᠵᠤ ᠴᠢᠮᠡᠭᠯᠡᠬᠦ;
     (  ᠵᠢᠷᠭᠤᠭ᠎ᠠ)   ᠺᠢᠨᠤ᠋ ᠵᠢᠨ ᠹᠢᠯᠢᠮ ᠲᠠᠷᠬᠠᠭ᠋ᠠᠬᠤ᠂ ᠡᠵᠡᠩᠨᠡᠯᠲᠡ ᠵᠢᠨ ᠴᠢᠨᠠᠷᠲᠠᠢ ᠺᠢᠨᠤ᠋ ᠭᠠᠷᠭ᠋ᠠᠬᠤ;
     (  ᠳᠤᠯᠤᠭ᠎ᠠ)   ᠬᠠᠤᠯᠢ ᠶᠤᠰᠤᠭ᠋ᠠᠷ ᠵᠦᠪᠰᠢᠶᠡᠷᠡᠭᠰᠡᠨ ᠲᠡᠦᠬᠡ ᠵᠢᠨ ᠳᠤᠷᠠᠰᠬᠠᠯᠲᠤ ᠵᠦᠢ᠍ᠯᠡᠰ ᠎ᠢ ᠡᠵᠡᠩᠨᠡᠬᠦ ᠠᠵᠢᠯᠯᠠᠭ᠎ᠠ;
     (  ᠨᠠᠢ᠍ᠮᠠ)   ᠡᠵᠡᠩᠨᠡᠯᠲᠡ ᠵᠢᠨ ᠴᠢᠨᠠᠷᠲᠠᠢ ᠭᠡᠷᠡᠯ ᠵᠢᠷᠤᠭ ᠲᠠᠲᠠᠬᠤ᠂ ᠳᠦᠷᠰᠦ ᠰᠢᠩᠭᠡᠭᠡᠯᠲᠡ ᠬᠢᠬᠦ;
     (  ᠶᠢᠰᠦ)   ᠡᠵᠡᠩᠨᠡᠯᠲᠡ ᠵᠢᠨ ᠴᠢᠨᠠᠷᠲᠠᠢ ᠰᠤᠶᠤᠯ ᠤᠷᠠᠯᠢᠭ᠎ᠤᠨ ᠪᠤᠯᠪᠠᠰᠤᠷᠠᠯ;
     (  ᠠᠷᠪᠠ)   ᠰᠤᠶᠤᠯ ᠎ᠤᠨ ᠡᠵᠡᠩᠨᠡᠨ ᠬᠠᠮᠢᠶᠠᠷᠬᠤ ᠠᠵᠢᠯᠯᠠᠭ᠎ᠠ;
    (  ᠠᠷᠪᠠᠨ ᠨᠢᠭᠡ)   ᠬᠠᠤᠯᠢ ᠴᠠᠭ᠋ᠠᠵᠠ᠂ ᠬᠠᠤᠯᠢ ᠳᠦᠷᠢᠮ ᠎ᠳᠤ ᠲᠤᠭᠲᠠᠭ᠋ᠠᠭᠳᠠᠭᠰᠠᠨ ᠰᠤᠶᠤᠯ ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠎ᠤᠨ᠎ᠬᠢᠨ ᠎ᠤ ᠬᠠᠮᠢᠶᠠᠷᠤᠯᠲᠠ᠎ᠳᠤ ᠬᠠᠷᠢᠶᠠᠯᠠᠭᠳᠠᠬᠤ ᠪᠤᠰᠤᠳ ᠰᠤᠶᠤᠯ ᠎ᠤᠨ ᠡᠵᠡᠩᠨᠡᠬᠦ ᠠᠵᠢᠯᠯᠠᠭ᠎ᠠ᠃
      ᠵᠢᠷᠭᠤᠳᠤᠭ᠋ᠠᠷ ᠵᠤᠷᠪᠤᠰ   ᠦᠪᠡᠷᠲᠡᠭᠡᠨ ᠵᠠᠰᠠᠬᠤ ᠤᠷᠤᠨ᠎ᠤ ᠰᠤᠶᠤᠯ ᠎ᠤᠨ ᠵᠠᠰᠠᠭ ᠵᠠᠬᠢᠷᠭ᠋ᠠᠨ ᠎ᠤ ᠬᠠᠮᠢᠶᠠᠷᠤᠯᠲᠠ ᠵᠢᠨ ᠰᠠᠯᠠᠭ᠎ᠠ ᠮᠦᠴᠢᠷ ᠪᠤᠯ ᠰᠤᠶᠤᠯ ᠎ᠤᠨ ᠵᠠᠬ᠎ᠠ ᠳᠡᠯᠭᠡᠭᠦᠷ ᠎ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠪᠤᠯᠤᠨ᠎ᠠ᠃ ᠦᠢ᠍ᠯᠡᠳᠪᠦᠷᠢ ᠬᠤᠳᠠᠯᠳᠤᠭ᠋ᠠᠨ ᠎ᠤ ᠵᠠᠰᠠᠭ ᠵᠠᠬᠢᠷᠭ᠋ᠠᠨ ᠎ᠤ ᠬᠠᠮᠢᠶᠠᠷᠤᠯᠲᠠ᠂ ᠳᠤᠲᠤᠭ᠋ᠠᠳᠤ ᠵᠢ ᠬᠠᠮᠠᠭ᠋ᠠᠯᠠᠬᠤ᠂ ᠡᠷᠡᠭᠦᠯ ᠬᠠᠮᠠᠭ᠋ᠠᠯᠠᠯ᠂ ᠪᠠᠷᠠᠭ᠋ᠠᠨ ᠎ᠤ ᠦᠨ᠎ᠡ ᠵᠢᠨ ᠬᠠᠮᠢᠶᠠᠷᠤᠯᠲᠠ᠂ ᠭᠠᠢ᠌ᠯᠢ ᠵᠢᠨ ᠶᠠᠪᠤᠳᠠᠯ᠂ ᠷᠠᠳᠢᠤ᠋ ᠲᠸᠯᠸᠢᠰ᠂ ᠰᠤᠨᠢᠨ ᠮᠡᠳᠡᠭᠡ ᠬᠡᠪᠯᠡᠯ ᠵᠡᠷᠭᠡ ᠬᠤᠯᠪᠤᠭᠳᠠᠯ ᠪᠦᠬᠦᠢ ᠰᠠᠯᠠᠭ᠎ᠠ ᠮᠦᠴᠢᠷ ᠎ᠤᠨ᠎ᠬᠢᠨ ᠦᠪᠡᠷᠰᠡᠳ ᠎ᠤᠨ ᠬᠠᠷᠢᠭᠤᠴᠠᠬᠤ ᠬᠦᠷᠢᠶ᠎ᠡ ᠬᠡᠪᠴᠢᠶᠡᠨ ᠎ᠳᠤ ᠎ᠪᠠᠨ ᠰᠤᠶᠤᠯ ᠎ᠤᠨ ᠵᠠᠬ᠎ᠠ ᠳᠡᠯᠭᠡᠭᠦᠷ᠎ᠲᠤ ᠬᠢᠨᠠᠯᠲᠠ ᠲᠠᠯᠪᠢᠨ ᠬᠠᠮᠢᠶᠠᠷᠤᠨ᠎ᠠ᠃
      ᠳᠤᠯᠤᠳᠤᠭ᠋ᠠᠷ ᠵᠤᠷᠪᠤᠰ   ᠬᠤᠰᠢᠭᠤ ᠰᠢᠶᠠᠨ᠎ᠠᠴᠠ ᠳᠡᠭᠡᠭᠰᠢᠬᠢ ᠱᠠᠲᠤᠨ᠎ᠤ ᠠᠷᠠᠳ ᠎ᠤᠨ ᠵᠠᠰᠠᠭ ᠎ᠤᠨ ᠤᠷᠳᠤᠨ ᠪᠤᠯᠤᠨ ᠰᠤᠶᠤᠯ ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠎ᠠᠴᠠ ᠲᠤᠰ ᠳᠦᠷᠢᠮ ᠎ᠢ ᠬᠡᠷᠡᠭᠵᠢᠭᠦᠯᠦᠭᠡᠳ ᠲᠤᠪᠤᠢ᠌ᠮ᠎ᠠ ᠠᠮᠵᠢᠯᠲᠠ ᠤᠯᠤᠭᠰᠠᠨ ᠵᠤᠬᠢᠶᠠᠨ ᠪᠠᠢ᠌ᠭᠤᠯᠤᠯᠲᠠ ᠪᠤᠯᠤᠨ ᠬᠤᠪᠢ ᠬᠦᠮᠦᠨ ᠎ᠢ ᠰᠠᠢ᠌ᠰᠢᠶᠠᠨ ᠤᠷᠮᠠᠰᠢᠭᠤᠯᠵᠤ᠂ ᠱᠠᠩᠨᠠᠨ ᠬᠦᠬᠢᠭᠦᠯᠦᠨ᠎ᠡ᠃
     

ᠬᠤᠶᠠᠳᠤᠭ᠋ᠠᠷ ᠪᠦᠯᠦᠭ   ᠬᠠᠮᠢᠶᠠᠷᠤᠯᠲᠠ ᠵᠢᠨ ᠪᠠᠢ᠌ᠭᠤᠯᠤᠮᠵᠢ ᠵᠢᠴᠢ ᠡᠭᠦᠷᠭᠡ ᠬᠠᠷᠢᠭᠤᠴᠠᠯᠭ᠎ᠠ
      ᠨᠠᠢ᠍ᠮᠠᠳᠤᠭ᠋ᠠᠷ ᠵᠤᠷᠪᠤᠰ   ᠦᠪᠡᠷᠲᠡᠭᠡᠨ ᠵᠠᠰᠠᠬᠤ ᠤᠷᠤᠨ᠎ᠤ ᠡᠯ᠎ᠡ ᠱᠠᠲᠤᠨ ᠎ᠤ ᠰᠤᠶᠤᠯ ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠲᠤᠰ ᠵᠠᠰᠠᠭ ᠵᠠᠬᠢᠷᠭ᠋ᠠᠨ᠎ᠤ ᠤᠷᠤᠨ ᠎ᠤ ᠬᠦᠷᠢᠶ᠎ᠡ ᠬᠡᠪᠴᠢᠶᠡᠨ᠎ᠳᠤ᠎ᠬᠢ ᠰᠤᠶᠤᠯ ᠎ᠤᠨ ᠵᠠᠬ᠎ᠠ ᠳᠡᠯᠭᠡᠭᠦᠷ ᠎ᠤᠨ ᠬᠠᠮᠢᠶᠠᠷᠤᠯᠲᠠ ᠵᠢᠨ ᠠᠵᠢᠯ ᠎ᠢ ᠬᠠᠷᠢᠭᠤᠴᠠᠨ᠎ᠠ᠂ ᠭᠤᠤᠯᠳᠠᠭᠤ ᠬᠠᠷᠢᠭᠤᠴᠠᠬᠤ᠎ᠨᠢ᠄
     (  ᠨᠢᠭᠡ) ᠤᠯᠤᠰ᠎ᠤᠨ ᠬᠤᠯᠪᠤᠭᠳᠠᠯ ᠪᠦᠬᠦᠢ ᠬᠠᠤᠯᠢ ᠴᠠᠭ᠋ᠠᠵᠠ᠂ ᠬᠠᠤᠯᠢ ᠳᠦᠷᠢᠮ᠂ ᠲᠦᠷᠦ ᠵᠢᠨ ᠪᠤᠳᠤᠯᠭ᠎ᠠ ᠵᠢᠴᠢ ᠲᠤᠰ ᠳᠦᠷᠢᠮ ᠎ᠢ ᠬᠡᠷᠡᠭᠵᠢᠭᠦᠯᠦᠨ ᠲᠤᠭᠤᠰᠢᠯᠠᠭᠤᠯᠬᠤ;
     (  ᠬᠤᠶᠠᠷ)   ᠰᠤᠶᠤᠯ ᠎ᠤᠨ ᠵᠠᠬ᠎ᠠ ᠳᠡᠯᠭᠡᠭᠦᠷ᠎ᠤᠨ ᠬᠦᠭᠵᠢᠯᠲᠡ ᠵᠢᠨ ᠲᠦᠯᠦᠪᠵᠢᠭᠦᠯᠭᠡ ᠪᠤᠯᠤᠨ ᠬᠠᠮᠢᠶᠠᠷᠤᠯᠲᠠ ᠵᠢᠨ ᠳᠦᠷᠢᠮ ᠎ᠢ ᠲᠤᠭᠲᠠᠭ᠋ᠠᠬᠤ;
     (  ᠭᠤᠷᠪᠠ) 《ᠰᠤᠶᠤᠯ ᠎ᠤᠨ ᠡᠵᠡᠩᠨᠡᠯᠲᠡ ᠵᠢᠨ ᠵᠦᠪᠰᠢᠶᠡᠷᠡᠯ ᠎ᠤᠨ ᠦᠨᠡᠮᠯᠡᠯ》᠎ᠢ ᠬᠢᠨᠠᠨ ᠤᠯᠭᠤᠬᠤ;
     (  ᠳᠦᠷᠪᠡ)   ᠰᠤᠶᠤᠯ ᠎ᠤᠨ ᠡᠵᠡᠩᠨᠡᠬᠦ ᠠᠵᠢᠯᠯᠠᠭ᠋ᠠᠨ᠎ᠳᠤ ᠬᠢᠨᠠᠯᠲᠠ ᠲᠠᠯᠪᠢᠵᠤ᠂ ᠪᠠᠢ᠌ᠴᠠᠭ᠋ᠠᠵᠤ᠂ ᠵᠢᠭ᠋ᠠᠨ ᠵᠢᠯᠤᠭᠤᠳᠬᠤ;
     (  ᠲᠠᠪᠤ) ᠰᠤᠶᠤᠯ ᠎ᠤᠨ ᠡᠵᠡᠩᠨᠡᠬᠦ ᠠᠵᠢᠯᠯᠠᠭ᠋ᠠᠨ ᠎ᠤ ᠳᠤᠮᠳᠠᠬᠢ ᠬᠠᠤᠯᠢ ᠎ᠠᠴᠠ ᠵᠦᠷᠢᠴᠡᠭᠰᠡᠨ ᠦᠢ᠍ᠯᠡ ᠠᠵᠢᠯᠯᠠᠭ᠎ᠠ ᠵᠢ ᠬᠠᠤᠯᠢ ᠶᠤᠰᠤᠭ᠋ᠠᠷ ᠪᠠᠢ᠌ᠴᠠᠭ᠋ᠠᠨ ᠰᠢᠢ᠍ᠳᠪᠦᠷᠢᠯᠡᠬᠦ;  
     (  ᠵᠢᠷᠭᠤᠭ᠎ᠠ) ᠰᠤᠶᠤᠯ ᠎ᠤᠨ ᠵᠠᠬ᠎ᠠ ᠳᠡᠯᠭᠡᠭᠦᠷ ᠎ᠤᠨ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠎ᠤᠨ ᠬᠠᠮᠢᠶᠠᠷᠬᠤ ᠶᠤᠰᠤᠲᠠᠢ ᠪᠤᠰᠤᠳ ᠵᠦᠢ᠍ᠯᠡᠰ ᠎ᠢ ᠬᠠᠮᠢᠶᠠᠷᠤᠨ᠎ᠠ᠃
      ᠡᠯ᠎ᠡ ᠱᠠᠲᠤᠨ᠎ᠤ ᠰᠤᠶᠤᠯ ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠎ᠤᠨ᠎ᠬᠢᠨ ᠰᠤᠶᠤᠯ ᠎ᠤᠨ ᠵᠠᠬ᠎ᠠ ᠳᠡᠯᠭᠡᠭᠦᠷ ᠎ᠲᠤ ᠬᠢᠨᠠᠯᠲᠠ ᠲᠠᠯᠪᠢᠵᠤ᠂ ᠪᠠᠢ᠌ᠴᠠᠭ᠋ᠠᠵᠤ᠂ ᠰᠤᠶᠤᠯ ᠎ᠤᠨ ᠡᠵᠡᠩᠨᠡᠬᠦ ᠠᠵᠢᠯᠯᠠᠭ᠎ᠠ ᠵᠢ ᠵᠢᠭ᠋ᠠᠨ ᠵᠢᠯᠤᠭᠤᠳᠴᠤ᠂ ᠰᠤᠶᠤᠯ ᠎ᠤᠨ ᠡᠵᠡᠩᠨᠡᠬᠦ ᠠᠵᠢᠯᠯᠠᠭ᠋ᠠᠨ ᠎ᠤ ᠳᠤᠮᠳᠠᠬᠢ ᠬᠠᠤᠯᠢ᠎ᠠᠴᠠ ᠵᠦᠷᠢᠴᠡᠭᠰᠡᠨ ᠠᠵᠢᠯᠯᠠᠭ᠎ᠠ ᠵᠢ ᠬᠠᠤᠯᠢ ᠶᠤᠰᠤᠭ᠋ᠠᠷ ᠪᠠᠢ᠌ᠴᠠᠭ᠋ᠠᠨ ᠰᠢᠢ᠍ᠳᠪᠦᠷᠢᠯᠡᠵᠦ ᠪᠤᠯᠤᠨ᠎ᠠ᠃ ᠰᠤᠶᠤᠯ ᠎ᠤᠨ ᠵᠠᠬ᠎ᠠ ᠳᠡᠯᠭᠡᠭᠦᠷ ᠎ᠤᠨ ᠪᠠᠢ᠌ᠴᠠᠭ᠋ᠠᠭᠴᠢ ᠰᠤᠶᠤᠯ ᠎ᠤᠨ ᠵᠠᠬ᠎ᠠ ᠳᠡᠯᠭᠡᠭᠦᠷ᠎ᠲᠤ ᠪᠠᠢ᠌ᠴᠠᠭ᠋ᠠᠯᠲᠠ ᠬᠢᠬᠦ ᠎ᠳᠤ ᠎ᠪᠠᠨ ᠡᠷᠬᠡᠪᠡᠰᠢ ᠬᠤᠶᠠᠷ᠎ᠠᠴᠠ ᠳᠡᠭᠡᠭᠰᠢ ᠬᠦᠮᠦᠨ ᠶᠠᠪᠤᠬᠤ ᠬᠡᠷᠡᠭᠲᠡᠢ ᠮᠦᠷᠲᠡᠭᠡᠨ《ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠰᠤᠶᠤᠯ᠎ᠤᠨ ᠵᠠᠬ᠎ᠠ ᠳᠡᠯᠭᠡᠭᠦᠷ ᠎ᠢ ᠪᠠᠢ᠌ᠴᠠᠭ᠋ᠠᠭᠴᠢ ᠵᠢᠨ ᠦᠨᠡᠮᠯᠡᠯ》ᠪᠤᠯᠤᠨ ᠦᠪᠡᠷᠲᠡᠭᠡᠨ ᠵᠠᠰᠠᠬᠤ ᠤᠷᠤᠨ᠎ᠤ ᠠᠷᠠᠳ ᠎ᠤᠨ ᠵᠠᠰᠠᠭ ᠎ᠤᠨ ᠤᠷᠳᠤᠨ ᠎ᠠᠴᠠ ᠤᠯᠭᠤᠭᠰᠠᠨ《ᠵᠠᠰᠠᠭ ᠵᠠᠬᠢᠷᠭ᠋ᠠᠨ ᠎ᠤ ᠬᠠᠤᠯᠢ ᠵᠢ ᠬᠡᠷᠡᠭᠵᠢᠭᠦᠯᠬᠦ ᠦᠨᠡᠮᠯᠡᠯ》᠎ᠲᠠᠢ ᠪᠠᠢ᠌ᠬᠤ   ᠬᠡᠷᠡᠭᠲᠡᠢ᠃
      ᠶᠢᠰᠦᠳᠦᠭᠡᠷ ᠵᠤᠷᠪᠤᠰ   ᠰᠤᠶᠤᠯ ᠎ᠤᠨ ᠵᠠᠬ᠎ᠠ ᠳᠡᠯᠭᠡᠭᠦᠷ ᠎ᠲᠤ   ᠱᠠᠲᠤᠯᠠᠨ ᠬᠠᠮᠢᠶᠠᠷᠬᠤ ᠵᠢ ᠬᠡᠷᠡᠭᠵᠢᠭᠦᠯᠬᠦ
      (  ᠨᠢᠭᠡ) ᠦᠪᠡᠷᠲᠡᠭᠡᠨ ᠵᠠᠰᠠᠬᠤ ᠤᠷᠤᠨ ᠎ᠤ ᠰᠤᠶᠤᠯ᠎ᠤᠨ ᠵᠠᠰᠠᠭ ᠵᠠᠬᠢᠷᠭ᠋ᠠᠨ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠦᠪᠡᠷᠲᠡᠭᠡᠨ ᠵᠠᠰᠠᠬᠤ ᠤᠷᠤᠨ ᠎ᠤ ᠬᠠᠷᠢᠶ᠎ᠠ ᠨᠢᠭᠡᠴᠢ᠂ ᠤᠯᠤᠰ ᠬᠢᠭᠡᠳ ᠭᠠᠳᠠᠷ ᠮᠤᠵᠢ (  ᠦᠪᠡᠷᠲᠡᠭᠡᠨ ᠵᠠᠰᠠᠬᠤ ᠤᠷᠤᠨ᠂ ᠬᠤᠲᠠ)   ᠵᠢᠨ ᠦᠪᠡᠷᠲᠡᠭᠡᠨ ᠵᠠᠰᠠᠬᠤ ᠤᠷᠤᠨ᠎ᠳᠤ ᠰᠠᠭᠤᠭ᠎ᠠ ᠪᠠᠢ᠌ᠭᠤᠯᠭ᠎ᠠ ᠵᠢᠨ ᠡᠷᠬᠢᠯᠡᠭᠰᠡᠨ ᠰᠤᠶᠤᠯ ᠎ᠤᠨ ᠡᠵᠩᠨᠡᠬᠦ ᠠᠵᠢᠯᠯᠠᠭ᠎ᠠ ᠵᠢ ᠬᠠᠮᠢᠶᠠᠷᠤᠨ᠎ᠠ;
     (  ᠬᠤᠶᠠᠷ) ᠠᠢ᠌ᠮᠠᠭ ᠬᠤᠲᠠ ᠵᠢᠨ ᠰᠤᠶᠤᠯ ᠎ᠤᠨ ᠵᠠᠰᠠᠭ ᠵᠠᠬᠢᠷᠭ᠋ᠠᠨ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠠᠢ᠌ᠮᠠᠭ ᠬᠤᠲᠠ ᠵᠢᠨ ᠵᠶ᠋ᠠᠨ ᠬᠠᠷᠢᠶ᠎ᠠ ᠨᠢᠭᠡᠴᠢ ᠵᠢᠨ ᠡᠷᠬᠢᠯᠡᠭᠰᠡᠨ ᠰᠤᠶᠤᠯ ᠎ᠤᠨ ᠡᠵᠡᠩᠨᠡᠬᠦ ᠠᠵᠢᠯᠯᠠᠭ᠎ᠠ ᠵᠢ ᠬᠠᠮᠢᠶᠠᠷᠤᠨ᠎ᠠ;  
      (  ᠭᠤᠷᠪᠠ)   ᠬᠤᠰᠢᠭᠤ᠂ ᠦᠪᠡᠷᠲᠡᠭᠡᠨ ᠵᠠᠰᠠᠬᠤ ᠬᠤᠰᠢᠭᠤ᠂ ᠰᠢᠶᠠᠨ᠂ ᠲᠤᠭᠤᠷᠢᠭ ᠲᠤᠬᠢᠷᠠᠭᠤᠯᠤᠭᠰᠠᠨ ᠦᠭᠡᠢ ᠬᠤᠲᠠ᠂ ᠬᠤᠲᠠ ᠵᠢᠨ ᠬᠠᠷᠢᠶ᠎ᠠ ᠲᠤᠭᠤᠷᠢᠭ ᠎ᠤᠨ ᠰᠤᠶᠤᠯ ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠬᠤᠰᠢᠭᠤ ᠰᠢᠶᠠᠨ ᠵᠢᠴᠢ ᠳᠤᠤᠷᠠᠬᠢ ᠪᠠᠢ᠌ᠭᠤᠯᠭ᠎ᠠ ᠪᠠ ᠬᠤᠪᠢ ᠬᠦᠮᠦᠨ᠎ᠤ ᠡᠷᠬᠢᠯᠡᠭᠰᠡᠨ ᠰᠤᠶᠤᠯ ᠎ᠤᠨ ᠡᠵᠡᠩᠨᠡᠬᠦ ᠠᠵᠢᠯᠯᠠᠭ᠎ᠠ ᠵᠢ ᠬᠠᠮᠢᠶᠠᠷᠤᠨ᠎ᠠ᠃
      ᠭᠠᠳᠠᠭ᠋ᠠᠳᠤ ᠵᠢᠨ ᠬᠤᠳᠠᠯᠳᠤᠭ᠋ᠠᠴᠢᠨ ᠎ᠤ ᠪᠡᠯᠡ ᠤᠷᠤᠭᠤᠯᠤᠭᠰᠠᠨ ᠠᠵᠤ ᠠᠬᠤᠢ᠌ᠯᠠᠯ ᠎ᠤᠨ ᠡᠷᠬᠢᠯᠡᠭᠰᠡᠨ ᠰᠤᠶᠤᠯ ᠎ᠤᠨ ᠡᠵᠡᠩᠨᠡᠬᠦ ᠠᠵᠢᠯᠯᠠᠭ᠎ᠠ ᠵᠢ ᠦᠪᠡᠷᠲᠡᠭᠡᠨ ᠵᠠᠰᠠᠬᠤ ᠤᠷᠤᠨ ᠎ᠤ ᠰᠤᠶᠤᠯ ᠎ᠤᠨ ᠵᠠᠰᠠᠭ ᠵᠠᠬᠢᠷᠭ᠋ᠠᠨ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠎ᠠᠴᠠ ᠬᠠᠮᠢᠶᠠᠷᠤᠨ᠎ᠠ᠂ ᠤᠯᠤᠰ᠎ᠠᠴᠠ ᠦᠭᠡᠷ᠎ᠡ ᠲᠤᠭᠲᠠᠭ᠋ᠠᠯ᠎ᠲᠠᠢ᠎ᠨᠢ ᠠᠰᠲᠠᠭ᠋ᠠᠨ᠃
      ᠳᠡᠭᠡᠳᠦ ᠱᠠᠲᠤᠨ᠎ᠤ ᠰᠤᠶᠤᠯ ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠬᠡᠷᠡᠭᠴᠡᠭᠡ ᠎ᠪᠠᠨ ᠦᠨᠳᠦᠰᠦᠯᠡᠨ᠂ ᠪᠤᠰᠤᠳ ᠬᠠᠮᠢᠶᠠᠷᠤᠯᠲᠠ ᠵᠢᠨ ᠰᠤᠶᠤᠯ ᠎ᠤᠨ ᠵᠠᠬ᠎ᠠ ᠳᠡᠯᠭᠡᠭᠦᠷ ᠎ᠤᠨ ᠠᠵᠢᠯ ᠵᠶ᠋ᠠᠨ ᠳᠤᠤᠷ᠎ᠠ ᠱᠠᠲᠤᠨ ᠎ᠤ ᠰᠤᠶᠤᠯ ᠎ᠤᠨ ᠵᠠᠰᠠᠭ ᠵᠠᠬᠢᠷᠭ᠋ᠠᠨ ᠎ᠤ ᠬᠠᠮᠢᠶᠠᠷᠤᠯᠲᠠ ᠵᠢᠨ ᠰᠠᠯᠠᠭ᠎ᠠ ᠮᠦᠴᠢᠷ᠎ᠲᠤ ᠨᠠᠢ᠌ᠳᠠᠵᠤ ᠬᠠᠮᠢᠶᠠᠷᠤᠭᠤᠯᠵᠤ   ᠪᠤᠯᠤᠨ᠎ᠠ᠃
      ᠬᠦᠬᠡᠬᠤᠲᠠ ᠪᠤᠯᠤᠨ ᠪᠤᠭᠤᠲᠤ ᠬᠤᠲᠠ ᠵᠢᠨ ᠬᠤᠲᠠ ᠵᠢᠨ ᠲᠤᠭᠤᠷᠢᠭ ᠎ᠤᠨ ᠰᠤᠶᠤᠯ ᠎ᠤᠨ ᠵᠠᠬ᠎ᠠ ᠳᠡᠯᠭᠡᠭᠦᠷ᠎ᠤᠨ ᠱᠠᠲᠤᠯᠠᠨ ᠬᠠᠮᠢᠶᠠᠷᠬᠤ ᠪᠠᠢ᠌ᠭᠤᠯᠤᠯ᠎ᠢ ᠬᠦᠬᠡᠬᠤᠲᠠ ᠪᠤᠯᠤᠨ ᠪᠤᠭᠤᠲᠤ ᠬᠤᠲᠠ ᠵᠢᠨ ᠠᠷᠠᠳ᠎ᠤᠨ ᠵᠠᠰᠠᠭ᠎ᠤᠨ ᠤᠷᠳᠤᠨ ᠪᠤᠲᠠᠲᠠᠢ ᠪᠠᠢ᠌ᠳᠠᠯ ᠵᠶ᠋ᠠᠨ ᠦᠨᠳᠦᠰᠦᠯᠡᠨ ᠲᠤᠭᠲᠠᠭ᠋ᠠᠨ᠎ᠠ᠃
        ᠠᠷᠪᠠᠳᠤᠭ᠋ᠠᠷ ᠵᠤᠷᠪᠤᠰ   ᠰᠤᠶᠤᠯ᠎ᠤᠨ ᠵᠠᠰᠠᠭ ᠵᠠᠬᠢᠷᠭ᠋ᠠᠨ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ᠎ᠨᠢ ᠱᠠᠲᠤᠯᠠᠨ ᠬᠠᠮᠢᠶᠠᠷᠬᠤ ᠬᠦᠷᠢᠶ᠎ᠡ ᠬᠡᠪᠴᠢᠶᠡᠨ᠎ᠳᠤ᠎ᠪᠠᠨ ᠰᠤᠶᠤᠯ ᠎ᠤᠨ ᠵᠠᠬ᠎ᠠ ᠳᠡᠯᠭᠡᠭᠦᠷ᠎ᠤᠨ ᠬᠠᠮᠢᠶᠠᠷᠤᠯᠲᠠ ᠵᠢᠨ ᠰᠦᠢ᠍ᠳᠭᠡᠯ ᠵᠶ᠋ᠠᠨ ᠬᠤᠷᠢᠶᠠᠨ ᠠᠪᠤᠨ᠎ᠠ᠃ ᠰᠦᠢ᠍ᠳᠭᠡᠯ ᠬᠤᠷᠢᠶᠠᠬᠤ ᠬᠦᠷᠢᠶ᠎ᠡ ᠬᠡᠪᠴᠢᠶ᠎ᠡ᠂ ᠪᠠᠷᠢᠮᠵᠢᠶ᠎ᠠ ᠬᠢᠭᠡᠳ ᠬᠡᠷᠡᠭᠯᠡᠬᠦ ᠠᠷᠭ᠎ᠠ ᠬᠡᠮᠵᠢᠶ᠎ᠡ ᠵᠢ ᠤᠯᠤᠰ ᠪᠤᠯᠤᠨ ᠦᠪᠡᠷᠲᠡᠭᠡᠨ ᠵᠠᠰᠠᠬᠤ ᠤᠷᠤᠨ᠎ᠤ ᠬᠤᠯᠪᠤᠭᠳᠠᠯ ᠪᠦᠬᠦᠢ ᠲᠤᠭᠲᠠᠭ᠋ᠠᠯ ᠎ᠤᠨ ᠶᠤᠰᠤᠭ᠋ᠠᠷ ᠬᠡᠷᠡᠭᠵᠢᠭᠦᠯᠦᠨ᠎ᠡ᠃
      ᠠᠷᠪᠠᠨ ᠨᠢᠭᠡᠳᠦᠭᠡᠷ ᠵᠤᠷᠪᠤᠰ     ᠰᠤᠶᠤᠯ᠎ᠤᠨ ᠡᠵᠡᠩᠨᠡᠬᠦ ᠠᠵᠢᠯᠯᠠᠭ᠎ᠠ ᠵᠢ ᠡᠷᠬᠢᠯᠡᠬᠦ ᠎ᠳᠤ ᠡᠵᠡᠩᠨᠡᠬᠦ ᠵᠦᠢ᠍ᠯ᠎ᠤᠨ ᠲᠤᠬᠢᠷᠠᠬᠤ ᠲᠠᠯᠠᠪᠤᠷ᠂ ᠲᠦᠬᠦᠭᠡᠷᠦᠮᠵᠢ ᠪᠤᠯᠤᠨ ᠲᠤᠰᠬᠠᠢ ᠮᠡᠷᠭᠡᠵᠢᠯ᠎ᠤᠨ ᠠᠵᠢᠯᠲᠠᠨ᠎ᠢ ᠪᠦᠷᠢᠳᠦᠭᠦᠯᠬᠦ ᠬᠡᠷᠡᠭᠲᠡᠢ᠃
      ᠠᠷᠪᠠᠨ ᠬᠤᠶᠠᠳᠤᠭ᠋ᠠᠷ ᠵᠤᠷᠪᠤᠰ   ᠰᠤᠶᠤᠯ᠎ᠤᠨ ᠡᠵᠡᠩᠨᠡᠬᠦ ᠠᠵᠢᠯᠯᠠᠭ᠎ᠠ ᠵᠢ ᠡᠷᠬᠢᠯᠡᠬᠦ᠎ᠳᠤ ᠡᠷᠭᠦᠳᠡᠯ ᠪᠤᠯᠤᠨ《ᠡᠵᠡᠩᠨᠡᠯᠲᠡ ᠵᠢᠨ ᠦᠨᠡᠮᠯᠡᠯ》ᠵᠡᠷᠭᠡ ᠬᠤᠯᠪᠤᠭᠳᠠᠯ ᠪᠦᠬᠦᠢ ᠮᠠᠲᠸᠷᠢᠶᠠᠯ ᠵᠶ᠋ᠠᠨ ᠲᠤᠰᠢᠶᠠᠬᠤ ᠬᠡᠷᠡᠭᠲᠡᠢ᠂ ᠰᠤᠶᠤᠯ ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠵᠶ᠋ᠠᠷ ᠬᠢᠨᠠᠨ ᠪᠠᠢ᠌ᠴᠠᠭ᠋ᠠᠯᠭ᠋ᠠᠵᠤ ᠵᠦᠪᠰᠢᠶᠡᠷᠡᠭᠦᠯᠦᠭᠡᠳ ᠰᠠᠶᠢ《ᠰᠤᠶᠤᠯ ᠎ᠤᠨ ᠡᠵᠡᠩᠨᠡᠯᠲᠡ ᠵᠢᠨ ᠵᠦᠪᠰᠢᠶᠡᠷᠡᠯ ᠎ᠤᠨ ᠦᠨᠡᠮᠯᠡᠯ》 ᠵᠶ᠋ᠠᠨ ᠠᠪᠳᠠᠭ;   ᠤᠯᠤᠰ ᠎ᠤᠨ ᠲᠤᠭᠲᠠᠭ᠋ᠠᠯ ᠶᠤᠰᠤᠭ᠋ᠠᠷ《ᠠᠮᠤᠷ ᠲᠦᠪᠰᠢᠨ ᠎ᠤ ᠬᠢᠷᠢ ᠲᠡᠩᠴᠡᠭᠰᠡᠨ ᠭᠡᠷᠡᠴᠢ》᠂《ᠡᠷᠡᠭᠦᠯ ᠬᠠᠮᠠᠭ᠋ᠠᠯᠠᠯ ᠎ᠤᠨ ᠵᠦᠪᠰᠢᠶᠡᠷᠡᠯ ᠎ᠤᠨ ᠦᠨᠡᠮᠯᠡᠯ》᠎ᠢ ᠠᠪᠬᠤ ᠴᠢᠬᠤᠯᠠᠲᠠᠢ᠂《ᠰᠤᠶᠤᠯ ᠎ᠤᠨ ᠡᠵᠡᠩᠨᠡᠯᠲᠡ ᠵᠢᠨ ᠵᠦᠪᠰᠢᠶᠡᠷᠡᠯ᠎ᠤᠨ ᠦᠨᠡᠮᠯᠡᠯ》 ᠵᠶ᠋ᠠᠨ ᠠᠪᠴᠤ ᠳᠤᠲᠤᠭ᠋ᠠᠳᠤ ᠵᠢ ᠬᠠᠮᠠᠭ᠋ᠠᠯᠠᠬᠤ᠂   ᠡᠷᠡᠭᠦᠯ ᠬᠠᠮᠠᠭ᠋ᠠᠯᠠᠯ ᠎ᠤᠨ ᠵᠠᠰᠠᠭ ᠵᠠᠬᠢᠷᠭ᠋ᠠᠨ ᠎ᠤ ᠰᠠᠯᠠᠭ᠎ᠠ ᠮᠦᠴᠢᠷ ᠎ᠲᠤ ᠬᠦᠷᠴᠦ ᠡᠷᠭᠦᠳᠡᠯ ᠵᠶ᠋ᠠᠨ ᠦᠭᠴᠦ ᠭᠦᠢ᠍ᠴᠡᠳᠭᠡᠭᠦᠯᠦᠨ᠎ᠡ᠃
      ᠠᠷᠪᠠᠨ ᠭᠤᠷᠪᠠᠳᠤᠭ᠋ᠠᠷ ᠵᠤᠷᠪᠤᠰ   ᠦᠭᠡᠷᠡᠴᠢᠯᠡᠨ ᠡᠵᠡᠩᠨᠡᠭᠴᠢ᠂ ᠡᠵᠡᠩᠨᠡᠬᠦ ᠭᠠᠵᠠᠷ᠂ ᠡᠵᠡᠩᠨᠡᠬᠦ ᠵᠦᠢ᠍ᠯᠡᠰ ᠡᠰᠡᠭᠦᠯ᠎ᠡ ᠡᠵᠡᠩᠨᠡᠬᠦ ᠬᠡᠪᠴᠢᠶ᠎ᠡ᠎ᠪᠠᠨ ᠦᠷᠭᠡᠳᠭᠡᠪᠡᠯ ᠲᠤᠰ ᠪᠦᠯᠦᠭ ᠎ᠤᠨ ᠠᠷᠪᠠᠨ ᠬᠤᠶᠠᠳᠤᠭ᠋ᠠᠷ ᠵᠤᠷᠪᠤᠰ᠎ᠲᠤ ᠲᠤᠭᠲᠠᠭ᠋ᠠᠭᠰᠠᠨ ᠳᠡᠰ ᠳᠠᠷᠠᠭ᠋ᠠᠯᠠᠯ ᠎ᠤᠨ ᠶᠤᠰᠤᠭ᠋ᠠᠷ ᠭᠦᠢ᠍ᠴᠡᠳᠭᠡᠯ ᠵᠶ᠋ᠠᠨ ᠬᠢᠬᠦ ᠬᠡᠷᠡᠭᠲᠡᠢ᠃
     

ᠭᠤᠷᠪᠠᠳᠤᠭ᠋ᠠᠷ ᠪᠦᠯᠦᠭ   ᠡᠵᠡᠩᠨᠡᠯᠲᠡ ᠵᠢᠨ ᠴᠢᠨᠠᠷᠲᠠᠢ ᠲᠤᠭᠯᠠᠯᠲᠠ᠂ ᠤᠷᠤᠯᠳᠤᠭ᠋ᠠᠨ ᠲᠡᠮᠡᠴᠡᠭᠡᠨ᠂ ᠦᠵᠡᠰᠭᠦᠯᠡᠩ ᠎ᠤᠨ ᠬᠠᠮᠢᠶᠠᠷᠤᠯᠲᠠ
      ᠠᠷᠪᠠᠨ ᠳᠦᠷᠪᠡᠳᠦᠭᠡᠷ ᠵᠤᠷᠪᠤᠰ   ᠡᠵᠡᠩᠨᠡᠯᠲᠡ ᠵᠢᠨ ᠴᠢᠨᠠᠷᠲᠠᠢ ᠲᠤᠭᠯᠠᠯᠲᠠ᠂ ᠤᠷᠤᠯᠳᠤᠭ᠋ᠠᠨ ᠲᠡᠮᠡᠴᠡᠭᠡᠨ᠂ ᠦᠵᠡᠰᠭᠦᠯᠡᠩ᠎ᠤᠨ ᠠᠭᠤᠯᠭ᠎ᠠ ᠵᠢ ᠰᠤᠶᠤᠯ ᠎ᠤᠨ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠰᠠᠯᠠᠭ᠎ᠠ ᠮᠦᠴᠢᠷ ᠭᠠᠷᠳᠠᠨ ᠬᠢᠨᠠᠨ ᠪᠠᠢ᠌ᠴᠠᠭ᠋ᠠᠵᠤ ᠵᠦᠪᠰᠢᠶᠡᠷᠡᠯ ᠦᠭᠬᠦ ᠬᠡᠷᠡᠭᠲᠡᠢ᠃
      ᠤᠷᠤᠨ ᠎ᠤ ᠭᠠᠳᠠᠨᠠᠬᠢ ᠪᠦᠯᠬᠦᠮ ᠨᠢᠭᠡᠴᠢ᠂ ᠬᠤᠪᠢ ᠬᠦᠮᠦᠨ ᠮᠠᠨ ᠎ᠤ ᠤᠷᠤᠨ᠎ᠳᠤ ᠢᠷᠡᠵᠦ ᠡᠵᠡᠩᠨᠡᠯᠲᠡ ᠵᠢᠨ ᠴᠢᠨᠠᠷᠲᠠᠢ ᠲᠤᠭᠯᠠᠯᠲᠠ᠂ ᠤᠷᠤᠯᠳᠤᠭ᠋ᠠᠨ ᠲᠡᠮᠡᠴᠡᠭᠡᠨ᠂ ᠦᠵᠡᠰᠭᠦᠯᠡᠩ ᠡᠷᠬᠢᠯᠡᠬᠦ ᠭᠡᠪᠡᠯ ᠡᠷᠬᠡᠪᠡᠰᠢ ᠤᠷᠢᠳᠠᠪᠡᠷ ᠰᠤᠶᠤᠯ ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ᠎ᠲᠤ ᠡᠷᠭᠦᠳᠡᠯ ᠦᠭᠴᠦ᠂ ᠬᠢᠨᠠᠨ ᠪᠠᠢ᠌ᠴᠠᠭ᠋ᠠᠯᠭ᠋ᠠᠵᠤ ᠵᠦᠪᠰᠢᠶᠡᠷᠡᠭᠦᠯᠦᠭᠰᠡᠨ ᠎ᠤ ᠳᠠᠷᠠᠭ᠎ᠠ ᠰᠠᠶᠢ ᠡᠵᠡᠩᠨᠡᠯᠲᠡ ᠵᠢᠨ ᠴᠢᠨᠠᠷᠲᠠᠢ ᠠᠵᠢᠯᠯᠠᠭ᠎ᠠ ᠵᠢ ᠡᠷᠬᠢᠯᠡᠵᠦ ᠪᠤᠯᠤᠨ᠎ᠠ᠃
      ᠠᠷᠪᠠᠨ ᠲᠠᠪᠤᠳᠤᠭ᠋ᠠᠷ ᠵᠤᠷᠪᠤᠰ   ᠡᠵᠡᠩᠨᠡᠯᠲᠡ ᠵᠢᠨ ᠴᠢᠨᠠᠷᠲᠠᠢ ᠲᠤᠭᠯᠠᠯᠲᠠ᠂ ᠤᠷᠤᠯᠳᠤᠭ᠋ᠠᠨ ᠲᠡᠮᠡᠴᠡᠭᠡᠨ᠂ ᠦᠵᠡᠰᠭᠦᠯᠡᠩ ᠎ᠢ ᠡᠷᠬᠢᠯᠡᠭᠴᠢ ᠪᠠᠢ᠌ᠭᠤᠯᠭ᠎ᠠ ᠪᠠ ᠬᠤᠪᠢ ᠬᠦᠮᠦᠨ ᠬᠤᠳᠠᠯ ᠬᠠᠭᠤᠷᠮᠠᠭ ᠮᠡᠳᠡᠭᠡ ᠵᠠᠩᠭᠢ ᠵᠤᠬᠢᠶᠠᠬᠤ ᠪᠤᠶᠤ ᠬᠠᠩᠭ᠋ᠠᠵᠤ ᠪᠤᠯᠬᠤ ᠦᠭᠡᠢ᠃
      ᠠᠷᠪᠠᠨ ᠵᠢᠷᠭᠤᠳᠤᠭ᠋ᠠᠷ ᠵᠤᠷᠪᠤᠰ   ᠰᠤᠶᠤᠯ ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠎ᠤᠨ ᠬᠢᠨᠠᠨ ᠪᠠᠢ᠌ᠴᠠᠭ᠋ᠠᠭᠰᠠᠨ ᠵᠦᠪᠰᠢᠶᠡᠷᠡᠯ ᠎ᠢ ᠤᠯᠤᠭ᠎ᠠ ᠦᠭᠡᠢ ᠪᠦᠯᠬᠦᠮ ᠨᠢᠭᠡᠴᠢ ᠪᠠ ᠬᠤᠪᠢ ᠬᠦᠮᠦᠨ ᠎ᠤ ᠡᠵᠡᠩᠨᠡᠯᠲᠡ ᠵᠢᠨ ᠴᠢᠨᠠᠷᠲᠠᠢ ᠲᠤᠭᠯᠠᠯᠲᠠ᠂ ᠤᠷᠤᠯᠳᠤᠭ᠋ᠠᠨ ᠲᠡᠮᠡᠴᠡᠭᠡᠨ᠂ ᠦᠵᠡᠰᠭᠦᠯᠡᠩ ᠎ᠢ ᠶᠠᠮᠠᠷ ᠴᠦ᠍ ᠪᠠᠢ᠌ᠭᠤᠯᠭ᠎ᠠ ᠬᠦᠯᠢᠶᠡᠨ ᠠᠪᠴᠤ ᠪᠤᠯᠬᠤ ᠦᠭᠡᠢ᠃
      ᠡᠯ᠎ᠡ ᠵᠦᠢ᠍ᠯ ᠎ᠤᠨ ᠠᠯᠪᠠᠨ ᠵᠢᠷᠤᠮ ᠎ᠤᠨ ᠲᠤᠭᠯᠠᠯᠲᠠ ᠡᠷᠬᠡᠪᠡᠰᠢ ᠰᠤᠶᠤᠯ ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠎ᠤᠨ ᠵᠦᠪᠰᠢᠶᠡᠷᠡᠯ᠎ᠢ ᠤᠯᠬᠤ ᠬᠡᠷᠡᠭᠲᠡᠢ᠃ ᠠᠯᠪᠠᠨ ᠵᠢᠷᠤᠮ ᠎ᠤᠨ ᠲᠤᠭᠯᠠᠯᠲᠠ ᠵᠢᠨ ᠨᠡᠷ᠎ᠡ ᠎ᠪᠠᠷ ᠠᠰᠢᠭ ᠬᠤᠨᠵᠢᠪᠤᠷᠢ ᠤᠯᠬᠤ ᠲᠤᠭᠯᠠᠯᠲᠠ ᠬᠢᠵᠦ ᠪᠤᠯᠬᠤ ᠦᠭᠡᠢ᠃
     

ᠳᠦᠷᠪᠡᠳᠦᠭᠡᠷ ᠪᠦᠯᠦᠭ   ᠡᠵᠡᠩᠨᠡᠯᠲᠡ ᠵᠢᠨ ᠴᠢᠨᠠᠷᠲᠠᠢ ᠨᠠᠢ᠌ᠷ ᠨᠠᠭ᠋ᠠᠳᠤᠮ ᠎ᠤᠨ ᠬᠠᠮᠢᠶᠠᠷᠤᠯᠲᠠ
      ᠠᠷᠪᠠᠨ ᠳᠤᠯᠤᠳᠤᠭ᠋ᠠᠷ ᠵᠤᠷᠪᠤᠰ   ᠨᠠᠢ᠌ᠷ ᠨᠠᠭ᠋ᠠᠳᠤᠮ ᠎ᠤᠨ ᠠᠵᠢᠯᠯᠠᠭ᠋ᠠᠨ ᠎ᠤ ᠲᠠᠯᠠᠪᠤᠷ ᠎ᠢ ᠡᠵᠡᠩᠨᠡᠬᠦ ᠎ᠳᠤ ᠳᠤᠤᠷᠠᠬᠢ ᠨᠦᠬᠦᠴᠡᠯ ᠎ᠢ   ᠪᠦᠷᠢᠯᠳᠦᠭᠦᠯᠬᠦ ᠬᠡᠷᠡᠭᠲᠡᠢ᠄  
       (  ᠨᠢᠭᠡ)   ᠲᠠᠯᠠᠪᠤᠷ ᠲᠤᠭᠲᠠᠮᠠᠯ ᠮᠦᠷᠲᠡᠭᠡᠨ ᠠᠮᠤᠷ ᠲᠦᠪᠰᠢᠨ ᠪᠤᠯᠤᠨ ᠡᠷᠡᠭᠦᠯ ᠬᠠᠮᠠᠭ᠋ᠠᠯᠠᠯ ᠎ᠤᠨ ᠱᠠᠭ᠋ᠠᠷᠳᠠᠯᠭ᠎ᠠ ᠎ᠳᠤ ᠨᠡᠢ᠌ᠴᠡᠭᠰᠡᠨ ᠪᠠᠢ᠌ᠬᠤ;  
       (  ᠬᠤᠶᠠᠷ)   ᠲᠤᠬᠢᠷᠠᠮᠵᠢᠲᠠᠢ ᠭᠡᠷᠡᠯᠲᠦᠭᠦᠯᠭᠡ᠂ ᠰᠠᠯᠬᠢ ᠨᠡᠪᠲᠡᠷᠡᠭᠦᠯᠬᠦ ᠲᠦᠬᠦᠭᠡᠷᠦᠮᠵᠢ ᠪᠤᠯᠤᠨ ᠦᠢ᠍ᠯᠡᠴᠢᠯᠡᠭᠡᠨ ᠎ᠤ ᠪᠡᠯᠡᠳᠭᠡᠮᠵᠢ᠎ᠲᠠᠢ ᠪᠠᠢ᠌ᠬᠤ;
       (  ᠭᠤᠷᠪᠠ)   ᠵᠤᠬᠢᠬᠤ ᠲᠤᠰᠬᠠᠢ ᠮᠡᠷᠭᠡᠵᠢᠯ᠎ᠤᠨ ᠮᠡᠳᠡᠯᠭᠡ ᠡᠵᠡᠮᠰᠢᠭᠰᠡᠨ ᠬᠠᠮᠢᠶᠠᠷᠤᠭᠴᠢ ᠪᠤᠯᠤᠨ ᠠᠮᠤᠷ ᠲᠦᠪᠰᠢᠨ ᠎ᠤ ᠬᠠᠮᠠᠭ᠋ᠠᠯᠠᠭᠴᠢ᠎ᠲᠠᠢ ᠪᠠᠢ᠌ᠬᠤ;
       (  ᠳᠦᠷᠪᠡ)   ᠬᠠᠷᠢᠭᠤᠴᠠᠯᠭ᠋ᠠᠲᠠᠨ᠎ᠨᠢ ᠰᠤᠶᠤᠯ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ᠎ᠤᠨ ᠪᠤᠯᠪᠠᠰᠤᠷᠠᠯ ᠵᠶ᠋ᠠᠷ ᠳᠠᠮᠵᠢᠵᠤ ᠬᠢᠷᠢ ᠲᠡᠩᠴᠡᠭᠭᠰᠡᠨ ᠦᠨᠡᠮᠯᠡᠯ ᠠᠪᠤᠭᠰᠠᠨ ᠪᠠᠢ᠌ᠬᠤ᠃
      ᠠᠷᠪᠠᠨ ᠨᠠᠢ᠍ᠮᠠᠳᠤᠭ᠋ᠠᠷ ᠵᠤᠷᠪᠤᠰ   ᠨᠠᠢ᠌ᠷ ᠨᠠᠭ᠋ᠠᠳᠤᠮ᠎ᠤᠨ ᠠᠵᠢᠯᠯᠠᠭ᠎ᠠ ᠵᠢᠴᠢ ᠲᠡᠭᠦᠨ᠎ᠤ ᠲᠠᠯᠠᠪᠤᠷ ᠎ᠢ ᠠᠰᠢᠭᠯᠠᠨ ᠤᠷᠢᠨ ᠲᠠᠴᠢᠶᠠᠩᠭᠤᠢ᠂ ᠱᠠᠯᠢᠭ ᠵᠠᠪᠬᠠᠢ᠂ ᠵᠤᠭᠤᠰ ᠨᠠᠭ᠋ᠠᠳᠬᠤ᠂ ᠹᠸᠤᠳᠠᠯ᠎ᠤᠨ ᠮᠤᠬᠤᠷ ᠰᠦᠰᠦᠭ ᠪᠤᠯᠤᠨ ᠦᠨᠳᠦᠰᠦᠲᠡᠨ ᠎ᠤ ᠪᠦᠯᠬᠦᠮᠳᠡᠯ ᠎ᠳᠤ ᠠᠰᠢᠭ ᠦᠭᠡᠢ ᠠᠵᠢᠯᠯᠠᠭ᠎ᠠ ᠦᠷᠨᠢᠭᠦᠯᠬᠦ ᠵᠢ ᠬᠤᠷᠢᠭᠯᠠᠨ᠎ᠠ᠃
        ᠠᠷᠪᠠ ᠶᠢᠰᠦᠳᠦᠭᠡᠷ ᠵᠤᠷᠪᠤᠰ   ᠨᠤᠴᠤᠮᠠᠲᠠᠭ᠋ᠠᠢ ᠪᠤᠳᠠᠰ᠂ ᠳᠡᠯᠪᠡᠷᠡᠮᠡᠳᠡᠭᠡᠢ ᠪᠤᠳᠠᠰ᠂ ᠳᠤᠭᠰᠢᠨ ᠬᠤᠤᠷ ᠵᠡᠷᠭᠡ ᠠᠶᠤᠯᠲᠠᠢ ᠪᠤᠳᠠᠰ ᠪᠤᠯᠤᠨ ᠰᠦᠷᠳᠡᠭᠦᠯᠬᠦ ᠢᠷᠲᠤ ᠪᠠᠭ᠋ᠠᠵᠢ᠂ ᠫᠤᠤ ᠵᠡᠪᠰᠡᠭ ᠠᠪᠴᠤ ᠶᠠᠪᠤᠭ᠎ᠠ ᠬᠦᠮᠦᠰ᠎ᠢ ᠨᠠᠢ᠌ᠷ ᠨᠠᠭ᠋ᠠᠳᠤᠮ ᠎ᠤᠨ ᠠᠵᠢᠯᠯᠠᠭ᠋ᠠᠨ᠎ᠤ ᠲᠠᠯᠠᠪᠤᠷ᠎ᠲᠤ ᠤᠷᠤᠭᠤᠯᠵᠤ ᠪᠤᠯᠬᠤ ᠦᠭᠡᠢ᠃
        ᠬᠤᠷᠢᠳᠤᠭ᠋ᠠᠷ ᠵᠤᠷᠪᠤᠰ   ᠨᠠᠢ᠌ᠷ ᠨᠠᠭ᠋ᠠᠳᠤᠮ ᠎ᠤᠨ ᠠᠵᠢᠯᠯᠠᠭ᠋ᠠᠨ ᠎ᠤ ᠲᠠᠯᠠᠪᠤᠷ ᠳᠡᠩᠳᠡᠭᠦᠦ ᠪᠦᠳᠡᠬᠢ ᠭᠡᠷᠡᠯᠲᠦᠭᠦᠯᠭᠡ ᠬᠡᠷᠡᠭᠯᠡᠵᠦ ᠪᠤᠯᠬᠤ ᠦᠭᠡᠢ᠂ ᠲᠤᠭᠲᠠᠭᠰᠠᠨ ᠤᠷᠤᠨ ᠲᠤᠭ᠎ᠠ᠎ᠠᠴᠠ ᠎ᠪᠠᠨ ᠬᠡᠲᠦᠷᠡᠭᠰᠡᠨ ᠤᠷᠤᠯᠴᠠᠭᠴᠢ᠎ᠲᠠᠢ ᠨᠠᠢ᠌ᠷ ᠨᠠᠭ᠋ᠠᠳᠤᠮ ᠎ᠤᠨ ᠠᠵᠢᠯᠯᠠᠭ᠎ᠠ ᠵᠢ ᠡᠷᠬᠢᠯᠡᠵᠦ ᠪᠤᠯᠬᠤ ᠦᠭᠡᠢ᠃
        ᠬᠤᠷᠢᠨ ᠨᠢᠭᠡᠳᠦᠭᠡᠷ ᠵᠤᠷᠪᠤᠰ   ᠦᠰᠪᠦᠷᠢ ᠬᠡᠦᠬᠡᠳ᠎ᠲᠤ ᠲᠤᠬᠢᠷᠠᠬᠤ ᠦᠭᠡᠢ ᠨᠠᠢ᠌ᠷ ᠨᠠᠭ᠋ᠠᠳᠤᠮ ᠎ᠤᠨ ᠠᠵᠢᠯᠯᠠᠭ᠋ᠠᠨ ᠎ᠤ ᠲᠠᠯᠠᠪᠤᠷ᠎ᠲᠤ ᠡᠷᠬᠡᠪᠡᠰᠢ ᠦᠪᠡᠷᠲᠡᠭᠡᠨ ᠵᠠᠰᠠᠬᠤ ᠤᠷᠤᠨ᠎ᠤ ᠰᠤᠶᠤᠯ ᠪᠠ ᠳᠤᠲᠤᠭ᠋ᠠᠳᠤ ᠵᠢ ᠬᠠᠮᠠᠭ᠋ᠠᠯᠠᠬᠤ ᠵᠢᠨ᠎ᠬᠢᠨ ᠎ᠤ ᠵᠤᠬᠢᠶᠠᠨ ᠦᠢ᠍ᠯᠡᠳᠦᠭᠰᠡᠨ《ᠦᠰᠪᠦᠷᠢ ᠬᠡᠦᠬᠡᠳ ᠤᠷᠤᠵᠤ ᠪᠤᠯᠬᠤ ᠦᠭᠡᠢ》 ᠭᠡᠰᠡᠨ ᠲᠡᠮᠲᠡᠭ ᠪᠠᠢ᠌ᠷᠢᠯᠠᠭᠤᠯᠵᠤ᠂ ᠦᠰᠪᠦᠷᠢ ᠬᠡᠦᠬᠡᠳ ᠤᠷᠤᠬᠤ ᠵᠢ ᠬᠤᠷᠢᠭᠯᠠᠬᠤ ᠬᠡᠷᠡᠭᠲᠡᠢ᠃
        ᠬᠤᠷᠢᠨ ᠬᠤᠶᠠᠳᠤᠭ᠋ᠠᠷ ᠵᠤᠷᠪᠤᠰ   ᠡᠯᠸᠺᠲᠷᠤᠨ ᠲᠤᠭᠯᠠᠭ᠋ᠠᠮ ᠎ᠤᠨ ᠠᠵᠢᠯᠯᠠᠭ᠎ᠠ ᠡᠵᠩᠨᠡᠵᠦ ᠪᠠᠢ᠌ᠭ᠎ᠠ ᠪᠠᠢ᠌ᠭᠤᠯᠭ᠎ᠠ ᠪᠠ ᠬᠤᠪᠢ ᠬᠦᠮᠦᠨ ᠠᠮᠠᠷᠠᠯᠲᠠ ᠵᠢᠨ ᠪᠢᠰᠢ ᠡᠳᠦᠷ ᠦᠰᠪᠦᠷᠢ ᠬᠡᠦᠬᠡᠳ᠎ᠢ ᠬᠦᠯᠢᠶᠡᠨ ᠠᠪᠴᠤ ᠪᠤᠯᠬᠤ ᠦᠭᠡᠢ᠃      
        ᠡᠯᠸᠺᠲᠷᠤᠨ ᠲᠤᠭᠯᠠᠭ᠋ᠠᠮ ᠎ᠤᠨ ᠠᠵᠢᠯᠯᠠᠭ᠎ᠠ ᠡᠵᠡᠩᠨᠡᠵᠦ ᠪᠠᠢ᠌ᠭ᠎ᠠ ᠪᠠᠢ᠌ᠭᠤᠯᠭ᠎ᠠ ᠪᠠ ᠬᠤᠪᠢ ᠬᠦᠮᠦᠨ ᠦᠰᠪᠦᠷᠢ ᠬᠡᠦᠬᠡᠳ ᠎ᠳᠤ ᠪᠡᠶ᠎ᠡ ᠰᠡᠳᠭᠢᠯ ᠎ᠤᠨ ᠡᠷᠡᠭᠦᠯ ᠮᠡᠨᠳᠦ ᠎ᠳᠤ᠎ᠨᠢ ᠬᠤᠤᠷᠲᠠᠢ ᠲᠤᠭᠯᠠᠭ᠋ᠠᠮ ᠎ᠢ ᠬᠠᠩᠭ᠋ᠠᠵᠤ ᠪᠤᠯᠬᠤ ᠦᠭᠡᠢ᠃  
        ᠡᠯᠸᠺᠲᠷᠤᠨ ᠲᠤᠭᠯᠠᠭ᠋ᠠᠮ᠎ᠤᠨ ᠠᠵᠢᠯᠯᠠᠭ᠎ᠠ ᠡᠵᠡᠩᠨᠡᠵᠦ ᠪᠠᠢ᠌ᠭ᠎ᠠ ᠪᠠᠢ᠌ᠭᠤᠯᠭ᠎ᠠ ᠪᠠ ᠬᠤᠪᠢ ᠬᠦᠮᠦᠨ ᠡᠯᠸᠺᠲᠷᠤᠨ ᠲᠤᠭᠯᠠᠭ᠋ᠠᠮ᠎ᠤᠨ ᠠᠵᠢᠯᠯᠠᠭ᠎ᠠ ᠵᠢ ᠠᠰᠢᠭᠯᠠᠨ ᠵᠤᠭᠤᠰ ᠨᠠᠭ᠋ᠠᠳᠬᠤ᠂ ᠬᠡᠯᠪᠡᠷᠢ ᠬᠤᠪᠢᠷᠠᠭ᠋ᠠᠨ ᠵᠤᠭᠤᠰ ᠨᠠᠭ᠋ᠠᠳᠬᠤ ᠪᠤᠶᠤ ᠦᠰᠪᠦᠷᠢ ᠬᠡᠦᠬᠡᠳ᠎ᠢ ᠦᠳᠦᠭᠡᠨ ᠳᠤᠬᠢᠵᠤ ᠵᠤᠭᠤᠰ ᠨᠠᠭ᠋ᠠᠳᠤᠭᠤᠯᠵᠤ ᠪᠤᠯᠬᠤ ᠦᠭᠡᠢ᠃
        ᠬᠤᠷᠢᠨ ᠭᠤᠷᠪᠠᠳᠤᠭ᠋ᠠᠷ ᠵᠤᠷᠪᠤᠰ   ᠡᠵᠡᠩᠨᠡᠯᠲᠡ ᠵᠢᠨ ᠴᠢᠨᠠᠷᠲᠠᠢ ᠨᠠᠢ᠌ᠷ ᠨᠠᠭ᠋ᠠᠳᠤᠮ᠎ᠤᠨ ᠠᠵᠢᠯᠯᠠᠭ᠎ᠠ ᠡᠷᠬᠢᠯᠡᠵᠦ ᠪᠠᠢ᠌ᠭ᠎ᠠ ᠪᠠᠢ᠌ᠭᠤᠯᠭ᠎ᠠ ᠪᠤᠶᠤ ᠬᠤᠪᠢ ᠬᠦᠮᠦᠨ ᠤᠷᠠᠨ ᠰᠠᠢ᠌ᠬᠠᠨ᠎ᠤ ᠲᠤᠭᠯᠠᠯᠲᠠ ᠵᠢᠨ ᠪᠦᠯᠬᠦᠮ ᠨᠢᠭᠡᠴᠢ ᠵᠢ ᠬᠦᠯᠢᠶᠡᠨ ᠠᠪᠬᠤ ᠎ᠳᠤ ᠎ᠪᠠᠨ ᠡᠷᠬᠡᠪᠡᠰᠢ ᠨᠠᠢ᠌ᠷ ᠨᠠᠭ᠋ᠠᠳᠤᠮ᠎ᠤᠨ ᠲᠠᠯᠠᠪᠤᠷ᠎ᠤᠨ《ᠡᠵᠡᠩᠨᠡᠯᠲᠡ ᠵᠢᠨ ᠴᠢᠨᠠᠷᠲᠠᠢ ᠲᠤᠭᠯᠠᠯᠲᠠ ᠵᠢᠨ ᠵᠦᠪᠰᠢᠶᠡᠷᠡᠯ ᠎ᠤᠨ ᠦᠨᠡᠮᠯᠡᠯ》᠎ᠢ ᠪᠦᠷᠢᠯᠳᠦᠭᠦᠯᠬᠦ ᠬᠡᠷᠡᠭᠲᠡᠢ;
      ᠤᠷᠢᠨ ᠬᠡᠷᠡᠭᠯᠡᠵᠦ ᠪᠠᠢ᠌ᠭ᠎ᠠ ᠲᠤᠭᠯᠠᠭᠴᠢ᠎ᠨᠢ ᠡᠷᠬᠡᠪᠡᠰᠢ ᠰᠤᠶᠤᠯ ᠎ᠤᠨ ᠵᠠᠰᠠᠭ ᠵᠠᠬᠢᠷᠭ᠋ᠠᠨ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ᠎ᠠᠴᠠ ᠲᠤᠭᠯᠠᠭᠴᠢ ᠵᠢᠨ ᠬᠤᠪᠢ ᠬᠦᠮᠦᠨ ᠎ᠳᠤ᠎ᠨᠢ ᠤᠯᠭᠤᠭᠰᠠᠨ《ᠡᠵᠡᠩᠨᠡᠯᠲᠡ ᠵᠢᠨ ᠲᠤᠭᠯᠠᠯᠲᠠ ᠵᠢᠨ ᠵᠦᠪᠰᠢᠶᠡᠷᠡᠯ᠎ᠤᠨ ᠦᠨᠡᠮᠯᠡᠯ》 ᠪᠠᠢ᠌ᠬᠤ ᠬᠡᠷᠡᠭᠲᠡᠢ; ᠦᠨᠡᠮᠯᠡᠯ ᠦᠭᠡᠢ ᠲᠤᠭᠯᠠᠯᠲᠠ ᠵᠢᠨ ᠪᠦᠯᠬᠦᠮ ᠪᠤᠯᠤᠨ ᠬᠤᠪᠢ ᠬᠦᠮᠦᠨ ᠎ᠢ ᠬᠦᠯᠢᠶᠡᠨ ᠠᠪᠴᠤ ᠪᠤᠯᠬᠤ ᠦᠭᠡᠢ᠃
       

ᠲᠠᠪᠤᠳᠤᠭ᠋ᠠᠷ ᠪᠦᠯᠦᠭ   ᠨᠤᠮ ᠰᠡᠳᠭᠦᠯ ᠪᠤᠯᠤᠨ ᠳᠠᠭᠤ ᠳᠦᠷᠰᠦ ᠰᠢᠩᠭᠡᠭᠡᠯᠲᠡ ᠵᠢᠨ ᠦᠢ᠍ᠯᠡᠳᠭᠦᠨ ᠎ᠤ ᠬᠠᠮᠢᠶᠠᠷᠤᠯᠲᠠ
        ᠬᠤᠷᠢᠨ ᠳᠦᠷᠪᠡᠳᠦᠭᠡᠷ ᠵᠤᠷᠪᠤᠰ   ᠬᠠᠤᠯᠢ ᠪᠤᠰᠤ᠂ ᠵᠢᠩᠬᠢᠨᠢ ᠪᠤᠰᠤ ᠬᠡᠪᠯᠡᠯ ᠎ᠤᠨ᠂ ᠳᠤᠲᠤᠭ᠋ᠠᠳᠤ ᠲᠠᠷᠬᠠᠭ᠋ᠠᠯᠭ᠎ᠠ ᠵᠢᠨ ᠪᠤᠯᠤᠨ ᠤᠯᠤᠰ᠎ᠠᠴᠠ ᠵᠠᠷᠯᠠᠨ ᠬᠤᠷᠢᠭᠯᠠᠭᠰᠠᠨ ᠨᠤᠮ ᠳᠡᠪᠲᠡᠷ᠂ ᠭᠡᠷᠡᠯ ᠵᠢᠷᠤᠭ᠂ ᠰᠤᠨᠢᠨ ᠰᠡᠳᠭᠦᠯ᠂ ᠳᠠᠭᠤ ᠳᠦᠷᠰᠦ ᠰᠢᠩᠭᠡᠭᠡᠯᠲᠡ ᠵᠢᠨ ᠦᠢ᠍ᠯᠡᠳᠭᠦᠨ ᠎ᠢ ᠡᠵᠡᠩᠨᠡᠵᠦ ᠪᠤᠯᠬᠤ ᠦᠭᠡᠢ᠃
        ᠶᠠᠮᠠᠷᠪᠠ ᠪᠠᠢ᠌ᠭᠤᠯᠭ᠎ᠠ ᠪᠤᠯᠤᠨ ᠬᠤᠪᠢ ᠬᠦᠮᠦᠨ ᠦᠰᠪᠦᠷᠢ ᠬᠡᠦᠬᠡᠳ ᠎ᠳᠤ ᠬᠦᠴᠦᠷᠬᠡᠭᠯᠡᠯ᠂ ᠬᠤᠤᠷᠯᠠᠨ ᠠᠯᠠᠬᠤ᠂ ᠰᠦᠷᠳᠡᠭᠦᠯᠦᠯ ᠵᠡᠷᠭᠡ ᠵᠢᠨ ᠬᠤᠤᠷᠳᠠᠭᠤᠯᠬᠤ ᠠᠭᠤᠯᠭ᠎ᠠ ᠪᠦᠬᠦᠢ ᠨᠤᠮ ᠳᠡᠪᠲᠡᠷ᠂ ᠭᠡᠷᠡᠯ ᠵᠢᠷᠤᠭ᠂ ᠰᠤᠨᠢᠨ ᠰᠡᠳᠭᠦᠯ᠂ ᠳᠠᠭᠤ ᠳᠦᠷᠰᠦ ᠰᠢᠩᠭᠡᠭᠡᠯᠲᠡ ᠵᠢᠨ ᠦᠢ᠍ᠯᠡᠳᠭᠦᠨ ᠎ᠢ ᠬᠤᠳᠠᠯᠳᠤᠬᠤ᠂ ᠲᠦᠷᠢᠶᠡᠰᠦᠯᠡᠬᠦ ᠪᠤᠶᠤ ᠦᠭᠡᠷ᠎ᠡ ᠶᠠᠮᠠᠷ ᠨᠢᠭᠡᠨ ᠬᠡᠯᠪᠡᠷᠢ ᠎ᠪᠠᠷ ᠳᠠᠮᠵᠢᠭᠤᠯᠵᠤ ᠪᠤᠯᠬᠤ ᠦᠭᠡᠢ᠃
      ᠬᠤᠷᠢᠨ ᠲᠠᠪᠤᠳᠤᠭ᠋ᠠᠷ ᠵᠤᠷᠪᠤᠰ   ᠪᠦᠭᠡᠮ ᠵᠶ᠋ᠠᠷ ᠬᠤᠳᠠᠯᠳᠤᠬᠤ ᠲᠤᠬᠠᠢ᠌ᠯᠠᠭᠰᠠᠨ ᠠᠵᠢᠯ ᠎ᠤᠨ ᠡᠵᠡᠩᠨᠡᠯᠲᠡ ᠵᠢᠨ ᠵᠦᠪᠰᠢᠶᠡᠷᠡᠯ ᠤᠯᠤᠭ᠎ᠠ ᠦᠭᠡᠢ ᠡᠵᠡᠩᠨᠡᠭᠴᠢ ᠨᠤᠮ ᠰᠡᠳᠭᠦᠯ᠂ ᠳᠠᠭᠤ ᠳᠦᠷᠰᠦ ᠰᠢᠩᠭᠡᠭᠡᠯᠲᠡ ᠵᠢᠨ ᠦᠢ᠍ᠯᠡᠳᠭᠦᠨ ᠎ᠢ ᠪᠦᠭᠡᠮ ᠵᠶ᠋ᠠᠷ ᠬᠤᠳᠠᠯᠳᠤᠬᠤ ᠲᠤᠬᠠᠢ᠌ᠯᠠᠭᠰᠠᠨ ᠠᠵᠢᠯ ᠎ᠢ ᠡᠷᠬᠢᠯᠡᠵᠦ ᠪᠤᠯᠬᠤ ᠦᠭᠡᠢ᠃
      ᠬᠤᠷᠢᠨ ᠵᠢᠷᠭᠤᠳᠤᠭ᠋ᠠᠷ ᠵᠤᠷᠪᠤᠰ   ᠳᠦᠷᠰᠦ ᠰᠢᠩᠭᠡᠭᠡᠯᠲᠡ ᠭᠠᠷᠭ᠋ᠠᠨ ᠰᠤᠨᠢᠷᠬᠠᠭᠤᠯᠬᠤ ᠪᠠᠢ᠌ᠭᠤᠯᠭ᠎ᠠ ᠦᠰᠪᠦᠷᠢ ᠬᠡᠦᠬᠡᠳ ᠎ᠢ ᠬᠦᠯᠢᠶᠡᠨ ᠠᠪᠴᠤ《ᠦᠰᠪᠦᠷᠢ ᠬᠡᠦᠬᠡᠳ ᠎ᠲᠤ ᠲᠤᠬᠢᠷᠠᠬᠤ ᠦᠭᠡᠢ》 ᠭᠡᠰᠡᠨ ᠲᠡᠮᠲᠡᠭ᠎ᠲᠠᠢ ᠳᠦᠷᠰᠦ ᠰᠢᠩᠭᠡᠭᠡᠯᠲᠡ ᠵᠢ ᠦᠵᠡᠭᠦᠯᠵᠦ ᠪᠤᠯᠬᠤ ᠦᠭᠡᠢ᠃
      ᠬᠤᠷᠢᠨ ᠳᠤᠯᠤᠳᠤᠭ᠋ᠠᠷ ᠵᠤᠷᠪᠤᠰ   ᠨᠤᠮ ᠳᠡᠪᠲᠡᠷ᠂ ᠭᠡᠷᠡᠯ ᠵᠢᠷᠤᠭ᠂ ᠰᠤᠨᠢᠨ ᠰᠡᠳᠭᠦᠯ ᠪᠤᠯᠤᠨ ᠳᠠᠭᠤ ᠳᠦᠷᠰᠦ ᠰᠢᠩᠭᠡᠭᠡᠯᠲᠡ ᠵᠢᠨ ᠡᠵᠡᠩᠨᠡᠯᠲᠡ ᠵᠢᠨ ᠵᠠᠷ ᠮᠡᠳᠡᠭᠡ ᠵᠢᠨ ᠠᠭᠤᠯᠭ᠎ᠠ ᠦᠨᠡᠨ ᠪᠤᠳᠠᠲᠠᠢ ᠪᠠᠢ᠌ᠬᠤ ᠬᠡᠷᠡᠭᠲᠡᠢ᠂ ᠤᠷᠢᠨ ᠲᠠᠴᠢᠶᠠᠩᠭᠤᠢ᠂ ᠱᠠᠯᠢᠭ ᠵᠠᠪᠬᠠᠢ᠂ ᠬᠦᠴᠦᠷᠬᠡᠭᠯᠡᠯ᠎ᠤᠨ ᠵᠢᠷᠤᠭ ᠳᠦᠷᠰᠦ ᠪᠤᠯᠤᠨ ᠦᠰᠦᠭ ᠪᠢᠴᠢᠭ ᠎ᠢ ᠬᠡᠷᠡᠭᠯᠡᠵᠦ ᠪᠤᠯᠬᠤ ᠦᠭᠡᠢ᠃
     

ᠵᠢᠷᠭᠤᠳᠤᠭ᠋ᠠᠷ ᠪᠦᠯᠦᠭ   ᠪᠤᠰᠤᠳ ᠡᠵᠩᠨᠡᠯᠲᠡ ᠵᠢᠨ ᠠᠵᠢᠯᠯᠠᠭ᠎ᠠ ᠵᠢᠨ ᠬᠠᠮᠢᠶᠠᠷᠤᠯᠲᠠ
      ᠬᠤᠷᠢᠨ ᠨᠠᠢ᠍ᠮᠠᠳᠤᠭ᠋ᠠᠷ ᠵᠤᠷᠪᠤᠰ   ᠤᠷᠠᠨ ᠪᠢᠴᠢᠯᠭᠡ᠂ ᠤᠷᠠᠨ ᠵᠢᠷᠣᠭ ᠵᠡᠷᠭᠡ ᠤᠷᠠᠯᠢᠭ ᠎ᠤᠨ ᠪᠦᠲᠦᠭᠡᠯ ᠎ᠢ ᠪᠤᠷᠤᠯᠠᠭᠤᠯᠤᠨ ᠬᠤᠳᠠᠯᠳᠤᠬᠤ᠂ ᠦᠨ᠎ᠡ ᠬᠠᠶᠠᠯᠴᠠᠨ ᠬᠤᠳᠠᠯᠳᠤᠬᠤ ᠎ᠳᠤ ᠎ᠪᠠᠨ ᠵᠤᠬᠢᠶᠠᠭᠴᠢ ᠵᠢᠨ ᠬᠢᠨᠢ ᠨᠡᠷ᠎ᠡ᠂ ᠤᠯᠤᠰ᠎ᠤᠨ ᠬᠠᠷᠢᠶ᠎ᠠ᠂ ᠴᠠᠭ ᠦᠶ᠎ᠡ ᠵᠢ᠎ᠨᠢ ᠲᠤᠳᠤᠷᠬᠠᠢ᠌ᠯᠠᠬᠤ ᠬᠡᠷᠡᠭᠲᠡᠢ; ᠳᠠᠭᠤᠷᠢᠶᠠᠮᠠᠯ ᠦᠢ᠍ᠯᠡᠳᠭᠦᠨ᠂ ᠬᠠᠭᠤᠯᠪᠤᠷᠢ ᠦᠢ᠍ᠯᠡᠳᠭᠦᠨ ᠎ᠢ ᠪᠤᠷᠤᠯᠠᠭᠤᠯᠤᠨ ᠬᠤᠳᠠᠯᠳᠤᠬᠤ᠂ ᠦᠨ᠎ᠡ ᠬᠠᠶᠠᠯᠴᠠᠨ ᠬᠤᠳᠠᠯᠳᠤᠬᠤ ᠎ᠳᠤ ᠎ᠪᠠᠨ ᠪᠠᠰᠠ《ᠳᠠᠭᠤᠷᠢᠶᠠᠮᠠᠯ》 ᠪᠤᠶᠤ《ᠬᠠᠭᠤᠯᠪᠤᠷᠢ》 ᠭᠡᠵᠦ ᠲᠤᠳᠤᠷᠬᠠᠢ᠌ᠯᠠᠵᠤ ᠦᠭᠬᠦ ᠬᠡᠷᠡᠭᠲᠡᠢ᠃ ᠬᠠᠤᠯᠢ ᠪᠤᠰᠤ ᠳᠠᠭᠤᠷᠢᠶᠠᠮᠠᠯ ᠦᠢ᠍ᠯᠡᠳᠭᠦᠨ᠂ ᠬᠠᠭᠤᠯᠪᠤᠷᠢ ᠦᠢ᠍ᠯᠡᠳᠭᠦᠨ ᠪᠤᠶᠤ ᠪᠤᠰᠤᠳ᠎ᠤᠨ ᠨᠡᠷ᠎ᠡ ᠵᠢ ᠬᠠᠭᠤᠷᠮᠠᠭᠯᠠᠨ ᠪᠢᠴᠢᠭᠰᠡᠨ ᠤᠷᠠᠯᠢᠭ᠎ᠤᠨ ᠪᠦᠲᠦᠭᠡᠯ᠎ᠢ ᠪᠤᠷᠤᠯᠠᠭᠤᠯᠤᠨ ᠬᠤᠳᠠᠯᠳᠤᠬᠤ᠂ ᠦᠨ᠎ᠡ ᠬᠠᠶᠠᠯᠴᠠᠨ ᠬᠤᠳᠠᠯᠳᠤᠬᠤ ᠵᠢ ᠬᠤᠷᠢᠭᠯᠠᠨ᠎ᠠ᠃
      ᠬᠤᠷᠢᠨ ᠶᠢᠰᠦᠳᠦᠭᠡᠷ ᠵᠤᠷᠪᠤᠰ   ᠡᠵᠡᠩᠨᠡᠯᠲᠡ ᠵᠢᠨ ᠴᠢᠨᠠᠷᠲᠠᠢ ᠤᠷᠠᠨ ᠪᠢᠴᠢᠯᠭᠡ᠂ ᠤᠷᠠᠨ ᠵᠢᠷᠤᠭ ᠵᠡᠷᠭᠡ ᠤᠷᠠᠯᠢᠭ ᠎ᠤᠨ ᠪᠦᠲᠦᠭᠡᠯ᠎ᠤᠨ ᠴᠠᠷᠳᠠᠵᠤ ᠴᠢᠮᠡᠭᠯᠡᠬᠦ ᠲᠤᠬᠠᠢ᠌ᠯᠠᠭᠰᠠᠨ ᠠᠵᠢᠯ ᠎ᠢ ᠡᠷᠬᠢᠯᠡᠬᠦ ᠎ᠳᠤ ᠲᠤᠬᠢᠷᠠᠮᠵᠢᠲᠠᠢ ᠲᠤᠰᠬᠠᠢ ᠮᠡᠷᠭᠡᠵᠢᠯ ᠎ᠤᠨ ᠮᠡᠳᠡᠯᠭᠡ ᠪᠤᠯᠤᠨ ᠴᠢᠳᠠᠪᠤᠷᠢ᠎ᠲᠠᠢ ᠬᠦᠮᠦᠨ ᠪᠠᠢ᠌ᠬᠤ ᠬᠡᠷᠡᠭᠲᠡᠢ᠃
      ᠭᠤᠴᠢᠳᠤᠭ᠋ᠠᠷ ᠵᠤᠷᠪᠤᠰ   ᠡᠵᠡᠩᠨᠡᠯᠲᠡ ᠵᠢᠨ ᠴᠢᠨᠠᠷᠲᠠᠢ ᠤᠷᠠᠯᠢᠭ ᠎ᠤᠨ ᠪᠤᠯᠪᠠᠰᠤᠷᠠᠯ ᠡᠷᠬᠢᠯᠡᠬᠦ ᠪᠠᠢ᠌ᠭᠤᠯᠭ᠎ᠠ ᠪᠤᠯᠤᠨ ᠬᠤᠪᠢ ᠬᠦᠮᠦᠨ ᠪᠤᠯᠪᠠᠰᠤᠷᠠᠯ ᠎ᠤᠨ ᠴᠢᠨᠠᠷ ᠴᠢᠨᠰᠠᠭ᠎ᠠ ᠵᠢ ᠪᠠᠲᠤᠯᠠᠬᠤ ᠬᠡᠷᠡᠭᠲᠡᠢ᠃
      ᠭᠤᠴᠢᠨ ᠨᠢᠭᠡᠳᠦᠭᠡᠷ ᠵᠤᠷᠪᠤᠰ   ᠰᠤᠶᠤᠯ᠎ᠤᠨ ᠵᠠᠭᠤᠴᠢᠯᠠᠭᠴᠢ ᠵᠢᠨ ᠠᠵᠢᠯᠯᠠᠭ᠎ᠠ ᠵᠢ ᠡᠷᠬᠢᠯᠡᠵᠦ ᠪᠠᠢ᠌ᠭ᠎ᠠ ᠪᠠᠢ᠌ᠭᠤᠯᠭ᠎ᠠ ᠪᠠ ᠬᠤᠪᠢ ᠬᠦᠮᠦᠨ ᠬᠡᠪᠯᠡᠯ ᠎ᠳᠤ ᠨᠡᠢ᠌ᠲᠡᠯᠡᠬᠦ᠂ ᠳᠡᠯᠭᠡᠵᠦ ᠨᠠᠭ᠋ᠠᠬᠤ ᠬᠤᠳᠠᠯ ᠬᠠᠭᠤᠷᠮᠠᠭ ᠰᠤᠶᠤᠯ ᠎ᠤᠨ ᠡᠵᠩᠨᠡᠯᠲᠡ ᠵᠢᠨ ᠠᠵᠢᠯᠯᠠᠭ᠋ᠠᠨ ᠎ᠤ ᠵᠠᠷ ᠮᠡᠳᠡᠭᠡ ᠵᠢ ᠬᠠᠩᠭ᠋ᠠᠵᠤ ᠪᠤᠯᠬᠤ ᠦᠭᠡᠢ᠃
      ᠭᠤᠴᠢᠨ ᠬᠤᠶᠠᠳᠤᠭ᠋ᠠᠷ ᠵᠤᠷᠪᠤᠰ   ᠲᠦᠷ ᠴᠠᠭ᠎ᠤᠨ ᠴᠢᠨᠠᠷᠲᠠᠢ ᠰᠤᠶᠤᠯ᠎ᠤᠨ ᠵᠠᠭᠤᠯᠴᠢᠯᠠᠭᠴᠢ ᠵᠢᠨ ᠠᠵᠢᠯᠯᠠᠭ᠎ᠠ ᠵᠢ ᠡᠷᠬᠢᠯᠡᠬᠦ᠎ᠳᠤ ᠵᠠᠪᠠᠯ ᠰᠤᠶᠤᠯ ᠎ᠤᠨ ᠵᠠᠰᠠᠭ ᠵᠠᠬᠢᠷᠭ᠋ᠠᠨ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠵᠶ᠋ᠠᠷ ᠬᠢᠨᠠᠨ ᠵᠦᠪᠰᠢᠶᠡᠷᠡᠭᠦᠯᠦᠭᠰᠡᠨ ᠪᠠᠢ᠌ᠬᠤ ᠬᠡᠷᠡᠭᠲᠡᠢ᠃
     

ᠳᠤᠯᠤᠳᠤᠭ᠋ᠠᠷ ᠪᠦᠯᠦᠭ   ᠡᠵᠡᠩᠨᠡᠭᠴᠢ ᠵᠢᠨ ᠡᠷᠬᠡ ᠠᠰᠢᠭ ᠪᠠ ᠡᠭᠦᠷᠭᠡ ᠬᠠᠷᠢᠭᠤᠴᠠᠯᠭ᠎ᠠ
      ᠭᠤᠴᠢᠨ ᠭᠤᠷᠪᠠᠳᠤᠭ᠋ᠠᠷ ᠵᠤᠷᠪᠤᠰ   ᠡᠵᠡᠩᠨᠡᠭᠴᠢ ᠵᠢᠨ ᠬᠠᠤᠯᠢ ᠶᠤᠰᠤᠨ᠎ᠤ ᠡᠷᠬᠡ ᠠᠰᠢᠭ ᠬᠠᠤᠯᠢ᠎ᠪᠠᠷ ᠬᠠᠮᠠᠭ᠋ᠠᠯᠠᠭᠳᠠᠵᠤ᠂ ᠡᠵᠡᠩᠨᠡᠭᠴᠢ᠎ᠠᠴᠠ ᠲᠡᠭᠦᠨ᠎ᠤ ᠬᠠᠤᠯᠢ ᠶᠤᠰᠤᠨ᠎ᠤ ᠡᠷᠬᠡ ᠠᠰᠢᠭ᠎ᠲᠤ ᠬᠠᠯᠳᠠᠭᠰᠠᠨ ᠪᠠᠢ᠌ᠭᠤᠯᠭ᠎ᠠ ᠪᠠ ᠬᠤᠪᠢ ᠬᠦᠮᠦᠨ ᠎ᠢ ᠢᠯᠡᠴᠢᠯᠡᠬᠦ᠂ ᠮᠡᠳᠡᠭᠦᠯᠬᠦ᠂ ᠵᠠᠭ᠋ᠠᠯᠳᠤᠬᠤ ᠪᠠ ᠭᠤᠮᠤᠳᠠᠯ ᠲᠤᠭ᠋ᠠᠴᠠᠬᠤ ᠡᠷᠬᠡ᠎ᠲᠠᠢ᠃
      ᠭᠤᠴᠢᠨ ᠳᠦᠷᠪᠡᠳᠦᠭᠡᠷ ᠵᠤᠷᠪᠤᠰ   ᠡᠵᠡᠩᠨᠡᠭᠴᠢ᠎ᠠᠴᠠ ᠬᠠᠮᠢᠶᠠᠷᠤᠯᠲᠠ ᠵᠢᠨ ᠪᠤᠰᠤ ᠰᠠᠯᠠᠭ᠎ᠠ ᠮᠦᠴᠢᠷ ᠪᠤᠯᠤᠨ ᠪᠠᠢ᠌ᠴᠠᠭ᠋ᠠᠭᠴᠢ ᠵᠢᠨ ᠦᠨᠡᠮᠯᠡᠯ ᠦᠭᠡᠢ ᠪᠠᠢ᠌ᠴᠠᠭ᠋ᠠᠯᠲᠠ ᠵᠢ ᠵᠦᠪᠰᠢᠶᠡᠷᠡᠬᠦ ᠦᠭᠡᠢ ᠪᠠᠢ᠌ᠬᠤ ᠡᠷᠬᠡ᠎ᠲᠠᠢ᠂ ᠦᠨᠡᠮᠯᠡᠯ ᠤᠯᠭᠤᠳᠠᠭ ᠪᠤᠰᠤ ᠰᠠᠯᠠᠭ᠎ᠠ ᠮᠦᠴᠢᠷ ᠎ᠤᠨ᠎ᠬᠢᠨ᠎ᠤ《ᠰᠤᠶᠤᠯ ᠎ᠤᠨ ᠡᠵᠡᠩᠨᠡᠯᠲᠡ ᠵᠢᠨ ᠵᠦᠪᠰᠢᠶᠡᠷᠡᠯ᠎ᠤᠨ ᠦᠨᠡᠮᠯᠡᠯ》᠂《ᠡᠵᠡᠩᠨᠡᠯᠲᠡ ᠵᠢᠨ ᠦᠨᠡᠮᠯᠡᠯ》 ᠵᠡᠷᠭᠡ ᠬᠤᠯᠪᠤᠭᠳᠠᠯ ᠪᠦᠬᠦᠢ ᠦᠨᠡᠮᠯᠡᠯ᠎ᠢ ᠬᠤᠷᠢᠶᠠᠮᠵᠢᠯᠠᠬᠤ ᠵᠢ ᠵᠦᠪᠰᠢᠶᠡᠷᠡᠬᠦ ᠦᠭᠡᠢ ᠪᠠᠢ᠌ᠬᠤ ᠡᠷᠬᠡ᠎ᠲᠠᠢ᠃
      ᠭᠤᠴᠢᠨ ᠲᠠᠪᠤᠳᠤᠭ᠋ᠠᠷ ᠵᠤᠷᠪᠤᠰ   ᠡᠵᠡᠩᠨᠡᠭᠴᠢ᠂ ᠶᠠᠮᠠᠷᠪᠠ ᠨᠢᠭᠡᠨ ᠪᠠᠢ᠌ᠭᠤᠯᠭ᠎ᠠ ᠪᠤᠶᠤ ᠬᠤᠪᠢ ᠬᠦᠮᠦᠨ ᠲᠦᠯᠦᠪᠦᠷᠢ ᠦᠭᠡᠢ᠎ᠪᠠᠷ ᠡᠵᠡᠩᠨᠡᠯᠲᠡ ᠵᠢᠨ ᠲᠠᠯᠠᠪᠤᠷ ᠪᠤᠯᠤᠨ ᠲᠦᠬᠦᠭᠡᠷᠦᠮᠵᠢ ᠵᠢ ᠬᠡᠷᠡᠭᠯᠡᠬᠦ ᠵᠢ ᠵᠦᠪᠰᠢᠶᠡᠷᠡᠬᠦ ᠦᠭᠡᠢ ᠪᠠᠢ᠌ᠬᠤ ᠡᠷᠬᠡ᠎ᠲᠠᠢ᠂ ᠤᠯᠤᠰ ᠪᠤᠯᠤᠨ ᠦᠪᠡᠷᠲᠡᠭᠡᠨ ᠵᠠᠰᠠᠬᠤ ᠤᠷᠤᠨ᠎ᠤ ᠲᠤᠭᠲᠠᠭ᠋ᠠᠯ᠎ᠲᠠᠢ ᠨᠡᠢ᠌ᠴᠡᠬᠦ ᠦᠭᠡᠢ ᠡᠯ᠎ᠡ ᠵᠦᠢ᠍ᠯ᠎ᠤᠨ ᠰᠦᠢ᠍ᠳᠭᠡᠯ ᠪᠤᠯᠤᠨ ᠲᠤᠷᠭ᠋ᠠᠭᠤᠯᠢ ᠵᠢ ᠲᠤᠰᠢᠶᠠᠬᠤ ᠦᠭᠡᠢ ᠪᠠᠢ᠌ᠬᠤ ᠡᠷᠬᠡ᠎ᠲᠠᠢ᠃
      ᠭᠤᠴᠢᠨ ᠵᠢᠷᠭᠤᠳᠤᠭ᠋ᠠᠷ ᠵᠤᠷᠪᠤᠰ     ᠡᠵᠡᠩᠨᠡᠭᠴᠢ᠂ ᠬᠠᠮᠢᠶᠠᠷᠤᠯᠲᠠ ᠵᠢᠨ ᠰᠠᠯᠠᠭ᠎ᠠ ᠮᠦᠴᠢᠷ ᠪᠤᠯᠤᠨ ᠬᠠᠮᠢᠶᠠᠷᠤᠭᠴᠢ ᠵᠢᠨ ᠬᠠᠤᠯᠢ ᠶᠤᠰᠤ ᠵᠢ ᠵᠦᠷᠢᠴᠡᠵᠦ᠂ ᠡᠷᠬᠡ ᠲᠤᠰᠢᠶᠠᠯ ᠵᠶ᠋ᠠᠨ ᠳᠤᠷ᠎ᠠ᠎ᠪᠠᠷ ᠵᠶ᠋ᠠᠨ ᠬᠡᠷᠡᠭᠯᠡᠭᠰᠡᠨ᠎ᠠᠴᠠ ᠪᠤᠯᠵᠤ ᠠᠵᠤ ᠠᠬᠤᠢ ᠵᠢᠨ ᠬᠤᠬᠢᠷᠠᠯ ᠠᠮᠰᠠᠭᠰᠠᠨ ᠪᠤᠯ ᠲᠦᠯᠦᠪᠦᠷᠢ ᠠᠪᠬᠤ ᠎ᠪᠠᠷ ᠱᠠᠭ᠋ᠠᠷᠳᠠᠬᠤ ᠡᠷᠬᠡ᠎ᠲᠠᠢ᠃
      ᠭᠤᠴᠢᠨ ᠳᠤᠯᠤᠳᠤᠭ᠋ᠠᠷ ᠵᠤᠷᠪᠤᠰ   ᠡᠵᠡᠩᠨᠡᠭᠴᠢ᠂ ᠦᠢ᠍ᠯᠡᠴᠢᠯᠡᠭᠡᠨ᠎ᠤ ᠲᠦᠷᠦᠯ ᠵᠦᠢ᠍ᠯ ᠪᠤᠯᠤᠨ ᠪᠤᠷᠤᠯᠠᠭᠤᠯᠤᠨ ᠬᠤᠳᠠᠯᠳᠤᠵᠤ ᠪᠠᠢ᠌ᠭ᠎ᠠ ᠪᠦᠲᠦᠭᠡᠭᠳᠡᠭᠦᠨ᠎ᠳᠤ ᠎ᠪᠠᠨ ᠢᠯᠡ ᠎ᠪᠠᠷ ᠦᠨ᠎ᠡ ᠬᠠᠳᠠᠬᠤ ᠬᠡᠷᠡᠭᠲᠡᠢ᠂ ᠬᠠᠳᠠᠭᠰᠠᠨ ᠦᠨ᠎ᠡ᠎ᠠᠴᠠ ᠬᠡᠲᠦᠷᠡᠭᠰᠡᠨ ᠵᠤᠭᠤᠰ ᠪᠤᠯᠤᠨ ᠦᠢ᠍ᠯᠡᠴᠢᠯᠡᠭᠡᠨ᠎ᠤ ᠬᠦᠷᠢᠶ᠎ᠡ ᠬᠡᠪᠴᠢᠶ᠎ᠡ᠎ᠠᠴᠠ ᠬᠡᠲᠦᠷᠡᠭᠰᠡᠨ ᠰᠦᠢ᠍ᠳᠭᠡᠯ ᠬᠤᠷᠢᠶᠠᠵᠤ ᠪᠤᠯᠬᠤ ᠦᠭᠡᠢ᠃
      ᠭᠤᠴᠢᠨ ᠨᠠᠢ᠍ᠮᠠᠳᠤᠭ᠋ᠠᠷ ᠵᠤᠷᠪᠤᠰ   ᠡᠵᠡᠩᠨᠡᠭᠴᠢ᠂   ᠰᠤᠶᠤᠯ᠎ᠤᠨ ᠡᠵᠡᠩᠨᠡᠯᠲᠡ ᠵᠢᠨ ᠠᠵᠢᠯᠯᠠᠭ᠋ᠠᠨ ᠎ᠤ ᠲᠠᠯᠠᠪᠤᠷ ᠎ᠤᠨ ᠡᠮᠬᠢ ᠲᠢᠭᠯᠢᠮ᠎ᠢ ᠵᠢᠷᠤᠮᠯᠠᠵᠤ᠂ ᠰᠤᠶᠤᠯ ᠎ᠤᠨ ᠡᠵᠡᠩᠨᠡᠯᠲᠡ ᠵᠢᠨ ᠠᠵᠢᠯᠯᠠᠭ᠋ᠠᠨ ᠎ᠤ ᠲᠠᠯᠠᠪᠤᠷ ᠎ᠤᠨ ᠠᠮᠤᠷ ᠲᠦᠪᠰᠢᠨ ᠪᠤᠯᠤᠨ ᠡᠷᠡᠭᠦᠯ ᠬᠠᠮᠠᠭ᠋ᠠᠯᠠᠯ᠎ᠢ ᠪᠠᠲᠤᠯᠠᠬᠤ ᠬᠡᠷᠡᠭᠲᠡᠢ᠃
      ᠭᠤᠴᠢᠨ ᠶᠢᠰᠦᠳᠦᠭᠡᠷ ᠵᠤᠷᠪᠤᠰ   ᠡᠵᠡᠩᠨᠡᠭᠴᠢ ᠰᠤᠶᠤᠯ᠎ᠤᠨ ᠵᠠᠬ᠎ᠠ ᠳᠡᠯᠭᠡᠭᠦᠷ᠎ᠤᠨ ᠬᠠᠮᠢᠶᠠᠷᠤᠭᠴᠢ ᠵᠢᠨ ᠬᠠᠤᠯᠢ ᠶᠤᠰᠤ ᠎ᠪᠠᠷ ᠭᠦᠢ᠍ᠴᠡᠳᠭᠡᠵᠦ ᠪᠠᠢ᠌ᠭ᠎ᠠ ᠠᠯᠪᠠᠨ ᠶᠠᠪᠤᠳᠠᠯ ᠎ᠳᠤ ᠰᠠᠨᠠᠭ᠋ᠠᠴᠢᠯᠠᠭ᠎ᠠ᠎ᠠᠴᠠ ᠎ᠪᠠᠨ ᠬᠠᠮᠵᠢᠯᠴᠠᠬᠤ ᠬᠡᠷᠡᠭᠲᠡᠢ᠂ ᠰᠠᠭ᠋ᠠᠲᠠᠭ᠋ᠠᠬᠤ ᠪᠤᠶᠤ ᠲᠡᠪᠴᠢᠵᠦ ᠪᠤᠯᠬᠤ ᠦᠭᠡᠢ᠃
      ᠳᠦᠴᠢᠳᠦᠭᠡᠷ ᠵᠤᠷᠪᠤᠰ   ᠡᠵᠡᠩᠨᠡᠭᠴᠢ ᠬᠠᠤᠯᠢ ᠶᠤᠰᠤᠭ᠋ᠠᠷ ᠭᠠᠢ᠌ᠯᠢ ᠲᠤᠰᠢᠶᠠᠵᠤ᠂ ᠪᠤᠯᠪᠠᠰᠤᠨ ᠵᠶ᠋ᠠᠷ ᠡᠵᠡᠩᠨᠡᠬᠦ ᠵᠢ ᠪᠠᠷᠢᠮᠲᠠᠯᠠᠵᠤ᠂ ᠨᠡᠢ᠌ᠭᠡᠮ ᠨᠡᠢ᠌ᠲᠡ ᠵᠢᠨ ᠶᠤᠰᠤ ᠰᠤᠷᠲᠠᠬᠤᠨ᠎ᠢ ᠵᠢᠷᠤᠮᠯᠠᠬᠤ ᠬᠡᠷᠡᠭᠲᠡᠢ᠃
     

ᠨᠠᠢ᠍ᠮᠠᠳᠤᠭ᠋ᠠᠷ ᠪᠦᠯᠦᠭ   ᠬᠠᠤᠯᠢ ᠵᠢᠨ ᠬᠠᠷᠢᠭᠤᠴᠠᠯᠭ᠎ᠠ
      ᠳᠦᠴᠢᠨ ᠨᠢᠭᠡᠳᠦᠭᠡᠷ ᠵᠤᠷᠪᠤᠰ   ᠵᠦᠪᠰᠢᠶᠡᠷᠡᠯ ᠠᠪᠤᠭ᠎ᠠ ᠦᠭᠡᠢ᠎ᠪᠠᠷ ᠳᠤᠷ᠎ᠠ᠎ᠪᠠᠷ ᠵᠶ᠋ᠠᠨ ᠰᠤᠶᠤᠯ᠎ᠤᠨ ᠡᠵᠡᠩᠨᠡᠯᠲᠡ ᠵᠢᠨ ᠠᠵᠢᠯᠯᠠᠭ᠎ᠠ ᠡᠷᠬᠢᠯᠡᠭᠴᠢ ᠵᠢ ᠰᠤᠶᠤᠯ᠂ ᠦᠢ᠍ᠯᠡᠳᠪᠦᠷᠢ ᠬᠤᠳᠠᠯᠳᠤᠭ᠋ᠠᠨ ᠎ᠤ ᠵᠠᠰᠠᠭ ᠵᠠᠬᠢᠷᠭ᠋ᠠᠨ ᠎ᠤ ᠬᠠᠮᠢᠶᠠᠷᠤᠯᠲᠠ ᠵᠢᠨ ᠰᠠᠯᠠᠭ᠎ᠠ ᠮᠦᠴᠢᠷ ᠎ᠤᠨ᠎ᠬᠢᠨ ᠠᠯᠪᠠᠳᠠᠨ ᠡᠵᠡᠩᠨᠡᠯᠲᠡ ᠵᠢ᠎ᠨᠢ ᠵᠤᠭᠰᠤᠭ᠋ᠠᠵᠤ᠂ ᠬᠠᠤᠯᠢ ᠵᠢ ᠵᠦᠷᠢᠴᠡᠭᠰᠡᠨ ᠤᠯᠵᠠᠪᠤᠷᠢ ᠵᠢ᠎ᠨᠢ ᠬᠤᠷᠢᠶᠠᠬᠤ ᠵᠢᠨ ᠬᠠᠮᠲᠤ ᠬᠠᠤᠯᠢ ᠵᠢ ᠵᠦᠷᠢᠴᠡᠭᠰᠡᠨ ᠤᠯᠵᠠᠪᠤᠷᠢ ᠵᠢᠨ ᠬᠢᠨᠢ ᠨᠢᠭᠡ᠎ᠠᠴᠠ ᠬᠤᠶᠠᠷ ᠳᠠᠬᠢᠨ ᠮᠦᠩᠭᠦ ᠎ᠪᠠᠷ   ᠲᠤᠷᠭ᠋ᠠᠨ᠎ᠠ; ᠬᠠᠤᠯᠢ᠎ᠠᠴᠠ ᠵᠦᠷᠢᠴᠡᠭᠰᠡᠨ ᠤᠯᠵᠠᠪᠤᠷᠢ ᠤᠯᠤᠭ᠎ᠠ ᠦᠭᠡᠢ ᠪᠤᠶᠤ ᠡᠰᠡᠭᠦᠯ᠎ᠡ ᠬᠠᠤᠯᠢ ᠎ᠠᠴᠠ ᠵᠦᠷᠢᠴᠡᠭᠰᠡᠨ ᠤᠯᠵᠠᠪᠤᠷᠢ ᠵᠢᠨ ᠲᠤᠭ᠎ᠠ ᠵᠢ᠎ᠨᠢ ᠲᠤᠭᠲᠠᠭ᠋ᠠᠬᠤ ᠵᠢᠨ ᠠᠷᠭ᠎ᠠ ᠦᠭᠡᠢ ᠪᠤᠯ 500 ᠲᠦᠭᠦᠷᠢᠭ ᠎ᠠᠴᠠ ᠳᠡᠭᠡᠭᠰᠢ 5000 ᠮᠢᠩᠭ᠋ᠠᠨ ᠲᠦᠭᠦᠷᠢᠭ᠎ᠠᠴᠠ ᠳᠤᠭᠤᠭᠰᠢ ᠵᠤᠭᠤᠰ ᠵᠶ᠋ᠠᠷ ᠲᠤᠷᠭ᠋ᠠᠨ᠎ᠠ᠃
      ᠳᠦᠴᠢᠨ ᠬᠤᠶᠠᠳᠤᠭ᠋ᠠᠷ ᠵᠤᠷᠪᠤᠰ   ᠲᠤᠰ ᠳᠦᠷᠢᠮ ᠎ᠤᠨ ᠠᠷᠪᠠᠨ ᠵᠢᠷᠭᠤᠳᠤᠭ᠋ᠠᠷ   ᠵᠤᠷᠪᠤᠰ᠎ᠤᠨ ᠨᠢᠭᠡᠳᠦᠭᠡᠷ ᠪᠠᠳᠠᠭ ᠎ᠤᠨ ᠲᠤᠭᠲᠠᠭ᠋ᠠᠯ᠎ᠢ ᠵᠦᠷᠢᠴᠡᠭᠴᠢ ᠵᠢ ᠰᠤᠶᠤᠯ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠎ᠤᠨ᠎ᠬᠢᠨ ᠬᠠᠤᠯᠢ᠎ᠢ ᠵᠦᠷᠢᠴᠡᠭᠰᠡᠨ ᠤᠯᠵᠠᠪᠤᠷᠢ ᠵᠢ᠎ᠨᠢ ᠬᠤᠷᠢᠶᠠᠬᠤ ᠵᠢᠨ ᠬᠠᠮᠲᠤ ᠬᠠᠤᠯᠢ ᠵᠢ ᠵᠦᠷᠢᠴᠡᠭᠰᠡᠨ ᠤᠯᠵᠠᠪᠤᠷᠢ ᠵᠢᠨ ᠬᠢᠨᠢ ᠨᠢᠭᠡ᠎ᠠᠴᠠ ᠭᠤᠷᠪᠠᠨ ᠳᠠᠬᠢᠨ ᠵᠤᠭᠤᠰ ᠵᠶ᠋ᠠᠷ ᠲᠤᠷᠭ᠋ᠠᠨ᠎ᠠ; ᠬᠠᠤᠯᠢ᠎ᠠᠴᠠ ᠵᠦᠷᠢᠴᠡᠭᠰᠡᠨ ᠤᠯᠵᠠᠪᠤᠷᠢ ᠤᠯᠤᠭ᠎ᠠ ᠦᠭᠡᠢ ᠪᠤᠶᠤ ᠬᠠᠤᠯᠢ᠎ᠠᠴᠠ ᠵᠦᠷᠢᠴᠡᠭᠰᠡᠨ ᠤᠯᠵᠠᠪᠤᠷᠢ ᠵᠢᠨ ᠲᠤᠭ᠎ᠠ ᠵᠢ᠎ᠨᠢ ᠲᠤᠭᠲᠠᠭ᠋ᠠᠬᠤ ᠵᠢᠨ ᠠᠷᠭ᠎ᠠ ᠦᠭᠡᠢ ᠪᠤᠯ 1000 ᠲᠦᠭᠦᠷᠢᠭ᠎ᠠᠴᠠ ᠳᠡᠭᠡᠭᠰᠢ 20000 ᠲᠦᠭᠦᠷᠢᠭ᠎ᠠᠴᠠ ᠳᠤᠭᠤᠭᠰᠢ ᠵᠤᠭᠤᠰ ᠵᠶ᠋ᠠᠷ ᠲᠤᠷᠭ᠋ᠠᠨ᠎ᠠ᠃
      ᠠᠯᠪᠠᠨ ᠵᠢᠷᠤᠮ᠎ᠤᠨ ᠲᠤᠭᠯᠠᠯᠲᠠ ᠵᠢᠨ ᠨᠡᠷ᠎ᠡ᠎ᠪᠠᠷ ᠠᠰᠢᠭ ᠤᠯᠵᠠᠪᠤᠷᠢ ᠵᠢᠨ ᠴᠢᠨᠠᠷᠲᠠᠢ ᠲᠤᠭᠯᠠᠯᠲᠠ ᠡᠷᠬᠢᠯᠡᠭᠴᠢ ᠵᠢ ᠰᠤᠶᠤᠯ᠎ᠤᠨ ᠵᠠᠰᠠᠭ ᠵᠠᠬᠢᠷᠭ᠋ᠠᠨ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ᠎ᠠᠴᠠ ᠠᠯᠪᠠᠳᠠᠨ ᠲᠤᠭᠯᠠᠯᠲᠠ ᠵᠢ᠎ᠨᠢ ᠵᠤᠭᠰᠤᠭ᠋ᠠᠵᠤ᠂ ᠬᠠᠤᠯᠢ ᠵᠢ ᠵᠦᠷᠢᠴᠡᠭᠰᠡᠨ ᠤᠯᠵᠠᠪᠤᠷᠢ ᠵᠢ᠎ᠨᠢ ᠬᠤᠷᠢᠶᠠᠬᠤ ᠵᠢᠨ ᠬᠠᠮᠲᠤ ᠬᠠᠤᠯᠢ ᠵᠢ ᠵᠦᠷᠢᠴᠡᠭᠰᠡᠨ ᠤᠯᠵᠠᠪᠤᠷᠢ ᠵᠢᠨ ᠬᠢᠨᠢ ᠨᠢᠭᠡ᠎ᠠᠴᠠ ᠭᠤᠷᠪᠠᠨ ᠳᠠᠬᠢᠨ ᠵᠤᠭᠤᠰ ᠵᠶ᠋ᠠᠷ ᠲᠤᠷᠭ᠋ᠠᠨ᠎ᠠ; ᠬᠠᠤᠯᠢ ᠎ᠠᠴᠠ ᠵᠦᠷᠢᠴᠡᠭᠰᠡᠨ ᠤᠯᠵᠠᠪᠤᠷᠢ ᠤᠯᠤᠭ᠎ᠠ ᠦᠭᠡᠢ ᠪᠤᠶᠤ ᠬᠠᠤᠯᠢ᠎ᠠᠴᠠ ᠵᠦᠷᠢᠴᠡᠭᠰᠡᠨ ᠤᠯᠵᠠᠪᠤᠷᠢ ᠵᠢᠨ ᠲᠤᠭ᠎ᠠ ᠵᠢ᠎ᠨᠢ ᠲᠤᠭᠲᠠᠭ᠋ᠠᠬᠤ ᠵᠢᠨ ᠠᠷᠭ᠎ᠠ ᠦᠭᠡᠢ ᠪᠤᠯ 1000 ᠲᠦᠭᠦᠷᠢᠭ᠎ᠠᠴᠠ ᠳᠡᠭᠡᠭᠰᠢ 20000 ᠲᠦᠭᠦᠷᠢᠭ᠎ᠠᠴᠠ ᠳᠤᠭᠤᠭᠰᠢ ᠵᠤᠭᠤᠰ ᠵᠶ᠋ᠠᠷ ᠲᠤᠷᠭ᠋ᠠᠨ᠎ᠠ᠃
      ᠳᠦᠴᠢᠨ ᠭᠤᠷᠪᠠᠳᠤᠭ᠋ᠠᠷ ᠵᠤᠷᠪᠤᠰ   ᠨᠠᠢ᠌ᠷ ᠨᠠᠭ᠋ᠠᠳᠤᠮ᠎ᠤᠨ ᠠᠵᠢᠯᠯᠠᠭ᠋ᠠᠨ᠎ᠤ ᠲᠠᠯᠠᠪᠤᠷ᠎ᠲᠤ ᠱᠠᠯᠢᠭ ᠵᠠᠪᠬᠠᠢ᠂ ᠤᠷᠢᠨ ᠲᠠᠴᠢᠶᠠᠩᠭᠤᠢ᠂ ᠵᠤᠭᠤᠰ ᠮᠦᠷᠦᠢ᠌ᠴᠡᠬᠦ᠂ ᠹᠸᠤᠳᠠᠯ᠎ᠤᠨ ᠮᠤᠬᠤᠷ ᠰᠦᠰᠦᠭ᠎ᠢ ᠰᠤᠷᠲᠠᠯᠴᠢᠯᠠᠬᠤ ᠵᠡᠷᠭᠡ ᠠᠵᠢᠯᠯᠠᠭ᠎ᠠ ᠦᠷᠨᠢᠭᠦᠯᠪᠡᠯ᠂ ᠳᠤᠲᠤᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ᠎ᠠᠴᠠ ᠬᠠᠤᠯᠢ ᠶᠤᠰᠤᠭ᠋ᠠᠷ ᠰᠢᠢ᠍ᠳᠭᠡᠨ ᠲᠤᠷᠭ᠋ᠠᠵᠤ᠂ ᠰᠤᠶᠤᠯ ᠎ᠤᠨ ᠵᠠᠰᠠᠭ ᠵᠠᠬᠢᠷᠭ᠋ᠠᠨ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ᠎ᠠᠴᠠ ᠠᠯᠪᠠᠳᠠᠨ ᠠᠵᠢᠯ᠎ᠢ᠎ᠨᠢ ᠵᠤᠭᠰᠤᠭ᠋ᠠᠵᠤ ᠴᠡᠭᠴᠡᠯᠡᠬᠦ ᠪᠤᠶᠤ《ᠰᠤᠶᠤᠯ᠎ᠤᠨ ᠡᠵᠡᠩᠨᠡᠯᠲᠡ ᠵᠢᠨ ᠵᠦᠪᠰᠢᠶᠡᠷᠡᠯ᠎ᠤᠨ ᠦᠨᠡᠮᠯᠡᠯ》᠎ᠢ᠎ᠨᠢ ᠬᠤᠷᠢᠶᠠᠨ ᠠᠪᠴᠤ ᠬᠦᠴᠦᠨ ᠦᠭᠡᠢ ᠪᠤᠯᠭ᠋ᠠᠨ᠎ᠠ᠃
      ᠨᠠᠢ᠌ᠷ ᠨᠠᠭ᠋ᠠᠳᠤᠮ ᠎ᠤᠨ ᠠᠵᠢᠯᠯᠠᠭ᠋ᠠᠨ ᠎ᠤ ᠲᠠᠯᠠᠪᠤᠷ ᠎ᠲᠤ ᠦᠨᠳᠦᠰᠦᠲᠡᠨ ᠎ᠤ ᠪᠦᠯᠬᠦᠮᠳᠡᠯ ᠎ᠳᠤ ᠠᠰᠢᠭ ᠦᠭᠡᠢ ᠠᠵᠢᠯᠯᠠᠭ᠋ᠠᠨ ᠦᠷᠨᠢᠭᠦᠯᠪᠡᠯ᠂ ᠰᠤᠶᠤᠯ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠎ᠠᠴᠠ ᠠᠯᠪᠠᠳᠠᠨ ᠠᠵᠢᠯ ᠎ᠢ᠎ᠨᠢ ᠵᠤᠭᠰᠤᠭ᠋ᠠᠵᠤ ᠴᠡᠭᠴᠡᠯᠡᠨ᠎ᠡ; ᠦᠢ᠍ᠯᠡ ᠪᠠᠢ᠌ᠳᠠᠯ᠎ᠨᠢ ᠬᠦᠨᠳᠦ ᠪᠤᠯ《ᠰᠤᠶᠤᠯ ᠎ᠤᠨ ᠡᠵᠡᠩᠨᠡᠯᠲᠡ ᠵᠢᠨ ᠵᠦᠪᠰᠢᠶᠡᠷᠡᠯ ᠎ᠤᠨ ᠦᠨᠡᠮᠯᠡᠯ》᠎ᠢ᠎ᠨᠢ ᠬᠤᠷᠢᠶᠠᠨ ᠠᠪᠴᠤ ᠬᠦᠴᠦᠨ ᠦᠭᠡᠢ ᠪᠤᠯᠭ᠋ᠠᠨ᠎ᠠ᠃
      ᠳᠦᠴᠢᠨ ᠳᠦᠷᠪᠡᠳᠦᠭᠡᠷ ᠵᠤᠷᠪᠤᠰ   ᠡᠵᠡᠩᠨᠡᠭᠴᠢ᠂ ᠲᠤᠰ ᠳᠦᠷᠢᠮ᠎ᠤᠨ ᠬᠤᠷᠢᠨ ᠨᠢᠭᠡᠳᠦᠭᠡᠷ ᠵᠤᠷᠪᠤᠰ ᠎ᠳᠤ᠎ᠬᠢ ᠦᠰᠪᠦᠷᠢ ᠪᠠᠭ᠋ᠠᠴᠤᠤᠯ ᠎ᠢ ᠬᠠᠮᠠᠭ᠋ᠠᠯᠠᠬᠤ ᠲᠤᠭᠲᠠᠭ᠋ᠠᠯ᠎ᠢ ᠵᠦᠷᠢᠴᠡᠪᠡᠯ᠂ ᠰᠤᠶᠤᠯ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ᠎ᠠᠴᠠ ᠠᠯᠪᠠᠳᠠᠨ ᠵᠠᠰᠠᠨ ᠵᠠᠯᠠᠷᠠᠭᠤᠯᠤᠨ᠎ᠠ᠂ ᠬᠠᠤᠯᠢ ᠵᠢ ᠵᠦᠷᠢᠴᠡᠭᠰᠡᠨ ᠤᠯᠵᠠᠪᠤᠷᠢ ᠵᠢ᠎ᠨᠢ ᠬᠤᠷᠢᠶᠠᠬᠤ ᠵᠢᠨ ᠬᠠᠮᠲᠤ ᠬᠠᠤᠯᠢ ᠵᠢ ᠵᠦᠷᠢᠴᠡᠭᠰᠡᠨ ᠤᠯᠵᠠᠪᠤᠷᠢ ᠵᠢᠨ ᠬᠢᠨᠢ ᠨᠢᠭᠡ᠎ᠠᠴᠠ ᠭᠤᠷᠪᠠᠨ ᠳᠠᠬᠢᠨ ᠵᠤᠭᠤᠰ ᠵᠶ᠋ᠠᠷ ᠲᠤᠷᠭ᠋ᠠᠨ᠎ᠠ; ᠬᠠᠤᠯᠢ᠎ᠠᠴᠠ ᠵᠦᠷᠢᠴᠡᠭᠰᠡᠨ ᠤᠯᠵᠠᠪᠤᠷᠢ ᠤᠯᠤᠭ᠎ᠠ ᠦᠭᠡᠢ ᠪᠤᠶᠤ ᠬᠠᠤᠯᠢ᠎ᠠᠴᠠ ᠵᠦᠷᠢᠴᠡᠭᠰᠡᠨ ᠤᠯᠵᠠᠪᠤᠷᠢ ᠵᠢᠨ ᠲᠤᠭ᠎ᠠ ᠵᠢ᠎ᠨᠢ ᠲᠤᠭᠲᠠᠭ᠋ᠠᠬᠤ ᠵᠢᠨ ᠠᠷᠭ᠎ᠠ ᠦᠭᠡᠢ ᠪᠤᠯ 300 ᠲᠦᠭᠦᠷᠢᠭ᠎ᠠᠴᠠ ᠳᠡᠭᠡᠭᠰᠢ 3000 ᠲᠦᠭᠦᠷᠢᠭ ᠎ᠠᠴᠠ ᠳᠤᠭᠤᠭᠰᠢ ᠵᠤᠭᠤᠰ ᠵᠶ᠋ᠠᠷ ᠲᠤᠷᠭ᠋ᠠᠨ᠎ᠠ; ᠦᠢ᠍ᠯᠡ ᠪᠠᠢ᠌ᠳᠠᠯ᠎ᠨᠢ ᠬᠦᠨᠳᠦ ᠪᠤᠯ《ᠰᠤᠶᠤᠯ ᠎ᠤᠨ ᠡᠵᠡᠩᠨᠡᠯᠲᠡ ᠵᠢᠨ ᠵᠦᠪᠰᠢᠶᠡᠷᠡᠯ ᠎ᠤᠨ ᠦᠨᠡᠮᠯᠡᠯ》᠎ᠢ᠎ᠨᠢ ᠬᠤᠷᠢᠶᠠᠨ ᠠᠪᠴᠤ ᠬᠦᠴᠦᠨ ᠦᠭᠡᠢ ᠪᠤᠯᠭ᠋ᠠᠨ᠎ᠠ᠃  
      ᠡᠯᠸᠺᠲᠷᠤᠨ ᠲᠤᠭᠯᠠᠭ᠋ᠠᠮ᠎ᠤᠨ ᠠᠵᠢᠯᠯᠠᠭ᠎ᠠ ᠡᠵᠡᠩᠨᠡᠵᠦ ᠪᠠᠢ᠌ᠭ᠎ᠠ ᠪᠠᠢ᠌ᠭᠤᠯᠭ᠎ᠠ ᠪᠠ ᠬᠤᠪᠢ ᠬᠦᠮᠦᠨ ᠠᠮᠠᠷᠠᠯᠲᠠ ᠵᠢᠨ ᠪᠢᠰᠢ ᠡᠳᠦᠷ ᠦᠰᠪᠦᠷᠢ ᠬᠡᠦᠬᠡᠳ᠎ᠢ ᠬᠦᠯᠢᠶᠡᠨ ᠠᠪᠬᠤ ᠪᠤᠶᠤ ᠲᠡᠳᠡᠨᠦᠰ᠎ᠤᠨ ᠪᠡᠶ᠎ᠡ ᠰᠡᠳᠭᠢᠯ ᠎ᠤᠨ ᠡᠷᠡᠭᠦᠯ ᠮᠡᠨᠳᠦ᠎ᠳᠤ ᠬᠤᠤᠷᠲᠠᠢ ᠡᠯᠸᠺᠲᠷᠤᠨ ᠲᠤᠭᠯᠠᠭ᠋ᠠᠮ ᠎ᠤᠨ ᠠᠭᠤᠯᠭ᠎ᠠ ᠵᠢ ᠬᠠᠩᠭ᠋ᠠᠪᠠᠯ᠂ ᠰᠤᠶᠤᠯ ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ᠎ᠠᠴᠠ ᠠᠯᠪᠠᠳᠠᠨ ᠵᠠᠰᠠᠨ ᠵᠠᠯᠠᠷᠠᠭᠤᠯᠵᠤ᠂ ᠬᠠᠤᠯᠢ ᠵᠢ ᠵᠦᠷᠢᠴᠡᠭᠰᠡᠨ ᠤᠯᠵᠠᠪᠤᠷᠢ ᠵᠢ᠎ᠨᠢ ᠬᠤᠷᠢᠶᠠᠨ ᠠᠪᠴᠤ ᠵᠢᠨ ᠬᠠᠮᠲᠤ ᠬᠠᠤᠯᠢ ᠵᠢ ᠵᠦᠷᠢᠴᠡᠭᠰᠡᠨ ᠤᠯᠵᠠᠪᠤᠷᠢ ᠵᠢᠨ ᠬᠢᠨᠢ ᠬᠤᠶᠠᠷ᠎ᠠᠴᠠ ᠲᠠᠪᠤᠨ ᠳᠠᠬᠢᠨ ᠵᠤᠭᠤᠰ ᠵᠶ᠋ᠠᠷ ᠲᠤᠷᠭ᠋ᠠᠨ᠎ᠠ; ᠬᠠᠤᠯᠢ᠎ᠠᠴᠠ ᠵᠦᠷᠢᠴᠡᠭᠰᠡᠨ ᠤᠯᠵᠠᠪᠤᠷᠢ ᠤᠯᠤᠭ᠎ᠠ ᠦᠭᠡᠢ ᠪᠤᠶᠤ ᠬᠠᠤᠯᠢ᠎ᠠᠴᠠ ᠵᠦᠷᠢᠴᠡᠭᠰᠡᠨ ᠤᠯᠵᠠᠪᠤᠷᠢ ᠵᠢᠨ ᠲᠤᠭ᠎ᠠ ᠵᠢ᠎ᠨᠢ ᠲᠤᠭᠲᠠᠭ᠋ᠠᠬᠤ ᠵᠢᠨ ᠠᠷᠭ᠎ᠠ ᠦᠭᠡᠢ ᠪᠤᠯ 300 ᠲᠦᠭᠦᠷᠢᠭ ᠎ᠠᠴᠠ ᠳᠡᠭᠡᠭᠰᠢ 3000 ᠲᠦᠭᠦᠷᠢᠭ ᠎ᠠᠴᠠ ᠳᠤᠭᠤᠭᠰᠢ ᠵᠤᠭᠤᠰ ᠵᠶ᠋ᠠᠷ ᠲᠤᠷᠭ᠋ᠠᠨ᠎ᠠ; ᠦᠢ᠍ᠯᠡ ᠪᠠᠢ᠌ᠳᠠᠯ᠎ᠨᠢ ᠬᠦᠨᠳᠦ ᠪᠤᠯ《ᠰᠤᠶᠤᠯ ᠎ᠤᠨ ᠡᠵᠡᠩᠨᠡᠯᠲᠡ ᠵᠢᠨ ᠵᠦᠪᠰᠢᠶᠡᠷᠡᠯ ᠎ᠤᠨ ᠦᠨᠡᠮᠯᠡᠯ》᠎ᠢ᠎ᠨᠢ ᠬᠤᠷᠢᠶᠠᠨ ᠠᠪᠴᠤ ᠬᠦᠴᠦᠨ ᠦᠭᠡᠢ ᠪᠤᠯᠭ᠋ᠠᠨ᠎ᠠ᠃
      ᠳᠦᠴᠢᠨ ᠲᠠᠪᠤᠳᠤᠭ᠋ᠠᠷ ᠵᠤᠷᠪᠤᠰ   ᠵᠢᠩᠬᠢᠨᠢ ᠬᠡᠪᠯᠡᠯ ᠎ᠤᠨ ᠪᠤᠰᠤ᠂ ᠳᠤᠲᠤᠭ᠋ᠠᠳᠤ ᠎ᠳᠤ ᠎ᠪᠠᠨ ᠲᠠᠷᠬᠠᠭ᠋ᠠᠬᠤ ᠪᠤᠯᠤᠨ ᠤᠯᠤᠰ ᠎ᠠᠴᠠ ᠵᠠᠷᠯᠢᠭᠯᠠᠨᠨ ᠴᠠᠭ᠋ᠠᠵᠠᠯᠠᠭᠰᠠᠨ ᠨᠤᠮ ᠪᠢᠴᠢᠭ᠂ ᠭᠡᠷᠡᠯ ᠵᠢᠷᠤᠭ᠂ ᠰᠤᠨᠢᠨ ᠰᠡᠳᠭᠦᠯ ᠬᠢᠭᠡᠳ ᠳᠠᠭᠤ ᠳᠦᠷᠰᠦ ᠰᠢᠩᠭᠡᠭᠡᠯᠲᠡ ᠵᠢᠨ ᠦᠢ᠍ᠯᠡᠳᠭᠦᠨ ᠎ᠤ ᠡᠵᠡᠩᠨᠡᠭᠴᠢ ᠵᠢ ᠰᠤᠶᠤᠯ᠎ᠤᠨ ᠵᠠᠰᠠᠭ ᠵᠠᠬᠢᠷᠭ᠋ᠠᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ᠎ᠠᠴᠠ ᠬᠠᠤᠯᠢ ᠵᠢ ᠵᠦᠷᠢᠴᠡᠭᠰᠡᠨ ᠤᠯᠵᠠᠪᠤᠷᠢ ᠪᠤᠯᠤᠨ ᠪᠤᠳᠠᠰ᠎ᠢ᠎ᠨᠢ ᠬᠤᠷᠢᠶᠠᠬᠤ ᠵᠢᠨ ᠬᠠᠮᠲᠤ ᠬᠠᠤᠯᠢ ᠵᠢ ᠵᠦᠷᠢᠴᠡᠭᠰᠡᠨ ᠤᠯᠵᠠᠪᠤᠷᠢ ᠵᠢᠨ ᠬᠢᠨᠢ ᠨᠢᠭᠡ᠎ᠠᠴᠠ ᠬᠤᠶᠠᠷ ᠳᠠᠬᠢᠨ ᠵᠤᠭᠤᠰ ᠵᠶ᠋ᠠᠷ ᠲᠤᠷᠭ᠋ᠠᠨ᠎ᠠ;   ᠬᠠᠤᠯᠢ ᠎ᠠᠴᠠ ᠵᠦᠷᠢᠴᠡᠭᠰᠡᠨ ᠤᠯᠵᠠᠪᠤᠷᠢ ᠤᠯᠤᠭ᠎ᠠ ᠦᠭᠡᠢ ᠪᠤᠶᠤ ᠬᠠᠤᠯᠢ ᠎ᠠᠴᠠ ᠵᠦᠷᠢᠴᠡᠭᠰᠡᠨ ᠤᠯᠵᠠᠪᠤᠷᠢ ᠵᠢᠨ ᠲᠤᠭ᠎ᠠ ᠵᠢ᠎ᠨᠢ ᠲᠤᠭᠲᠠᠭ᠋ᠠᠬᠤ ᠵᠢᠨ ᠠᠷᠭ᠎ᠠ ᠦᠭᠡᠢ ᠪᠤᠯ 1000 ᠲᠦᠭᠦᠷᠢᠭ ᠎ᠠᠴᠠ ᠳᠡᠭᠡᠭᠰᠢ 50000 ᠲᠦᠭᠦᠷᠢᠭ ᠎ᠠᠴᠠ ᠳᠤᠭᠤᠭᠰᠢ ᠵᠤᠭᠤᠰ ᠵᠶ᠋ᠠᠷ ᠲᠤᠷᠭ᠋ᠠᠨ᠎ᠠ; ᠦᠢ᠍ᠯᠡ ᠪᠠᠢ᠌ᠳᠠᠯ᠎ᠨᠢ ᠬᠦᠨᠳᠦ ᠪᠤᠯ ᠰᠤᠶᠤᠯ ᠎ᠤᠨ ᠵᠠᠰᠠᠭ ᠵᠠᠬᠢᠷᠭ᠋ᠠᠨ ᠎ᠤ ᠰᠠᠯᠠᠭ᠎ᠠ ᠮᠦᠴᠢᠷ ᠎ᠠᠴᠠ ᠠᠯᠪᠠᠳᠠᠨ ᠠᠵᠢᠯ᠎ᠢ᠎ᠨᠢ ᠵᠤᠭᠰᠤᠭ᠋ᠠᠵᠤ ᠴᠡᠭᠴᠡᠯᠡᠬᠦ ᠪᠤᠶᠤ《ᠰᠤᠶᠤᠯ ᠎ᠤᠨ ᠡᠵᠡᠩᠨᠡᠯᠲᠡ ᠵᠢᠨ ᠵᠦᠪᠰᠢᠶᠡᠷᠡᠯ ᠎ᠤᠨ ᠦᠨᠡᠮᠯᠡᠯ》᠎ᠢ᠎ᠨᠢ ᠬᠤᠷᠢᠶᠠᠨ ᠠᠪᠴᠤ ᠬᠦᠴᠦᠨ ᠦᠭᠡᠢ ᠪᠤᠯᠭ᠋ᠠᠨ᠎ᠠ᠃
        ᠬᠤᠯᠪᠤᠭᠳᠠᠯ ᠪᠦᠬᠦᠢ ᠰᠠᠯᠠᠭ᠎ᠠ ᠮᠦᠴᠢᠷ ᠎ᠤᠨ ᠵᠦᠪᠰᠢᠶᠡᠷᠡᠯ ᠎ᠢ ᠤᠯᠤᠭ᠎ᠠ ᠦᠭᠡᠢ ᠎ᠪᠠᠷ ᠨᠤᠮ ᠰᠡᠳᠭᠦᠯ ᠪᠤᠶᠤ ᠳᠠᠭᠤ ᠳᠦᠷᠰᠦ ᠰᠢᠩᠭᠡᠭᠡᠯᠲᠡ ᠵᠢᠨ ᠦᠢ᠍ᠯᠡᠳᠭᠦᠨ᠎ᠢ ᠪᠦᠭᠡᠮ ᠵᠶ᠋ᠠᠷ ᠪᠤᠷᠤᠯᠠᠭᠤᠯᠬᠤ ᠠᠵᠢᠯ ᠎ᠢ ᠡᠵᠩᠨᠡᠭᠴᠢ ᠵᠢ   ᠬᠠᠤᠯᠢ ᠵᠢ ᠵᠦᠷᠢᠴᠡᠭᠰᠡᠨ ᠤᠯᠵᠠᠪᠤᠷᠢ ᠪᠤᠯᠤᠨ ᠪᠤᠳᠠᠰ᠎ᠢ᠎ᠨᠢ ᠬᠤᠷᠢᠶᠠᠬᠤ ᠵᠢᠨ ᠬᠠᠮᠲᠤ ᠬᠠᠤᠯᠢ ᠵᠢ ᠵᠦᠷᠢᠴᠡᠭᠰᠡᠨ ᠤᠯᠵᠠᠪᠤᠷᠢ ᠵᠢᠨ ᠬᠢᠨᠢ ᠨᠢᠭᠡ ᠎ᠠᠴᠠ ᠭᠤᠷᠪᠠᠨ ᠳᠠᠬᠢᠨ ᠵᠤᠭᠤᠰ ᠵᠶ᠋ᠠᠷ ᠲᠤᠷᠭ᠋ᠠᠨ᠎ᠠ;   ᠬᠠᠤᠯᠢ᠎ᠠᠴᠠ ᠵᠦᠷᠢᠴᠡᠭᠰᠡᠨ ᠤᠯᠵᠠᠪᠤᠷᠢ ᠤᠯᠤᠭ᠎ᠠ ᠦᠭᠡᠢ ᠪᠤᠶᠤ ᠬᠠᠤᠯᠢ ᠎ᠠᠴᠠ ᠵᠦᠷᠢᠴᠡᠭᠰᠡᠨ ᠤᠯᠵᠠᠪᠤᠷᠢ ᠵᠢᠨ ᠲᠤᠭ᠎ᠠ ᠵᠢ᠎ᠨᠢ ᠲᠤᠭᠲᠠᠭ᠋ᠠᠬᠤ ᠵᠢᠨ ᠠᠷᠭ᠎ᠠ ᠦᠭᠡᠢ ᠪᠤᠯ 1000 ᠲᠦᠭᠦᠷᠢᠭ᠎ᠠᠴᠠ ᠳᠡᠭᠡᠭᠰᠢ 20000 ᠲᠦᠭᠦᠷᠢᠭ᠎ᠠᠴᠠ ᠳᠤᠭᠤᠭᠰᠢ ᠵᠤᠭᠤᠰ ᠵᠶ᠋ᠠᠷ ᠲᠤᠷᠭ᠋ᠠᠨ᠎ᠠ; ᠦᠢ᠍ᠯᠡ ᠪᠠᠢ᠌ᠳᠠᠯ᠎ᠨᠢ ᠬᠦᠨᠳᠦ ᠪᠤᠯ ᠰᠤᠶᠤᠯ᠎ᠤᠨ ᠵᠠᠰᠠᠭ ᠵᠠᠬᠢᠷᠭ᠋ᠠᠨ ᠎ᠤ ᠰᠠᠯᠠᠭ᠎ᠠ ᠮᠦᠴᠢᠷ᠎ᠠᠴᠠ ᠠᠯᠪᠠᠳᠠᠨ ᠠᠵᠢᠯ ᠎ᠢ᠎ᠨᠢ ᠵᠤᠭᠰᠤᠭ᠋ᠠᠵᠤ ᠴᠡᠭᠴᠡᠯᠡᠬᠦ ᠪᠤᠶᠤ ᠴᠢᠨᠠᠭᠰᠢᠯᠠᠪᠠᠯ《ᠰᠤᠶᠤᠯ᠎ᠤᠨ ᠡᠵᠡᠩᠨᠡᠯᠲᠡ ᠵᠢᠨ ᠵᠦᠪᠰᠢᠶᠡᠷᠡᠯ᠎ᠤᠨ ᠦᠨᠡᠮᠯᠡᠯ》 ᠎ᠢ᠎ᠨᠢ ᠬᠤᠷᠢᠶᠠᠨ ᠠᠪᠴᠤ ᠬᠦᠴᠦᠨ ᠦᠭᠡᠢ ᠪᠤᠯᠭ᠋ᠠᠨ᠎ᠠ᠃
        ᠦᠰᠪᠦᠷᠢ ᠪᠠᠭ᠋ᠠᠴᠤᠤᠯ ᠎ᠳᠤ ᠬᠤᠳᠠᠯᠳᠤᠬᠤ᠂ ᠲᠦᠷᠢᠶᠡᠰᠦᠯᠡᠬᠦ ᠪᠤᠶᠤ ᠪᠤᠰᠤᠳ ᠠᠷᠭ᠎ᠠ ᠬᠡᠯᠪᠡᠷᠢ ᠎ᠪᠠᠷ ᠱᠠᠯᠢᠭ ᠵᠠᠪᠬᠠᠢ ᠨᠤᠮ ᠪᠢᠴᠢᠭ᠂ ᠭᠡᠷᠡᠯ ᠵᠢᠷᠤᠭ᠂ ᠰᠤᠨᠢᠨ ᠰᠡᠳᠭᠦᠯ᠂ ᠳᠠᠭᠤ ᠳᠦᠷᠰᠦ ᠰᠢᠩᠭᠡᠭᠡᠯᠲᠡ ᠵᠢᠨ ᠦᠢ᠍ᠯᠡᠳᠭᠦᠨ ᠵᠡᠷᠭᠡ ᠪᠤᠳᠠᠰ ᠎ᠢ ᠳᠠᠮᠵᠢᠭᠤᠯᠤᠭᠴᠢ᠂ ᠡᠯᠸᠺᠲ᠋ᠤᠷᠠᠨ ᠲᠤᠭᠯᠠᠭ᠋ᠠᠮ᠎ᠢ ᠠᠰᠢᠭᠯᠠᠨ ᠵᠤᠭᠤᠰ ᠨᠠᠭ᠋ᠠᠳᠬᠤ᠂ ᠬᠡᠯᠪᠡᠷᠢ ᠬᠤᠪᠢᠷᠭ᠋ᠠᠨ ᠵᠤᠭᠤᠰ ᠨᠠᠭ᠋ᠠᠳᠬᠤ ᠪᠤᠶᠤ ᠦᠰᠪᠦᠷᠢ ᠪᠠᠭ᠋ᠠᠴᠤᠤᠯ᠎ᠢ ᠦᠳᠦᠭᠡᠨ ᠳᠤᠬᠢᠵᠤ ᠵᠤᠭᠤᠰ ᠨᠠᠭ᠋ᠠᠳᠤᠭᠤᠯᠤᠭᠴᠢ ᠵᠢ ᠬᠠᠤᠯᠢ ᠶᠤᠰᠤᠭ᠋ᠠᠷ ᠬᠦᠨᠳᠦ ᠎ᠪᠠᠷ ᠰᠢᠢ᠍ᠳᠭᠡᠨ ᠲᠤᠷᠭ᠋ᠠᠨ᠎ᠠ᠃
      ᠳᠦᠴᠢᠨ ᠵᠢᠷᠭᠤᠳᠤᠭ᠋ᠠᠷ ᠵᠤᠷᠪᠤᠰ   ᠦᠢ᠍ᠯᠡᠴᠢᠯᠡᠭᠡᠨ᠎ᠤ ᠵᠦᠢ᠍ᠯ ᠪᠤᠯᠤᠨ ᠪᠤᠷᠤᠯᠠᠭᠤᠯᠵᠤ ᠪᠠᠢ᠌ᠭ᠎ᠠ ᠲᠠᠸᠠᠷ᠎ᠲᠤ᠎ᠪᠠᠨ ᠢᠯᠡ ᠦᠨ᠎ᠡ ᠬᠠᠳᠠᠬᠤ ᠦᠭᠡᠢ ᠪᠤᠶᠤ ᠲᠤᠭᠲᠠᠭᠰᠠᠨ ᠦᠨ᠎ᠡ ᠎ᠠᠴᠠ ᠬᠡᠲᠦᠷᠡᠭᠦᠯᠵᠦ ᠬᠤᠳᠠᠯᠳᠤᠬᠤ ᠪᠤᠯᠤᠨ ᠦᠢ᠍ᠯᠡᠴᠢᠯᠡᠭᠡᠨ ᠎ᠤ ᠬᠦᠷᠢᠶ᠎ᠡ ᠬᠡᠪᠴᠢᠶᠡᠨ᠎ᠠᠴᠠ ᠬᠡᠲᠦᠷᠡᠭᠦᠯᠵᠦ ᠰᠦᠢ᠍ᠳᠭᠡᠯ ᠬᠤᠷᠢᠶᠠᠪᠠᠯ᠂ ᠪᠠᠷᠠᠭ᠋ᠠᠨ ᠎ᠤ ᠦᠨ᠎ᠡ ᠵᠢ ᠬᠢᠨᠠᠨ ᠪᠠᠢ᠌ᠴᠠᠭ᠋ᠠᠬᠤ ᠪᠠᠢ᠌ᠭᠤᠯᠭ᠎ᠠ᠎ᠠᠴᠠ ᠬᠠᠤᠯᠢ ᠶᠤᠰᠤᠭ᠋ᠠᠷ ᠰᠢᠢ᠍ᠳᠭᠡᠨ ᠲᠤᠷᠭᠤᠭ᠋ᠠᠨ᠎ᠠ᠃
      ᠳᠦᠴᠢᠨ ᠳᠤᠯᠤᠳᠤᠭ᠋ᠠᠷ ᠵᠤᠷᠪᠤᠰ   ᠰᠤᠶᠤᠯ ᠎ᠤᠨ ᠡᠵᠡᠩᠨᠡᠯᠲᠡ ᠵᠢᠨ ᠠᠵᠢᠯᠯᠠᠭ᠎ᠠ《ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠠᠮᠤᠷ ᠎ᠢ ᠬᠠᠮᠠᠭ᠋ᠠᠯᠠᠬᠤ ᠬᠠᠮᠢᠶᠠᠷᠤᠯᠲᠠ ᠵᠢᠨ ᠲᠤᠷᠭ᠋ᠠᠨ ᠰᠢᠢ᠍ᠳᠭᠡᠬᠦ ᠬᠠᠤᠯᠢ》 ᠵᠢ ᠵᠦᠷᠢᠴᠡᠪᠡᠯ ᠳᠤᠲᠤᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ  ᠎ᠠᠴᠠ ᠰᠢᠢ᠍ᠳᠭᠡᠯ ᠦᠵᠡᠭᠦᠯᠦᠨ ᠲᠤᠷᠭ᠋ᠠᠨ᠎ᠠ; ᠦᠢ᠍ᠯᠡᠳᠪᠦᠷᠢ ᠬᠤᠳᠠᠯᠳᠤᠭ᠋ᠠᠨ ᠎ᠤ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠬᠠᠤᠯᠢ᠂ ᠲᠤᠭᠲᠠᠭ᠋ᠠᠯ ᠎ᠢ ᠵᠦᠷᠢᠴᠡᠭᠴᠢ ᠵᠢ ᠦᠢ᠍ᠯᠡᠳᠪᠦᠷᠢ ᠬᠤᠳᠠᠯᠳᠤᠭ᠋ᠠᠨ ᠎ᠤ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠰᠠᠯᠠᠭ᠎ᠠ ᠮᠦᠴᠢᠷ ᠎ᠠᠴᠠ ᠰᠢᠢ᠍ᠳᠭᠡᠯ ᠤᠯᠭᠤᠨ᠎ᠠ; ᠤᠯᠠᠨ ᠨᠡᠢ᠌ᠲᠡ ᠵᠢᠨ ᠲᠠᠯᠠᠪᠤᠷ ᠎ᠤᠨ ᠡᠷᠡᠭᠦᠯ ᠬᠠᠮᠠᠭ᠋ᠠᠯᠠᠯ᠎ᠤᠨ ᠬᠠᠮᠢᠶᠠᠷᠤᠯᠲᠠ ᠵᠢᠨ ᠬᠠᠤᠯᠢ᠂ ᠲᠤᠭᠲᠠᠭ᠋ᠠᠯ ᠎ᠢ ᠵᠦᠷᠢᠴᠡᠭᠴᠢ ᠵᠢ ᠡᠷᠡᠭᠦᠯ ᠬᠠᠮᠠᠭ᠋ᠠᠯᠠᠯ ᠎ᠤᠨ ᠰᠠᠯᠠᠭ᠎ᠠ ᠮᠦᠴᠢᠷ᠎ᠠᠴᠠ ᠰᠢᠢ᠍ᠳᠭᠡᠯ ᠤᠯᠭᠤᠨ᠎ᠠ; ᠶᠠᠯ᠎ᠠ ᠪᠦᠷᠢᠯᠳᠦᠪᠡᠯ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
      ᠳᠦᠴᠢᠨ ᠨᠠᠢ᠍ᠮᠠᠳᠤᠭ᠋ᠠᠷ ᠵᠤᠷᠪᠤᠰ   ᠬᠤᠯᠪᠤᠭᠳᠠᠬᠤ ᠬᠦᠮᠦᠨ ᠰᠢᠢ᠍ᠳᠭᠡᠯ ᠲᠤᠭᠲᠠᠭ᠋ᠠᠯ ᠎ᠢ ᠵᠦᠪᠰᠢᠶᠡᠷᠡᠬᠦ ᠦᠭᠡᠢ ᠪᠤᠯ《ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠵᠠᠰᠠᠭ ᠵᠠᠬᠢᠷᠭ᠋ᠠᠨ᠎ᠤ ᠵᠠᠷᠭᠤ ᠵᠢᠨ ᠬᠠᠤᠯᠢ》 ᠪᠤᠯᠤᠨ《ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠵᠠᠰᠠᠭ ᠵᠠᠬᠢᠷᠭ᠋ᠠᠨ᠎ᠤ ᠳᠠᠬᠢᠨ ᠵᠦᠪᠯᠡᠬᠦ ᠬᠠᠤᠯᠢ》 ᠵᠢᠨ ᠬᠤᠯᠪᠤᠭᠳᠠᠯ ᠪᠦᠬᠦᠢ ᠲᠤᠭᠲᠠᠭ᠋ᠠᠯ ᠶᠤᠰᠤᠭ᠋ᠠᠷ ᠳᠠᠬᠢᠨ ᠵᠦᠪᠯᠡᠬᠦ ᠎ᠪᠠᠷ ᠡᠷᠡᠮᠡᠯᠵᠡᠬᠦ ᠪᠤᠶᠤ ᠠᠯᠪᠠᠨ ᠵᠠᠭ᠋ᠠᠯᠳᠤᠯᠭ᠎ᠠ ᠭᠠᠷᠭ᠋ᠠᠨ᠎ᠠ; ᠬᠤᠯᠪᠤᠭᠳᠠᠬᠤ ᠬᠦᠮᠦᠨ ᠬᠤᠭᠤᠴᠠᠭ᠎ᠠ ᠬᠡᠲᠦᠷᠡᠲᠡᠯ᠎ᠡ ᠳᠠᠬᠢᠨ ᠵᠦᠪᠯᠡᠬᠦ ᠎ᠪᠠᠷ ᠡᠷᠮᠡᠯᠵᠡᠬᠦ ᠦᠭᠡᠢ᠂ ᠠᠯᠪᠠᠨ ᠵᠠᠭ᠋ᠠᠯᠳᠤᠯᠭ᠎ᠠ ᠭᠠᠷᠭ᠋ᠠᠬᠤ ᠦᠭᠡᠢ᠂ ᠪᠠᠰᠠ ᠰᠢᠢ᠍ᠳᠭᠡᠯ ᠲᠤᠭᠲᠠᠭ᠋ᠠᠯ᠎ᠤᠨ ᠭᠦᠢ᠍ᠴᠡᠳᠭᠡᠯ ᠎ᠢ ᠬᠢᠬᠦ ᠦᠭᠡᠢ ᠪᠤᠯ ᠰᠢᠢ᠍ᠳᠭᠡᠯ ᠲᠤᠭᠲᠠᠭ᠋ᠠᠯ ᠎ᠢ ᠲᠤᠭᠲᠠᠭ᠋ᠠᠭᠰᠠᠨ ᠪᠠᠢ᠌ᠭᠤᠯᠭ᠎ᠠ᠎ᠠᠴᠠ ᠠᠷᠠᠳ᠎ᠤᠨ ᠰᠢᠭᠦᠬᠦ ᠬᠤᠷᠢᠶᠠᠨ᠎ᠳᠤ ᠡᠷᠭᠦᠳᠡᠯ ᠭᠠᠷᠭ᠋ᠠᠵᠤ ᠠᠯᠪᠠᠳᠠᠨ ᠬᠦᠢ᠍ᠴᠡᠳᠭᠡᠬᠦᠯᠦᠨ᠎ᠡ᠃
      ᠳᠦᠴᠢ ᠶᠢᠰᠦᠳᠦᠭᠡᠷ ᠵᠤᠷᠪᠤᠰ   ᠰᠤᠶᠤᠯ᠎ᠤᠨ ᠵᠠᠬ᠎ᠠ ᠳᠡᠯᠭᠡᠭᠦᠷ ᠎ᠤᠨ ᠬᠠᠮᠢᠶᠠᠷᠤᠭᠴᠢ ᠬᠠᠤᠯᠢ ᠶᠤᠰᠤ ᠵᠢ ᠵᠦᠷᠢᠴᠡᠵᠦ᠂ ᠡᠷᠬᠡ ᠲᠤᠰᠢᠶᠠᠯ ᠵᠶ᠋ᠠᠨ ᠳᠤᠷ᠎ᠠ᠎ᠪᠠᠷ ᠵᠶ᠋ᠠᠨ ᠬᠡᠷᠡᠭᠯᠡᠪᠡᠯ ᠲᠤᠬᠠᠢ ᠵᠢᠨ ᠪᠠᠢ᠌ᠭᠤᠯᠭ᠎ᠠ ᠪᠤᠶᠤ ᠡᠰᠡᠭᠦᠯ᠎ᠡ ᠳᠡᠭᠡᠳᠦ ᠱᠠᠲᠤᠨ ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ᠎ᠠᠴᠠ ᠰᠢᠭᠦᠮᠵᠢᠯᠡᠨ ᠰᠤᠷᠭ᠋ᠠᠬᠤ ᠪᠤᠶᠤ ᠵᠠᠰᠠᠭ ᠵᠠᠬᠢᠷᠭ᠋ᠠᠨ᠎ᠤ ᠰᠢᠢ᠍ᠳᠭᠡᠯ ᠤᠯᠭᠤᠨ᠎ᠠ; ᠶᠠᠯ᠎ᠠ ᠪᠦᠷᠢᠯᠳᠦᠪᠡᠯ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
      ᠡᠯ᠎ᠡ ᠵᠠᠰᠠᠭ ᠵᠠᠬᠢᠷᠭ᠋ᠠᠨ ᠎ᠤ ᠬᠠᠮᠢᠶᠠᠷᠤᠯᠲᠠ ᠵᠢᠨ ᠰᠠᠯᠠᠭ᠎ᠠ ᠮᠦᠴᠢᠷ᠎ᠤᠨ ᠬᠠᠤᠯᠢ ᠵᠢ ᠬᠡᠷᠡᠭᠵᠢᠭᠦᠯᠦᠭᠴᠢ ᠪᠤᠰᠤ ᠬᠦᠮᠦᠨ ᠳᠤᠷ᠎ᠠ᠎ᠪᠠᠷ ᠵᠶ᠋ᠠᠨ ᠰᠤᠶᠤᠯ ᠎ᠤᠨ ᠡᠵᠡᠩᠨᠡᠯᠲᠡ ᠵᠢᠨ ᠲᠠᠯᠠᠪᠤᠷ᠎ᠲᠤ ᠬᠦᠷᠴᠦ ᠬᠢᠨᠠᠨ ᠪᠠᠢ᠌ᠴᠠᠭ᠋ᠠᠬᠤ᠂ ᠰᠢᠢ᠍ᠳᠭᠡᠨ ᠲᠤᠷᠭᠤᠭ᠋ᠠᠬᠤ᠂ ᠲᠦᠯᠦᠪᠦᠷᠢ ᠦᠭᠡᠢ ᠦᠢ᠍ᠯᠡᠴᠢᠯᠡᠭᠦᠯᠪᠡᠯ ᠬᠤᠯᠪᠤᠭᠳᠠᠯ ᠪᠦᠬᠦᠢ ᠰᠠᠯᠠᠭ᠎ᠠ ᠮᠦᠴᠢᠷ᠎ᠠᠴᠠ ᠵᠠᠰᠠᠭ ᠵᠠᠬᠢᠷᠭ᠋ᠠᠨ ᠎ᠤ ᠰᠢᠢ᠍ᠳᠭᠡᠯ ᠤᠯᠭᠤᠨ᠎ᠠ᠃ ᠡᠯ᠎ᠡ ᠵᠠᠰᠠᠭ ᠵᠠᠬᠢᠷᠭ᠋ᠠᠨ᠎ᠤ ᠬᠠᠮᠢᠶᠠᠷᠤᠯᠲᠠ ᠵᠢᠨ ᠰᠠᠯᠠᠭ᠎ᠠ ᠮᠦᠴᠢᠷ᠎ᠤᠨ ᠬᠠᠤᠯᠢ ᠬᠡᠷᠡᠭᠵᠢᠭᠦᠯᠦᠭᠴᠢ ᠳᠤᠷ᠎ᠠ ᠎ᠪᠠᠷ ᠵᠶ᠋ᠠᠨ ᠠᠵᠢᠯ᠎ᠤᠨ ᠪᠠᠢ᠌ᠷᠢ ᠠᠯᠤᠰᠯᠠᠨ ᠬᠠᠤᠯᠢ ᠬᠡᠷᠡᠭᠵᠢᠭᠦᠯᠵᠦ᠂ ᠱᠠᠲᠤ ᠠᠯᠤᠰᠯᠠᠨ ᠬᠠᠤᠯᠢ ᠬᠡᠷᠡᠭᠵᠢᠭᠦᠯᠵᠦ᠂ ᠳᠦᠷᠢᠮ ᠎ᠢ ᠵᠦᠷᠢᠴᠡᠨ ᠰᠦᠢ᠍ᠳᠭᠡᠯ ᠬᠤᠷᠢᠶᠠᠵᠤ᠂ ᠲᠦᠯᠦᠪᠦᠷᠢ ᠦᠭᠡᠢ ᠦᠢ᠍ᠯᠡᠴᠢᠯᠡᠭᠦᠯᠪᠡᠯ ᠬᠤᠯᠪᠤᠭᠳᠠᠯ ᠪᠦᠬᠦᠢ ᠰᠠᠯᠠᠭ᠎ᠠ ᠮᠦᠴᠢᠷ ᠎ᠠᠴᠠ ᠪᠠᠢ᠌ᠳᠠᠯ᠎ᠤᠨ ᠬᠦᠨᠳᠦ ᠬᠦᠩᠭᠡᠨ᠎ᠢ ᠦᠵᠡᠵᠦ ᠪᠠᠢ᠌ᠭ᠋ᠠᠳ ᠰᠤᠷᠭ᠋ᠠᠨ ᠳᠤᠩᠭᠤᠳᠴᠤ᠂ ᠵᠠᠰᠠᠭ ᠵᠠᠬᠢᠷᠭ᠋ᠠᠨ ᠎ᠤ ᠰᠢᠢ᠍ᠳᠭᠡᠯ ᠤᠯᠭᠤᠬᠤ ᠪᠤᠶᠤ ᠡᠰᠡᠭᠦᠯ᠎ᠡ ᠬᠠᠤᠯᠢ ᠬᠡᠷᠡᠭᠵᠢᠭᠦᠯᠬᠦ ᠠᠵᠢᠯ᠎ᠤᠨ ᠪᠠᠢ᠌ᠷᠢ᠎ᠠᠴᠠ ᠰᠢᠯᠵᠢᠭᠦᠯᠦᠨ ᠶᠠᠪᠤᠭᠤᠯᠤᠨ᠎ᠠ᠃
     

ᠶᠢᠰᠦᠳᠦᠭᠡᠷ ᠪᠦᠯᠦᠭ   ᠬᠠᠪᠰᠤᠷᠤᠯᠲᠠ ᠳᠦᠷᠢᠮ
      ᠲᠠᠪᠢᠳᠤᠭ᠋ᠠᠷ ᠵᠤᠷᠪᠤᠰ   ᠦᠪᠡᠷᠲᠡᠭᠡᠨ ᠵᠠᠰᠠᠬᠤ ᠤᠷᠤᠨ᠎ᠤ ᠠᠷᠠᠳ ᠎ᠤᠨ ᠵᠠᠰᠠᠭ᠎ᠤᠨ ᠤᠷᠳᠤᠨ ᠲᠤᠰ ᠳᠦᠷᠢᠮ ᠎ᠢ ᠦᠨᠳᠦᠰᠦᠯᠡᠨ ᠬᠡᠷᠡᠭᠵᠢᠭᠦᠯᠬᠦ ᠨᠠᠷᠢᠨ ᠳᠦᠷᠢᠮ᠎ᠢ ᠲᠤᠭᠲᠠᠭ᠋ᠠᠵᠤ ᠪᠤᠯᠤᠨ᠎ᠠ᠃
      ᠲᠠᠪᠢᠨ ᠨᠢᠭᠡᠳᠦᠭᠡᠷ ᠵᠤᠷᠪᠤᠰ   ᠲᠤᠰ ᠳᠦᠷᠢᠮ᠎ᠤᠨ ᠬᠡᠷᠡᠭᠵᠢᠭᠦᠯᠬᠦ ᠲᠤᠮᠳᠠᠬᠢ ᠪᠤᠳᠠᠲᠠᠢ ᠠᠰᠭᠤᠳᠠᠯ᠎ᠢ ᠦᠪᠡᠷᠲᠡᠭᠡᠨ ᠵᠠᠰᠠᠬᠤ ᠤᠷᠤᠨ᠎ᠤ ᠰᠤᠶᠤᠯ ᠎ᠤᠨ ᠵᠠᠰᠠᠭ ᠵᠠᠬᠢᠷᠭ᠋ᠠᠨ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠎ᠠᠴᠠ ᠬᠠᠷᠢᠭᠤᠴᠠᠨ ᠲᠠᠢ᠌ᠯᠪᠤᠷᠢᠯᠠᠯᠲᠠ ᠬᠢᠨ᠎ᠡ᠃
      ᠲᠠᠪᠢᠨ ᠬᠤᠶᠠᠳᠤᠭ᠋ᠠᠷ ᠵᠤᠷᠪᠤᠰ   ᠲᠤᠰ ᠳᠦᠷᠢᠮ ᠨᠡᠢ᠌ᠳᠡᠯᠡᠭᠳᠡᠭᠰᠡᠨ ᠡᠳᠦᠷ᠎ᠠᠴᠠ ᠎ᠪᠠᠨ ᠡᠬᠢᠯᠡᠵᠦ ᠬᠡᠷᠡᠭᠵᠢᠭᠦᠯᠦᠭᠳᠡᠨ᠎ᠡ᠃

ᠢᠷᠡᠯᠲᠡ᠄
          
ᠬᠠᠮᠢᠶ᠎ᠡ ᠪᠦᠬᠦᠢ ᠰᠣᠨᠢᠨ
ᠦᠪᠣᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠰᠣᠶᠣᠯ᠎ᠤᠨ ᠲᠢᠩᠬᠢᠮ᠎ᠤᠨ 《ᠦᠪᠣᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠦᠨᠳᠦᠰᠦᠨ ᠱᠠᠳᠣᠨ᠎ᠤ ᠶᠡᠷᠦᠩᠬᠡᠢ᠌ᠯᠡᠭᠰᠡᠨ ᠴᠢᠨᠠᠷᠲᠡᠢ ᠰᠣᠶᠣᠯ᠎ᠤᠨ ᠦᠢ᠍ᠯᠡᠴᠢᠯᠡᠭᠡᠨ᠎ᠤ ᠲᠦᠪ᠎ᠤᠨ ᠬᠠᠮᠢᠶᠠᠷᠣᠯᠲᠠ ᠵᠢᠨ ᠠᠷᠭ᠎ᠠ (ᠲᠣᠷᠰᠢᠨ ᠬᠡᠷᠡᠭᠯᠡᠬᠦ)》 ᠵᠢ ᠳᠠᠷᠤᠮᠠᠯᠯᠠᠨ ᠲᠠᠷᠬᠠᠭ᠋ᠠᠬᠣ ᠲᠣᠬᠠᠢ ᠮᠡᠳᠡᠭᠳᠡᠯ
ᠦᠪᠦᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠰᠣᠶᠣᠯ ᠪᠠ ᠵᠢᠭᠣᠯᠴᠢᠯᠠᠯ᠎ᠤᠨ ᠲᠢᠩᠬᠢᠮ᠎ᠤᠨ 《ᠵᠣᠴᠢᠳ᠎ᠢ ᠤᠷᠢᠵᠦ ᠦᠪᠦᠷ ᠮᠣᠩᠭᠣᠯ᠎ᠳᠤ ᠢᠷᠡᠬᠦᠯᠬᠦ》 ᠬᠢᠯᠢ᠎ᠳᠤ ᠣᠷᠣᠵᠦ ᠵᠢᠭᠣᠯᠴᠢᠯᠠᠬᠣ ᠵᠢ ᠵᠣᠷᠢᠭᠵᠢᠭᠣᠯᠬᠣ ᠲᠣᠬᠠᠢ ᠬᠦᠬᠢᠬᠦᠯᠦᠯ ᠵᠶ᠋ᠠᠷ ᠨᠦᠬᠦᠪᠦᠷᠢᠯᠡᠬᠦ ᠬᠠᠮᠢᠶᠠᠷᠣᠯᠲᠠ ᠵᠢᠨ ᠠᠷᠭ᠎ᠠ (ᠰᠠᠨᠠᠯ ᠬᠣᠷᠢᠶᠠᠬᠣ ᠪᠢᠴᠢᠭ)
ᠬᠦᠳᠡᠭᠡ ᠲᠤᠰᠬᠤᠨ᠎ᠤ ᠵᠢᠭᠤᠯᠴᠢᠯᠠᠯ᠎ᠤᠨ ᠦᠷᠭᠦᠯᠵᠢᠯᠡᠭᠦᠢ᠌ᠴᠡ ᠬᠦᠭᠵᠢᠯᠲᠡ ᠵᠢ ᠠᠬᠢᠭᠤᠯᠬᠤ ᠲᠤᠬᠠᠢ ᠵᠢᠯᠤᠭᠤᠳᠬᠤ ᠰᠠᠨᠠᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭ᠋ᠠᠯᠠᠬᠤ ᠳᠦᠷᠢᠮ
ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠰᠤᠶᠤᠯ᠎ᠤᠨ ᠲᠢᠩᠭᠢᠮ᠎ᠤᠨ 《ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠰᠤᠶᠦᠯ᠎ᠤᠨ ᠰᠠᠢ᠌ᠨ ᠳᠤᠷᠠᠴᠤᠳ᠎ᠢ ᠬᠠᠮᠢᠶᠠᠷᠬᠤ ᠬᠠᠮᠢᠶᠠᠷᠤᠯᠲᠠ ᠵᠢᠨ ᠠᠷᠭ᠎ᠠ (ᠲᠤᠷᠰᠢᠨ ᠬᠡᠷᠡᠭᠯᠡᠬᠦ)》 ᠵᠢ ᠳᠠᠷᠤᠮᠠᠯᠯᠠᠨ ᠲᠠᠷᠬᠠᠭ᠋ᠠᠬᠤ ᠲᠤᠬᠠᠢ ᠮᠡᠳᠡᠭᠳᠡᠯ
 
            