ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠲᠥᠷᠥ᠎ᠶᠢᠨ ᠪᠣᠳᠣᠯᠭ᠎ᠠ᠎ᠶᠢᠨ ᠲᠠᠶ᠋ᠢᠯᠤᠮᠵᠢ
ᠪᠥᠬᠦᠳᠡ ᠬᠤᠷᠠᠯᠳᠤᠭ᠋ᠠᠨ᠎ᠤ 《ᠲᠣᠭᠲᠠᠭ᠋ᠠᠯ》᠎ᠳᠠᠬᠢ ᠡᠳᠡᠭᠡᠷ ᠨᠡᠷ᠎ᠡ ᠦᠭᠡᠰ᠎ᠢ ᠣᠶ᠋ᠢᠯᠠᠭ᠋ᠠᠶ᠎ᠠ (ᠳᠣᠯᠤᠭ᠎ᠠ)
ᠨᠡᠶᠢᠲᠡᠯᠡᠭᠰᠡᠨ ᠴᠠᠭ᠄ 2024-10-08


         《ᠡᠭᠦᠰᠦᠮᠡᠯ ᠵᠣᠬᠢᠶᠠᠮᠠᠯ ᠣᠶᠣᠨᠯᠢᠭ》
          ᠡᠭᠦᠰᠦᠮᠡᠯ ᠬᠡᠯᠪᠡᠷᠢ ᠵᠢᠨ ᠵᠣᠬᠢᠶᠠᠮᠠᠯ ᠣᠶᠤᠨ ᠭᠡᠳᠡᠭ᠎ᠨᠢ ᠵᠣᠬᠢᠶᠠᠮᠠᠯ ᠣᠶᠤᠨ᠎ᠤ ᠨᠢᠭᠡᠨ ᠰᠠᠯᠪᠤᠷᠢ ᠪᠠᠶ᠋ᠢᠵᠤ᠂ ᠪᠤᠳᠤᠬᠤ ᠠᠷᠭ᠎ᠠ᠂ ᠵᠠᠭᠪᠤᠷ᠂ ᠲᠦᠷᠢᠮ᠎ᠳᠤ ᠰᠠᠭᠤᠷᠢᠯᠠᠨ ᠲᠣᠪᠬᠢᠮᠠᠯ᠂ ᠵᠢᠷᠤᠭ᠂ ᠳᠠᠭᠤᠤ᠂ ᠸᠢᠳᠢᠣ᠋᠂ ᠺᠣᠳ᠋ ᠵᠡᠷᠭᠡ ᠠᠭᠤᠯᠭ᠎ᠠ ᠵᠢ ᠡᠭᠦᠰᠭᠡᠬᠦ ᠮᠡᠷᠭᠡᠵᠢᠯ ᠪᠣᠯᠤᠨ᠎ᠠ᠃ ᠡᠨᠡ ᠬᠦ᠌ ᠮᠡᠷᠭᠡᠵᠢᠯ᠎ᠨᠢ ᠬᠡᠷᠡᠭᠯᠡᠭᠴᠢᠳ᠎ᠤᠨ ᠬᠡᠷᠡᠭᠴᠡᠭᠡ᠎ᠳᠤ ᠴᠢᠭᠯᠡᠭᠦᠯᠦᠨ᠂ ᠤᠷᠢᠳ ᠵᠶ᠋ᠠᠷ ᠪᠣᠯᠪᠠᠰᠤᠷᠠᠭᠤᠯᠤᠭᠰᠠᠨ ᠤᠯᠠᠨ ᠲᠥᠯᠥᠪ᠎ᠤᠨ ᠰᠠᠭᠤᠷᠢ ᠶᠡᠭᠡ ᠵᠠᠭᠪᠤᠷ ᠵᠡᠷᠭᠡ᠎ᠳᠤ ᠲᠦᠰᠢᠭᠯᠡᠨ ᠬᠡᠷᠡᠭᠯᠡᠭᠴᠢ ᠵᠢᠨ ᠥᠷᠥᠵᠦ ᠣᠷᠤᠭᠤᠯᠤᠭᠰᠠᠨ ᠬᠠᠮᠢᠶ᠎ᠠ ᠪᠦᠬᠦᠢ ᠮᠠᠲ᠋ᠧᠷᠢᠶᠠᠯ᠎ᠢ ᠠᠰᠢᠭᠯᠠᠵᠤ᠂ ᠵᠣᠬᠢᠬᠤ ᠯᠣᠭᠢᠭ᠎ᠤᠨ ᠴᠢᠨᠠᠷᠲᠠᠢ ᠪᠠ ᠬᠤᠯᠪᠣᠯᠳᠤᠯ᠎ᠤᠨ ᠴᠢᠨᠠᠷᠲᠠᠢ ᠠᠭᠤᠯᠭ᠎ᠠ ᠵᠢ ᠡᠭᠦᠰᠭᠡᠳᠡᠭ᠃ ᠤᠯᠠᠮᠵᠢᠯᠠᠯᠲᠤ ᠵᠣᠬᠢᠶᠠᠮᠠᠯ ᠣᠶᠤᠨ᠎ᠯᠤᠭ᠎ᠠ ᠠᠳᠠᠯᠢ ᠦᠭᠡᠢ ᠲᠠᠯ᠎ᠠ ᠭᠡᠪᠡᠯ᠂ ᠡᠭᠦᠰᠦᠮᠡᠯ ᠬᠡᠯᠪᠡᠷᠢ ᠵᠢᠨ ᠵᠣᠬᠢᠶᠠᠮᠠᠯ ᠣᠶᠤᠨ᠎ᠨᠢ ᠥᠷᠥᠵᠦ ᠣᠷᠣᠭᠤᠯᠤᠭᠰᠠᠨ ᠲᠤᠭ᠎ᠠ ᠪᠠᠷᠢᠮᠲᠠ ᠵᠢ ᠰᠢᠢ᠍ᠳᠪᠦᠷᠢᠯᠡᠬᠦ᠎ᠪᠠᠷ ᠪᠠᠷᠠᠬᠤ ᠦᠭᠡᠢ᠂ ᠨᠡᠩ ᠴᠤ᠌ ᠬᠡᠷᠡᠭ ᠪᠣᠳᠠᠰ᠎ᠤᠨ ᠳᠣᠲᠣᠭ᠋ᠠᠳᠤ ᠵᠢᠮ᠎ᠡ ᠶᠣᠰᠣ ᠵᠢ ᠰᠤᠷᠤᠯᠴᠠᠬᠤ ᠪᠠ ᠳᠠᠭᠤᠷᠢᠶᠠᠵᠤ᠂ ᠰᠢᠨ᠎ᠡ ᠠᠭᠤᠯᠭ᠎ᠠ ᠵᠢ ᠥᠪᠡᠰᠦᠪᠡᠨ ᠡᠭᠦᠳᠦᠨ ᠪᠦᠲᠦᠭᠡᠵᠦ ᠴᠢᠳᠠᠨ᠎ᠠ᠃
        《ᠠᠵᠢᠯ ᠣᠯᠭᠤᠯᠲᠠ ᠵᠢᠨ ᠰᠢᠨ᠎ᠡ ᠭᠡᠯᠪᠡᠷᠢ ᠪᠠᠶ᠋ᠢᠳᠠᠯ》
        ᠠᠵᠢᠯ ᠣᠯᠭᠤᠯᠲᠠ ᠵᠢᠨ ᠰᠢᠨ᠎ᠡ ᠭᠡᠯᠪᠡᠷᠢ ᠪᠠᠶ᠋ᠢᠳᠠᠯ ᠭᠡᠳᠡᠭ᠎ᠨᠢ ᠢᠨᠲ᠋ᠧᠷ ᠰᠦᠯᠵᠢᠶᠡᠨ᠎ᠤ ᠮᠡᠷᠭᠡᠵᠢᠯ᠎ᠤᠨ ᠬᠡᠷᠡᠭᠯᠡᠯᠲᠡ ᠪᠠ ᠳ᠋ᠢᠭᠢᠲ᠋ᠠᠯ ᠠᠵᠤ ᠠᠬᠤᠶ ᠵᠢᠨ ᠬᠥᠭᠵᠢᠯᠲᠡ ᠵᠢ ᠳᠠᠭ᠋ᠠᠯᠳᠤᠨ ᠢᠯᠡᠷᠡᠭᠰᠡᠨ ᠠᠵᠢᠯ᠎ᠤᠨ ᠬᠡᠪ ᠵᠠᠭᠪᠤᠷ᠎ᠢ ᠵᠢᠭ᠋ᠠᠵᠤ ᠪᠣᠶ᠂ ᠵᠢᠱ᠌ᠢᠶᠡᠯᠡᠪᠡᠯ ᠢᠨᠲ᠋ᠧᠷ ᠰᠦᠯᠵᠢᠶᠡᠨ᠎ᠤ ᠲᠠᠪᠴᠠᠩ᠎ᠳᠤ ᠲᠦᠰᠢᠭᠯᠡᠨ ᠠᠵᠢᠯ ᠣᠯᠤᠭᠰᠠᠨ ᠰᠦᠯᠵᠢᠶ᠎ᠡ᠎ᠪᠠᠷ ᠪᠣᠯᠵᠣᠬᠤ ᠳᠣᠭᠢᠷᠠᠭᠤᠯᠤᠨ ᠬᠦᠷᠭᠡᠭᠴᠢ᠂ ᠰᠦᠯᠵᠢᠶ᠎ᠡ᠎ᠪᠠᠷ ᠪᠣᠯᠵᠣᠬᠤ ᠲᠡᠷᠭᠡᠨ ᠵᠢᠯᠣᠭᠤᠴᠢ᠂ ᠢᠨᠲ᠋ᠧᠷ ᠰᠦᠯᠵᠢᠶᠡᠨ᠎ᠤ ᠡᠵᠡᠩᠨᠡᠨ ᠪᠣᠷᠣᠯᠠᠭᠤᠯᠤᠭᠴᠢ ᠵᠡᠷᠭᠡ ᠪᠣᠯᠤᠨ᠎ᠠ᠃ ᠠᠵᠢᠯ ᠣᠯᠭᠤᠯᠲᠠ ᠵᠢᠨ ᠰᠢᠨ᠎ᠡ ᠬᠡᠯᠪᠡᠷᠢ ᠪᠠᠶ᠋ᠢᠳᠠᠯ᠎ᠳᠤ ᠬᠥᠳᠡᠯᠮᠦᠷᠢ ᠵᠢᠨ ᠬᠠᠷᠢᠴᠠᠭ᠎ᠠ᠎ᠨᠢ ᠠᠮᠢᠳᠤᠯᠢᠭ᠂ ᠠᠵᠢᠯ᠎ᠤᠨ ᠠᠭᠤᠯᠭ᠎ᠠ᠎ᠨᠢ ᠣᠯᠠᠨ ᠶᠠᠩᠵᠤ ᠵᠢᠨ᠂ ᠠᠵᠢᠯ᠎ᠤᠨ ᠠᠷᠭ᠎ᠠ ᠮᠠᠶᠢᠭ᠎ᠨᠢ ᠬᠠᠷᠢᠮᠠᠬᠠᠶ ᠴᠢᠨᠠᠷ᠎ᠲᠠᠢ᠂ ᠦᠢ᠍ᠯᠡᠰ ᠪᠣᠰᠬᠠᠬᠤ ᠲᠣᠬᠢᠶᠠᠯ ᠬᠠᠷᠢᠯᠴᠠᠨ ᠬᠤᠯᠪᠣᠯᠳᠤᠬᠤ ᠵᠡᠷᠭᠡ ᠣᠨᠴᠠᠯᠢᠭ᠎ᠲᠠᠢ ᠪᠠᠶ᠋ᠢᠵᠤ᠂ ᠠᠵᠢᠯ ᠣᠯᠭᠤᠯᠲᠠ ᠵᠢᠨ ᠪᠠᠭᠲᠠᠭ᠋ᠠᠮᠵᠢ ᠵᠢ ᠥᠷᠭᠡᠳᠬᠡᠬᠦ᠂ ᠬᠥᠳᠡᠯᠮᠦᠷᠢ ᠬᠦᠴᠦᠨ᠎ᠤ ᠵᠠᠬ᠎ᠠ ᠳᠡᠯᠭᠡᠭᠦᠷ᠎ᠢ ᠲᠣᠬᠢᠷᠠᠭᠤᠯᠬᠤ᠎ᠳᠤ ᠴᠢᠬᠤᠯᠠ ᠦᠢ᠍ᠯᠡᠳᠦᠯ᠎ᠲᠠᠢ ᠮᠥᠷᠲᠡᠭᠡᠨ ᠪᠠᠰᠠ ᠠᠵᠢᠯ ᠣᠯᠭᠤᠯᠲᠠ ᠵᠢᠨ ᠶᠠᠰᠤ ᠴᠢᠨᠠᠷ᠎ᠢ ᠳᠡᠭᠡᠭᠰᠢᠯᠡᠭᠦᠯᠬᠦ᠂ ᠬᠥᠳᠡᠯᠮᠦᠷᠢᠴᠢᠳ᠎ᠤᠨ ᠡᠷᠬᠡ ᠠᠰᠢᠭ᠎ᠤᠨ ᠪᠠᠲᠤᠯᠠᠭ᠎ᠠ ᠵᠢ ᠴᠢᠩᠭ᠋ᠠᠳᠬᠠᠬᠤ᠎ᠳᠤ ᠰᠢᠨ᠎ᠡ ᠱᠠᠭ᠋ᠠᠷᠳᠠᠯᠭ᠎ᠠ ᠳᠤᠷᠠᠳᠴᠤ᠂ ᠬᠥᠭᠵᠢᠭᠦᠯᠬᠦ ᠵᠢ ᠵᠣᠷᠢᠭᠵᠢᠭᠤᠯᠬᠤ ᠮᠥᠷᠲᠡᠭᠡᠨ ᠪᠠᠰᠠ ᠲᠡᠭᠦᠨ᠎ᠢ ᠵᠢᠷᠤᠮᠵᠢᠭᠤᠯᠬᠤ ᠴᠢᠬᠤᠯᠠᠲᠠᠢ ᠪᠠᠶ᠋ᠢᠳᠠᠭ᠃
        《ᠨᠢᠭᠲᠠ ᠬᠡᠯᠪᠡᠷᠢ ᠵᠢᠨ ᠡᠮᠨᠡᠯᠭᠡ ᠵᠢᠨ ᠬᠤᠯᠪᠣᠭ᠋ᠠᠲᠤ ᠴᠣᠭᠴᠠ》
        ᠨᠢᠭᠲᠠ ᠬᠡᠯᠪᠡᠷᠢ ᠵᠢᠨ ᠡᠮᠴᠢᠯᠡᠭᠡᠨ᠎ᠤ ᠬᠤᠯᠪᠣᠭ᠋ᠠᠲᠤ ᠴᠣᠭᠴᠠ ᠭᠡᠳᠡᠭ᠎ᠨᠢ ᠵᠣᠬᠢᠬᠤ ᠣᠷᠣᠨ ᠪᠦᠰᠡ ᠵᠢᠨ ᠳᠣᠲᠣᠷᠠᠬᠢ ᠡᠮᠴᠢᠯᠡᠭᠡᠨ᠎ᠤ ᠬᠡᠰᠡᠭ ᠪᠠᠶ᠋ᠢᠭᠤᠯᠤᠮᠵᠢ ᠵᠢᠨ ᠬᠤᠭᠤᠷᠣᠨᠳᠣᠬᠢ ᠠᠵᠢᠯ ᠬᠤᠪᠢᠶᠠᠷᠢᠯᠠᠨ ᠬᠠᠮᠵᠢᠯᠴᠠᠬᠤ ᠲᠣᠭᠲᠠᠴᠠ᠂ ᠬᠤᠤᠰ ᠴᠢᠭᠯᠡᠯ ᠵᠶ᠋ᠠᠷ ᠰᠢᠯᠵᠢᠭᠦᠯᠦᠨ ᠡᠮᠨᠡᠭᠦᠯᠬᠦ ᠲᠣᠭᠲᠠᠴᠠ ᠪᠠ ᠤᠷᠮᠠᠰᠢᠭᠤᠯᠤᠨ ᠬᠢᠵᠠᠭ᠋ᠠᠷᠯᠠᠬᠤ ᠵᠢ ᠬᠠᠷᠢᠯᠴᠠᠨ ᠵᠣᠬᠢᠴᠠᠯᠳᠤᠭᠤᠯᠤᠭᠰᠠᠨ ᠠᠰᠢᠭ ᠲᠤᠰᠠ ᠵᠢ ᠬᠠᠮᠲᠤ᠎ᠪᠠᠷ ᠡᠳ᠋ᠯᠡᠬᠦ ᠲᠣᠭᠲᠠᠴᠠ ᠵᠢ ᠪᠠᠶ᠋ᠢᠭᠤᠯᠬᠤ᠎ᠪᠠᠷ ᠳᠠᠮᠵᠢᠭᠤᠯᠤᠨ᠂ ᠠᠵᠢᠯᠲᠠᠨ᠂ ᠮᠡᠷᠭᠡᠵᠢᠯ᠂ ᠦᠢ᠍ᠯᠡᠴᠢᠯᠡᠭᠡ᠂ ᠬᠠᠮᠢᠶᠠᠷᠤᠯᠲᠠ ᠵᠢ ᠬᠠᠮᠵᠢᠯᠴᠠᠭᠤᠯᠤᠨ ᠬᠠᠮᠲᠤ᠎ᠪᠠᠷ ᠡᠳ᠋ᠯᠡᠬᠦ ᠵᠢ ᠠᠬᠢᠭᠤᠯᠵᠤ᠂ ᠦᠨᠳᠦᠰᠦᠨ ᠱᠠᠲᠤᠨ᠎ᠤ ᠴᠢᠳᠠᠪᠤᠷᠢ ᠵᠢ ᠳᠡᠭᠡᠭᠰᠢᠯᠡᠭᠦᠯᠦᠨ᠂ ᠬᠠᠷᠢᠭᠤᠴᠠᠯᠭ᠎ᠠ᠂ ᠬᠠᠮᠢᠶᠠᠷᠤᠯᠲᠠ᠂ ᠦᠢ᠍ᠯᠡᠴᠢᠯᠡᠭᠡ᠂ ᠠᠰᠢᠭ ᠲᠤᠰᠠ ᠵᠢᠨ ᠬᠠᠮᠲᠤ ᠵᠢᠨ ᠴᠣᠭᠴᠠ ᠵᠢ ᠪᠠᠶ᠋ᠢᠭᠤᠯᠵᠤ᠂ ᠬᠠᠮᠢᠶ᠎ᠠ ᠪᠦᠬᠦᠢ ᠡᠮᠴᠢᠯᠡᠭᠡᠨ᠎ᠤ ᠪᠠᠶ᠋ᠢᠭᠤᠯᠤᠮᠵᠢ ᠵᠢᠨ ᠬᠤᠭᠤᠷᠣᠨᠳᠣᠬᠢ ᠡᠮᠴᠢᠯᠡᠭᠡᠨ᠎ᠤ ᠦᠢ᠍ᠯᠡᠴᠢᠯᠡᠭᠡ ᠪᠠ ᠬᠠᠮᠢᠶᠠᠷᠤᠯᠲᠠ ᠵᠢ ᠨᠢᠭᠡ ᠴᠣᠭᠴᠠᠵᠢᠭᠤᠯᠤᠨ ᠠᠵᠢᠯᠯᠠᠭᠤᠯᠬᠤ ᠵᠢ ᠪᠡᠶᠡᠯᠡᠭᠦᠯᠦᠨ᠂ ᠡᠮᠴᠢᠯᠡᠭᠡᠨ᠎ᠤ ᠡᠬᠢ ᠪᠠᠶᠠᠯᠢᠭ᠎ᠢ ᠬᠠᠮᠲᠤ᠎ᠪᠠᠷ ᠡᠳ᠋ᠯᠡᠵᠦ ᠬᠠᠮᠲᠤ᠎ᠪᠠᠷ ᠬᠡᠷᠡᠭᠯᠡᠬᠦ ᠵᠢ ᠠᠬᠢᠭᠤᠯᠵᠤ᠂ ᠡᠬᠢ ᠪᠠᠶᠠᠯᠢᠭ᠎ᠢ ᠲᠣᠬᠢᠷᠠᠭᠤᠯᠬᠤ ᠪᠠ ᠠᠰᠢᠭᠯᠠᠬᠤ ᠦᠷ᠎ᠡ ᠪᠦᠲᠦᠮᠵᠢ ᠵᠢ ᠳᠡᠭᠡᠭᠰᠢᠯᠡᠭᠦᠯᠦᠨ᠂ ᠠᠵᠢᠯᠯᠠᠭ᠋ᠠᠨ᠎ᠤ ᠬᠥᠭᠵᠢᠯᠲᠡ ᠵᠢᠨ ᠦᠷᠭᠦᠯᠵᠢᠯᠡᠬᠦ ᠵᠢ ᠪᠠᠲᠤᠯᠠᠵᠤ᠂ ᠠᠷᠠᠳ ᠣᠯᠠᠨ᠎ᠤ ᠣᠶ᠋ᠢᠷ᠎ᠠ ᠬᠠᠪᠢ᠎ᠳᠤ᠎ᠪᠠᠨ ᠳᠥᠭᠦᠮᠯᠡᠬᠦ᠎ᠳᠤ ᠨᠠᠩ ᠲᠥᠪ ᠭᠤᠤᠯᠴᠢ ᠪᠥᠭᠡᠳ ᠬᠦᠷᠦᠯᠴᠡᠬᠦᠶ᠋ᠢᠴᠡ᠂ ᠣᠯᠠᠨ ᠲᠠᠰ ᠳᠠᠪᠬᠤᠷᠭ᠎ᠠ ᠵᠢᠨ᠂ ᠦᠷᠭᠦᠯᠵᠢᠯᠡᠭᠰᠡᠨ ᠰᠢᠰᠲ᠋ᠧᠮ᠎ᠲᠠᠢ ᠡᠮᠴᠢᠯᠡᠭᠡᠨ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡ ᠬᠠᠩᠭ᠋ᠠᠬᠤ ᠵᠢ ᠵᠢᠭ᠋ᠠᠵᠤ ᠪᠣᠶ᠃
 

ᠢᠷᠡᠯᠲᠡ᠄ ᠥᠪᠥᠷ ᠮᠣᠩᠭᠤᠯ᠎ᠤᠨ ᠵᠠᠰᠠᠭ᠎ᠤᠨ ᠣᠷᠳᠣᠨ
          
ᠬᠠᠮᠢᠶ᠎ᠡ ᠪᠦᠬᠦᠢ ᠰᠣᠨᠢᠨ
ᠪᠦᠭᠦᠳᠡ ᠬᠤᠷᠠᠯᠳᠤᠭ᠋ᠠᠨ᠎ᠤ 《ᠳᠣᠭᠲᠠᠭ᠋ᠠᠯ》᠎ᠳᠠᠬᠢ ᠡᠳᠡᠭᠡᠷ ᠨᠡᠷ᠎ᠡ ᠦᠭᠡᠰ᠎ᠢ ᠣᠶ᠋ᠢᠯᠠᠭ᠋ᠠᠶ᠎ᠠ (ᠵᠢᠷᠭᠤᠭ᠎ᠠ)
ᠪᠦᠭᠦᠳᠡ ᠬᠤᠷᠠᠯᠳᠤᠭ᠋ᠠᠨ᠎ᠤ 《ᠲᠣᠭᠲᠠᠭ᠋ᠠᠯ》᠎ᠳᠠᠬᠢ ᠡᠳᠡᠭᠡᠷ ᠨᠡᠷ᠎ᠡ ᠦᠭᠡᠰ᠎ᠢ ᠣᠶ᠋ᠢᠯᠠᠭ᠋ᠠᠶ᠎ᠠ (ᠲᠠᠪᠤ)
ᠪᠦᠭᠦᠳᠡ ᠬᠤᠷᠠᠯᠳᠤᠭ᠋ᠠᠨ᠎ᠤ 《ᠲᠣᠭᠲᠠᠭ᠋ᠠᠯ》᠎ᠳᠠᠬᠢ ᠡᠳᠡᠭᠡᠷ ᠨᠡᠷ᠎ᠡ ᠦᠭᠡᠰ᠎ᠢ ᠣᠶ᠋ᠢᠯᠠᠭ᠋ᠠᠶ᠎ᠠ (ᠳᠥᠷᠪᠡ)
ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠡᠪᠯᠡᠯ᠎ᠤᠨ ᠰᠢᠰᠲ᠋ᠧᠮ᠎ᠤᠨ ᠤᠬᠠᠭᠤᠯᠤᠨ ᠲᠠᠶ᠋ᠢᠯᠪᠤᠷᠢᠯᠠᠬᠤ ᠪᠦᠯᠬᠦᠮ ᠬᠥᠯᠥᠨ ᠪᠣᠶ᠋ᠢᠷ ᠬᠥᠬᠡᠬᠤᠲᠠ᠎ᠳᠤ ᠬᠤᠪᠢᠶᠠᠷᠢᠴᠢᠯᠠᠭᠰᠠᠨ ᠤᠬᠠᠭᠤᠯᠤᠨ ᠲᠠᠶ᠋ᠢᠯᠪᠤᠷᠢᠯᠠᠬᠤ ᠠᠵᠢᠯᠯᠠᠭ᠎ᠠ ᠥᠷᠨᠢᠭᠦᠯᠪᠡ
ᠪᠦᠭᠦᠳᠡ ᠬᠤᠷᠠᠯᠳᠤᠭ᠋ᠠᠨ᠎ᠤ 《ᠲᠣᠭᠲᠠᠭ᠋ᠠᠯ》᠎ᠳᠠᠬᠢ ᠡᠳᠡᠭᠡᠷ ᠨᠡᠷ᠎ᠡ ᠦᠭᠡᠰ᠎ᠢ ᠣᠶ᠋ᠢᠯᠠᠭ᠋ᠠᠶ᠎ᠠ (ᠭᠤᠷᠪᠠ)
 
            