ᠯᠢ ᠺᠸ ᠴᠢᠶᠠᠩ ᠸᠠᠩ ᠬᠤ᠌ ᠨᠢᠩ ᠬᠠᠨ ᠵᠸᠩ ᠤᠷᠤᠯᠴᠠᠵᠠᠢ
ᠨᠠᠮ᠎ᠤᠨ ᠳᠦᠪ ᠬᠤᠷᠢᠶᠠᠨ᠎ᠤ ᠶᠡᠷᠦᠩᠬᠡᠢ ᠱᠦᠵᠢ᠂ ᠤᠯᠤᠰ᠎ᠤᠨ ᠳᠡᠷᠢᠬᠦᠯᠡᠭᠴᠢ᠂ ᠳᠦᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠳᠡᠷᠢᠬᠦᠯᠡᠭᠴᠢ᠂ ᠳᠦᠪ᠎ᠤᠨ ᠦᠬᠡᠷᠡᠴᠢᠯᠡᠯᠳᠡ ᠵᠢ ᠪᠦᠬᠦ ᠳᠠᠯ᠎ᠠ᠎ᠪᠠᠷ ᠬᠦᠨᠵᠡᠬᠡᠢ᠍ᠢ᠍ᠷᠡᠬᠦᠯᠬᠦ ᠵᠦᠪᠯᠡᠯ᠎ᠤᠨ ᠡᠷᠬᠢᠯᠡᠭᠴᠢ ᠰᠢ ᠵᠢᠨ ᠫᠢᠩ 9 ᠰᠠᠷ᠎ᠠ ᠵᠢᠨ 1᠎ᠤ ᠦᠳᠡ ᠵᠢᠨ ᠬᠤᠢ᠍ᠢ᠍ᠨ᠎ᠠ ᠳᠦᠪ᠎ᠤᠨ ᠦᠬᠡᠷᠡᠴᠢᠯᠡᠯᠳᠡ ᠵᠢ ᠪᠦᠬᠦ ᠳᠠᠯ᠎ᠠ᠎ᠪᠠᠷ ᠬᠦᠨᠵᠡᠬᠡᠢ᠍ᠢ᠍ᠷᠡᠬᠦᠯᠬᠦ ᠵᠦᠪᠯᠡᠯ᠎ᠤᠨ ᠠᠷᠪᠠᠨ ᠳᠠᠪᠤᠳᠤᠭ᠋ᠠᠷ ᠤᠳᠠᠭ᠎ᠠ ᠵᠢᠨ ᠬᠤᠷᠠᠯ᠎ᠢ ᠡᠷᠬᠢᠯᠡᠨ ᠬᠤᠷᠠᠯᠳᠤᠭᠤᠯᠬᠤ ᠵᠢᠨ ᠬᠠᠮᠳᠤ ᠴᠢᠬᠤᠯᠠ ᠶᠠᠷᠢᠶ᠎ᠠ ᠳᠠᠯᠪᠢᠵᠠᠢ᠃ ᠳᠡᠷᠡ᠂ ᠤᠯᠤᠰ᠎ᠤᠨ ᠳᠤᠳᠤᠭ᠋ᠠᠳᠤ ᠵᠢᠨ ᠶᠡᠬᠡ ᠤᠷᠴᠢᠯ ᠵᠶ᠋ᠠᠷ ᠭᠤᠤᠯ ᠴᠤᠬ᠍ᠴᠠ ᠪᠤᠯᠭ᠋ᠠᠬᠰᠠᠨ᠂ ᠤᠯᠤᠰ᠎ᠤᠨ ᠳᠤᠳᠤᠭ᠋ᠠᠳᠤ ᠪᠠ ᠤᠯᠠᠨ ᠤᠯᠤᠰ᠎ᠤᠨ ᠬᠤᠤᠰ ᠤᠷᠴᠢᠯ ᠬᠠᠷᠢᠯᠴᠠᠨ ᠠᠬᠢᠭᠤᠯᠤᠬᠰᠠᠨ ᠰᠢᠨ᠎ᠡ ᠬᠦᠭᠵᠢᠯᠳᠡ ᠵᠢᠨ ᠳᠤᠬᠳᠠᠴᠠ ᠵᠢ ᠳᠦᠷᠬᠡᠳᠬᠡᠨ ᠪᠦᠷᠢᠯᠳᠦᠬᠦᠯᠬᠦ ᠪᠤᠯ ᠮᠠᠨ᠎ᠤ ᠤᠯᠤᠰ᠎ᠤᠨ ᠬᠦᠭᠵᠢᠯᠳᠡ ᠵᠢᠨ ᠱᠠᠳᠤ᠂ ᠤᠷᠴᠢᠨ ᠳᠤᠭᠤᠷᠢᠨ᠂ ᠨᠦᠬᠦᠴᠡᠯ᠎ᠤᠨ ᠬᠤᠪᠢᠷᠠᠯᠳᠠ ᠵᠢ ᠦᠨᠳᠦᠰᠦᠯᠡᠨ ᠭᠠᠷᠭ᠋ᠠᠬᠰᠠᠨ ᠪᠠᠢ᠍ᠢ᠍ᠯᠳᠤᠬᠤ ᠪᠤᠳᠤᠯᠭ᠎ᠠ ᠵᠢᠨ ᠰᠢᠢ᠍ᠳᠪᠦᠷᠢᠳᠤ ᠪᠤᠳᠤᠯᠭ᠎ᠠ ᠮᠦᠨ᠂ ᠪᠦᠬᠦ ᠳᠠᠯᠠᠳᠤ ᠬᠤᠯᠪᠤᠬᠳᠠᠬᠤ ᠰᠢᠰᠲᠸᠮ᠎ᠳᠤ ᠴᠢᠨᠠᠷᠳᠠᠢ ᠬᠦᠨ ᠳᠠᠪᠬᠤᠷᠭ᠎ᠠ ᠵᠢᠨ ᠬᠤᠪᠢᠰᠤᠯᠳᠠ ᠪᠤᠯᠤᠨ᠎ᠠ᠃ ᠦᠬᠡᠷᠡᠴᠢᠯᠡᠯᠳᠡ ᠬᠡᠬᠦ ᠡᠨᠡ ᠬᠦ᠌ ᠵᠠᠩᠬᠢᠯᠠᠭ᠎ᠠ ᠵᠢᠨ ᠠᠷᠭ᠎ᠠ ᠵᠢ ᠦᠷᠬᠦᠯᠵᠢᠯᠡᠨ ᠬᠦᠢ᠍ᠴᠡᠳ ᠰᠠᠢ᠍ᠢ᠍ᠳᠤᠷ ᠬᠡᠷᠡᠭᠯᠡᠵᠥ᠂ ᠴᠤᠴᠠᠯᠳᠠ ᠦᠬᠡᠢ ᠤᠷᠤᠬᠰᠢᠯᠠᠬᠤ᠂ ᠬᠦᠴᠢᠷ ᠪᠡᠷᠬᠡ ᠵᠢ ᠢᠯᠠᠨ ᠳᠠᠪᠠᠬᠤ ᠪᠠᠢ᠍ᠢ᠍ᠯᠳᠤᠬᠤ ᠪᠤᠳᠤᠯᠭ᠎ᠠ ᠵᠢᠨ ᠳᠤᠬᠳᠠᠯ ᠬᠦᠴᠦᠨ᠎ᠢ ᠪᠠᠳᠤᠯᠠᠵᠥ᠂ ᠳᠤᠮᠳᠠᠳᠤ ᠤᠯᠤᠰ᠎ᠤᠨ ᠤᠨᠴᠠᠯᠢᠭ᠎ᠲᠠᠢ ᠨᠡᠢ᠍ᠢ᠍ᠬᠡᠮ ᠵᠢᠷᠤᠮ᠎ᠤᠨ ᠪᠠᠢ᠍ᠢ᠍ᠭᠤᠯᠤᠯ᠎ᠢ ᠪᠠᠷᠢᠮᠳᠠᠯᠠᠨ ᠳᠡᠬᠦᠯᠳᠡᠷᠵᠢᠬᠦᠯᠬᠦ᠂ ᠤᠯᠤᠰ᠎ᠤᠨ ᠵᠠᠰᠠᠯᠳᠠ ᠵᠢᠨ ᠰᠢᠰᠲᠸᠮ ᠪᠠ ᠵᠠᠰᠠᠯᠳᠠ ᠵᠢᠨ ᠴᠢᠳᠠᠪᠤᠷᠢ ᠵᠢᠨ ᠤᠳᠤᠬᠢᠴᠢᠯᠠᠯᠳᠠ ᠵᠢ ᠠᠬᠢᠭᠤᠯᠬᠤ ᠵᠢᠨ ᠳᠤᠭᠤᠷᠢᠨ᠎ᠳᠤ ᠨᠡᠩ ᠬᠦᠨ ᠳᠠᠪᠬᠤᠷᠭ᠎ᠠ ᠵᠢᠨ ᠦᠬᠡᠷᠡᠴᠢᠯᠡᠯᠳᠡ ᠵᠢ ᠠᠬᠢᠭᠤᠯᠵᠥ᠂ ᠨᠡᠩ ᠦᠨᠳᠦᠷ ᠳᠦᠪᠰᠢᠨ᠎ᠤ ᠨᠡᠬᠡᠬᠡᠯᠳᠡ ᠵᠢ ᠬᠡᠷᠡᠭᠵᠢᠬᠦᠯᠵᠥ᠂ ᠰᠢᠨ᠎ᠡ ᠬᠦᠭᠵᠢᠯᠳᠡ ᠵᠢᠨ ᠪᠠᠢ᠍ᠢ᠍ᠷᠢᠰᠢᠯ᠎ᠢ ᠴᠤᠭᠴᠠᠯᠠᠬᠤ᠎ᠳᠤ ᠬᠦᠴᠦᠷᠬᠡᠭ ᠶᠡᠬᠡ ᠬᠦᠳᠡᠯᠬᠡᠬᠦ ᠬᠦᠴᠦᠨ ᠬᠠᠩᠭ᠋ᠠᠬᠤ ᠬᠡᠷᠡᠭᠳᠡᠢ ᠬᠡᠵᠥ ᠴᠢᠬᠤᠯᠠᠴᠢᠯᠠᠪᠠ᠃
ᠨᠠᠮ᠎ᠤᠨ ᠲᠥᠪ ᠬᠣᠷᠢᠶᠠᠨ᠎ᠤ ᠤᠯᠤᠰ ᠲᠦᠷᠦ ᠵᠢᠨ ᠲᠣᠪᠴᠢᠶᠠᠨ᠎ᠤ ᠪᠠᠶ᠋ᠢᠩᠭᠤ ᠵᠢᠨ ᠭᠡᠰᠢᠭᠦᠨ᠂ ᠲᠥᠪ᠎ᠤᠨ ᠥᠭᠡᠷᠡᠴᠢᠯᠡᠯᠲᠡ ᠵᠢ ᠪᠦᠬᠦ ᠲᠠᠯ᠎ᠠ᠎ᠪᠠᠷ ᠭᠦᠨᠵᠡᠭᠡᠶ᠋ᠢᠷᠡᠭᠦᠯᠬᠦ ᠵᠥᠪᠯᠡᠯ᠎ᠤᠨ ᠳᠡᠳ᠋ ᠡᠷᠬᠢᠯᠡᠭᠴᠢ ᠯᠢ ᠺᠸ ᠴᠢᠶᠠᠩ᠂ ᠸᠠᠩ ᠬᠤ᠌ ᠨᠢᠩ᠂ ᠬᠠᠨ ᠵᠧᠩ ᠬᠤᠷᠠᠯ᠎ᠳᠤ ᠣᠷᠣᠯᠴᠠᠪᠠ᠃
ᠰᠢ ᠵᠢᠨ ᠫᠢᠩ ᠶᠠᠷᠢᠶᠠᠨ᠎ᠳᠠᠭᠠᠨ᠂ ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠴᠤᠭᠴᠠᠯᠠᠬᠤ᠎ᠳᠤ ᠪᠢᠳᠡ ᠢᠯᠡᠳᠲᠡ ᠪᠠᠶ᠋ᠢᠭᠤᠯᠤᠯ᠎ᠤᠨ ᠳᠠᠪᠠᠭᠤᠯᠢᠭ ᠪᠠ ᠪᠠᠲᠤ ᠪᠡᠬᠢ ᠥᠭᠡᠷᠡᠴᠢᠯᠡᠯᠲᠡ ᠵᠢᠨ ᠰᠠᠭᠤᠷᠢ᠎ᠲᠠᠢ ᠪᠠᠢ᠍ᠢ᠍ᠭ᠎ᠠ ᠶᠤᠮ᠃ ᠨᠠᠮ᠎ᠤᠨ ᠠᠷᠪᠠᠨ ᠨᠠᠢ᠍ᠮᠠᠳᠤᠭ᠋ᠠᠷ ᠶᠡᠬᠡ ᠬᠤᠷᠠᠯ᠎ᠠᠴᠠ ᠨᠠᠭ᠋ᠠᠰᠢ᠂ ᠪᠢᠳᠡ ᠰᠢᠨ᠎ᠡ ᠬᠥᠭᠵᠢᠯᠲᠡ ᠵᠢᠨ ᠤᠢ᠍ᠢ᠍ᠯᠠᠭ᠋ᠠᠭᠳᠠᠬᠤᠨ᠎ᠢ ᠨᠠᠶ᠋ᠢᠳᠠᠪᠤᠷᠢᠵᠢᠭᠤᠯᠬᠤ᠂ ᠴᠢᠨᠠᠷ ᠰᠠᠶ᠋ᠢᠲᠠᠢ ᠬᠥᠭᠵᠢᠯᠲᠡ ᠵᠢ ᠠᠬᠢᠭᠤᠯᠬᠤ᠂ ᠭᠠᠳᠠᠭ᠋ᠠᠳᠤ ᠨᠡᠬᠡᠬᠡᠯᠳᠡ ᠵᠢ ᠥᠷᠭᠡᠳᠬᠡᠬᠦ ᠵᠢᠨ ᠲᠣᠭᠣᠷᠢᠨ᠎ᠳᠤ ᠠᠯᠢ ᠤᠯᠠᠨ ᠴᠢᠬᠤᠯᠠ ᠶᠡᠬᠡ ᠥᠭᠡᠷᠡᠴᠢᠯᠡᠯᠲᠡ ᠵᠢᠨ ᠠᠷᠭ᠎ᠠ ᠬᠡᠮᠵᠢᠶ᠎ᠡ ᠵᠢ ᠲᠣᠭᠲᠠᠭ᠋ᠠᠵᠤ᠂ ᠠᠯᠢ ᠤᠯᠠᠨ ᠤᠨᠤᠯ᠎ᠤᠨ ᠦᠷ᠎ᠡ ᠪᠦᠲᠦᠭᠡᠯ᠂ ᠲᠦᠷᠢᠮ᠎ᠤᠨ ᠦᠷ᠎ᠡ ᠪᠦᠲᠦᠭᠡᠯ᠂ ᠦᠢ᠍ᠯᠡᠳᠦᠯᠭᠡ ᠵᠢᠨ ᠦᠷ᠎ᠡ ᠪᠦᠲᠦᠭᠡᠯ᠎ᠢ ᠪᠦᠷᠢᠯᠳᠦᠭᠦᠯᠪᠡ᠃ ᠡᠳᠡᠭᠡᠷ ᠥᠭᠡᠷᠡᠴᠢᠯᠡᠯᠲᠡ ᠵᠢᠨ ᠦᠷ᠎ᠡ ᠪᠦᠲᠦᠭᠡᠯ᠎ᠢ ᠰᠠᠶ᠋ᠢᠲᠤᠷ ᠬᠡᠷᠡᠭᠯᠡᠵᠦ᠂ ᠪᠣᠳᠠᠲᠠᠢ᠎ᠳᠤ ᠨᠠᠶ᠋ᠢᠳᠠᠪᠤᠷᠢᠵᠢᠭᠤᠯᠵᠤ ᠪᠣᠳᠠᠲᠠᠢ ᠦᠷ᠎ᠡ ᠪᠦᠲᠦᠮᠵᠢ ᠤᠯᠬᠤ ᠲᠠᠯ᠎ᠠ᠎ᠪᠠᠷ ᠡᠷᠴᠢᠮ ᠵᠶ᠋ᠠᠨ ᠴᠢᠩᠭ᠋ᠠᠷᠠᠭᠤᠯᠵᠤ᠂ ᠠᠬᠢᠴᠠ᠎ᠪᠠᠨ ᠲᠦᠷᠭᠡᠳᠬᠡᠵᠦ᠂ ᠭᠦᠨᠴᠡ ᠵᠢ ᠥᠷᠭᠡᠳᠬᠡᠵᠦ᠂ ᠡᠯ᠎ᠡ ᠵᠦᠢ᠍ᠯ᠎ᠤᠨ ᠥᠭᠡᠷᠡᠴᠢᠯᠡᠯᠲᠡ ᠵᠢ ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠪᠦᠷᠢᠯᠳᠦᠭᠦᠯᠬᠦ ᠵᠢ ᠠᠬᠢᠭᠤᠯᠬᠤ ᠲᠡᠢ᠍ᠢ᠍ᠰᠢ ᠲᠥᠪᠯᠡᠷᠡᠭᠦᠯᠦᠨ ᠬᠦᠴᠦᠯᠡᠬᠦ ᠬᠡᠷᠡᠭᠲᠡᠢ ᠬᠡᠵᠥ ᠵᠢᠭ᠋ᠠᠵᠥ ᠭᠠᠷᠭ᠋ᠠᠪᠠ᠃
ᠰᠢ ᠵᠢᠨ ᠫᠢᠩ᠂ ᠣᠳᠣᠬᠠᠨ᠎ᠤ ᠪᠠᠢ᠍ᠢ᠍ᠳᠠᠯ ᠳᠣᠤᠷ᠎ᠠ᠂ ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠴᠤᠭᠴᠠᠯᠠᠬᠤ᠎ᠳᠤ ᠴᠥᠭᠡᠨ ᠪᠤᠰᠤ ᠰᠢᠨ᠎ᠡ ᠪᠠᠶ᠋ᠢᠳᠠᠯ ᠰᠢᠨ᠎ᠡ ᠠᠰᠠᠭᠤᠳᠠᠯ ᠲᠤᠯᠭ᠋ᠠᠷᠠᠵᠤ ᠪᠤᠢ᠂ ᠥᠭᠡᠷᠡᠴᠢᠯᠡᠯᠲᠡ ᠵᠢᠨ ᠰᠡᠳᠬᠢᠬᠦᠶ ᠪᠣᠯᠤᠨ ᠥᠭᠡᠷᠡᠴᠢᠯᠡᠯᠲᠡ ᠵᠢᠨ ᠠᠷᠭ᠎ᠠ ᠬᠡᠮᠵᠢᠶ᠎ᠡ ᠵᠢ ᠴᠢᠳᠠᠮᠠᠭ᠋ᠠᠶ᠎ᠪᠠᠷ ᠬᠡᠷᠡᠭᠯᠡᠵᠥ᠂ ᠣᠬᠣᠷ ᠬᠤᠭᠤᠴᠠᠭ᠋ᠠᠨ᠎ᠤ ᠠᠷᠭ᠋ᠠᠴᠠᠭ᠋ᠠᠬᠤ ᠪᠠ ᠳᠤᠮᠳᠠ ᠤᠷᠲᠤ ᠬᠤᠭᠤᠴᠠᠭ᠋ᠠᠨ᠎ᠤ ᠬᠥᠭᠵᠢᠯᠲᠡ ᠵᠢ ᠨᠢᠭᠡᠳᠦᠯᠲᠡᠶ ᠲᠥᠯᠥᠪᠵᠢᠬᠦᠯᠦᠨ ᠪᠣᠳᠣᠯᠬᠢᠯᠠᠵᠤ᠂ ᠪᠠᠶ᠋ᠢᠯᠳᠤᠬᠤ ᠪᠤᠳᠤᠯᠭ᠎ᠠ ᠵᠢᠨ ᠲᠠᠯ᠎ᠠ᠎ᠪᠠᠷ ᠰᠠᠢ᠍ᠢ᠍ᠳᠤᠷ ᠪᠠᠢ᠍ᠢ᠍ᠷᠢᠰᠢᠭᠤᠯᠬᠤ ᠮᠥᠷᠲᠡᠭᠡᠨ ᠵᠠᠩᠭᠢᠯᠠᠭ᠎ᠠ ᠵᠢᠨ ᠭᠠᠵᠠᠷ᠎ᠲᠤ ᠪᠠᠰᠠ ᠬᠦᠯᠭᠡ᠎ᠪᠠᠨ ᠰᠠᠢ᠍ᠢ᠍ᠬᠠᠨ ᠲᠠᠯᠪᠢᠬᠤ ᠬᠡᠷᠡᠭᠲᠡᠢ᠃ ᠡᠬᠢ ᠪᠠᠶᠠᠯᠢᠭ᠎ᠤᠨ ᠲᠣᠬᠢᠷᠠᠭᠤᠯᠤᠯᠲᠠ ᠵᠢᠨ ᠦᠷ᠎ᠡ ᠠᠰᠢᠭ᠎ᠢ ᠳᠡᠭᠡᠭᠰᠢᠯᠡᠭᠦᠯᠬᠦ᠎ᠳᠤ ᠠᠰᠢᠭᠲᠠᠢ᠂ ᠬᠥᠭᠵᠢᠯᠲᠡ ᠵᠢᠨ ᠶᠠᠰᠤ ᠴᠢᠨᠠᠷ ᠪᠠ ᠦᠷ᠎ᠡ ᠠᠰᠢᠭ᠎ᠢ ᠳᠡᠭᠡᠭᠰᠢᠯᠡᠭᠦᠯᠬᠦ᠎ᠳᠤ ᠠᠰᠢᠭᠲᠠᠢ᠂ ᠡᠯ᠎ᠡ ᠲᠠᠯ᠎ᠠ ᠵᠢᠨ ᠢᠳᠡᠪᠬᠢᠵᠢᠯ᠎ᠢ ᠳᠠᠶ᠋ᠢᠴᠢᠯᠠᠬᠤ᠎ᠳᠤ ᠠᠰᠢᠭᠲᠠᠢ ᠥᠭᠡᠷᠡᠴᠢᠯᠡᠯᠲᠡ ᠵᠢ ᠲᠦᠷᠭᠡᠳᠬᠡᠨ ᠠᠬᠢᠭᠤᠯᠵᠤ᠂ ᠭᠣᠣᠯᠳᠠᠯᠭ᠎ᠠ᠎ᠲᠠᠢ ᠠᠰᠠᠭᠤᠳᠠᠯ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠥᠭᠡᠷᠡᠴᠢᠯᠡᠯᠲᠡ ᠵᠢᠨ ᠠᠷᠭ᠎ᠠ ᠬᠡᠮᠵᠢᠶ᠎ᠡ ᠵᠢᠨ ᠰᠢᠰᠲ᠋ᠧᠮ᠎ᠳᠤ ᠬᠤᠷᠠᠮᠳᠤᠯ᠂ ᠬᠠᠮᠵᠢᠯᠴᠠᠭ᠎ᠠ ᠥᠨᠳᠥᠷ ᠪᠦᠲᠦᠮᠵᠢᠲᠡᠶ ᠪᠠᠶ᠋ᠢᠬᠤ ᠵᠢ ᠴᠢᠩᠭ᠋ᠠᠳᠬᠠᠵᠤ᠂ ᠪᠦᠭᠯᠡᠷᠡᠯ ᠭᠠᠵᠠᠷ ᠲᠦᠭᠵᠢᠷᠡᠯ ᠴᠡᠭ᠎ᠢ ᠨᠡᠪᠲᠡᠷᠡᠭᠦᠯᠵᠦ᠂ ᠪᠦᠬᠦᠯᠢ ᠴᠣᠭᠴᠠ ᠵᠢᠨ ᠦᠢ᠍ᠯᠡᠳᠦᠯ ᠴᠢᠲᠠᠮᠵᠢ ᠵᠢ ᠬᠥᠭᠵᠢᠭᠡᠬᠦ ᠬᠡᠷᠡᠭᠳᠡᠢ᠃ ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠴᠤᠭᠴᠠᠯᠠᠬᠤ ᠵᠢ ᠤᠯᠤᠰ᠎ᠤᠨ ᠣᠷᠣᠨ ᠪᠦᠰᠡ ᠵᠢᠨ ᠵᠣᠬᠢᠴᠠᠩᠭᠤᠶ ᠬᠥᠭᠵᠢᠯᠲᠡ ᠵᠢᠨ ᠪᠠᠶ᠋ᠢᠯᠳᠤᠬᠤ ᠪᠣᠳᠣᠯᠭ᠎ᠠ ᠵᠢ ᠬᠡᠷᠡᠭᠵᠢᠭᠦᠯᠬᠦ᠂ ᠴᠢᠯᠥᠭᠡᠲᠦ ᠠᠷᠠᠯᠵᠢᠶᠠᠨ᠎ᠤ ᠲᠤᠷᠰᠢᠯᠲᠠ ᠵᠢᠨ ᠣᠷᠣᠨ᠎ᠢ ᠪᠠᠶ᠋ᠢᠭᠤᠯᠬᠤ ᠵᠡᠷᠭᠡ᠎ᠲᠠᠢ ᠵᠣᠯᠭ᠋ᠠᠭᠤᠯᠵᠤ᠂ ᠨᠥᠬᠥᠴᠡᠯ᠎ᠲᠠᠢ ᠣᠷᠣᠨ ᠪᠦᠰᠡ᠎ᠳᠤ ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠳᠦᠷᠦᠬᠦᠯᠡᠨ ᠰᠦᠪᠡᠭᠴᠢᠯᠡᠨ ᠪᠦᠷᠢᠯᠳᠦᠭᠦᠯᠵᠦ᠂ ᠥᠭᠡᠷᠡᠴᠢᠯᠡᠯᠲᠡ ᠨᠡᠭᠡᠭᠡᠯᠲᠡ ᠵᠢᠨ ᠰᠢᠨ᠎ᠡ ᠥᠨᠳᠥᠷᠯᠢᠭ᠎ᠢ ᠪᠠᠶ᠋ᠢᠭᠤᠯᠬᠤ ᠬᠡᠷᠡᠭᠳᠡᠢ᠃ ᠥᠭᠡᠷᠡᠴᠢᠯᠡᠯᠲᠡ ᠵᠢᠨ ᠤᠷᠢᠳᠴᠢᠯᠠᠯ ᠴᠢᠨᠠᠷᠲᠠᠶ ᠰᠤᠳᠤᠯᠭ᠋ᠠᠨ᠎ᠢ ᠴᠢᠩᠭ᠋ᠠᠳᠬᠠᠵᠤ᠂ ᠵᠥᠷᠢᠴᠡᠯ᠎ᠤᠨ ᠬᠥᠳᠡᠯᠭᠡᠭᠡᠨ᠎ᠤ ᠵᠢᠮ᠎ᠡ ᠶᠣᠰᠣ ᠵᠢ ᠡᠵᠡᠮᠰᠢᠵᠦ᠂ ᠲᠥᠪ ᠶᠣᠰᠣ ᠵᠢ ᠪᠠᠷᠢᠮᠲᠠᠯᠠᠨ ᠰᠢᠨ᠎ᠡ ᠵᠢ ᠡᠭᠦᠳᠴᠦ᠂ ᠵᠠᠮ ᠨᠡᠭᠡᠭᠡᠨ ᠰᠢᠨ᠎ᠡ ᠵᠢ ᠡᠭᠦᠳᠴᠦ᠂ ᠲᠣᠭᠲᠠᠭᠤᠨ ᠪᠤᠰᠤ ᠲᠣᠭᠲᠠᠭ᠋ᠠᠯ᠎ᠳᠤ ᠪᠤᠰᠤ ᠬᠦᠴᠦᠨ ᠵᠦᠢ᠍ᠯ᠎ᠢ ᠨᠡᠩ ᠢᠳᠡᠪᠬᠢᠲᠡᠶ ᠪᠦᠲᠦᠮᠵᠢᠲᠡᠶ ᠠᠷᠭ᠋ᠠᠴᠠᠭ᠋ᠠᠵᠤ᠂ ᠲᠡᠮᠡᠴᠡᠯ᠎ᠤᠨ ᠴᠢᠳᠠᠪᠤᠷᠢ᠎ᠪᠠᠨ ᠨᠡᠮᠡᠭᠳᠡᠭᠦᠯᠵᠦ᠂ ᠲᠥᠷᠥ ᠵᠢᠨ ᠪᠣᠳᠣᠯᠭ᠎ᠠ ᠵᠢᠨ ᠣᠷᠣᠨ ᠵᠠᠶ ᠵᠢ ᠥᠷᠭᠡᠳᠬᠡᠨ᠂ ᠳᠦᠷᠢᠮ᠎ᠤᠨ ᠲᠡᠯᠡᠬᠦ ᠬᠦᠴᠦᠨ᠎ᠢ ᠳᠡᠭᠡᠭᠰᠢᠯᠡᠭᠦᠯᠬᠦ ᠬᠡᠷᠡᠭᠳᠡᠢ ᠬᠡᠵᠥ ᠴᠢᠬᠤᠯᠠᠴᠢᠯᠠᠪᠠ᠃
ᠬᠤᠷᠠᠯ᠎ᠠᠴᠠ 《ᠭᠠᠳᠠᠭ᠋ᠠᠳᠤ ᠠᠷᠠᠯᠵᠢᠶᠠᠨ᠎ᠤ ᠰᠢᠨ᠎ᠠ ᠵᠢ ᠡᠬᠦᠳᠬᠦ ᠬᠦᠭᠵᠢᠯᠳᠠ ᠵᠢ ᠠᠬᠢᠭᠤᠯᠬᠤ ᠲᠤᠬᠠᠢ ᠭᠡᠷᠡᠭᠵᠢᠬᠦᠯᠬᠦ ᠰᠠᠨᠠᠯ》᠂ 《ᠰᠢᠨ᠎ᠠ ᠴᠠᠬ ᠦᠶ᠎ᠠ᠎ᠳᠤ ᠲᠤᠮᠳᠠ ᠪᠠᠷᠠᠭᠤᠨ ᠤᠷᠤᠨ᠎ᠤ ᠳᠡᠬᠡᠳᠤ ᠵᠡᠷᠬᠡ ᠵᠢᠨ ᠰᠤᠷᠭ᠋ᠠᠨ ᠬᠦᠮᠤᠵᠢᠯ᠎ᠢ ᠬᠦᠭᠵᠢᠬᠦᠯᠤᠨ ᠮᠠᠨᠳᠤᠭᠤᠯᠬᠤ ᠲᠤᠬᠠᠢ ᠰᠠᠨᠠᠯ᠎ᠤᠳ》᠂ 《ᠠᠷᠠᠳ᠎ᠠᠴᠠ ᠡᠷᠬᠢᠯᠡᠭᠰᠡᠨ ᠠᠯᠪᠠᠨ ᠵᠢᠷᠤᠮ᠎ᠤᠨ ᠰᠤᠷᠭ᠋ᠠᠨ ᠬᠦᠮᠤᠵᠢᠯ᠎ᠤᠨ ᠬᠦᠭᠵᠢᠯᠳᠠ ᠵᠢ ᠵᠢᠷᠤᠮᠵᠢᠭᠤᠯᠬᠤ ᠲᠤᠬᠠᠢ ᠭᠡᠷᠡᠭᠵᠢᠬᠦᠯᠬᠦ ᠰᠠᠨᠠᠯ》᠂ 《ᠡᠮᠴᠢᠯᠡᠬᠡᠨ᠎ᠤ ᠠᠵᠢᠯᠯᠠᠭ᠎ᠠ ᠵᠢ ᠴᠢᠨᠠᠬᠰᠢᠳᠠ ᠵᠢᠷᠤᠮᠵᠢᠭᠤᠯᠵᠤ ᠵᠤᠬᠢᠰᠳᠠᠢ ᠡᠮᠴᠢᠯᠡᠬᠡᠨ᠎ᠤ ᠪᠠᠢ᠍ᠢ᠍ᠴᠠᠭ᠋ᠠᠯᠳᠠ ᠵᠢ ᠠᠬᠢᠭᠤᠯᠬᠤ ᠲᠤᠬᠠᠢ ᠵᠢᠯᠤᠭᠤᠳᠬᠤ ᠰᠠᠨᠠᠯ》᠂ 《ᠠᠮᠢᠳᠤᠷᠠᠯ᠎ᠤᠨ ᠬᠤᠬ ᠨᠤᠪᠰᠢ ᠵᠢ ᠲᠦᠷᠤᠯ ᠬᠤᠪᠢᠶᠠᠨ ᠠᠨᠭ᠌ᠭᠢᠯᠠᠬᠤ ᠠᠵᠢᠯ᠎ᠢ ᠴᠢᠨᠠᠬᠰᠢᠳᠠ ᠠᠬᠢᠭᠤᠯᠬᠤ ᠲᠤᠬᠠᠢ ᠰᠠᠨᠠᠯ᠎ᠤᠳ》᠎ᠢ ᠬᠢᠨᠠᠨ ᠵᠦᠪᠯᠡᠵᠥ ᠪᠠᠳᠤᠯᠠᠪᠠ᠃ ᠬᠤᠷᠠᠯ᠎ᠠᠴᠠ ᠪᠠᠰᠠ ᠨᠠᠮ᠎ᠤᠨ ᠠᠷᠪᠠᠨ ᠨᠠᠢ᠍ᠮᠠᠳᠤᠭ᠋ᠠᠷ ᠬᠤᠭᠤᠴᠠᠭ᠋ᠠᠨ᠎ᠤ ᠲᠦᠪ ᠬᠤᠷᠢᠶᠠᠨ ᠭᠤᠷᠪᠠᠳᠤᠭ᠋ᠠᠷ ᠪᠦᠬᠦᠳᠠ ᠬᠤᠷᠠᠯ᠎ᠠᠴᠠ ᠨᠠᠭ᠋ᠠᠰᠢᠬᠢ ᠬᠦᠳᠡᠬᠡ ᠲᠤᠰᠬᠤᠨ᠎ᠤ ᠦᠬᠡᠷᠡᠴᠢᠯᠠᠯᠳᠠ ᠵᠢᠨ ᠠᠬᠢᠴᠠ ᠵᠢᠨ ᠪᠠᠢ᠍ᠢ᠍ᠳᠠᠯ᠎ᠤᠨ ᠬᠠᠷᠢᠭᠤ ᠮᠡᠳᠡᠬᠦᠯᠤᠯᠳᠠ ᠵᠢ ᠰᠤᠨᠤᠰᠪᠠ᠃
ᠬᠤᠷᠠᠯ᠎ᠠᠴᠠ᠂ ᠤᠳᠤᠬᠠᠨ᠎ᠳᠤ ᠠᠵᠤ ᠠᠬᠤᠢ ᠵᠢᠨ ᠲᠡᠯᠡᠬᠡᠢ᠍ᠢ᠍ᠵᠢᠯᠳᠠ ᠰᠦᠷᠬᠡᠤ ᠤᠷᠤᠰᠬᠠᠯ᠎ᠳᠤ ᠤᠴᠠᠷᠠᠵᠤ᠂ ᠭᠠᠬ᠍ᠴᠠ ᠲᠠᠯ᠎ᠠ ᠵᠢᠨ ᠦᠵᠡᠯ᠂ ᠬᠠᠮᠠᠭ᠋ᠠᠯᠠᠬᠤ ᠦᠵᠡᠯ ᠲᠤᠯᠤᠭ᠋ᠠᠢ ᠦᠨᠳᠡᠢ᠍ᠢ᠍ᠵᠤ ᠪᠤᠢ᠂ ᠪᠢᠳᠡ ᠰᠦᠷᠬᠡᠤ ᠤᠷᠤᠰᠬᠠᠯ ᠪᠤᠯᠤᠨ ᠪᠤᠴᠠᠬᠤ ᠲᠠᠪᠠᠯᠭ᠋ᠠᠨᠳᠤ ᠬᠠᠷᠰᠢᠯᠠᠬᠳᠠᠵᠤ ᠪᠤᠯᠬᠤ ᠦᠬᠡᠢ᠂ ᠲᠡᠤᠬᠡ ᠵᠢᠨ ᠵᠦᠪ ᠲᠠᠯ᠎ᠠ᠎ᠳᠤ ᠵᠤᠬᠰᠤᠵᠥ᠂ ᠡᠷᠡᠰ ᠭᠤᠢ᠍ᠢ᠍ᠪᠢᠰᠢ ᠦᠬᠡᠢ᠎ᠪᠠᠷ ᠭᠠᠳᠠᠭ᠋ᠠᠳᠤ ᠨᠡᠬᠡᠬᠡᠯᠳᠠ ᠵᠢ ᠦᠷᠬᠡᠳᠬᠡᠵᠤ᠂ ᠤᠯᠤᠰ᠎ᠤᠨ ᠳᠤᠳᠤᠭ᠋ᠠᠳᠤ ᠭᠠᠳᠠᠭ᠋ᠠᠳᠤ ᠵᠢᠨ ᠠᠵᠤ ᠠᠬᠤᠢ ᠵᠢᠨ ᠬᠤᠷᠰᠢᠯᠴᠠᠬᠤ ᠦᠷ᠎ᠠ ᠠᠰᠢᠬ᠎ᠢ ᠨᠡᠮᠡᠭᠳᠡᠬᠦᠯᠵᠤ᠂ ᠬᠦᠭᠵᠢᠯᠳᠠ ᠪᠤᠯᠤᠨ ᠠᠮᠤᠷ ᠲᠦᠪᠰᠢᠨ᠎ᠢ ᠨᠢᠬᠡᠳᠤᠯᠳᠠᠢ ᠲᠦᠯᠤᠪᠵᠢᠬᠦᠯᠵᠤ᠂ ᠠᠶᠤᠯ ᠲᠦᠭᠰᠢᠬᠦᠷᠢ ᠦᠷᠢᠰᠦᠯᠳᠦᠭᠡᠨ᠎ᠢ ᠪᠦᠬᠦ ᠲᠠᠯ᠎ᠠ᠎ᠪᠠᠷ ᠰᠡᠷᠬᠡᠢ᠍ᠢ᠍ᠯᠡᠬᠦ ᠭᠡᠷᠡᠭᠳᠠᠢ᠃ ᠭᠠᠳᠠᠭ᠋ᠠᠳᠤ ᠠᠷᠠᠯᠵᠢᠶᠠᠨ᠎ᠤ ᠰᠢᠨ᠎ᠠ ᠵᠢ ᠡᠬᠦᠳᠬᠦ ᠬᠦᠭᠵᠢᠯᠳᠠ ᠵᠢ ᠠᠬᠢᠭᠤᠯᠵᠤ᠂ ᠰᠢᠨ᠎ᠠ ᠬᠦᠭᠵᠢᠯᠳᠠ ᠵᠢᠨ ᠤᠢ᠍ᠢ᠍ᠯᠠᠭ᠋ᠠᠭᠳᠠᠬᠤᠨ᠎ᠢ ᠨᠠᠢ᠍ᠢ᠍ᠳᠠᠪᠤᠷᠢᠵᠢᠭᠤᠯᠵᠤ᠂ ᠰᠢᠨ᠎ᠠ ᠬᠦᠭᠵᠢᠯᠳᠠ ᠵᠢᠨ ᠪᠠᠢ᠍ᠢ᠍ᠷᠢᠰᠢᠯ᠎ᠢ ᠴᠤᠭᠴᠠᠯᠠᠬᠤ᠎ᠪᠠᠷ ᠭᠤᠤᠯᠯᠠᠭᠤᠯᠵᠤ᠂ ᠬᠠᠩᠭ᠋ᠠᠯᠭ᠎ᠠ ᠵᠢᠨ ᠲᠠᠯ᠎ᠠ ᠵᠢᠨ ᠪᠦᠳᠤᠴᠠ ᠵᠢᠨ ᠴᠢᠨᠠᠷᠳᠠᠢ ᠦᠬᠡᠷᠡᠴᠢᠯᠠᠯᠳᠠ᠎ᠪᠠᠷ ᠭᠤᠤᠯ ᠱᠤᠭᠤᠮ ᠪᠤᠯᠭ᠋ᠠᠵᠤ᠂ ᠰᠢᠨᠵᠢᠯᠡᠬᠦ ᠤᠬᠠᠭ᠋ᠠᠨ ᠲᠸᠭᠨᠢᠭ ᠮᠡᠷᠬᠡᠵᠢᠯ᠎ᠤᠨ ᠰᠢᠨ᠎ᠠ ᠵᠢ ᠡᠬᠦᠳᠬᠦ᠂ ᠲᠦᠷᠢᠮ᠎ᠤᠨ ᠰᠢᠨ᠎ᠠ ᠵᠢ ᠡᠬᠦᠳᠬᠦ᠂ ᠡᠵᠡᠩᠨᠠᠯᠳᠠ ᠵᠢᠨ ᠬᠡᠯᠪᠡᠷᠢ ᠪᠤᠯᠤᠨ ᠵᠠᠬ᠍ᠪᠤᠷ᠎ᠤᠨ ᠰᠢᠨ᠎ᠠ ᠵᠢ ᠡᠬᠦᠳᠬᠦ ᠵᠢ ᠬᠦᠨᠵᠡᠬᠡᠢ᠍ᠢ᠍ᠷᠡᠬᠦᠯᠵᠤ᠂ ᠠᠷᠠᠯᠵᠢᠶᠠᠨ᠎ᠤ ᠶᠠᠰᠤ ᠴᠢᠨᠠᠷ᠎ᠢ ᠲᠦᠷᠬᠡᠨ ᠲᠡᠭᠡᠭᠰᠢᠯᠡᠬᠦᠯᠵᠤ᠂ ᠠᠵᠤ ᠤᠢ᠍ᠢ᠍ᠯᠡᠰ᠎ᠤᠨ ᠬᠡᠯᠬᠢᠶ᠎ᠠ ᠬᠠᠩᠭ᠋ᠠᠯᠭ᠎ᠠ ᠵᠢᠨ ᠬᠡᠯᠬᠢᠶ᠎ᠠ ᠵᠢ ᠲᠤᠭᠳᠠᠪᠤᠷᠢᠵᠢᠭᠤᠯᠵᠤ᠂ ᠭᠠᠳᠠᠭ᠋ᠠᠳᠤ ᠠᠷᠠᠯᠵᠢᠶᠠᠨ᠎ᠤ ᠰᠢᠨ᠎ᠠ ᠬᠦᠳᠡᠯᠬᠡᠬᠦ ᠡᠨ᠋ᠸᠷᠬᠢ ᠵᠢ ᠪᠤᠢ᠍ᠢ᠍ᠵᠢᠭᠤᠯᠵᠤ᠂ ᠠᠷᠠᠯᠵᠢᠶᠠᠨ᠎ᠤ ᠲᠦᠬᠦᠮᠴᠢᠯᠠᠯᠳᠠ ᠵᠢ ᠠᠬᠢᠭᠤᠯᠵᠤ᠂ ᠭᠠᠳᠠᠭ᠋ᠠᠳᠤ ᠠᠷᠠᠯᠵᠢᠶᠠᠨ᠎ᠤ ᠬᠦᠭᠵᠢᠯᠳᠠ ᠵᠢᠨ ᠤᠷᠴᠢᠨ ᠪᠠᠢ᠍ᠢ᠍ᠳᠠᠯ᠎ᠢ ᠰᠢᠯᠢᠳᠡᠭᠵᠢᠬᠦᠯᠬᠦ ᠭᠡᠷᠡᠭᠳᠠᠢ ᠬᠡᠵᠤ ᠵᠢᠭ᠋ᠠᠵᠤ ᠭᠠᠷᠭ᠋ᠠᠪᠠ᠃
ᠬᠤᠷᠠᠯ᠎ᠠᠴᠠ᠂ ᠳᠤᠮᠳᠠ ᠪᠠᠷᠠᠭᠤᠨ ᠤᠷᠤᠨ᠎ᠤ ᠲᠡᠭᠡᠳᠤ ᠵᠡᠷᠭᠡ ᠵᠢᠨ ᠰᠤᠷᠭ᠋ᠠᠨ ᠬᠦᠮᠤᠵᠢᠯ᠎ᠢ ᠬᠦᠭᠵᠢᠬᠦᠯᠤᠨ ᠮᠠᠨᠳᠤᠭᠤᠯᠬᠤ᠎ᠳᠤ ᠨᠠᠮ᠎ᠤᠨ ᠶᠡᠬᠡ ᠲᠡᠭᠡᠳᠤ ᠰᠤᠷᠭ᠋ᠠᠭᠤᠯᠢ᠎ᠳᠠᠬᠢ ᠪᠦᠬᠦ ᠲᠠᠯ᠎ᠠ ᠵᠢᠨ ᠤᠳᠤᠷᠢᠳᠤᠯᠭ᠎ᠠ ᠵᠢ ᠪᠠᠷᠢᠮᠳᠠᠯᠠᠬᠤ ᠪᠠ ᠴᠢᠩᠭ᠋ᠠᠳᠬᠠᠵᠤ᠂ ᠳᠤᠮᠳᠠᠳᠤ ᠤᠯᠤᠰ᠎ᠤᠨ ᠤᠨᠴᠠᠯᠢᠬ᠎ᠲᠠᠢ ᠨᠡᠢ᠍ᠢ᠍ᠬᠡᠮ ᠵᠢᠷᠤᠮ᠎ᠤᠨ ᠰᠤᠷᠭ᠋ᠠᠨ ᠬᠦᠮᠤᠵᠢᠯ᠎ᠤᠨ ᠬᠦᠭᠵᠢᠯᠳᠠ ᠵᠢᠨ ᠵᠠᠮ᠎ᠢ ᠪᠠᠷᠢᠮᠳᠠᠯᠠᠵᠤ᠂ ᠨᠠᠮ᠎ᠤᠨ ᠰᠤᠷᠭ᠋ᠠᠨ ᠬᠦᠮᠤᠵᠢᠯ᠎ᠤᠨ ᠴᠢᠭᠯᠡᠯᠳᠠ ᠵᠢ ᠪᠦᠬᠦ ᠲᠠᠯ᠎ᠠ᠎ᠪᠠᠷ ᠲᠤᠭᠤᠰᠢᠯᠠᠭᠤᠯᠵᠤ᠂ ᠶᠤᠰᠦ ᠰᠤᠷᠲᠠᠬᠤᠨ ᠵᠶ᠋ᠠᠷ ᠬᠦᠮᠤᠨ᠎ᠢ ᠬᠦᠮᠤᠵᠢᠬᠦᠯᠬᠦ ᠦᠨᠳᠤᠰᠤᠨ ᠡᠬᠦᠷᠬᠡ ᠵᠢ ᠨᠠᠢ᠍ᠢ᠍ᠳᠠᠪᠤᠷᠢᠵᠢᠭᠤᠯᠵᠤ᠂ ᠠᠭᠤᠯᠤᠬᠳᠠᠬᠤᠨᠤ ᠮᠠᠶᠢᠭ᠎ᠤᠨ ᠬᠦᠭᠵᠢᠯᠳᠠ ᠵᠢ ᠪᠡᠶᠡᠯᠡᠬᠦᠯᠬᠦ ᠵᠢ ᠠᠬᠢᠭᠤᠯᠵᠤ᠂ ᠴᠢᠬᠤᠯᠠ ᠶᠡᠬᠡ ᠤᠷᠤᠨ ᠪᠦᠰᠠ ᠵᠢᠨ ᠬᠦᠭᠵᠢᠯᠳᠠ ᠵᠢᠨ ᠪᠠᠢ᠍ᠢ᠍ᠯᠳᠤᠬᠤ ᠪᠤᠳᠤᠯᠭ᠎ᠠ᠎ᠯᠤᠭ᠎ᠠ ᠰᠠᠨᠠᠭ᠋ᠠᠴᠢᠯᠠᠭ᠎ᠠ᠎ᠠᠴᠠ᠎ᠪᠠᠨ ᠵᠤᠯᠭ᠋ᠠᠭᠤᠯᠵᠤ᠂ ᠳᠤᠮᠳᠠᠳᠤ ᠤᠯᠤᠰ᠎ᠤᠨ ᠡᠬᠡ ᠭᠠᠵᠠᠷ᠎ᠲᠤ ᠰᠠᠭᠤᠷᠢᠯᠠᠨ ᠶᠡᠬᠡ ᠰᠤᠷᠭ᠋ᠠᠭᠤᠯᠢ ᠡᠷᠬᠢᠯᠠᠵᠤ᠂ ᠲᠠᠪᠠᠭᠤᠯᠢᠬ ᠦᠪᠡᠷᠮᠢᠴᠠ ᠤᠨᠴᠠᠯᠢᠬ᠎ᠢ ᠲᠤᠪᠤᠢ᠍ᠢ᠍ᠯᠭ᠋ᠠᠵᠤ᠂ ᠰᠤᠷᠭ᠋ᠠᠭᠤᠯᠢ ᠡᠷᠬᠢᠯᠡᠬᠦ ᠡᠬᠢ ᠪᠠᠶᠠᠯᠢᠬ᠎ᠢ ᠴᠤᠭᠯᠠᠷᠠᠭᠤᠯᠤᠨ᠂ ᠴᠢᠬᠤᠯᠠ ᠡᠯᠸᠮᠸᠨ᠋ᠲ᠎ᠤᠨ ᠬᠦᠢ᠍ᠯᠬᠡᠬᠡ ᠵᠢ ᠠᠬᠢᠭᠤᠯᠵᠤ᠂ ᠳᠤᠮᠳᠠ ᠪᠠᠷᠠᠭᠤᠨ ᠤᠷᠤᠨ᠎ᠤ ᠲᠡᠭᠡᠳᠤ ᠵᠡᠷᠭᠡ ᠵᠢᠨ ᠰᠤᠷᠭ᠋ᠠᠨ ᠬᠦᠮᠤᠵᠢᠯ᠎ᠤᠨ ᠳᠤᠳᠤᠭ᠋ᠠᠳᠤ ᠬᠦᠳᠡᠯᠬᠡᠬᠦ ᠬᠦᠴᠤᠨ ᠪᠤᠯᠤᠨ ᠬᠦᠭᠵᠢᠯᠳᠠ ᠵᠢᠨ ᠠᠮᠢᠵᠢᠷᠠᠯ᠎ᠤᠨ ᠬᠦᠴᠤᠨ᠎ᠢ ᠪᠦᠳᠤᠮᠵᠢᠳᠠᠢ ᠬᠦᠭᠵᠢᠬᠡᠵᠤ᠂ ᠳᠤᠮᠳᠠ ᠪᠠᠷᠠᠭᠤᠨ ᠤᠷᠤᠨ᠎ᠢ ᠨᠡᠬᠡᠬᠡᠨ ᠬᠦᠭᠵᠢᠬᠦᠯᠬᠦ ᠪᠠᠢ᠍ᠢ᠍ᠷᠢᠰᠢᠯᠯᠤᠭᠠ ᠵᠤᠬᠢᠴᠠᠯᠳᠤᠬᠤ ᠲᠡᠭᠡᠳᠤ ᠵᠡᠷᠭᠡ ᠵᠢᠨ ᠰᠤᠷᠭ᠋ᠠᠨ ᠬᠦᠮᠤᠵᠢᠯ᠎ᠤᠨ ᠰᠢᠰᠲᠸᠮ᠎ᠢ ᠪᠦᠷᠢᠯᠳᠤᠬᠦᠯᠬᠦ ᠵᠢ ᠠᠬᠢᠭᠤᠯᠬᠤ ᠭᠡᠷᠡᠭᠳᠠᠢ ᠬᠡᠵᠤ ᠴᠢᠬᠤᠯᠠᠴᠢᠯᠠᠪᠠ᠃
ᠬᠤᠷᠠᠯ᠎ᠠᠴᠠ᠂ ᠠᠷᠠᠳ᠎ᠠᠴᠠ ᠡᠷᠬᠢᠯᠡᠭᠰᠡᠨ ᠠᠯᠪᠠᠨ ᠵᠢᠷᠤᠮ᠎ᠤᠨ ᠰᠤᠷᠭ᠋ᠠᠨ ᠬᠦᠮᠤᠵᠢᠯ᠎ᠤᠨ ᠬᠦᠭᠵᠢᠯᠳᠠ ᠵᠢ ᠵᠢᠷᠤᠮᠵᠢᠭᠤᠯᠬᠤ ᠵᠢᠨ ᠵᠤᠷᠢᠯᠭ᠎ᠠ ᠪᠤᠯ ᠨᠠᠮ᠎ᠤᠨ ᠰᠤᠷᠭ᠋ᠠᠨ ᠬᠦᠮᠤᠵᠢᠯ᠎ᠤᠨ ᠴᠢᠭᠯᠡᠯᠳᠡ ᠵᠢ ᠪᠦᠬᠦ ᠲᠠᠯ᠎ᠠ᠎ᠪᠠᠷ ᠲᠤᠭᠤᠰᠢᠯᠠᠭᠤᠯᠵᠤ᠂ ᠨᠠᠮ᠎ᠤᠨ ᠠᠯᠪᠠᠨ ᠵᠢᠷᠤᠮ᠎ᠤᠨ ᠰᠤᠷᠭ᠋ᠠᠨ ᠬᠦᠮᠤᠵᠢᠯ᠎ᠳᠠᠬᠢ ᠪᠦᠬᠦ ᠲᠠᠯ᠎ᠠ ᠵᠢᠨ ᠤᠳᠤᠷᠢᠳᠤᠯᠭ᠎ᠠ ᠵᠢ ᠪᠠᠷᠢᠮᠳᠠᠯᠠᠵᠤ᠂ ᠨᠡᠢ᠍ᠢ᠍ᠬᠡᠮ ᠵᠢᠷᠤᠮ᠎ᠤᠨ ᠰᠤᠷᠭ᠋ᠠᠭᠤᠯᠢ ᠡᠷᠬᠢᠯᠡᠬᠦ ᠴᠢᠭᠯᠡᠯ᠎ᠢ ᠪᠠᠷᠢᠮᠳᠠᠯᠠᠵᠤ᠂ ᠬᠠᠤᠯᠢ᠎ᠪᠠᠷ ᠰᠤᠷᠭ᠋ᠠᠨ ᠬᠦᠮᠤᠵᠢᠯ᠎ᠢ ᠵᠠᠰᠠᠬᠤ ᠵᠢ ᠪᠠᠷᠢᠮᠳᠠᠯᠠᠵᠤ᠂ ᠵᠠᠰᠠᠬ᠎ᠤᠨ ᠤᠷᠳᠤᠨ᠎ᠤ ᠬᠠᠷᠢᠭᠤᠴᠠᠯᠭ᠎ᠠ ᠵᠢ ᠨᠠᠢ᠍ᠢ᠍ᠳᠠᠪᠤᠷᠢᠵᠢᠭᠤᠯᠵᠤ᠂ ᠲᠦᠷᠤᠯ ᠬᠤᠪᠢᠶᠠᠨ ᠵᠢᠯᠤᠭᠤᠳᠬᠤ ᠵᠢ ᠴᠢᠩᠭ᠋ᠠᠳᠬᠠᠵᠤ᠂ ᠠᠷᠠᠳ᠎ᠠᠴᠠ ᠡᠷᠬᠢᠯᠡᠭᠰᠡᠨ ᠠᠯᠪᠠᠨ ᠵᠢᠷᠤᠮ᠎ᠤᠨ ᠰᠤᠷᠭ᠋ᠠᠨ ᠬᠦᠮᠤᠵᠢᠯ᠎ᠢ ᠵᠢᠷᠤᠮᠵᠢᠭᠤᠯᠤᠨ ᠬᠠᠮᠢᠶᠠᠷᠬᠤ ᠵᠢ ᠴᠢᠩᠭ᠋ᠠᠳᠬᠠᠵᠤ᠂ ᠶᠡᠬᠡ ᠰᠠᠢ᠍ᠢ᠍ᠨ ᠰᠤᠷᠭ᠋ᠠᠨ ᠬᠦᠮᠤᠵᠢᠯ᠎ᠤᠨ ᠠᠮᠢ ᠠᠬᠤᠢ ᠵᠢ ᠪᠤᠢ ᠪᠤᠯᠭ᠋ᠠᠵᠤ᠂ ᠰᠤᠷᠤᠬ᠍ᠴᠢ ᠵᠢᠨ ᠪᠦᠬᠦ ᠲᠠᠯ᠎ᠠ᠎ᠪᠠᠷ ᠬᠦᠭᠵᠢᠬᠦ᠂ ᠡᠷᠡᠬᠦᠯ ᠵᠶ᠋ᠠᠷ ᠦᠰᠤᠨ ᠪᠤᠢ᠍ᠢ᠍ᠵᠢᠬᠤ ᠵᠢ ᠠᠬᠢᠭᠤᠯᠬᠤ ᠵᠢᠨ ᠲᠦᠯᠤᠬᠡ ᠶᠤᠮ᠃ ᠡᠯ᠎ᠠ ᠱᠠᠳᠤᠨ᠎ᠤ ᠨᠠᠮ᠎ᠤᠨ ᠬᠤᠷᠢᠶ᠎ᠠ ᠪᠤᠯᠤᠨ ᠵᠠᠰᠠᠬ᠎ᠤᠨ ᠤᠷᠳᠤᠨ᠎ᠤ᠎ᠬᠢᠨ ᠤᠯᠤᠰ᠎ᠠᠴᠠ ᠠᠯᠪᠠᠨ ᠵᠢᠷᠤᠮ᠎ᠤᠨ ᠰᠤᠷᠭ᠋ᠠᠨ ᠬᠦᠮᠤᠵᠢᠯ᠎ᠢ ᠡᠷᠬᠢᠯᠡᠬᠦ ᠵᠢ ᠪᠠᠷᠢᠮᠳᠠᠯᠠᠵᠤ᠂ ᠠᠯᠪᠠᠨ ᠵᠢᠷᠤᠮ᠎ᠤᠨ ᠰᠤᠷᠭ᠋ᠠᠨ ᠬᠦᠮᠤᠵᠢᠯ᠎ᠤᠨ ᠨᠡᠢ᠍ᠢ᠍ᠳᠠ ᠵᠢᠨ ᠠᠰᠠᠷᠠᠮᠵᠢ ᠵᠢᠨ ᠬᠠᠷᠢᠶᠠᠯᠠᠯ᠎ᠢ ᠪᠠᠳᠤᠯᠠᠵᠤ᠂ ᠠᠯᠪᠠᠨ᠎ᠠᠴᠠ ᠡᠷᠬᠢᠯᠡᠭᠰᠡᠨ ᠠᠯᠪᠠᠨ ᠵᠢᠷᠤᠮ᠎ᠤᠨ ᠰᠤᠷᠭ᠋ᠠᠨ ᠬᠦᠮᠤᠵᠢᠯ᠎ᠢ ᠰᠠᠢ᠍ᠢ᠍ᠳᠤᠷ ᠡᠷᠬᠢᠯᠡᠨ ᠬᠦᠴᠦᠷᠭᠡᠭᠵᠢᠬᠦᠯᠬᠦ ᠭᠡᠷᠡᠭᠳᠠᠢ ᠬᠡᠵᠤ ᠵᠢᠭ᠋ᠠᠵᠤ ᠭᠠᠷᠭ᠋ᠠᠪᠠ᠃
ᠬᠤᠷᠠᠯ᠎ᠠᠴᠠ᠂ ᠡᠨᠡ ᠤᠳᠠᠭ᠎ᠠ ᠵᠢᠨ ᠰᠢᠨ᠎ᠠ ᠲᠢᠳᠢᠮᠯᠢᠭ ᠠᠭᠤᠰᠬᠢᠨ ᠦᠷᠪᠢᠰᠤᠯ᠎ᠤᠨ ᠬᠢᠵᠢᠭ᠎ᠤᠨ ᠪᠠᠢ᠍ᠢ᠍ᠳᠠᠯ᠎ᠢ ᠠᠷᠭ᠋ᠠᠴᠠᠭ᠋ᠠᠬᠤ᠎ᠳᠤ᠂ ᠪᠢᠳᠠ ᠡᠪᠡᠳᠴᠢᠳᠠᠨ᠎ᠢ ᠲᠦᠪᠯᠡᠷᠡᠬᠦᠯᠵᠤ᠂ ᠲᠤᠰᠬᠠᠢ ᠮᠡᠷᠬᠡᠵᠢᠯᠳᠡᠠᠢ ᠲᠦᠪᠯᠡᠷᠡᠬᠦᠯᠵᠤ᠂ ᠡᠬᠢ ᠪᠠᠶᠠᠯᠢᠬ᠎ᠢ ᠲᠦᠪᠯᠡᠷᠡᠬᠦᠯᠵᠤ᠂ ᠲᠦᠪᠯᠡᠷᠡᠬᠦᠯᠤᠨ ᠡᠮᠨᠡᠨ ᠵᠠᠰᠠᠬᠤ ᠵᠠᠷᠴᠢᠮ ᠵᠶ᠋ᠠᠷ᠂ ᠰᠢᠨᠵᠢᠯᠡᠬᠦ ᠤᠬᠠᠭ᠋ᠠᠨᠴᠢ᠎ᠪᠠᠷ ᠰᠡᠷᠬᠡᠢ᠍ᠢ᠍ᠯᠡᠨ ᠵᠠᠰᠠᠬᠤ᠂ ᠠᠷᠭ᠎ᠠ ᠪᠤᠳᠤᠯᠭ᠎ᠠ ᠵᠢ ᠤᠨᠤᠴᠠᠳᠠᠢ ᠭᠡᠷᠡᠭᠵᠢᠬᠦᠯᠬᠦ ᠵᠢ ᠪᠠᠷᠢᠮᠳᠠᠯᠠᠵᠤ᠂ ᠡᠮᠴᠢᠯᠡᠬᠡᠨ᠎ᠤ ᠲᠦᠰᠤᠯ ᠵᠶ᠋ᠠᠨ ᠲᠠᠰᠤᠷᠠᠯᠳᠠ ᠦᠬᠡᠢ ᠲᠡᠬᠦᠯᠳᠡᠷᠵᠢᠬᠦᠯᠵᠤ᠂ ᠡᠮᠴᠢᠯᠡᠬᠡᠨ᠎ᠤ ᠲᠡᠰ ᠲᠠᠷᠠᠭ᠋ᠠᠯᠠᠯ᠂ ᠡᠮᠨᠡᠨ ᠵᠠᠰᠠᠬᠤ ᠡᠮ ᠲᠠᠩ ᠪᠤᠯᠤᠨ ᠬᠦᠨᠳᠤ ᠡᠪᠡᠳᠴᠢᠳᠠᠨ᠎ᠢ ᠠᠪᠤᠷᠠᠨ ᠡᠮᠨᠡᠬᠦ ᠠᠷᠭ᠎ᠠ᠎ᠳᠤ ᠲᠤᠬᠢᠷᠠᠭᠤᠯᠤᠯᠳᠠ ᠬᠢᠬᠦ ᠪᠠ ᠰᠢᠯᠢᠳᠡᠭᠵᠢᠬᠦᠯᠵᠤ᠂ ᠡᠮ ᠡᠮᠨᠡᠯᠬᠡ ᠵᠢᠨ ᠲᠠᠭ᠋ᠠᠳᠬᠠᠯ᠎ᠢ ᠤᠨᠳᠤᠤ ᠭᠠᠵᠠᠷ᠎ᠲᠤ ᠴᠠᠬ ᠲᠤᠬᠠᠢᠳᠤᠨᠢ ᠳ᠋ᠦᠩᠨᠠᠨ ᠪᠤᠳᠤᠬᠤ ᠲᠦᠷᠢᠮ᠎ᠢ ᠲᠡᠬᠦᠯᠳᠡᠷᠵᠢᠬᠦᠯᠵᠤ᠂ ᠡᠮ ᠡᠮᠨᠡᠯᠬᠡ ᠡᠷᠡᠬᠦᠯ ᠬᠠᠮᠠᠭ᠋ᠠᠯᠠᠯ᠎ᠤᠨ ᠰᠢᠰᠲᠸᠮ᠎ᠤᠨ᠎ᠬᠢᠨ ᠴᠢᠬᠤᠯᠠ ᠤᠢ᠍ᠢ᠍ᠯᠡᠳᠤᠯ ᠪᠠᠳᠠᠷᠠᠭᠤᠯᠪᠠ᠃ ᠦᠷᠬᠡᠨ ᠤᠯᠠᠨ ᠡᠮᠨᠡᠯᠬᠡ ᠵᠢᠨ ᠠᠵᠢᠯᠳᠠᠨ ᠡᠮᠴᠢ ᠵᠢᠨ ᠶᠤᠰᠤ ᠰᠤᠷᠲᠠᠬᠤᠨ ᠡᠮᠴᠢ ᠵᠢᠨ ᠰᠤᠷᠳᠠᠯ ᠵᠶ᠋ᠠᠨ ᠪᠠᠳᠤ ᠰᠠᠬᠢᠵᠤ᠂ ᠠᠵᠢᠯ ᠮᠡᠷᠬᠡᠵᠢᠯ᠎ᠤᠨ ᠵᠢᠷᠤᠮᠵᠢᠯ ᠵᠶ᠋ᠠᠨ ᠴᠢᠩᠭ᠋ᠠᠳᠬᠠᠵᠤ᠂ ᠲᠡᠭᠡᠳᠤ ᠬᠡᠮᠵᠢᠶᠠᠨ᠎ᠤ ᠬᠠᠷᠢᠭᠤᠴᠠᠯᠭ᠋ᠠᠳᠤ ᠰᠡᠳᠬᠢᠯᠬᠡ ᠪᠤᠯᠤᠨ ᠬᠠᠷᠠᠮ ᠦᠬᠡᠢ ᠵᠤᠷᠢᠭᠤᠯᠬᠤ ᠵᠤᠷᠢᠬ ᠰᠠᠨᠠᠭ᠎ᠠ ᠵᠢ ᠢᠯᠡᠷᠡᠭᠦᠯᠦᠭᠰᠡᠡ ᠪᠠᠢ᠍ᠢ᠍ᠨ᠎ᠠ᠃ ᠡᠮᠴᠢᠯᠡᠬᠡᠨ᠎ᠤ ᠠᠵᠢᠯᠯᠠᠭ᠎ᠠ ᠵᠢ ᠴᠢᠨᠠᠬᠰᠢᠳᠠ ᠵᠢᠷᠤᠮᠵᠢᠭᠤᠯᠵᠤ᠂ ᠵᠦᠢ ᠵᠤᠬᠢᠰᠳᠠᠢ ᠡᠮᠴᠢᠯᠡᠬᠡᠨ᠎ᠤ ᠪᠠᠢ᠍ᠢ᠍ᠴᠠᠭ᠋ᠠᠯᠳᠠ ᠵᠢ ᠠᠬᠢᠭᠤᠯᠬᠤ᠎ᠳᠤ᠂ ᠡᠮᠴᠢᠯᠡᠬᠡᠨ᠎ᠤ ᠭᠤᠤᠯ ᠴᠤᠬ᠍ᠴᠠ ᠵᠢᠨ ᠠᠵᠢᠯᠯᠠᠭ᠎ᠠ ᠵᠢ ᠵᠢᠷᠤᠮᠵᠢᠭᠤᠯᠬᠤ᠎ᠠᠴᠠ ᠭᠠᠷᠳᠠᠵᠤ᠂ ᠡᠮᠴᠢᠯᠡᠬᠡᠨ᠎ᠤ ᠪᠠᠢ᠍ᠢ᠍ᠭᠤᠯᠤᠮᠵᠢ ᠪᠤᠯᠤᠨ ᠡᠮᠨᠡᠯᠬᠡ ᠵᠢᠨ ᠠᠵᠢᠯᠳᠠᠨ᠎ᠤ ᠠᠵᠢᠯᠯᠠᠭ᠎ᠠ᠎ᠳᠠᠬᠢ ᠬᠢᠨᠠᠯᠳᠠ ᠬᠠᠮᠢᠶᠠᠷᠤᠯᠳᠠ᠎ᠪᠠᠨ ᠴᠢᠩᠭ᠋ᠠᠳᠬᠠᠵᠤ᠂ ᠮᠡᠷᠬᠡᠵᠢᠯ᠎ᠤᠨ ᠰᠢᠨ᠎ᠠ ᠵᠢ ᠡᠬᠦᠳᠬᠦ ᠵᠢ ᠴᠢᠩᠭ᠋ᠠᠳᠬᠠᠵᠤ᠂ ᠡᠬᠢ ᠪᠠᠶᠠᠯᠢᠬ᠎ᠢ ᠬᠠᠮᠳᠤ᠎ᠪᠠᠷ ᠡᠳ᠋ᠯᠡᠬᠦ ᠵᠢ ᠠᠬᠢᠭᠤᠯᠵᠤ᠂ ᠡᠮᠴᠢᠯᠡᠬᠡᠨ᠎ᠤ ᠬᠠᠮᠢᠶᠠᠷᠤᠯᠳᠠ ᠵᠢᠨ ᠪᠠᠢ᠍ᠢ᠍ᠭᠤᠯᠤᠮᠵᠢ᠂ ᠠᠵᠢᠯᠯᠠᠭ᠋ᠠᠨ᠎ᠤ ᠲᠤᠭᠳᠠᠴᠠ᠂ ᠤᠢ᠍ᠢ᠍ᠯᠡᠴᠢᠯᠡᠬᠡᠨ᠎ᠤ ᠦᠨ᠎ᠠ ᠬᠠᠩᠰᠢ᠂ ᠠᠵᠢᠯ᠎ᠤᠨ ᠠᠮᠵᠢᠯᠳᠠ ᠵᠢᠨ ᠬᠤᠪᠢᠶᠠᠷᠢᠯᠠᠯᠳᠠ ᠵᠡᠷᠬᠡ ᠶᠠᠷᠤᠩᠬᠡᠢ᠍ᠢ᠍ᠯᠡᠭᠰᠡᠨ ᠴᠢᠨᠠᠷᠳᠠᠢ ᠦᠬᠡᠷᠡᠴᠢᠯᠠᠯᠳᠠ ᠵᠢ ᠨᠢᠬᠡᠳᠤᠯᠳᠠᠢ ᠲᠦᠯᠤᠪᠵᠢᠬᠦᠯᠤᠨ ᠠᠬᠢᠭᠤᠯᠵᠤ᠂ ᠲᠤᠬᠠᠢ᠍ᠢ᠍ᠯᠠᠬᠰᠠᠨ ᠠᠵᠢᠯ᠎ᠤᠨ ᠰᠤᠷᠳᠠᠯ᠎ᠤᠨ ᠪᠠᠢ᠍ᠢ᠍ᠭᠤᠯᠤᠯᠳᠠ ᠵᠢ ᠯᠠᠪᠳᠠᠭᠤᠨ ᠵᠶ᠋ᠠᠷ ᠠᠬᠢᠭᠤᠯᠬᠤ ᠭᠡᠷᠡᠭᠳᠠᠢ ᠬᠡᠵᠤ ᠴᠢᠬᠤᠯᠠᠴᠢᠯᠠᠪᠠ᠃
ᠬᠤᠷᠠᠯ᠎ᠠᠴᠠ᠂ ᠠᠮᠢᠳᠤᠷᠠᠯ᠎ᠤᠨ ᠬᠤᠭ ᠨᠤᠪᠰᠢ ᠵᠢ ᠲᠦᠷᠦᠯ ᠬᠤᠪᠢᠶᠠᠨ ᠠᠨᠭ᠌ᠭᠢᠯᠠᠬᠤᠨᠢ ᠤᠯᠡᠨ ᠲᠦᠮᠡᠨ᠎ᠤ ᠡᠳᠦᠷ ᠲᠤᠳᠤᠮ᠎ᠤᠨ ᠠᠮᠢᠳᠤᠷᠠᠯ᠎ᠯᠤᠭ᠎ᠠ ᠬᠤᠯᠪᠤᠬᠳᠠᠵᠤ᠂ ᠠᠮᠢ ᠠᠬᠤᠢ ᠵᠢᠨ ᠪᠤᠯᠪᠠᠰᠤᠨ᠎ᠤ ᠪᠠᠢ᠍ᠢ᠍ᠭᠤᠯᠤᠯᠳᠠ ᠵᠢ ᠠᠬᠢᠭᠤᠯᠬᠤ᠂ ᠨᠡᠢ᠍ᠢ᠍ᠭᠡᠮ᠎ᠤᠨ ᠪᠤᠯᠪᠠᠰᠤᠨ᠎ᠤ ᠬᠡᠮᠵᠢᠶ᠎ᠡ ᠵᠢ ᠲᠡᠭᠡᠭᠰᠢᠯᠡᠬᠦᠯᠬᠦ᠂ ᠦᠨᠳᠤᠰᠤᠨ ᠱᠠᠳᠤᠨ᠎ᠤ ᠨᠡᠢ᠍ᠢ᠍ᠭᠡᠮ᠎ᠤᠨ ᠵᠠᠰᠠᠯᠳᠠ ᠵᠢᠨ ᠰᠢᠨ᠎ᠡ ᠵᠢ ᠡᠬᠦᠳᠬᠦ᠎ᠳᠤ ᠴᠦᠮ ᠴᠢᠬᠤᠯᠠ ᠠᠴᠢ ᠬᠤᠯᠪᠤᠬᠳᠠᠯ᠎ᠲᠠᠢ ᠶᠤᠮ᠃ ᠬᠤᠳᠠ ᠵᠢᠨ ᠭᠤᠤᠯ ᠴᠤᠬ᠍ᠴᠠ ᠵᠢᠨ ᠬᠠᠷᠢᠭᠤᠴᠠᠯᠭ᠎ᠡ ᠵᠢ ᠨᠡᠢ᠍ᠢ᠍ᠳᠠᠪᠤᠷᠢᠵᠢᠭᠤᠯᠬᠤ᠂ ᠤᠯᠠᠨ ᠲᠦᠮᠡᠨ᠎ᠤ ᠵᠠᠩᠰᠢᠯ ᠲᠡᠳᠬᠠᠯ ᠪᠤᠯᠵᠤ ᠪᠦᠷᠢᠯᠳᠦᠬᠦ ᠵᠢ ᠠᠬᠢᠭᠤᠯᠬᠤ᠂ ᠲᠦᠷᠦᠯ ᠬᠤᠪᠢᠶᠠᠨ ᠠᠨᠭ᠌ᠭᠢᠯᠠᠬᠤ ᠲᠦᠬᠦᠭᠡᠷᠤᠮᠵᠢ ᠵᠢᠨ ᠪᠦᠳᠦᠭᠡᠨ ᠪᠠᠢ᠍ᠢ᠍ᠭᠤᠯᠤᠯᠳᠠ ᠵᠢ ᠲᠦᠷᠭᠡᠳᠭᠡᠬᠦ᠂ ᠢᠵᠢ ᠪᠦᠷᠢᠨ ᠲᠠᠮᠵᠢᠬᠦ ᠲᠦᠷᠦ ᠵᠢᠨ ᠪᠤᠳᠤᠯᠭ᠎ᠡ ᠵᠢ ᠲᠡᠬᠦᠯᠳᠡᠷᠵᠢᠬᠦᠯᠬᠦ ᠵᠡᠷᠭᠡ ᠲᠠᠯ᠎ᠡ᠎ᠠᠴᠠ ᠭᠠᠷᠳᠠᠵᠤ᠂ ᠬᠠᠤᠯᠢᠵᠢᠯ ᠵᠶ᠋ᠠᠷ ᠰᠠᠭᠤᠷᠢ ᠪᠤᠯᠭ᠋ᠠᠬᠰᠡᠨ᠂ ᠵᠠᠰᠠᠭ᠎ᠤᠨ ᠤᠷᠳᠤᠨ ᠠᠬᠢᠭᠤᠯᠤᠬᠰᠡᠨ᠂ ᠪᠦᠬᠦ ᠠᠷᠠᠳ ᠵᠶ᠋ᠠᠷ ᠵᠶ᠋ᠠᠨ ᠤᠷᠤᠯᠴᠠᠬᠰᠡᠨ᠂ ᠬᠤᠳᠠ ᠬᠦᠳᠡᠭᠡ ᠵᠢ ᠨᠢᠭᠡᠳᠦᠯᠳᠠᠢ ᠲᠦᠯᠦᠪᠵᠢᠬᠦᠯᠦᠭᠰᠡᠨ᠂ ᠭᠠᠵᠠᠷ ᠤᠷᠤᠨ᠎ᠤ ᠪᠠᠢ᠍ᠢ᠍ᠳᠠᠯ᠎ᠳᠤ᠎ᠨᠢ ᠲᠤᠬᠢᠷᠠᠭᠤᠯᠤᠬᠰᠡᠨ ᠬᠤᠭ ᠨᠤᠪᠰᠢ ᠵᠢ ᠲᠦᠷᠦᠯ ᠬᠤᠪᠢᠶᠠᠨ ᠠᠨᠭ᠌ᠭᠢᠯᠠᠬᠤ ᠤᠷᠳᠤ ᠬᠤᠭᠤᠴᠠᠭ᠋ᠠᠨ᠎ᠤ ᠪᠦᠳᠦᠮᠵᠢᠳᠠᠢ ᠲᠤᠬᠳᠠᠴᠠ ᠵᠢ ᠲᠦᠷᠭᠡᠳᠭᠡᠨ ᠪᠠᠢ᠍ᠢ᠍ᠭᠤᠯᠵᠤ᠂ ᠰᠢᠨᠵᠢᠯᠡᠬᠦ ᠤᠬᠠᠭ᠋ᠠᠨᠴᠢ ᠤᠢ᠍ᠢ᠍ᠯᠠᠭ᠋ᠠᠬᠳᠠᠬᠤᠨ᠎ᠢ ᠪᠤᠢ ᠪᠤᠯᠭ᠋ᠠᠵᠤ᠂ ᠲᠦᠷᠦᠯ ᠬᠤᠪᠢᠶᠠᠨ ᠵᠢᠯᠤᠭᠤᠳᠴᠤ᠂ ᠪᠦᠬᠦ ᠬᠡᠯᠬᠢᠶ᠎ᠡ ᠵᠢᠨ ᠬᠠᠮᠢᠶᠠᠷᠤᠯᠳᠠ ᠵᠢ ᠴᠢᠨᠭ᠌ᠭ᠋ᠠᠳᠬᠠᠬᠤ ᠭᠡᠷᠡᠭᠳᠠᠢ ᠭᠡᠵᠤ ᠵᠢᠭ᠋ᠠᠵᠤ ᠭᠠᠷᠭ᠋ᠠᠪᠠ᠃
ᠬᠤᠷᠠᠯ᠎ᠠᠴᠠ᠂ ᠨᠠᠮ᠎ᠤᠨ ᠠᠷᠪᠡᠨ ᠨᠠᠢ᠍ᠮᠠᠳᠤᠭ᠋ᠠᠷ ᠬᠤᠭᠤᠴᠠᠭ᠋ᠠᠨ᠎ᠤ ᠲᠦᠪ ᠬᠤᠷᠢᠶᠠᠨ᠎ᠤ ᠭᠤᠷᠪᠠᠳᠤᠭ᠋ᠠᠷ ᠪᠦᠬᠦᠳᠠ ᠬᠤᠷᠠᠯ᠎ᠠᠴᠠ ᠨᠠᠭ᠋ᠠᠰᠢ᠂ ᠪᠢᠳᠠ ᠬᠦᠳᠡᠭᠡ ᠠᠵᠤ ᠠᠬᠤᠢ ᠬᠦᠳᠡᠭᠡ ᠲᠤᠰᠬᠤᠨ᠎ᠤ ᠦᠭᠡᠷᠡᠴᠢᠯᠡᠯᠳᠠ ᠵᠢ ᠪᠦᠬᠦ ᠲᠠᠯ᠎ᠡ᠎ᠪᠠᠷ ᠪᠠᠢ᠍ᠢ᠍ᠷᠢᠯᠠᠭᠤᠯᠤᠨ ᠰᠢᠰᠲᠸᠮ᠎ᠲᠠᠢ ᠠᠬᠢᠭᠤᠯᠵᠤ᠂ ᠬᠦᠳᠡᠭᠡ ᠠᠵᠤ ᠠᠬᠤᠢ ᠬᠦᠳᠡᠭᠡ ᠲᠤᠰᠬᠤᠨ᠎ᠤ ᠬᠦᠭᠵᠢᠯᠳᠠ ᠵᠢ ᠤᠷᠳᠤ ᠬᠤᠭᠤᠴᠠᠭ᠎ᠡ᠎ᠪᠠᠷ ᠬᠢᠵᠠᠭ᠋ᠠᠷᠯᠠᠵᠤ ᠪᠠᠢ᠍ᠢ᠍ᠬᠰᠡᠨ ᠨᠢᠭᠡ ᠪᠦᠯᠦᠭ ᠪᠠᠢ᠍ᠢ᠍ᠭᠤᠯᠤᠮᠵᠢ ᠲᠤᠬᠳᠠᠴᠠ ᠵᠢᠨ ᠬᠠᠷᠰᠢ ᠰᠠᠭ᠋ᠠᠳ᠎ᠢ ᠠᠯᠬᠤᠮ ᠠᠯᠬᠤᠮ ᠵᠶ᠋ᠠᠷ ᠠᠷᠢᠯᠭ᠋ᠠᠨ᠂ ᠰᠠᠭᠤᠷᠢ ᠴᠢᠨᠠᠷᠳᠠᠢ ᠵᠠᠨᠭ᠌ᠭᠢᠯᠠᠭᠡ ᠵᠢᠨ ᠴᠢᠨᠠᠷᠳᠠᠢ ᠲᠦᠷᠢᠮ᠎ᠢ ᠨᠡᠩ ᠲᠡᠬᠦᠯᠳᠡᠷᠵᠢᠬᠦᠯᠵᠤ᠂ ᠬᠦᠳᠡᠭᠡ ᠠᠵᠤ ᠠᠬᠤᠢ ᠬᠦᠳᠡᠭᠡ ᠲᠤᠰᠬᠤᠨ᠎ᠢ ᠤᠷᠢᠳ ᠵᠶ᠋ᠠᠷ ᠬᠦᠭᠵᠢᠬᠦᠯᠬᠦ ᠲᠦᠷᠢᠮ᠎ᠤᠨ ᠪᠤᠷᠤ ᠲᠦᠯᠦᠪ ᠪᠤᠯᠤᠨ ᠲᠦᠷᠦ ᠵᠢᠨ ᠪᠤᠳᠤᠯᠭ᠎ᠡ ᠵᠢᠨ ᠰᠢᠰᠲᠸᠮ ᠠᠨᠭ᠌ᠬᠡ ᠠᠯᠬᠤᠮ ᠪᠦᠷᠢᠯᠳᠦᠨ᠂ ᠬᠦᠳᠡᠭᠡ ᠲᠤᠰᠬᠤᠨ᠎ᠤ ᠨᠡᠢ᠍ᠢ᠍ᠭᠡᠮ᠎ᠤᠨ ᠦᠢ᠍ᠯᠡᠳᠪᠤᠷᠢᠯᠡᠯ᠎ᠤᠨ ᠬᠦᠴᠤᠨ᠎ᠢ ᠤᠯᠠᠮ ᠴᠢᠨᠠᠬᠰᠢᠳᠠ ᠴᠢᠯᠦᠭᠡᠯᠡᠨ ᠬᠦᠭᠵᠢᠬᠦᠯᠵᠤ᠂ ᠬᠦᠳᠡᠭᠡ ᠠᠵᠤ ᠠᠬᠤᠢ ᠬᠦᠳᠡᠭᠡ ᠲᠤᠰᠬᠤᠨ᠎ᠤ ᠠᠮᠢᠵᠢᠷᠠᠯ᠎ᠤᠨ ᠬᠦᠴᠤᠨ᠎ᠢ ᠨᠡᠮᠡᠭᠳᠡᠬᠦᠯᠤᠨ᠂ ᠶᠠᠳᠠᠭᠤ᠎ᠠᠴᠠ ᠠᠨᠭ᠌ᠭᠢᠵᠢᠷᠠᠭᠤᠯᠬᠤ ᠪᠤᠭᠤᠮᠳᠠ ᠰᠢᠪᠳᠤᠯᠬᠤ ᠲᠠᠢ᠍ᠢ᠍ᠯᠠᠯᠳᠤᠭ᠋ᠠᠨ᠎ᠤ ᠢᠯᠡᠯᠳᠠ ᠵᠢ ᠲᠠᠮᠠᠴᠡᠨ ᠤᠯᠬᠤ᠎ᠳᠤ ᠴᠢᠬᠤᠯᠠ ᠲᠦᠷᠢᠮ᠎ᠤᠨ ᠲᠤᠯᠭ᠋ᠠᠭᠤᠷᠢᠯᠠᠯ ᠬᠠᠨᠭ᠌ᠭ᠋ᠠᠪᠠ᠃ ᠭᠠᠵᠠᠷ ᠰᠢᠷᠤᠢ ᠵᠢᠨ ᠨᠡᠢ᠍ᠢ᠍ᠳᠠ ᠵᠢᠨ ᠦᠮᠴᠢᠯᠡᠯ᠎ᠤᠨ ᠰᠢᠨᠵᠢ ᠴᠢᠨᠠᠷ᠎ᠢ ᠬᠤᠪᠢᠷᠠᠭᠤᠯᠬᠤ ᠦᠭᠡᠢ ᠪᠠᠢ᠍ᠢ᠍ᠬᠤ᠂ ᠲᠠᠷᠢᠶᠠᠨ ᠭᠠᠵᠠᠷ᠎ᠤᠨ ᠤᠯᠠᠭ᠋ᠠᠨ ᠱᠤᠭᠤᠮ᠎ᠢ ᠰᠢᠪᠳᠤᠯᠬᠤ ᠦᠭᠡᠢ ᠪᠠᠢ᠍ᠢ᠍ᠬᠤ᠂ ᠲᠠᠷᠢᠶᠠᠴᠢᠳ᠎ᠤᠨ ᠠᠰᠢᠭ ᠲᠤᠰᠠ ᠵᠢ ᠬᠤᠬᠢᠷᠠᠭᠤᠯᠬᠤ ᠦᠭᠡᠢ ᠪᠠᠢ᠍ᠢ᠍ᠬᠤ ᠡᠨᠡ ᠬᠦ᠌ ᠭᠤᠷᠪᠡᠨ ᠬᠤᠷᠢᠭᠡ ᠱᠤᠭᠤᠮ᠎ᠢ ᠪᠠᠳᠤ ᠰᠠᠬᠢᠵᠤ᠂ ᠭᠤᠤᠯᠳᠠᠯᠭ᠎ᠡ᠎ᠲᠠᠢ ᠬᠦᠷᠢᠶ᠎ᠡ ᠪᠠ ᠵᠠᠨᠭ᠌ᠭᠢᠯᠠᠭᠡ ᠵᠢᠨ ᠭᠤᠬ᠍ᠴᠤᠭ᠋ᠠᠨᠤ ᠦᠭᠡᠷᠡᠴᠢᠯᠡᠯᠳᠠ ᠵᠢ ᠦᠷᠬᠦᠯᠵᠢᠯᠡᠨ ᠰᠠᠢ᠍ᠢ᠍ᠳᠤᠷ ᠠᠳᠬᠤᠨ᠂ ᠨᠢᠭᠡᠳᠤᠯᠳᠠᠢ ᠲᠦᠯᠦᠪᠵᠢᠬᠦᠯᠵᠤ᠂ ᠴᠢᠭᠯᠡᠯ ᠵᠶ᠋ᠠᠨ ᠯᠠᠪᠳᠠᠭᠤᠨ ᠪᠠᠲᠤᠲᠠᠢ ᠡᠵᠡᠮᠳᠡᠵᠤ᠂ ᠪᠦᠬᠦ ᠬᠦᠴᠤᠨ ᠵᠶ᠋ᠠᠷ ᠵᠶ᠋ᠠᠨ ᠪᠤᠭᠤᠮᠳᠠ ᠰᠢᠪᠳᠤᠯᠬᠤ ᠭᠡᠷᠡᠭᠳᠠᠢ᠃ ᠠᠮᠤ ᠪᠤᠳᠠᠭ᠋ᠠᠨ᠎ᠤ ᠠᠮᠤᠷ ᠲᠦᠪᠰᠢᠨ᠎ᠢ ᠪᠠᠳᠤᠯᠠᠬᠤ ᠵᠢ ᠲᠤᠪᠤᠢ᠍ᠢ᠍ᠮ᠎ᠡ ᠪᠠᠢ᠍ᠢ᠍ᠷᠢᠨ᠎ᠳᠤ ᠲᠠᠯᠪᠢᠵᠤ᠂ ᠠᠮᠤ ᠪᠤᠳᠠᠭ᠋ᠠᠨ᠎ᠤ ᠠᠮᠤᠷ ᠲᠦᠪᠰᠢᠨ᠎ᠤ ᠲᠦᠷᠢᠮ᠎ᠤᠨ ᠰᠢᠰᠲᠸᠮ᠎ᠢ ᠪᠦᠷᠢᠨᠰᠢᠬᠦᠯᠤᠨ᠂ ᠬᠦᠳᠡᠭᠡ ᠠᠵᠤ ᠠᠬᠤᠢ ᠵᠢᠨ ᠬᠦᠭᠵᠢᠯᠳᠠ ᠵᠢᠨ ᠠᠷᠭ᠎ᠡ ᠬᠡᠯᠪᠡᠷᠢ ᠵᠢ ᠲᠦᠷᠭᠡᠳᠭᠡᠨ ᠬᠤᠪᠢᠷᠠᠭᠤᠯᠵᠤ᠂ ᠤᠳᠤ ᠦᠶ᠎ᠡ ᠵᠢᠨ ᠬᠦᠳᠡᠭᠡ ᠠᠵᠤ ᠠᠬᠤᠢ ᠵᠢᠨ ᠬᠦᠭᠵᠢᠯᠳᠠ ᠵᠢ ᠬᠠᠢ᠍ᠢ᠍ᠨ ᠰᠦᠪᠡᠭᠴᠢᠯᠡᠬᠦ ᠵᠠᠮ ᠲᠡᠭᠡᠷ᠎ᠡ ᠨᠡᠩ ᠤᠯᠠᠨ ᠲᠤᠷᠰᠢᠯᠭᠡ ᠡᠬᠦᠳᠬᠦ ᠭᠡᠷᠡᠭᠳᠠᠢ᠃ ᠬᠦᠳᠡᠭᠡ ᠲᠤᠰᠬᠤᠨ᠎ᠤ ᠦᠮᠴᠢᠯᠡᠯ᠎ᠤᠨ ᠡᠷᠭᠡ ᠵᠢᠨ ᠲᠦᠷᠢᠮ ᠪᠤᠯᠤᠨ ᠡᠯᠸᠮᠸᠨ᠋ᠲ᠎ᠤᠨ ᠵᠠᠬ᠎ᠡ ᠲᠡᠯᠭᠡᠬᠦᠷᠴᠢᠯᠠᠭ᠌ᠰᠡᠨ ᠲᠤᠬᠢᠷᠠᠭᠤᠯᠭᠡ ᠵᠢ ᠲᠡᠬᠦᠯᠳᠡᠷᠵᠢᠬᠦᠯᠵᠤ᠂ ᠬᠦᠳᠡᠭᠡ ᠲᠤᠰᠬᠤᠨ᠎ᠤ ᠭᠠᠵᠠᠷ ᠰᠢᠷᠤᠢ᠂ ᠪᠡᠯᠡ ᠮᠦᠨᠭᠭᠦ᠂ ᠴᠢᠳᠠᠪᠤᠷᠢᠳᠠᠨ᠂ ᠮᠡᠷᠭᠡᠵᠢᠯ ᠵᠡᠷᠭᠡ ᠡᠯ᠎ᠡ ᠲᠦᠷᠦᠯ᠎ᠤᠨ ᠡᠯᠸᠮᠸᠨ᠋ᠲ᠎ᠤᠨ ᠲᠤᠬᠢᠷᠠᠭᠤᠯᠭᠡ ᠵᠢᠨ ᠠᠰᠢᠬᠯᠠᠮᠵᠢ ᠵᠢ ᠲᠡᠭᠡᠭᠰᠢᠯᠡᠬᠦᠯᠤᠨ᠂ ᠬᠦᠳᠡᠭᠡ ᠲᠤᠰᠬᠤᠨ᠎ᠤ ᠲᠤᠳᠤᠭ᠋ᠠᠳᠤ ᠠᠮᠢᠵᠢᠷᠠᠯ᠎ᠤᠨ ᠬᠦᠴᠤᠨ᠎ᠢ ᠬᠦᠭᠵᠢᠭᠡᠬᠦ ᠭᠡᠷᠡᠭᠳᠠᠢ᠃ ᠬᠦᠳᠡᠭᠡ ᠠᠵᠤ ᠠᠬᠤᠢ ᠵᠢ ᠲᠡᠮᠵᠢᠬᠦ ᠬᠠᠮᠠᠭ᠋ᠠᠯᠠᠬᠤ ᠲᠦᠷᠢᠮ᠎ᠢ ᠪᠦᠷᠢᠨᠰᠢᠬᠦᠯᠵᠤ᠂ ᠲᠦᠷᠦ ᠵᠢᠨ ᠪᠤᠳᠤᠯᠭ᠎ᠡ ᠵᠢᠨ ᠤᠨᠤᠪᠴᠢᠳᠤ ᠴᠢᠨᠠᠷ᠂ ᠴᠢᠭᠯᠡᠬᠦᠯᠦᠯᠳᠤ ᠴᠢᠨᠠᠷ ᠪᠤᠯᠤᠨ ᠪᠤᠳᠠᠳᠤ ᠦᠷ᠎ᠡ ᠪᠦᠳᠦᠮᠵᠢᠳᠤ ᠴᠢᠨᠠᠷ᠎ᠢ ᠲᠡᠭᠡᠭᠰᠢᠯᠡᠬᠦᠯᠵᠤ᠂ ᠬᠦᠳᠡᠭᠡ ᠠᠵᠤ ᠠᠬᠤᠢ ᠵᠢᠨ ᠬᠦᠭᠵᠢᠯᠳᠠ ᠵᠢ ᠤᠨᠠᠯᠳᠠ ᠵᠢ ᠨᠡᠮᠡᠭᠳᠡᠬᠦᠯᠬᠦ᠎ᠪᠠᠷ ᠤᠳᠤᠷᠢᠳᠤᠮᠵᠢ ᠪᠤᠯᠭ᠋ᠠᠵᠤ ᠪᠠᠢ᠍ᠢ᠍ᠭᠰᠠᠠᠠᠴᠠ ᠶᠠᠰᠦ ᠴᠢᠨᠠᠷ᠎ᠢ ᠲᠡᠭᠡᠭᠰᠢᠯᠡᠬᠦᠯᠬᠦ᠎ᠪᠠᠷ ᠤᠳᠤᠷᠢᠳᠤᠮᠵᠢ ᠪᠤᠯᠭ᠋ᠠᠬᠤ ᠲᠠᠢ᠍ᠢ᠍ᠰᠢ ᠬᠤᠪᠢᠷᠠᠬᠤ ᠵᠢ ᠬᠦᠳᠤᠯᠤᠨ ᠲᠠᠭ᠋ᠠᠭᠤᠯᠬᠤ ᠭᠡᠷᠡᠭᠳᠠᠢ᠃ ᠬᠦᠳᠡᠭᠡ ᠲᠤᠰᠬᠤᠨ᠎ᠢ ᠬᠦᠭᠵᠢᠬᠦᠯᠤᠨ ᠮᠠᠨᠳᠤᠭᠤᠯᠬᠤ ᠪᠠᠢ᠍ᠢ᠍ᠯᠳᠤᠬᠤ ᠪᠤᠳᠤᠯᠭ᠎ᠡ ᠵᠢ ᠶᠡᠭᠡ ᠬᠦᠴᠤᠨ ᠵᠶ᠋ᠠᠷ ᠭᠡᠷᠡᠭᠵᠢᠬᠦᠯᠵᠤ᠂ ᠬᠤᠳᠠ ᠬᠦᠳᠡᠭᠡ ᠵᠢ ᠠᠭᠤᠰᠤᠯᠴᠠᠭᠤᠯᠤᠨ ᠬᠦᠭᠵᠢᠬᠦᠯᠬᠦ ᠪᠠᠢ᠍ᠢ᠍ᠭᠤᠯᠤᠮᠵᠢ ᠲᠤᠬᠳᠠᠴᠠ ᠪᠠ ᠲᠦᠷᠦ ᠵᠢᠨ ᠪᠤᠳᠤᠯᠭ᠎ᠡ ᠵᠢᠨ ᠰᠢᠰᠲᠸᠮ᠎ᠢ ᠪᠦᠷᠢᠨᠰᠢᠬᠦᠯᠬᠦ ᠭᠡᠷᠡᠭᠳᠠᠢ᠃ ᠦᠭᠡᠷᠡᠴᠢᠯᠡᠯᠳᠠ ᠵᠢᠨ ᠰᠢᠰᠲᠸᠮᠲᠦ ᠴᠤᠬᠯᠠᠷᠠᠯ ᠪᠤᠯᠬᠤ ᠵᠢ ᠴᠢᠨᠭ᠌ᠭ᠋ᠠᠳᠬᠠᠨ᠂ ᠡᠯ᠎ᠡ ᠵᠦᠢ᠍ᠯ᠎ᠤᠨ ᠲᠦᠷᠢᠮ᠎ᠤᠨ ᠬᠠᠷᠢᠯᠴᠠᠨ ᠵᠤᠯᠭ᠋ᠠᠯᠴᠠᠵᠤ᠂ ᠬᠠᠮᠳᠤᠷᠠᠯ ᠬᠦᠴᠤᠨ᠎ᠢ ᠪᠦᠷᠢᠯᠳᠦᠬᠦᠯᠬᠦ ᠵᠢ ᠠᠬᠢᠭᠤᠯᠬᠤ ᠭᠡᠷᠡᠭᠳᠠᠢ᠃ ᠦᠨᠡᠨ᠎ᠠᠴᠠ ᠵᠦᠪ᠎ᠢ ᠡᠷᠢᠵᠤ᠂ ᠭᠠᠵᠠᠷ ᠤᠷᠤᠨ᠎ᠤ ᠪᠠᠢ᠍ᠢ᠍ᠳᠠᠯ᠎ᠳᠤ᠎ᠨᠢ ᠲᠤᠬᠢᠷᠠᠭᠤᠯᠤᠨ᠂ ᠬᠠᠤᠯᠢ ᠲᠤᠬᠳᠠᠭ᠋ᠠᠯ ᠶᠤᠰᠤᠭ᠋ᠠᠷ᠂ ᠯᠠᠪᠳᠠᠭᠤᠨ ᠪᠠᠳᠤᠳᠠᠢ ᠬᠢᠨᠠᠭᠤᠷ ᠪᠤᠯᠭᠤᠮᠵᠢᠳᠠᠢ ᠪᠠᠢ᠍ᠢ᠍ᠵᠤ᠂ ᠡᠯ᠎ᠡ ᠵᠦᠢ᠍ᠯ᠎ᠤᠨ ᠠᠵᠢᠯ᠎ᠤᠨ ᠴᠠᠭ ᠬᠡᠮᠵᠢᠶ᠎ᠡ ᠦᠷ᠎ᠡ ᠪᠦᠳᠦᠮᠵᠢ ᠵᠢ ᠰᠠᠢ᠍ᠢ᠍ᠳᠤᠷ ᠡᠵᠡᠮᠳᠡᠨ᠂ ᠯᠠᠪᠳᠠᠭᠤᠨ ᠪᠠᠳᠤᠳᠠᠢ᠎ᠪᠠᠷ ᠠᠷᠠᠳ ᠲᠦᠮᠡᠨ᠎ᠤ ᠶᠠᠪᠤᠳᠠᠯ᠎ᠢ ᠪᠦᠳᠦᠭᠡᠵᠤ᠂ ᠠᠷᠠᠳ ᠲᠦᠮᠡᠨ᠎ᠳᠤ ᠪᠤᠶᠠᠨ ᠦᠢ᠍ᠯᠡᠳᠬᠦ ᠭᠡᠷᠡᠭᠳᠠᠢ ᠭᠡᠵᠤ ᠴᠢᠬᠤᠯᠠᠴᠢᠯᠠᠪᠠ᠃
ᠬᠤᠷᠠᠯ᠎ᠠᠴᠠ᠂ ᠨᠠᠮ᠎ᠤᠨ ᠠᠷᠪᠡᠨ ᠨᠠᠢ᠍ᠮᠠᠳᠤᠭ᠋ᠠᠷ ᠬᠤᠭᠤᠴᠠᠭ᠋ᠠᠨ᠎ᠤ ᠲᠦᠪ ᠬᠤᠷᠢᠶᠠᠨ᠎ᠤ ᠭᠤᠷᠪᠠᠳᠤᠭ᠋ᠠᠷ ᠪᠦᠬᠦᠳᠠ ᠬᠤᠷᠠᠯ᠎ᠠᠴᠠ᠂ 2020 ᠤᠨ ᠪᠤᠯᠬᠤ᠎ᠳᠤ ᠭᠤᠤᠯᠳᠠᠯᠭ᠎ᠡ᠎ᠲᠠᠢ ᠬᠦᠷᠢᠶ᠎ᠡ ᠪᠠ ᠵᠠᠨᠭ᠌ᠬᠢᠯᠠᠭᠡ ᠵᠢᠨ ᠭᠤᠬ᠍ᠴᠤᠭ᠋ᠠᠨᠳᠠᠬᠢ ᠦᠭᠡᠷᠡᠴᠢᠯᠡᠯᠳᠠ᠎ᠳᠤ ᠰᠢᠢ᠍ᠳᠪᠤᠷᠢᠯᠡᠬᠦ ᠴᠢᠨᠠᠷᠳᠠᠢ ᠦᠷ᠎ᠡ ᠪᠦᠳᠦᠭᠡᠯ ᠤᠯᠬᠤ ᠭᠡᠷᠡᠭᠳᠠᠢ ᠭᠡᠵᠤ ᠲᠤᠷᠠᠳᠪᠠ᠃ ᠡᠳᠡᠭᠡᠷ ᠵᠢᠯ᠎ᠳᠤ᠂ ᠦᠭᠡᠷᠡᠴᠢᠯᠡᠯᠳᠠ ᠵᠢ ᠪᠦᠬᠦ ᠲᠠᠯ᠎ᠡ᠎ᠪᠠᠷ ᠬᠦᠨᠵᠡᠭᠡᠢ᠍ᠢ᠍ᠷᠡᠬᠦᠯᠬᠦ᠎ᠨᠢ ᠰᠠᠭᠤᠷᠢ᠎ᠪᠠᠨ ᠪᠡᠬᠢᠵᠢᠬᠦᠯᠬᠦ᠂ ᠲᠤᠯᠭ᠋ᠠᠭᠤᠷᠢ ᠪᠤᠰᠬᠠᠵᠤ ᠨᠢᠷᠤᠭᠤ ᠲᠠᠯᠪᠢᠬᠤ᠎ᠠᠴᠠ ᠪᠦᠬᠦ ᠲᠠᠯ᠎ᠡ᠎ᠪᠠᠷ ᠠᠬᠢᠭᠤᠯᠬᠤ᠂ ᠰᠠᠭᠤᠷᠢ᠎ᠪᠠᠨ ᠪᠡᠬᠢᠵᠢᠬᠦᠯᠤᠨ ᠬᠠᠨᠳᠤᠰᠢ᠎ᠪᠠᠨ ᠲᠤᠬᠳᠠᠭ᠋ᠠᠬᠰᠡᠨᠠᠴᠠ ᠲᠠᠬᠢᠨ ᠰᠢᠰᠲᠸᠮ᠎ᠲᠠᠢ ᠬᠤᠷᠠᠮᠳᠤᠭᠤᠯᠵᠤ᠂ ᠬᠠᠮᠵᠢᠯᠴᠠᠭ᠎ᠠ ᠵᠢ ᠦᠨᠳᠤᠷ ᠦᠷ᠎ᠡ ᠪᠦᠳᠦᠮᠵᠢᠳᠠᠢ ᠪᠤᠯᠭ᠋ᠠᠬᠤ ᠬᠦᠷᠲᠡᠯ᠎ᠡ᠂ ᠵᠠᠮ ᠲᠤᠵᠢ ᠵᠤᠭᠰᠤᠯ ᠦᠭᠡᠢ ᠤᠷᠤᠭᠰᠢᠯᠠᠨ᠂ ᠵᠤᠷᠢᠭᠲᠠᠢ᠎ᠪᠠᠷ ᠦᠢ᠍ᠯᠡᠳᠦᠯᠭᠡᠵᠢᠬᠦᠯᠦᠨ᠂ ᠰᠢᠨ᠎ᠡ ᠭᠠᠷᠤᠭᠡᠳᠤ ᠰᠢᠨ᠎ᠡ ᠰᠢᠪᠳᠤᠯᠤᠯᠳᠠ ᠵᠢ ᠪᠠᠶᠠᠯᠡᠬᠦᠯᠪᠡ᠃ ᠡᠯ᠎ᠡ ᠭᠠᠵᠠᠷ ᠤᠷᠤᠨ ᠡᠯ᠎ᠡ ᠰᠠᠯᠠᠭ᠎ᠡ ᠮᠦᠴᠢᠷ᠎ᠤᠨ᠎ᠬᠢᠨ ᠬᠠᠷᠢᠭᠤᠴᠠᠯᠭ᠎ᠡ ᠡᠬᠦᠷᠭᠡᠯᠡᠯ ᠵᠶ᠋ᠠᠨ ᠴᠢᠨᠭ᠌ᠭ᠋ᠠᠳᠬᠠᠵᠤ᠂ ᠲᠤᠯᠭ᠋ᠠᠮ ᠪᠤᠳᠤᠯ ᠵᠶ᠋ᠠᠨ ᠴᠢᠨᠭ᠌ᠭ᠋ᠠᠳᠬᠠᠨ᠂ ᠡᠷᠴᠢ ᠵᠤᠷᠢᠭ ᠵᠶ᠋ᠠᠨ ᠬᠦᠪᠴᠢᠯᠡᠵᠤ᠂ ᠨᠠᠮ᠎ᠤᠨ ᠲᠦᠪ ᠬᠤᠷᠢᠶᠠᠨ᠎ᠤ ᠪᠠᠢ᠍ᠢ᠍ᠷᠢᠯᠠᠭᠤᠯᠤᠬᠰᠡᠨ ᠦᠭᠡᠷᠡᠴᠢᠯᠡᠯᠳᠠ ᠵᠢᠨ ᠡᠬᠦᠷᠭᠡ ᠵᠢ ᠪᠦᠬᠦ ᠬᠦᠴᠤᠨ ᠵᠶ᠋ᠠᠷ ᠵᠶ᠋ᠠᠨ ᠪᠠᠶᠠᠯᠡᠬᠦᠯᠬᠦ ᠭᠡᠷᠡᠭᠳᠠᠢ᠃ ᠨᠠᠮ᠎ᠤᠨ ᠠᠷᠪᠡᠨ ᠨᠠᠢ᠍ᠮᠠᠳᠤᠭ᠋ᠠᠷ ᠬᠤᠭᠤᠴᠠᠭ᠋ᠠᠨ᠎ᠤ ᠲᠦᠪ ᠬᠤᠷᠢᠶᠠᠨ᠎ᠤ ᠭᠤᠷᠪᠠᠳᠤᠭ᠋ᠠᠷ ᠪᠦᠬᠦᠳᠠ ᠬᠤᠷᠠᠯ᠎ᠠᠴᠠ ᠨᠠᠭ᠋ᠠᠰᠢᠬᠢ ᠦᠭᠡᠷᠡᠴᠢᠯᠡᠯᠳᠠ ᠵᠢᠨ ᠡᠬᠦᠷᠭᠡ ᠵᠢ ᠨᠠᠢ᠍ᠢ᠍ᠳᠠᠪᠤᠷᠢᠵᠢᠭᠤᠯᠤᠬᠰᠡᠨ ᠪᠠᠢ᠍ᠢ᠍ᠳᠠᠯ᠎ᠤᠨ ᠳ᠋ᠦᠨᠭᠨᠡᠯᠲᠡ ᠦᠨᠡᠯᠡᠯᠳᠠ ᠵᠢ ᠰᠠᠢ᠍ᠢ᠍ᠳᠤᠷ ᠬᠢᠵᠤ᠂ ᠳ᠋ᠦᠨᠭᠨᠡᠯᠲᠡ ᠦᠨᠡᠯᠡᠯᠳᠠ᠎ᠪᠠᠨ 《ᠠᠷᠪᠡᠨ ᠲᠦᠷᠪᠡᠳᠦᠭᠡᠷ ᠲᠠᠪᠤᠨ ᠵᠢᠯ》᠎ᠤᠨ ᠬᠤᠭᠤᠴᠠᠭ᠋ᠠᠨ᠎ᠤ ᠦᠭᠡᠷᠡᠴᠢᠯᠡᠯᠳᠠ ᠵᠢ ᠲᠦᠯᠦᠪᠵᠢᠬᠦᠯᠬᠦ ᠰᠡᠳᠬᠢᠴᠠᠯᠦᠭᠡ ᠤᠶᠠᠯᠳᠤᠭᠤᠯᠵᠤ᠂ ᠦᠭᠡᠷᠡᠴᠢᠯᠡᠯᠳᠠ ᠵᠢ ᠬᠦᠨᠵᠡᠭᠡᠢ᠍ᠢ᠍ᠷᠠᠬᠦᠯᠬᠦ ᠬᠦᠴᠤᠷᠭᠡᠭ ᠶᠡᠭᠡ ᠬᠦᠴᠤᠨ ᠴᠢᠳᠠᠯ᠎ᠢ ᠬᠤᠷᠠᠮᠳᠤᠭᠤᠯᠬᠤᠯᠤᠭᠠ ᠤᠶᠠᠯᠳᠤᠭᠤᠯᠤᠨ᠂ ᠦᠭᠡᠷᠡᠴᠢᠯᠡᠯᠳᠠ ᠵᠢᠨ ᠤᠯᠤᠬᠰᠡᠨ ᠴᠢᠬᠤᠯᠠ ᠠᠮᠵᠢᠯᠲᠡ ᠪᠠ ᠡᠷᠬᠢᠮ ᠨᠠᠨᠳᠢᠨ ᠲᠤᠷᠰᠢᠯᠭᠡ ᠵᠢ ᠪᠦᠬᠦ ᠲᠠᠯ᠎ᠡ᠎ᠪᠠᠷ ᠢᠯᠡᠷᠡᠬᠦᠯᠵᠤ᠂ ᠡᠯ᠎ᠡ ᠲᠠᠯ᠎ᠡ ᠵᠢᠨ ᠦᠭᠡᠷᠡᠴᠢᠯᠡᠯᠳᠠ ᠵᠢ ᠬᠦᠨᠵᠡᠭᠡᠢ᠍ᠢ᠍ᠷᠠᠬᠦᠯᠬᠦ ᠵᠤᠷᠢᠭ ᠪᠠ ᠢᠳᠡᠭᠡᠯ᠎ᠢ ᠪᠠᠳᠤᠳᠬᠠᠨ᠂ ᠨᠡᠢ᠍ᠢ᠍ᠭᠡᠮ ᠵᠢᠷᠤᠮ᠎ᠤᠨ ᠤᠳᠤᠬᠢᠴᠢᠯᠠᠬᠰᠡᠨ ᠤᠯᠤᠰ᠎ᠢ ᠪᠦᠬᠦ ᠲᠠᠯ᠎ᠡ᠎ᠪᠠᠷ ᠪᠦᠳᠦᠭᠡᠨ ᠪᠠᠢ᠍ᠢ᠍ᠭᠤᠯᠬᠤ ᠰᠢᠨ᠎ᠡ ᠠᠶᠠᠨ᠎ᠢ ᠡᠬᠢᠯᠡᠬᠦᠯᠬᠦ᠎ᠳᠤ ᠬᠦᠴᠤᠨ ᠴᠢᠳᠠᠯ ᠬᠤᠷᠠᠮᠳᠤᠭᠤᠯᠬᠤ ᠭᠡᠷᠡᠭᠳᠠᠢ ᠭᠡᠵᠤ ᠵᠢᠭ᠋ᠠᠵᠤ ᠭᠠᠷᠭ᠋ᠠᠪᠠ᠃
ᠲᠦᠪ᠎ᠤᠨ ᠦᠭᠡᠷᠡᠴᠢᠯᠡᠯᠳᠠ ᠵᠢ ᠪᠦᠬᠦ ᠲᠠᠯ᠎ᠡ᠎ᠪᠠᠷ ᠬᠦᠨᠵᠡᠭᠡᠢ᠍ᠢ᠍ᠷᠠᠬᠦᠯᠬᠦ ᠵᠦᠪᠯᠡᠯ᠎ᠤᠨ ᠭᠡᠰᠢᠬᠦᠳ ᠬᠤᠷᠠᠯ᠎ᠳᠤ ᠤᠷᠤᠯᠴᠠᠵᠤ᠂ ᠲᠦᠪ᠎ᠤᠨ ᠪᠠ ᠲᠦᠷᠦ ᠵᠢᠨ ᠪᠠᠢ᠍ᠢ᠍ᠭᠤᠯᠭ᠎ᠡ ᠵᠢᠨ ᠬᠤᠯᠪᠤᠬᠳᠠᠯ ᠪᠦᠬᠦᠢ ᠰᠠᠯᠠᠭ᠎ᠡ ᠮᠦᠴᠢᠷ᠎ᠤᠨ ᠬᠠᠷᠢᠭᠤᠴᠠᠯᠭ᠋ᠠᠳᠠᠨ ᠨᠦᠬᠦᠳ ᠬᠤᠷᠠᠯ᠎ᠳᠤ ᠰᠤᠯᠠ ᠤᠷᠤᠯᠴᠠᠵᠠᠢ᠃