ᠬᠤᠤᠷᠳᠠᠭᠳᠠᠬᠤ ᠠᠳᠡᠯ - ᠰᠢᠳᠠᠮᠠᠬᠠᠢ ᠭᠡᠢ ᠶᠢᠨ ᠬᠤᠤᠷᠳᠠᠯ ᠤᠨ ᠮᠡᠳᠡᠯᠭᠡ ᠤᠳ ᠢ ᠡᠵᠡᠮᠰᠢᠭᠡᠷᠡᠢ
ᠨᠡᠶᠢᠲᠡᠯᠡᠭᠰᠡᠨ ᠴᠠᠭ᠄
2024/5/10
    ᠰᠠᠭᠤᠭᠠᠯᠢ ᠠᠷᠠᠳ ᠤᠨ ᠠᠮᠢᠳᠤᠷᠠᠯ ᠤᠨ ᠭᠡᠷᠡᠭᠯᠡᠭᠡᠨ ᠤ ᠬᠥᠮᠥᠨ ᠤ ᠬᠥᠴᠤ ᠪᠠᠷ ᠪᠤᠯᠪᠠᠰᠤᠷᠠᠭᠤᠯᠤᠭᠰᠠᠨ ᠪᠠᠶᠢᠭᠠᠯᠢ ᠶᠢᠨ ᠰᠢᠳᠠᠮᠠᠬᠠᠢ ᠭᠡᠢ ᠪᠤᠯᠤᠨ ᠰᠢᠩᠭᠡᠷᠡᠬᠦᠮᠡᠯ ᠭᠡᠢ ᠵᠡᠷᠭᠡ ᠰᠢᠳᠠᠮᠠᠬᠠᠢ ᠭᠡᠢ ᠨᠢ ᠴᠥᠮ ᠠᠮᠠᠷᠬᠠᠨ ᠨᠤᠴᠤᠵᠤ᠂ ᠠᠮᠠᠷᠬᠠᠨ ᠲᠡᠯᠪᠡᠷᠡᠬᠦ ᠤᠨᠴᠠᠯᠢᠬ ᠲᠠᠢ ᠪᠠᠶᠢᠳᠠᠭ᠂ ᠭᠡᠷᠪᠡ ᠭᠤᠭᠤᠵᠢᠵᠤ ᠨᠡᠪᠴᠢᠬᠦ ᠳᠤ ᠬᠥᠷᠪᠡᠯ ᠲᠥᠷᠭᠡᠨ ᠴᠢᠨᠠᠷᠳᠠᠢ ᠬᠤᠤᠷᠳᠠᠯ ᠢ ᠠᠮᠠᠷᠬᠠᠨ ᠡᠬᠦᠰᠭᠡᠳᠡᠭ ᠪᠥᠭᠡᠳ ᠬᠢᠯᠪᠢᠰᠬᠢᠨ ᠲᠡᠯᠪᠡᠷᠡᠬᠦ ᠠᠳᠡᠯ ᠡᠬᠦᠰᠭᠡᠳᠡᠭ᠂ ᠭᠡᠷ ᠪᠥᠯᠢ ᠶᠢᠨ ᠨᠡᠬᠦᠷᠡᠰᠥᠨ ᠭᠡᠢ ᠶᠢᠨ ᠬᠤᠤᠷᠳᠠᠯ ᠭᠡᠳᠡᠭ ᠨᠢ ᠭᠤᠤᠯ ᠨᠢ ᠨᠡᠬᠦᠷᠡᠰᠥᠳᠦ᠋ᠷᠥᠭᠴᠢ ᠶᠢᠨ ᠲᠠᠩ ᠢᠰᠥᠯ ᠤᠨ ᠬᠤᠤᠷᠳᠠᠯ ᠪᠠ ᠰᠢᠩᠭᠡᠷᠡᠬᠦᠮᠡᠯ ᠴᠢᠯᠠᠭᠤᠨ ᠲᠤᠰᠤᠨ ᠭᠡᠢ᠂ ᠭᠤᠤᠷᠰᠤᠨ ᠬᠤᠭᠤᠯᠠᠶᠢᠳᠤ ᠨᠡᠬᠦᠷᠡᠰᠥᠨ ᠭᠡᠢ᠂ ᠪᠠᠶᠢᠭᠠᠯᠢ ᠶᠢᠨ ᠭᠡᠢ ᠶᠢᠨ ᠬᠤᠤᠷᠳᠠᠯ ᠢ ᠵᠢᠭᠠᠵᠤ ᠪᠠᠶᠢᠨ᠎ᠠ᠃     ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ     ● ᠰᠢᠳᠠᠮᠠᠬᠠᠢ ᠭᠡᠢ ᠨᠡᠪᠴᠢᠵᠤ ᠭᠤᠭᠤᠵᠢᠭᠰᠠᠨ ᠢ ᠤᠯᠵᠤ ᠮᠡᠳᠡᠪᠡᠯ᠂ ᠶᠠᠮᠠᠷᠪᠠ ᠴᠠᠬᠢᠯᠭᠠᠨ ᠭᠡᠷᠡᠭᠰᠡᠯ ᠤᠨ ᠨᠡᠭᠡᠯᠡᠭᠡᠢ ᠶᠢ ᠨᠡᠭᠡᠭᠡᠵᠤ ᠪᠤᠯᠬᠤ ᠥᠭᠡᠢ᠂ ᠨᠡᠬᠦᠷᠡᠰᠥᠨ ᠭᠡᠢ ᠲᠡᠯᠪᠡᠷᠡᠬᠦ ᠠᠴᠠ ᠰᠡᠷᠭᠡᠶᠢᠯᠡᠨ᠎ᠡ᠃     ● ᠡᠬᠦᠳᠡ ᠴᠤᠩᠬᠤ ᠪᠠᠨ ᠲᠡᠷᠦ᠋ᠢᠬᠠᠨ ᠨᠡᠭᠡᠭᠡᠵᠤ᠂ ᠬᠤᠤᠷᠳᠠᠭᠳᠠᠭᠰᠠᠳ ᠢ ᠰᠠᠯᠬᠢ ᠰᠠᠶᠢᠨ ᠨᠡᠪᠳᠡᠷᠡᠬᠦ᠂ ᠰᠢᠨ᠎ᠡ ᠰᠤᠷᠭᠤᠭ ᠠᠭᠤᠷ ᠠᠮᠢᠰᠬᠤᠯ ᠲᠠᠢ ᠭᠠᠵᠠᠷ ᠲᠤ ᠰᠢᠯᠵᠢᠬᠦᠯᠵᠤ᠂ ᠲᠤᠯᠠᠭᠠᠬᠠᠨ ᠪᠠᠶᠢᠯᠭᠠᠨ᠎ᠠ᠃     ● ᠡᠩᠭᠡᠷ ᠲᠤᠪᠴᠢ ᠶᠢ ᠨᠢ ᠲᠡᠶᠢᠯᠵᠤ᠂ ᠲᠤᠯᠤᠭᠠᠢ ᠶᠢ ᠨᠢ ᠲᠡᠭᠰᠢᠬᠡᠨ ᠪᠠᠶᠢᠯᠭᠠᠨ ᠬᠠᠵᠠᠭᠤᠯᠳᠠᠭᠤᠯᠤᠨ ᠭᠡᠪᠳᠡᠬᠦᠯᠵᠤ᠂ ᠠᠮᠢᠰᠬᠤᠯ ᠤᠨ ᠵᠠᠮ ᠢ ᠨᠢ ᠰᠢᠯᠤᠭᠤᠨ ᠪᠠᠶᠢᠯᠭᠠᠵᠤ᠂ ᠬᠠᠮᠠᠷ ᠠᠮᠠᠨ ᠳᠠᠬᠢ ᠱᠥᠬᠦᠷᠡᠯ ᠡᠳ᠋ ᠢ ᠨᠢ ᠴᠡᠪᠡᠷᠯᠡᠬᠦ ᠭᠡᠷᠡᠭᠳᠡᠢ᠃ ᠮᠠᠨᠠᠷᠠᠭᠰᠠᠳ ᠪᠤᠶᠤ ᠲᠠᠳᠠᠭᠰᠠᠳ ᠢ ᠲᠤᠷ᠎ᠠ ᠪᠠᠷ ᠢᠶᠠᠨ ᠬᠥᠳᠡᠯᠭᠡᠵᠤ ᠪᠤᠯᠬᠤ ᠥᠭᠡᠢ᠂ ᠲᠤᠯᠤᠭᠠᠢ ᠲᠤᠤᠷ᠎ᠠ ᠨᠢ ᠮᠥᠰᠥᠨ ᠤᠭᠤᠳᠠ ᠲᠡᠷᠡᠯᠡᠬᠦᠯᠵᠤ᠂ ᠲᠤᠯᠤᠭᠠᠢ ᠶᠢᠨ ᠬᠠᠪᠤᠩ ᠠᠴᠠ ᠰᠡᠷᠭᠡᠶᠢᠯᠡᠬᠦ ᠭᠡᠷᠡᠭᠳᠡᠢ᠂ ᠭᠡᠷᠪᠡ ᠠᠮᠢᠰᠬᠤᠯ ᠪᠠ ᠵᠢᠷᠥᠭᠡᠨ ᠴᠤᠬᠢᠯᠭ᠎ᠠ ᠨᠢ ᠵᠤᠭᠰᠤᠭᠰᠠᠨ ᠪᠤᠯ ᠲᠡᠷᠦ᠋ᠢᠬᠠᠨ ᠬᠥᠮᠥᠨ ᠤ ᠬᠥᠴᠤ ᠪᠠᠷ ᠠᠮᠢᠰᠬᠤᠯ ᠠᠪᠤᠭᠤᠯᠬᠤ ᠶᠢᠨ ᠲᠠᠭᠠᠤ ᠴᠡᠭᠡᠵᠢᠨ ᠪᠡᠶ᠎ᠡ ᠶᠢ ᠨᠢ ᠲᠡᠷᠤᠯᠬᠢᠯᠠᠵᠤ ᠥᠭᠬᠦ ᠭᠡᠷᠡᠭᠳᠡᠢ᠃     ● ᠲᠥᠷᠭᠡᠭᠡᠨ ᠡᠮᠨᠡᠯᠭᠡ ᠳᠤ ᠬᠥᠷᠭᠡᠨ ᠠᠪᠤᠷᠠᠯᠳᠠ ᠬᠢᠯᠭᠡᠬᠦ ᠪᠠ ᠡᠮᠴᠢᠯᠡᠭᠦᠯᠦᠨ᠎ᠡ᠃     ᠲᠤᠰᠬᠠᠢ ᠮᠡᠷᠭᠡᠵᠢᠯᠳᠡᠨ ᠤ ᠰᠠᠨᠠᠭᠤᠯᠤᠮᠵᠢ     ◇ ᠬᠤᠤᠷᠳᠠᠭᠳᠠᠭᠰᠠᠳ ᠢ ᠲᠠᠷᠦ᠋ᠢᠬᠠᠨ ᠰᠢᠨ᠎ᠡ ᠰᠤᠷᠭᠤᠭ ᠠᠭᠤᠷ ᠠᠮᠢᠰᠬᠤᠯ ᠲᠠᠢ ᠭᠠᠵᠠᠷ ᠲᠤ ᠰᠢᠯᠵᠢᠭᠦᠯᠦᠨ᠎ᠡ᠃    ◇ ᠡᠮᠨᠡᠯᠭᠡ ᠳᠤ ᠬᠥᠷᠭᠡᠨ ᠡᠮᠴᠢᠯᠡᠬᠦᠯᠵᠤ᠂ ᠠᠭᠤᠰᠬᠢᠨ ᠬᠠᠪᠤᠩ᠂ ᠲᠤᠯᠤᠭᠠᠢ ᠶᠢᠨ ᠬᠠᠪᠤᠩ ᠢ ᠢᠳᠡᠪᠬᠢᠳᠡᠢ ᠰᠡᠷᠭᠡᠶᠢᠯᠡᠨ ᠵᠠᠰᠠᠬᠤ ᠪᠤᠯ ᠨᠡᠬᠦᠷᠡᠰᠥᠨ ᠭᠡᠢ ᠶᠢᠨ ᠬᠤᠤᠷᠳᠠᠯ ᠢ ᠵᠠᠰᠠᠬᠤ ᠶᠢᠨ ᠵᠠᠩᠬᠢᠯᠠᠭ᠎ᠠ ᠪᠤᠯᠤᠨ᠎ᠠ᠃     ◇ ᠬᠤᠤᠷᠳᠤ ᠪᠤᠳᠠᠰ ᠲᠠᠢ ᠨᠢᠬᠳᠠ ᠤᠢᠢᠷᠠᠳᠤᠭᠰᠠᠤᠨ ᠢ ᠴᠢᠩᠭ᠎ᠠ ᠠᠵᠢᠭᠯᠠᠨ ᠰᠢᠨᠵᠢᠵᠤ᠂ ᠰᠠᠶᠢᠳᠤᠷ ᠠᠮᠤᠰᠬᠢᠯᠭᠡᠵᠤ᠂ ᠡᠪᠡᠳᠴᠢᠨ ᠬᠥᠳᠡᠯᠬᠦ ᠠᠴᠠ ᠰᠡᠷᠭᠡᠶᠢᠯᠡᠨ᠎ᠡ᠃     ◇ ᠡᠪᠡᠳᠴᠢᠳᠡᠨ ᠳᠤ ᠬᠥᠴᠢᠯᠳᠦ᠋ᠷᠥᠭᠴᠢ ᠰᠤᠷᠤᠭᠤᠯᠬᠤ ᠭᠡᠷᠡᠭᠳᠡᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号