ᠵᠤᠨ ᠤ ᠠᠭᠠᠭᠢᠮ᠎ᠠ ᠬᠠᠯᠠᠭᠤᠨ ᠳᠤ ᠤᠮᠳᠠ ᠳᠠᠷᠤᠬᠤ ᠵᠢᠮᠢᠰ ᠭᠡᠪᠡᠯ ᠡᠩ ᠲᠡᠷᠢᠭᠦᠨ ᠳᠤ ᠲᠠᠷᠪᠤᠰ | ᠳᠤᠷᠠᠳᠤᠭᠳᠠᠳᠠᠭ᠃ ᠭᠡᠲᠡᠯ᠎ᠡ ︽ᠬᠤᠨᠤᠭ ᠥᠨᠵᠢᠭᠰᠡᠨ ᠲᠠᠷᠪᠤᠰ ᠬᠤᠣᠷᠲᠠᠢ︾ ᠭᠡᠬᠦ ᠮᠡᠲᠦ ᠶᠢᠨ ᠮᠡᠳᠡᠭᠡ ᠬᠠᠶᠠ ᠶᠠ | ᠦᠭᠡᠢ ᠰᠣᠨᠣᠰᠳᠠᠵᠤ ᠪᠠᠶᠢᠳᠠᠭ᠃ ᠲᠡᠭᠡᠪᠠᠯ ᠲᠠᠷᠪᠤᠰ ᠢ ᠴᠣᠬᠤᠮ ᠬᠡᠷᠬᠢᠨ ᠢᠳᠡᠪᠡᠯ ᠵᠣᠬᠢᠬᠤ ᠪᠤᠢ︖ | ᠬᠥᠯᠳᠡᠭᠡᠭᠦᠷ ᠲᠤ ᠥᠨᠵᠢᠭᠡᠭᠰᠡᠨ ᠲᠠᠷᠪᠤᠰ ᠢ ᠢᠳᠡᠵᠦ ᠪᠤᠯᠬᠤ ᠤᠤ︖ | ᠬᠡᠷᠴᠢᠭᠡ ᠦᠭᠡᠢ ᠪᠦᠲᠦᠨ ᠲᠠᠷᠪᠤᠰ ᠲᠤ ᠪᠠᠷᠤᠭ ᠦᠨᠳᠦᠰᠦᠨ ᠳᠡᠭᠡᠨ ᠪᠠᠺᠲ᠋ᠧᠷᠢ ᠪᠠᠶᠢᠳᠠᠭ ᠦᠭᠡᠢ᠂ ᠭᠡᠲᠡᠯ᠎ᠡ | ᠬᠡᠷᠴᠢᠭᠰᠡᠨ ᠤ ᠳᠠᠷᠠᠭ᠎ᠠ ᠮᠠᠰᠢ ᠲᠦᠷᠭᠡᠨ ᠪᠠᠺᠲ᠋ᠧᠷᠢ ᠲᠠᠢ ᠪᠣᠯᠳᠠᠭ ᠪᠥᠭᠡᠳ ᠤᠳᠠᠬᠤ ᠲᠤᠳᠤᠮ ᠢᠶᠠᠨ ᠪᠠᠺᠲ᠋ᠧᠷᠢ ᠨᠢ | ᠦᠷᠡᠵᠢᠵᠦ᠂ ᠡᠩ ᠤᠨ ᠠᠭᠠᠷ ᠤᠨ ᠳᠤᠯᠠᠭᠠᠨ ᠳᠤ ᠤᠳᠠᠯ ᠦᠭᠡᠢ ᠢᠯᠵᠢᠷᠡᠴᠢᠬᠡᠳᠡᠭ᠃ ᠲᠠᠷᠪᠤᠰ ᠬᠤᠳᠠᠯᠳᠤᠵᠤ | ᠠᠪᠬᠤ ᠳᠠᠭᠠᠨ ᠲᠠᠯ᠎ᠠ ᠶᠢ ᠨᠢ ᠠᠪᠬᠤ ᠳᠤ ᠬᠦᠷᠪᠡᠯ᠂ ᠬᠡᠷᠴᠢᠭᠰᠡᠨ ᠴᠠᠭ ᠢ ᠨᠢ ᠠᠩᠬᠠᠷᠬᠤ ᠬᠡᠷᠡᠭᠲᠡᠢ᠃ ᠵᠤᠨ ᠤ | ᠬᠠᠯᠠᠭᠤᠨ ᠳᠤ ᠬᠡᠷᠴᠢᠭᠡᠳ ᠬᠡᠳᠦᠨ ᠴᠠᠭ ᠪᠣᠯᠤᠭᠰᠠᠨ ᠲᠠᠷᠪᠤᠰ ᠲᠤ ᠪᠠᠺᠲ᠋ᠧᠷᠢ ᠨᠢᠭᠡᠨᠲᠡ ᠶᠡᠬᠡᠪᠡᠷ ᠦᠷᠡᠵᠢᠭᠰᠡᠨ | ᠪᠣᠯᠬᠤᠷ ᠬᠥᠯᠳᠡᠭᠡᠭᠦᠷ ᠲᠤ ᠬᠢᠯ᠎ᠡ ᠴᠤ ᠭᠡᠰᠡᠨ ᠪᠠᠺᠲ᠋ᠧᠷᠢ ᠶᠢᠨ ᠬᠡᠮᠵᠢᠶ᠎ᠡ ᠪᠠᠷᠢᠮᠵᠢᠶᠠᠨ ᠠᠴᠠ ᠬᠡᠲᠦᠷᠡᠭᠰᠡᠨ ᠪᠠᠶᠢᠳᠠᠭ᠃ | ᠡᠶᠢᠮᠦ ᠠᠴᠠ ᠳᠣᠣᠷᠠᠬᠢ ᠬᠡᠳᠦᠨ ᠲᠠᠯ᠎ᠠ ᠪᠠᠷ ᠠᠩᠬᠠᠷᠪᠠᠯ ᠵᠣᠬᠢᠨ᠎ᠠ᠄ | ᠨᠢᠭᠡ᠂ ᠲᠠᠷᠪᠤᠰ ᠤᠨ ᠬᠡᠵᠢᠶ᠎ᠡ ᠬᠡᠷᠴᠢᠭᠰᠡᠨ ᠢ ᠨᠢ ᠮᠡᠳᠡᠬᠦ ᠦᠭᠡᠢ ᠪᠣᠯ ᠬᠤᠨᠤᠭ ᠥᠨᠵᠢᠭᠡᠵᠦ ᠪᠣᠯᠬᠤ ᠦᠭᠡᠢ᠃ | ᠬᠤᠶᠠᠷ᠂ ᠬᠥᠯᠳᠡᠭᠡᠭᠦᠷ ᠲᠤ ᠬᠠᠳᠠᠭᠠᠯᠠᠭᠰᠠᠨ ᠦᠭᠡᠢ ᠵᠢᠵᠢᠭᠯᠡᠨ ᠬᠡᠷᠴᠢᠭᠰᠡᠨ ᠲᠠᠷᠪᠤᠰ ᠢ ᠪᠢᠲᠡᠭᠡᠢ ᠬᠤᠳᠠᠯᠳᠤᠨ | ᠠᠪᠤᠭᠠᠷᠠᠢ᠃ | ᠭᠤᠷᠪᠠ᠂ ᠲᠠᠷᠪᠤᠰ ᠢ ᠬᠠᠭᠠᠯᠤᠭᠰᠠᠨ ᠬᠤᠶᠢᠨ᠎ᠠ ᠢᠳᠡᠬᠦ ᠬᠡᠰᠡᠭ ᠢᠶᠠᠨ ᠦᠯᠡᠳᠡᠭᠡᠵᠦ᠂ ᠢᠳᠡᠬᠦ ᠦᠭᠡᠢ ᠬᠡᠰᠡᠭ | ᠢᠶᠠᠨ ᠰᠠᠶᠢᠲᠤᠷ ᠪᠦᠲᠡᠭᠡᠵᠦ ᠳᠠᠷᠤᠶᠢᠬᠠᠨ ᠬᠥᠯᠳᠡᠭᠡᠭᠦᠷ ᠲᠤ ᠬᠢᠵᠦ ᠬᠠᠳᠠᠭᠠᠯᠠᠭᠠᠷᠠᠢ᠃ | ᠳᠥᠷᠪᠡ᠂ ᠲᠦᠭᠦᠬᠡᠢ ᠢᠳᠡᠭᠡᠨ ᠪᠠ ᠪᠣᠯᠭᠤᠭᠰᠠᠨ ᠢᠳᠡᠭᠡᠨ ᠬᠡᠷᠴᠢᠳᠡᠭ ᠭᠢᠳᠤᠭ᠎ᠠ ᠠᠮᠪᠠᠨ ᠢᠶᠠᠨ ᠡᠷᠬᠡᠪᠰᠢ | ᠰᠠᠯᠭᠠᠵᠤ ᠬᠡᠷᠡᠭᠯᠡᠬᠦ ᠬᠡᠷᠡᠭᠲᠡᠢ᠃ | ᠲᠠᠪᠤ᠂ ᠬᠥᠯᠳᠡᠭᠡᠭᠦᠷ ᠲᠤ ᠪᠤᠯᠭᠤᠭᠰᠠᠨ ᠢᠳᠡᠭᠡᠨ ᠪᠠ ᠲᠦᠭᠦᠬᠡᠢ ᠢᠳᠡᠭᠡᠨ ᠢ ᠡᠷᠬᠡᠪᠰᠢ ᠰᠠᠯᠭᠠᠨ ᠬᠠᠳᠠᠭᠠᠯᠠᠵᠤ᠂ | ᠲᠠᠷᠪᠤᠰ ᠢᠶᠠᠨ ᠬᠠᠮᠤᠭ ᠳᠡᠭᠡᠷ᠎ᠡ ᠬᠡᠰᠡᠭ ᠲᠤᠨᠢ ᠪᠤᠶᠤ ᠵᠢᠮᠢᠰ ᠬᠠᠳᠠᠭᠠᠯᠠᠳᠠᠭ ᠲᠤᠰᠬᠠᠢ ᠲᠠᠰᠤᠯᠭᠠᠨ ᠳᠤᠨᠢ ᠬᠢᠪᠡᠯ | ᠵᠣᠬᠢᠨ᠎ᠠ᠃ | ᠡᠭᠦᠨ ᠠᠴᠠ ᠭᠠᠳᠠᠨ᠎ᠠ ᠬᠢᠲᠠᠳ ᠡᠮᠨᠡᠯᠭᠡ ᠶᠢᠨ ᠲᠠᠯ᠎ᠠ ᠠᠴᠠ ᠠᠪᠴᠤ ᠬᠡᠯᠡᠪᠡᠯ᠂ ᠲᠠᠷᠪᠤᠰ ᠪᠣᠯ ᠬᠦᠢᠲᠡᠨ ᠰᠡᠷᠢᠭᠦᠨ | ᠴᠢᠨᠠᠷ ᠲᠠᠢ ᠪᠣᠯᠬᠤᠷ ᠶᠡᠭᠡ ᠢᠳᠡᠪᠡᠯ ᠭᠡᠳᠡᠰᠦ ᠬᠤᠳᠣᠭᠤᠳᠤᠨ ᠳᠤ ᠮᠠᠭᠤ ᠶᠤᠮ᠃ ᠬᠤᠳᠣᠭᠤᠳᠤ ᠭᠡᠳᠡᠰᠦᠨ ᠤ | ᠰᠢᠷᠬᠠᠯᠠᠭ᠎ᠠ ᠲᠠᠢ ᠬᠥᠮᠥᠰ ᠪᠠ ᠰᠠᠷ᠎ᠠ ᠶᠢᠨ ᠭᠬᠢᠷ ᠢᠷᠡᠭᠰᠡᠨ ᠦᠶ᠎ᠡ ᠳᠤ ᠲᠠᠷᠪᠤᠰ ᠢᠳᠡᠬᠦ ᠦᠭᠡᠢ ᠪᠤᠶᠤ ᠪᠠᠭ᠎ᠠ | ᠢᠳᠡᠪᠡᠯ ᠵᠣᠬᠢᠨ᠎ᠠ᠃ | |