ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠣᠨᠢᠨ ᠮᠡᠳᠡᠭᠡ   -   ᠠᠶ᠋ᠢᠮᠠᠭ ᠬᠤᠲᠠ᠎ᠶᠢᠨ ᠰᠣᠨᠣᠰᠬᠠᠯ
ᠤᠯᠠᠭ᠋ᠠᠨᠬᠠᠳᠠ ᠬᠣᠲᠠ ᠵᠢᠨ ᠡᠮᠴᠢᠯᠡᠭᠡᠨ᠎ᠤ ᠪᠠᠲᠤᠯᠠᠭ᠎ᠠ ᠵᠢᠨ ᠲᠣᠪᠴᠢᠶ᠎ᠠ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ ᠬᠠᠮᠲᠤᠷᠠᠨ ᠪᠥᠬᠥ ᠬᠣᠲᠠ ᠵᠢᠨ ᠡᠮ ᠡᠮᠨᠡᠯᠭᠡ ᠵᠢᠨ ᠪᠠᠲᠤᠯᠠᠭ᠎ᠠ ᠵᠢᠨ ᠰᠠᠭᠤᠷᠢ ᠮᠥᠩᠭᠥ ᠵᠢᠨ ᠬᠢᠨᠠᠯᠲᠠ ᠬᠠᠮᠢᠶᠠᠷᠤᠯᠲᠠ ᠵᠢᠨ ᠠᠵᠢᠯ᠎ᠤᠨ ᠲᠤᠰᠬᠠᠶ ᠰᠡᠳᠦᠪᠲᠦ ᠲᠧᠯᠸᠢᠰ ᠳ᠋ᠢᠶᠠᠩᠬᠤᠸᠠ ᠬᠤᠷᠠᠯ᠎ᠢ ᠬᠤᠷᠠᠯᠳᠤᠭᠤᠯᠪᠠ
ᠨᠡᠶ᠋ᠢᠲᠡᠯᠡᠭᠰᠡᠨ ᠴᠠᠭ᠄ 2021-05-10

     4 ᠳ᠋ᠤᠭᠡᠷ ᠰᠠᠷ᠎ᠠ ᠵᠢᠨ 28᠎ᠤ ᠡᠳᠦᠷ᠂ ᠤᠯᠠᠭ᠋ᠠᠨᠬᠠᠳᠠ ᠬᠣᠲᠠ ᠵᠢᠨ ᠡᠮᠴᠢᠯᠡᠭᠡᠨ᠎ᠤ ᠪᠠᠲᠤᠯᠠᠭ᠎ᠠ ᠵᠢᠨ ᠲᠣᠪᠴᠢᠶ᠎ᠠ᠂ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ᠂ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ ᠬᠠᠮᠲᠤᠷᠠᠨ ᠪᠥᠬᠥ ᠬᠣᠲᠠ ᠵᠢᠨ ᠡᠮ ᠡᠮᠨᠡᠯᠭᠡ ᠵᠢᠨ ᠪᠠᠲᠤᠯᠠᠭ᠎ᠠ ᠵᠢᠨ ᠰᠠᠭᠤᠷᠢ ᠮᠥᠩᠭᠥ ᠵᠢᠨ ᠬᠢᠨᠠᠯᠲᠠ ᠬᠠᠮᠢᠶᠠᠷᠤᠯᠲᠠ ᠵᠢᠨ ᠲᠤᠰᠬᠠᠶ ᠰᠡᠳᠦᠪᠲᠦ ᠠᠵᠢᠯ᠎ᠤᠨ ᠲᠧᠯᠸᠢᠰ ᠳ᠋ᠢᠶᠠᠩᠬᠤᠸᠠ ᠬᠤᠷᠠᠯ ᠬᠤᠷᠠᠯᠳᠤᠭᠤᠯᠵᠤ᠂ 2021 ᠣᠨ᠎ᠤ ᠮᠡᠬᠡᠯᠡᠨ ᠬᠢᠬᠠᠬᠤ ᠪᠠ ᠳᠠᠭ᠋ᠠᠳᠬᠠᠯ᠎ᠢ ᠮᠡᠬᠡᠯᠡᠨ ᠠᠪᠬᠤ ᠵᠢ ᠲᠤᠰᠬᠠᠶ ᠴᠡᠭᠴᠡᠯᠡᠨ ᠵᠠᠰᠠᠬᠤ ᠪᠡᠷᠬᠡ ᠰᠡᠳᠦᠪ᠎ᠢ ᠰᠢᠢ᠍ᠳᠪᠦᠷᠢᠯᠡᠬᠦ ᠠᠵᠢᠯ᠎ᠢ ᠰᠠᠶ᠋ᠢᠲᠤᠷ ᠬᠢᠬᠦ ᠪᠠ 《ᠡᠮ ᠡᠮᠨᠡᠯᠭᠡ ᠵᠢᠨ ᠪᠠᠲᠤᠯᠠᠭ᠎ᠠ ᠵᠢᠨ ᠰᠠᠭᠤᠷᠢ ᠮᠥᠩᠭᠥ ᠵᠢᠨ ᠬᠡᠷᠡᠭᠯᠡᠯᠲᠡ᠎ᠳᠤ ᠬᠢᠨᠠᠯᠲᠠ ᠲᠠᠯᠪᠢᠵᠤ ᠬᠠᠮᠢᠶᠠᠷᠬᠤ ᠲᠦᠷᠢᠮ》᠎ᠢ ᠲᠤᠤᠱᠯᠠᠭᠤᠯᠤᠨ ᠬᠡᠷᠡᠭᠵᠢᠭᠦᠯᠬᠦ ᠠᠵᠢᠯ᠎ᠢ ᠳᠣᠭᠢᠷᠠᠭᠤᠯᠤᠨ ᠪᠠᠶ᠋ᠢᠷᠢᠯᠠᠭᠤᠯᠪᠠ᠃ ᠤᠯᠠᠭ᠋ᠠᠨᠬᠠᠳᠠ ᠬᠤᠳᠠ ᠵᠢᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ᠂ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠬᠠᠮᠢᠶ᠎ᠠ ᠪᠦᠬᠦᠢ ᠬᠠᠷᠢᠭᠤᠴᠠᠯᠭ᠋ᠠᠲᠠᠨ ᠨᠥᠬᠥᠳ ᠬᠤᠷᠠᠯ᠎ᠳᠤ ᠣᠷᠣᠯᠴᠠᠨ ᠶᠠᠷᠢᠶ᠎ᠠ ᠲᠠᠯᠪᠢᠵᠤ᠂ ᠤᠯᠠᠭ᠋ᠠᠨᠬᠠᠳᠠ ᠬᠤᠳᠠ ᠵᠢᠨ ᠡᠮᠴᠢᠯᠡᠭᠡᠨ᠎ᠤ ᠪᠠᠳᠤᠯᠠᠭ᠎ᠠ ᠵᠢᠨ ᠲᠣᠪᠴᠢᠶ᠎ᠠ ᠵᠢᠨ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠱᠦᠵᠢ᠂ ᠲᠤᠪᠴᠢᠶ᠎ᠠ ᠵᠢᠨ ᠳᠠᠷᠤᠭ᠎ᠠ ᠫᠠᠨ ᠰᠢᠶᠤᠤ ᠶᠠᠨ ᠬᠤᠷᠠᠯ᠎ᠳᠤ ᠣᠷᠣᠯᠴᠠᠭᠰᠠᠨ ᠪᠥᠭᠡᠳ ᠳ᠋ᠦᠩᠨᠡᠯᠲᠡ ᠵᠢᠨ ᠶᠠᠷᠢᠶ᠎ᠠ ᠲᠠᠯᠪᠢᠵᠠᠢ᠃
      ᠫᠠᠨ ᠰᠢᠶᠤᠤ ᠶᠠᠨ ᠵᠢᠭ᠋ᠠᠵᠤ ᠭᠠᠷᠭ᠋ᠠᠭᠰᠠᠨ᠎ᠨᠢ᠂ ᠰᠠᠭᠤᠷᠢ ᠮᠥᠩᠭᠥᠨ᠎ᠤ ᠬᠢᠨᠠᠯᠲᠠ ᠬᠠᠮᠢᠶᠠᠷᠤᠯᠲᠠ ᠵᠢ ᠴᠢᠩᠭ᠋ᠠᠳᠬᠠᠵᠤ᠂ ᠡᠮ ᠡᠮᠨᠡᠯᠭᠡ ᠵᠢᠨ ᠳᠠᠭ᠋ᠠᠳᠬᠠᠯ᠎ᠤᠨ ᠰᠠᠭᠤᠷᠢ ᠮᠥᠩᠭᠥᠨ᠎ᠤ ᠠᠮᠤᠷ ᠲᠦᠪᠰᠢᠨ᠎ᠢ ᠬᠠᠮᠠᠭ᠋ᠠᠯᠠᠬᠤ ᠪᠣᠯ ᠠᠷᠠᠳ ᠣᠯᠠᠨ᠎ᠤ ᠲᠣᠰ ᠪᠡᠶ᠎ᠡ ᠵᠢᠨ ᠠᠰᠢᠭ ᠲᠤᠰᠠ᠎ᠲᠠᠢ ᠬᠣᠯᠪᠣᠭᠳᠠᠬᠤ ᠴᠢᠬᠤᠯᠠ ᠶᠡᠬᠡ ᠤᠯᠤᠰ ᠲᠥᠷᠥ ᠵᠢᠨ ᠡᠭᠦᠷᠭᠡ ᠮᠥᠨ᠃ ᠡᠯ᠎ᠡ ᠱᠠᠲᠤᠨ᠎ᠤ ᠡᠮ ᠡᠮᠨᠡᠯᠭᠡ ᠵᠢᠨ ᠳᠠᠭ᠋ᠠᠳᠬᠠᠯ᠎ᠤᠨ ᠰᠠᠯᠠᠭ᠎ᠠ ᠮᠥᠴᠢᠷ᠂ ᠡᠯ᠎ᠡ ᠬᠠᠮᠢᠶ᠎ᠠ ᠪᠦᠬᠦᠢ ᠨᠢᠭᠡᠴᠢ ᠵᠢᠨ᠎ᠬᠢᠨ ᠤᠯᠤᠰ ᠲᠥᠷᠥ ᠵᠢᠨ ᠵᠣᠭᠰᠣᠴᠠ᠎ᠪᠠᠨ ᠳᠡᠭᠡᠭᠰᠢᠯᠡᠭᠦᠯᠵᠦ᠂ ᠦᠵᠡᠯ ᠰᠠᠨᠠᠭ᠎ᠠ ᠪᠣᠯᠤᠨ ᠦᠢ᠍ᠯᠡ ᠠᠵᠢᠯᠯᠠᠭ᠎ᠠ᠎ᠪᠠᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠪᠣᠯᠤᠨ ᠬᠣᠲᠠ ᠵᠢᠨ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠤ ᠰᠢᠢ᠍ᠳᠪᠦᠷᠢᠳᠦ ᠪᠣᠳᠣᠯᠭ᠎ᠠ ᠵᠢᠨ ᠪᠠᠶ᠋ᠢᠷᠢᠯᠠᠭᠤᠯᠤᠯᠲᠠ ᠵᠢ ᠲᠤᠤᠱᠯᠠᠭᠤᠯᠤᠨ ᠨᠠᠶ᠋ᠢᠳᠠᠪᠤᠷᠢᠵᠢᠭᠤᠯᠬᠤ ᠳᠡᠭᠡᠷ᠎ᠡ ᠦᠨᠡᠨᠬᠦ ᠨᠢᠭᠡᠳᠬᠡᠵᠦ᠂ ᠥᠩᠭᠡᠷᠡᠭᠰᠡᠨ ᠬᠣᠶᠠᠷ ᠵᠢᠯ᠎ᠤᠨ ᠲᠤᠰᠬᠠᠶ ᠵᠠᠰᠠᠯᠲᠠ ᠵᠢᠨ ᠠᠵᠢᠯ᠎ᠤᠨ ᠰᠠᠭᠤᠷᠢᠨ ᠳᠡᠭᠡᠷ᠎ᠡ᠂ ᠭᠣᠣᠯᠳᠠᠯᠭ᠎ᠠ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠬᠠᠷᠪᠤᠯᠲᠠ ᠵᠢᠨ ᠴᠡᠭ ᠵᠶ᠋ᠠᠨ ᠣᠨᠣᠪᠴᠢᠲᠠᠶ ᠡᠷᠢᠵᠦ᠂ ᠡᠪᠡᠳᠴᠢᠨ᠎ᠳᠤᠨᠢ ᠲᠣᠬᠢᠷᠠᠭᠤᠯᠤᠨ ᠠᠷᠭ᠎ᠠ ᠪᠣᠳᠣᠯᠭ᠎ᠠ ᠬᠡᠷᠡᠭᠵᠢᠭᠦᠯᠵᠦ᠂ ᠰᠠᠯᠠᠭ᠎ᠠ ᠮᠥᠴᠢᠷ᠎ᠤᠨ ᠬᠣᠭᠣᠷᠣᠨᠳᠣᠬᠢ ᠬᠠᠮᠲᠤᠷᠠᠭᠰᠠᠨ ᠠᠵᠢᠯᠯᠠᠭ᠎ᠠ᠎ᠪᠠᠷ ᠳᠠᠮᠵᠢᠭᠤᠯᠤᠨ᠂ ᠡᠮ ᠡᠮᠨᠡᠯᠭᠡ ᠵᠢᠨ ᠳᠠᠭ᠋ᠠᠳᠬᠠᠯ᠂ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠰᠠᠯᠠᠭ᠎ᠠ ᠮᠥᠴᠢᠷ᠎ᠤᠨ ᠲᠤᠰᠬᠠᠶ ᠮᠡᠷᠭᠡᠵᠢᠯ᠎ᠤᠨ ᠮᠡᠳᠡᠯᠭᠡ ᠬᠢᠭᠡᠳ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ ᠵᠢᠨ ᠲᠤᠷᠰᠢᠨ ᠪᠠᠶ᠋ᠢᠴᠠᠭ᠋ᠠᠬᠤ ᠠᠷᠭ᠎ᠠ ᠪᠠᠷᠢᠯ᠎ᠤᠨ ᠬᠠᠮᠲᠤᠷᠠᠭᠰᠠᠨ ᠳᠠᠪᠠᠭᠤᠯᠢᠭ᠎ᠢ ᠭᠦᠢ᠍ᠴᠡᠳ ᠪᠠᠳᠠᠷᠠᠭᠤᠯᠵᠤ᠂ ᠬᠠᠮᠵᠢᠯᠴᠠᠨ ᠬᠦᠴᠦᠯᠡᠵᠦ᠂ ᠳᠤᠲᠠᠭᠤᠳᠠᠯ ᠵᠶ᠋ᠠᠨ ᠬᠠᠷᠢᠯᠴᠠᠨ ᠨᠥᠬᠥᠪᠥᠷᠢᠯᠡᠵᠦ᠂ ᠰᠠᠯᠠᠭ᠎ᠠ ᠮᠥᠴᠢᠷ᠎ᠤᠨ ᠬᠠᠮᠲᠤᠷᠠᠨ ᠬᠥᠳᠡᠯᠦᠯᠴᠡᠬᠦ ᠦᠢ᠍ᠯᠡᠳᠦᠯ᠎ᠢ ᠪᠠᠳᠠᠷᠠᠭᠤᠯᠤᠨ᠂ ᠪᠥᠬᠥ ᠨᠡᠶ᠋ᠢᠭᠡᠮ ᠵᠶ᠋ᠠᠷ ᠵᠶ᠋ᠠᠨ ᠬᠠᠮᠲᠤ᠎ᠪᠠᠷ ᠬᠢᠨᠠᠯᠲᠠ ᠲᠠᠯᠪᠢᠬᠤ ᠥᠨᠳᠥᠷ ᠳᠠᠷᠤᠯᠲᠠᠲᠤ ᠴᠢᠩᠭ᠎ᠠ ᠬᠠᠮᠢᠶᠠᠷᠬᠤ ᠠᠭᠤᠷ ᠠᠮᠢᠰᠬᠤᠯ᠎ᠢ ᠪᠣᠶ ᠪᠣᠯᠭ᠋ᠠᠵᠤ᠂ 《ᠮᠡᠬᠡᠯᠡᠬᠦ ᠵᠣᠷᠢᠭ ᠥᠬᠡᠶ》 《ᠮᠡᠬᠡᠯᠡᠵᠦ ᠪᠣᠯᠬᠤ ᠥᠬᠡᠶ》 《ᠮᠡᠬᠡᠯᠡᠬᠦ ᠰᠠᠨᠠᠭ᠎ᠠ ᠥᠬᠡᠶ》 ᠭᠤᠷᠪᠠ ᠵᠢ ᠨᠢᠭᠡ ᠴᠤᠭᠴᠠᠵᠢᠭᠤᠯᠤᠭᠰᠠᠨ ᠰᠠᠭᠤᠷᠢ ᠮᠥᠩᠭᠥ ᠵᠢᠨ ᠬᠢᠨᠠᠯᠲᠠ ᠬᠠᠮᠢᠶᠠᠷᠤᠯᠲᠠ ᠵᠢᠨ ᠰᠢᠨ᠎ᠡ ᠪᠠᠶ᠋ᠢᠷᠢᠰᠢᠯ᠎ᠢ ᠬᠠᠮᠲᠤ᠎ᠪᠠᠷ ᠪᠣᠶ ᠪᠤᠯᠭ᠋ᠠᠬᠤ ᠬᠡᠷᠡᠭᠲᠡᠢ ᠭᠡᠵᠡᠢ᠃
      ᠫᠠᠨ ᠰᠢᠶᠤᠤ ᠶᠠᠨ ᠱᠠᠭ᠋ᠠᠷᠳᠠᠭᠰᠠᠨ᠎ᠨᠢ᠂ ᠪᠥᠬᠥ ᠬᠣᠲᠠ ᠵᠢᠨ ᠡᠯ᠎ᠡ ᠱᠠᠲᠤᠨ᠎ᠤ ᠡᠮ ᠡᠮᠨᠡᠯᠭᠡ ᠵᠢᠨ ᠳᠠᠭ᠋ᠠᠳᠬᠠᠯ᠎ᠤᠨ ᠰᠠᠯᠠᠭ᠎ᠠ ᠮᠥᠴᠢᠷ᠎ᠤᠳ ᠰᠠᠭᠤᠷᠢ ᠮᠥᠩᠭᠥ ᠵᠢᠨ ᠬᠢᠨᠠᠯᠲᠠ ᠬᠠᠮᠢᠶᠠᠷᠤᠯᠲᠠ ᠵᠢᠨ ᠲᠥᠪᠯᠡᠷᠡᠭᠦᠯᠦᠨ ᠤᠬᠠᠭᠤᠯᠬᠤ ᠰᠠᠷ᠎ᠠ ᠵᠢᠨ ᠴᠠᠭ ᠲᠣᠬᠢᠶᠠᠯ᠎ᠢ ᠠᠰᠢᠭᠯᠠᠨ᠂ 《ᠡᠮ ᠡᠮᠨᠡᠯᠭᠡ ᠵᠢᠨ ᠪᠠᠲᠤᠯᠠᠭ᠎ᠠ ᠵᠢᠨ ᠰᠠᠭᠤᠷᠢ ᠮᠥᠩᠭᠥ ᠵᠢᠨ ᠬᠡᠷᠡᠭᠯᠡᠯᠲᠡ᠎ᠳᠤ ᠬᠢᠨᠠᠯᠲᠠ ᠲᠠᠯᠪᠢᠬᠤ ᠬᠠᠮᠢᠶᠠᠷᠤᠯᠳᠠ ᠵᠢᠨ ᠲᠦᠷᠢᠮ》᠎ᠢ ᠤᠬᠠᠭᠤᠯᠤᠨ ᠲᠤᠤᠱᠯᠠᠭᠤᠯᠬᠤ ᠪᠠ ᠪᠣᠯᠪᠠᠰᠤᠷᠠᠭᠤᠯᠬᠤ ᠠᠵᠢᠯ᠎ᠢ ᠰᠠᠶ᠋ᠢᠲᠤᠷ ᠬᠢᠵᠦ᠂ ᠬᠠᠤᠯᠢ ᠲᠦᠭᠡᠮᠡᠯᠵᠢᠭᠦᠯᠬᠦ ᠤᠬᠠᠭᠤᠯᠭ᠎ᠠ ᠵᠢ ᠴᠢᠩᠭ᠋ᠠᠳᠬᠠᠨ᠂ ᠲᠣᠭᠲᠠᠭᠰᠠᠨ ᠡᠮᠴᠢᠯᠡᠭᠡᠨ᠎ᠤ ᠪᠠᠶ᠋ᠢᠭᠤᠯᠤᠮᠵᠢ ᠪᠠ ᠳᠠᠭ᠋ᠠᠳᠬᠠᠯ᠎ᠳᠤ ᠣᠷᠣᠯᠴᠠᠭᠰᠠᠨ ᠣᠯᠠᠨ ᠲᠦᠮᠡᠨ᠎ᠤ ᠬᠠᠤᠯᠢ ᠰᠠᠬᠢᠬᠤ ᠤᠬᠠᠮᠰᠠᠷ᠎ᠢ ᠳᠡᠭᠡᠭᠰᠢᠯᠡᠭᠦᠯᠬᠦ ᠬᠡᠷᠡᠭᠲᠡᠶ᠃ ᠪᠥᠬᠥ ᠠᠵᠢᠯᠲᠠᠨ᠎ᠤ ᠪᠣᠯᠪᠠᠰᠤᠷᠠᠭᠤᠯᠤᠯ᠎ᠢ ᠴᠢᠩᠭ᠋ᠠᠳᠬᠠᠵᠤ᠂ ᠪᠣᠯᠪᠠᠰᠤᠷᠠᠭᠤᠯᠤᠯ᠎ᠤᠨ ᠬᠡᠯᠪᠡᠷᠢ ᠵᠢ ᠪᠠᠶᠠᠯᠢᠭᠵᠢᠭᠤᠯᠤᠨ᠂ ᠲᠦᠷᠢᠮ᠎ᠤᠨ ᠠᠭᠤᠯᠭ᠎ᠠ ᠵᠢ ᠨᠡᠪᠲᠡᠷᠡᠲᠡᠯ᠎ᠡ ᠣᠶ᠋ᠢᠯᠠᠭ᠋ᠠᠵᠤ᠂ ᠬᠠᠤᠯᠢ ᠵᠢ ᠮᠡᠳᠡᠵᠦ ᠬᠠᠤᠯᠢ ᠵᠢ ᠣᠶ᠋ᠢᠯᠠᠭ᠋ᠠᠵᠤ ᠣᠨᠣᠪᠴᠢᠲᠠᠶ ᠬᠡᠷᠡᠭᠯᠡᠬᠦ ᠵᠢ ᠦᠨᠡᠨ ᠬᠦ᠌ ᠪᠠᠲᠤᠯᠠᠬᠤ ᠬᠡᠷᠡᠭᠲᠡᠶ᠃ ᠬᠠᠤᠯᠢ ᠶᠣᠰᠣᠭ᠋ᠠᠷ ᠬᠠᠤᠯᠢ ᠵᠢ ᠴᠢᠩᠭ᠎ᠠ ᠬᠡᠷᠡᠭᠵᠢᠭᠦᠯᠵᠦ᠂ ᠬᠢᠨᠠᠨ ᠬᠠᠮᠢᠶᠠᠷᠬᠤ ᠲᠤᠰᠢᠶᠠᠯ ᠬᠠᠷᠢᠭᠤᠴᠠᠯᠭ᠎ᠠ᠎ᠪᠠᠨ ᠦᠨᠡᠨ ᠬᠦ᠌ ᠭᠦᠢ᠍ᠴᠡᠳᠬᠡᠵᠦ᠂ ᠳᠠᠭ᠋ᠠᠳᠬᠠᠯ᠎ᠢ ᠮᠡᠬᠡᠯᠡᠬᠦ ᠠᠵᠢᠯᠯᠠᠭ᠎ᠠ᠎ᠳᠤ ᠬᠠᠤᠯᠢ ᠶᠣᠰᠣᠭ᠋ᠠᠷ ᠴᠢᠩᠭ᠎ᠠ ᠴᠣᠬᠢᠯᠲᠠ ᠥᠭᠬᠦ ᠬᠡᠷᠡᠭᠲᠡᠶ ᠭᠡᠪᠡ᠃
      ᠫᠠᠨ ᠰᠢᠶᠤᠤ ᠶᠠᠨ ᠴᠢᠬᠤᠯᠠᠴᠢᠯᠠᠭᠰᠠᠨ᠎ᠨᠢ᠂ ᠡᠮ ᠡᠮᠨᠡᠯᠭᠡ ᠵᠢᠨ ᠳᠠᠭ᠋ᠠᠳᠬᠠᠯ᠎ᠤᠨ ᠰᠠᠭᠤᠷᠢ ᠮᠥᠩᠭᠥ ᠵᠢᠨ ᠬᠢᠨᠠᠯᠲᠠ ᠬᠠᠮᠢᠶᠠᠷᠤᠯᠲᠠ ᠵᠢᠨ ᠠᠵᠢᠯ᠎ᠤᠨ ᠬᠠᠷᠢᠭᠤᠴᠠᠯᠭ᠎ᠠ ᠬᠦᠨᠳᠦ᠂ ᠡᠭᠦᠷᠭᠡ ᠬᠠᠷᠢᠭᠤᠴᠠᠯᠭ᠎ᠠ ᠥᠩᠭᠡ ᠭᠡᠷᠡᠯᠳᠡᠢ᠂ ᠪᠦᠬᠦ ᠬᠣᠲᠠ ᠵᠢᠨ ᠡᠮ ᠡᠮᠨᠡᠯᠭᠡ ᠵᠢᠨ ᠳᠠᠭ᠋ᠠᠳᠬᠠᠯ᠎ᠤᠨ ᠰᠢᠰᠲ᠋ᠧᠮ᠎ᠤᠨ᠎ᠬᠢᠨ ᠠᠷᠠᠳ ᠲᠦᠮᠡᠨ ᠵᠶ᠋ᠠᠷ ᠭᠣᠣᠯ ᠪᠣᠯᠭ᠋ᠠᠬᠤ ᠬᠥᠭᠵᠢᠯᠲᠡ ᠵᠢᠨ ᠣᠶ᠋ᠢᠯᠠᠭ᠋ᠠᠭᠳᠠᠬᠤᠨ᠎ᠢ ᠢᠮᠠᠭᠲᠠ ᠪᠠᠷᠢᠮᠲᠠᠯᠠᠵᠤ᠂ ᠡᠮ ᠡᠮᠨᠡᠯᠭᠡ ᠵᠢᠨ ᠳᠠᠭ᠋ᠠᠳᠬᠠᠯ᠎ᠤᠨ ᠰᠠᠭᠤᠷᠢ ᠮᠥᠩᠭᠥᠨ᠎ᠤ ᠬᠢᠨᠠᠯᠲᠠ ᠬᠠᠮᠢᠶᠠᠷᠤᠯᠲᠠ ᠵᠢ ᠴᠢᠩᠭ᠋ᠠᠳᠬᠠᠬᠤ ᠶᠠᠪᠤᠳᠠᠯ᠎ᠢ ᠨᠠᠮ᠎ᠤᠨ ᠲᠡᠦᠬᠡ ᠵᠢᠨ ᠰᠤᠷᠤᠯᠴᠠᠯᠭ᠎ᠠ ᠬᠥᠮᠦᠵᠢᠯ᠎ᠤᠨ 《ᠪᠢ ᠣᠯᠠᠨ ᠲᠦᠮᠡᠨ᠎ᠳᠤ ᠪᠣᠳᠠᠲᠤ ᠶᠠᠪᠤᠳᠠᠯ ᠬᠢᠵᠦ ᠥᠭᠬᠦ》 ᠵᠢᠨ ᠨᠢᠭᠡ ᠵᠦᠢ᠍ᠯ᠎ᠤᠨ ᠴᠢᠬᠤᠯᠠ ᠠᠷᠠᠳ᠎ᠤᠨ ᠠᠮᠢᠳᠤᠷᠠᠯ᠎ᠤᠨ ᠪᠣᠳᠠᠲᠤ ᠶᠠᠪᠤᠳᠠᠯ᠎ᠤᠨ ᠲᠥᠷᠥᠯ ᠵᠦᠢ᠍ᠯ ᠪᠣᠯᠭ᠋ᠠᠵᠤ᠂ ᠤᠯᠤᠰ ᠲᠥᠷᠥ ᠵᠢᠨ ᠵᠣᠭᠰᠣᠴᠠ᠎ᠪᠠᠨ ᠦᠨᠡᠨᠬᠦ ᠳᠡᠭᠡᠭᠰᠢᠯᠡᠭᠦᠯᠵᠦ᠂ ᠨᠠᠷᠢᠨ ᠨᠢᠮᠪᠠᠶ ᠵᠣᠬᠢᠶᠠᠨ ᠪᠠᠶ᠋ᠢᠭᠤᠯᠵᠤ᠂ ᠨᠠᠷᠢᠨ ᠨᠢᠮᠪᠠᠶ ᠪᠠᠶ᠋ᠢᠷᠢᠯᠠᠭᠤᠯᠵᠤ᠂ ᠪᠦᠬᠦ ᠬᠦᠴᠦᠨ ᠵᠶ᠋ᠠᠷ ᠵᠶ᠋ᠠᠨ ᠠᠬᠢᠭᠤᠯᠵᠤ᠂ ᠰᠠᠨᠠᠭ᠋ᠠᠴᠢᠯᠠᠭ᠎ᠠ᠎ᠠᠴᠠ᠎ᠪᠠᠨ ᠬᠠᠮᠢᠶ᠎ᠠ ᠪᠦᠬᠦᠢ ᠰᠠᠯᠠᠭ᠎ᠠ ᠮᠥᠴᠢᠷ᠎ᠲᠠᠢ ᠨᠡᠪᠲᠡᠷᠡᠯᠴᠡᠵᠦ᠂ ᠵᠣᠬᠢᠴᠠᠭᠤᠯᠵᠤ᠂ ᠬᠠᠮᠲᠤᠷᠠᠨ ᠠᠵᠢᠯᠯᠠᠵᠤ᠂ ᠠᠵᠢᠯ᠎ᠤᠨ ᠨᠡᠶ᠋ᠢᠯᠡᠮᠡᠯ ᠬᠦᠴᠦᠨ᠎ᠢ ᠪᠣᠶ ᠪᠣᠯᠭ᠋ᠠᠵᠤ᠂ ᠬᠣᠯᠪᠣᠭ᠋ᠠᠯᠠᠨ ᠬᠥᠳᠡᠯᠦᠯᠴᠡᠬᠦ ᠠᠵᠢᠯ᠎ᠤᠨ ᠲᠣᠭᠲᠠᠴᠠ ᠵᠢ ᠪᠦᠷᠢᠨᠰᠢᠬᠦᠯᠦᠨ᠂ ᠮᠡᠬᠡᠯᠡᠨ ᠬᠢᠬᠠᠬᠤ ᠠᠵᠢᠯᠯᠠᠭ᠎ᠠ᠎ᠳᠤ ᠴᠣᠬᠢᠯᠲᠠ ᠥᠭᠬᠦ ᠪᠠᠶ᠋ᠢᠳᠠᠯ᠎ᠤᠨ ᠵᠠᠳᠠᠯᠤᠯᠲᠠ ᠵᠢ ᠲᠣᠭᠲᠠᠮᠠᠯ ᠬᠤᠭᠤᠴᠠᠭ᠎ᠠ᠎ᠲᠠᠢ᠎ᠪᠠᠷ ᠥᠷᠨᠢᠭᠦᠯᠵᠦ᠂ 《ᠬᠠᠭᠤᠷᠮᠠᠭ ᠡᠪᠡᠳᠴᠢᠲᠡᠨ》 《ᠬᠠᠭᠤᠷᠮᠠᠭ ᠡᠪᠡᠳᠴᠢᠨ᠎ᠤ ᠪᠠᠶ᠋ᠢᠳᠠᠯ》 《ᠬᠠᠭᠤᠷᠮᠠᠭ ᠫᠢᠶᠣᠣ ᠪᠠᠷᠢᠮᠲᠠ》 ᠵᠡᠷᠭᠡ ᠳᠠᠭ᠋ᠠᠳᠬᠠᠯ᠎ᠢ ᠮᠡᠬᠡᠯᠡᠬᠦ ᠦᠢ᠍ᠯᠡ ᠠᠵᠢᠯᠯᠠᠭ᠎ᠠ᠎ᠳᠤ ᠠᠩᠬᠠᠷᠤᠯ ᠵᠶ᠋ᠠᠨ ᠲᠥᠪᠯᠡᠷᠡᠭᠦᠯᠦᠨ᠂ ᠨᠢᠭᠡ ᠪᠦᠯᠦᠭ ᠲᠣᠮᠣ ᠬᠡᠷᠡᠭ ᠴᠢᠬᠤᠯᠠ ᠬᠡᠷᠡᠭ᠎ᠢ ᠪᠠᠶ᠋ᠢᠴᠠᠭ᠋ᠠᠨ ᠰᠢᠢ᠍ᠳᠪᠦᠷᠢᠯᠡᠵᠦ᠂ ᠨᠢᠭᠡ ᠪᠦᠯᠦᠭ ᠨᠡᠶ᠋ᠢᠲᠡᠯᠢᠭ ᠬᠡᠷᠡᠭ᠎ᠤᠨ ᠵᠢᠱ᠌ᠢᠶ᠎ᠡ ᠵᠢ ᠢᠯᠡᠴᠢᠯᠡᠵᠦ᠂ ᠨᠢᠭᠡ ᠪᠦᠯᠦᠭ ᠲᠡᠷᠢᠭᠦᠨ᠎ᠤ ᠨᠡᠶ᠋ᠢᠲᠡᠯᠢᠭ ᠵᠢᠱ᠌ᠢᠶ᠎ᠡ ᠵᠢ ᠪᠣᠶ ᠪᠣᠯᠭ᠋ᠠᠨ᠂ ᠲᠤᠰᠬᠠᠶ ᠴᠡᠭᠴᠡᠯᠡᠨ ᠵᠠᠰᠠᠯᠲᠠ ᠵᠢᠨ ᠯᠠᠪᠳᠠᠭᠤᠨ ᠪᠦᠲᠦᠮᠵᠢᠲᠡᠶ ᠪᠠᠶ᠋ᠢᠬᠤ ᠵᠢ ᠦᠨᠡᠨᠬᠦ ᠪᠠᠲᠤᠯᠠᠵᠤ᠂ ᠡᠮᠴᠢᠯᠡᠭᠡᠨ᠎ᠤ ᠳᠠᠭ᠋ᠠᠳᠬᠠᠯ᠎ᠤᠨ ᠰᠠᠭᠤᠷᠢ ᠮᠥᠩᠭᠥ ᠵᠢᠨ ᠠᠮᠤᠷ ᠲᠦᠪᠰᠢᠨ᠎ᠤ ᠰᠡᠷᠭᠡᠶ᠋ᠢᠯᠡᠯᠲᠡ ᠵᠢᠨ ᠱᠤᠭᠤᠮ᠎ᠢ ᠬᠠᠮᠲᠤᠪᠠᠷ ᠪᠠᠲᠤ ᠪᠠᠬᠢ ᠪᠠᠢ᠌ᠭᠤᠯᠬᠤ ᠬᠡᠷᠡᠭᠲᠡᠢ ᠭᠡᠪᠡ᠃
      ᠬᠤᠷᠠᠯ᠎ᠢ ᠬᠣᠲᠠ ᠵᠢᠨ ᠡᠮᠴᠢᠯᠡᠭᠡᠨ᠎ᠤ ᠪᠠᠲᠤᠯᠠᠭ᠎ᠠ ᠵᠢᠨ ᠲᠣᠪᠴᠢᠶ᠎ᠠ ᠵᠢᠨ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠪᠦᠷᠢᠯᠳᠦᠬᠦᠨ᠂ ᠲᠤᠪᠴᠢᠶ᠎ᠠ ᠵᠢᠨ ᠳᠡᠳ᠋ ᠳᠠᠷᠤᠭ᠎ᠠ ᠶᠠᠩ ᡁᠢ ᠮᠢᠩ ᠡᠷᠭᠢᠯᠡᠵᠦ᠂ ᠤᠯᠠᠭ᠋ᠠᠨᠬᠠᠳᠠ ᠬᠤᠳᠠ ᠵᠢᠨ ᠡᠮᠴᠢᠯᠡᠭᠡᠨ᠎ᠤ ᠪᠠᠲᠤᠯᠠᠭ᠎ᠠ ᠵᠢᠨ ᠲᠣᠪᠴᠢᠶ᠎ᠠ᠂ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ᠂ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ ᠵᠡᠷᠭᠡ   ᠨᠢᠭᠡᠴᠢ ᠵᠢᠨ ᠬᠠᠷᠢᠭᠤᠴᠠᠯᠭ᠋ᠠᠲᠠᠨ ᠨᠥᠬᠥᠳ ᠵᠢᠴᠢ ᠠᠵᠢᠯᠳᠠᠨ᠂ ᠡᠯ᠎ᠡ ᠬᠣᠰᠢᠭᠤ ᠰᠢᠶᠠᠨ᠎ᠤ ᠡᠮᠴᠢᠯᠡᠭᠡᠨ᠎ᠤ ᠪᠠᠲᠤᠯᠠᠭ᠎ᠠ ᠵᠢᠨ ᠲᠣᠪᠴᠢᠶ᠎ᠠ᠂ ᠳᠣᠲᠣᠭ᠋ᠠᠳᠤ ᠵᠢ ᠬᠠᠮᠠᠭ᠋ᠠᠯᠠᠬᠤ᠂ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ ᠵᠡᠷᠭᠡ ᠨᠢᠭᠡᠴᠢ ᠵᠢᠨ ᠬᠠᠷᠢᠭᠤᠴᠠᠯᠭ᠋ᠠᠲᠠᠨ ᠨᠥᠬᠥᠳ᠂ ᠬᠠᠮᠢᠶ᠎ᠠ ᠪᠦᠬᠦᠢ ᠠᠵᠢᠯᠳᠠᠨ᠂ ᠤᠯᠠᠭ᠋ᠠᠨᠬᠠᠳᠠ ᠬᠤᠳᠠ ᠵᠢᠨ ᠡᠮ ᠡᠮᠨᠡᠯᠭᠡ ᠵᠢᠨ ᠳᠠᠭ᠋ᠠᠳᠬᠠᠯ᠎ᠤᠨ ᠬᠡᠷᠡᠭ ᠶᠠᠪᠤᠳᠠᠯ᠎ᠤᠨ ᠲᠥᠪ᠎ᠤᠨ ᠤᠳᠤᠷᠢᠳᠬᠤ ᠪᠠᠭ᠎ᠤᠨ ᠪᠦᠷᠢᠯᠳᠦᠬᠦᠨ᠂ ᠬᠠᠮᠢᠶ᠎ᠠ ᠪᠦᠬᠦᠢ ᠰᠠᠯᠠᠭ᠎ᠠ ᠲᠠᠰᠤᠭ᠎ᠤᠨ ᠬᠠᠷᠢᠭᠤᠴᠠᠯᠭ᠋ᠠᠲᠠᠨ ᠵᠡᠷᠭᠡ ᠨᠡᠢ᠍ᠢ᠍ᠳᠡ 198 ᠬᠥᠮᠦᠨ ᠬᠤᠷᠠᠯ᠎ᠳᠤ ᠣᠷᠣᠯᠴᠠᠪᠠ᠃





ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠤ ᠪᠠᠲᠣᠯᠠᠭ᠎ᠠ ᠵᠢᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠦᠬᠠᠶ ᠬᠣᠲᠠ ᠰᠦᠢ᠍ᠳᠬᠡᠯ ᠲᠤᠰᠢᠶᠠᠬᠤ ᠥᠭᠡᠷᠡᠴᠢᠯᠡᠯᠲᠡ ᠵᠢ ᠠᠬᠢᠭᠤᠯᠵᠤ ᠲᠤᠰᠬᠠᠶ ᠮᠡᠷᠭᠡᠵᠢᠯ᠎ᠤᠨ ᠬᠡᠪ ᠪᠣᠯᠪᠠᠰᠤᠷᠠᠯ ᠵᠶ᠋ᠠᠨ ᠴᠢᠩᠭ᠋ᠠᠳᠬᠠᠵᠦ ᠪᠠᠢ᠌ᠨ᠎ᠠ
ᠰᠢᠯᠢ ᠵᠢᠨ ᠭᠣᠤᠯ ᠠᠶ᠋ᠢᠮᠠᠭ᠎ᠤᠨ ᠦᠨᠳᠦᠰᠦᠨ ᠡᠮ ᠡᠮᠨᠡᠯᠭᠡ ᠵᠢᠨ ᠳᠠᠭ᠋ᠠᠳᠬᠠᠯ᠎ᠤᠨ ᠡᠭᠦᠳᠡᠨ ᠡᠮᠨᠡᠯᠭᠡ ᠵᠢᠨ ᠤᠳᠠᠭ᠋ᠠᠨ ᠴᠢᠨᠠᠷᠲᠠᠶ ᠡᠪᠡᠳᠴᠢᠨ ᠣᠨᠴᠠ ᠡᠪᠡᠳᠴᠢᠨ᠎ᠤ ᠬᠠᠷᠠᠭ᠋ᠠᠯᠵᠠᠯ᠎ᠢ ᠲᠡᠭᠡᠭᠰᠢᠯᠡᠭᠦᠯᠪᠡ
ᠠᠯᠠᠱ᠌ᠠ ᠠᠶ᠋ᠢᠮᠠᠭ᠎ᠤᠨ ᠡᠮᠴᠢᠯᠡᠭᠡᠨ᠎ᠤ ᠪᠠᠲᠤᠯᠠᠭ᠎ᠠ ᠵᠢᠨ ᠲᠣᠪᠴᠢᠶ᠎ᠠ ᠪᠦᠬᠦ ᠬᠦᠴᠦᠨ ᠵᠶ᠋ᠡᠷ ᠵᠶ᠋ᠡᠨ ᠸᠠᠺᠼᠢᠨ᠎ᠤ ᠲᠠᠷᠢᠯᠭ᠎ᠠ ᠵᠢᠨ ᠵᠠᠷᠤᠳᠠᠯ᠎ᠤᠨ ᠪᠠᠲᠤᠯᠠᠭ᠎ᠠ ᠵᠢᠨ ᠠᠵᠢᠯ᠎ᠢ ᠰᠠᠢ᠌ᠳᠤᠷ ᠬᠢᠵᠦ ᠪᠠᠢ᠌ᠨ᠎ᠠ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠮᠨᠡᠯᠭᠡ᠎ᠳᠤ ᠬᠡᠷᠡᠭᠯᠡᠬᠦ ᠬᠣᠷᠣᠭᠳᠠᠯ ᠮᠠᠲ᠋ᠧᠷᠢᠶᠠᠯ᠎ᠢ ᠰᠦᠯᠵᠢᠶᠡᠨ᠎ᠳᠤ ᠭᠠᠷᠭ᠋ᠠᠬᠤ ᠠᠵᠢᠯ᠎ᠢ ᠥᠷᠨᠢᠭᠦᠯᠬᠦ ᠲᠤᠬᠠᠶ ᠮᠡᠳᠡᠭᠳᠡᠯ
ᠬᠡᠰᠡᠭ ᠡᠮ᠎ᠤᠨ ᠵᠦᠢ᠍ᠯ᠎ᠢ ᠬᠤᠳᠠᠯᠳᠤᠨ ᠠᠪᠬᠤ ᠬᠢᠵᠠᠭ᠋ᠠᠷᠲᠤ ᠦᠨ᠎ᠡ ᠵᠢ ᠪᠠᠭᠤᠷᠠᠭᠤᠯᠬᠤ ᠲᠤᠬᠠᠶ ᠮᠡᠳᠡᠭᠳᠡᠯ (2021 — 4)
 
            