14. ᠮᠠᠯ ᠵᠢᠭᠦᠷᠳᠡᠡ ᠤ ᠬᠠᠯᠳᠠᠪᠤᠷᠢᠳᠦ ᠴᠢᠨᠠᠷ ᠲᠠᠢ ᠭᠡᠮ ᠭᠢᠵᠢᠭ
ᠨᠡᠶᠢᠲᠡᠯᠡᠭᠰᠡᠨ ᠴᠠᠭ᠄
2015/11/17
        ︵1︶ ᠭᠡᠮ ᠬᠢᠵᠢᠭ ᠲᠡᠯᠭᠡᠷᠡᠬᠦᠯᠬᠦ ᠴᠢᠨᠠᠷ ᠲᠠᠢ ᠵᠢᠬᠦᠷᠳᠡᠨ ᠤ ᠳᠠᠬᠤᠯ         ᠵᠢᠬᠦᠷᠳᠡᠨ ᠤ ᠬᠢᠵᠢᠭ ᠪᠤᠯ A ᠭᠡᠯᠪᠡᠷᠢ ᠶᠢᠨ ᠬᠢᠵᠢᠭ ᠤᠨ ᠸᠢᠷᠦ᠋ᠰ ᠡᠬᠦᠰᠥᠭᠰᠡᠨ ᠵᠢᠬᠦᠷᠳᠡᠨ ᠤ ᠲᠥᠷᠥᠯ ᠤᠨ ᠬᠠᠯᠳᠠᠪᠤᠷᠢᠳᠤ ᠭᠡᠮ ᠬᠢᠵᠢᠭ ᠪᠤᠯᠤᠨ᠎ᠠ᠃ ᠭᠡᠮ ᠬᠢᠵᠢᠭ ᠲᠡᠯᠭᠡᠷᠡᠬᠦᠯᠬᠦ ᠴᠢᠨᠠᠷ ᠲᠠᠢ ᠵᠢᠬᠦᠷᠳᠡᠨ ᠤ ᠲᠠᠭᠰᠢᠭᠤᠷ ᠨᠢ ᠭᠡᠮ ᠬᠢᠵᠢᠭ ᠲᠤ ᠨᠡᠷᠪᠡᠭᠳᠡᠬᠦᠯᠬᠦ ᠬᠥᠴᠥᠨ ᠢᠶᠠᠷ ᠴᠢᠩᠭ᠎ᠠ᠂ ᠬᠠᠯᠳᠠᠪᠤᠷᠢᠯᠠᠬᠤ ᠨᠢ ᠲᠥᠷᠭᠡᠨ᠂ ᠦᠬᠦᠯᠳᠡ ᠶᠢᠨ ᠨᠤᠷᠮ᠎ᠠ ᠨᠢ ᠥᠨᠳᠥᠷ ᠪᠠᠶᠢᠳᠠᠭ᠃ ᠡᠨᠡ ᠬᠦ ᠲᠠᠭᠰᠢᠭᠤᠷ ᠨᠢ ᠬᠥᠮᠥᠨ ᠳᠤ ᠴᠤ ᠨᠡᠷᠪᠡᠭᠳᠡᠳᠡᠭ ᠪᠦᠭᠡᠳ ᠴᠢᠨᠠᠭᠰᠢᠯᠠᠪᠠᠯ ᠥᠬᠦᠳᠡᠭ ᠪᠠᠶᠢᠨ᠎ᠠ᠃ ᠭᠡᠮ ᠬᠢᠵᠢᠭ ᠲᠡᠯᠭᠡᠷᠡᠬᠦᠯᠬᠦ ᠴᠢᠨᠠᠷ ᠲᠠᠢ ᠵᠢᠬᠦᠷᠳᠡᠨ ᠤ ᠳᠠᠬᠤᠯ ᠤᠨ ᠪᠠᠴᠢᠮ ᠪᠠᠶᠢᠳᠠᠯ ᠢ ᠠᠷᠭᠠᠴᠠᠬᠤ ᠳᠤ᠄         ① ᠠᠯᠢ ᠪᠤᠯᠬᠤ ᠪᠠᠷ ᠶᠡᠷᠥ ᠪᠤᠰᠤ ᠪᠠᠷ ᠥᠬᠦᠭᠰᠡᠨ ᠵᠢᠬᠦᠷᠳᠡᠨ ᠤ ᠲᠥᠷᠥᠯ ᠲᠠᠢ ᠤᠢᠢᠷᠠᠳᠤᠬᠤ ᠠᠴᠠ ᠵᠠᠶᠢᠯᠠᠰᠬᠢᠵᠤ᠂ ᠥᠬᠦᠭᠰᠡᠨ ᠭᠡᠷ ᠤᠨ ᠵᠢᠬᠦᠷᠳᠡᠨ  ᠢᠶᠠᠨ ᠰᠢᠢᠳᠪᠥᠷᠢᠯᠡᠬᠦ ᠳᠡᠭᠡᠨ ᠬᠠᠮᠠᠭᠠᠯᠠᠯᠳᠠ ᠶᠢᠨ ᠬᠤᠪᠴᠠᠰᠤ ᠡᠮᠥᠰᠴᠤ᠂ ᠪᠡᠭᠡᠯᠡᠢ ᠪᠠ ᠠᠮᠠᠪᠴᠢ ᠵᠡᠬᠦᠵᠤ᠂ ᠰᠢᠢᠳᠪᠥᠷᠢᠯᠡᠵᠤ ᠪᠠᠷᠠᠪᠠᠯ ᠲᠡᠷᠦ᠋ᠢᠬᠠᠨ ᠠᠷᠢᠭᠤᠳᠬᠠᠬᠤ ᠪᠤᠶᠤ ᠰᠠᠪᠤᠩ ᠲᠠᠢ ᠤᠰᠤ ᠪᠠᠷ ᠭᠠᠷ ᠢᠶᠠᠨ ᠤᠬᠢᠶᠠᠨ᠎ᠠ᠃         ② ᠵᠢᠬᠦᠷᠳᠡᠨ ᠤ ᠲᠥᠷᠥᠯ ᠲᠠᠢ ᠤᠢᠢᠷᠠᠳᠤᠭᠰᠠᠨ ᠤ ᠰᠡᠬᠦᠯᠡᠷ ᠭᠡᠷᠪᠡ ᠬᠠᠯᠠᠭᠤᠷᠠᠬᠤ᠂ ᠲᠤᠯᠤᠭᠠᠢ ᠡᠪᠡᠳᠬᠦ᠂ ᠵᠢᠪᠡᠬᠦᠴᠡᠬᠦ᠂ ᠴᠡᠴᠡᠷᠡᠬᠦ᠂ ᠬᠠᠮᠤᠭ ᠪᠡᠶ᠎ᠡ ᠰᠤᠯᠠᠷᠠᠬᠤ᠂ ᠬᠤᠭᠤᠯᠠᠢ ᠡᠪᠡᠳᠬᠦ᠂ ᠬᠠᠨᠢᠶᠠᠯᠭᠠᠬᠤ ᠵᠡᠷᠭᠡ ᠭᠡᠮ ᠬᠢᠵᠢᠭ ᠤᠨ ᠪᠠᠶᠢᠳᠠᠯ ᠢᠯᠡᠷᠡᠵᠤ᠂ 48 ᠴᠠᠭ ᠤᠨ ᠲᠤᠳᠤᠷ᠎ᠠ ᠬᠠᠯᠠᠭᠤᠨ ᠨᠢ ᠪᠠᠭᠤᠷᠠᠬᠤ ᠥᠭᠡᠢ ᠪᠠᠶᠢᠭᠰᠠᠳ ᠱᠠᠯᠠᠪᠬᠠᠨ ᠡᠮᠨᠡᠯᠭᠡ ᠳᠤ ᠬᠥᠷᠴᠤ ᠡᠮᠨᠡᠭᠦᠯᠦᠨ᠎ᠡ᠃          ③ ᠵᠢᠬᠦᠷᠳᠡᠨ ᠤ ᠲᠥᠷᠥᠯ ᠢ ᠲᠡᠵᠢᠭᠡᠭᠴᠢᠳ ᠪᠠ ᠬᠠᠮᠢᠶ᠎ᠠ ᠪᠥᠬᠦᠢ ᠬᠥᠮᠥᠰ ᠴᠠᠭ ᠲᠤᠬᠠᠢ ᠳᠤᠨᠢ ᠵᠢᠬᠦᠷᠳᠡᠨ ᠤ ᠲᠠᠭᠰᠢᠭᠤᠷ ᠤᠨ ᠸᠠᠺᠼᠢᠨ ᠲᠡᠷᠢᠭᠤᠯᠬᠤ  ᠶᠢᠨ ᠬᠠᠮᠳᠤ ᠠᠵᠢᠯ ᠤᠨ ᠭᠠᠵᠠᠷ ᠲᠠᠯᠠᠪᠤᠷ ᠢᠶᠠᠨ ᠲᠤᠤᠱᠳᠠᠢ ᠠᠷᠢᠭᠤᠳᠬᠠᠬᠤ ᠭᠡᠷᠡᠭᠳᠡᠢ᠃          ④ ᠵᠢᠬᠦᠷᠳᠡᠨ ᠤ ᠬᠢᠵᠢᠭ ᠡᠬᠦᠰᠥᠭᠰᠡᠨ ᠪᠤᠯ ᠠᠯᠪᠠᠳᠠᠯᠭ᠎ᠠ ᠶᠢᠨ ᠴᠢᠨᠠᠷ ᠲᠠᠢ ᠬᠢᠵᠢᠭ ᠰᠡᠷᠭᠡᠶᠢᠯᠡᠯᠳᠡ ᠶᠢᠨ ᠠᠷᠭ᠎ᠠ ᠭᠡᠮᠵᠢᠶ᠎ᠡ ᠠᠪᠤᠪᠡᠯ ᠰᠠᠶᠢᠨ᠃         ᠰᠠᠨᠠᠭᠤᠯᠬᠤ ᠨᠢ᠄         ① ᠲᠡᠵᠢᠭᠡᠨ ᠦᠷᠡᠵᠢᠭᠦᠯᠬᠦ ᠡᠷᠥᠭᠡ ᠨᠦᠭᠦᠳ ᠮᠠᠯ ᠡᠮᠨᠡᠯᠭᠡ ᠶᠢᠨ ᠡᠷᠡᠬᠦᠯ ᠬᠠᠮᠠᠭᠠᠯᠠᠯ ᠬᠢᠵᠢᠭ ᠰᠡᠷᠭᠡᠶᠢᠯᠡᠯᠳᠡ ᠶᠢᠨ ᠬᠠᠮᠢᠶ᠎ᠠ ᠪᠥᠬᠦᠢ ᠬᠠᠤᠯᠢ ᠴᠠᠭᠠᠵᠠ ᠪᠠ ᠲᠥᠷᠢᠮ ᠲᠤᠭᠳᠠᠭᠠᠯ ᠢ ᠴᠢᠩᠭ᠎ᠠ ᠵᠢᠷᠤᠮᠯᠠᠨ ᠰᠠᠬᠢᠵᠤ᠂ ᠬᠢᠵᠢᠭ ᠲᠠᠢ ᠤᠷᠤᠨ ᠠᠴᠠ ᠥᠷ᠎ᠡ ᠶᠢᠨ ᠥᠨᠳᠡᠭᠡ ᠵᠢᠬᠦᠷᠳᠡᠨ ᠢ ᠤᠷᠤᠭᠤᠯᠬᠤ ᠥᠭᠡᠢ ᠪᠠᠶᠢᠵᠤ᠂ ᠤᠰᠤᠨ ᠤ ᠢᠷᠡᠯᠳᠡ ᠶᠢ ᠴᠡᠪᠡᠷᠰᠢᠬᠦᠯᠵᠤ᠂ ᠪᠥᠷᠢᠨ ᠤᠷᠤᠭᠤᠯᠵᠤ ᠪᠥᠷᠢᠨ ᠭᠠᠷᠭᠠᠬᠤ ᠲᠡᠵᠢᠭᠡᠪᠥᠷᠢ ᠶᠢᠨ ᠥᠯᠢᠭᠡᠷ ᠭᠡᠪ ᠢ ᠠᠪᠴᠤ᠂ ᠵᠢᠬᠦᠷᠳᠡᠨ ᠤ ᠲᠥᠷᠥᠯ ᠢ ᠬᠤᠯᠢᠯᠳᠤᠭᠤᠯᠤᠨ ᠲᠡᠵᠢᠭᠡᠬᠦ ᠪᠠ ᠢᠵᠢᠯ ᠪᠤᠰᠤ ᠲᠥᠷᠥᠯ ᠤᠨ ᠠᠮᠢᠳᠠᠨ ᠲᠠᠢ ᠬᠤᠳᠬᠤᠯᠳᠤᠭᠤᠯᠤᠨ ᠲᠡᠵᠢᠭᠡᠵᠤ ᠪᠤᠯᠬᠤ ᠥᠭᠡᠢ᠃        ② ᠵᠢᠬᠦᠷᠳᠡᠨ ᠤ ᠡᠬᠦᠷ ᠬᠠᠰᠢᠶ᠎ᠠ ᠶᠢ ᠠᠷᠢᠭᠤᠨ ᠴᠡᠪᠡᠷ ᠪᠠᠶᠢᠯᠭᠠᠬᠤ ᠶᠢ ᠠᠩᠬᠠᠷᠴᠤ᠂ ᠵᠢᠬᠦᠷᠳᠡᠨ ᠤ ᠡᠬᠦᠷ ᠬᠠᠰᠢᠶ᠎ᠠ ᠶᠢ ᠲᠤᠭᠳᠠᠮᠠᠯ ᠬᠤᠭᠤᠴᠠᠭ᠎ᠠ ᠲᠠᠢ ᠪᠠᠷ ᠠᠷᠢᠭᠤᠳᠬᠠᠵᠤ᠂ ᠰᠢᠪᠠᠭᠤᠨ ᠤ ᠲᠥᠷᠥᠯ ᠢ ᠭᠡᠷ ᠤᠨ ᠵᠢᠬᠦᠷᠳᠡᠨ ᠲᠠᠢ ᠤᠢᠢᠷᠠᠳᠤᠭᠤᠯᠬᠤ ᠶᠢ ᠡᠷᠡᠰ ᠬᠤᠷᠢᠭᠯᠠᠨ᠎ᠠ᠃         ③ ᠲᠡᠵᠢᠭᠡᠵᠤ ᠪᠠᠶᠢᠭ᠎ᠠ ᠵᠢᠬᠦᠷᠳᠡᠨ ᠤ ᠲᠥᠷᠥᠯ ᠳᠡᠭᠡᠨ ᠴᠠᠭ ᠲᠤᠬᠠᠢ ᠳᠤᠨᠢ ᠬᠢᠵᠢᠭ ᠤᠨ ᠰᠡᠷᠭᠡᠶᠢᠯᠡᠯᠳᠡ ᠬᠢᠵᠤ᠂ ᠠᠮᠢᠳᠠᠨ ᠢ ᠰᠡᠷᠭᠡᠶᠢᠯᠡᠨ ᠬᠤᠷᠢᠭᠯᠠᠬᠤ ᠪᠠᠶᠢᠭᠤᠯᠤᠮᠵᠢ ᠶᠢᠨ ᠬᠢᠨᠠᠯᠳᠠ ᠪᠠᠶᠢᠴᠠᠭᠠᠯᠳᠠ ᠶᠢ ᠤᠬᠠᠮᠰᠠᠷ ᠠᠴᠠ ᠪᠠᠨ ᠬᠥᠯᠢᠶᠡᠬᠦ ᠭᠡᠷᠡᠭᠳᠡᠢ᠃ ᠭᠡᠮ ᠬᠢᠵᠢᠭ ᠲᠡᠯᠭᠡᠷᠡᠬᠦᠯᠬᠦ ᠴᠢᠨᠠᠷ ᠲᠠᠢ ᠵᠢᠬᠦᠷᠳᠡᠨ ᠤ ᠲᠠᠭᠰᠢᠭᠤᠷ ᠤᠨ ᠵᠢᠱᠢᠶ᠎ᠡ ᠡᠬᠦᠰᠥᠭᠰᠡᠨ ᠪᠤᠯ ᠡᠷᠭᠡᠪᠰᠢ ᠲᠡᠷᠡ ᠲᠤᠤᠷ᠎ᠠ ᠨᠢ ᠲᠤᠬᠠᠢ ᠶᠢᠨ ᠭᠠᠵᠠᠷ ᠤᠨ ᠮᠠᠯ ᠡᠮᠨᠡᠯᠭᠡ ᠶᠢᠨ ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠰᠠᠯᠠᠭ᠎ᠠ ᠮᠥᠴᠢᠷ ᠪᠤᠶᠤ ᠠᠮᠢᠳᠠᠨ ᠤ ᠬᠢᠵᠢᠭ ᠰᠡᠷᠭᠡᠶᠢᠯᠡᠯᠳᠡ᠂ ᠬᠢᠨᠠᠯᠳᠠ ᠲᠠᠯᠪᠢᠯᠳᠠ ᠶᠢᠨ ᠰᠠᠯᠠᠭ᠎ᠠ ᠮᠥᠴᠢᠷ ᠲᠤ ᠮᠡᠳᠡᠬᠦᠯᠬᠦ ᠭᠡᠷᠡᠭᠳᠡᠢ᠃ ᠲᠤᠷ᠎ᠠ ᠪᠠᠷ ᠢᠶᠠᠨ ᠰᠢᠢᠳᠪᠥᠷᠢᠯᠡᠵᠤ ᠪᠤᠯᠬᠤ ᠥᠭᠡᠢ᠃          ︵2︶ ᠪᠤᠭᠤᠮ᠎ᠠ         ᠪᠤᠭᠤᠮ᠎ᠠ ᠪᠤᠯ ᠪᠤᠭᠤᠮ᠎ᠠ ᠡᠪᠡᠳᠴᠢᠨ ᠤ ᠰᠠᠪᠬᠠᠨᠴᠢᠷ ᠪᠠᠺᠲ᠋ᠧᠷᠢ ᠡᠬᠦᠰᠥᠭᠰᠡᠨ ᠬᠥᠮᠥᠨ ᠮᠠᠯ ᠳᠤ ᠴᠥᠮ ᠲᠤᠰᠳᠠᠭ ᠨᠢᠭᠡ ᠵᠥᠢᠯ ᠤᠨ ᠲᠥᠷᠭᠡᠨ ᠴᠢᠨᠠᠷ ᠲᠠᠢ᠂ ᠬᠠᠯᠠᠭᠤᠨ ᠴᠢᠨᠠᠷ ᠲᠠᠢ᠂ ᠴᠢᠰᠤ ᠴᠠᠶᠢᠬᠤ ᠴᠢᠨᠠᠷ ᠲᠠᠢ ᠬᠠᠯᠳᠠᠪᠤᠷᠢᠳᠤ ᠭᠡᠮ ᠬᠢᠵᠢᠭ ᠪᠤᠯᠤᠨ᠎ᠠ᠃ ᠬᠠᠮᠠᠷ᠂ ᠠᠮᠠ᠂ ᠬᠤᠰᠬᠢᠨᠠᠭ ᠵᠢᠴᠢ ᠨᠡᠬᠦᠷᠡᠰᠥᠨ ᠤ ᠬᠡᠥᠳᠡᠰᠤ ᠲᠠᠢ ᠠᠳᠠᠯᠢᠪᠳᠤᠷ ᠰᠢᠭᠡᠰᠥᠨ ᠰᠥᠪᠡ ᠵᠡᠷᠭᠡ ᠲᠥᠷᠥᠯᠬᠢ ᠰᠥᠪᠡ ᠠᠴᠠ ᠨᠥᠵᠢᠷᠡᠬᠦᠨ ᠴᠢᠰᠤ ᠭᠠᠷᠬᠤ ᠤᠨᠴᠠᠯᠢᠬ ᠲᠠᠢ᠃ ᠬᠥᠮᠥᠨ ᠪᠤᠯ ᠠᠷᠠᠰᠤᠨ ᠤ ᠪᠤᠭᠤᠮ᠎ᠠ᠂ ᠠᠭᠤᠰᠬᠢᠨ ᠤ ᠪᠤᠭᠤᠮ᠎ᠠ ᠪᠤᠯᠤᠨ ᠭᠡᠳᠡᠰᠥᠨ ᠤ ᠪᠤᠭᠤᠮ᠎ᠠ ᠵᠡᠷᠭᠡ ᠭᠤᠷᠪᠠᠨ ᠵᠥᠢᠯ ᠤᠨ ᠪᠤᠭᠤᠮ᠎ᠠ ᠳᠤ ᠨᠡᠷᠪᠡᠭᠳᠡᠳᠡᠭ᠃ ᠪᠤᠭᠤᠮ᠎ᠠ ᠶᠢᠨ ᠪᠠᠴᠢᠮ ᠪᠠᠶᠢᠳᠠᠯ ᠢ ᠠᠷᠭᠠᠴᠠᠬᠤ  ᠳᠤ᠄        ① ᠤᠴᠢᠷ ᠰᠢᠯᠳᠠᠭᠠᠨ ᠥᠭᠡᠢ ᠪᠠᠷ ᠭᠡᠨᠡᠳᠳᠡ ᠥᠬᠦᠭᠰᠡᠨ ᠮᠠᠯ ᠢ ᠲᠤᠷ᠎ᠠ ᠪᠠᠷ ᠢᠶᠠᠨ ᠠᠷᠠᠰᠤ ᠶᠢ ᠨᠢ ᠥᠪᠴᠢᠬᠦ ᠪᠠ ᠮᠢᠬ᠎ᠠ ᠶᠢ ᠨᠢ ᠢᠳᠡᠵᠤ ᠪᠤᠯᠬᠤ ᠥᠭᠡᠢ ᠃ ᠲᠡᠷᠦ᠋ᠢᠬᠠᠨ ᠲᠤᠬᠠᠢ ᠶᠢᠨ ᠭᠠᠵᠠᠷ ᠤᠨ ᠠᠮᠢᠳᠠᠨ ᠤ ᠬᠢᠵᠢᠭ ᠰᠡᠷᠭᠡᠶᠢᠯᠡᠯᠳᠡ ᠶᠢᠨ ᠰᠠᠯᠠᠭ᠎ᠠ ᠮᠥᠴᠢᠷ ᠲᠤ ᠮᠡᠳᠡᠬᠦᠯᠵᠤ᠂ ᠲᠤᠰᠬᠠᠢ ᠠᠵᠢᠯᠳᠠᠨ ᠢᠶᠠᠷ ᠰᠢᠢᠳᠪᠥᠷᠢᠯᠡᠬᠦᠯᠵᠤ᠂ ᠬᠥᠮᠥᠰ ᠲᠤ ᠬᠠᠯᠳᠠᠪᠤᠷᠢᠯᠠᠬᠤ ᠪᠠ ᠬᠥᠮᠥᠨ ᠤ ᠤᠷᠰᠢᠬ ᠢᠶᠠᠷ ᠭᠡᠮ ᠬᠢᠵᠢᠭ ᠲᠡᠯᠭᠡᠷᠡᠬᠦ ᠶᠢ ᠰᠡᠷᠭᠡᠶᠢᠯᠡᠪᠡᠯ ᠵᠤᠬᠢᠨ᠎ᠠ᠃         ② ᠮᠠᠯ ᠤᠨ ᠬᠠᠰᠢᠶ᠎ᠠ᠂ ᠮᠠᠯ ᠤᠨ ᠰᠡᠷᠠᠪᠴᠢ ᠪᠤᠯᠤᠨ ᠪᠠᠭᠠᠵᠢ ᠭᠡᠷᠡᠭᠰᠡᠯ ᠵᠢᠴᠢ ᠲᠤᠬᠠᠢ ᠶᠢᠨ ᠭᠠᠵᠠᠷ ᠲᠠᠯᠠᠪᠤᠷ ᠢ ᠰᠠᠶᠢᠳᠤᠷ ᠠᠷᠢᠭᠤᠳᠬᠠᠨ᠎ᠠ᠃         ᠰᠠᠨᠠᠭᠤᠯᠬᠤ ᠨᠢ᠄         ① ᠲᠤᠬᠠᠢ ᠶᠢᠨ ᠭᠠᠵᠠᠷ ᠤᠨ ᠬᠢᠵᠢᠭ ᠲᠡᠯᠭᠡᠷᠡᠭᠰᠡᠨ ᠪᠠᠶᠢᠳᠠᠯ ᠢ ᠥᠨᠳᠥᠰᠥᠯᠡᠨ᠂ ᠠᠮᠠᠷᠬᠠᠨ ᠬᠠᠯᠳᠠᠪᠤᠷᠢᠯᠠᠭᠳᠠᠬᠤ ᠠᠮᠢᠳᠠᠨ ᠳᠤ ᠪᠤᠭᠤᠮ᠎ᠠ ᠶᠢᠨ ᠸᠠᠺᠼᠢᠨ  ᠤ ᠪᠤᠳᠤ ᠲᠡᠷᠢᠵᠤ᠂ ᠥᠯᠥ ᠬᠠᠯᠳᠠᠭᠠᠬᠤ ᠶᠢᠨ ᠲᠠᠩᠰᠠ ᠡᠪᠭᠡᠮᠡᠯ ᠪᠠᠶᠢᠬᠤ ᠬᠡᠷᠡᠭᠳᠠᠢ᠃         ② ᠲᠡᠵᠢᠭᠡᠬᠦ᠂ ᠥᠢᠯᠡᠳᠪᠥᠷᠢᠯᠡᠬᠦ᠂ ᠡᠵᠡᠩᠨᠡᠬᠦ ᠭᠠᠵᠠᠷ ᠲᠠᠯᠠᠪᠤᠷ ᠪᠤᠯᠤᠨ ᠠᠯᠠᠵᠤ ᠨᠢᠳᠤᠯᠬᠤ ᠲᠠᠯᠠᠪᠤᠷ ᠲᠤ ᠡᠷᠡᠬᠦᠯ ᠬᠠᠮᠠᠭᠠᠯᠠᠯ ᠤᠨ ᠬᠠᠮᠢᠶᠠᠷᠤᠯᠳᠠ ᠶᠢᠨ ᠴᠢᠩᠭ᠎ᠠ ᠲᠥᠷᠢᠮ ᠢ ᠪᠠᠶᠢᠭᠤᠯᠬᠤ ᠭᠡᠷᠡᠭᠳᠡᠢ᠃ ᠲᠤᠬᠠᠢ ᠶᠢᠨ ᠭᠠᠵᠠᠷ ᠤᠨ ᠪᠤᠭᠤᠮ᠎ᠠ ᠶᠢᠨ ᠬᠢᠵᠢᠭ ᠤᠨ ᠲᠡᠯᠭᠡᠷᠡᠭᠰᠡᠨ ᠪᠠᠶᠢᠳᠠᠯ ᠢ ᠥᠨᠳᠥᠰᠥᠯᠡᠨ᠂ ᠠᠮᠠᠷᠬᠠᠨ ᠬᠠᠯᠳᠠᠪᠤᠷᠢᠯᠠᠭᠳᠠᠬᠤ ᠠᠮᠢᠳᠠᠨ ᠳᠤ ᠪᠤᠭᠤᠮ᠎ᠠ ᠶᠢᠨ ᠸᠠᠺᠼᠢᠨ ᠤ ᠪᠤᠳᠤ ᠲᠡᠷᠢᠵᠤ᠂ ᠥᠯᠥ ᠬᠠᠯᠳᠠᠭᠠᠬᠤ ᠶᠢᠨ ᠲᠠᠩᠰᠠ ᠡᠪᠭᠡᠮᠡᠯ ᠪᠠᠶᠢᠭᠤᠯᠵᠤ ᠬᠠᠳᠠᠭᠠᠯᠠᠨ᠎ᠠ᠃         ③ ᠠᠮᠢᠳᠠᠨ ᠤ ᠬᠢᠵᠢᠭ ᠰᠡᠷᠭᠡᠶᠢᠯᠡᠬᠦ ᠬᠢᠵᠢᠭ ᠪᠠᠶᠢᠴᠠᠭᠠᠬᠤ᠄ ᠲᠤᠷᠰᠢᠯᠳᠠ ᠶᠢᠨ ᠭᠡᠷ ᠤᠨ ᠤᠨᠤᠰᠢᠯᠠᠬᠤ ᠵᠢᠴᠢ ᠲᠡᠵᠢᠭᠡᠪᠥᠷᠢ ᠶᠢᠨ ᠲᠠᠯᠠᠪᠠᠢ᠂ ᠮᠠᠯ ᠤᠨ ᠠᠰᠢᠬ ᠰᠢᠮ᠎ᠡ ᠵᠢᠴᠢ ᠠᠷᠠᠰᠤ ᠬᠥᠷᠥᠰᠤ ᠪᠤᠯᠪᠠᠰᠤᠷᠠᠭᠤᠯᠬᠤ ᠠᠵᠤ ᠠᠬᠤᠢᠢᠯᠠᠯ ᠤᠨ ᠠᠵᠢᠯᠳᠠᠳ ᠥᠪᠡᠷ ᠢ ᠪᠠᠨ ᠰᠠᠶᠢᠳᠤᠷ ᠬᠠᠮᠠᠭᠠᠯᠠᠵᠤ᠂ ᠠᠵᠢᠯ ᠤᠨ ᠬᠤᠪᠴᠠᠰᠤ᠂ ᠠᠮᠠᠪᠴᠢ᠂ ᠪᠡᠭᠡᠯᠡᠢ ᠪᠠ ᠤᠰᠤᠨ ᠭᠤᠳᠤᠯ ᠡᠮᠥᠰᠴᠤ ᠵᠡᠬᠦᠵᠤ᠂ ᠬᠡᠷᠡᠭᠯᠡᠭᠰᠡᠨ ᠤ ᠪᠠᠨ ᠲᠡᠷᠠᠭ᠎ᠠ ᠰᠠᠶᠢᠳᠤᠷ ᠠᠷᠢᠭᠤᠳᠬᠠᠨ᠎ᠠ᠃          ︵3︶ ᠰᠢᠯᠥᠭᠡᠢ         ᠰᠢᠯᠥᠭᠡᠢ ᠶᠢ ᠡᠷᠳᠡᠨ ᠳᠡᠭᠡᠨ ᠪᠠᠰᠠ ᠠᠮᠠᠷᠠᠤ᠂ ᠰᠢᠬᠢᠷ᠎ᠠ ᠶᠢᠨ ᠪᠤᠭᠤᠮ᠎ᠠ ᠭᠡᠳᠡᠭ᠃ ᠠᠮᠠᠨ ᠠᠴᠠ ᠨᠢ ᠰᠠᠯᠢᠰᠤ ᠭᠤᠭᠤᠵᠢᠵᠤ᠂ ᠰᠢᠬᠢᠷ᠎ᠠ ᠪᠠ ᠬᠥᠬᠦ ᠲᠠᠯᠠᠩ ᠲᠡᠬᠡᠷ᠎ᠠ ᠨᠢ ᠤᠰᠤᠨ ᠴᠥᠪᠥᠷᠢᠬᠦᠥ ᠭᠠᠷᠬᠤ ᠪᠠ ᠢᠯᠵᠠᠷᠠᠳᠠᠭ ᠤᠨᠴᠠᠯᠢᠬ ᠲᠠᠢ᠃ ᠲᠤᠰ ᠭᠡᠮ ᠬᠢᠵᠢᠭ ᠨᠢ ᠬᠥᠮᠥᠨ ᠮᠠᠯ ᠳᠤ ᠴᠥᠮ ᠲᠤᠰᠳᠠᠭ᠃ ᠰᠢᠯᠥᠭᠡᠢ ᠶᠢᠨ ᠬᠠᠯᠳᠠᠪᠤᠷᠢᠯᠠᠬᠤ ᠨᠢ ᠲᠤᠩ ᠲᠥᠷᠭᠡᠨ ᠪᠤᠯᠬᠤᠷ ᠮᠠᠯ ᠠᠵᠤ ᠠᠬᠤᠢ ᠶᠢᠨ ᠥᠢᠯᠡᠳᠪᠥᠷᠢᠯᠡᠯ ᠳᠤ ᠬᠥᠨᠳᠤ ᠨᠤᠴᠢᠳᠠᠢ ᠬᠥᠨᠥᠭᠡᠯ ᠪᠤᠯᠵᠤ ᠪᠠᠶᠢᠳᠠᠭ᠃ ᠰᠢᠯᠥᠭᠡᠢ ᠶᠢᠨ ᠪᠠᠴᠢᠮ ᠪᠠᠶᠢᠳᠠᠯ ᠢ ᠠᠷᠭᠠᠴᠠᠬᠤ ᠳᠤ᠄         ① ᠥᠭᠡᠷ᠂ ᠬᠤᠨᠢ᠂ ᠭᠠᠭ᠋ᠠᠢ ᠵᠡᠷᠭᠡ ᠰᠠᠯᠠᠭ᠎ᠠ ᠲᠤᠭᠤᠷᠠᠢ ᠲᠠᠢ ᠠᠮᠢᠳᠠᠨ ᠤ ᠠᠮᠠ᠂ ᠰᠢᠬᠢᠷ᠎ᠠ ᠪᠤᠯᠤᠨ ᠬᠥᠬᠦ ᠵᠡᠷᠭᠡ ᠭᠠᠵᠠᠷ ᠲᠠᠬᠢ ᠠᠷᠠᠰᠤᠨ ᠳᠤᠨᠢ ᠤᠰᠤᠨ ᠴᠥᠪᠥᠷᠢᠬᠦᠥ ᠭᠠᠷᠬᠤ ᠪᠠ ᠢᠯᠵᠠᠷᠠᠵᠤ᠂ ᠰᠢᠯᠥᠰᠤ ᠭᠤᠭᠤᠵᠢᠬᠤ ᠪᠠ ᠲᠤᠭᠤᠯᠳᠠᠵᠤ ᠪᠠᠶᠢᠪᠠᠯ᠂ ᠲᠤᠬᠠᠢ ᠶᠢᠨ ᠭᠠᠵᠠᠷ ᠤᠨ ᠢᠶᠠᠨ ᠮᠠᠯ ᠡᠮᠨᠡᠯᠭᠡ ᠶᠢᠨ ᠰᠠᠯᠠᠭ᠎ᠠ ᠮᠥᠴᠢᠷ ᠲᠤ ᠲᠡᠷᠦ᠋ᠢᠬᠠᠨ ᠮᠡᠳᠡᠬᠦᠯᠬᠦ ᠭᠡᠷᠡᠭᠳᠡᠢ᠃          ② ᠭᠡᠮ ᠬᠢᠵᠢᠭ ᠲᠠᠢ ᠠᠮᠢᠳᠠᠨ ᠲᠠᠢ ᠤᠢᠢᠷᠠᠳᠤᠭᠰᠠᠨ ᠤ ᠰᠡᠬᠦᠯᠡᠷ ᠲᠤᠯᠤᠭᠠᠢ ᠡᠷᠬᠢᠬᠦ᠂ ᠲᠥᠷᠪᠡᠨ ᠮᠥᠴᠢ ᠪᠤᠯᠤᠨ ᠨᠢᠷᠤᠭᠤ ᠶᠢᠨ ᠭᠡᠰᠡᠭ ᠡᠪᠡᠳᠬᠦ᠂ ᠭᠡᠳᠡᠰᠤ ᠬᠤᠳᠤᠭᠤᠳᠤ ᠤᠷᠪᠠᠭ᠋ᠤ᠂ ᠪᠥᠭᠡᠯᠵᠢᠬᠦ᠂ ᠬᠤᠭᠤᠯᠠᠢ ᠡᠪᠡᠳᠬᠦ᠂ ᠵᠠᠯᠬᠢᠬᠤ ᠳᠤ ᠬᠥᠴᠢᠷᠳᠡᠬᠦ᠂ ᠰᠠᠭᠤᠯᠭᠠᠬᠤ ᠵᠡᠷᠭᠡ ᠡᠪᠡᠳᠴᠢᠨ ᠤ ᠢᠯᠡᠷᠡᠯ ᠭᠠᠷᠪᠠᠯ ᠲᠠᠷᠦ᠋ᠢᠬᠠᠨ ᠡᠮᠨᠡᠯᠭᠡ ᠳᠤ ᠬᠥᠷᠴᠤ ᠡᠮᠨᠡᠭᠦᠯᠦᠨ᠎ᠡ᠃         ③ ᠥᠨᠢᠶ᠎ᠡ᠂ ᠬᠤᠨᠢ ᠭᠡᠮᠳᠥᠭᠰᠡᠨ ᠪᠤᠯ ᠰᠥ ᠶᠢ ᠨᠢ ᠤᠤᠭᠤᠵᠤ ᠪᠤᠯᠬᠤ ᠥᠭᠡᠢ᠃         ᠰᠠᠨᠠᠭᠤᠯᠬᠤ ᠨᠢ᠄         ① ᠠᠷᠠᠴᠢᠯᠠᠵᠤ ᠲᠡᠵᠢᠭᠡᠬᠦ ᠬᠠᠮᠢᠶᠠᠷᠤᠯᠳᠠ ᠪᠠᠨ ᠴᠢᠩᠭᠠᠳᠬᠠᠵᠤ᠂ ᠬᠤᠷᠢᠶ᠎ᠠ ᠬᠠᠰᠢᠶ᠎ᠠ ᠵᠢᠴᠢ ᠤᠷᠴᠢᠨ ᠲᠤᠭᠤᠷᠢᠨ ᠢᠶᠠᠨ ᠠᠷᠢᠭᠤᠳᠬᠠᠬᠤ ᠠᠵᠢᠯ ᠢ ᠰᠠᠶᠢᠨ ᠬᠢᠪᠡᠯ ᠵᠤᠬᠢᠨ᠎ᠠ᠃         ② ᠬᠢᠵᠢᠭ ᠤᠨ ᠤᠷᠤᠨ ᠠᠴᠠ ᠬᠠᠯᠳᠠᠮᠠᠳᠠᠭᠠᠢ ᠠᠮᠢᠳᠠᠨ ᠢ ᠤᠷᠤᠭᠤᠯᠵᠤ ᠢᠷᠡᠵᠤ ᠪᠤᠯᠬᠤ ᠥᠭᠡᠢ᠂ ᠮᠠᠯ ᠤᠨ ᠬᠠᠰᠢᠶ᠎ᠠ ᠰᠠᠷᠠᠪᠴᠢ ᠪᠠᠨ ᠠᠷᠢᠭᠤᠨ ᠴᠡᠪᠡᠷ ᠪᠠᠶᠢᠯᠭᠠᠵᠤ᠂ ᠲᠤᠭᠳᠠᠮᠠᠯ ᠬᠤᠭᠤᠴᠠᠭ᠎ᠠ ᠲᠠᠢ ᠪᠠᠷ ᠠᠷᠢᠭᠤᠳᠬᠠᠵᠤ᠂ ᠲᠡᠵᠢᠭᠡᠵᠤ ᠪᠠᠶᠢᠭ᠎ᠠ ᠬᠠᠯᠳᠠᠮᠠᠳᠠᠭᠠᠢ ᠠᠮᠢᠳᠠᠨ ᠳᠠᠭᠠᠨ ᠬᠢᠵᠢᠭ ᠤᠨ ᠰᠡᠷᠭᠡᠶᠢᠯᠡᠯᠳᠡ ᠬᠢᠬᠦ ᠶᠢᠨ ᠲᠠᠭᠠᠤ ᠠᠮᠢᠳᠠᠨ ᠤ ᠬᠢᠵᠢᠭ ᠢ ᠬᠤᠷᠢᠭᠯᠠᠬᠤ ᠪᠠᠶᠢᠭᠤᠯᠤᠮᠵᠢ ᠶᠢᠨ ᠰᠢᠯᠭᠠᠯᠳᠠ ᠪᠠᠶᠢᠴᠠᠭᠠᠯᠳᠠ ᠶᠢ ᠤᠬᠠᠮᠰᠠᠷ ᠠᠴᠠ ᠪᠠᠨ ᠬᠥᠯᠢᠶᠡᠬᠦ ᠭᠡᠷᠡᠭᠳᠡᠢ᠃         ③ ᠰᠢᠯᠥᠭᠡᠢ ᠲᠠᠢ ᠲᠥᠰᠳᠡᠢ ᠭᠡᠮ ᠬᠢᠵᠢᠭ ᠤᠨ ᠵᠢᠱᠢᠶ᠎ᠡ ᠶᠢ ᠤᠯᠵᠤ ᠮᠡᠳᠡᠪᠡᠯ᠂ ᠲᠡᠷᠦ᠋ᠢᠬᠠᠨ ᠲᠤᠬᠠᠢ ᠶᠢᠨ ᠭᠠᠵᠠᠷ ᠤᠨ ᠢᠶᠠᠨ ᠮᠠᠯ ᠡᠮᠨᠡᠯᠭᠡ ᠶᠢᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ᠂ ᠠᠮᠢᠳᠠᠨ ᠤ ᠡᠷᠡᠬᠦᠯ ᠬᠠᠮᠠᠭᠠᠯᠠᠯ ᠤᠨ ᠬᠢᠨᠠᠨ ᠪᠠᠶᠢᠴᠠᠭᠠᠬᠤ ᠪᠠᠶᠢᠭᠤᠯᠤᠮᠵᠢ ᠪᠤᠶᠤ ᠠᠮᠢᠳᠠᠨ ᠤ ᠬᠢᠵᠢᠭ ᠢ ᠬᠤᠷᠢᠭᠯᠠᠬᠤ ᠪᠠᠶᠢᠭᠤᠯᠤᠮᠵᠢ ᠳᠤ ᠮᠡᠳᠡᠬᠦᠯᠬᠦ ᠠᠴᠠ ᠪᠢᠰᠢ᠂ ᠥᠪᠡᠷᠰᠡᠳ ᠢᠶᠠᠨ ᠰᠢᠢᠳᠪᠥᠷᠢᠯᠡᠵᠤ ᠪᠤᠯᠬᠤ ᠥᠭᠡᠢ᠃          ︵4︶ ᠭᠠᠭ᠋ᠠᠢ ᠶᠢᠨ ᠬᠢᠨᠵᠢᠨ ᠪᠠᠺᠲ᠋ᠧᠷᠢᠳᠤ ᠭᠡᠮ         ᠭᠠᠭ᠋ᠠᠢ ᠶᠢᠨ ᠬᠢᠨᠵᠢᠨ ᠪᠠᠺᠲ᠋ᠧᠷᠢᠳᠤ ᠭᠡᠮ ᠪᠤᠯ ᠤᠯᠠᠨ ᠵᠥᠢᠯ ᠤᠨ ᠨᠡᠷᠪᠡᠭᠳᠡᠮᠡᠭᠡᠢ ᠬᠢᠨᠵᠢᠨ ᠪᠠᠺᠲ᠋ᠧᠷᠢ ᠶᠢᠨ ᠬᠠᠯᠳᠠᠪᠤᠷᠢ ᠠᠴᠠ ᠡᠬᠦᠰᠥᠭᠰᠡᠨ ᠲᠥᠷᠭᠡᠨ ᠴᠢᠨᠠᠷ  ᠲᠠᠢ᠂ ᠬᠠᠯᠠᠭᠤᠨ ᠴᠢᠨᠠᠷ ᠲᠠᠢ ᠬᠠᠯᠳᠠᠪᠦᠷᠢᠯᠡᠯ ᠲᠠᠢ ᠶᠤᠮ᠃ ᠶᠡᠷᠥ ᠳᠡᠭᠡᠨ ᠪᠤᠯ ᠭᠠᠭ᠋ᠠᠢ ᠶᠢᠨ ᠴᠢᠰᠤ ᠴᠠᠶᠢᠬᠤ ᠴᠢᠨᠠᠷ ᠲᠠᠢ ᠬᠢᠨᠵᠢᠨ ᠪᠠᠺᠲ᠋ᠧᠷᠢᠳᠤ ᠭᠡᠮ ᠤᠨ ᠪᠠ ᠭᠠᠭ᠋ᠠᠢ  ᠶᠢᠨ ᠯᠢᠮᠪᠠ ᠪᠤᠯᠴᠢᠷᠬᠠᠢ ᠢᠳᠡᠭᠡᠯᠡᠨ ᠬᠠᠪᠤᠳᠬᠤ ᠬᠤᠶᠠᠷ ᠵᠥᠢᠯ ᠪᠠᠶᠢᠳᠠᠭ᠃ ᠡᠬᠦᠨ ᠳᠤ ᠴᠢᠰᠤ ᠴᠠᠶᠢᠬᠤ ᠡᠪᠡᠳᠴᠢᠨ ᠤ ᠬᠥᠨᠥᠭᠡᠯ ᠨᠢ ᠮᠠᠰᠢ ᠶᠡᠭᠡ ᠪᠠᠶᠢᠵᠤ᠂ ᠶᠠᠮᠠᠷ ᠨᠢᠭᠡᠨ ᠤᠨᠴᠠ ᠲᠤᠭᠳᠠᠭᠠᠭᠳᠠᠭᠰᠠᠨ ᠰᠢᠯᠳᠠᠭᠠᠨ ᠤ ᠥᠢᠯᠡᠳᠥᠯ ᠲᠤᠤᠷ᠎ᠠ᠂ ᠭᠡᠮᠨᠡᠭᠰᠡᠨ ᠭᠠᠭ᠋ᠠᠢ ᠶᠢᠨ ᠰᠥᠷᠥᠭ ᠤᠨ ᠦᠬᠦᠯᠳᠡ ᠶᠢᠨ ᠨᠤᠷᠮ᠎ᠠ ᠨᠢ 80% ᠠᠴᠠ ᠲᠡᠭᠡᠭᠰᠢ ᠳᠤ ᠬᠥᠷᠳᠡᠭ᠃ ᠭᠠᠭ᠋ᠠᠢ ᠶᠢᠨ ᠬᠢᠨᠵᠢᠨ ᠪᠠᠺᠲ᠋ᠧᠷᠢᠳᠤ ᠭᠡᠮ ᠨᠢ ᠤᠨᠴᠠ ᠵᠠᠷᠢᠮ ᠳᠤ ᠪᠠᠨ ᠬᠥᠮᠥᠨ ᠳᠤ ᠪᠠᠰᠠ ᠬᠠᠯᠳᠠᠪᠤᠷᠢᠯᠠᠳᠠᠭ ᠪᠥᠭᠡᠳ ᠬᠥᠨᠳᠤ ᠨᠢ ᠦᠬᠦᠵᠤ ᠤᠨᠠᠳᠠᠭ ᠪᠠᠶᠢᠨ᠎ᠠ᠃ ᠭᠠᠭ᠋ᠠᠢ ᠶᠢᠨ ᠬᠢᠨᠵᠢᠨ ᠪᠠᠺᠲ᠋ᠧᠷᠢᠳᠤ ᠭᠡᠮ ᠤᠨ ᠪᠠᠴᠢᠮ ᠪᠠᠶᠢᠳᠠᠯ ᠢ ᠠᠷᠭᠠᠴᠠᠬᠤ ᠳᠤ᠄         ① ᠭᠠᠭ᠋ᠠᠢ ᠶᠢᠨ ᠬᠢᠨᠵᠢᠨ ᠪᠠᠺᠲ᠋ᠧᠷᠢᠳᠤ ᠭᠡᠮ ᠢ ᠤᠯᠵᠤ ᠮᠡᠳᠡᠪᠡᠯ᠂ ᠭᠡᠮᠨᠡᠭᠰᠡᠨ ᠭᠠᠭ᠋ᠠᠢ ᠪᠠᠨ ᠲᠡᠷᠦ᠋ᠢᠬᠠᠨ ᠲᠤᠰᠠᠭᠠᠷᠯᠠᠬᠤ ᠶᠢᠨ ᠲᠠᠭᠠᠤ ᠲᠤᠬᠠᠢ ᠶᠢᠨ ᠭᠠᠵᠠᠷ  ᠤᠨ ᠢᠶᠠᠨ ᠮᠠᠯ ᠡᠮᠨᠡᠯᠭᠡ ᠶᠢᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠲᠤ ᠮᠡᠳᠡᠬᠦᠯᠵᠤ᠂ ᠮᠠᠯ ᠤᠨ ᠡᠮᠴᠢ ᠶᠢᠨ ᠵᠢᠯᠤᠭᠤᠳᠤᠯᠭ᠎ᠠ ᠲᠤᠤᠷ᠎ᠠ ᠬᠠᠮᠢᠶ᠎ᠠ ᠪᠥᠬᠦᠢ ᠲᠤᠭᠳᠠᠭᠠᠯ ᠢᠶᠠᠷ ᠰᠢᠢᠳᠪᠥᠷᠢᠯᠡᠬᠦ ᠭᠡᠷᠡᠭᠳᠡᠢ᠃         ② ᠭᠡᠮᠨᠡᠭᠰᠡᠨ᠂ ᠥᠬᠦᠭᠰᠡᠨ ᠭᠠᠭ᠋ᠠᠢ ᠵᠢᠴᠢ ᠲᠡᠬᠦᠨ ᠤ ᠪᠠᠭᠠᠰᠤ ᠰᠢᠭᠡᠰᠤ᠂ ᠭᠡᠪᠳᠡᠰᠢ ᠵᠡᠷᠭᠡ ᠶᠢ ᠬᠥᠨ ᠪᠤᠯᠠᠬᠤ ᠭᠡᠷᠡᠭᠳᠡᠢ᠃ ᠠᠯᠠᠬᠤ᠂ ᠢᠳᠡᠬᠦ ᠪᠠ ᠬᠤᠳᠠᠯᠳᠤᠵᠤ ᠪᠤᠯᠬᠤ ᠥᠭᠡᠢ᠂ ᠬᠡᠮᠳᠥᠵᠤ ᠥᠬᠦᠭᠰᠡᠨ ᠭᠠᠭ᠋ᠠᠢ ᠪᠠ ᠭᠡᠮᠨᠡᠭᠰᠡᠨ ᠭᠠᠭ᠋ᠠᠢ ᠶᠢ ᠰᠢᠯᠵᠢᠬᠦᠯᠥᠨ ᠵᠥᠭᠡᠭᠡᠪᠥᠷᠢᠯᠡᠵᠤ ᠪᠤᠯᠬᠤ ᠥᠭᠡᠢ᠃         ③ ᠠᠷᠠᠴᠢᠯᠠᠵᠤ ᠲᠡᠵᠢᠭᠡᠬᠦ ᠭᠠᠵᠠᠷ ᠲᠠᠯᠠᠪᠤᠷ᠂ ᠪᠠᠭᠠᠵᠢ ᠭᠡᠷᠡᠭᠰᠡᠯ ᠢᠶᠠᠨ ᠰᠠᠶᠢᠳᠤᠷ ᠠᠷᠢᠭᠤᠳᠬᠠᠬᠤ ᠭᠡᠷᠡᠭᠳᠡᠢ᠃        ᠰᠠᠨᠠᠭᠤᠯᠬᠤ ᠨᠢ᠄        ① ᠭᠠᠭ᠋ᠠᠢ ᠶᠢᠨ ᠬᠢᠨᠵᠢᠨ ᠪᠠᠺᠲ᠋ᠧᠷᠢᠳᠤ ᠭᠡᠮ ᠢ ᠤᠷᠢᠳᠴᠢᠯᠠᠨ ᠰᠡᠷᠭᠡᠶᠢᠯᠡᠬᠦ ᠳᠤ ᠡᠷᠭᠡᠪᠰᠢ ᠰᠢᠨᠵᠢᠯᠡᠬᠦ ᠤᠬᠠᠭᠠᠨᠴᠢ ᠪᠠᠷ ᠲᠡᠵᠢᠭᠡᠬᠦ ᠠᠴᠠ ᠭᠠᠷᠳᠠᠵᠤ᠂ ᠲᠡᠵᠢᠭᠡᠬᠦ ᠤᠷᠴᠢᠨ ᠲᠤᠭᠤᠷᠢᠨ ᠢᠶᠠᠨ ᠰᠠᠶᠢᠵᠢᠷᠠᠭᠤᠯᠵᠤ᠂ ᠶᠡᠷᠥᠩᠭᠡᠶᠢᠯᠡᠨ ᠰᠡᠷᠭᠡᠶᠢᠯᠡᠨ ᠵᠠᠰᠠᠬᠤ ᠶᠢ ᠴᠢᠩᠭᠠᠳᠬᠠᠵᠤ᠂ ᠡᠯ᠎ᠡ ᠵᠥᠢᠯ ᠤᠨ ᠠᠷᠢᠭᠤᠳᠬᠠᠯ ᠤᠨ ᠠᠵᠢᠯ ᠢ ᠰᠠᠶᠢᠳᠤᠷ ᠬᠢᠬᠦ ᠭᠡᠷᠡᠭᠳᠡᠢ᠃        ② ᠵᠥᠢ ᠵᠤᠬᠢᠰᠳᠠᠢ ᠥᠯᠥ ᠬᠠᠯᠳᠠᠭᠠᠬᠤ ᠲᠠᠷᠠᠭᠠᠯᠠᠯ ᠢ ᠭᠡᠷᠡᠭᠵᠢᠬᠦᠯᠬᠦ ᠶᠢᠨ ᠲᠠᠭᠠᠤ ᠮᠠᠯ ᠤᠨ ᠡᠮᠴᠢ ᠶᠢᠨ ᠵᠢᠯᠤᠭᠤᠳᠤᠯᠭ᠎ᠠ ᠲᠤᠤᠷ᠎ᠠ᠂ ᠤᠷᠢᠳᠴᠢᠯᠠᠨ ᠰᠡᠷᠭᠡᠶᠢᠯᠡᠬᠦ ᠴᠢᠨᠠᠷ ᠲᠠᠢ ᠪᠠᠺᠲ᠋ᠧᠷᠢ ᠲᠡᠷᠤᠬᠤ ᠲᠤᠬᠢᠳᠠᠢ ᠡᠮ ᠢ ᠰᠤᠩᠭᠤᠵᠤ᠂ ᠡᠮ ᠭᠡᠷᠡᠭᠯᠡᠬᠦ ᠵᠤᠬᠢᠰᠳᠠᠢ ᠲᠥᠰᠥᠯ ᠲᠤᠭᠳᠠᠭᠠᠵᠤ᠂ ᠭᠠᠭ᠋ᠠᠢ ᠶᠢᠨ ᠰᠥᠷᠥᠭ ᠤᠨ ᠪᠠᠺᠲ᠋ᠧᠷᠢ ᠶᠢᠨ ᠬᠠᠯᠳᠠᠪᠤᠷᠢᠯᠠᠯ ᠢ ᠤᠷᠢᠳᠴᠢᠯᠠᠨ ᠰᠡᠷᠭᠡᠶᠢᠯᠡᠵᠤ᠂ ᠡᠷᠡᠬᠦᠯ ᠮᠡᠨᠳᠤ ᠶᠢᠨ ᠬᠢᠷᠢ ᠲᠥᠪᠰᠢᠨ ᠢ ᠨᠢ ᠲᠡᠭᠡᠭᠰᠢᠯᠡᠭᠦᠯᠪᠡᠯ ᠵᠤᠬᠢᠨ᠎ᠠ᠃         ︵5︶ ᠭᠡᠮᠨᠡᠭᠦᠯᠬᠦ ᠴᠢᠨᠠᠷ ᠢᠶᠠᠷ ᠴᠢᠩᠭ᠎ᠠ ᠭᠠᠭ᠋ᠠᠢ ᠶᠢᠨ ᠴᠢᠬᠢ ᠬᠥᠭᠡᠷᠡᠬᠦ ᠭᠡᠮ         ᠭᠡᠮᠨᠡᠭᠦᠯᠬᠦ ᠴᠢᠨᠠᠷ ᠢᠶᠠᠷ ᠴᠢᠩᠭ᠎ᠠ ᠭᠠᠭ᠋ᠠᠢ ᠶᠢᠨ ᠴᠢᠬᠢ ᠬᠥᠭᠡᠷᠡᠬᠦ ᠭᠡᠮ ᠪᠤᠯ ᠭᠠᠭ᠋ᠠᠢ ᠶᠢᠨ ᠥᠷᠡᠵᠢᠯ ᠬᠢᠭᠡᠳ ᠠᠮᠢᠰᠬᠤᠯ ᠤᠨ ᠬᠠᠷᠰᠢ ᠶᠢᠨ ᠨᠡᠶᠢᠯᠡᠭ ᠭᠡᠮ ᠤᠨ ᠸᠢᠷᠦ᠋ᠰ ᠤᠨ ᠤᠨᠳᠤᠤᠰᠢᠯ ᠠᠴᠠ ᠡᠬᠦᠰᠥᠭᠰᠡᠨ ᠨᠢᠭᠡᠨ ᠵᠥᠢᠯ ᠤᠨ ᠲᠥᠷᠭᠡᠨ ᠴᠢᠨᠠᠷ ᠲᠠᠢ ᠥᠬᠦᠯ ᠥᠨᠳᠥᠷ ᠭᠡᠮ ᠭᠢᠵᠢᠭ ᠪᠤᠯᠤᠨ᠎ᠠ᠃ ᠲᠤᠮᠤ ᠮᠡᠭᠡᠵᠢ ᠭᠠᠭ᠋ᠠᠢ ᠶᠢᠨ ᠥᠷᠡᠵᠢᠯ ᠰᠠᠭᠠᠳᠠᠬᠤ᠂ ᠡᠷᠳᠡ ᠲᠤᠷᠦ᠋ᠢᠯᠠᠬᠤ᠂ ᠭᠡᠭᠡᠯ ᠬᠠᠶᠠᠬᠤ ᠪᠠ ᠬᠡᠪᠡᠯᠢ ᠳᠡᠭᠡᠨ ᠥᠬᠦᠬᠦ ᠵᠢᠴᠢ ᠵᠤᠯᠵᠠᠭ᠎ᠠ ᠲᠤᠷᠤᠢ ᠶᠢᠨ ᠠᠮᠢᠰᠬᠤᠯ ᠴᠢᠬᠤᠯᠳᠠᠬᠤ᠂ ᠴᠢᠰᠤ ᠴᠠᠶᠢᠬᠤ ᠭᠡᠮ ᠲᠤᠰᠬᠤ᠂ ᠦᠬᠦᠯᠳᠡ ᠶᠢᠨ ᠨᠤᠷᠮ᠎ᠠ ᠨᠢ ᠦᠨᠳᠦᠷᠵᠢᠬᠦ ᠵᠡᠷᠭᠡ ᠶᠢᠨ ᠭᠤᠤᠯ ᠤᠨᠴᠠᠯᠢᠭ ᠲᠠᠢ ᠬᠠᠯᠳᠠᠪᠤᠷᠢᠯᠠᠯ ᠲᠠᠢ ᠡᠪᠡᠳᠴᠢᠨ ᠶᠤᠮ᠃ ᠶᠡᠷᠥ ᠨᠢ ᠪᠤᠰᠤᠳ ᠭᠡᠮ ᠬᠢᠵᠢᠭ ᠡᠬᠦᠰᠭᠡᠭᠴᠢ ᠶᠢᠨ ᠬᠠᠯᠳᠠᠪᠤᠷᠢᠯᠠᠯ ᠢ ᠵᠠᠯᠭᠠᠭ᠎ᠠ ᠪᠠᠷ ᠡᠬᠦᠰᠭᠡᠳᠡᠭ᠃ ᠭᠡᠮᠨᠡᠭᠦᠯᠬᠦ ᠴᠢᠨᠠᠷ ᠢᠶᠠᠷ ᠴᠢᠩᠭ᠎ᠠ ᠭᠠᠭ᠋ᠠᠢ ᠶᠢᠨ ᠴᠢᠬᠢ ᠬᠥᠭᠡᠷᠡᠬᠦ ᠭᠡᠮ ᠤᠨ ᠪᠠᠴᠢᠮ ᠪᠠᠶᠢᠳᠠᠯ ᠢ ᠠᠷᠭᠠᠴᠠᠬᠤ ᠳᠤ᠄         ① ᠭᠡᠮᠨᠡᠭᠦᠯᠬᠦ ᠴᠢᠨᠠᠷ ᠢᠶᠠᠷ ᠴᠢᠩᠭ᠎ᠠ ᠭᠠᠭ᠋ᠠᠢ ᠶᠢᠨ ᠭᠡᠮ ᠤᠨ ᠰᠡᠵᠢᠭ ᠲᠠᠢ ᠭᠠᠭ᠋ᠠᠢ ᠶᠢ ᠤᠯᠵᠤ ᠮᠡᠳᠡᠪᠡᠯ᠂ ᠭᠡᠮᠨᠡᠭᠰᠡᠨ ᠭᠠᠭ᠋ᠠᠢ ᠶᠢ ᠲᠡᠷᠦ᠋ᠢᠬᠠᠨ ᠲᠤᠰᠠᠭᠠᠷᠯᠠᠵᠤ᠂ ᠲᠤᠬᠠᠢ ᠶᠢᠨ ᠭᠠᠵᠠᠷ ᠤᠨ ᠮᠠᠯ ᠡᠮᠨᠡᠯᠭᠡ ᠶᠢᠨ ᠰᠠᠯᠠᠭ᠎ᠠ ᠮᠥᠴᠢᠷ ᠲᠤ ᠲᠡᠷᠦ᠋ᠢᠬᠠᠨ ᠮᠡᠳᠡᠬᠦᠯᠵᠤ᠂ ᠮᠠᠯ ᠤᠨ ᠡᠮᠴᠢ ᠶᠢᠨ ᠵᠢᠯᠤᠭᠤᠳᠤᠯᠭ᠎ᠠ ᠲᠤᠤᠷ᠎ᠠ ᠬᠠᠮᠢᠶ᠎ᠠ ᠪᠥᠬᠦᠢ ᠲᠤᠭᠳᠠᠭᠠᠯ ᠶᠤᠰᠤᠭᠠᠷ ᠰᠢᠢᠳᠪᠥᠷᠢᠯᠡᠬᠦ ᠭᠡᠷᠡᠭᠳᠡᠢ᠃         ② ᠭᠡᠮᠨᠡᠵᠤ ᠥᠬᠦᠭᠰᠡᠨ ᠭᠠᠭ᠋ᠠᠢ ᠵᠢᠴᠢ ᠲᠡᠬᠦᠨ ᠤ ᠰᠢᠭᠡᠰᠤ ᠪᠠᠭᠠᠰᠤ᠂ ᠭᠡᠪᠳᠡᠰᠢ ᠵᠡᠷᠭᠡ ᠶᠢ ᠬᠥᠨ ᠪᠤᠯᠠᠬᠤ ᠭᠡᠷᠡᠭᠳᠡᠢ᠃ ᠠᠯᠠᠵᠤ ᠪᠤᠯᠬᠤ ᠥᠭᠡᠢ᠂ ᠮᠢᠬ᠎ᠠ  ᠶᠢ ᠨᠢ ᠢᠳᠡᠵᠤ ᠪᠤᠯᠬᠤ ᠥᠭᠡᠢ᠂ ᠬᠤᠳᠠᠯᠳᠤᠵᠤ ᠪᠤᠯᠬᠤ ᠥᠭᠡᠢ᠂ ᠭᠡᠮ ᠬᠢᠵᠢᠭ ᠲᠠᠢ ᠪᠠ ᠥᠬᠦᠭᠰᠡᠨ ᠭᠠᠭ᠋ᠠᠢ ᠶᠢ ᠰᠢᠯᠵᠢᠬᠦᠯᠥᠨ ᠵᠥᠭᠡᠭᠡᠪᠥᠷᠢᠯᠡᠵᠤ ᠪᠤᠯᠬᠤ ᠥᠭᠡᠢ᠃         ③ ᠲᠡᠵᠢᠭᠡᠪᠥᠷᠢ ᠶᠢᠨ ᠭᠠᠵᠠᠷ ᠲᠠᠯᠠᠪᠤᠷ᠂ ᠪᠠᠭᠠᠵᠢ ᠭᠡᠷᠡᠭᠰᠡᠯ ᠢᠶᠠᠨ ᠰᠠᠶᠢᠳᠤᠷ ᠠᠷᠢᠭᠤᠳᠬᠠᠬᠤ ᠭᠡᠷᠡᠭᠳᠡᠢ᠃         ᠰᠠᠨᠠᠭᠤᠯᠬᠤ ᠨᠢ᠄         ① ᠨᠡᠷᠪᠡᠭᠳᠡᠮᠡᠭᠡᠢ ᠴᠢᠨᠠᠷ ᠲᠠᠢ ᠭᠠᠭ᠋ᠠᠢ ᠶᠢᠨ ᠭᠡᠮ ᠢ ᠤᠷᠢᠳᠴᠢᠯᠠᠨ ᠰᠡᠷᠭᠡᠶᠢᠯᠡᠬᠦ ᠳᠤ ᠡᠷᠭᠡᠪᠰᠢ ᠰᠢᠨᠵᠢᠯᠡᠬᠦ ᠤᠬᠠᠭᠠᠨᠴᠢ ᠪᠠᠷ ᠠᠷᠠᠴᠢᠯᠠᠵᠤ ᠲᠡᠵᠢᠭᠡᠬᠦ ᠠᠴᠠ ᠭᠠᠷᠳᠠᠵᠤ᠂ ᠠᠷᠠᠴᠢᠯᠠᠨ ᠲᠡᠵᠢᠭᠡᠬᠦ ᠤᠷᠴᠢᠨ ᠲᠤᠭᠤᠷᠢᠨ ᠢᠶᠠᠨ ᠰᠠᠶᠢᠵᠢᠷᠠᠭᠤᠯᠵᠤ᠂ ᠶᠡᠷᠥᠩᠭᠡᠶᠢᠯᠡᠨ ᠰᠡᠷᠭᠡᠶᠢᠯᠡᠨ ᠵᠠᠰᠠᠬᠤ ᠶᠢ ᠴᠢᠩᠭᠠᠳᠬᠠᠵᠤ᠂ ᠵᠥᠢ ᠵᠤᠬᠢᠰᠳᠠᠢ ᠥᠯᠥ ᠬᠠᠯᠳᠠᠭᠠᠬᠤ ᠲᠠᠷᠠᠭᠠᠯᠠᠯ ᠢ ᠬᠡᠷᠡᠭᠵᠢᠭᠦᠯᠦᠨ᠎ᠡ᠃          ② ᠭᠠᠭ᠋ᠠᠢ ᠲᠡᠵᠢᠭᠡᠬᠦ ᠳᠡᠭᠡᠨ ᠪᠥᠷᠢᠨ ᠤᠷᠤᠭᠤᠯᠵᠤ ᠪᠥᠷᠢᠨ ᠭᠠᠷᠭᠠᠬᠤ ᠲᠡᠵᠢᠭᠡᠪᠥᠷᠢ ᠶᠢᠨ ᠥᠯᠢᠭᠡᠷ ᠭᠡᠪ ᠢ ᠭᠡᠷᠡᠭᠯᠡᠵᠤ᠂ ᠠᠭᠠᠬᠢᠮ᠎ᠠ ᠬᠠᠯᠠᠭᠤᠨ ᠤᠯᠠᠷᠢᠯ  ᠳᠤ ᠭᠠᠭ᠋ᠠᠢ ᠶᠢᠨ ᠬᠠᠰᠢᠶᠠᠨ ᠳᠠᠭᠠᠨ ᠰᠠᠶᠢᠳᠤᠷ ᠰᠠᠯᠬᠢ ᠨᠡᠪᠳᠡᠷᠡᠬᠦᠯᠬᠦ ᠪᠠ ᠬᠠᠯᠠᠭᠤᠨ ᠠᠭᠠᠷ ᠢ ᠪᠠᠭᠤᠷᠠᠭᠤᠯᠵᠤ᠂ ᠴᠡᠪᠡᠷ ᠤᠰᠤ ᠪᠠᠷ ᠬᠥᠢᠴᠡᠳ ᠤᠰᠤᠯᠠᠵᠤ᠂ ᠭᠠᠭ᠋ᠠᠢ  ᠶᠢᠨ ᠬᠠᠰᠢᠶ᠎ᠠ ᠶᠢ ᠬᠠᠭᠤᠷᠠᠢ ᠪᠠᠶᠢᠯᠭᠠᠬᠤ ᠪᠠ ᠵᠤᠬᠢᠰᠳᠠᠢ ᠨᠢᠭᠳᠠᠴᠠ ᠲᠠᠢ ᠲᠡᠵᠢᠭᠡᠬᠦ ᠭᠡᠷᠡᠭᠳᠡᠢ᠃ ᠡᠪᠥᠯ ᠳᠡᠭᠡᠨ ᠭᠠᠭ᠋ᠠᠢ ᠶᠢᠨ ᠡᠬᠦᠷ ᠤᠨ ᠲᠤᠯᠠᠭᠠᠨ ᠢ ᠪᠠᠳᠤᠯᠠᠬᠤ ᠮᠥᠷᠳᠡᠭᠡᠨ ᠪᠠᠰᠠ ᠰᠠᠯᠬᠢ ᠨᠡᠪᠳᠡᠷᠡᠬᠦᠯᠬᠦ ᠶᠢ ᠤᠨᠴᠨ ᠠᠩᠬᠠᠷᠤᠨ᠎ᠠ᠃         ③ ᠰᠢᠮ᠎ᠡ ᠲᠡᠵᠢᠭᠡᠯ ᠢ ᠨᠢ ᠬᠥᠢᠴᠡᠳ ᠪᠠᠳᠤᠯᠠᠵᠤ᠂ ᠭᠠᠭ᠋ᠠᠢ ᠶᠢᠨ ᠰᠥᠷᠥᠭ ᠤᠨ ᠭᠡᠮᠨᠡᠯ ᠢ ᠡᠰᠡᠷᠬᠦᠴᠡᠬᠦ ᠴᠢᠳᠠᠯ ᠢ ᠨᠢ ᠨᠡᠮᠡᠭᠳᠡᠬᠦᠯᠵᠤ᠂ ᠭᠠᠭ᠋ᠠᠢ᠂ ᠲᠡᠬᠢᠶ᠎ᠠ᠂ ᠭᠠᠯᠠᠭᠤ ᠵᠡᠷᠭᠡ ᠠᠮᠢᠳᠠᠨ ᠢ ᠬᠤᠯᠢᠯᠳᠤᠭᠤᠯᠤᠨ ᠲᠡᠵᠢᠭᠡᠬᠦ ᠶᠢ ᠲᠡᠪᠴᠢᠵᠤ᠂ ᠨᠥᠬᠦᠴᠡᠯ ᠲᠠᠢ ᠠᠶᠢᠯ ᠨᠢ ᠬᠡᠪᠴᠢᠶᠡᠵᠢᠬᠦᠯᠥᠨ ᠲᠡᠵᠢᠭᠡᠬᠦ ᠶᠢ ᠰᠠᠨᠠᠭᠠᠴᠢᠯᠠᠵᠤ ᠪᠤᠯᠤᠨ᠎ᠠ᠃        ④ ᠰᠢᠨᠵᠢᠯᠡᠬᠦ ᠤᠬᠠᠭᠠᠨᠴᠢ ᠥᠯᠥ ᠬᠠᠯᠳᠠᠭᠠᠬᠤ ᠲᠠᠷᠠᠭᠠᠯᠠᠯ ᠢ ᠵᠢᠷᠤᠮᠯᠠᠵᠤ᠂ ᠲᠡᠵᠢᠭᠡᠵᠤ ᠪᠠᠶᠢᠭ᠎ᠠ ᠭᠠᠭ᠋ᠠᠢ ᠳᠠᠭᠠᠨ ᠵᠢᠩᠬᠢᠨᠢ ᠸᠠᠺᠼᠢᠨ ᠢ ᠲᠡᠷᠢᠭᠤᠯᠬᠤ ᠭᠡᠷᠡᠭᠳᠡᠢ᠃  
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ