︵1︶ ᠰᠡᠳᠤᠯᠳᠡ ᠶᠢᠨ ᠴᠢᠨᠠᠷ ᠲᠠᠢ ᠭᠡᠢ ᠪᠡᠶᠡᠳᠤ ᠶᠢᠨ ᠬᠤᠤᠷᠳᠠᠯ | ᠰᠡᠳᠤᠯᠳᠡ ᠶᠢᠨ ᠴᠢᠨᠠᠷ ᠲᠠᠢ ᠭᠡᠢ ᠪᠡᠶᠡᠳᠤ ᠭᠡᠳᠡᠭ ᠪᠤᠯ ᠠᠷᠠᠰᠤ᠂ ᠨᠢᠳᠤ᠂ ᠠᠮᠢᠰᠬᠤᠯ ᠤᠨ ᠵᠠᠮ ᠤᠨ ᠨᠠᠭᠠᠯᠳᠤᠮᠠᠯ ᠪᠥᠷᠬᠦᠪᠴᠢ ᠳᠤ ᠰᠡᠳᠤᠯᠳᠡ ᠪᠤᠯᠬᠤ | ᠬᠤᠤᠷ ᠲᠠᠢ ᠭᠡᠢ ᠪᠡᠶᠡᠳᠤ ᠶᠢᠨ ᠨᠢᠭᠡᠳᠥᠮᠡᠯ ᠨᠡᠷᠡᠶᠢᠳᠥᠯ ᠪᠤᠯᠤᠨ᠎ᠠ᠃ ᠭᠡᠵᠢᠶᠡᠳᠡ ᠰᠠᠨᠠᠭᠠᠨ ᠳᠤ ᠥᠭᠡᠢ ᠠᠳᠡᠯ ᠠᠴᠠ ᠪᠤᠯᠵᠤ᠂ ᠥᠢᠯᠡᠳᠪᠥᠷᠢᠯᠡᠯ ᠤᠨ ᠠᠵᠢᠯᠴᠢᠨ ᠪᠤᠶᠤ | ᠠᠷᠠᠳ ᠤᠯᠠᠨ ᠲᠥᠷᠭᠡᠨ ᠴᠢᠨᠠᠷ ᠲᠠᠢ ᠬᠤᠤᠷᠳᠠᠯ ᠳᠤ ᠤᠴᠠᠷᠠᠳᠠᠭ᠃ ᠪᠠᠶᠢᠡᠭᠭᠤ ᠶᠢᠨ ᠰᠡᠳᠤᠯᠳᠡ ᠶᠢᠨ ᠴᠢᠨᠠᠷ ᠲᠠᠢ ᠭᠡᠢ ᠪᠡᠶᠡᠳᠤ ᠭᠡᠪᠡᠯ ᠡᠾᠯᠤᠷ᠂ ᠰᠢᠪᠳᠤᠷ᠂ ᠠᠽᠤᠲ | ᠬᠥᠴᠢᠯᠳᠦ᠋ᠷᠥᠭᠴᠢᠳᠦ ᠪᠤᠳᠠᠰ᠂ ᠹᠯᠤᠷᠳᠤ ᠤᠰᠤᠳᠦ᠋ᠷᠥᠭᠴᠢ᠂ ᠬᠥᠬᠦᠷ ᠤᠨ ᠲᠠᠪᠬᠤᠷ ᠢᠰᠥᠯ ᠵᠡᠷᠭᠡ ᠪᠤᠢ᠃ ᠰᠡᠳᠦᠯᠳᠡ ᠶᠢᠨ ᠴᠢᠨᠠᠷ ᠲᠠᠢ ᠭᠡᠢ ᠪᠡᠶᠡᠳᠤ ᠶᠢᠨ | ᠬᠤᠤᠷᠳᠠᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ① ᠬᠤᠤᠷᠳᠠᠯ ᠤᠨ ᠡ᠊ᠨᠳᠡᠯ ᠡᠬᠦᠰᠥᠭᠰᠡᠨ ︵ᠢᠯᠠᠩᠭᠤᠶ᠎ᠠ ᠰᠠᠯᠬᠢᠨ ᠤ ᠲᠤᠤᠷ᠎ᠠ ᠲᠡᠯ᠎ᠠ ᠳᠠᠬᠢ︶ ᠭᠠᠵᠠᠷ ᠤᠷᠤᠨ ᠤ ᠬᠥᠮᠥᠰ ᠱᠠᠯᠠᠪᠬᠠᠨ ᠵᠠᠶᠢᠯᠠᠬᠤ ᠪᠠ ᠲᠤᠬᠠᠢ | ᠶᠢᠨ ᠭᠠᠵᠠᠷ ᠤᠨ ᠪᠠᠷᠢᠯᠭ᠎ᠠ ᠶᠢᠨ ᠲᠤᠳᠤᠷ᠎ᠠ ᠲᠠᠯᠳᠠᠯᠠᠨ᠎ᠠ᠃ | ② ᠬᠤᠤᠷᠳᠠᠭᠳᠠᠭᠰᠠᠨ ᠬᠥᠮᠥᠨ ᠤ ᠪᠤᠬᠢᠷᠳᠤᠭᠰᠠᠨ ᠬᠤᠪᠴᠠᠰᠤ ᠬᠤᠨᠠᠷ ᠢ ᠨᠢ ᠲᠥᠷᠭᠡᠨ ᠲᠠᠶᠢᠯᠵᠤ᠂ ᠴᠡᠪᠡᠷ ᠤᠰᠤ ᠪᠠᠷ ᠪᠤᠬᠢᠷᠳᠤᠭᠰᠠᠨ ᠠᠷᠠᠰᠤ ᠶᠢ ᠨᠢ | ᠤᠬᠢᠶᠠᠵᠤ᠂ ᠲᠤᠯᠠᠭᠠᠬᠠᠨ ᠪᠠᠶᠢᠯᠭᠠᠬᠤ ᠶᠢ ᠠᠩᠬᠠᠷᠬᠤ ᠭᠡᠷᠡᠭᠳᠡᠢ᠃ ᠨᠢᠳᠤ ᠪᠤᠬᠢᠷᠳᠤᠭᠰᠠᠨ ᠪᠤᠯ ᠠᠯᠢ ᠪᠠᠭ᠎ᠠ ᠳᠠᠭᠠᠨ ᠥᠷᠬᠦᠯᠵᠢᠯᠡᠨ 10 ᠮᠢᠨᠦ᠋ᠲ ᠰᠥᠷᠴᠢᠨ | ᠤᠬᠢᠶᠠᠨ᠎ᠠ᠃ | ③ ᠬᠤᠤᠷᠳᠠᠭᠳᠠᠬᠰᠠᠨ ᠤ ᠲᠠᠷᠠᠭ᠎ᠠ ᠠᠮᠢᠰᠬᠤᠯ ᠤᠨ ᠵᠠᠮ ᠢᠶᠠᠨ ᠰᠠᠭᠠᠳ ᠥᠭᠡᠢ ᠪᠠᠶᠢᠯᠭᠠᠵᠤ᠂ ᠤᠴᠦ᠋ᠢᠵᠤ ᠰᠠᠭᠤᠬᠤ ᠪᠤᠶᠤ ᠬᠠᠵᠠᠭᠤᠯᠠᠵᠤ᠂ ᠰᠢᠯᠢ ᠪᠠᠨ | ᠬᠠᠨᠳᠠᠷᠬᠤ ᠭᠡᠷᠡᠭᠳᠡᠢ᠃ | ④ ᠠᠮᠢᠰᠬᠤᠯ ᠪᠠ ᠵᠢᠷᠥᠭᠡᠨ ᠴᠤᠬᠢᠯᠭ᠎ᠠ ᠨᠢ ᠵᠤᠭᠰᠤᠭᠴᠢᠳ ᠢ ᠲᠠᠷᠦ᠋ᠢᠬᠠᠨ ᠬᠥᠮᠥᠨ ᠤ ᠬᠥᠴᠤ ᠪᠠᠷ ᠠᠮᠢᠰᠬᠤᠭᠤᠯᠬᠤ ᠪᠤᠶᠤ ᠴᠡᠭᠡᠵᠢᠨ ᠲᠡᠭᠡᠷ᠎ᠡ ᠠᠴᠠ ᠨᠢ | ᠵᠢᠷᠥᠭᠡ ᠶᠢ ᠨᠢ ᠲᠠᠷᠤᠯᠬᠢᠯᠠᠵᠤ ᠠᠪᠤᠷᠠᠯᠳᠠ ᠬᠢᠬᠦ ᠪᠦᠭᠡᠳ ᠡᠪᠡᠳᠴᠢᠳᠡᠨ ᠠᠮᠢᠰᠬᠤᠵᠤ ᠲᠡᠶᠢᠯᠬᠦ ᠪᠠ ᠵᠢᠷᠥᠭᠡᠨ ᠴᠤᠬᠢᠯᠭ᠎ᠠ ᠨᠢ ᠰᠡᠷᠬᠦᠭᠰᠡᠨ ᠤ ᠰᠡᠬᠦᠯᠡᠷ ᠰᠠᠶ᠋ᠢ ᠡᠮᠨᠡᠯᠭᠡ | ᠳᠤ ᠬᠦᠷᠭᠡᠵᠤ ᠡᠮᠨᠡᠭᠦᠯᠦᠨ᠎ᠡ᠃ | ⑤ ᠮᠠᠨᠠᠷᠠᠭᠰᠠᠳ ᠤᠨ ᠬᠥᠮᠥᠨ ᠪᠠᠯᠴᠢᠷ᠂ ᠪᠠᠭᠤᠤ ᠶᠢᠨ ᠪᠠᠯᠴᠢᠷ ᠢ ᠲᠠᠷᠤᠵᠤ ᠥᠭᠬᠦ ᠭᠡᠷᠡᠭᠳᠡᠢ᠃ ᠭᠡᠬᠦ ᠳᠤ 15 ᠰᠧᠺᠦ᠋ᠨ᠋ᠳ᠋ ᠠᠴᠠ ᠭᠡᠳᠥᠷᠡᠬᠦᠯᠵᠤ ᠪᠤᠯᠬᠤ | ᠥᠭᠡᠢ᠃ | ᠰᠠᠨᠠᠭᠤᠯᠬᠤ ᠨᠢ᠄ | ① ᠬᠤᠤᠷᠳᠠᠭᠳᠠᠭᠰᠠᠨ ᠬᠥᠮᠥᠨ ᠢ ᠲᠠᠷᠦ᠋ᠢᠬᠠᠨ ᠰᠢᠨ᠎ᠡ ᠰᠤᠷᠭᠤᠭ ᠠᠭᠠᠷ ᠲᠠᠢ ᠭᠠᠵᠠᠷ ᠲᠤ ᠰᠢᠯᠵᠢᠭᠦᠯᠤᠨᠠ᠃ | ② ᠡᠮᠨᠡᠯᠭᠡ ᠶᠢᠨ ᠬᠤᠷᠢᠶᠠᠨ ᠤ ᠡᠮᠴᠢᠯᠡᠭᠡ ᠪᠤᠯ ᠰᠡᠳᠤᠯᠳᠡ ᠶᠢᠨ ᠴᠢᠨᠠᠷ ᠲᠠᠢ ᠭᠡᠢ ᠪᠡᠶᠡᠳᠤ ᠶᠢᠨ ᠬᠤᠤᠷᠳᠠᠯ ᠠᠴᠠ ᠠᠪᠤᠷᠠᠬᠤ ᠶᠢᠨ ᠵᠠᠩᠬᠢᠯᠠᠭ᠎ᠠ ᠪᠤᠯᠤᠨ᠎ᠠ᠃ | ③ ᠬᠤᠤᠷᠳᠤ ᠡᠳ᠋ ᠲᠠᠢ ᠤᠢᠢᠷᠠᠳᠤᠭᠰᠠᠤᠨ ᠢ ᠨᠢᠬᠳᠠ ᠠᠵᠢᠭᠯᠠᠨ ᠪᠠᠶᠢᠴᠠᠭᠠᠵᠤ᠂ ᠰᠠᠶᠢᠳᠤᠷ ᠠᠮᠠᠷᠠᠭᠠᠵᠤ᠂ ᠡᠪᠡᠳᠴᠢᠨ ᠬᠥᠳᠡᠯᠬᠦ ᠶᠢ ᠰᠡᠷᠭᠡᠶᠢᠯᠡᠨ᠎ᠡ᠃ | ︵2︶ ᠤᠷᠭᠠᠨᠢᠬ ᠬᠠᠶᠢᠯᠤᠭᠤᠯᠤᠭᠴᠢ ᠡᠳ᠋ ᠲᠤ ᠬᠤᠤᠷᠳᠠᠭᠳᠠᠬᠤ | ᠤᠷᠭᠠᠨᠢᠬ ᠬᠠᠶᠢᠯᠤᠭᠤᠯᠤᠭᠴᠢ ᠡᠳ᠋ ᠪᠤᠯ ᠭᠤᠤᠯ ᠨᠢ ᠤᠰᠤᠨ ᠳᠤ ᠬᠢᠯᠪᠠᠷ ᠠᠭᠤᠰᠳᠠᠭ ᠥᠭᠡᠢ ᠲᠤᠰᠤ᠂ ᠮᠤᠳᠤᠨ ᠤ ᠲᠠᠪᠠᠷᠬᠠᠢ᠂ ᠪᠤᠳᠤᠬᠤ ᠮᠠᠲ᠋ᠧᠷᠢᠶᠠᠯ᠂ | ᠯᠠ᠂ ᠨᠡᠬᠦᠷᠡᠰᠤ ᠤᠰᠤᠳᠦ᠋ᠷᠥᠭᠴᠢ ᠵᠡᠷᠭᠡ ᠤᠷᠭᠠᠨᠢᠬ ᠬᠢᠮᠢ ᠶᠢᠨ ᠨᠡᠶᠢᠯᠡᠯ ᠪᠤᠳᠠᠰ ᠤᠨ ᠰᠢᠩᠭᠡᠨ ᠢ ᠵᠢᠭᠠᠵᠤ ᠪᠤᠢ᠃ ᠡᠳᠡᠭᠡᠷ ᠪᠤᠳᠠᠰ ᠨᠢ ᠴᠥᠮ ᠬᠥᠮᠥᠨ ᠤ ᠪᠡᠶ᠎ᠡ | ᠮᠠᠬᠠᠪᠤᠳ ᠢ ᠬᠤᠤᠷᠳᠠᠭᠤᠯᠳᠠᠭ᠃ ᠬᠠᠮᠤᠭ ᠤᠨ ᠪᠠᠶᠢᠡᠭᠭᠤ ᠬᠠᠷᠠᠭᠳᠠᠳᠠᠭ ᠨᠢ ᠪᠧᠨ᠋ᠽᠧᠨ᠂ ᠮᠧᠲ᠋ᠢᠯᠳᠤ ᠪᠧᠨ᠋ᠽᠧᠨ᠂ ᠴᠢᠶ᠋ᠢᠤ᠂ ᠡᠲ᠋ᠠᠨ᠂ ᠡᠾᠯᠤᠷᠤᠹᠤᠷᠮ᠂ ᠡᠾᠯᠤᠷᠳᠤ | ᠡᠲ᠋ᠠᠨ᠂ ᠡᠲ᠋ᠢᠯ ᠡᠲ᠋ᠧᠷ᠂ ᠮᠧᠲ᠋ᠢᠯ ᠠᠯᠺᠥᠥᠯ᠂ ᠠᠼᠧᠲ᠋ᠤᠨ᠂ ᠬᠥᠬᠦᠷᠯᠢᠭ ᠨᠡᠬᠦᠷᠡᠰᠥᠳᠦ᠋ᠷᠥᠭᠴᠢ ᠵᠡᠷᠭᠡ ᠪᠤᠯᠤᠨ᠎ᠠ᠃ ᠤᠷᠭᠠᠨᠢᠬ ᠬᠠᠶᠢᠯᠤᠭᠤᠯᠤᠭᠴᠢ ᠡᠳ᠋ ᠲᠤ | ᠬᠤᠤᠷᠳᠠᠭᠳᠠᠭᠰᠠᠠ ᠪᠠᠴᠢᠮ ᠪᠠᠶᠢᠳᠠᠯ ᠢ ᠠᠷᠭᠠᠴᠠᠬᠤ ᠳᠤ᠄ | ① ᠬᠤᠤᠷᠳᠠᠯ ᠤᠨ ᠠᠳᠡᠯ ᠡᠬᠦᠰᠥᠭᠰᠡᠨ ᠭᠠᠵᠠᠷ ᠤᠷᠤᠨ ︵ᠢᠯᠠᠩᠭᠤᠶ᠎ᠠ ᠰᠠᠯᠬᠢᠨ ᠤ ᠲᠤᠤᠷ᠎ᠠ ᠲᠠᠯ᠎ᠠ ᠳᠤ ᠪᠠᠶᠢᠭ᠎ᠠ︶ ᠤ ᠬᠥᠮᠥᠰ ᠲᠠᠷᠦ᠋ᠢᠬᠠᠨ ᠵᠠᠶᠢᠯᠠᠬᠤ | ᠪᠤᠶᠤ ᠲᠤᠬᠠᠢ ᠶᠢᠨ ᠭᠠᠵᠠᠷ ᠲᠠᠭᠠᠨ ᠪᠠᠷᠢᠯᠭ᠎ᠠ ᠶᠢᠨ ᠲᠤᠳᠤᠷ᠎ᠠ ᠲᠠᠯᠳᠠᠯᠠᠬᠤ ᠭᠡᠷᠡᠭᠳᠡᠢ᠃ | ② ᠬᠤᠤᠷᠳᠠᠭᠳᠠᠭᠰᠠᠨ ᠬᠥᠮᠥᠨ ᠢ ᠱᠠᠯᠠᠪᠬᠠᠨ ᠰᠢᠨ᠎ᠡ ᠰᠤᠷᠭᠤᠭ ᠠᠭᠤᠷ ᠠᠮᠢᠰᠬᠤᠯ ᠲᠠᠢ ᠭᠠᠵᠠᠷ ᠲᠤ ᠰᠢᠯᠵᠢᠬᠦᠯᠵᠤ᠂ ᠪᠤᠬᠢᠷᠳᠤᠭᠰᠠᠨ ᠬᠤᠪᠴᠠᠰᠤ ᠬᠤᠨᠠᠷ ᠢ | ᠨᠢ ᠲᠠᠶᠢᠴᠢᠵᠤ᠂ ᠶᠡᠭᠡ ᠭᠡᠮᠵᠢᠶ᠋ᠨᠨ ᠤ ᠴᠡᠪᠡᠷ ᠤᠰᠤ ᠪᠤᠶᠤ ᠰᠠᠪᠤᠩ ᠲᠠᠢ ᠤᠰᠤ ᠪᠠᠷ ᠪᠤᠬᠢᠷᠳᠤᠭᠰᠠᠨ ᠠᠷᠠᠰᠤ ᠬᠥᠷᠥᠰᠤ ᠶᠢ ᠨᠢ ᠰᠠᠶᠢᠳᠤᠷ ᠴᠡᠪᠡᠷᠯᠡᠨ ᠤᠬᠢᠶᠠᠬᠤ ᠶᠢᠨ | ᠬᠠᠮᠳᠤ ᠲᠤᠯᠠᠭᠠᠬᠠᠨ ᠪᠠᠶᠢᠯᠭᠠᠬᠤ ᠭᠡᠷᠡᠭᠳᠡᠢ᠃ ᠨᠢᠳᠤ ᠪᠤᠬᠢᠷᠳᠤᠭᠰᠠᠨ ᠪᠤᠯ ᠴᠡᠪᠡᠷ ᠤᠰᠤ ᠪᠠᠷ ᠥᠷᠬᠦᠯᠵᠢᠯᠡᠨ ᠤᠭᠢᠶᠡᠵᠦ ᠨᠠᠭᠠᠳᠤ ᠵᠠᠬ᠎ᠠ ᠳᠠᠭᠠᠨ 10 ᠮᠢᠨᠦ᠋ᠲ ᠠᠴᠠ | ᠲᠡᠭᠡᠭᠰᠢ ᠵᠠᠶᠢᠯᠤᠨ ᠤᠬᠢᠶᠠᠬᠤ ᠭᠡᠷᠡᠭᠳᠡᠢ᠃ | ③ ᠲᠥᠷᠭᠡᠭᠡᠨ ᠡᠮᠨᠡᠯᠭᠡ ᠳᠤ ᠬᠥᠷᠭᠡᠨ ᠠᠪᠤᠷᠠᠯᠳᠠ ᠭᠢᠯᠭᠡᠬᠦ ᠪᠠ ᠡᠮᠴᠢᠯᠡᠭᠦᠯᠦᠨ᠎ᠡ᠃ | ᠰᠠᠨᠠᠭᠤᠯᠬᠤ ᠨᠢ᠄ | ① ᠬᠤᠤᠷᠳᠠᠭᠳᠠᠭᠰᠠᠳ ᠢ ᠲᠠᠷᠦ᠋ᠢᠬᠠᠨ ᠰᠢᠨ᠎ᠡ ᠰᠤᠷᠭᠤᠭ ᠠᠭᠤᠷ ᠠᠮᠢᠰᠬᠤᠯ ᠲᠠᠢ ᠭᠠᠵᠠᠷ ᠲᠤ ᠰᠢᠯᠵᠢᠭᠦᠯᠤᠨᠠ᠃ | ② ᠬᠤᠤᠷᠳᠤ ᠪᠤᠳᠠᠰ ᠢ ᠲᠡᠷᠦ᠋ᠢᠬᠠᠨ ᠪᠠᠶᠢᠴᠠᠭᠠᠨ ᠲᠤᠳᠤᠯᠠᠬᠤ ᠭᠡᠷᠡᠭᠳᠡᠢ᠃ | ③ ᠬᠤᠤᠷᠳᠤ ᠪᠤᠳᠠᠰ ᠲᠠᠢ ᠨᠢᠬᠳᠠ ᠤᠢᠢᠷᠠᠳᠤᠭᠰᠠᠨ ᠬᠥᠮᠥᠰ ᠢ ᠨᠢᠬᠳᠠ ᠠᠵᠢᠭᠯᠠᠨ ᠪᠠᠶᠢᠴᠠᠭᠠᠵᠤ᠂ ᠰᠠᠶᠢᠳᠤᠷ ᠠᠮᠠᠷᠠᠭᠠᠵᠤ᠂ ᠡᠪᠡᠳᠴᠢᠨ ᠬᠥᠳᠡᠯᠬᠦ ᠠᠴᠠ | ᠰᠡᠷᠭᠡᠶᠢᠯᠡᠨ᠎ᠡ᠃ | ︵3︶ ᠰᠢᠳᠠᠮᠠᠬᠠᠢ ᠭᠡᠢ ᠶᠢᠨ ᠬᠤᠤᠷᠳᠠᠯ | ᠰᠠᠭᠤᠭᠠᠯᠢ ᠠᠷᠠᠳ ᠤᠨ ᠠᠮᠢᠳᠤᠷᠠᠯ ᠤᠨ ᠭᠡᠷᠡᠭᠯᠡᠭᠡᠨ ᠤ ᠬᠥᠮᠥᠨ ᠤ ᠬᠥᠴᠤ ᠪᠠᠷ ᠪᠤᠯᠪᠠᠰᠤᠷᠠᠭᠤᠯᠤᠭᠰᠠᠨ ᠪᠠᠶᠢᠭᠠᠯᠢ ᠶᠢᠨ ᠰᠢᠳᠠᠮᠠᠬᠠᠢ ᠭᠡᠢ ᠪᠤᠯᠤᠨ ᠰᠢᠩᠭᠡᠵᠢᠮᠡᠯ | ᠭᠡᠢ ᠵᠡᠷᠭᠡ ᠰᠢᠳᠠᠮᠠᠬᠠᠢ ᠭᠡᠢ ᠨᠢ ᠴᠥᠮ ᠠᠮᠠᠷᠬᠠᠨ ᠨᠤᠴᠤᠵᠤ᠂ ᠠᠮᠠᠷᠬᠠᠨ ᠲᠡᠯᠪᠡᠷᠡᠬᠦ ᠤᠨᠴᠠᠯᠢᠬ ᠲᠠᠢ ᠪᠠᠶᠢᠳᠠᠭ᠃ ᠭᠡᠷᠪᠡ ᠭᠤᠭᠤᠵᠢᠵᠤ ᠨᠡᠪᠴᠢᠬᠦ ᠳᠤ ᠬᠥᠷᠪᠡᠯ | ᠲᠥᠷᠭᠡᠨ ᠴᠢᠨᠠᠷ ᠲᠠᠢ ᠬᠤᠤᠷᠳᠠᠯ ᠢ ᠠᠮᠠᠷᠬᠠᠨ ᠡᠬᠦᠰᠭᠡᠳᠡᠭ ᠪᠥᠭᠡᠳ ᠬᠢᠯᠪᠢᠰᠬᠢᠨ ᠲᠡᠯᠪᠡᠷᠡᠬᠦ ᠠᠳᠡᠯ ᠡᠬᠦᠰᠭᠡᠳᠡᠭ᠂ ᠭᠡᠷ ᠪᠥᠯᠢ ᠶᠢᠨ ᠨᠡᠬᠦᠷᠡᠰᠥᠨ ᠭᠡᠢ ᠶᠢᠨ ᠬᠤᠤᠷᠳᠠᠯ | ᠭᠡᠳᠡᠭ ᠨᠢ ᠭᠤᠤᠯ ᠨᠢ ᠨᠡᠬᠦᠷᠡᠰᠥᠳᠦ᠋ᠷᠥᠭᠴᠢ ᠶᠢᠨ ᠲᠠᠩ ᠢᠰᠥᠯ ᠤᠨ ᠬᠤᠤᠷᠳᠠᠯ ᠪᠠ ᠰᠢᠩᠭᠡᠵᠢᠮᠡᠯ ᠴᠢᠯᠠᠭᠤᠨ ᠲᠤᠰᠤᠨ ᠭᠡᠢ᠂ ᠭᠤᠤᠷᠰᠤᠨ ᠬᠤᠭᠤᠯᠠᠶᠢᠳᠤ ᠨᠡᠬᠦᠷᠡᠰᠥᠨ | ᠭᠡᠢ᠂ ᠪᠠᠶᠢᠭᠠᠯᠢ ᠶᠢᠨ ᠭᠡᠢ ᠶᠢᠨ ᠬᠤᠤᠷᠳᠠᠯ ᠢ ᠵᠢᠭᠠᠵᠤ ᠪᠠᠶᠢᠨ᠎ᠠ᠃ ᠰᠢᠳᠠᠮᠠᠬᠠᠢ ᠭᠡᠢ ᠶᠢᠨ ᠬᠤᠤᠷᠳᠠᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ① ᠰᠢᠳᠠᠮᠠᠬᠠᠢ ᠭᠡᠢ ᠨᠡᠪᠴᠢᠵᠤ ᠭᠤᠭᠤᠵᠢᠭᠰᠠᠨ ᠢ ᠤᠯᠵᠤ ᠮᠡᠳᠡᠪᠡᠯ᠂ ᠠᠯᠢᠪᠠ ᠴᠠᠬᠢᠯᠭᠠᠨ ᠭᠡᠷᠡᠭᠰᠡᠯ ᠤᠨ ᠨᠡᠭᠡᠬᠡᠯᠬᠡ ᠶᠢ ᠨᠡᠭᠡᠭᠡᠵᠤ ᠪᠤᠯᠬᠤ ᠥᠭᠡᠢ᠂ | ᠰᠢᠳᠠᠮᠠᠬᠠᠢ ᠭᠡᠢ ᠲᠡᠯᠪᠡᠷᠡᠬᠦ ᠠᠴᠠ ᠰᠡᠷᠭᠡᠶᠢᠯᠡᠨ᠎ᠡ᠃ | ② ᠡᠬᠦᠳᠡ ᠴᠤᠩᠬᠤ ᠪᠠᠨ ᠲᠡᠷᠦ᠋ᠢᠬᠠᠨ ᠨᠡᠭᠡᠭᠡᠵᠤ᠂ ᠬᠤᠤᠷᠳᠠᠭᠳᠠᠭᠰᠠᠳ ᠢ ᠰᠠᠯᠬᠢ ᠰᠠᠶᠢᠨ ᠨᠡᠪᠳᠡᠷᠡᠬᠦ᠂ ᠰᠢᠨ᠎ᠡ ᠰᠤᠷᠭᠤᠭ ᠠᠭᠤᠷ ᠠᠮᠢᠰᠬᠤᠯ ᠲᠠᠢ ᠭᠠᠵᠠᠷ | ᠲᠤ ᠰᠢᠯᠵᠢᠬᠦᠯᠵᠤ᠂ ᠲᠤᠯᠠᠭᠠᠬᠠᠨ ᠪᠠᠶᠢᠯᠭᠠᠨ᠎ᠠ᠃ | ③ ᠬᠤᠤᠷᠳᠠᠭᠳᠠᠭᠰᠳ ᠤᠨ ᠡᠩᠭᠡᠷ ᠲᠤᠪᠴᠢ ᠶᠢ ᠨᠢ ᠲᠡᠶᠢᠯᠵᠤ᠂ ᠲᠤᠯᠤᠭᠠᠢ ᠶᠢ ᠨᠢ ᠲᠡᠭᠰᠢᠬᠡᠨ ᠪᠠᠶᠢᠯᠭᠠᠨ ᠬᠠᠵᠠᠭᠤᠯᠠᠨ ᠭᠡᠪᠳᠡᠬᠦᠯᠵᠤ᠂ ᠠᠮᠢᠰᠬᠤᠯ ᠤᠨ | ᠵᠠᠮ ᠢ ᠨᠢ ᠰᠢᠯᠤᠭᠤᠨ ᠪᠠᠶᠢᠯᠭᠠᠵᠤ᠂ ᠬᠠᠮᠠᠷ ᠠᠮᠠᠨ ᠳᠠᠬᠢ ᠱᠥᠬᠦᠷᠡᠯ ᠡᠳ᠋ ᠢ ᠨᠢ ᠴᠡᠪᠡᠷᠯᠡᠬᠦ ᠭᠡᠷᠡᠭᠳᠡᠢ᠃ ᠮᠠᠨᠠᠷᠠᠭᠰᠠᠳ ᠪᠤᠶᠤ ᠲᠠᠳᠠᠭᠰᠠᠳ ᠢ ᠲᠤᠷ᠎ᠠ ᠪᠠᠷ ᠢᠶᠠᠨ | ᠬᠥᠳᠡᠯᠭᠡᠵᠤ ᠪᠤᠯᠬᠤ ᠥᠭᠡᠢ᠂ ᠲᠤᠯᠤᠭᠠᠢ ᠲᠤᠤᠷ᠎ᠠ ᠨᠢ ᠮᠥᠰᠥᠨ ᠤᠭᠤᠳᠠ ᠲᠡᠷᠡᠯᠡᠬᠦᠯᠵᠤ᠂ ᠲᠤᠯᠤᠭᠠᠢ ᠶᠢᠨ ᠬᠠᠪᠤᠩ ᠠᠴᠠ ᠰᠡᠷᠭᠡᠶᠢᠯᠡᠬᠦ ᠭᠡᠷᠡᠭᠳᠡᠢ᠃ ᠭᠡᠷᠪᠡ | ᠠᠮᠢᠰᠬᠤᠯ ᠪᠠ ᠵᠢᠷᠥᠭᠡᠨ ᠴᠤᠬᠢᠯᠭ᠎ᠠ ᠨᠢ ᠵᠤᠭᠰᠤᠭᠰᠠᠨ ᠪᠤᠯ ᠲᠡᠷᠦ᠋ᠢᠬᠠᠨ ᠬᠥᠮᠥᠨ ᠤ ᠬᠥᠴᠤ ᠪᠠᠷ ᠠᠮᠢᠰᠬᠤᠯ ᠠᠪᠤᠭᠤᠯᠬᠤ ᠶᠢᠨ ᠲᠠᠭᠠᠤ ᠴᠡᠭᠡᠵᠢᠨ ᠪᠡᠶ᠎ᠡ ᠶᠢ ᠨᠢ | ᠲᠡᠷᠤᠯᠬᠢᠯᠠᠵᠤ ᠥᠭᠬᠦ ᠭᠡᠷᠡᠭᠳᠡᠢ᠃ | ④ ᠲᠥᠷᠭᠡᠭᠡᠨ ᠡᠮᠨᠡᠯᠭᠡ ᠳᠤ ᠬᠥᠷᠭᠡᠨ ᠠᠪᠤᠷᠠᠯᠳᠠ ᠬᠢᠯᠭᠡᠬᠦ ᠪᠠ ᠡᠮᠴᠢᠯᠡᠭᠦᠯᠦᠨ᠎ᠡ᠃ | ᠰᠠᠨᠠᠭᠤᠯᠬᠤ ᠨᠢ᠄ | ① ᠬᠤᠤᠷᠳᠠᠭᠳᠠᠭᠰᠠᠳ ᠢ ᠲᠠᠷᠦ᠋ᠢᠬᠠᠨ ᠰᠢᠨ᠎ᠡ ᠰᠤᠷᠭᠤᠭ ᠠᠭᠤᠷ ᠠᠮᠢᠰᠬᠤᠯ ᠲᠠᠢ ᠭᠠᠵᠠᠷ ᠲᠤ ᠰᠢᠯᠵᠢᠭᠦᠯᠦᠨ᠎ᠡ᠃ | ② ᠡᠮᠨᠡᠯᠭᠡ ᠳᠤ ᠬᠥᠷᠭᠡᠨ ᠡᠮᠴᠢᠯᠡᠬᠦᠯᠵᠤ᠂ ᠠᠭᠤᠰᠬᠢᠨ ᠬᠠᠪᠤᠩ᠂ ᠲᠤᠯᠤᠭᠠᠢ ᠶᠢᠨ ᠬᠠᠪᠤᠩ ᠢ ᠢᠳᠡᠪᠬᠢᠳᠡᠢ ᠰᠡᠷᠭᠡᠶᠢᠯᠡᠨ ᠵᠠᠰᠠᠬᠤ ᠪᠤᠯ ᠨᠡᠬᠦᠷᠡᠰᠥᠨ ᠭᠡᠢ | ᠶᠢᠨ ᠬᠤᠤᠷᠳᠠᠯ ᠢ ᠵᠠᠰᠠᠬᠤ ᠶᠢᠨ ᠵᠠᠩᠬᠢᠯᠠᠭ᠎ᠠ ᠪᠤᠯᠤᠨ᠎ᠠ᠃ | ③ ᠬᠤᠤᠷᠳᠤ ᠪᠤᠳᠠᠰ ᠲᠠᠢ ᠨᠢᠬᠳᠠ ᠤᠢᠢᠷᠠᠳᠤᠭᠰᠠᠤᠨ ᠢ ᠴᠢᠩᠭ᠎ᠠ ᠠᠵᠢᠭᠯᠠᠨ ᠰᠢᠨᠵᠢᠵᠤ᠂ ᠰᠠᠶᠢᠳᠤᠷ ᠠᠮᠤᠰᠬᠢᠯᠭᠡᠵᠤ᠂ ᠡᠪᠡᠳᠴᠢᠨ ᠬᠥᠳᠡᠯᠬᠦ ᠠᠴᠠ | ᠰᠡᠷᠭᠡᠶᠢᠯᠡᠨ᠎ᠡ᠃ | ④ ᠡᠪᠡᠳᠴᠢᠳᠡᠨ ᠳᠤ ᠬᠥᠴᠢᠯᠳᠦ᠋ᠷᠥᠭᠴᠢ ᠰᠤᠷᠤᠭᠤᠯᠬᠤ ᠭᠡᠷᠡᠭᠳᠡᠢ᠃ | ︵4︶ ᠤᠷᠭᠠᠨᠢᠬ ᠹᠤᠰᠹᠤᠷᠳᠤ ᠲᠡᠷᠢᠶᠠᠨ ᠡᠮ ᠤᠨ ᠬᠤᠤᠷᠳᠡᠯ | ᠤᠷᠭᠠᠨᠢᠬ ᠹᠤᠰᠹᠤᠷᠳᠤ ᠲᠡᠷᠢᠶᠠᠨ ᠡᠮ ᠪᠤᠯ ᠮᠠᠨ ᠤ ᠤᠯᠤᠰ ᠤᠨ ᠤᠳᠤᠬᠠᠨ ᠤ ᠬᠠᠮᠤᠭ ᠤᠨ ᠥᠷᠭᠡᠨ ᠭᠡᠷᠡᠭᠯᠡᠵᠤ ᠪᠠᠶᠢᠭ᠎ᠠ ᠲᠡᠷᠢᠶᠠᠨ ᠡᠮ ᠪᠤᠯᠤᠨ᠎ᠠ᠃ | ᠬᠤᠤᠷᠳᠠᠯ ᠤᠨ ᠰᠢᠯᠳᠠᠭᠠᠨ ᠨᠢ ᠭᠡᠪᠡᠯ ᠭᠤᠤᠯ ᠨᠢ ᠤᠷᠭᠠᠨᠢᠬ ᠹᠤᠰᠹᠤᠷᠳᠤ ᠲᠡᠷᠢᠶᠠᠨ ᠡᠮ ᠳᠤ ᠪᠤᠬᠢᠷᠳᠤᠭᠰᠠᠨ ᠢᠳᠡᠭᠡᠨ ᠢ ᠢᠳᠡᠭᠰᠡᠨ ᠠᠴᠠ ᠡᠬᠦᠰᠳᠡᠭ ᠪᠠᠶᠢᠨ᠎ᠠ᠃ | ᠤᠷᠭᠠᠨᠢᠬ ᠹᠤᠰᠹᠤᠷᠳᠤ ᠲᠡᠷᠢᠶᠠᠨ ᠡᠮ ᠳᠤ ᠬᠤᠤᠷᠳᠠᠭᠳᠠᠭᠰᠠᠠ ᠪᠠᠴᠢᠮ ᠪᠠᠶᠢᠳᠠᠯ ᠢ ᠠᠷᠭᠠᠴᠠᠬᠤ ᠳᠤ᠄ | ① ᠬᠤᠤᠷ ᠠᠭᠤᠯᠤᠭᠳᠠᠵᠤ ᠮᠡᠳᠡᠬᠦ ᠢᠳᠡᠭᠡᠨ ᠢ ᠢᠳᠡᠬᠦ ᠪᠠᠨ ᠲᠡᠷᠦ᠋ᠢᠬᠠᠨ ᠵᠤᠭᠰᠤᠬᠤ ᠪᠠ ᠪᠢᠳᠡᠬᠦᠮᠵᠢᠯᠡᠨ ᠬᠠᠳᠠᠭᠠᠯᠠᠨ᠎ᠠ᠃ | ② ᠲᠡᠷᠦ᠋ᠢᠬᠠᠨ ᠪᠥᠭᠡᠯᠵᠢᠵᠤ ᠭᠠᠷᠭᠠᠬᠤ ᠪᠠ ᠬᠤᠳᠤᠭᠤᠳᠤ ᠪᠠᠨ ᠤᠬᠢᠶᠠᠯᠭᠠᠨ᠎ᠠ᠃ | ③ ᠮᠠᠨᠠᠷᠠᠭᠰᠠᠳ ᠤᠨ ᠠᠮᠢᠰᠬᠤᠯ ᠤᠨ ᠵᠠᠮ ᠢ ᠨᠢ ᠰᠢᠯᠤᠭᠤᠨ ᠪᠠᠶᠢᠯᠭᠠᠬᠤ ᠪᠠ ᠬᠠᠵᠠᠭᠤᠯᠠᠨ ᠭᠡᠪᠳᠡᠬᠦᠯᠵᠤ᠂ ᠮᠥᠭᠡᠷᠰᠥᠨ ᠬᠤᠭᠤᠯᠠᠢ ᠶᠢ ᠨᠢ ᠪᠥᠭᠡᠯᠵᠢᠭᠰᠡᠨ | ᠠᠴᠠ ᠪᠤᠯᠵᠤ ᠪᠥᠳᠡᠬᠦ ᠠᠴᠠ ᠰᠡᠷᠭᠡᠶᠢᠯᠡᠨ᠎ᠡ᠃ | ④ ᠲᠡᠷᠦ᠋ᠢᠬᠠᠨ ᠤᠢᠢᠷ᠎ᠠ ᠤᠷᠴᠢᠮ ᠤᠨ ᠡᠮᠨᠡᠯᠭᠡ ᠳᠤ ᠬᠥᠷᠭᠡᠨ ᠲᠥᠷᠭᠡᠨ ᠠᠪᠤᠷᠠᠯᠳᠠ ᠬᠢᠯᠭᠡᠨ᠎ᠡ᠃ | ᠰᠠᠨᠠᠭᠤᠯᠬᠤ ᠨᠢ᠄ | ① ᠤᠷᠭᠠᠨᠢᠬ ᠹᠤᠰᠹᠤᠷᠳᠤ ᠲᠡᠷᠢᠶᠠᠨ ᠡᠮ ᠢ ᠲᠤᠰᠬᠠᠢ ᠬᠥᠮᠥᠨ ᠬᠠᠮᠢᠶᠠᠷᠴᠤ᠂ ᠲᠤᠰᠠᠭᠠᠷ ᠨᠢ ᠬᠠᠳᠠᠭᠠᠯᠠᠵᠤ᠂ ᠲᠤᠰᠬᠠᠢ ᠪᠠᠭᠠᠵᠢ ᠭᠡᠷᠡᠭᠰᠡᠯ ᠢ ᠭᠡᠷᠡᠭᠯᠡᠬᠦ | ᠭᠡᠷᠡᠭᠳᠡᠢ᠃ | ② ᠡᠮ ᠨᠠᠶᠢᠷᠠᠭᠤᠯᠬᠤ ᠪᠠ ᠥᠷ᠎ᠡ ᠪᠠᠭᠰᠤᠷᠬᠤ ᠳᠠᠭᠠᠨ ᠮᠠᠯ ᠤᠨ ᠬᠠᠰᠢᠶ᠎ᠠ᠂ ᠤᠮᠳᠠ ᠤᠰᠤᠨ ᠤ ᠰᠤᠷᠪᠤᠯᠵᠢ ᠪᠠ ᠭᠤᠸ᠎ᠠ ᠵᠢᠮᠢᠰ ᠤᠨ ᠭᠠᠵᠠᠷ ᠲᠠᠷᠢᠶ᠎ᠠ | ᠠᠴᠠ ᠬᠤᠯᠠᠬᠠᠨ ᠪᠠᠶᠢᠯᠭᠠᠵᠤ᠂ ᠪᠤᠬᠢᠷᠳᠤᠭᠤᠯᠬᠤ ᠠᠴᠠ ᠰᠡᠷᠭᠡᠶᠢᠯᠡᠨ᠎ᠡ᠃ | ③ ᠤᠷᠭᠠᠨᠢᠬ ᠹᠤᠰᠹᠤᠷᠳᠤ ᠲᠡᠷᠢᠶᠠᠨ ᠡᠮ ᠨᠢ ᠪᠠᠰᠠ ᠠᠮᠢᠰᠬᠤᠯ ᠤᠨ ᠵᠠᠮ᠂ ᠠᠷᠠᠰᠤ ᠬᠥᠷᠥᠰᠤ ᠪᠠᠷ ᠲᠡᠮᠵᠢᠨ ᠬᠥᠮᠥᠨ ᠤ ᠪᠡᠶ᠎ᠡ ᠳᠤ ᠤᠷᠤᠵᠤ ᠬᠤᠤᠷᠳᠠᠯ | ᠡᠬᠦᠰᠭᠡᠳᠡᠭ᠃ ᠡᠶᠢᠮᠥ ᠠᠴᠠ ᠲᠡᠷᠢᠶᠠᠨ ᠡᠮ ᠰᠥᠷᠴᠢᠬᠦ ᠳᠡᠭᠡᠨ ᠡᠷᠭᠡᠪᠰᠢ ᠬᠤᠪᠢ ᠬᠥᠮᠥᠨ ᠤ ᠰᠡᠷᠭᠡᠶᠢᠯᠡᠯᠳᠡ ᠬᠠᠮᠠᠭᠠᠯᠠᠯᠳᠠ ᠶᠢ ᠰᠠᠶᠢᠳᠤᠷ ᠬᠢᠵᠤ᠂ ᠰᠠᠯᠬᠢᠨ ᠤ ᠤᠷᠤᠭᠤ | ᠰᠥᠷᠴᠢᠬᠦ ᠪᠠ ᠡᠮ ᠰᠥᠷᠴᠢᠭᠰᠡᠨ ᠤ ᠪᠠᠨ ᠰᠡᠬᠦᠯᠡᠷ ᠰᠠᠪᠤᠩ ᠲᠠᠢ ᠤᠰᠤ ᠪᠠᠷ ᠨᠢᠭᠤᠷ ᠭᠠᠷ ᠢᠶᠠᠨ ᠰᠠᠶᠢᠳᠤᠷ ᠤᠬᠢᠶᠠᠬᠤ ᠭᠡᠷᠡᠭᠳᠡᠢ᠃ | ④ ᠲᠡᠷᠢᠶᠠᠨ ᠡᠮ ᠰᠠᠪᠠᠯᠠᠵᠤ ᠥᠡᠭᠭᠡᠷᠡᠭᠰᠡᠨ ᠰᠠᠪᠠ ᠪᠤᠭᠤᠳᠠᠯ ᠳᠤ ᠬᠤᠭᠤᠯᠠ ᠤᠮᠳᠠᠭᠠᠨ ᠰᠠᠪᠠᠯᠠᠬᠤ ᠶᠢ ᠴᠠᠭᠠᠵᠠᠯᠠᠬᠤ ᠭᠡᠷᠡᠭᠳᠡᠢ᠃ ᠠᠮᠤ ᠪᠤᠳᠠᠭ᠎ᠠ᠂ | ᠭᠤᠸ᠎ᠠ ᠵᠢᠮᠢᠰ᠂ ᠢᠳᠡᠰᠢᠨ ᠨᠤᠭᠤᠭ᠎ᠠ ᠪᠠ ᠪᠤᠰᠤᠳ ᠵᠥᠢᠯ ᠤᠨ ᠢᠳᠡᠭᠡᠨ ᠤ ᠵᠥᠢᠯ ᠢ ᠤᠷᠭᠠᠨᠢᠬ ᠹᠤᠰᠹᠤᠷᠳᠤ ᠲᠡᠷᠢᠶᠠᠨ ᠡᠮ ᠲᠠᠢ ᠴᠤᠭ ᠠᠴᠢᠶᠠᠯᠠᠵᠤ ᠵᠥᠭᠡᠭᠡᠪᠥᠷᠢᠯᠡᠬᠦ | ᠶᠢ ᠡᠷᠡᠰ ᠴᠠᠭᠠᠵᠠᠯᠠᠬᠤ ᠭᠡᠷᠡᠭᠳᠡᠢ᠃ | ︵5︶ ᠳ᠋ᠥ᠋ ᠱᠥ ᠴᠢᠶᠠᠩ ᠡᠮ ᠤᠨ ᠬᠤᠤᠷᠳᠡᠯ | ᠳ᠋ᠥ᠋ ᠱᠤ᠋ ᠴᠢᠶᠠᠩ ᠡᠮ ᠪᠤᠯ ᠰᠢᠩᠭᠡᠭᠡᠯᠳᠡ ᠶᠢᠨ ᠵᠠᠮ᠂ ᠠᠮᠢᠰᠬᠤᠯ ᠤᠨ ᠵᠠᠮ ᠢᠶᠠᠷ ᠲᠡᠮᠵᠢᠨ ᠬᠥᠮᠥᠨ ᠤ ᠪᠡᠶ᠎ᠡ ᠳᠤ ᠰᠢᠩᠭᠡᠨ ᠬᠤᠤᠷᠳᠠᠯ ᠡᠬᠦᠰᠭᠡᠳᠡᠭ᠃ | ᠬᠤᠤᠷᠳᠠᠯ ᠨᠢ ᠤᠯᠠᠩᠬᠢ ᠳᠠᠭᠠᠨ ᠳ᠋ᠥ᠋ ᠱᠤ᠋ ᠴᠢᠶᠠᠩ ᠡᠮ ᠢᠶᠠᠷ ᠨᠠᠶᠢᠷᠠᠭᠤᠯᠤᠭᠰᠠᠨ ᠬᠤᠯᠤᠭᠠᠨ᠎ᠠ ᠤᠰᠠᠳᠬᠠᠬᠤ ᠥᠭᠶᠥᠭᠡ ᠪᠤᠯᠤᠨ ᠳ᠋ᠥ᠋ ᠱᠤ᠋ ᠴᠢᠶᠠᠩ ᠡᠮ ᠳᠤ | ᠪᠤᠬᠢᠷᠳᠤᠭᠰᠠᠨ ᠢᠳᠡᠭᠡᠨ ᠢ ᠠᠳᠡᠬᠦᠷᠡᠨ ᠢᠳᠡᠭᠰᠡᠨ ᠠᠴᠠ ᠡᠬᠦᠰᠳᠡᠭ᠃ ᠳ᠋ᠥ᠋ ᠱᠥ ᠴᠢᠶᠠᠩ ᠡᠮ ᠳᠤ ᠬᠤᠤᠷᠳᠠᠭᠳᠠᠭᠰᠠᠠ ᠪᠠᠴᠢᠮ ᠪᠠᠶᠢᠳᠠᠯ ᠢ ᠠᠷᠭᠠᠴᠠᠬᠤ ᠳᠤ᠄ | ① ᠳ᠋ᠥ᠋ ᠱᠤ᠋ ᠴᠢᠶᠠᠩ ᠡᠮ ᠠᠭᠤᠯᠤᠭᠳᠠᠵᠤ ᠪᠠᠶᠢᠵᠤ ᠮᠡᠳᠡᠬᠦ ᠢᠳᠡᠭᠡᠨ ᠢ ᠲᠡᠷᠦ᠋ᠢᠬᠠᠨ ᠢᠳᠡᠬᠦ ᠪᠠᠨ ᠵᠤᠭᠰᠤᠬᠤ ᠪᠠ ᠪᠢᠳᠡᠬᠦᠮᠵᠢᠯᠡᠨ ᠬᠠᠳᠠᠭᠠᠯᠠᠨ᠎ᠠ᠃ | ᠲᠡᠷᠦ᠋ᠢᠬᠠᠨ ᠪᠥᠭᠡᠯᠵᠢᠨ ᠭᠠᠷᠭᠠᠬᠤ᠂ ᠬᠤᠳᠤᠭᠤᠳᠤ ᠪᠠᠨ ᠤᠬᠢᠶᠠᠯᠭᠠᠬᠤ᠂ ᠲᠤᠭᠤᠯᠤᠭᠤᠯᠬᠤ ᠠᠷᠭ᠎ᠠ ᠪᠠᠷ ᠬᠤᠳᠤᠭᠤᠳᠤᠨ ᠳᠠᠬᠢ ᠬᠤᠤᠷᠳᠤ ᠡᠳ᠋ ᠢ ᠴᠡᠪᠡᠷᠯᠡᠨ | ᠠᠷᠢᠯᠭᠠᠬᠤ ᠭᠡᠷᠡᠭᠳᠡᠢ᠃ | ② ᠠᠮᠢᠰᠬᠤᠯ ᠤᠨ ᠵᠠᠮ ᠢ ᠰᠢᠯᠤᠭᠤᠨ ᠪᠠᠶᠢᠯᠭᠠᠵᠤ᠂ ᠴᠡᠷ ᠨᠤᠯᠮᠤᠰᠤ ᠪᠠᠨ ᠰᠤᠷᠤᠭᠤᠯᠬᠤ ᠭᠡᠷᠡᠭᠳᠡᠢ᠃ | ③ ᠪᠡᠶ᠎ᠡ ᠨᠢ ᠲᠠᠳᠠᠭᠰᠠᠨ ᠪᠤᠯ ᠡᠪᠡᠳᠴᠢᠳᠡᠨ ᠢ ᠲᠤᠬᠢᠳᠠᠢ ᠬᠠᠮᠠᠭᠠᠯᠠᠵᠤ᠂ ᠤᠨᠠᠵᠤ ᠲᠤᠰᠴᠤ ᠰᠢᠷᠬᠠᠳᠤᠬᠤ᠂ ᠪᠤᠯᠴᠢᠩ ᠮᠢᠬ᠎ᠠ ᠨᠢ ᠢᠵᠠᠷᠠᠬᠤ᠂ ᠶᠠᠰᠤ ᠨᠢ | ᠬᠤᠭᠤᠷᠠᠬᠤ ᠪᠤᠶᠤ ᠥᠶ᠎ᠡ ᠭᠡᠰᠢᠬᠦᠤ ᠨᠢ ᠮᠤᠯᠳᠤᠷᠠᠬᠤ ᠶᠢ ᠰᠡᠷᠭᠡᠶᠢᠯᠡᠬᠦ ᠭᠡᠷᠡᠭᠳᠡᠢ᠃ ᠨᠢᠷᠤᠭᠤᠨ ᠲᠤᠤᠷ᠎ᠠ ᠨᠢ ᠬᠤᠪᠴᠠᠰᠤ ᠬᠤᠨᠠᠷ ᠲᠡᠪᠢᠰᠥᠨ ᠥᠭᠴᠤ᠂ ᠨᠢᠷᠤᠭᠤ ᠨᠢ | ᠬᠤᠯᠭᠤᠬᠤ ᠪᠠ ᠨᠢᠷᠤᠭᠤᠨ ᠶᠠᠰᠤ ᠨᠢ ᠭᠡᠮᠳᠥᠬᠦ ᠠᠴᠠ ᠰᠡᠷᠭᠡᠶᠢᠯᠡᠬᠦ ᠭᠡᠷᠡᠭᠳᠡᠢ᠃ ᠭᠡᠯᠡ ᠪᠠᠨ ᠬᠠᠵᠠᠬᠤ ᠠᠴᠠ ᠨᠢ ᠰᠡᠷᠭᠡᠶᠢᠯᠡᠵᠤ᠂ ᠰᠢᠳᠤᠨ ᠵᠠᠪᠰᠠᠷ ᠨᠢ ᠱᠠ ᠪᠥᠰ | ᠵᠠᠭᠤᠯᠭᠠᠬᠤ ᠭᠡᠷᠡᠭᠳᠡᠢ᠂ ᠭᠡᠬᠦ ᠳᠡᠭᠡᠨ ᠠᠮᠢᠰᠬᠤᠯ ᠢ ᠨᠢ ᠨᠥᠯᠥᠭᠡᠯᠡᠬᠦ ᠠᠴᠠ ᠰᠡᠷᠭᠡᠶᠢᠯᠡᠨ᠂ ᠠᠷᠠᠭᠠᠨ ᠳᠤᠨᠢ ᠪᠥᠰ ᠵᠠᠭᠤᠯᠭᠠᠵᠤ ᠪᠤᠯᠬᠤ ᠥᠭᠡᠢ᠃ | ④ ᠠᠮᠢᠰᠬᠤᠯ ᠪᠠ ᠵᠢᠷᠥᠭᠡᠨ ᠴᠤᠬᠢᠯᠭ᠎ᠠ ᠨᠢ ᠵᠤᠭᠰᠤᠭᠴᠢᠳ ᠲᠤ ᠲᠡᠷᠦ᠋ᠢᠬᠠᠨ ᠬᠥᠮᠥᠨ ᠤ ᠬᠥᠴᠤ ᠪᠠᠷ ᠠᠮᠢᠰᠬᠤᠯ ᠠᠪᠤᠭᠤᠯᠬᠤ ᠪᠠ ᠴᠡᠭᠡᠵᠢᠨ ᠭᠡᠰᠡᠭ ᠢ ᠨᠢ | ᠲᠡᠷᠤᠯᠬᠢᠯᠠᠨ ᠥᠭᠬᠦ ᠭᠡᠷᠡᠭᠳᠡᠢ᠃ | ⑤ ᠲᠡᠷᠦ᠋ᠢᠬᠠᠨ ᠤᠢᠢᠷ᠎ᠠ ᠤᠷᠴᠢᠮ ᠤᠨ ᠡᠮᠨᠡᠯᠭᠡ ᠳᠤ ᠬᠥᠷᠭᠡᠨ ᠲᠥᠷᠭᠡᠨ ᠠᠪᠤᠷᠠᠯᠳᠠ ᠬᠢᠯᠭᠡᠨ᠎ᠡ᠃ | ᠰᠠᠨᠠᠭᠤᠯᠬᠤ ᠨᠢ᠄ | ① ᠳ᠋ᠥ᠋ ᠱᠤ᠋ ᠴᠢᠶᠠᠩ ᠡᠮ ᠨᠢ ᠲᠡᠮ ᠬᠤᠤᠷᠳᠠᠯ ᠢ ᠡᠬᠦᠰᠭᠡᠳᠡᠭ ᠪᠤᠯᠬᠤᠷ ᠥᠬᠦᠭᠰᠡᠨ ᠰᠢᠯᠳᠠᠭᠠᠨ ᠨᠢ ᠲᠤᠳᠤ ᠥᠭᠡᠢ ᠮᠠᠯ ᠵᠢᠬᠦᠷᠳᠡᠨ ᠤ ᠮᠢᠬ᠎ᠠ ᠶᠢ ᠢᠳᠡᠵᠤ | ᠪᠤᠯᠬᠤ ᠥᠭᠡᠢ᠃ | ② ᠤᠯᠤᠰ ᠠᠴᠠ ᠳ᠋ᠥ᠋ ᠱᠤ᠋ ᠴᠢᠶᠠᠩ ᠡᠮ ᠢ ᠥᠢᠯᠡᠳᠪᠥᠷᠢᠯᠡᠬᠦ ᠪᠠ ᠭᠡᠷᠡᠭᠯᠡᠬᠦ ᠶᠢ ᠴᠠᠭᠠᠵᠠᠯᠠᠵᠤ ᠪᠤᠢ᠃ ᠭᠡᠷᠪᠡ ᠲᠤᠰ ᠡᠮ ᠢ ᠨᠠᠶᠢᠷᠠᠭᠤᠯᠵᠤ ᠪᠤᠷᠤᠯᠠᠭᠤᠯᠵᠤ | ᠪᠠᠶᠢᠭ᠎ᠠ ᠠᠵᠢᠯᠯᠠᠭ᠎ᠠ ᠶᠢ ᠤᠯᠵᠤ ᠮᠡᠳᠡᠪᠡᠯ ᠲᠡᠷᠦ᠋ᠢᠬᠠᠨ ᠲᠤᠳᠤᠭᠠᠳᠤ ᠶᠢ ᠬᠠᠮᠠᠭᠠᠯᠠᠬᠤ᠂ ᠠᠵᠤ ᠥᠢᠯᠡᠳᠪᠥᠷᠢ ᠬᠤᠳᠠᠯᠳᠤᠭ᠎ᠠ ᠵᠡᠷᠭᠡ ᠶᠢᠨ ᠰᠠᠯᠠᠭ᠎ᠠ ᠮᠥᠴᠢᠷ ᠲᠤ | ᠢᠯᠡᠴᠢᠯᠡᠨ ᠮᠡᠳᠡᠬᠦᠯᠬᠦ ᠭᠡᠷᠡᠭᠳᠡᠢ᠃ | ③ ᠰᠤᠨᠤᠷ ᠰᠡᠷᠡᠮᠵᠢ ᠪᠠᠨ ᠲᠡᠭᠡᠭᠰᠢᠯᠡᠬᠦᠯᠵᠤ᠂ ᠰᠡᠷᠭᠡᠶᠢᠯᠡᠯᠳᠡ ᠬᠠᠮᠠᠭᠠᠯᠠᠯᠳᠠ ᠪᠠᠨ ᠴᠢᠩᠭᠠᠳᠬᠠᠵᠤ᠂ ᠵᠤᠷᠢᠯᠭ᠎ᠠ ᠲᠠᠢ ᠪᠠᠷ ᠬᠤᠤᠷ ᠲᠡᠯᠪᠢᠬᠤ ᠶᠢ ᠴᠢᠩᠭ᠎ᠠ | ᠰᠡᠷᠭᠡᠶᠢᠯᠡᠨ᠎ᠡ᠃ | ︵6︶ ᠢᠳᠡᠭᠡᠨ ᠤ ᠬᠤᠤᠷᠳᠡᠯ | ᠢᠳᠡᠭᠡᠨ ᠤ ᠬᠤᠤᠷᠳᠠᠯ ᠭᠡᠳᠡᠭ ᠪᠤᠯ ᠬᠤᠤᠷ ᠬᠥᠨᠥᠭᠡᠯ ᠠᠭᠤᠯᠤᠭᠳᠠᠵᠤ ᠪᠥᠬᠦᠢ ᠢᠳᠡᠭᠡᠨ ᠢ ᠢᠳᠡᠭᠰᠡᠨ ᠪᠤᠶᠤ ᠬᠤᠤᠷ ᠬᠥᠨᠥᠭᠡᠯ ᠲᠠᠢ ᠵᠥᠢᠯ ᠢ ᠠᠳᠡᠬᠦᠷᠡᠨ | ᠢᠳᠡᠭᠰᠡᠨ ᠤ ᠰᠡᠬᠦᠯᠡᠷ ᠬᠠᠯᠳᠠᠪᠤᠷᠢᠳᠤ ᠪᠤᠰᠤ ᠴᠢᠨᠠᠷ ᠲᠠᠢ ᠡᠪᠡᠳᠴᠢᠨ ᠭᠡᠮ ᠡᠬᠦᠰᠬᠦ ᠶᠢ ᠵᠢᠭᠠᠵᠤ ᠪᠠᠶᠢᠨ᠎ᠠ᠃ ᠡᠬᠦᠨ ᠢ ᠪᠠᠺᠲ᠋ᠧᠷᠢ ᠶᠢᠨ ᠴᠢᠨᠠᠷ ᠲᠠᠢ ᠢᠳᠡᠭᠡᠨ ᠤ | ᠬᠤᠤᠷᠳᠠᠯ᠂ ᠵᠢᠩᠬᠢᠨᠢ ᠮᠥᠬᠦ ᠶᠢᠨ ᠴᠢᠨᠠᠷ ᠲᠠᠢ ᠢᠳᠡᠭᠡᠨ ᠤ ᠬᠤᠤᠷᠳᠠᠯ᠂ ᠬᠢᠮᠢ ᠶᠢᠨ ᠴᠢᠨᠠᠷ ᠲᠠᠢ ᠢᠳᠡᠭᠡᠨ ᠤ ᠬᠤᠤᠷᠳᠠᠯ ᠭᠡᠵᠤ ᠬᠤᠪᠢᠶᠠᠳᠠᠭ᠃ ᠢᠳᠡᠭᠡᠨ ᠤ | ᠬᠤᠤᠷᠳᠠᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ① ᠲᠠᠪᠤᠰᠤ ᠲᠠᠢ ᠱᠥᠯᠳᠤ ᠪᠠᠷ ᠪᠥᠭᠡᠯᠵᠢᠬᠦᠯᠬᠦ᠄ ᠬᠤᠤᠷᠳᠠᠯ ᠤᠨ ᠭᠡᠮᠵᠢᠶ᠎ᠡ ᠨᠢ ᠪᠠᠭ᠎ᠠ ᠪᠥᠭᠡᠳ ᠬᠤᠤᠷᠳᠤ ᠡᠳ᠋ ᠤᠤᠭᠤᠵᠤ ᠢᠳᠡᠭᠡᠳ 2~3 ᠴᠠᠭ | ᠪᠤᠯᠵᠤ ᠪᠠᠶᠢᠭ᠎ᠠ ᠬᠤᠤᠷᠳᠠᠭᠳᠠᠭᠰᠠᠳ ᠢ ᠪᠤᠯ ᠠᠯᠢ ᠴᠢᠳᠠᠬᠤ ᠪᠠᠷ ᠲᠠᠪᠤᠰᠤ ᠲᠠᠢ ᠤᠰᠤ ᠢᠯᠡᠬᠦᠭᠡᠨ ᠤᠤᠭᠤᠯᠭᠠᠭᠰᠠᠨ ᠤ ᠰᠡᠬᠦᠯᠡᠷ ᠰᠠᠪᠬ᠎ᠠ ᠪᠤᠶᠤ ᠬᠤᠷᠤᠭᠤ ᠪᠠᠷ ᠢᠶᠠᠨ | ᠭᠡᠥᠭᠡᠨ ᠭᠡᠯᠡ ᠶᠢ ᠨᠢ ᠬᠥᠭᠢᠳᠡᠨ ᠤᠭᠰᠢᠭᠤᠯᠵᠤ ᠪᠥᠭᠡᠯᠵᠢᠬᠦᠯᠬᠦ ᠭᠡᠷᠡᠭᠳᠡᠢ᠃ | ② ᠴᠢᠨᠠᠷ ᠨᠢ ᠬᠤᠪᠢᠷᠠᠭᠰᠠᠨ ᠵᠢᠭᠠᠰᠤ᠂ ᠰᠡᠮ ᠬᠤᠷᠤᠬᠠᠢ᠂ ᠨᠠᠢᠮᠠᠯᠵᠢ ᠵᠡᠷᠭᠡ ᠶᠢ ᠢᠳᠡᠭᠡᠳ ᠬᠤᠤᠷᠳᠠᠭᠳᠠᠬᠰᠠᠨ ᠬᠤᠤᠷᠳᠠᠭᠳᠠᠭᠰᠡᠳ ᠢ ᠲᠡᠷᠦ᠋ᠢᠬᠠᠨ | ᠡᠮᠨᠡᠯᠭᠡ ᠳᠤ ᠬᠥᠷᠭᠡᠨ ᠡᠮᠨᠡᠬᠦᠯᠬᠦ ᠭᠡᠷᠡᠭᠳᠡᠢ᠃ | ᠰᠠᠨᠠᠭᠤᠯᠬᠤ ᠨᠢ᠄ | ① ᠢᠳᠡᠭᠡᠨ ᠳᠤ ᠬᠤᠤᠷᠳᠠᠭᠳᠠᠬᠰᠠᠨ ᠪᠤᠯ ᠬᠤᠤᠷᠳᠠᠭᠳᠠᠭᠰᠠᠳ ᠤᠨ ᠢᠳᠡᠭᠰᠡᠨ ᠢᠳᠡᠭᠡᠨ ᠤ ᠥᠯᠢᠭᠡᠷ ᠭᠡᠪ ᠢ ᠠᠯᠢ ᠴᠢᠳᠠᠬᠤ ᠪᠠᠷ ᠥᠯᠡᠳᠡᠭᠡᠨ ᠠᠪᠬᠤ ᠪᠠ | ᠪᠥᠭᠡᠯᠵᠢᠰᠤ᠂ ᠢᠯᠭᠠᠳᠠᠰᠤ ᠶᠢ ᠨᠢ ᠥᠯᠡᠳᠡᠭᠡᠨ ᠠᠪᠴᠤ᠂ ᠰᠢᠯᠭᠠᠨ ᠪᠠᠶᠢᠴᠠᠭᠠᠬᠤ ᠳᠤ ᠭᠡᠷᠡᠭᠯᠡᠬᠦᠯᠬᠦ ᠭᠡᠷᠡᠭᠳᠡᠢ᠃ | ② ᠪᠤᠯᠭᠤᠭᠰᠠᠨ ᠲᠥᠬᠦᠭᠡᠢ ᠢᠳᠡᠭᠡᠨ ᠢ ᠠᠰ ᠠᠰ ᠲᠤᠨᠢ ᠰᠠᠯᠭᠠᠨ ᠲᠠᠯᠪᠢᠵᠤ᠂ ᠤᠰᠤᠨ ᠤ ᠭᠠᠷᠤᠯᠳᠠ ᠵᠢᠴᠢ ᠮᠢᠬᠠᠨ ᠤ ᠵᠥᠢᠯ ᠤᠨ ᠢᠳᠡᠭᠡᠨ ᠢ | ᠬᠠᠭᠤᠷᠤᠨ ᠪᠤᠯᠭᠤᠭᠰᠠᠨ ᠤ ᠰᠡᠬᠦᠯᠡᠷ ᠰᠠᠶ᠋ᠢ ᠢᠳᠡᠵᠤ ᠪᠤᠯᠤᠨ᠎ᠠ᠃ | ③ ᠤᠮᠳᠠᠭᠠᠨ ᠤ ᠯᠤᠩᠬᠤᠨ ᠳᠤ ᠬᠢᠮᠢ ᠶᠢᠨ ᠵᠥᠢᠯ ᠤᠨ ᠪᠤᠳᠠᠰ ᠢ ᠰᠠᠪᠠᠯᠠᠵᠤ ᠪᠤᠯᠬᠤ ᠥᠭᠡᠢ᠂ ᠬᠢᠮᠢ ᠶᠢᠨ ᠵᠥᠢᠯ ᠤᠨ ᠪᠤᠳᠠᠰ ᠰᠠᠪᠠᠯᠠᠭᠰᠠᠨ ᠯᠤᠩᠬᠤᠨ | ᠲᠡᠭᠡᠷ᠎ᠡ ᠢᠯᠡ ᠲᠤᠳᠤ ᠲᠡᠮᠳᠡᠭ ᠲᠠᠯᠪᠢᠬᠤ ᠶᠢᠨ ᠲᠠᠭᠠᠤ ᠨᠢᠭᠤᠴᠠ ᠲᠠᠯᠳᠠ ᠭᠠᠵᠠᠷ ᠬᠠᠳᠠᠭᠠᠯᠠᠵᠤ᠂ ᠭᠡᠥᠭᠡᠳ ᠪᠠᠭᠠᠴᠤᠳ ᠠᠳᠡᠬᠦᠷᠡᠨ ᠤᠤᠭᠤᠬᠤ ᠠᠴᠠ ᠬᠢᠴᠢᠶᠡᠬᠦ | ᠭᠡᠷᠡᠭᠳᠡᠢ᠃ | ④ ᠢᠳᠡᠭᠡᠨ ᠳᠤ ᠬᠤᠤᠷᠳᠠᠭᠳᠠᠬᠰᠠᠨ ᠬᠥᠮᠥᠨ ᠢ ᠤᠯᠵᠤ ᠮᠡᠳᠡᠪᠡᠯ ᠡᠷᠭᠡᠪᠰᠢ ᠡᠮᠨᠡᠯᠭᠡ ᠳᠤ ᠲᠥᠷᠭᠡᠨ ᠬᠥᠷᠭᠡᠵᠤ ᠠᠪᠤᠷᠠᠯᠳᠠ ᠬᠢᠬᠦ ᠭᠡᠷᠡᠭᠳᠡᠢ᠂ ᠲᠤᠷ᠎ᠠ ᠪᠠᠷ | ᠢᠶᠠᠨ ᠡᠮ ᠤᠤᠭᠤᠯᠭᠠᠵᠤ ᠪᠤᠯᠬᠤ ᠥᠭᠡᠢ᠃ | ︵7︶ ᠲᠤᠳᠠᠭᠤ ᠠᠽᠤᠲ ᠬᠥᠴᠢᠯ ᠤᠨ ᠲᠠᠪᠤᠰᠤᠨ ᠤ ᠬᠤᠤᠷᠳᠡᠯ | ᠲᠤᠳᠠᠭᠤ ᠠᠽᠤᠲ ᠬᠥᠴᠢᠯ ᠤᠨ ᠲᠠᠪᠤᠰᠤᠨ ᠲᠥᠷᠥᠯ ᠤᠨ ᠢᠳᠡᠭᠡᠨ ᠤ ᠬᠤᠤᠷᠳᠠᠯ ᠢ ᠪᠠᠰᠠ ᠭᠡᠳᠡᠰᠥᠨ ᠤ ᠬᠥᠭᠡ ᠲᠤᠯᠪᠤᠳᠦ ᠡᠪᠡᠳᠴᠢᠨ᠂ ᠬᠥᠭᠡᠷᠡᠬᠦ | ᠡᠪᠡᠳᠴᠢᠨ᠂ ᠬᠠᠷ᠎ᠠ ᠬᠤᠰᠢᠭᠤᠳᠤ ᠡᠪᠡᠳᠴᠢᠨ ᠭᠡᠳᠡᠭ᠃ ᠲᠤᠰ ᠡᠪᠡᠳᠴᠢᠨ ᠤ ᠬᠤᠤᠷᠳᠠᠯ ᠭᠡᠳᠡᠭ ᠨᠢ ᠨᠡᠯᠢᠶᠡᠳ ᠶᠡᠭᠡ ᠠᠽᠤᠲ ᠬᠥᠴᠢᠯ ᠤᠨ ᠲᠠᠪᠤᠰᠤ ᠲᠠᠢ ᠪᠠ | ᠲᠤᠳᠠᠭᠤ ᠠᠽᠤᠲ ᠬᠥᠴᠢᠯ ᠤᠨ ᠲᠠᠪᠤᠰᠤ ᠲᠠᠢ ᠢᠳᠡᠭᠡᠨ ᠢ ᠶᠡᠭᠡᠳᠡ ᠢᠳᠡᠭᠰᠡᠨ ᠪᠠ ᠠᠽᠤᠲ ᠬᠥᠴᠢᠯ ᠤᠨ ᠲᠠᠪᠤᠰᠤ ᠪᠤᠶᠤ ᠲᠤᠳᠠᠭᠤ ᠠᠽᠤᠲ ᠬᠥᠴᠢᠯ ᠤᠨ ᠲᠠᠪᠤᠰᠤ | ᠶᠡᠭᠡᠳᠡᠢ ᠤᠰᠤ ᠶᠢ ᠤᠤᠭᠤᠭᠰᠠᠨ᠂ ᠲᠤᠳᠠᠭᠤ ᠠᠽᠤᠲ ᠬᠥᠴᠢᠯ ᠤᠨ ᠲᠠᠪᠤᠰᠤ ᠶᠢ ᠢᠳᠡᠭᠡᠨ ᠤ ᠲᠠᠪᠤᠰᠤ ᠪᠠᠷ ᠠᠳᠡᠬᠦᠷᠡᠨ ᠢᠳᠡᠭᠰᠡᠨ ᠠᠴᠠ ᠪᠤᠯᠵᠤ ᠡᠬᠦᠰᠥᠭᠰᠡᠨ | ᠬᠤᠤᠷᠳᠠᠯ ᠢ ᠵᠢᠭᠠᠵᠤ ᠪᠠᠶᠢᠨ᠎ᠠ᠃ ᠲᠤᠳᠠᠭᠤ ᠠᠽᠤᠲ ᠬᠥᠴᠢᠯ ᠤᠨ ᠲᠠᠪᠤᠰᠤ ᠨᠢ ᠴᠢᠰᠤᠨ ᠲᠤᠳᠤᠷ᠎ᠠ ᠭᠡᠪ ᠤᠨ ᠬᠥᠴᠢᠯᠳᠦ᠋ᠷᠥᠭᠴᠢ ᠲᠥᠷᠥᠬᠦᠯᠬᠦ ᠲᠤᠤᠷ᠎ᠠ ᠲᠡᠮᠥᠷᠳᠤ | ᠴᠢᠰᠤᠨ ᠤᠯᠠᠭᠠᠨ ᠤᠭᠤᠷᠠᠭ ᠢ ᠢᠰᠤᠯᠳᠤᠬᠦᠯᠤᠨ ᠥᠨᠳᠥᠷ ᠲᠡᠮᠥᠷᠳᠤ ᠴᠢᠰᠤᠨ ᠤᠯᠠᠭᠠᠨ ᠤᠭᠤᠷᠠᠭ ᠪᠤᠯᠭᠠᠭᠰᠠᠨ ᠢᠶᠠᠷ ᠬᠥᠴᠢᠯᠳᠦ᠋ᠷᠥᠭᠴᠢ ᠲᠥᠷᠥᠬᠦᠯᠬᠦ ᠴᠢᠳᠠᠪᠤᠷᠢ ᠶᠢ | ᠠᠯᠳᠠᠭᠤᠯᠤᠭᠠᠳ᠂ ᠨᠡᠭᠡᠳᠡᠰᠤ ᠡᠷᠭᠡᠳᠡᠨ ᠳᠤ ᠬᠥᠴᠢᠯᠳᠦ᠋ᠷᠥᠭᠴᠢ ᠲᠤᠳᠠᠭᠳᠠᠭᠤᠯᠳᠠᠭ ᠪᠠᠶᠢᠨ᠎ᠠ᠃ ᠲᠤᠳᠠᠭᠤ ᠠᠽᠤᠲ ᠬᠥᠴᠢᠯ ᠤᠨ ᠲᠠᠪᠤᠰᠤᠨ ᠳᠤ ᠬᠤᠤᠷᠳᠠᠭᠳᠠᠭᠰᠠᠠ | ᠪᠠᠴᠢᠮ ᠪᠠᠶᠢᠳᠠᠯ ᠢ ᠠᠷᠭᠠᠴᠠᠬᠤ ᠳᠤ᠄ | ① ᠬᠤᠤᠷᠳᠠᠭᠤᠯᠵᠤ ᠮᠡᠳᠡᠬᠦ ᠢᠳᠡᠭᠡᠨ ᠢ ᠢᠳᠡᠬᠦ ᠪᠠᠨ ᠲᠡᠷᠦ᠋ᠢᠬᠠᠨ ᠵᠤᠭᠰᠤᠨ᠎ᠠ᠃ | ② ᠨᠡᠯᠢᠶᠡᠳ ᠬᠥᠨᠳᠤ ᠬᠤᠤᠷᠳᠠᠭᠳᠠᠭᠰᠠᠳ ᠢ ᠪᠥᠭᠡᠯᠵᠢᠬᠦᠯᠬᠦ᠂ ᠬᠤᠳᠤᠭᠤᠳᠤ ᠶᠢ ᠨᠢ ᠤᠬᠢᠶᠠᠬᠤ ᠪᠠ ᠲᠤᠭᠤᠯᠤᠭᠤᠯᠬᠤ ᠭᠡᠷᠡᠭᠳᠡᠢ᠃ | ③ ᠮᠠᠨᠠᠷᠠᠭᠰᠠᠳ ᠤᠨ ᠠᠮᠢᠰᠬᠤᠯ ᠤᠨ ᠵᠠᠮ ᠢ ᠨᠢ ᠰᠢᠯᠤᠭᠤᠬᠠᠨ ᠪᠠᠶᠢᠯᠭᠠᠵᠤ᠂ ᠬᠠᠵᠠᠭᠤᠯᠠᠨ ᠭᠡᠪᠳᠡᠬᠦᠯᠵᠤ᠂ ᠪᠥᠭᠡᠯᠵᠢᠰᠤ ᠨᠢ ᠮᠥᠭᠡᠷᠰᠥᠨ ᠬᠤᠭᠤᠯᠠᠢ ᠶᠢ | ᠨᠢ ᠲᠥᠭᠵᠢᠬᠦ ᠠᠴᠠ ᠰᠡᠷᠭᠡᠶᠢᠯᠡᠨ᠎ᠡ᠃ | ④ ᠬᠤᠤᠷᠳᠠᠭᠳᠠᠭᠰᠠᠳ ᠢ ᠱᠠᠯᠠᠪᠬᠠᠨ ᠤᠢᠢᠷ᠎ᠠ ᠤᠷᠴᠢᠮ ᠤᠨ ᠡᠮᠨᠡᠯᠭᠡ ᠳᠤ ᠬᠥᠷᠭᠡᠨ ᠡᠮᠨᠡᠭᠦᠯᠦᠨ᠎ᠡ᠃ | ⑤ ᠶᠠ ᠵᠢᠶᠠ ᠯᠠᠨ ᠡᠮ ᠪᠤᠯ ᠤᠨᠴᠠ ᠲᠤᠰᠠᠳᠠᠢ ᠡᠮ ᠪᠤᠯᠤᠨ᠎ᠠ᠂ ᠡᠬᠦᠨ ᠠᠴᠠ ᠭᠠᠳᠠᠨ᠎ᠠ ᠶᠡᠭᠡ ᠭᠡᠮᠵᠢᠶᠡᠨ ᠤ ᠸᠢᠲ᠋ᠠᠮᠢᠨ C ᠪᠤᠯᠤᠨ ᠥᠵᠥᠮ ᠤᠨ ᠰᠢᠬᠢᠷ | ᠨᠥᠬᠦᠬᠦ ᠴᠢᠬᠤᠯᠠ ᠲᠠᠢ᠃ | ᠰᠠᠨᠠᠭᠤᠯᠬᠤ ᠨᠢ᠄ | ① ᠲᠤᠳᠠᠭᠤ ᠠᠽᠤᠲ ᠬᠥᠴᠢᠯ ᠤᠨ ᠲᠠᠪᠤᠰᠤ ᠶᠢ ᠢᠳᠡᠭᠡᠨ ᠤ ᠲᠠᠪᠤᠰᠤ ᠪᠤᠶᠤ ᠬᠤᠵᠢᠷ ᠢᠶᠠᠷ ᠠᠳᠡᠬᠦᠷᠡᠨ ᠭᠡᠷᠡᠭᠯᠡᠬᠦ ᠶᠢ ᠬᠢᠴᠢᠶᠡᠨ᠎ᠡ᠃ | ② ᠨᠤᠭᠤᠭ᠎ᠠ ᠴᠠᠭ᠎ᠠ ᠪᠠᠨ ᠲᠤᠬᠢᠳᠠᠢ ᠬᠠᠳᠠᠭᠠᠯᠠᠵᠤ᠂ ᠢᠯᠵᠠᠷᠠᠵᠤ ᠰᠢᠯᠵᠠᠷᠠᠬᠤ ᠠᠴᠠ ᠰᠡᠷᠭᠡᠶᠢᠯᠡᠬᠦ ᠭᠡᠷᠡᠭᠳᠡᠢ᠃ ᠢᠯᠵᠠᠷᠠᠵᠤ ᠰᠢᠯᠵᠠᠷᠠᠭᠰᠠᠨ ᠨᠤᠭᠤᠭ᠎ᠠ | ᠴᠠᠭ᠎ᠠ ᠶᠢ ᠢᠳᠡᠵᠤ ᠪᠤᠯᠬᠤ ᠥᠭᠡᠢ᠃ | ③ ᠢᠳᠡᠭᠡᠳ ᠥᠯᠡᠳᠡᠭᠰᠡᠨ ᠨᠤᠭᠤᠭ᠎ᠠ ᠬᠠᠭᠤᠷᠤᠯᠭ᠎ᠠ ᠪᠠᠨ ᠥᠨᠳᠥᠷ ᠬᠠᠯᠠᠭᠤᠨ ᠳᠤ ᠤᠷᠳᠤ ᠴᠠᠭ ᠢᠶᠠᠷ ᠲᠠᠯᠪᠢᠭᠠᠳ ᠲᠠᠬᠢᠨ ᠢᠳᠡᠵᠤ ᠪᠤᠯᠬᠤ ᠥᠭᠡᠢ᠃ | ④ ᠲᠡᠪᠤᠰᠤᠯᠠᠨ ᠲᠡᠷᠤᠭᠠᠳ ᠤᠳᠠᠭᠠᠳᠤᠢ ᠨᠤᠭᠤᠭ᠎ᠠ ᠶᠢ ᠶᠡᠭᠡ ᠢᠳᠡᠵᠤ ᠪᠤᠯᠬᠤ ᠥᠭᠡᠢ᠂ ᠨᠤᠭᠤᠭ᠎ᠠ ᠲᠡᠷᠤᠬᠤ ᠳᠠᠭᠠᠨ ᠢᠯᠡᠬᠦᠭᠡᠨ ᠲᠠᠪᠤᠰᠤ ᠬᠢᠵᠤ᠂ ᠠᠯᠢ | ᠤᠬᠤᠷ ᠲᠠᠭᠠᠨ 15 ᠬᠤᠨᠤᠭ ᠠᠴᠠ ᠲᠡᠭᠡᠭᠰᠢ ᠲᠠᠷᠤᠪᠠᠯ ᠰᠠᠶ᠋ᠢ ᠢᠳᠡᠵᠤ ᠪᠤᠯᠤᠨ᠎ᠠ᠃ |