| ᠡᠷᠡᠬᠦᠥ ᠶᠢᠨ ᠭᠡᠷᠡᠭ᠂ ᠠᠮᠤᠷ ᠲᠥᠪᠰᠢᠨ ᠤ ᠭᠡᠷᠡᠭ ᠵᠢᠴᠢ ᠤᠯᠠᠨ ᠨᠡᠶᠢᠳᠡ ᠶᠢᠨ ᠬᠢᠭᠡᠳ ᠬᠥᠮᠥᠨ ᠤ ᠪᠡᠶ᠎ᠡ ᠮᠠᠬᠠᠪᠤᠳ᠂ ᠡᠳ᠋ ᠬᠥᠷᠥᠩᠭᠡ ᠶᠢᠨ ᠠᠮᠤᠷ | ᠲᠥᠪᠰᠢᠨ ᠢ ᠬᠤᠬᠢᠷᠠᠭᠤᠯᠤᠭᠰᠠᠨ᠂ ᠠᠵᠢᠯ ᠰᠤᠷᠤᠯᠴᠠᠯᠭ᠎ᠠ ᠬᠢᠭᠡᠳ ᠠᠮᠢᠳᠤᠷᠠᠯ ᠤᠨ ᠡᠮᠬᠢ ᠲᠢᠭᠯᠢᠮ ᠢ ᠨᠥᠯᠥᠭᠡᠯᠡᠭᠰᠡᠨ ᠭᠡᠷᠡᠭ ᠤᠴᠢᠷ ᠢ ᠰᠡᠷᠡᠵᠤ ᠮᠡᠳᠡᠪᠡᠯ᠂ ᠲᠡᠷᠡ | ᠲᠠᠷᠤᠢ ᠳᠤᠨᠢ ᠴᠠᠭᠳᠠᠭ᠎ᠠ ᠳᠤ ᠭᠡᠷᠡᠭ ᠮᠡᠳᠡᠬᠦᠯᠬᠦ ᠪᠤᠯ ᠠᠷᠠᠳ ᠢᠷᠭᠡᠳ ᠨᠢᠭᠡᠪᠥᠷᠢ ᠶᠢᠨ ᠬᠥᠢᠴᠡᠳᠭᠡᠪᠡᠰᠤ ᠵᠤᠬᠢᠬᠤ ᠡᠬᠦᠷᠭᠡ ᠬᠠᠷᠢᠭᠤᠴᠠᠯᠭ᠎ᠠ ᠪᠤᠯᠤᠨ᠎ᠠ᠃ ᠬᠡᠷᠡᠭ ᠤᠨ | ᠪᠠᠴᠢᠮ ᠪᠠᠶᠢᠳᠠᠯ ᠢ ᠠᠷᠭᠠᠴᠠᠬᠤ ᠳᠤ᠄ | ︵1︶ ᠵᠤᠳᠤᠭᠠᠨ ᠬᠢᠬᠦ᠂ ᠶᠠᠭᠤᠮ᠎ᠠ ᠬᠤᠯᠠᠭᠠᠢᠢᠯᠠᠬᠤ᠂ ᠲᠤᠨᠤᠵᠦ ᠪᠤᠯᠢᠶᠠᠬᠤ᠂ ᠨᠦᠵᠢᠳᠯᠡᠬᠦ᠂ ᠬᠥᠮᠥᠨ ᠠᠯᠠᠬᠤ ᠵᠡᠷᠭᠡ ᠡᠷᠡᠬᠦᠥ ᠶᠢᠨ ᠭᠡᠷᠡᠭ᠂ ᠠᠮᠤᠷ | ᠲᠥᠪᠰᠢᠨ ᠤ ᠭᠡᠷᠡᠭ ᠤᠴᠢᠷ ᠢ ᠰᠡᠷᠡᠵᠤ ᠮᠡᠳᠡᠪᠡᠯ ᠲᠡᠷᠡ ᠲᠠᠷᠤᠢ ᠳᠤᠨᠢ ᠴᠠᠭᠳᠠᠭ᠎ᠠ ᠳᠤ ᠭᠡᠷᠡᠭ ᠮᠡᠳᠡᠬᠦᠯᠥᠨᠡ᠃ ᠭᠡᠷᠪᠡ ᠪᠠᠶᠢᠳᠠᠯ ᠪᠠᠴᠢᠮ᠂ ᠲᠡᠷᠡ ᠲᠠᠷᠤᠢ ᠳᠤᠨᠢ | ᠴᠠᠭᠳᠠᠭ᠎ᠠ ᠳᠤ ᠭᠡᠷᠡᠭ ᠮᠡᠳᠡᠬᠦᠯᠬᠦ ᠶᠢᠨ ᠠᠷᠭ᠎ᠠ ᠥᠭᠡᠢ ᠪᠤᠯ ᠰᠡᠵᠢᠭᠳᠡᠨ ᠢ ᠨᠤᠮᠤᠬᠠᠳᠬᠠᠭᠰᠠᠨ ᠪᠤᠶᠤ ᠠᠶᠤᠯᠳᠤ ᠪᠠᠶᠢᠳᠠᠯ ᠠᠴᠠ ᠮᠤᠯᠳᠤᠷᠠᠭᠰᠠᠨ ᠤ ᠲᠠᠷᠠᠭ᠎ᠠ ᠥᠳᠳᠡᠷ | ᠲᠥᠷᠭᠡᠨ ᠢᠶᠠᠷ ᠴᠠᠭᠳᠠᠭ᠎ᠠ ᠳᠤ ᠭᠡᠷᠡᠭ ᠮᠡᠳᠡᠬᠦᠯᠬᠦ ᠭᠡᠷᠡᠭᠳᠡᠢ᠃ | ︵2︶ ᠤᠰᠤᠨ ᠳᠤ ᠤᠨᠠᠭᠰᠠᠨ᠂ ᠠᠰᠠᠷ ᠬᠠᠷᠠᠶᠢᠭᠰᠠᠨ᠂ ᠥᠪᠡᠷ ᠢ ᠪᠠᠨ ᠬᠤᠤᠷᠯᠠᠭᠰᠠᠨ᠂ ᠨᠠᠰᠤᠳᠠᠶᠢᠴᠤᠳ᠂ ᠭᠡᠥᠭᠡᠳ ᠪᠤᠶᠤ ᠤᠶᠤᠨ ᠴᠢᠳᠠᠪᠤᠷᠢ ᠶᠢᠨ | ᠠᠷᠬᠠᠭ ᠲᠠᠢ᠂ ᠮᠡᠳᠡᠷᠡᠯ ᠤᠨ ᠡᠪᠡᠳᠴᠢᠨ ᠲᠠᠢ ᠬᠥᠮᠥᠰ ᠠᠯᠠᠭ᠎ᠠ ᠪᠤᠯᠤᠭᠰᠠᠨ᠂ ᠤᠯᠠᠨ ᠨᠡᠶᠢᠳᠡ ᠪᠠᠷ ᠢᠶᠠᠨ ᠠᠶᠤᠯ ᠲᠥᠭᠰᠢᠬᠦᠷᠢ ᠳᠤ ᠤᠴᠠᠷᠠᠵᠤ ᠭᠠᠭᠴᠠᠭᠠᠷᠳᠠᠨ | ᠮᠤᠬᠤᠷᠳᠠᠭᠰᠠᠨ᠂ ᠤᠰᠤ᠂ ᠴᠠᠬᠢᠯᠭᠠᠨ᠂ ᠭᠡᠢ᠂ ᠲᠤᠯᠠᠭᠠᠯᠠᠭ᠎ᠠ ᠵᠡᠷᠭᠡ ᠤᠯᠠᠨ ᠨᠡᠶᠢᠳᠡ ᠶᠢᠨ ᠪᠡᠯᠡᠳᠭᠡᠮᠵᠢ ᠳᠤ ᠲᠥᠭᠰᠢᠬᠦᠷᠢᠳᠤ ᠪᠠᠶᠢᠳᠠᠯ ᠢᠯᠡᠷᠡᠭᠰᠡᠨ ᠵᠡᠷᠭᠡ ᠶᠢ ᠰᠡᠷᠡᠵᠤ | ᠮᠡᠳᠡᠪᠡᠯ ᠴᠥᠮ 110 ᠤᠳᠠᠰᠤ ᠪᠠᠷ ᠴᠠᠭᠳᠠᠭ᠎ᠠ ᠳᠤ ᠭᠡᠷᠡᠭ ᠮᠡᠳᠡᠬᠦᠯᠥᠨᠡ᠃ | ᠰᠠᠨᠠᠭᠤᠯᠬᠤ ᠨᠢ᠄ | ︵1︶ 110 ᠤᠳᠠᠰᠤ ᠪᠤᠯ ᠰᠥᠢᠳᠭᠡᠯ ᠠᠪᠳᠠᠭ ᠥᠭᠡᠢ᠂ ᠮᠥᠡᠭᠬᠦᠨ ᠵᠤᠭᠤᠰ ᠤᠷᠬᠢᠬᠤ᠂ ᠰᠤᠷᠢᠨᠵᠢᠨ ᠺᠠᠷᠲ ᠭᠡᠷᠡᠭᠯᠡᠬᠦ ᠠᠷᠭ᠎ᠠ ᠪᠠᠷ ᠨᠡᠶᠢᠳᠡ ᠶᠢᠨ | ᠭᠡᠷᠡᠭᠯᠡᠭᠡᠨ ᠤ ᠤᠳᠠᠰᠤ ᠪᠠᠷ ᠪᠥᠷ ᠰᠢᠭᠤᠳ ᠤᠳᠠᠰᠤᠳᠠᠵᠤ ᠪᠤᠯᠤᠨ᠎ᠠ᠃ | ︵2︶ ᠴᠠᠭᠳᠠᠭ᠎ᠠ ᠳᠤ ᠭᠡᠷᠡᠭ ᠮᠡᠳᠡᠬᠦᠯᠬᠦ ᠥᠶ᠎ᠡ ᠳᠤ ᠭᠡᠷᠡᠭ ᠡᠬᠦᠰᠥᠭᠰᠡᠨ ᠴᠠᠭ ᠬᠤᠭᠤᠴᠠᠭ᠎ᠠ᠂ ᠤᠷᠤᠨ ᠪᠠᠶᠢᠷᠢ᠂ ᠥᠪᠡᠷ ᠤᠨ ᠢᠶᠠᠨ ᠨᠡᠷ᠎ᠡ ᠤᠪᠤᠭ ᠵᠢᠴᠢ | ᠬᠠᠷᠢᠯᠴᠠᠬᠤ ᠠᠷᠭ᠎ᠠ ᠮᠠᠶ᠋ᠢᠬ ᠵᠡᠷᠭᠡ ᠪᠠᠨ ᠲᠤᠳᠤᠷᠬᠠᠢ ᠭᠡᠯᠡᠵᠤ ᠥᠭᠬᠦ ᠭᠡᠷᠡᠭᠳᠡᠢ᠃ ᠭᠡᠷᠪᠡ ᠭᠡᠷᠡᠭ ᠡᠬᠦᠰᠥᠭᠰᠡᠨ ᠭᠠᠵᠠᠷ ᠤᠷᠤᠨ ᠢ ᠨᠢ ᠲᠤᠳᠤᠷᠬᠠᠢ ᠮᠡᠳᠡᠬᠦ ᠥᠭᠡᠢ ᠪᠤᠯ | ᠲᠤᠬᠠᠢ ᠶᠢᠨ ᠲᠠᠯᠠᠪᠠᠢ ᠶᠢᠨ ᠤᠢᠢᠷᠠᠯᠴᠠᠭ᠎ᠠ ᠪᠠᠶᠢᠭ᠎ᠠ ᠢᠯᠡ ᠲᠤᠳᠤ ᠲᠡᠮᠳᠡᠭ ᠲᠠᠢ ᠪᠠᠷᠢᠯᠭ᠎ᠠ᠂ ᠲᠤᠮᠤ ᠭᠡᠯᠪᠡᠷᠢ ᠶᠢᠨ ᠭᠠᠵᠠᠷ ᠲᠠᠯᠠᠪᠠᠢ᠂ ᠤᠯᠠᠨ ᠨᠡᠶᠢᠳᠡ ᠶᠢᠨ ᠮᠠᠰᠢᠨ | ᠲᠡᠷᠭᠡᠨ ᠤ ᠥᠷᠳᠡᠭᠡ᠂ ᠪᠠᠶᠢᠭᠤᠯᠭ᠎ᠠ ᠶᠢᠨ ᠨᠡᠷᠡᠶᠢᠳᠥᠯ ᠵᠡᠷᠭᠡ ᠶᠢ ᠭᠡᠯᠡᠵᠤ ᠥᠭᠬᠦ ᠭᠡᠷᠡᠭᠳᠡᠢ᠃ | ︵3︶ ᠴᠠᠭᠳᠠᠭ᠎ᠠ ᠳᠤ ᠭᠡᠷᠡᠭ ᠮᠡᠳᠡᠬᠦᠯᠥᠭᠰᠡᠨ ᠤ ᠲᠠᠷᠠᠭ᠎ᠠ ᠲᠤᠬᠠᠢ ᠶᠢᠨ ᠲᠠᠯᠠᠪᠠᠢ ᠶᠢ ᠬᠠᠮᠠᠭᠠᠯᠠᠵᠤ᠂ ᠴᠠᠭᠳᠠᠭ᠎ᠠ ᠢᠷᠡᠵᠤ ᠭᠡᠷᠡᠴᠢ ᠪᠠᠷᠢᠮᠳᠠ᠂ ᠤᠷᠤ ᠮᠥᠷ ᠢ | ᠪᠠᠶᠢᠴᠠᠭᠠᠬᠤ ᠳᠤ ᠲᠥᠬᠦᠮ ᠥᠵᠡᠬᠦᠯᠬᠦ ᠭᠡᠷᠡᠭᠳᠡᠢ᠃ | ︵4︶ ᠨᠠᠰᠤᠨ ᠳᠤ ᠬᠥᠷᠥᠭᠡᠳᠥᠢ ᠭᠡᠥᠭᠡᠳ ᠡᠷᠡᠬᠦᠥ ᠶᠢᠨ ᠭᠡᠷᠡᠭ ᠲᠤ ᠤᠴᠠᠷᠠᠪᠠᠯ᠂ ᠬᠠᠮᠤᠭ ᠤᠨ ᠲᠡᠷᠢᠬᠦᠨ ᠳᠤ ᠥᠪᠡᠷ ᠤᠨ ᠢᠶᠠᠨ ᠠᠮᠤᠷ ᠲᠥᠪᠰᠢᠨ ᠢᠶᠠᠨ | ᠰᠠᠶᠢᠳᠤᠷ ᠬᠠᠮᠠᠭᠠᠯᠠᠬᠤ ᠭᠡᠷᠡᠭᠳᠡᠢ᠃ | ︵5︶ ᠵᠥᠢ ᠶᠤᠰᠤᠨ ᠤ ᠬᠠᠮᠠᠭᠠᠯᠠᠯᠳᠠ ᠶᠠᠪᠤᠭᠤᠯᠬᠤ ᠥᠶ᠎ᠡ ᠳᠤ ᠬᠡᠳᠥᠷᠡᠭᠰᠡᠨ ᠬᠠᠮᠠᠭᠠᠯᠠᠯᠳᠠ ᠶᠢᠨ ᠠᠵᠢᠯᠯᠠᠭ᠎ᠠ ᠠᠪᠬᠤ ᠶᠢ ᠪᠤᠯᠭᠤᠮᠵᠢᠯᠠᠬᠤ ᠭᠡᠷᠡᠭᠳᠡᠢ᠃ |