︵ᠲᠠᠪᠤ︶ ᠲᠠᠷᠢᠶᠠᠯᠠᠬᠤ ᠮᠠᠯᠵᠢᠬᠤ ᠤᠷᠤᠨ ᠳᠤ ᠲᠠᠷᠢᠬᠤ ᠳᠤ ᠲᠤᠭᠢᠷᠠᠬᠤ ᠦᠯ  ᠰᠠᠶᠢᠳᠠᠢ ᠦᠨᠳᠤᠷ ᠤᠨᠠᠯᠳᠠ  ᠲᠠᠢ ᠡᠪᠡᠰᠤᠨ ᠤ ᠲᠦᠷᠦᠯ
ᠨᠡᠶᠢᠲᠡᠯᠡᠭᠰᠡᠨ ᠴᠠᠭ᠄
2015-11-25
       1. ᠤᠰᠤ ᠪᠤᠷᠳᠤᠭᠤᠷ ᠰᠠᠶᠢᠳᠠᠢ ᠭᠠᠵᠠᠷ ᠤᠷᠤᠨ ᠢᠶᠠᠷ ᠲᠠᠷᠢᠬᠤ ᠳᠤ ᠲᠤᠭᠢᠷᠠᠬᠤ ᠡᠪᠡᠰᠤᠨ ᠤ ᠲᠦᠷᠦᠯ        ︵1︶ ᠮᠧᠺᠰᠢᠺᠤ ᠶᠢᠨ ᠡᠷᠳᠡᠨᠢ ᠰᠢᠰᠢ᠄ ᠮᠧᠺᠰᠢᠺᠤ ᠠᠴᠠ ᠤᠷᠤᠭᠤᠯᠵᠤ ᠢᠷᠡᠵᠡᠢ᠃ ᠨᠢᠭᠡ ᠨᠠᠰᠤᠳᠤ ᠦᠶᠡᠳᠤ ᠤᠷᠭᠤᠮᠠᠯ ᠤᠨ ᠢᠵᠠᠭᠤᠷ ᠤᠨ ᠬᠢ ᠶᠢ 1m ᠤᠷᠴᠢᠮ ᠪᠤᠯᠤᠮᠬᠠᠴᠠ ᠬᠠᠳᠤᠵᠤ᠂ ᠵᠢᠯ ᠳᠤ 4~6 ᠤᠳᠠᠭ᠎ᠠ ᠬᠠᠳᠤᠵᠤ ᠬᠤᠷᠢᠶᠠᠵᠤ᠂ ᠵᠢᠯ ᠳᠤ ᠮᠤ᠋ ᠪᠦᠷᠢ ᠶᠢᠨ ᠤᠨᠠᠯᠳᠠ ᠨᠢ 2~3  ᠲᠦᠮᠡᠨ kg ᠳᠤ ᠭᠦᠷᠳᠡᠭ᠃ ᠵᠢᠯ ᠪᠦᠷᠢ 3~6 ᠳ᠋ᠤᠭᠠᠷ ᠰᠠᠷ᠎ᠠ ᠳᠤ ᠲᠠᠷᠢᠵᠤ᠂ ᠤᠷᠭᠤᠯᠳᠠ ᠶᠢᠨ ᠬᠤᠭᠤᠴᠠᠭ᠎ᠠ ᠨᠢ 9 ᠰᠠᠷ᠎ᠠ ᠪᠤᠯᠳᠠᠭ᠃ ᠲᠠᠷᠢᠬᠤ ᠠᠴᠠ ᠪᠠᠨ ᠡᠮᠦᠨ᠎ᠠ ᠦᠷ᠎ᠡ ᠪᠠᠨ 60℃ ᠤᠨ ᠬᠠᠯᠠᠭᠤᠨ ᠤᠰᠤᠨ ᠳᠤ 12 ᠴᠠᠭ ᠠᠴᠠ ᠲᠡᠭᠡᠭᠰᠢ ᠲᠠᠪᠳᠦᠭᠡᠵᠤ᠂ ᠮᠤ᠋ ᠪᠦᠷᠢ 50~100g ᠦᠷ᠎ᠡ ᠭᠡᠷᠡᠭᠯᠡᠨ᠎ᠡ᠃ ᠰᠠᠭᠤᠷᠢ ᠮᠦᠷ ᠢ 100 × 100cm ᠵᠠᠢ ᠲᠠᠢ ᠴᠤᠨᠤᠠᠠᠯᠠᠨ ᠰᠠᠭᠤᠯᠭᠠᠬᠤ ᠪᠠ ᠨᠦᠭᠡ ᠪᠦᠷᠢ 2~3 ᠮᠦᠭᠦᠯᠢᠭ ᠦᠷ᠎ᠡ ᠲᠠᠷᠢᠨ᠎ᠠ᠃ ᠤᠷᠭᠤᠮᠠᠯ ᠤᠨ ᠬᠠᠭᠤᠷᠠᠢ ᠡᠪᠡᠰᠤᠨ ᠳᠤ ᠪᠦᠳᠦᠭᠦᠯᠢᠭ ᠤᠭᠤᠷᠠᠭ 13.8%᠂ ᠠᠽᠤᠲ ᠦᠭᠡᠢ ᠲᠡᠪᠳᠦᠭᠡᠯᠳᠡ ᠡᠳ᠋ 42%᠂ ᠪᠦᠳᠦᠭᠦᠯᠢᠭ ᠦᠭᠡᠭᠦ 2%᠂ ᠪᠦᠳᠦᠭᠦᠯᠢᠭ ᠰᠢᠷᠭᠡᠭᠯᠢᠭ 30%᠂ ᠪᠦᠳᠦᠭᠦᠯᠢᠭ ᠦᠨᠡᠰᠤ 12% ᠠᠭᠤᠯᠤᠭᠳᠠᠵᠤ ᠪᠠᠶᠢᠳᠠᠭ᠃ ᠡᠯ᠎ᠠ ᠲᠦᠷᠦᠯ ᠤᠨ ᠡᠪᠡᠰᠤᠨ ᠲᠡᠵᠢᠭᠡᠯᠳᠤ ᠭᠡᠷ ᠤᠨ ᠮᠠᠯ ᠵᠢᠭᠦᠷᠳᠡᠨ᠂ ᠵᠢᠭᠠᠰᠤᠨ ᠲᠦᠷᠦᠯ ᠢ ᠲᠡᠵᠢᠭᠡᠭᠦ ᠳᠤ ᠲᠤᠭᠢᠷᠠᠨ᠎ᠠ᠃ ᠤᠯᠤᠰ ᠠᠴᠠ ᠭᠢᠨᠠᠨ ᠲᠤᠠᠠᠳᠠᠭᠠᠵᠤ ᠲᠡᠯᠭᠡᠷᠡᠭᠦᠯᠵᠤ ᠪᠠᠶᠢᠭ᠎ᠠ ᠡᠪᠡᠰᠤᠨ ᠰᠤᠷᠲ ᠪᠤᠯᠤᠨ᠎ᠠ᠃       ︵2︶ ᠪᠢᠷᠮᠡ ᠶᠢᠨ ᠲᠤᠰᠤᠨ ᠰᠠᠷᠪᠠᠯᠵᠢ ︵ᠠᠷᠪᠠᠢ ᠨᠤᠭᠤᠭ᠎ᠠ︶᠄ ᠪᠢᠷᠮᠡ ᠠᠴᠠ ᠤᠷᠤᠭᠤᠯᠵᠤ ᠢᠷᠡᠵᠡᠢ᠃ ᠢᠳᠡᠰᠢᠨ ᠲᠤᠰᠤ ᠪᠠ ᠪᠤᠷᠳᠤᠭ᠎ᠠ ᠳᠤ ᠭᠡᠷᠡᠭᠯᠡᠳᠡᠭ ᠰᠡᠷᠪᠡᠯᠵᠢ ᠶᠢᠨ ᠢᠵᠠᠭᠤᠷ ᠤᠨ ᠡᠪᠡᠰᠤ ᠪᠤᠯᠤᠨ᠎ᠠ᠃ 2m ᠦᠨᠳᠤᠷ ᠤᠷᠭᠤᠵᠤ᠂ ᠤᠷᠭᠤᠯᠳᠠ ᠶᠢᠨ ᠬᠤᠭᠤᠴᠠᠭ᠎ᠠ ᠨᠢ 60~70 ᠡᠳᠤᠷ ᠪᠠᠶᠢᠵᠤ᠂ ᠵᠢᠯ ᠳᠤ ᠨᠢᠬᠡ ᠯᠠ ᠤᠳᠠᠭ᠎ᠠ ᠬᠠᠳᠤᠵᠤ ᠬᠤᠷᠢᠶᠠᠳᠠᠭ᠃ ᠵᠢᠯ ᠳᠤ ᠮᠤ᠋ ᠪᠦᠷᠢ ᠶᠢᠨ ᠤᠨᠠᠯᠳᠠ ᠨᠢ 2~4 ᠲᠦᠮᠡᠨ ᠺᠢᠯᠤᠭ᠍ᠷᠡᠮ ᠳᠤ ᠭᠦᠷᠳᠡᠭ᠃ ᠵᠢᠯ ᠪᠦᠷᠢ 3~5 ᠳ᠋ᠤᠭᠠᠷ ᠰᠠᠷ᠎ᠠ ᠳᠤ ᠲᠠᠷᠢᠵᠤ᠂ ᠮᠤ᠋ ᠪᠦᠷᠢ 30~50g ᠦᠷ᠎ᠡ ᠭᠡᠷᠡᠭᠯᠡᠵᠤ᠂ ᠰᠠᠭᠤᠷᠢ᠂ ᠮᠦᠷ ᠤᠨ ᠵᠠᠢ ᠶᠢ 20 × 20cm ᠪᠠᠶᠢᠯᠭᠠᠳᠠᠭ᠃ ᠤᠷᠭᠤᠮᠠᠯ ᠤᠨ ᠬᠠᠭᠤᠷᠠᠢ ᠡᠪᠡᠰᠤᠨ ᠳᠤ ᠪᠦᠳᠦᠭᠦᠯᠢᠭ ᠤᠭᠤᠷᠠᠭ 22.8%᠂ ᠠᠽᠤᠲ ᠦᠭᠡᠢ ᠲᠠᠪᠳᠦᠭᠡᠯᠳᠡ ᠡᠳ᠋ 50%᠂ ᠪᠦᠳᠦᠭᠦᠯᠢᠭ ᠦᠭᠡᠭᠦ 1.7%᠂ ᠪᠦᠳᠦᠭᠦᠯᠢᠭ ᠰᠢᠷᠭᠡᠭᠯᠢᠭ 15.3%᠂ ᠪᠦᠳᠦᠭᠦᠯᠢᠭ ᠦᠨᠡᠰᠤ 10% ᠠᠭᠤᠯᠤᠭᠳᠠᠵᠤ ᠪᠠᠶᠢᠳᠠᠭ᠃ ᠡᠯ᠎ᠡ ᠲᠦᠷᠦᠯ ᠤᠨ ᠭᠡᠷ ᠤᠨ ᠮᠠᠯ ᠵᠢᠭᠦᠷᠳᠡᠨ ᠪᠠ ᠵᠢᠭᠠᠰᠤᠨ ᠲᠦᠷᠦᠯ ᠢ ᠲᠡᠵᠢᠭᠡᠭᠦ ᠳᠤ ᠲᠤᠭᠢᠷᠠᠨ᠎ᠠ᠃ ᠤᠯᠤᠰ ᠠᠴᠠ ᠭᠢᠨᠠᠨ ᠲᠤᠠᠠᠳᠠᠭᠠᠵᠤ ᠲᠡᠯᠭᠡᠷᠡᠭᠦᠯᠵᠤ ᠪᠠᠶᠢᠭ᠎ᠠ ᠡᠪᠡᠰᠤᠨ ᠤ ᠲᠦᠷᠦᠯ ᠪᠤᠯᠤᠨ᠎ᠠ᠃       ︵3︶ ᠤᠭᠤᠷᠠᠭ ᠡᠯᠪᠡᠭ ᠲᠠᠢ ᠰᠠᠷᠪᠡᠯᠵᠢ᠄ ᠠᠮᠧᠷᠢᠺᠠ ᠠᠴᠠ ᠤᠷᠤᠭᠤᠯᠵᠤ ᠢᠷᠡᠵᠡᠢ᠃ ᠦᠨᠳᠤᠷ ᠲᠤᠯᠠᠭᠠᠨ ᠤ ᠤᠷᠭᠤᠮᠠᠯ ᠳᠤ ᠬᠠᠷᠢᠶᠠᠯᠬᠠᠳᠠᠨ᠎ᠠ᠃ ᠨᠢᠭᠡ ᠨᠠᠰᠤᠳᠤ ᠰᠠᠷᠪᠡᠯᠵᠢ ᠡᠪᠡᠰᠤ ᠶᠢ 60~80cm ᠤᠷᠭᠤᠮᠬᠠᠴᠠ ᠬᠠᠳᠤᠵᠤ ᠪᠤᠯᠬᠤ ᠪᠦᠭᠡᠳ ᠵᠢᠯ ᠳᠤ 3~4 ᠤᠳᠠᠭ᠎ᠠ ᠬᠠᠳᠤᠵᠤ᠂ ᠬᠠᠳᠤᠬᠤ ᠳᠠᠭᠠᠨ 15cm ᠭᠤᠤᠷᠰᠤ ᠦᠯᠡᠳᠡᠭᠡᠵᠤ᠂ ᠬᠠᠮᠤᠭ ᠰᠡᠭᠦᠯᠴᠢ ᠶᠢᠨ ᠤᠳᠠᠭ᠎ᠠ ᠬᠠᠳᠤᠬᠤ ᠳᠠᠭᠠᠨ ᠭᠤᠤᠷᠰᠤ ᠦᠯᠡᠳᠡᠭᠡᠭᠦ ᠦᠭᠡᠢ᠃ ᠦᠨᠳᠤᠷ ᠢᠶᠠᠷ ᠢᠶᠠᠨ 2~3m ᠤᠷᠭᠤᠵᠤ᠂ ᠵᠢᠯ ᠳᠤ 1.5~3 ᠲᠦᠮᠨᠨ ᠺᠢᠯᠤᠭ᠍ᠷᠡᠮ ᠡᠪᠡᠰᠤ᠂ 300~400kg ᠡᠪᠡᠰᠤᠨ ᠤ ᠦᠷ᠎ᠡ ᠬᠤᠷᠢᠶᠠᠳᠠᠭ᠃ ᠵᠢᠯ ᠪᠦᠷᠢ 3~7 ᠳ᠋ᠤᠭᠠᠷ ᠰᠠᠷ᠎ᠠ ᠳᠤ ᠲᠠᠷᠢᠵᠤ᠂ ᠮᠤ᠋ ᠪᠦᠷᠢ 80~150g ᠦᠷ᠎ᠡ ᠭᠡᠷᠡᠭᠯᠡᠵᠤ᠂ ᠰᠠᠭᠤᠷᠢ ᠮᠦᠷ ᠤᠨ ᠵᠠᠢ ᠶᠢ 40 × 40cm ᠪᠠᠶᠢᠯᠭᠠᠨ᠎ᠠ᠃ ᠤᠷᠭᠤᠮᠠᠯ ᠤᠨ ᠬᠠᠭᠤᠷᠠᠢ ᠡᠪᠡᠰᠤᠨ ᠤ ᠲᠤᠳᠤᠷ᠎ᠡ ᠪᠦᠳᠦᠭᠦᠯᠢᠭ ᠤᠭᠤᠷᠠᠭ 26%᠂ ᠪᠦᠳᠦᠭᠦᠯᠢᠭ ᠰᠢᠷᠭᠡᠭᠯᠢᠭ 1.2% ᠠᠭᠤᠯᠤᠠᠠᠳᠠᠵᠤ ᠪᠠᠶᠢᠳᠠᠭ᠃ ᠡᠯ᠎ᠡ ᠲᠦᠷᠦᠯ ᠤᠨ ᠮᠠᠯ ᠵᠢᠭᠦᠷᠳᠡᠨ ᠪᠠ ᠵᠢᠭᠠᠰᠤᠨ ᠲᠦᠷᠦᠯ ᠢ ᠲᠡᠵᠢᠭᠡᠭᠦ ᠳᠤ ᠲᠤᠭᠢᠷᠠᠨ᠎ᠠ᠃ ᠤᠯᠤᠰ ᠠᠴᠠ ᠭᠢᠨᠠᠨ ᠲᠤᠠᠠᠳᠠᠭᠠᠵᠤ ᠲᠡᠯᠭᠡᠷᠡᠭᠦᠯᠵᠤ ᠪᠠᠶᠢᠭ᠎ᠠ ᠡᠪᠡᠰᠤᠨ ᠤ ᠰᠤᠷᠲ ᠪᠤᠯᠤᠨ᠎ᠠ᠃       ︵ 4︶ ᠰᠢᠪᠳᠤᠷᠳᠤ ᠭᠦᠴᠢᠯ ᠡᠪᠡᠰᠤ᠄ ᠤᠯᠤᠰ ᠤᠨ ᠲᠤᠳᠤᠭᠠᠳᠤ ᠳᠤ ᠪᠤᠶᠢᠵᠢᠭᠤᠯᠤᠠᠠᠰᠠᠨ ᠨᠢᠭᠡ ᠨᠠᠰᠤᠳᠤ ᠪᠠ ᠵᠢᠯ ᠦᠨᠵᠢᠭᠦ ᠤᠳ᠋ᠪᠠᠯ᠎ᠠ ᠶᠢᠨ ᠢᠵᠠᠭᠤᠷᠳᠤ ᠡᠪᠡᠰᠤ ᠪᠤᠯᠤᠨ᠎ᠠ᠃ ᠦᠨᠳᠤᠷ ᠢᠶᠠᠷ ᠢᠶᠠᠨ 2~3m ᠤᠷᠭᠤᠵᠤ᠂ 60~80cm ᠤᠷᠭᠤᠮᠬᠠᠴᠠ ᠬᠠᠳᠤᠵᠤ᠂ 4~6 ᠤᠳᠠᠭ᠎ᠠ ᠬᠠᠳᠤᠵᠤ᠂ ᠬᠠᠳᠤᠬᠤ ᠳᠠᠭᠠᠨ 10cm ᠭᠤᠤᠷᠰᠤ ᠦᠯᠡᠳᠡᠭᠡᠵᠤ᠂ ᠬᠠᠮᠤᠭ ᠰᠡᠭᠦᠯᠴᠢ ᠶᠢᠨ ᠤᠳᠠᠭ᠎ᠠ ᠬᠠᠳᠤᠬᠤ ᠳᠠᠭᠠᠨ ᠭᠤᠤᠷᠰᠤ ᠦᠯᠡᠳᠡᠭᠡᠭᠦ ᠦᠭᠡᠢ᠃ ᠵᠢᠯ ᠳᠤ ᠮᠤ᠋ ᠪᠦᠷᠢ ᠶᠢᠨ ᠤᠨᠠᠯᠳᠠ ᠨᠢ 1~2 ᠲᠦᠮᠡᠨ kg ᠭᠦᠷᠳᠡᠭ᠃ ᠵᠢᠯ ᠪᠦᠷᠢ 3~8 ᠳ᠋ᠤᠭᠠᠷ ᠰᠠᠷ᠎ᠠ ᠳᠤ ᠲᠠᠷᠢᠵᠤ᠂ ᠤᠷᠭᠤᠯᠳᠠ ᠶᠢᠨ ᠬᠤᠭᠤᠴᠠᠭ᠎ᠠ ᠨᠢ 7 ᠰᠠᠷ᠎ᠠ ᠪᠠᠶᠢᠵᠤ᠂ ᠮᠤ᠋ ᠪᠦᠷᠢ 30~50g ᠦᠷ᠎ᠡ ᠭᠡᠷᠡᠭᠰᠡᠵᠤ᠂ ᠰᠠᠭᠤᠷᠢ ᠮᠦᠷ ᠤᠨ ᠵᠠᠢ ᠶᠢ 20 × 20cm ᠪᠠᠶᠢᠯᠭᠠᠵᠤ᠂ 2cm ᠰᠢᠷᠤᠢ ᠬᠤᠴᠢᠨ᠎ᠠ᠃ ᠤᠷᠭᠤᠮᠠᠯ ᠤᠨ ᠬᠠᠭᠤᠷᠠᠢ ᠡᠪᠡᠰᠤᠨ ᠤ ᠲᠤᠳᠤᠷ᠎ᠡ ᠪᠦᠳᠦᠭᠦᠯᠢᠭ ᠤᠭᠤᠷᠠᠭ 21%~29%᠂ ᠰᠢᠪᠳᠤᠷᠳᠤ ᠭᠦᠴᠢᠯ ᠪᠦᠷᠢᠨ᠂ ᠪᠦᠳᠦᠭᠦᠯᠢᠭ ᠦᠭᠡᠭᠦ 5.2%᠂ ᠠᠽᠤᠲ ᠦᠭᠡᠢ ᠲᠠᠪᠳᠦᠭᠡᠯᠳᠡ ᠡᠳ᠋ 42%᠂ ᠪᠦᠳᠦᠭᠦᠯᠢᠭ ᠰᠢᠷᠭᠡᠭᠯᠢᠭ 10%᠂ ᠪᠦᠳᠦᠭᠦᠯᠢᠭ ᠦᠨᠡᠰᠤ 11.6%᠂ ᠹᠤᠰᠹᠤᠷ 0.7% ᠠᠭᠤᠯᠤᠠᠠᠳᠠᠵᠤ ᠪᠠᠶᠢᠳᠠᠭ᠃ ᠡᠯ᠎ᠡ ᠲᠦᠷᠦᠯ ᠤᠨ ᠮᠠᠯ ᠵᠢᠭᠦᠷᠳᠡᠨ᠂ ᠭᠦᠷᠢ᠂ ᠵᠢᠭᠠᠰᠤᠨ ᠤ ᠲᠦᠷᠦᠯ ᠢ ᠲᠡᠵᠢᠭᠡᠭᠦ  ᠳᠤ ᠲᠤᠭᠢᠷᠠᠨ᠎ᠠ᠃ ᠤᠯᠤᠰ ᠠᠴᠠ ᠭᠢᠨᠠᠨ ᠲᠤᠠᠠᠳᠠᠭᠠᠵᠤ ᠲᠡᠯᠭᠡᠷᠡᠭᠦᠯᠵᠤ ᠪᠠᠶᠢᠭ᠎ᠠ ᠡᠪᠡᠰᠤᠨ ᠡᠭᠦᠯᠳᠡᠷ ᠪᠤᠯᠤᠨ᠎ᠠ᠃       ︵5︶ ᠰᠤᠪᠤᠳ ᠡᠪᠡᠰᠤ᠄ ᠪᠠᠰᠠ ᠤᠳ᠋ᠪᠠᠯ᠎ᠠ ᠴᠡᠴᠡᠭ ᠤᠨ ᠡᠪᠡᠰᠤ ᠭᠡᠳᠡᠭ᠃ ᠹᠷᠠᠠᠼᠢ ᠠᠴᠠ ᠤᠷᠤᠭᠤᠯᠵᠤ ᠢᠷᠡᠭᠰᠡᠨ ᠤᠳ᠋ᠪᠠᠯ᠎ᠠ ᠶᠢᠨ ᠢᠵᠠᠭᠤᠷ ᠤᠨ ᠤᠯᠠᠨ ᠨᠠᠰᠤᠳᠤ ᠡᠪᠡᠰᠤ ᠪᠤᠯᠤᠨ᠎ᠠ᠃ ᠭᠦᠴᠢᠯ ᠢ ᠲᠠᠭᠠᠭᠠᠵᠤ ᠲᠡᠶᠢᠯᠭᠦ ᠪᠤᠯᠪᠠᠴᠤ ᠬᠤᠵᠢᠷ ᠲᠠᠢ ᠪᠤᠰᠤ ᠪᠠ ᠲᠠᠴᠢᠷ ᠭᠠᠵᠠᠷ ᠮᠠᠭᠤ ᠪᠠᠶᠢᠳᠠᠭ᠃ 8~10 ᠵᠢᠯ ᠠᠰᠢᠠᠠᠯᠠᠵᠤ ᠪᠤᠯᠤᠨ᠎ᠠ᠃ 2~3m ᠦᠨᠳᠤᠷ ᠤᠷᠭᠤᠵᠤ᠂ ᠵᠢᠯ ᠳᠤ 4~6 ᠤᠳᠠᠭ᠎ᠠ ᠬᠠᠳᠤᠵᠤ᠂ ᠮᠤ᠋ ᠪᠦᠷᠢ ᠠᠴᠠ 2~3 ᠲᠦᠮᠡᠨ ᠺᠢᠯᠤᠭ᠍ᠷᠡᠮ ᠡᠪᠡᠰᠤ ᠬᠤᠷᠢᠶᠠᠨ᠎ᠠ᠃ ᠬᠠᠪᠤᠷ᠂ ᠨᠠᠮᠤᠷ ᠴᠦᠮ ᠦᠨᠳᠦᠰᠦᠯᠡᠭᠦ ᠪᠤᠶᠤ ᠲᠠᠷᠢᠵᠤ ᠪᠤᠯᠤᠨ᠎ᠠ᠃ ᠨᠠᠮᠤᠷ ᠲᠠᠷᠢᠪᠡᠯ ᠲᠠᠷᠠᠭ᠎ᠠ ᠬᠠᠪᠤᠷ ᠨᠢ ᠭᠦᠭᠡᠷᠡᠴᠢᠭᠡᠨ᠎ᠡ᠃ ᠮᠤ᠋ ᠪᠦᠷᠢ 30~50g ᠦᠷ᠎ᠡ ᠭᠡᠷᠡᠭᠯᠡᠵᠤ᠂ ᠰᠠᠭᠤᠷᠢ᠂ ᠮᠦᠷ ᠤᠨ ᠵᠠᠢ ᠶᠢ 60 × 60cm ᠪᠠᠶᠢᠯᠭᠠᠵᠤ᠂ 3cm ᠤᠷᠴᠢᠮ ᠰᠢᠷᠤᠢ ᠪᠠᠷ ᠬᠤᠴᠢᠨ᠎ᠠ᠃ ᠤᠷᠭᠤᠮᠠᠯ ᠤᠨ ᠬᠠᠭᠤᠷᠠᠢ ᠡᠪᠡᠰᠤᠨ ᠤ ᠲᠤᠳᠤᠷ᠎ᠠ ᠪᠦᠳᠦᠭᠦᠯᠢᠭ ᠤᠭᠤᠷᠠᠭ 18.5% ᠠᠭᠤᠯᠤᠠᠠᠳᠠᠵᠤ᠂ ᠠᠮᠳᠠ ᠪᠠᠷ ᠠᠨᠠᠶᠢᠬᠠᠨ ᠪᠠᠶᠢᠳᠠᠭ᠂ ᠭᠡᠪᠡᠴᠤ ᠪᠤᠰᠤᠳ ᠵᠦᠢᠯ ᠤᠨ ᠠᠮᠳᠠᠷᠬᠠᠭ ᠡᠪᠡᠰᠤ ᠲᠠᠢ ᠬᠤᠯᠢᠨ ᠲᠡᠵᠢᠭᠡᠵᠤ ᠪᠤᠯᠤᠨ᠎ᠠ᠃ ᠡᠯ᠎ᠡ ᠲᠦᠷᠦᠯ ᠤᠨ ᠮᠠᠯ ᠵᠢᠭᠦᠷᠳᠡᠨ᠂ ᠵᠢᠭᠠᠰᠤᠨ ᠲᠦᠷᠦᠯ ᠢ ᠲᠡᠵᠢᠭᠡᠭᠦ ᠳᠤ ᠲᠤᠭᠢᠷᠠᠨ᠎ᠠ᠃ ᠤᠯᠤᠰ  ᠠᠴᠠ ᠭᠢᠨᠠᠨ ᠲᠤᠠᠠᠳᠠᠭᠠᠨ ᠲᠡᠯᠭᠡᠷᠡᠭᠦᠯᠵᠤ ᠪᠠᠶᠢᠭ᠎ᠠ ᠡᠪᠡᠰᠤᠨ ᠤ ᠰᠤᠷᠲ ᠪᠤᠯᠤᠨ᠎ᠠ᠃       ︵6︶ ᠤᠷᠤᠰ ᠤᠨ ᠪᠤᠷᠳᠤᠭᠠᠨ ᠨᠤᠭᠤᠭ᠎ᠠ᠄ ᠨᠢᠭᠡ ᠨᠠᠰᠤᠳᠤ ᠪᠠ ᠵᠢᠯ ᠦᠨᠵᠢᠭᠦ ᠰᠤᠷᠲ ᠪᠤᠯᠤᠨ᠎ᠠ᠃ ᠵᠢᠯ ᠳᠤ 2~3.5 ᠲᠦᠮᠡᠨ ᠺᠢᠯᠤᠭ᠍ᠷᠡᠮ ᠤᠨ ᠤᠨᠠᠯᠳᠠ ᠲᠠᠢ᠃ ᠤᠷᠭᠤᠯᠳᠠ ᠨᠢ ᠰᠠᠶᠢᠨ᠂ ᠭᠡᠮ ᠬᠤᠷᠤᠬᠠᠢ ᠶᠢᠨ ᠭᠦᠨᠦᠭᠡᠯ ᠪᠠᠭ᠎ᠠ  ᠲᠠᠢ᠂ ᠠᠮᠳᠠᠷᠬᠠᠭ᠂ ᠵᠢᠯ ᠳᠤ 3~4 ᠤᠳᠠᠭ᠎ᠠ ᠬᠠᠳᠤᠵᠤ ᠪᠤᠯᠳᠠᠭ᠃ ᠤᠳᠠᠭ᠎ᠠ ᠪᠦᠷᠢ ᠮᠤ᠋ ᠪᠦᠷᠢ ᠠᠴᠠ 6000~8000kg ᠬᠤᠷᠢᠶᠠᠨ᠎ᠠ᠃ ᠬᠠᠪᠤᠷ᠂ ᠵᠤᠨ᠂ ᠨᠠᠮᠤᠷ ᠬᠠᠳᠤᠪᠠᠯ ᠲᠠᠷᠤᠢ ᠤᠷᠭᠤᠨ᠎ᠠ᠃ ᠵᠢᠯ ᠪᠦᠷᠢ ᠶᠢᠨ 4~10 ᠳ᠋ᠤᠭᠠᠷ ᠰᠠᠷ᠎ᠠ ᠳᠤ ᠲᠠᠷᠢᠵᠤ᠂ ᠮᠤ᠋ ᠪᠦᠷᠢ 0.5kg ᠦᠷ᠎ᠠ ᠶᠢᠨ ᠦᠨᠳᠤᠰᠤ 1.5 ᠹᠦᠨ ᠭᠠᠵᠠᠷ ᠲᠠᠷᠢᠵᠤ ᠪᠤᠯᠤᠨ᠎ᠠ᠃ ᠤᠷᠭᠤᠮᠠᠯ ᠤᠨ ᠬᠠᠭᠤᠷᠠᠢ ᠡᠪᠡᠰᠤᠨ ᠤ ᠲᠤᠳᠤᠷ᠎ᠠ ᠪᠦᠳᠦᠭᠦᠯᠢᠭ ᠤᠭᠤᠷᠠᠭ 24.3% ᠠᠭᠤᠯᠤᠭᠳᠠᠵᠤ᠂ ᠡᠯ᠎ᠡ ᠲᠦᠷᠦᠯ ᠤᠨ ᠮᠠᠯ ᠵᠢᠭᠦᠷᠳᠡᠨ᠂ ᠵᠢᠭᠠᠰᠤᠨ ᠲᠦᠷᠦᠯ ᠢ ᠲᠠᠵᠢᠭᠡᠭᠦ ᠳᠤ ᠲᠤᠭᠢᠷᠠᠨ᠎ᠠ᠃ ᠤᠯᠤᠰ ᠠᠴᠠ ᠭᠢᠨᠡᠨ ᠲᠤᠠᠠᠳᠠᠭᠠᠵᠤ ᠲᠡᠯᠭᠡᠷᠡᠭᠦᠯᠵᠤ ᠪᠠᠶᠢᠭ᠎ᠠ ᠡᠪᠡᠰᠤᠨ ᠰᠤᠷᠲ ᠪᠤᠯᠤᠨ᠎ᠠ᠃       ︵ 7︶ ᠨᠤᠶᠠᠨ ᠡᠪᠡᠰᠤ᠄ ᠺᠤᠯᠤᠮᠪᠢᠶ᠎ᠠ ᠠᠴᠠ ᠤᠷᠤᠭᠤᠯᠵᠤ ᠢᠷᠡᠵᠡᠢ᠃ ᠤᠯᠠᠨ ᠨᠠᠰᠤᠳᠤ ᠦᠶᠡᠳᠤ ᠤᠷᠭᠤᠮᠠᠯ ᠤᠨ ᠢᠵᠠᠭᠤᠷ ᠤᠨ ᠡᠪᠡᠰᠤ ᠪᠤᠯᠤᠨ᠎ᠠ᠃ 3.5~4.5m ᠦᠨᠳᠤᠷ ᠤᠷᠭᠤᠵᠤ᠂ ᠡᠰᠢ ᠨᠢ ᠰᠢᠯᠤᠭᠤᠨ ᠪᠦᠭᠡᠳ ᠪᠦᠳᠦᠭᠦᠨ᠂ ᠰᠠᠭᠤᠷᠢ ᠪᠦᠷᠢ 20~30 ᠰᠠᠭᠤᠷᠢ ᠪᠤᠳᠠᠯᠠᠵᠤ᠂ ᠨᠠᠪᠴᠢ ᠨᠢ 60~120cm ᠤᠷᠳᠤ᠂ ᠦᠷᠭᠡᠨ ᠢᠶᠠᠷ ᠢᠶᠠᠨ 2.5~3.5cm ᠪᠠᠶᠢᠳᠠᠭ᠃ ᠶᠠᠷᠦᠩᠭᠡᠢ ᠳᠡᠭᠡᠨ ᠬᠤᠸᠠᠷ ᠲᠡᠯᠭᠡᠨ ᠦᠷᠡᠯᠡᠳᠡᠭ ᠦᠭᠡᠢ᠂ ᠡᠰᠢ ᠪᠠᠷ ᠲᠠᠮᠵᠢᠨ ᠤᠷᠭᠤᠨ ᠦᠷᠡᠵᠢᠳᠡᠭ᠃ ᠲᠤᠯᠠᠭᠠᠨ ᠴᠢᠭᠢᠭᠯᠢᠭ ᠠᠭᠤᠷ ᠠᠮᠢᠰᠬᠤᠯ ᠳᠤ ᠲᠤᠭᠢᠷᠠᠮᠵᠢᠳᠡᠢ᠂ ᠬᠠᠭᠢᠷ ᠭᠦᠢᠳᠡᠨ ᠳᠤ ᠦᠯᠴᠢᠷ ᠦᠭᠡᠢ᠂ 0℃ ᠠᠴᠠ ᠲᠤᠷᠤᠠᠠᠰᠢᠭᠢ ᠭᠦᠢᠳᠡᠨ ᠳᠤ ᠠᠮᠠᠷᠬᠠᠨ ᠭᠦᠯᠳᠡᠵᠤ ᠦᠭᠦᠳᠡᠭ᠃ ᠭᠠᠩ ᠬᠠᠭᠰᠠᠷᠠᠭᠠᠨ᠂ ᠦᠶᠡᠷ ᠤᠰᠤᠳᠤᠯ ᠪᠠ ᠭᠦᠴᠢᠯᠯᠢᠭ ᠭᠦᠷᠦᠰᠤ ᠰᠢᠷᠤᠢ ᠳᠤ ᠲᠠᠰᠪᠤᠷᠢᠳᠡᠢ᠂ ᠨᠠᠩᠭᠢ ᠰᠢᠷᠤᠢ ᠪᠤᠯ ᠨᠡᠩ ᠲᠤᠭᠢᠷᠠᠮᠵᠢᠳᠡᠢ ᠪᠠᠶᠢᠳᠠᠭ᠃ ᠶᠠᠷᠦᠩᠭᠡᠢ ᠳᠡᠭᠡᠨ ᠬᠠᠪᠤᠷ ᠲᠠᠷᠢᠵᠤ᠂ ᠲᠠᠷᠢᠬᠤ ᠳᠠᠭᠠᠨ ᠬᠠᠭᠤᠴᠢᠨ ᠡᠪᠡᠰᠤᠨ ᠤ ᠡᠰᠢ ᠶᠢ 2~3 ᠦᠶ᠎ᠡ ᠭᠡᠰᠡᠭᠯᠡᠨ ᠭᠡᠷᠴᠢᠵᠤ᠂ ᠮᠦᠷ ᠤᠨ ᠵᠠᠢ ᠶᠢ 80cm᠂ ᠰᠠᠭᠤᠷᠢ ᠶᠢᠨ ᠵᠠᠢ ᠶᠢ 50cm ᠲᠠᠷᠢᠵᠤ᠂ ᠰᠢᠷᠤᠢ ᠪᠠᠷ ᠴᠢᠩᠭ᠎ᠠ ᠲᠠᠷᠤᠨ᠎ᠠ᠃ ᠲᠠᠷᠢᠭᠠᠳ 60~70 ᠬᠤᠨᠤᠭ ᠲᠤ 1~1.5m ᠤᠷᠭᠤᠪᠠᠯ ᠲᠠᠷᠤᠢ ᠬᠠᠳᠤᠵᠤ ᠪᠤᠯᠤᠨ᠎ᠠ᠃ ᠲᠠᠭᠢᠨ ᠤᠷᠭᠤᠠᠠᠰᠠᠨ ᠡᠪᠡᠰᠤ ᠶᠢ 30~40 ᠡᠳᠤᠷ ᠲᠤ 1 ᠤᠳᠠᠭ᠎ᠠ ᠬᠠᠳᠤᠵᠤ᠂ ᠵᠢᠯ ᠳᠤ 4~7 ᠤᠳᠠᠭ᠎ᠠ ᠬᠠᠳᠤᠨ᠎ᠠ᠃ ᠵᠢᠯ  ᠳᠤ ᠮᠤ᠋ ᠪᠦᠷᠢ ᠠᠴᠠ 1~2 ᠲᠦᠮᠡᠨ kg ᠡᠪᠡᠰᠤ ᠬᠤᠷᠢᠶᠠᠨ᠎ᠠ᠃ ᠡᠪᠡᠰᠤᠨ ᠲᠠᠵᠢᠭᠡᠯᠳᠤ ᠮᠠᠯ ᠵᠢᠭᠦᠷᠳᠡᠨ ᠪᠤᠯᠤᠨ ᠡᠪᠡᠰᠤᠨ ᠲᠡᠵᠢᠭᠡᠯᠳᠤ ᠵᠢᠭᠠᠰᠤᠨ ᠤ ᠲᠦᠷᠦᠯ ᠤᠨ ᠮᠠᠰᠢ ᠰᠠᠶᠢᠨ ᠲᠡᠵᠢᠭᠡᠯ ᠪᠤᠷᠳᠤᠭ᠎ᠠ ᠪᠤᠯᠤᠨ᠎ᠠ᠃ ᠱᠠᠠᠰᠢ ᠮᠤᠵᠢ ᠶᠢᠨ ᠠᠨ ᠺᠠᠩ ᠤᠷᠤᠨ ᠢᠶᠠᠷ ᠲᠠᠷᠢᠵᠤ ᠪᠠᠶᠢᠨ᠎ᠠ᠃       ︵8︶ ᠤᠯᠠᠨ ᠴᠡᠴᠡᠭᠳᠤ ᠬᠠᠷ᠎ᠠ ᠪᠤᠭᠤᠳᠠᠢ ᠡᠪᠡᠰᠤ᠄ ᠦᠶᠡᠳᠤ ᠤᠷᠭᠤᠮᠠᠯ ᠤᠨ ᠢᠵᠠᠭᠤᠷ ᠤᠨ ᠵᠢᠯ ᠦᠠᠵᠢᠭᠦ ᠡᠪᠡᠰᠤ ᠪᠤᠯᠤᠨ᠎ᠠ᠃ ᠡᠰᠢ ᠨᠢ ᠰᠢᠯᠤᠭᠤᠨ᠂ 1~1.2m ᠦᠨᠳᠤᠷ ᠤᠷᠭᠤᠵᠤ᠂ ᠨᠠᠪᠴᠢ ᠨᠢ ᠵᠦᠭᠡᠯᠡᠨ᠂ ᠤᠷᠳᠤ  ᠪᠠᠷ ᠢᠶᠠᠨ 20~40cm᠂ ᠦᠷᠭᠡᠨ ᠢᠶᠠᠷ ᠢᠶᠠᠨ 0.7~1cm᠂ ᠲᠦᠷᠦᠭᠦᠤ ᠶᠢᠨ ᠤᠷᠳᠤ ᠨᠢ 10~20cm᠂ ᠦᠷ᠎ᠡ ᠨᠢ ᠠᠮᠤ ᠵᠢᠮᠢᠰ ᠲᠠᠢ᠂ ᠤᠬᠤᠷ ᠰᠤᠷ ᠲᠠᠢ ᠪᠠᠶᠢᠳᠠᠭ᠃ ᠲᠤᠯᠠᠭᠠᠨ ᠴᠢᠭᠢᠭᠯᠢᠭ ᠤᠷᠴᠢᠨ ᠳᠤ ᠲᠤᠷᠠᠳᠠᠢ᠃ ᠬᠠᠭᠢᠷ ᠭᠦᠢᠳᠡᠨ ᠪᠠ ᠭᠠᠩ ᠬᠠᠯᠠᠭᠤᠨ ᠳᠤ ᠲᠠᠰᠪᠤᠷᠢ ᠮᠠᠭᠤᠳᠠᠢ᠂ ᠵᠢᠯ ᠤᠨ ᠬᠤᠷ᠎ᠠ ᠲᠤᠨᠤᠳᠠᠰᠤ ᠶᠢᠨ ᠭᠡᠮᠵᠢᠶ᠎ᠠ ᠨᠢ 1000~1500mL ᠪᠠᠶᠢᠳᠠᠭ ᠭᠠᠵᠠᠷ ᠤᠷᠤᠨ ᠳᠤ ᠮᠠᠰᠢ ᠰᠠᠶᠢᠨ ᠤᠷᠭᠤᠳᠠᠭ᠃ ᠡᠨᠡ ᠡᠪᠡᠰᠤ ᠶᠢ ᠲᠠᠩ ᠢᠶᠠᠷ ᠲᠠᠷᠢᠬᠤ ᠪᠤᠶᠤ ᠤᠯᠠᠨ ᠨᠠᠰᠤᠳᠤ ᠬᠠᠷ᠎ᠠ ᠪᠤᠭᠤᠳᠠᠢ ᠡᠪᠡᠰᠤ᠂ ᠬᠤᠰᠢᠶᠠᠩᠭᠤᠷ ᠡᠪᠡᠰᠤ ᠲᠠᠢ ᠬᠤᠯᠢᠨ ᠲᠠᠷᠢᠵᠤ ᠪᠤᠯᠤᠨ᠎ᠠ᠃ 40~50cm ᠦᠨᠳᠤᠷ ᠤᠷᠭᠤᠬᠤ ᠦᠶᠡᠰ ᠬᠠᠳᠤᠵᠤ᠂ ᠵᠢᠯ ᠳᠤ 3~5 ᠤᠳᠠᠭ᠎ᠠ ᠬᠠᠳᠤᠵᠤ᠂ ᠵᠢᠯ ᠳᠤ ᠮᠤ᠋ ᠪᠦᠷᠢ  ᠠᠴᠠ 3000~5000kg ᠡᠪᠡᠰᠤ ᠬᠤᠷᠢᠶᠠᠵᠤ ᠲᠠᠶᠢᠯᠦᠨ᠎ᠠ᠃       ︵9︶ ᠴᠠᠭᠠᠨ ᠬᠤᠰᠢᠶᠠᠩᠭᠤᠷ᠄ ᠪᠤᠷᠴᠠᠭ ᠤᠨ ᠢᠵᠠᠭᠤᠷᠳᠤ ᠤᠯᠠᠨ ᠨᠠᠰᠤᠳᠤ ᠡᠪᠡᠰᠤ᠂ 5~8 ᠵᠢᠯ ᠠᠰᠢᠠᠠᠯᠠᠵᠤ ᠪᠤᠯᠤᠨ᠎ᠠ᠃ ᠭᠤᠤᠯ ᠡᠰᠢ ᠨᠢ ᠤᠬᠤᠷ᠂ ᠰᠠᠭᠤᠷᠢ ᠭᠡᠰᠡᠭ ᠲᠡᠭᠡᠨ ᠤᠯᠠᠨ ᠰᠠᠯᠠᠭ᠎ᠠ ᠲᠠᠢ᠃ ᠬᠠᠪᠤᠷ᠂ ᠨᠠᠮᠤᠷ ᠲᠠᠷᠢᠵᠤ᠂ ᠤᠮᠠᠷᠠᠳᠤ ᠤᠷᠤᠨ ᠬᠠᠪᠤᠷ ᠲᠠᠷᠢᠪᠠᠯ ᠲᠤᠭᠢᠷᠠᠮᠵᠢᠳᠡᠢ᠂ ᠦᠷ᠎ᠡ ᠨᠢ ᠵᠢᠵᠢᠭ ᠪᠤᠯᠬᠤᠷ ᠲᠠᠷᠢᠬᠤ ᠠᠴᠠ ᠪᠠᠨ ᠡᠮᠦᠨ᠎ᠠ ᠭᠠᠵᠠᠷ ᠢᠶᠠᠨ ᠰᠠᠶᠢᠳᠤᠷ ᠲᠡᠭᠰᠢᠯᠡᠵᠤ᠂ ᠮᠤ᠋ ᠪᠦᠷᠢ ᠤᠷᠭᠠᠨᠢᠭ ᠰᠠᠭᠤᠷᠢ ᠪᠤᠷᠳᠤᠭᠤᠷ 1500~2000kg ᠤᠷᠤᠭᠤᠯᠬᠤ ᠪᠠ ᠬᠤᠰᠢᠶᠠᠩᠭᠤᠷ ᠤᠨ ᠦᠨᠳᠤᠰᠤᠨ ᠪᠡᠳᠡᠭᠢ ᠶᠢᠨ ᠪᠠᠺᠲ᠋ᠧᠷᠢ ᠶᠢ ᠦᠷ᠎ᠡ ᠲᠠᠢ ᠪᠠᠭᠰᠤᠷᠤᠨ ᠲᠠᠷᠢᠬᠤ ᠭᠡᠷᠡᠭᠳᠡᠢ᠃ ᠵᠤᠷᠠᠭᠠᠯᠠᠨ ᠲᠠᠷᠢᠬᠤ ᠳᠤ ᠮᠦᠷ ᠤᠨ ᠵᠠᠢ ᠶᠢ 20~30cm᠂ 1.5cm ᠭᠦᠨ ᠲᠠᠷᠢᠵᠤ᠂ ᠮᠤ᠋ ᠪᠦᠷᠢ 0.3~0.6kg ᠦᠷ᠎ᠡ ᠭᠡᠷᠡᠭᠯᠡᠨ᠎ᠡ᠃ 30cm ᠤᠷᠭᠤᠬᠤ ᠦᠶᠡᠰ ᠬᠠᠳᠤᠵᠤ᠂ ᠵᠢᠯ ᠳᠤ 3~4 ᠤᠳᠠᠭ᠎ᠠ ᠬᠠᠳᠤᠵᠤ᠂ ᠵᠢᠯ ᠳᠤ ᠮᠤ᠋ ᠪᠦᠷᠢ  ᠠᠴᠠ 5000kg ᠡᠪᠡᠰᠤ ᠬᠤᠷᠢᠶᠠᠵᠤ᠂ 20kg ᠦᠷ᠎ᠠ ᠬᠤᠷᠢᠶᠠᠨ᠎ᠠ᠃ ᠬᠠᠭᠤᠷᠠᠢ ᠡᠪᠡᠰᠤᠨ ᠤ ᠲᠤᠳᠤᠷ᠎ᠠ ᠪᠦᠳᠦᠭᠦᠯᠢᠭ ᠤᠭᠤᠷᠠᠭ 20.6% ᠠᠭᠤᠯᠤᠭᠳᠠᠵᠤ ᠪᠠᠶᠢᠳᠠᠭ᠃ ᠴᠠᠭᠠᠨ ᠬᠤᠰᠢᠶᠠᠩᠭᠤᠷ ᠪᠤᠯ ᠡᠰᠢ ᠨᠠᠪᠴᠢ ᠨᠢ ᠵᠦᠭᠡᠯᠡᠨ᠂ ᠰᠢᠮ᠎ᠠ ᠲᠡᠵᠢᠭᠡᠯ ᠰᠠᠶᠢᠳᠠᠢ᠂ ᠪᠦᠳᠦᠭᠦᠯᠢᠭ ᠰᠢᠷᠭᠡᠭᠯᠢᠭ ᠪᠠᠭ᠎ᠠ ᠪᠠᠶᠢᠳᠠᠭ ᠪᠤᠯᠬᠤᠷ ᠡᠯ᠎ᠡ ᠲᠦᠷᠦᠯ ᠤᠨ ᠮᠠᠯ ᠵᠢᠭᠦᠷᠳᠡᠨ ᠪᠠ ᠵᠢᠭᠠᠰᠤᠨ ᠲᠦᠷᠦᠯ ᠤᠨ ᠤᠭᠢ ᠰᠠᠶᠢᠨ ᠲᠠᠵᠢᠭᠡᠯ ᠪᠤᠷᠳᠤᠭ᠎ᠠ ᠪᠤᠯᠤᠨ᠎ᠠ᠃ ᠪᠠᠰᠠ ᠪᠠᠯᠴᠢᠭᠡᠷ ᠬᠠᠳᠤᠯᠠᠩ ᠳᠤ ᠴᠦᠮ ᠠᠰᠢᠠᠠᠯᠠᠵᠤ ᠪᠤᠯᠬᠤ ᠪᠦᠭᠡᠳ ᠤᠰᠤ ᠭᠦᠷᠦᠰᠤ ᠶᠢ ᠬᠠᠮᠠᠭᠠᠯᠠᠬᠤ ᠪᠠ ᠨᠤᠭᠤᠭᠠᠷᠠᠭᠤᠯᠤᠯᠳᠠ ᠳᠤ ᠭᠡᠷᠡᠭᠯᠡᠭᠦ ᠮᠠᠰᠢ ᠰᠠᠶᠢᠨ ᠤᠷᠭᠤᠮᠠᠯ ᠪᠤᠯᠤᠨ᠎ᠠ᠃       ︵10︶ ᠷᠦᠮᠧᠺᠰ K — 1 ᠡᠷᠯᠢᠰᠨ ᠬᠤᠷᠠᠭᠠᠨ ᠴᠢᠭᠢ ᠡᠪᠡᠰᠤ᠄ ᠮᠠᠨ ᠤ ᠤᠯᠤᠰ 1995 ᠤᠨ ᠳᠤ ᠤᠷᠤᠭᠤᠯᠤᠨ ᠢᠷᠡᠵᠤ᠂ 1997 ᠤᠨ ᠳᠤ ᠰᠢᠨᠵᠢᠶᠠᠩ ᠳᠤ ᠪᠤᠶᠢᠵᠢᠭᠤᠯᠵᠠᠢ᠃ ᠰᠢᠮᠡᠯᠳᠡᠭ ᠤᠨ ᠢᠵᠠᠭᠤᠷᠳᠤ ᠤᠯᠠᠨ ᠨᠠᠰᠤᠳᠤ ᠡᠪᠡᠰᠤ᠂ 10~15 ᠵᠢᠯ ᠠᠰᠢᠠᠠᠯᠠᠵᠤ ᠪᠤᠯᠤᠨ᠎ᠠ᠃ ᠭᠠᠩ᠂ ᠭᠦᠢᠳᠡᠨ᠂ ᠤᠰᠤᠳᠤᠯ ᠳᠤ ᠲᠠᠰᠪᠤᠷᠢᠳᠡᠢ᠃ 1~2m ᠭᠦᠨ ᠦᠨᠳᠦᠰᠦᠯᠡᠵᠤ᠂ 1.7~2.9m ᠦᠨᠳᠤᠷ ᠤᠷᠭᠤᠵᠤ᠂ ᠨᠠᠪᠴᠢᠨ ᠤ ᠤᠷᠳᠤ ᠨᠢ 45~150cm ᠪᠠᠶᠢᠵᠤ᠂ ᠵᠢᠯ ᠳᠤ 5~6 ᠤᠳᠠᠭ᠎ᠠ ᠬᠠᠳᠤᠵᠤ᠂ ᠮᠤ᠋ ᠪᠦᠷᠢ ᠠᠴᠠ 1~1.5 ᠲᠦᠮᠡᠨ ᠺᠢᠯᠤᠭ᠍ᠷᠡᠮ ᠡᠪᠡᠰᠤ ᠬᠤᠷᠢᠶᠠᠨ᠎ᠠ᠃ ᠪᠦᠳᠦᠭᠦᠯᠢᠭ ᠤᠭᠤᠷᠠᠭ᠂ ᠰᠢᠪᠳᠤᠷᠳᠤ ᠭᠦᠴᠢᠯ᠂ ᠸᠢᠲ᠋ᠠᠮᠢᠨ AC ᠡᠯᠪᠡᠭ ᠠᠭᠤᠯᠤᠭᠳᠠᠵᠤ ᠪᠠᠶᠢᠳᠠᠭ᠃ ᠬᠠᠪᠤᠷ᠂ ᠨᠠᠮᠤᠷ ᠲᠠᠷᠢᠵᠤ ᠪᠤᠯᠬᠤ ᠪᠦᠭᠡᠳ ᠲᠠᠷᠢᠬᠤ ᠠᠴᠠ ᠪᠠᠨ ᠡᠮᠦᠨ᠎ᠠ ᠭᠠᠵᠠᠷ ᠢᠶᠠᠨ ᠲᠡᠭᠰᠢᠯᠡᠵᠤ᠂ ᠪᠤᠷᠳᠤᠭᠤᠷ ᠤᠷᠤᠭᠤᠯᠬᠤ ᠭᠡᠷᠡᠭᠳᠡᠢ᠃ 70~90cm ᠤᠷᠭᠤᠬᠤ ᠦᠶᠡᠰ ᠬᠠᠳᠤᠵᠤ᠂ 30~45 ᠡᠳᠤᠷ ᠪᠤᠯᠬᠤ ᠪᠦᠷᠢ ᠨᠢᠭᠡ ᠤᠳᠠᠭ᠎ᠠ ᠬᠠᠳᠤᠨ᠎ᠠ᠃ ᠪᠠᠰᠠ ᠵᠡᠷᠯᠢᠭ ᠡᠪᠡᠰᠤ ᠪᠠ ᠡᠷᠳᠡᠨᠢ ᠰᠢᠰᠢ ᠶᠢᠨ ᠭᠤᠤᠷᠰᠤ ᠲᠠᠢ ᠨᠡᠶᠢᠯᠡᠭᠦᠯᠦᠨ ᠲᠠᠷᠤᠰᠢᠭᠤᠯᠵᠤ ᠪᠤᠯᠤᠨ᠎ᠠ᠃       2. ᠤᠰᠤ ᠪᠤᠷᠳᠤᠭᠤᠷ ᠮᠠᠭᠤᠳᠠᠢ ᠭᠠᠩ ᠬᠠᠭᠤᠷᠠᠢ ᠤᠷᠤᠨ ᠢᠶᠠᠷ ᠲᠠᠷᠢᠬᠤ ᠳᠤ ᠲᠤᠭᠢᠷᠠᠬᠤ ᠡᠪᠡᠰᠤᠨ ᠤ ᠲᠦᠷᠦᠯ       ︵1︶ ᠪᠤᠷᠤ ᠴᠠᠷᠭᠠᠰᠤ᠄ ᠡᠨᠡ ᠪᠤᠯ ᠪᠤᠷᠴᠠᠭ ᠤᠨ ᠢᠵᠠᠭᠤᠷᠳᠤ ᠤᠯᠠᠨ ᠨᠠᠰᠤᠳᠤ ᠡᠪᠡᠰᠤ᠂ 4~6 ᠵᠢᠯ ᠠᠰᠢᠠᠠᠯᠠᠵᠤ ᠪᠤᠯᠬᠤ ᠪᠦᠭᠡᠳ ᠤᠳᠤᠬᠠᠨ ᠳᠤ ᠲᠡᠯᠡᠭᠡᠢ ᠳᠤ ᠬᠠᠮᠤᠭ ᠤᠨ ᠦᠷᠭᠡᠨ ᠭᠡᠪᠴᠢᠶ᠎ᠠ ᠪᠠᠷ ᠲᠠᠷᠢᠵᠤ ᠪᠠᠶᠢᠭ᠎ᠠ ᠡᠪᠡᠰᠤᠨ ᠤ ᠨᠢᠭᠡ ᠨᠢ ᠪᠤᠯᠤᠨ᠎ᠠ᠃ ᠡᠰᠢ ᠨᠢ ᠰᠢᠯᠤᠭᠤᠨ᠂ 1~1.5m ᠦᠨᠳᠤᠷ ᠤᠷᠭᠤᠵᠤ᠂ ᠵᠢᠯ ᠪᠦᠷᠢ ᠠᠩᠬ᠎ᠠ ᠴᠡᠴᠡᠭᠯᠡᠭᠦ ᠦᠶ᠎ᠠ ᠳᠤᠨᠢ 3~4 ᠤᠳᠠᠭ᠎ᠠ ᠬᠠᠳᠤᠵᠤ ᠪᠤᠯᠤᠨ᠎ᠠ᠃ ᠵᠢᠯ ᠳᠤ ᠮᠤ᠋ ᠪᠦᠷᠢ ᠠᠴᠠ 3000~4000kg ᠡᠪᠡᠰᠤ ᠬᠠᠳᠤᠵᠤ᠂ 25~35kg ᠡᠪᠡᠰᠤᠨ ᠦᠷ᠎ᠠ ᠬᠤᠷᠢᠶᠠᠨ᠎ᠠ᠃ ᠪᠤᠷᠤ ᠴᠠᠷᠭᠠᠰᠤ ᠨᠢ ᠬᠠᠭᠠᠰ ᠭᠠᠩ ᠬᠠᠭᠤᠷᠢ ᠤᠷᠴᠢᠨ ᠳᠤ ᠰᠠᠶᠢᠨ ᠤᠷᠭᠤᠵᠤ᠂ ᠤᠰᠤᠯᠢᠭ ᠭᠠᠵᠠᠷ ᠤᠷᠭᠤᠬᠤ ᠨᠢ ᠮᠠᠭᠤ ᠪᠠᠶᠢᠳᠠᠭ᠃ ᠬᠠᠪᠤᠷ᠂ ᠵᠤᠨ᠂ ᠨᠠᠮᠤᠷ ᠴᠦᠮ ᠲᠠᠷᠢᠵᠤ ᠪᠤᠯᠤᠨ᠎ᠠ᠃ ᠪᠠᠰᠠ ᠰᠤᠷ ᠦᠬᠡᠢ ᠰᠤᠭᠤᠪᠤᠷ᠂ ᠬᠤᠯᠤᠰᠤᠯᠢᠭ ᠪᠤᠳᠢᠤᠯ ᠲᠠᠢ ᠬᠤᠯᠢᠵᠤ ᠲᠠᠷᠢᠵᠤ ᠪᠤᠯᠤᠨ᠎ᠠ᠃ ᠪᠤᠷᠤ ᠴᠠᠷᠭᠠᠰᠤᠨ ᠳᠤ ᠤᠭᠤᠷᠬᠠᠳᠤ ᠡᠳ᠋᠂ ᠸᠢᠲ᠋ᠠᠮᠢᠨ᠂ ᠤᠷᠭᠠᠨᠢᠭ ᠪᠤᠰᠤ ᠲᠠᠪᠤᠰᠤ ᠢᠯᠠᠩᠭᠤᠶ᠎ᠠ ᠰᠢᠪᠳᠤᠷᠳᠤ ᠭᠦᠴᠢᠯ ᠮᠠᠰᠢ ᠡᠯᠪᠡᠭ ᠠᠭᠤᠯᠤᠭᠳᠠᠵᠤ ᠪᠠᠶᠢᠳᠠᠭ᠃       ᠪᠦᠭᠦ ᠤᠯᠤᠰ ᠤᠨ ᠡᠪᠡᠰᠤᠨ ᠤ ᠰᠤᠷᠲ ᠢ ᠭᠢᠨᠠᠨ ᠲᠤᠠᠠᠳᠠᠭᠠᠬᠤ ᠵᠦᠪᠯᠡᠯ ᠤᠨ ᠭᠢᠨᠡᠨ ᠲᠤᠠᠠᠳᠠᠭᠠᠵᠤ ᠲᠡᠮᠳᠡᠭᠯᠡᠭᠰᠡᠨ ᠪᠤᠷᠤ ᠴᠠᠷᠭᠠᠰᠤ ᠶᠢᠨ ᠰᠤᠷᠲ 35 ᠲᠦᠷᠦᠯ ᠪᠠᠶᠢᠵᠤ᠂ ᠡᠭᠦᠨ ᠳᠤ ᠤᠷᠤᠨ ᠨᠤᠳᠤᠭ ᠤᠨ ᠡᠭᠦᠯᠳᠡᠷ 17᠂ ᠪᠤᠶᠢᠵᠢᠭᠤᠯᠤᠠᠠᠰᠠᠨ ᠰᠤᠷᠲ 18 ᠪᠤᠢ᠃ ᠤᠮᠠᠷᠠᠳᠤ ᠤᠷᠤᠨ ᠤ ᠤᠰᠤ᠂ ᠲᠤᠯᠠᠭᠠᠨ ᠤ ᠨᠦᠭᠦᠴᠡᠯ ᠢᠶᠠᠷ ᠨᠡᠯᠢᠶᠡᠳ ᠰᠠᠶᠢᠨ ᠭᠠᠵᠠᠷ ᠤᠷᠤᠨ ᠳᠤ ᠲᠠᠷᠢᠬᠤ ᠳᠤ ᠲᠤᠭᠢᠷᠠᠬᠤ ᠰᠤᠷᠲ ᠭᠡᠪᠡᠯ ᠰᠢᠨᠵᠢᠶᠠᠩ ᠤᠨ ᠲᠤᠮᠤ ᠨᠠᠪᠴᠢᠳᠤ ᠴᠠᠷᠭᠠᠰᠤ᠂ ᠰᠢᠨᠵᠢᠶᠠᠩ ᠡᠪᠡᠰᠤ ︵新疆︶ 2 ᠨᠤᠮᠧᠷᠳᠤ ᠪᠤᠷᠤ ᠴᠠᠷᠭᠠᠰᠤ᠂ ᠭᠠᠨ ᠨᠦᠩ ︵甘农︶ 3 ᠨᠤᠮᠧᠷᠳᠤ ᠪᠤᠷᠤ ᠴᠠᠷᠭᠠᠰᠤ᠂ ᠭᠤᠸᠠᠨ ᠵᠦᠩ ︵关中︶ ᠴᠠᠷᠭᠠᠰᠤ᠂ ᠶᠢᠨ ᠨᠠᠨ ︵晋南︶ ᠴᠠᠷᠭᠠᠰᠤ᠂ ᠽᠠᠩ ᠵᠸᠤ ︵沧川︶ ᠴᠠᠷᠭᠠᠰᠤ ᠵᠡᠷᠭᠡ ᠪᠤᠢ᠃       ︵2︶ ᠰᠡᠴᠢᠭ ᠪᠤᠷᠴᠠᠭ᠄ ᠪᠤᠷᠴᠠᠭ ᠤᠨ ᠢᠵᠠᠭᠤᠷᠳᠤ ᠤᠯᠠᠨ ᠨᠠᠰᠤᠳᠤ ᠡᠪᠡᠰᠤ᠂ 40~50 ᠵᠢᠯ ᠠᠰᠢᠠᠠᠯᠠᠵᠤ ᠪᠤᠯᠤᠨ᠎ᠠ᠃ ᠮᠦᠯᠭᠦᠭᠡ ᠡᠰᠢ ᠲᠠᠢ᠂ ᠰᠠᠬᠠᠯ ᠦᠨᠳᠤᠰᠤ ᠨᠢ ᠭᠦᠭᠵᠢᠩᠭᠦᠢ᠂ ᠪᠡᠯᠭᠡ ᠶᠢᠨ ᠪᠤᠰᠤ ᠪᠠᠷ ᠦᠷᠡᠵᠢᠵᠤ᠂ ᠤᠰᠤ ᠰᠢᠷᠤᠢ ᠬᠠᠮᠠᠭᠠᠯᠠᠬᠤ ᠪᠠ ᠪᠤᠷᠳᠤᠭ᠎ᠠ ᠳᠤ ᠠᠰᠢᠠᠠᠯᠠᠬᠤ ᠲᠠᠯᠳᠠ ᠴᠢᠳᠠᠪᠤᠷᠢ ᠲᠠᠢ᠃ ᠭᠠᠩ ᠳᠤ ᠲᠠᠰᠪᠤᠷᠢᠳᠡᠢ᠂  ᠭᠦᠢᠳᠡᠨ ᠳᠤ ᠦᠯᠴᠢᠷ᠂ ᠦᠨᠳᠤᠷ ᠬᠠᠯᠠᠭᠤᠨ ᠪᠠ ᠭᠦᠴᠢᠯᠳᠤ᠂ ᠬᠤᠵᠢᠷᠯᠢᠬ᠂ ᠲᠠᠴᠢᠷ ᠭᠦᠷᠦᠰᠤᠨ ᠳᠤ ᠴᠦᠮ ᠤᠷᠭᠤᠳᠠᠭ᠃ 20~70cm ᠦᠨᠳᠤᠷ ᠤᠷᠭᠤᠬᠤ ᠦᠶᠡᠰ ᠬᠠᠳᠤᠵᠤ᠂ ᠵᠢᠯ ᠳᠤ 4 ᠤᠳᠠᠭ᠎ᠠ ᠬᠠᠳᠤᠵᠤ᠂ ᠵᠢᠯ ᠳᠤ ᠮᠤ᠋ ᠪᠦᠷᠢ ᠠᠴᠠ 3500~5000kg ᠡᠪᠡᠰᠤ ᠬᠠᠳᠤᠵᠤ᠂ 40kg ᠡᠪᠡᠰᠤᠨ ᠤ ᠦᠷ᠎ᠡ ᠬᠤᠷᠢᠶᠠᠨ᠎ᠠ᠃       ᠬᠠᠪᠤᠷ᠂ ᠨᠠᠮᠤᠷ ᠲᠠᠷᠢᠵᠤ ᠪᠤᠯᠬᠤ ᠪᠦᠭᠡᠳ ᠨᠠᠮᠤᠷ ᠡᠷᠳᠡ ᠲᠠᠷᠢᠪᠠᠯ ᠨᠡᠩ ᠰᠠᠶᠢᠨ᠃ ᠮᠤ᠋ ᠪᠦᠷᠢ 200g ᠦᠷ᠎ᠠ ᠭᠡᠷᠡᠭᠯᠡᠵᠤ᠂ 2~3cm ᠭᠦᠨ ᠲᠠᠷᠢᠵᠤ᠂ ᠵᠤᠷᠠᠭᠠᠯᠠᠨ ᠲᠠᠷᠢᠬᠤ ᠮᠦᠷ ᠤᠨ ᠵᠠᠢ ᠶᠢ 30cm ᠪᠠᠶᠢᠯᠭᠠᠨ᠎ᠠ᠃ ᠬᠠᠭᠤᠷᠠᠢ ᠡᠪᠡᠰᠤᠨ ᠳᠤ ᠪᠦᠳᠦᠭᠦᠯᠢᠭ ᠤᠭᠤᠷᠠᠭ 20% ᠠᠴᠠ ᠲᠡᠭᠡᠭᠰᠢ ᠠᠭᠤᠯᠤᠭᠳᠠᠵᠤ ᠪᠠᠶᠢᠳᠠᠭ᠃ ᠭᠡᠪᠡᠴᠤ ᠪᠠᠰᠠ ᠨᠢᠲᠷᠤᠳᠤ ᠫᠷᠤᠫᠠ ᠭᠦᠴᠢᠯ ᠠᠭᠤᠯᠤᠭᠳᠠᠵᠤ ᠪᠠᠶᠢᠳᠠᠭ ᠪᠤᠯᠬᠤᠷ ᠬᠡᠪᠢᠭᠴᠢ ᠠᠮᠢᠳᠡᠨ ᠳᠤ ᠬᠤᠤᠷ ᠦᠭᠡᠢ᠂ ᠬᠡᠪᠢᠭᠴᠢ ᠪᠤᠰᠤ ᠠᠮᠢᠳᠡᠨ  ᠳᠤ ᠬᠤᠤᠷᠳᠠᠢ ᠲᠤᠯᠠ ᠲᠡᠩᠴᠡᠭᠦᠷᠢᠳᠡᠢ ᠲᠠᠵᠢᠭᠡᠭᠦ ᠭᠡᠷᠡᠭᠳᠡᠢ᠃        ︵3︶ ᠤᠯᠠᠭᠠᠨ ᠪᠤᠷᠴᠬᠠᠳᠤ ᠡᠪᠡᠰᠤ᠄ ᠪᠤᠷᠴᠠᠭ ᠤᠨ ᠢᠵᠠᠭᠤᠷᠳᠤ ᠤᠯᠠᠨ ᠨᠠᠰᠤᠳᠤ ︵4~6 ᠵᠢᠯ︶ ᠡᠪᠡᠰᠤ ᠪᠤᠯᠤᠨ᠎ᠠ᠃ ᠭᠠᠩ ᠳᠤ ᠲᠠᠰᠪᠤᠷᠢᠳᠡᠢ᠂ ᠭᠦᠢᠳᠡᠨ ᠳᠤ ᠦᠯᠴᠢᠷ᠂  ᠴᠤᠬᠤᠶᠢᠯᠢᠬ ᠭᠦᠷᠦᠰᠤᠨ ᠳᠤ ᠰᠠᠶᠢᠨ ᠤᠷᠭᠤᠬᠤ ᠪᠠ ᠬᠠᠶᠢᠷᠯᠢᠬ᠂ ᠡᠯᠡᠰᠦᠷᠭᠡᠭ ᠭᠦᠷᠤᠰᠤᠨ ᠳᠤ ᠤᠷᠭᠤᠬᠤ ᠨᠢ ᠪᠤᠷᠤ ᠴᠠᠷᠭᠠᠰᠤ ᠠᠴᠠ ᠰᠠᠶᠢᠨ ᠪᠠᠶᠢᠳᠠᠭ᠃        ᠬᠤᠵᠢᠷᠯᠢᠬ᠂ ᠭᠦᠴᠢᠯᠯᠢᠭ ᠪᠠ ᠤᠰᠤᠯᠢᠭ ᠭᠠᠵᠠᠷ ᠤᠷᠭᠤᠬᠤ ᠳᠤ ᠮᠠᠭᠤ ᠪᠠᠶᠢᠳᠠᠭ᠃ 1~1.5m ᠦᠨᠳᠤᠷ ᠤᠷᠭᠤᠵᠤ᠂ 50~60cm ᠤᠷᠭᠤᠬᠤ ᠦᠶᠡᠰ ᠬᠠᠳᠤᠵᠤ᠂ ᠵᠢᠯ ᠳᠤ 2~3 ᠤᠳᠠᠭ᠎ᠠ ᠬᠠᠳᠤᠵᠤ ᠪᠤᠯᠤᠨ᠎ᠠ᠃ ᠵᠢᠯ  ᠳᠤ ᠮᠤ᠋ ᠪᠦᠷᠢ ᠠᠴᠠ 2000~3500kg ᠡᠪᠡᠰᠤ ᠬᠠᠳᠤᠵᠤ᠂ 50kg ᠡᠪᠡᠰᠤᠨ ᠦᠷ᠎ᠡ ᠬᠤᠷᠢᠶᠠᠨ᠎ᠠ᠃ ᠤᠯᠠᠭᠠᠨ ᠪᠤᠷᠴᠬᠠᠳᠤ ᠡᠪᠡᠰᠤ ᠨᠢ ᠡᠯ᠎ᠡ ᠲᠦᠷᠦᠯ ᠤᠨ ᠦᠶᠡᠳᠤ ᠲᠠᠷᠢᠶᠠᠨ ᠤ ᠲᠠᠷᠢᠮᠠᠯ ᠪᠤᠯᠬᠤᠷ ᠦᠷᠭᠦᠯᠵᠢᠯᠡᠨ ᠲᠠᠷᠢᠬᠤ ᠳᠤ ᠲᠤᠭᠢᠷᠠᠬᠤ ᠦᠭᠡᠢ᠃ 5᠂ 6 ᠵᠢᠯ ᠠᠯᠤᠰᠯᠠᠭᠠᠳ ᠲᠠᠷᠢᠵᠤ᠂ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠭᠦ ᠭᠡᠷᠡᠭᠳᠡᠢ᠃ ᠬᠠᠪᠤᠷ᠂ ᠨᠠᠮᠤᠷ ᠴᠦᠮ ᠲᠠᠷᠢᠵᠤ ᠪᠤᠯᠬᠤ ᠪᠦᠭᠡᠳ ᠮᠤ᠋ ᠪᠦᠷᠢ 3~5kg ᠦᠷ᠎ᠡ ᠭᠡᠷᠡᠭᠯᠡᠵᠤ᠂ ᠮᠦᠷ ᠤᠨ ᠵᠠᠢ ᠶᠢ 40~45cm ᠪᠠᠶᠢᠯᠭᠠᠵᠤ᠂ 3~4cm ᠭᠦᠨ ᠲᠠᠷᠢᠨ᠎ᠠ᠃ ᠲᠠᠩ ᠢᠶᠠᠷ ᠨᠢ ᠲᠠᠷᠢᠪᠡᠯ ᠦᠨᠳᠤᠷ ᠬᠤᠷᠢᠶᠠᠯᠳᠠ ᠤᠯᠤᠨ᠎ᠠ᠃ ᠤᠯᠠᠭᠠᠨ ᠪᠤᠷᠴᠬᠠᠳᠤ ᠡᠪᠡᠰᠤᠨ ᠤ ᠡᠰᠢ ᠨᠢ ᠭᠦᠨᠳᠡᠢ ᠪᠤᠯᠬᠤᠷ ᠵᠦᠭᠡᠯᠡᠨ ᠪᠦᠭᠡᠳ ᠰᠢᠩᠭᠡᠭᠡᠭᠦ ᠳᠤ ᠭᠢᠯᠪᠠᠷ᠂ ᠬᠠᠭᠤᠷᠠᠢ ᠡᠪᠡᠰᠤᠨ ᠳᠤ ᠪᠦᠳᠦᠭᠦᠯᠢᠭ ᠤᠭᠤᠷᠠᠭ 21% ᠠᠭᠤᠯᠤᠭᠳᠠᠵᠤ ᠪᠠᠶᠢᠳᠠᠭ ᠲᠤᠯᠠ ᠡᠯ᠎ᠡ ᠲᠦᠷᠦᠯ ᠤᠨ ᠮᠠᠯ ᠵᠢᠭᠦᠷᠳᠡᠨ ᠤ ᠮᠠᠰᠢ ᠰᠠᠶᠢᠨ ᠤᠭᠤᠷᠬᠠᠳᠤ ᠪᠤᠷᠳᠤᠭ᠎ᠠ ᠪᠤᠯᠤᠨ᠎ᠠ᠃        ︵4︶ ᠮᠤᠷᠢᠨ ᠬᠤᠨᠴᠢᠷ᠄ ᠪᠤᠷᠴᠠᠭ ᠤᠨ ᠢᠵᠠᠭᠤᠷᠳᠤ ᠤᠯᠠᠨ ᠨᠠᠰᠤᠳᠤ ᠡᠪᠡᠰᠤ᠂ 4~5 ᠵᠢᠯ ᠠᠰᠢᠠᠠᠯᠠᠵᠤ ᠪᠤᠯᠤᠨ᠎ᠠ᠃ 0.7~2m ᠦᠨᠳᠤᠷ ᠤᠷᠭᠤᠳᠠᠭ᠃ ᠭᠠᠩ ᠳᠤ ᠲᠠᠰᠪᠤᠷᠢᠳᠡᠢ᠂ ᠭᠦᠢᠳᠡᠨ ᠳᠤ ᠦᠯᠴᠢᠷ᠂ ᠡᠯᠡᠰᠤᠷᠬᠡᠭ ᠭᠦᠷᠦᠰᠤᠨ ᠳᠤ ᠰᠠᠶᠢᠨ ᠤᠷᠭᠤᠵᠤ᠂ ᠴᠢᠭᠢᠭᠯᠢᠭ ᠪᠠ ᠨᠠᠩᠭᠢ ᠭᠦᠷᠦᠰᠤᠨ ᠳᠤ ᠮᠠᠭᠤ ᠤᠷᠭᠤᠳᠠᠭ᠃ ᠵᠢᠯ ᠪᠦᠷᠢ 2~3 ᠤᠳᠠᠭ᠎ᠠ ᠬᠠᠳᠤᠵᠤ᠂ ᠠᠩᠬᠠᠳ᠋ᠬᠠᠴᠢ ᠵᠢᠯ ᠳᠡᠭᠡᠨ ᠮᠤ᠋ ᠪᠦᠷᠢ ᠠᠴᠠ 1000~2000kg ᠡᠪᠡᠰᠤ ᠬᠤᠷᠢᠶᠠᠵᠤ᠂ 2~5  ᠳᠠᠬᠢ ᠵᠢᠯ ᠳᠤ 4000~6000kg ᠡᠪᠡᠰᠤ ᠬᠠᠳᠤᠵᠤ᠂ 20~50kg ᠦᠷ᠎ᠡ ᠬᠤᠷᠢᠶᠠᠨ᠎ᠠ᠃ ᠬᠠᠪᠤᠷ᠂ ᠵᠤᠨ᠂ ᠨᠠᠮᠤᠷ ᠴᠦᠮ ᠲᠠᠷᠢᠵᠤ ᠪᠤᠯᠬᠤ ᠪᠦᠭᠡᠳ ᠬᠠᠪᠤᠷ ᠲᠠᠷᠢᠪᠠᠯ ᠬᠠᠮᠤᠭ ᠤᠨ ᠰᠠᠶᠢᠨ᠃ ᠮᠤᠷᠢᠨ ᠬᠤᠨᠴᠢᠷ ᠤᠨ ᠦᠷ᠎ᠡ ᠨᠢ ᠵᠢᠵᠢᠭ ᠪᠤᠯᠬᠤᠷ ᠭᠦᠨ ᠤᠷᠪᠠᠭᠤᠯᠵᠤ ᠨᠠᠷᠢᠯᠢᠬ ᠨᠠᠷᠬᠠᠳᠠᠨ ᠲᠠᠷᠢᠬᠤ ᠪᠠ ᠵᠤᠷᠠᠭᠠᠯᠠᠨ ᠲᠠᠷᠢᠵᠤ᠂ ᠰᠠᠴᠤᠵᠤ ᠲᠠᠷᠢᠵᠤ᠂ ᠴᠤᠨᠤᠠᠠᠯᠠᠨ ᠲᠠᠷᠢᠬᠤ ᠪᠠ ᠨᠢᠰᠭᠡᠯ ᠢᠶᠠᠷ ᠲᠠᠷᠢᠵᠤ ᠪᠦᠷ ᠪᠤᠯᠤᠨ᠎ᠠ᠃ ᠮᠤᠷᠢᠨ ᠬᠤᠨᠴᠢᠷ ᠢ ᠭᠦᠭᠡ ᠪᠠᠷ ᠲᠠᠷᠤᠰᠢᠭᠤᠯᠬᠤ᠂ ᠵᠤᠳᠠᠩᠴᠢᠯᠠᠬᠤ᠂ ᠢᠰᠭᠡᠭᠦ ᠪᠡ ᠬᠠᠭᠤᠷᠠᠢ ᠪᠤᠷᠳᠤᠭ᠎ᠠ ᠪᠤᠯᠭᠠᠵᠤ ᠪᠤᠯᠤᠨ᠎ᠠ᠃ ᠮᠤᠷᠢᠨ ᠬᠤᠨᠴᠢᠷ ᠲᠠᠷᠢᠪᠡᠯ ᠪᠠᠰᠠ ᠰᠠᠯᠭᠢ ᠬᠠᠯᠬᠠᠠᠯᠠᠨ ᠡᠯᠡᠰᠤ ᠲᠤᠠᠠᠳᠠᠪᠤᠷᠢᠵᠢᠭᠤᠯᠬᠤ ᠪᠠ ᠤᠰᠤ ᠭᠦᠷᠦᠰᠤ ᠶᠢ ᠬᠠᠮᠠᠭᠠᠯᠠᠬᠤ ᠦᠢᠯᠡᠳᠦᠯ ᠲᠠᠢ ᠶᠤᠮ᠃       ︵5︶ ᠠᠦ᠋ᠰᠲᠷᠠᠯᠢᠶ᠎ᠠ ᠶᠢᠨ ᠨᠢᠭᠡ ᠨᠠᠰᠤᠳᠤ ᠴᠠᠷᠭᠠᠰᠤ᠄ ᠠᠦ᠋ᠰᠲᠷᠠᠯᠢᠶ᠎ᠠ ᠠᠴᠠ ᠤᠷᠤᠭᠤᠯᠵᠤ ᠢᠷᠡᠵᠡᠢ᠃ ᠦᠨᠳᠦᠰᠤ ᠨᠢ ᠭᠦᠭᠵᠢᠩᠭᠦᠢ᠂ ᠰᠢᠷ᠎ᠠ ᠴᠡᠴᠡᠭ ᠲᠠᠢ᠂ ᠰᠢᠮ᠎ᠠ ᠲᠡᠵᠢᠭᠡᠯ ᠢᠶᠠᠷ ᠡᠯᠪᠡᠭ ᠰᠠᠶᠢᠨ ᠪᠤᠷᠳᠤᠭ᠎ᠠ ᠪᠤᠯᠬᠤ ᠪᠦᠭᠡᠳ ᠮᠦᠨ ᠴᠦ ᠤᠰᠤ ᠭᠦᠷᠤᠰᠤ ᠶᠢ ᠬᠠᠮᠠᠭᠠᠯᠠᠬᠤ ᠰᠠᠶᠢᠨ ᠤᠷᠭᠤᠮᠠᠯ ᠪᠤᠯᠤᠨ᠎ᠠ᠃ ᠬᠠᠪᠤᠷ᠂ ᠨᠠᠮᠤᠷ ᠲᠠᠷᠢᠵᠤ᠂ ᠮᠤ᠋ ᠪᠦᠷᠢ 0.5kg ᠦᠷ᠎ᠡ ᠭᠡᠷᠡᠭᠯᠡᠵᠤ᠂ 2cm ᠵᠤᠵᠠᠭᠠᠨ ᠰᠢᠷᠤᠢ ᠪᠠᠷ ᠬᠤᠴᠢᠨ᠎ᠠ᠃ ᠬᠠᠪᠤᠷ ᠮᠤ᠋ ᠪᠦᠷᠢ ᠠᠴᠠ 650kg ᠡᠪᠡᠰᠤ ᠬᠤᠷᠢᠶᠠᠨ᠎ᠠ᠃ ᠡᠭᠡᠯᠵᠢᠯᠡᠨ ᠲᠠᠷᠢᠬᠤ ᠪᠠ ᠵᠢᠮᠢᠰ ᠤᠨ ᠭᠦᠷᠢᠶᠡᠯᠡᠩ ᠳᠤ ᠲᠠᠷᠢᠬᠤ ᠨᠤᠭᠤᠭᠠᠨ ᠪᠤᠷᠳᠤᠭᠤᠷ ᠤᠨ ᠮᠠᠰᠢ ᠰᠠᠶᠢᠨ ᠤᠷᠭᠤᠮᠠᠯ ᠪᠤᠯᠬᠤᠷ ᠵᠢᠯ ᠪᠦᠷᠢ ᠮᠤ᠋ ᠪᠦᠷᠢ ᠠᠴᠠ 5kg ᠤᠷᠴᠢᠮ ᠤᠨ ᠠᠽᠤᠲ ᠡᠳ᠋ ᠠᠪᠴᠤ ᠲᠠᠶᠢᠯᠦᠨ᠎ᠠ᠃       ︵6︶ ᠭᠦᠴᠢᠩᠭᠢ᠄ ᠪᠤᠷᠴᠠᠭ ᠤᠨ ᠢᠵᠠᠭᠤᠷᠳᠤ ᠨᠢᠭᠡ ᠨᠠᠰᠤᠳᠤ ᠪᠠ ᠬᠤᠶᠠᠷ ᠨᠠᠰᠤᠳᠤ ᠡᠪᠡᠰᠤ ᠪᠤᠯᠤᠨ᠎ᠠ᠃ ᠰᠢᠷ᠎ᠠ ᠪᠡ ᠴᠠᠭᠠᠨ ᠴᠡᠴᠡᠭ ᠲᠡᠯᠭᠡᠷᠡᠳᠡᠭ᠃ ᠤᠳᠤᠬᠠᠨ ᠳᠤ ᠬᠤᠶᠠᠷ ᠨᠠᠰᠤᠳᠤ ᠴᠠᠭᠠᠨ ᠴᠡᠴᠡᠭᠳᠤ ᠭᠦᠴᠢᠩᠭᠢ ᠶᠢ ᠶᠡᠭᠡᠪᠡᠷ ᠲᠠᠷᠢᠵᠤ ᠪᠠᠶᠢᠨ᠎ᠠ᠃ 1~4m ᠦᠨᠳᠤᠷ ᠤᠷᠭᠤᠵᠤ᠂ 0.6~0.8m ᠤᠷᠭᠤᠬᠤ ᠦᠶᠡᠰ ᠬᠠᠳᠤᠵᠤ ᠪᠤᠯᠤᠨ᠎ᠠ᠃ ᠠᠩᠬᠠᠳ᠋ᠬᠠᠴᠢ ᠵᠢᠯ ᠳᠤᠨᠢ ᠮᠤ᠋ ᠪᠦᠷᠢ ᠠᠴᠠ 500~1000kg ᠡᠪᠡᠰᠤ ᠬᠠᠳᠤᠵᠤ᠂ ᠬᠤᠶᠠᠳᠠᠭᠴᠢ ᠵᠢᠯ ᠳᠤᠨᠢ 1500~2000kg᠂ ᠬᠠᠮᠤᠭ ᠠᠷᠪᠢᠨ ᠳᠠᠭᠠᠨ 2500~3000kg ᠡᠪᠡᠰᠤ ᠬᠠᠳᠤᠨ᠎ᠠ᠃ ᠭᠦᠴᠢᠩᠭᠢ ᠨᠢ ᠭᠠᠩ  ᠳᠤ ᠲᠠᠰᠪᠤᠷᠢᠳᠡᠢ᠂ ᠭᠦᠢᠳᠡᠨ ᠳᠤ ᠦᠯᠴᠢᠷ᠂ ᠴᠤᠬᠤᠶᠢᠯᠢᠬ ᠨᠠᠩᠭᠢ ᠭᠦᠷᠦᠰᠤᠨ ᠳᠤ ᠰᠠᠶᠢᠨ ᠤᠷᠭᠤᠳᠠᠭ᠃ ᠬᠠᠪᠤᠷ᠂ ᠵᠤᠨ ᠲᠠᠷᠢᠬᠤ ᠪᠠ ᠵᠤᠷᠠᠭᠠᠯᠠᠵᠤ ᠰᠠᠴᠤᠵᠤ ᠲᠠᠷᠢᠵᠤ ᠪᠦᠷ ᠪᠤᠯᠤᠨ᠎ᠠ᠃ ᠲᠤᠰ ᠵᠢᠯ ᠳᠡᠭᠡᠨ 1m ᠦᠨᠳᠤᠷ ᠤᠷᠭᠤᠵᠤ᠂ ᠬᠤᠶᠠᠷᠳᠡᠭᠢ ᠵᠢᠯ ᠤᠨ ᠬᠠᠪᠤᠷ ᠡᠷᠳᠡ ᠭᠦᠭᠡᠷᠡᠮᠡᠭᠴᠡ ᠪᠠᠨ 1.5~2m ᠦᠨᠳᠤᠷ ᠤᠷᠭᠤᠳᠠᠭ᠃ 60~80cm ᠤᠷᠭᠤᠬᠤ ᠦᠶᠡᠰ ᠬᠠᠳᠤᠵᠤ ᠪᠤᠯᠤᠨ᠎ᠠ᠃ 6 ᠳ᠋ᠤᠭᠠᠷ ᠰᠠᠷ᠎ᠠ ᠶᠢᠨ ᠲᠤᠮᠳᠠᠴᠢ ᠪᠠᠷ ᠴᠡᠴᠡᠭᠯᠡᠵᠤ᠂ 8 ᠳ᠋ᠤᠭᠠᠷ ᠰᠠᠷ᠎ᠠ ᠳᠤ ᠪᠤᠯᠪᠠᠰᠤᠷᠠᠳᠠᠭ᠃ ᠭᠦᠴᠢᠩᠭᠢ ᠶᠢᠨ ᠬᠠᠭᠤᠷᠠᠢ ᠡᠪᠡᠰᠤᠨ ᠳᠤ ᠪᠦᠳᠦᠭᠦᠯᠢᠭ ᠤᠭᠤᠷᠠᠭ 18.2% ᠠᠭᠤᠯᠤᠭᠳᠠᠵᠤ᠂ ᠪᠠᠰᠠ ᠪᠠᠭ᠎ᠠ ᠭᠡᠮᠵᠢᠶᠠᠨ ᠤ ᠪᠤᠷᠴᠠᠭ ᠤᠨ ᠡᠭᠡᠭᠦᠨ ᠠᠮᠳᠠ ᠲᠠᠢ ᠪᠠᠶᠢᠵᠤ᠂ ᠮᠠᠯ ᠲᠡᠵᠢᠭᠡᠪᠤᠷᠢ ᠶᠢᠨ ᠢᠳᠡᠰᠢᠯᠡᠬᠦ ᠲᠤᠷᠠᠰᠢᠯ ᠢ ᠨᠦᠯᠦᠭᠡᠯᠡᠳᠡᠭ ᠪᠤᠯᠪᠠᠴᠤ ᠪᠠᠭ᠎ᠠ ᠲᠡᠵᠢᠭᠡᠭᠦ᠂ ᠬᠤᠯᠢᠵᠤ ᠲᠡᠵᠢᠭᠡᠭᠦ ᠪᠠ ᠬᠠᠭᠤᠷᠠᠢ ᠪᠠᠷ ᠲᠠᠵᠢᠭᠡᠪᠡᠯ ᠬᠠᠮᠢᠶ᠎ᠠ ᠦᠭᠡᠢ ᠪᠠᠶᠢᠳᠠᠭ᠃ ᠭᠦᠴᠢᠩᠭᠢ ᠪᠤᠯ ᠪᠠᠰᠠ ᠴᠤ ᠴᠢᠬᠤᠯᠠ ᠨᠤᠭᠤᠭᠠᠨ ᠪᠤᠷᠳᠤᠭᠤᠷ ᠪᠤᠯᠬᠤ ᠪᠠ ᠤᠰᠤ ᠰᠢᠷᠤᠢ ᠶᠢ ᠬᠠᠮᠠᠭᠠᠯᠠᠬᠤ ᠤᠷᠭᠤᠮᠠᠯ ᠪᠤᠯᠤᠨ᠎ᠠ᠃       ︵7︶ ᠭᠡᠭᠡᠷ᠎ᠡ ᠶᠢᠨ ᠭᠢᠰᠢ᠄ ᠪᠤᠷᠴᠠᠭ ᠤᠨ ᠢᠵᠠᠭᠤᠷᠳᠤ ᠨᠢᠭᠡ ᠨᠠᠰᠤᠳᠤ ᠪᠠ ᠵᠢᠯ ᠦᠨᠵᠢᠭᠦ ᠡᠪᠡᠰᠤ ᠪᠤᠯᠤᠨ᠎ᠠ᠃ ᠡᠰᠢ ᠶᠢᠨ ᠤᠷᠭᠤᠴᠠ ᠨᠢ 1.5~2m᠂ ᠵᠦᠭᠡᠯᠡᠨ ᠪᠤᠯᠪᠠᠷᠠᠢ᠂ ᠵᠢᠯ ᠳᠤ ᠮᠤ᠋ ᠪᠦᠷᠢ ᠠᠴᠠ 1500~5000kg ᠡᠪᠡᠰᠤ ᠬᠠᠳᠤᠨ᠎ᠠ᠃ ᠭᠠᠩ ᠳᠤ ᠲᠠᠰᠪᠤᠷᠢᠳᠡᠢ᠂ ᠭᠦᠢᠳᠡᠨ ᠳᠤ ᠦᠯᠴᠢᠷ᠂ ᠲᠠᠴᠢᠷ᠂ ᠬᠤᠵᠢᠷᠯᠢᠬ ᠭᠦᠷᠦᠰᠤᠨ ᠳᠤ ᠤᠷᠭᠤᠬᠤ ᠪᠦᠭᠡᠳ ᠢᠯᠠᠩᠭᠤᠶ᠎ᠠ ᠤᠯᠠᠭᠠᠨ ᠭᠦᠷᠦᠰᠤ ᠪᠠ ᠠᠳᠠᠷ ᠭᠠᠵᠠᠷ ᠤᠷᠭᠤᠳᠠᠭ᠂ ᠨᠠᠮᠤᠷ ᠲᠠᠷᠢᠬᠤ ᠪᠠᠷ ᠭᠤᠤᠯ ᠪᠤᠯᠭᠠᠬᠤ ᠪᠠ ᠬᠠᠪᠤᠷ ᠲᠠᠷᠢᠬᠤ ᠪᠤᠶᠤ ᠵᠤᠷᠠᠭᠠᠯᠠᠵᠤ ᠰᠠᠴᠤᠵᠤ ᠲᠠᠷᠢᠵᠤ ᠪᠤᠯᠤᠨ᠎ᠠ᠃ ᠮᠤ᠋ ᠪᠦᠷᠢ ᠳᠤ 3~4kg ᠦᠷ᠎ᠡ ᠭᠡᠷᠡᠭᠯᠡᠵᠤ᠂ 3~4cm ᠭᠦᠨ ᠲᠠᠷᠢᠨ᠎ᠠ᠃ ᠭᠡᠭᠡᠷ᠎ᠡ ᠶᠢᠨ ᠭᠢᠰᠢ ᠶᠢ ᠪᠤᠭᠤᠳᠠᠢ ᠲᠠᠢ ᠬᠤᠯᠢᠨ ᠲᠠᠷᠢᠪᠠᠯ ᠬᠠᠷᠢᠯᠴᠠᠨ ᠠᠭᠢᠭᠤᠯᠵᠤ ᠰᠠᠶᠢᠨ ᠤᠷᠭᠤᠬᠤ ᠪᠠ ᠬᠠᠷ᠎ᠠ ᠪᠤᠭᠤᠳᠠᠢ ᠡᠪᠡᠰᠤ ᠲᠠᠢ ᠬᠤᠯᠢᠨ ᠲᠠᠷᠢᠪᠡᠯ᠂ ᠤᠨᠠᠯᠳᠠ ᠨᠢ 30%~40%  ᠪᠠᠷ ᠨᠡᠮᠡᠭᠳᠡᠨ᠎ᠡ᠃ ᠡᠪᠤᠯ ᠤᠨ ᠠᠭᠤᠷ ᠤᠷᠤᠬᠤ ᠠᠴᠠ ᠡᠮᠦᠨ᠎ᠠ ᠤᠷᠭᠤᠯᠳᠠ ᠨᠢ ᠮᠠᠰᠢ ᠰᠠᠶᠢᠨ ᠲᠤᠯᠠ 1 ᠤᠳᠠᠭ᠎ᠠ ᠬᠠᠳᠤᠵᠤ ᠪᠤᠯᠤᠨ᠎ᠠ᠃ ᠭᠡᠭᠡᠷ᠎ᠡ ᠶᠢᠨ ᠭᠢᠰᠢ ᠶᠢᠨ ᠪᠦᠳᠦᠭᠦᠯᠢᠭ ᠤᠭᠤᠷᠠᠭ ᠪᠤᠯᠤᠨ ᠦᠭᠡᠭᠦ ᠶᠢᠨ ᠠᠭᠤᠯᠤᠭᠳᠠᠴᠨ ᠨᠢ ᠴᠠᠷᠭᠠᠰᠤ ᠲᠠᠢ ᠠᠳᠠᠯᠢᠪᠳᠤᠷ ᠪᠠᠶᠢᠳᠠᠭ ᠲᠤᠯᠠ ᠡᠪᠡᠰᠤᠨ ᠲᠡᠵᠢᠭᠡᠯᠳᠤ ᠭᠡᠷ ᠤᠨ ᠲᠡᠵᠢᠭᠡᠪᠤᠷᠢ ᠶᠢᠨ ᠮᠠᠰᠢ ᠰᠠᠶᠢᠨ ᠪᠤᠷᠳᠤᠭ᠎ᠠ ᠪᠤᠯᠤᠨ᠎ᠠ᠃ ᠭᠡᠭᠡᠷ᠎ᠡ ᠶᠢᠨ ᠭᠢᠰᠢ ᠶᠢᠨ ᠲᠦᠷᠦᠯ ᠵᠦᠢᠯ ᠨᠢ ᠮᠠᠰᠢ ᠤᠯᠠᠨ᠂ ᠮᠠᠰᠢ ᠦᠷᠭᠡᠨ ᠲᠠᠷᠬᠠᠵᠤ᠂ ᠵᠢᠱᠢᠶᠡᠯᠡᠪᠡᠯ ᠤᠮᠠᠷᠠᠳᠤ ᠤᠷᠤᠨ᠂ ᠪᠠᠷᠠᠭᠤᠨ ᠬᠤᠶᠢᠳᠤ ᠪᠦᠰᠡ ᠭᠠᠵᠠᠷ ᠤᠨ ᠰᠤᠮᠤᠨ ᠭᠢᠰᠢ᠂ ᠵᠢᠶᠠᠩᠰᠤ᠂ ᠠᠠᠾᠦ᠋ᠢ᠂ ᠾᠧᠨᠡᠨ᠂ ᠰᠧᠴᠤᠸᠠᠨ᠂ ᠱᠠᠠᠰᠢ ᠵᠡᠷᠭᠡ ᠮᠤᠵᠢ ᠶᠢᠨ ᠦᠰᠤ ᠲᠠᠢ ᠭᠡᠭᠡᠷ᠎ᠡ ᠶᠢᠨ ᠭᠢᠰᠢ ᠵᠢᠴᠢ ᠦᠪᠤᠷ ᠮᠤᠩᠭᠤᠯ ᠤᠨ ᠲᠠᠯ᠎ᠠ ᠨᠤᠳᠤᠭ ᠤᠨ ᠭᠡᠭᠡᠷ᠎ᠡ ᠶᠢᠨ ᠭᠢᠰᠢ ᠵᠡᠷᠭᠡ ᠨᠢ ᠮᠠᠰᠢ ᠶᠡᠭᠡ ᠨᠡᠭᠡᠭᠡᠨ ᠠᠰᠢᠠᠠᠯᠠᠬᠤ ᠢᠷᠡᠭᠡᠳᠦᠢ ᠲᠠᠢ ᠪᠠᠶᠢᠨ᠎ᠠ᠃       ︵8︶ ᠬᠠᠷ᠎ᠠ ᠪᠤᠭᠤᠳᠠᠢ ᠡᠪᠡᠰᠤ᠄ ᠠᠦ᠋ᠰᠲᠷᠠᠯᠢᠶ᠎ᠠ ᠠᠴᠠ ᠤᠷᠤᠭᠤᠯᠵᠤ ᠢᠷᠡᠵᠡᠢ᠃ ᠦᠶᠡᠳᠤ ᠤᠷᠭᠤᠮᠠᠯ ᠤᠨ ᠤᠯᠠᠨ ᠨᠠᠰᠤᠳᠤ ᠡᠪᠡᠰᠤ᠂ 4~5 ᠵᠢᠯ ᠠᠰᠢᠠᠠᠯᠠᠵᠤ ᠪᠤᠯᠤᠨ᠎ᠠ᠃ 0.6~0.7m ᠦᠨᠳᠤᠷ ᠤᠷᠭᠤᠵᠤ᠂ 40cm ᠤᠷᠭᠤᠬᠤ ᠦᠶᠡᠰ ᠬᠠᠳᠤᠵᠤ᠂ ᠵᠢᠯ ᠳᠤ 3~4 ᠤᠳᠠᠭ᠎ᠠ ᠬᠠᠳᠤᠵᠤ ᠪᠤᠯᠤᠨ᠎ᠠ᠃ ᠵᠢᠯ ᠳᠤ ᠮᠤ᠋ ᠪᠦᠷᠢ ᠠᠴᠠ 4000~5000kg ᠡᠪᠡᠰᠤ ᠬᠠᠳᠤᠵᠤ᠂ 80~100kg ᠡᠪᠡᠰᠤᠨ ᠤ ᠦᠷ᠎ᠡ ᠬᠤᠷᠢᠶᠠᠵᠤ ᠪᠤᠯᠤᠨ᠎ᠠ᠃ ᠬᠠᠪᠤᠷ ᠨᠠᠮᠤᠷ ᠲᠠᠷᠢᠵᠤ᠂ ᠮᠤ᠋ ᠪᠦᠷᠢ ᠳᠤ 200~300g ᠦᠷ᠎ᠡ ᠭᠡᠷᠡᠭᠯᠡᠵᠤ᠂ 2cm ᠤᠷᠴᠢᠮ ᠰᠢᠷᠤᠢ ᠪᠠᠷ ᠬᠤᠴᠢᠨ᠎ᠠ᠃ ᠬᠠᠷ᠎ᠠ ᠪᠤᠭᠤᠳᠡᠢ ᠡᠪᠡᠰᠤ ᠪᠤᠯ ᠵᠦᠭᠡᠯᠡᠨ ᠠᠮᠳᠠᠯᠢᠭ᠂ ᠰᠢᠮ᠎ᠠ ᠲᠡᠵᠢᠭᠡᠯ ᠡᠯᠪᠡᠭ ᠲᠠᠢ᠂ ᠡᠯ᠎ᠡ ᠲᠦᠷᠦᠯ ᠤᠨ ᠮᠠᠯ ᠵᠢᠭᠦᠷᠳᠡᠨ᠂ ᠵᠢᠭᠠᠰᠤᠨ ᠤ ᠲᠡᠵᠢᠭᠡᠯ ᠭᠢᠭᠦ ᠳᠤ ᠲᠤᠭᠢᠷᠠᠨ᠎ᠠ᠃        ︵9︶ ᠳ᠋ᠦᠩ ᠮᠤ᠋ 70 ᠬᠠᠷ᠎ᠠ ᠪᠤᠭᠤᠳᠠᠢ ᠡᠪᠡᠰᠤ᠄ ᠠᠮᠧᠷᠢᠺᠠ ᠠᠴᠠ ᠤᠷᠤᠭᠤᠯᠵᠤ ᠢᠷᠠᠵᠡᠢ᠃ ᠦᠶᠡᠳᠤ ᠤᠷᠭᠤᠮᠠᠯ ᠤᠨ ᠢᠵᠠᠭᠤᠷᠳᠤ ᠨᠢᠭᠡ ᠨᠠᠰᠤᠳᠤ ᠪᠤᠶᠤ ᠵᠢᠯ ᠦᠨᠵᠢᠭᠦ ᠡᠪᠡᠰᠤ ᠪᠤᠯᠤᠨ᠎ᠠ᠃ 1.7 m ᠦᠨᠳᠤᠷ ᠤᠷᠭᠤᠵᠤ᠂ ᠵᠢᠯ ᠳᠤ ᠮᠤ᠋ ᠪᠦᠷᠢ ᠠᠴᠠ 5000kg ᠡᠪᠡᠰᠤ ᠬᠠᠳᠤᠨ᠎ᠠ᠂ ᠬᠠᠷ᠎ᠠ ᠪᠤᠭᠤᠳᠠᠢ ᠡᠪᠡᠰᠤ ᠪᠤᠯ ᠭᠠᠩ ᠳᠤ ᠲᠠᠰᠪᠤᠷᠢᠳᠡᠢ᠂ ᠭᠦᠢᠳᠡᠨ ᠳᠤ ᠦᠯᠴᠢᠷ᠂ ᠪᠤᠳᠠᠯᠠᠵᠤ ᠲᠠᠭᠢᠨ ᠤᠷᠭᠤᠬᠤ ᠨᠢ ᠰᠠᠶᠢᠨ᠂ ᠤᠷᠭᠤᠯᠳᠠ ᠨᠢ ᠲᠦᠷᠭᠡᠨ᠂ ᠰᠢᠮ᠎ᠠ ᠲᠡᠵᠢᠭᠡᠯ ᠢᠶᠠᠷ ᠡᠯᠪᠡᠭ᠂ ᠬᠠᠭᠤᠷᠠᠢ ᠡᠪᠡᠰᠤᠨ ᠳᠤᠨᠢ ᠪᠦᠳᠦᠭᠦᠯᠢᠭ ᠤᠭᠤᠷᠠᠭ 18% ᠶᠢ ᠡᠵᠡᠯᠡᠵᠤ᠂ ᠲᠠᠮᠤᠷ᠂ ᠵᠠᠰ᠂ ᠴᠠᠶᠢᠷ ᠵᠡᠷᠭᠡ ᠮᠢᠺᠷᠤᠪ ᠡᠯᠧᠮᠧᠨ᠋ᠲ ᠪᠤᠯᠤᠨ ᠰᠢᠷ᠎ᠠ ᠯᠤᠤᠪᠠᠩ ᠤᠨ ᠡᠳ᠋ ᠡᠯᠪᠡᠭ ᠠᠭᠤᠯᠤᠭᠳᠠᠵᠤ᠂ ᠠᠮᠳᠠᠯᠢᠭ ᠪᠠᠶᠢᠳᠠᠭ ᠪᠤᠯᠬᠤᠷ ᠡᠯ᠎ᠡ ᠲᠦᠷᠦᠯ ᠤᠨ ᠭᠡᠷ ᠤᠨ ᠲᠡᠵᠢᠭᠡᠪᠤᠷᠢ ᠶᠢᠨ ᠤᠭᠢ ᠰᠠᠶᠢᠨ ᠡᠪᠡᠰᠤ ᠪᠤᠷᠳᠤᠭ᠎ᠠ ᠪᠤᠯᠤᠨ᠎ᠠ᠃ ᠨᠠᠮᠤᠷ ᠲᠠᠷᠢᠬᠤ ᠪᠠᠷ ᠭᠤᠤᠯᠯᠠᠵᠤ᠂ ᠢᠯᠠᠩᠭᠤᠶ᠎ᠠ ᠡᠪᠤᠯ ᠤᠨ ᠰᠠᠯᠡᠭᠦᠨ ᠳᠤ ᠲᠠᠷᠢᠶᠠᠨ ᠭᠠᠵᠠᠷ ᠪᠠ ᠵᠢᠮᠢᠰ ᠤᠨ ᠭᠦᠷᠢᠶᠡᠯᠡᠩ ᠢ ᠠᠰᠢᠠᠠᠯᠠᠨ ᠨᠤᠭᠤᠭᠠᠨ ᠪᠤᠷᠳᠤᠭ᠎ᠠ ᠦᠢᠯᠡᠳᠪᠤᠷᠢᠯᠡᠵᠤ ᠪᠤᠯᠤᠨ᠎ᠠ᠃ ᠢᠷᠡᠭᠦ ᠵᠢᠯ ᠤᠨ 3 ᠳ᠋ᠤᠭᠠᠷ ᠰᠠᠷ᠎ᠠ ᠶᠢᠨ ᠡᠭᠢ ᠪᠠᠷ ᠤᠷᠭᠤᠯᠳᠠ ᠶᠢᠨ ᠭᠦᠭ ᠬᠤᠭᠤᠴᠠᠭᠠᠨ  ᠳᠠᠭᠠᠨ ᠤᠷᠤᠳᠠᠭ ᠪᠤᠯᠬᠤᠷ ᠭᠡᠷ ᠤᠨ ᠲᠡᠵᠢᠭᠡᠪᠤᠷᠢ ᠨᠢ ᠬᠠᠪᠤᠷ ᠡᠷᠳᠡ ᠠᠷᠪᠠᠭᠠᠳ ᠡᠳᠤᠷ ᠤᠨ ᠡᠮᠦᠨ᠎ᠠ ᠨᠤᠭᠤᠭᠠᠨ ᠪᠤᠷᠳᠤᠭ᠎ᠠ ᠤᠯᠤᠭᠠᠳ ᠢᠳᠡᠴᠢᠭᠡᠳᠡᠭ᠃ ᠡᠯ᠎ᠡ ᠭᠠᠵᠠᠷ ᠤᠨ ᠲᠤᠷᠰᠢᠯᠳᠡ ᠶᠢ ᠦᠨᠳᠦᠰᠦᠯᠡᠪᠡᠯ ᠡᠨᠡ ᠡᠪᠡᠰᠤ ᠪᠠᠷ ᠲᠡᠵᠢᠭᠡᠪᠡᠯ ᠮᠢᠬᠠᠨ ᠤ ᠮᠠᠯ ᠤᠨ ᠭᠦᠨᠳᠤ ᠨᠢ 45%~70% ᠪᠠᠷ ᠨᠡᠮᠡᠭᠳᠡᠭᠦ ᠪᠦᠭᠡᠳ ᠵᠢᠭᠠᠰᠤᠨ ᠲᠦᠷᠦᠯ ᠤᠨ ᠴᠤ ᠰᠠᠶᠢᠨ ᠲᠡᠵᠢᠭᠡᠯ ᠪᠤᠷᠳᠤᠭ᠎ᠠ ᠪᠤᠯᠤᠨ᠎ᠠ᠃ ᠨᠠᠮᠤᠷ ᠲᠠᠷᠢᠬᠤ ᠳᠤ ᠤᠮᠠᠷᠠᠳᠤ ᠤᠷᠤᠨ 8 ᠳ᠋ᠤᠭᠠᠷ ᠰᠠᠷ᠎ᠠ ᠶᠢᠨ 25 ᠠᠴᠠ 10 ᠳ᠋ᠤᠭᠠᠷ ᠰᠠᠷ᠎ᠠ ᠶᠢᠨ 31 ᠭᠦᠷᠳᠡᠯᠡᠭᠢ ᠬᠤᠭᠤᠴᠠᠭᠠᠨ ᠳᠤ᠂ ᠵᠤᠷᠠᠭᠠᠯᠠᠵᠤ ᠲᠠᠷᠢᠬᠤ ᠪᠠᠷ ᠭᠤᠤᠯ ᠪᠤᠯᠭᠠᠵᠤ᠂ ᠰᠠᠴᠤᠨ ᠲᠠᠷᠢᠠᠠᠰᠠᠨ ᠴᠤ ᠪᠤᠯᠤᠨ᠎ᠠ᠃ ᠮᠤ᠋ ᠪᠦᠷᠢ 6kg ᠦᠷ᠎ᠡ ᠭᠡᠷᠡᠭᠯᠡᠵᠤ᠂ 4cm ᠵᠤᠵᠠᠭᠠᠨ ᠰᠢᠷᠤᠢ ᠪᠠᠷ ᠬᠤᠴᠢᠬᠤ ᠭᠡᠷᠡᠭᠳᠡᠢ᠃ ᠰᠠᠭᠤᠷᠢ ᠪᠤᠯᠤᠨ ᠮᠦᠷ ᠤᠨ ᠵᠠᠢ ᠶᠢ ᠪᠤᠭᠤᠳᠠᠢ ᠶᠢᠨ ᠬᠢ ᠲᠠᠢ ᠠᠳᠠᠯᠢ ᠪᠠᠶᠢᠯᠭᠠᠪᠠᠯ ᠪᠤᠯᠴᠢᠬᠠᠨ᠎ᠠ᠃ 8 ᠳ᠋ᠤᠭᠠᠷ ᠰᠠᠷ᠎ᠠ ᠶᠢᠨ 25 ᠠᠴᠠ 10 ᠳ᠋ᠤᠭᠠᠷ ᠰᠠᠷ᠎ᠠ ᠶᠢᠨ 5 ᠳᠤ ᠲᠠᠷᠢᠪᠠᠯ ᠡᠪᠤᠯ ᠠᠴᠠ ᠡᠮᠦᠨ᠎ᠠ ᠴᠢᠭᠢ ᠨᠢ 50~70cm ᠤᠷᠭᠤᠴᠢᠬᠠᠬᠤ ᠪᠤᠯᠬᠤᠷ 1~2 ᠤᠳᠠᠭ᠎ᠠ ᠭᠦᠭᠡ ᠪᠠᠷ ᠨᠢ ᠬᠠᠳᠤᠵᠤ ᠪᠤᠯᠤᠨ᠎ᠠ᠃ 10 ᠳ᠋ᠤᠭᠠᠷ ᠰᠠᠷ᠎ᠠ ᠶᠢᠨ 5 ᠠᠴᠠ ᠬᠤᠶᠢᠰᠢ ᠲᠠᠷᠢᠠᠠᠰᠠᠨ ᠪᠤᠯ ᠶᠠᠷᠦᠩᠭᠡᠢ  ᠳᠡᠭᠡᠨ ᠡᠪᠤᠯ ᠠᠴᠠ ᠡᠮᠦᠨ᠎ᠠ ᠬᠠᠳᠤᠬᠤ ᠦᠭᠡᠢ᠂ ᠲᠠᠷᠠᠭ᠎ᠠ ᠵᠢᠯ ᠤᠨ ᠭᠢᠨᠢ 3 ᠳ᠋ᠤᠭᠠᠷ ᠰᠠᠷ᠎ᠠ ᠶᠢᠨ ᠲᠤᠮᠳᠠᠴᠢ ᠪᠠᠷ ᠭᠦᠭᠡ ᠪᠠᠷ  ᠨᠢ ᠬᠠᠳᠤᠵᠤ᠂ ᠬᠠᠪᠤᠷ ᠲᠠᠷᠢᠬᠤ ᠠᠴᠠ ᠪᠠᠨ ᠡᠮᠦᠨ᠎ᠠ ᠪᠠᠰᠠ 2~3 ᠤᠳᠠᠭ᠎ᠠ ᠭᠦᠭᠡ ᠪᠠᠷ ᠨᠢ ᠬᠠᠳᠤᠵᠤ ᠪᠤᠯᠤᠨ᠎ᠠ᠃ ᠬᠠᠷ᠎ᠠ ᠪᠤᠭᠤᠳᠠᠢ ᠡᠪᠡᠰᠤ ᠶᠢ ᠨᠤᠭᠤᠭᠠᠨ ᠪᠤᠷᠳᠤᠭ᠎ᠠ ᠪᠠᠷ ᠠᠰᠢᠠᠠᠯᠠᠬᠤ᠂ ᠭᠦᠭᠡ ᠪᠠᠷ ᠲᠠᠷᠤᠰᠢᠭᠤᠯᠬᠤ ᠪᠠ ᠬᠠᠳᠠᠭᠠᠭᠠᠳ ᠲᠠᠩ ᠢᠶᠠᠷ ᠨᠢ ᠪᠤᠶᠤ ᠬᠤᠯᠢᠨ ᠲᠠᠵᠢᠭᠡᠵᠤ ᠪᠦᠷ ᠪᠤᠯᠤᠨ᠎ᠠ᠃        ︵10︶ ᠰᠦᠳᠡᠨ ᠡᠪᠡᠰᠤ᠄ ᠦᠶᠡᠳᠤ ᠤᠷᠭᠤᠮᠠᠯ ᠤᠨ ᠢᠵᠠᠭᠤᠷ ᠤᠨ ᠨᠢᠭᠡ ᠨᠠᠰᠤᠳᠤ ᠡᠪᠡᠰᠤ᠂ ᠡᠰᠢ ᠨᠢ ᠰᠢᠯᠤᠭᠤᠨ᠂ ᠦᠨᠳᠤᠷ ᠢᠶᠠᠷ ᠢᠶᠠᠨ 2~3m᠂ ᠰᠠᠭᠤᠷᠢ ᠪᠦᠷᠢ ᠨᠢ 20~30 ᠪᠤᠳᠠᠯᠠᠵᠤ᠂ ᠨᠠᠪᠴᠢ ᠨᠢ 4cm ᠦᠷᠭᠡᠨ᠂ 60cm ᠤᠷᠳᠤ᠂ ᠭᠦᠨ ᠨᠤᠭᠤᠭᠠᠨ ᠦᠡᠭᠭᠡ ᠲᠠᠢ᠂ ᠵᠢᠯ ᠳᠤ 2~3 ᠤᠳᠠᠭ᠎ᠠ ᠬᠠᠳᠤᠵᠤ᠂ ᠵᠢᠯ ᠳᠤ ᠮᠤ᠋ ᠪᠦᠷᠢ ᠠᠴᠠ 3000~5000kg ᠡᠪᠡᠰᠤ ᠬᠠᠳᠤᠨ᠎ᠠ᠃ ᠰᠦᠳᠡᠨ ᠡᠪᠡᠰᠤ ᠪᠤᠯ ᠬᠠᠯᠠᠭᠤᠨ ᠳᠤ ᠤᠷᠭᠤᠳᠠᠭ᠃ ᠭᠦᠯᠳᠡᠵᠤ ᠬᠠᠭᠠᠷᠢᠠᠠᠳᠠᠬᠤ ᠨᠢ ᠠᠮᠠᠷᠬᠠᠨ᠂ ᠦᠷ᠎ᠡ ᠨᠢ 20℃~30℃ ᠤᠨ ᠬᠠᠯᠠᠭᠤᠨ ᠳᠤ ᠮᠠᠰᠢ ᠰᠠᠶᠢᠨ ᠰᠤᠶᠤᠭᠠᠯᠠᠵᠤ ᠂ ᠨᠢᠯᠬ᠎ᠠ ᠴᠢᠭᠢ ᠨᠢ ᠭᠦᠢᠳᠡᠨ ᠠᠴᠠ ᠠᠶᠤᠨ᠎ᠠ᠃ ᠦᠨᠳᠤᠰᠤᠨ ᠰᠢᠰᠲ᠋ᠧᠮ ᠨᠢ ᠭᠦᠭᠵᠢᠩᠭᠦᠢ᠂ ᠭᠠᠩ ᠳᠤ ᠲᠠᠰᠪᠤᠷᠢᠳᠡᠢ᠂ ᠬᠤᠷ᠎ᠠ ᠲᠤᠨᠤᠳᠠᠰᠤ ᠶᠢᠨ ᠭᠡᠮᠵᠢᠶ᠎ᠠ ᠨᠢ 250mm  ᠪᠠᠶᠢᠳᠠᠭ ᠭᠠᠵᠠᠷ ᠤᠷᠤᠨ ᠳᠤ ᠲᠠᠷᠢᠪᠠᠯ ᠮᠠᠰᠢ ᠦᠨᠳᠤᠷ ᠬᠤᠷᠢᠶᠠᠯᠳᠠ ᠤᠯᠤᠨ᠎ᠠ᠃ ᠡᠯᠡᠰᠦᠷᠭᠡᠭ᠂ ᠨᠠᠩᠭᠢᠳᠤ᠂ ᠭᠦᠴᠢᠯᠯᠢᠭ ᠪᠠ ᠬᠤᠵᠢᠷᠯᠢᠬ ᠭᠦᠷᠦᠰᠤᠨ ᠳᠤ ᠴᠦᠮ ᠤᠷᠭᠤᠨ᠎ᠠ᠃ ᠭᠡᠷ ᠤᠨ ᠲᠡᠵᠢᠭᠡᠪᠤᠷᠢ ᠳᠤ ᠵᠢᠯ ᠲᠤᠵᠢ ᠨᠤᠭᠤᠭᠠᠨ ᠪᠤᠷᠳᠤᠭ᠎ᠠ ᠲᠠᠢ ᠪᠠᠶᠢᠯᠭᠠᠬᠤ ᠶᠢᠨ ᠲᠤᠰᠠᠳᠠ ᠶᠠᠷᠦ ᠳᠡᠭᠡᠨ ᠬᠤᠭᠤᠴᠠᠭ᠎ᠠ ᠬᠤᠪᠢᠶᠠᠨ ᠡᠭᠡᠯᠵᠢᠯᠡᠨ ᠲᠠᠷᠢᠳᠠᠭ᠃ ᠲᠤᠬᠠᠶᠢᠯᠠᠪᠠᠯ 25 ᠬᠤᠨᠤᠭ ᠠᠯᠤᠰᠯᠠᠭᠠᠳ ᠨᠢᠭᠡ ᠤᠳᠠᠭ᠎ᠠ ᠲᠠᠷᠢᠨ᠎ᠠ᠃ ᠤᠯᠠᠩᠭᠢ ᠳᠠᠭᠠᠨ ᠵᠤᠷᠠᠭᠠᠯᠠᠨ ᠲᠠᠷᠢᠵᠤ᠂ ᠮᠤ᠋ ᠪᠦᠷᠢ ᠪᠠᠷᠤᠭ 2kg ᠦᠷ᠎ᠡ ᠭᠡᠷᠡᠭᠯᠡᠵᠤ᠂ ᠮᠦᠷ ᠤᠨ ᠵᠠᠢ ᠶᠢ 30~50cm ᠪᠠᠶᠢᠯᠭᠠᠵᠤ᠂ 2~4cm ᠭᠦᠨ ᠲᠠᠷᠢᠵᠤ᠂ ᠲᠠᠷᠢᠬᠤ ᠠᠴᠠ ᠪᠠᠨ ᠡᠮᠦᠨ᠎ᠠ ᠭᠦᠨ ᠤᠷᠪᠠᠭᠤᠯᠵᠤ᠂ ᠮᠤ᠋ ᠪᠦᠷᠢ 1500kg ᠤᠷᠭᠠᠨᠢᠭ ᠪᠤᠷᠳᠤᠭᠤᠷ ᠤᠷᠤᠭᠤᠯᠤᠨ᠎ᠠ᠃ ᠵᠠᠯᠭᠠᠭ᠎ᠠ ᠪᠠᠷ ᠲᠠᠷᠢᠬᠤ ᠳᠤ ᠲᠤᠭᠢᠷᠠᠬᠤ ᠦᠭᠡᠢ᠂ ᠬᠠᠷᠢᠨ ᠪᠤᠷᠴᠠᠭ ᠤᠨ ᠲᠦᠷᠦᠯ ᠯᠦᠭᠡ ᠡᠭᠡᠯᠵᠢᠯᠠᠨ ᠲᠠᠷᠢᠬᠤ ᠪᠤᠶᠤ ᠪᠤᠷᠴᠠᠭ ᠤᠨ ᠢᠵᠠᠭᠤᠷᠳᠤ ᠨᠢᠭᠡ ᠨᠠᠰᠤᠳᠤ ᠡᠪᠡᠰᠤ ᠲᠠᠢ ᠬᠤᠯᠢᠨ ᠲᠠᠷᠢᠵᠤ ᠪᠤᠯᠤᠨ᠎ᠠ᠃ ᠰᠦᠳᠡᠨ ᠡᠪᠡᠰᠤᠨ ᠤ ᠡᠰᠢ ᠨᠠᠪᠴᠢ ᠨᠢ ᠵᠦᠭᠡᠯᠡᠨ᠂ ᠰᠢᠮ᠎ᠠ ᠲᠡᠵᠢᠭᠡᠯ ᠰᠠᠶᠢᠳᠠᠢ᠂ ᠠᠮᠳᠠᠷᠬᠠᠭ ᠪᠠᠶᠢᠳᠠᠭ ᠪᠤᠯᠬᠤᠷ ᠡᠯ᠎ᠡ ᠲᠦᠷᠦᠯ ᠤᠨ ᠭᠡᠷ ᠤᠨ ᠲᠡᠵᠢᠭᠡᠪᠤᠷᠢ ᠪᠤᠯᠤᠨ ᠡᠪᠡᠰᠤᠨ ᠲᠡᠵᠢᠭᠡᠯᠳᠤ ᠵᠢᠭᠠᠰᠤᠨ ᠤ ᠲᠦᠷᠦᠯ ᠤᠨ ᠴᠦᠮ ᠢᠳᠡᠭᠦ ᠲᠤᠷᠠᠳᠠᠢ ᠴᠢᠨᠠᠷᠯᠢᠭ ᠡᠪᠡᠰᠤ ᠪᠤᠯᠤᠨ᠎ᠠ᠃ ᠨᠢᠯᠬ᠎ᠠ ᠴᠢᠭᠢᠨ ᠳᠤᠨᠢ  ᠼᠢᠶᠠᠨᠳᠦ ᠤᠰᠤᠳᠦ᠋ᠷᠦᠭᠴᠢ ᠠᠭᠤᠯᠤᠭᠳᠠᠵᠤ ᠪᠠᠶᠢᠳᠠᠭ ᠪᠤᠯᠬᠤᠷ 50cm ᠦᠨᠳᠤᠷ ᠤᠷᠭᠤᠬᠤ ᠦᠶ᠎ᠠ ᠳᠤᠨᠢ ᠬᠠᠳᠤᠬᠤ ᠪᠤᠶᠤ ᠵᠢᠭᠠᠬᠠᠨ ᠡᠷᠳᠡ ᠰᠢᠭ ᠬᠠᠳᠤᠵᠤ ᠡᠭᠡᠭᠡᠨ ᠬᠠᠳᠠᠭᠠᠵᠤ᠂ ᠬᠤᠤᠷᠳ᠋ᠬᠠᠳᠠᠬᠤ ᠠᠴᠠ ᠰᠡᠷᠭᠡᠶᠢᠯᠡᠭᠦ ᠭᠡᠷᠡᠭᠳᠡᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号