︵ᠬᠤᠶᠠᠷ︶ ᠭᠦᠳᠡᠭᠡ ᠲᠤᠰᠬᠤᠨ ᠤ ᠤᠮᠳᠠ ᠤᠰᠤᠨ ᠤ ᠠᠷᠢᠭᠤᠨ ᠴᠡᠪᠡᠷ ᠢ ᠪᠠᠳᠤᠯᠠᠬᠤ ᠪᠠ ᠬᠤᠭ ᠨᠤᠪᠰᠢ ᠶᠢ ᠰᠢᠢᠳᠪᠤᠷᠢᠯᠡᠭᠦ
ᠨᠡᠶᠢᠲᠡᠯᠡᠭᠰᠡᠨ ᠴᠠᠭ᠄
2015-12-03
        1. ᠠᠷᠢᠭᠤᠨ ᠴᠡᠪᠡᠷ ᠤᠰᠤ ᠤᠤᠭᠤᠬᠤ ᠨᠢ ᠭᠦᠮᠦᠨ ᠤ ᠡᠷᠡᠭᠦᠯ ᠮᠡᠨᠳᠤ ᠳᠤ ᠶᠠᠮᠠᠷ ᠴᠢᠬᠤᠯᠠ ᠠᠴᠢ ᠬᠤᠯᠪᠤᠠᠠᠳᠠᠯ ᠲᠠᠢ ᠪᠤᠢ︖     ᠤᠰᠤ ᠪᠤᠯ ᠠᠮᠢ ᠨᠠᠰᠤᠨ ᠤ ᠡᠭᠢ ᠪᠤᠯᠠᠭ ᠮᠦᠨ᠃ ᠭᠦᠮᠦᠰ ᠤᠨ ᠠᠮᠢᠳᠤᠷᠠᠯ ᠲᠤᠮᠳᠠ ᠲᠤᠳ᠋ᠬᠠᠳᠠᠵᠤ ᠪᠤᠯᠤᠰᠢ ᠦᠭᠡᠢ ᠴᠢᠬᠤᠯᠠ ᠪᠦᠷᠢᠯᠳᠦᠭᠦᠨ ᠭᠡᠰᠡᠭ ᠮᠦᠨ᠃ ᠦᠡᠭᠭᠡᠨ ᠲᠠᠯ᠎ᠠ ᠠᠴᠠ ᠨᠢ ᠦᠵᠡᠭᠦ ᠳᠤ ᠭᠤᠤᠯ ᠤᠨ ᠤᠰᠤ᠂ ᠨᠠᠭᠤᠷ ᠤᠨ ᠤᠰᠤ ᠂ ᠭᠤᠷᠤᠬ᠎ᠠ ᠶᠢᠨ ᠤᠰᠤ᠂ ᠴᠦᠭᠦᠷᠦᠮ ᠤᠨ ᠤᠰᠤ ᠨᠢ ᠮᠠᠰᠢ ᠴᠡᠪᠡᠷᠭᠡᠨ ᠪᠠᠶᠢᠳᠠᠭ ᠪᠤᠯᠪᠠᠴᠤ ᠭᠡᠷᠡᠭ ᠲᠠᠭᠡᠷ᠎ᠠ ᠪᠠᠨ ᠤᠰᠤᠨ  ᠳᠤ ᠮᠢᠺᠷᠤᠪ ᠡᠳ᠋᠂ ᠰᠢᠮᠡᠭᠦᠷ ᠬᠤᠷᠤᠬᠠᠢ ᠶᠢᠨ ᠦᠨᠳᠡᠭᠡ ᠪᠤᠶᠤ ᠬᠤᠤᠷ ᠲᠠᠢ ᠭᠢᠮᠢ ᠶᠢᠨ ᠡᠳ᠋ ᠠᠭᠤᠯᠤᠠᠠᠳᠠᠵᠤ᠂ ᠭᠦᠮᠦᠰ ᠠᠷᠢᠭᠤᠳᠬᠠᠨ ᠰᠢᠢᠳᠪᠤᠷᠢᠯᠡᠭᠰᠡᠨ ᠦᠭᠡᠢ ᠤᠰᠤ ᠶᠢ ᠤᠤᠭᠤᠪᠠᠯ ᠲᠠᠷᠤᠢ ᠰᠠᠭᠤᠯᠭᠠᠬᠤ᠂ ᠶᠤᠯᠬᠤᠳᠠᠰᠤ᠂ ᠭᠦᠭᠡᠭᠴᠢᠨ ᠭᠡᠯᠪᠡᠷᠢ ᠶᠢᠨ ᠡᠯᠢᠭᠡᠨ ᠤ ᠦᠷᠪᠢᠰᠦᠯ ᠵᠡᠷᠭᠡ ᠡᠪᠡᠳᠴᠢᠨ ᠡᠮᠭᠡᠭ ᠤᠯᠬᠤ ᠪᠤᠯᠤᠨ᠎ᠠ᠃ ᠭᠠᠵᠠᠷ ᠤᠨ ᠪᠦᠳᠦᠴᠡ ᠶᠢᠨ ᠨᠦᠯᠦᠭᠡᠯᠡᠯ ᠢ ᠭᠦᠷᠳᠡᠵᠤ᠂ ᠵᠠᠷᠢᠮ ᠭᠠᠵᠠᠷ ᠤᠷᠤᠨ ᠤ ᠤᠰᠤᠨ ᠳᠤ ᠹᠯᠤᠷ᠂ ᠠᠷᠰᠧᠨ ᠤ ᠠᠭᠤᠯᠤᠠᠠᠳᠠᠴᠠ ᠮᠠᠰᠢ ᠦᠨᠳᠤᠷ ᠪᠠᠶᠢᠵᠤ᠂ ᠭᠦᠮᠦᠰ ᠤᠷᠳᠤ ᠬᠤᠭᠤᠴᠠᠭ᠎ᠠ ᠪᠠᠷ ᠡᠶᠢᠮᠤ ᠤᠰᠤ ᠶᠢ ᠤᠤᠭᠤᠪᠠᠯ ᠲᠠᠷᠤᠢ ᠹᠯᠤᠷ ᠤᠨ ᠬᠤᠤᠷᠳᠠᠯ ᠪᠠ ᠠᠷᠰᠸᠠ ᠤ ᠬᠤᠤᠷᠳᠠᠯ ᠵᠡᠷᠭᠡ ᠤᠷᠤᠨ ᠨᠤᠳᠤᠭ ᠤᠨ ᠡᠪᠡᠳᠴᠢᠨ ᠳᠤ ᠨᠡᠷᠪᠡᠭᠳᠡᠳᠡᠭ᠃      ᠠᠵᠤ ᠦᠢᠯᠡᠳᠪᠤᠷᠢ ᠶᠢᠨ ᠬᠠᠶ᠋ᠬᠠᠳᠠᠮᠠᠯ ᠤᠰᠤ᠂ ᠠᠮᠢᠳᠤᠷᠠᠯ ᠤᠨ ᠪᠤᠵᠠᠷ ᠤᠰᠤ ᠪᠤᠯᠤᠨ ᠲᠠᠷᠢᠶᠠᠯᠠᠩ ᠤᠨ ᠪᠤᠵᠠᠷ ᠤᠰᠤᠨ ᠳᠤ ᠶᠠᠷᠤ ᠠᠴᠠ ᠶᠡᠭᠡ ᠭᠡᠮᠵᠢᠶᠠᠨ ᠤ ᠬᠤᠤᠷ᠂ ᠬᠤᠤᠷ ᠲᠠᠢ ᠭᠢᠮᠢ ᠶᠢᠨ ᠪᠤᠳᠠᠰ᠂ ᠡᠪᠡᠳᠴᠢᠨ ᠤᠯᠬᠤ ᠮᠢᠺᠷᠤᠪ ᠪᠤᠳᠠᠰ᠂ ᠰᠢᠮᠡᠭᠦᠷ ᠬᠤᠷᠤᠬᠠᠢ ᠶᠢᠨ ᠦᠨᠳᠡᠭᠡ ᠵᠡᠷᠭᠡ ᠠᠭᠤᠯᠤᠭᠳᠠᠵᠤ ᠪᠠᠶᠢᠳᠠᠭ᠃ ᠭᠡᠷᠪᠡ ᠰᠢᠢᠳᠪᠤᠷᠢᠯᠡᠯᠳᠡ ᠭᠢᠭᠦ ᠦᠭᠡᠢ  ᠪᠠᠷ ᠲᠡᠭᠦᠨ ᠢ ᠭᠤᠤᠯ ᠮᠦᠷᠡᠨ᠂ ᠨᠠᠭᠤᠷ ᠪᠦᠷᠢᠳᠤ᠂ ᠴᠦᠭᠦᠷᠤᠮ ᠳᠤ ᠵᠠᠯᠠᠵᠤ ᠤᠷᠤᠭᠤᠯᠬᠤ ᠪᠤᠶᠤ ᠭᠠᠵᠠᠷ ᠲᠤ ᠴᠢᠳᠬᠤᠪᠠᠯ ᠲᠠᠷᠤᠢ ᠤᠮᠳᠠ ᠤᠰᠤᠨ ᠤ ᠡᠭᠢ ᠰᠤᠷᠪᠤᠯᠵᠢ ᠪᠤᠭᠢᠷᠳᠤᠵᠤ᠂ ᠭᠦᠨᠳᠤ ᠨᠤᠴᠢᠳᠠᠢ ᠦᠶᠡᠰ ᠲᠦᠷᠭᠡᠨ ᠴᠢᠨᠠᠷ ᠲᠠᠢ ᠭᠡᠳᠡᠰᠤᠨ ᠰᠦᠪᠠ ᠶᠢᠨ ᠬᠠᠯᠳᠠᠪᠤᠷᠢᠳᠤ ᠡᠪᠡᠳᠴᠢᠨ ᠦᠷᠪᠢᠰᠤᠨ ᠲᠡᠯᠭᠡᠷᠡᠭᠦ ᠪᠤᠶᠤ ᠲᠦᠷᠭᠡᠨ ᠴᠢᠨᠠᠷ ᠲᠠᠢ ᠭᠢᠮᠢ ᠶᠢᠨ ᠪᠤᠭᠢᠷᠳᠤᠯ ᠪᠤᠳᠠᠰ ᠤᠨ ᠬᠤᠤᠷᠳᠠᠯ ᠡᠭᠦᠰᠴᠤ᠂ ᠤᠷᠳᠤ ᠬᠤᠭᠤᠴᠠᠭ᠎ᠠ ᠪᠠᠷ ᠤᠤᠭᠤᠪᠠᠯ ᠪᠠᠰᠠ ᠤᠳᠠᠭᠠᠨ ᠴᠢᠨᠠᠷ ᠲᠠᠢ ᠬᠤᠤᠷᠳ᠋ᠬᠠᠳᠠᠬᠤ ᠪᠡ ᠴᠢᠨ᠋ᠬᠠᠰᠢᠯᠡᠪᠡᠯ ᠦᠮᠡᠨ ᠡᠪᠡᠳᠴᠢᠨ ᠤᠯᠬᠤ ᠪᠤᠯᠤᠨ᠎ᠠ᠃       ᠤᠰᠤᠨ ᠤ ᠪᠤᠭᠢᠷᠳᠤᠯ ᠢ ᠰᠡᠷᠭᠡᠶᠢᠯᠡᠭᠦ ᠳᠤ ᠬᠠᠮᠢᠶ᠎ᠠ ᠪᠦᠭᠦᠢ ᠦᠢᠯᠡᠳᠪᠤᠷᠢᠯᠡᠯ ᠤᠨ ᠠᠵᠤ ᠠᠬᠤᠶᠢᠯᠡᠯ ᠤᠳ ᠦᠢᠯᠡᠳᠪᠤᠷᠢᠯᠡᠯ ᠢᠶᠠᠨ ᠴᠡᠪᠡᠷᠰᠢᠭᠦᠯᠵᠤ᠂ ᠪᠤᠭᠢᠷᠳᠤᠯ ᠢ ᠵᠠᠯᠠᠬᠤ ᠶᠢ ᠪᠠᠭᠠᠰᠬᠠᠵᠤ᠂ ᠤᠰᠤᠨ ᠤ ᠡᠭᠢ ᠰᠤᠷᠪᠤᠯᠵᠢ ᠶᠢ ᠬᠠᠮᠠᠭᠠᠯᠠᠵᠤ᠂ ᠦᠢᠯᠡᠳᠪᠤᠷᠢᠯᠡᠯ ᠤᠨ ᠬᠠᠶ᠋ᠬᠠᠳᠠᠮᠠᠯ ᠤᠰᠤᠨ ᠳᠠᠭᠠᠨ ᠰᠢᠢᠳᠪᠤᠷᠢᠯᠡᠯᠳᠡ ᠭᠢᠵᠤ᠂ ᠪᠠᠷᠢᠮᠵᠢᠶ᠎ᠠ ᠳᠤ ᠭᠦᠷᠦᠭᠰᠡᠨ ᠤ ᠰᠡᠭᠦᠯᠡᠷ ᠰᠠᠶ᠋ᠢ ᠵᠠᠯᠠᠵᠤ ᠭᠠᠷᠭᠠᠬᠤ ᠭᠡᠷᠡᠭᠳᠡᠢ᠃ ᠡᠶᠢᠮᠤ ᠠᠴᠠ ᠤᠮᠳᠠ ᠤᠰᠤᠨ ᠤ ᠠᠷᠢᠭᠤᠨ ᠴᠡᠪᠡᠷ ᠲᠤ ᠰᠡᠳᠭᠢᠯ ᠲᠠᠯᠪᠢᠬᠤ ᠨᠢ ᠤᠰᠤᠨ ᠠᠴᠠ ᠤᠯᠬᠤ ᠬᠠᠯᠳᠠᠪᠤᠷᠢᠳᠤ ᠡᠪᠡᠳᠴᠢᠨ ᠢ ᠤᠷᠢᠳᠴᠢᠯᠠᠨ ᠰᠡᠷᠭᠡᠶᠢᠯᠡᠭᠦ ᠪᠡ ᠭᠢᠮᠢ ᠶᠢᠨ ᠴᠢᠨᠠᠷ ᠲᠠᠢ ᠬᠤᠤᠷᠳᠠᠯ ᠢ ᠰᠡᠷᠭᠡᠶᠢᠯᠡᠭᠦ ᠳᠤ ᠲᠤᠩ ᠴᠢᠬᠤᠯᠠ ᠠᠴᠢ ᠬᠤᠯᠪᠤᠠᠠᠳᠠᠯ ᠲᠠᠢ ᠶᠤᠮ᠃      2. ᠤᠳᠤᠬᠠᠨ ᠳᠤ ᠭᠦᠳᠡᠭᠡ ᠲᠤᠰᠬᠤᠨ ᠤ ᠠᠮᠢᠳᠤᠷᠠᠯ ᠤᠨ ᠭᠡᠷᠡᠭᠯᠡᠭᠡᠨ ᠤ ᠤᠰᠤᠨ ᠳᠤ ᠶᠠᠮᠠᠷ ᠠᠰᠠᠭᠤᠳᠠᠯ ᠤᠷᠤᠰᠢᠵᠤ ᠪᠠᠶᠢᠬᠤ ᠪᠤᠢ︖      ᠭᠠᠵᠠᠷ ᠤᠨ ᠭᠠᠳᠠᠷᠭᠤ ᠶᠢᠨ ᠤᠰᠤ ᠪᠠ ᠭᠠᠵᠠᠷ ᠲᠤᠤᠷᠠᠭᠢ ᠤᠰᠤᠨ ᠳᠤ ᠴᠦᠮ ᠪᠠᠭ᠎ᠠ ᠭᠡᠮᠵᠢᠶᠠᠨ ᠤ ᠡᠷᠦᠳᠡᠰᠤ ᠪᠤᠳᠠᠰ ︵ᠪᠠᠰᠠ ᠪᠢᠴᠢᠯ ᠡᠯᠧᠮᠧᠨ᠋ᠲ ᠭᠡᠳᠡᠭ︶ ᠠᠭᠤᠯᠤᠠᠠᠳᠠᠵᠤ ᠪᠠᠶᠢᠳᠠᠭ᠃ ᠡᠳᠡᠭᠡᠷ ᠤᠰᠤᠨ ᠳᠤ ᠠᠮᠠᠷᠬᠠᠨ ᠠᠭᠤᠰᠳᠠᠭ ᠪᠢᠴᠢᠯ ᠡᠯᠧᠮᠧᠨ᠋ᠲ ᠨᠢ ᠭᠦᠮᠦᠨ ᠤ ᠪᠡᠶ᠎ᠠ ᠳᠤ ᠠᠮᠠᠷᠬᠠᠨ ᠰᠢᠩᠭᠡᠭᠡᠭᠳᠡᠵᠤ᠂ ᠲᠠᠷᠠ ᠨᠢ ᠪᠠᠰᠠ ᠭᠦᠮᠦᠰ ᠤᠨ ᠮᠠᠬᠠᠪᠤᠳ ᠲᠤ ᠭᠡᠷᠡᠭᠴᠡᠭᠡ ᠲᠠᠢ ᠡᠯᠧᠮᠧᠨ᠋ᠲ ᠪᠤᠯᠳᠠᠭ᠃ ᠭᠡᠪᠡᠴᠤ ᠭᠦᠮᠦᠰ ᠤᠨ ᠠᠮᠢᠳᠤᠷᠠᠯ ᠤᠨ ᠭᠢᠷᠢ ᠲᠦᠪᠰᠢᠨ ᠤ ᠲᠡᠭᠡᠭᠰᠢᠯᠡᠯᠳᠡ ᠶᠢ ᠲᠠᠭᠠᠯᠳᠤᠨ ᠴᠡᠪᠡᠷᠰᠢᠭᠦᠯᠦᠭᠰᠡᠨ ᠤᠰᠤ᠂ ᠨᠠᠷᠠᠮᠠᠯ ᠤᠰᠤ ᠪᠤᠶᠤ ᠷᠠᠰᠢᠶᠠᠨ ᠤᠰᠤ ᠵᠡᠷᠭᠡ ᠤᠰᠤ ᠶᠢ ᠤᠤᠭᠤᠬᠤ ᠭᠦᠮᠦᠰ ᠤᠯᠠᠮ ᠠᠴᠠ ᠤᠯᠠᠮ ᠤᠯᠠᠰᠢᠷᠠᠵᠤ᠂ ᠭᠦᠮᠦᠰ ᠤᠨ ᠪᠡᠶ᠎ᠠ ᠳᠤ ᠪᠢᠴᠢᠯ ᠡᠷᠦᠳᠡᠰᠤ ᠪᠤᠳᠠᠰ ᠤᠨ ᠰᠢᠩᠭᠡᠭᠡᠯᠳᠡ ᠭᠦᠷᠦᠯᠴᠡᠭᠡ ᠦᠭᠡᠢ ᠪᠤᠯᠵᠠᠢ᠃ ᠲᠠ ᠪᠦᠭᠦᠨ ᠳᠤ ᠰᠠᠨᠠᠭᠤᠯᠬᠤ ᠴᠢᠬᠤᠯᠠ ᠲᠠᠢ ᠵᠦᠢᠯ ᠭᠡᠪᠡᠯ ᠤᠮᠳᠠ ᠤᠰᠤᠨ ᠤ ᠮᠠᠰᠢᠨ ᠢᠶᠠᠨ ᠲᠤᠠᠠᠳᠠᠮᠠᠯ ᠬᠤᠭᠤᠴᠠᠭ᠎ᠠ ᠪᠠᠷ ᠤᠭᠢᠶᠠᠨ ᠴᠡᠪᠡᠷᠯᠡᠭᠦ ᠭᠡᠷᠡᠭᠳᠡᠢ᠃ ᠰᠠᠭᠤᠯᠠᠭᠠᠳᠤ ᠤᠰᠤ ᠴᠤ ᠨᠠᠷᠢᠨ ᠪᠠᠺᠲ᠋ᠧᠷᠢ ᠳᠤ ᠪᠤᠭᠢᠷᠳᠤᠳᠠᠭ᠂ ᠡᠶᠢᠮᠤ  ᠠᠴᠠ ᠤᠰᠤᠨ ᠤ ᠰᠠᠭᠤᠯᠠᠭ᠎ᠠ ᠰᠠᠪᠠ ᠪᠠᠨ ᠰᠠᠶᠢᠳᠤᠷ ᠴᠡᠪᠡᠷᠯᠡᠭᠦ ᠴᠢᠬᠤᠯᠠ ᠲᠠᠢ᠃      ᠤᠳᠤᠬᠠᠨ ᠳᠤ ᠮᠠᠰᠢ ᠤᠯᠠᠨ ᠰᠤᠮᠤ ᠰᠢᠶᠠᠩ ᠪᠠᠯᠭᠠᠰᠤ᠂ ᠭᠦᠳᠡᠭᠡ ᠲᠤᠰᠬᠤᠨ ᠲᠦᠭᠦᠮᠭᠡᠨ ᠲᠦᠭᠡᠭᠡᠯ ᠤᠰᠤᠨ ᠤ ᠦᠢᠯᠡᠳᠪᠤᠷᠢ ᠪᠠᠶᠢᠭᠤᠯᠤᠠᠠᠰᠠᠨ ᠪᠤᠯᠪᠠᠴᠤ ᠤᠰᠤᠨ ᠰᠤᠷᠪᠤᠯᠵᠢ ᠶᠢ ᠰᠤᠩᠭᠤᠠᠠᠰᠠᠨ ᠢᠶᠠᠷ ᠠᠨᠠᠢ᠂ ᠬᠠᠮᠠᠭᠠᠯᠠᠯᠳᠠ ᠨᠢ ᠪᠠᠷᠤᠠᠠᠳᠠᠢ ᠂ ᠬᠠᠮᠢᠶᠠᠷᠤᠯᠳᠠ ᠨᠢ ᠮᠠᠭᠤ᠂ ᠠᠷᠢᠭᠤᠳᠬᠠᠬᠤ ᠪᠡᠯᠡᠳᠭᠡᠮᠵᠢ ᠦᠭᠡᠢ ᠵᠡᠷᠭᠡ ᠠᠰᠠᠭᠤᠳᠠᠯ ᠤᠳ ᠦᠷᠭᠦᠯᠵᠢ ᠤᠷᠤᠰᠢᠵᠤ᠂ ᠡᠴᠦᠰ ᠲᠡᠭᠡᠨ ᠤᠰᠤᠨ ᠳᠠᠬᠢ ᠨᠠᠷᠢᠨ ᠪᠠᠺᠲ᠋ᠧᠷᠢ ᠶᠢᠨ ᠶᠠᠷᠦᠩᠭᠡᠢ ᠲᠤᠭ᠎ᠠ᠂ ᠲᠤᠮᠤ ᠭᠡᠳᠡᠰᠤᠨ ᠤ ᠪᠠᠺᠲ᠋ᠧᠷᠢ ᠶᠢᠨ ᠪᠦᠯᠦᠭ ᠤᠨ ᠲᠤᠭ᠎ᠠ ᠨᠢ ᠪᠠᠷᠢᠮᠵᠢᠶ᠎ᠠ ᠠᠴᠠ ᠭᠦᠨᠳᠤ ᠨᠤᠴᠢᠳᠡᠢ ᠭᠡᠳᠦᠷᠡᠭᠰᠡᠨ ᠪᠠᠶᠢᠳᠠᠭ᠃ ᠡᠨᠡ ᠪᠤᠯ ᠤᠯᠠᠨ ᠤ ᠰᠡᠳᠭᠢᠯ ᠲᠠᠯᠪᠢᠪᠠᠰᠤ ᠵᠤᠭᠢᠬᠤ ᠠᠰᠠᠭᠤᠳᠠᠯ ᠪᠤᠯᠤᠨ᠎ᠠ᠃ ᠭᠡᠷᠪᠡ ᠠᠮᠢᠳᠤᠷᠠᠯ ᠤᠨ ᠲᠤᠮᠳᠠ ᠤᠰᠤ ᠪᠤᠭᠢᠷᠳᠤᠠᠠᠰᠠᠨ ᠪᠤᠯ ᠲᠠᠷᠦ᠋ᠢᠬᠠᠨ ᠠᠷᠢᠭᠤᠳᠬᠠᠨ ᠰᠢᠢᠳᠪᠤᠷᠢᠯᠡᠵᠤ᠂ ᠴᠡᠪᠡᠷᠵᠢᠭᠦᠯᠭᠦ᠂ ᠠᠷᠢᠭᠤᠳᠬᠠᠨ ᠰᠢᠢᠳᠪᠤᠷᠢᠯᠡᠭᠦ ᠪᠠᠷ ᠲᠠᠮᠵᠢᠭᠤᠯᠤᠨ᠂ ᠪᠠᠶᠢᠴᠠᠭᠠᠭᠠᠳ ᠭᠢᠷᠢ ᠳᠤ ᠲᠡᠩᠴᠡᠭᠰᠡᠨ ᠤ ᠰᠡᠭᠦᠯᠡᠷ ᠤᠤᠭᠤᠬᠤ ᠭᠡᠷᠡᠭᠳᠡᠢ᠃      3. ᠤᠮᠳᠠ ᠤᠰᠤᠨ ᠤ ᠠᠷᠢᠭᠤᠨ ᠴᠡᠪᠡᠷ ᠢ ᠶᠠᠮᠠᠷ ᠠᠷᠭ᠎ᠠ ᠪᠠᠷ ᠰᠢᠢᠳᠪᠤᠷᠢᠯᠡᠭᠦ ᠪᠤᠢ︖      ᠠᠮᠢᠳᠤᠷᠠᠯ ᠤᠨ ᠤᠮᠳᠠ ᠤᠰᠤᠨ ᠤ ᠠᠷᠢᠭᠤᠨ ᠴᠡᠪᠡᠷ ᠪᠡ ᠡᠷᠡᠭᠦᠯ ᠬᠠᠮᠠᠭᠠᠯᠠᠯ ᠢ ᠪᠠᠳᠤᠯᠠᠬᠤ ᠳᠤ ᠡᠩ ᠲᠡᠷᠢᠭᠦᠨ ᠳᠤ ᠤᠮᠳᠠ ᠤᠰᠤᠨ ᠤ ᠡᠭᠢ ᠪᠠᠶᠠᠯᠢᠬ ᠢ ᠰᠠᠶᠢᠳᠤᠷ ᠬᠠᠮᠢᠶᠠᠷᠬᠤ ᠭᠡᠷᠡᠭᠳᠡᠢ᠃ ᠲᠦᠭᠡᠭᠡᠯ ᠤᠰᠤᠨ ᠤ ᠤᠰᠤ ᠲᠤᠰᠬᠤ ᠭᠠᠵᠠᠷ ᠲᠤ ᠤᠰᠤᠨ ᠤ ᠡᠭᠢ ᠪᠠᠶᠠᠯᠢᠬ ᠢ ᠬᠠᠮᠠᠭᠠᠯᠠᠬᠤ ᠲᠡᠮᠳᠡᠭ ᠫᠠᠶᠢᠰᠠ ᠪᠤᠰᠬᠠᠵᠤ᠂ ᠴᠢᠩᠭ᠎ᠠ ᠬᠠᠮᠢᠶᠠᠷᠬᠤ ᠭᠡᠷᠡᠭᠳᠡᠢ᠃ ᠭᠤᠤᠯ ᠮᠦᠷᠡᠨ ᠤ ᠤᠰᠤ᠂ ᠴᠦᠭᠦᠷᠤᠮ ᠤᠨ ᠤᠰᠤᠨ ᠤ ᠤᠰᠤ ᠠᠪᠬᠤ ᠴᠡᠭ ᠤᠨ ᠡᠷᠭᠢᠨ ᠲᠤᠭᠤᠷᠢᠨ ᠤ 100m ᠤᠨ ᠭᠡᠪᠴᠢᠶᠠᠨ ᠲᠤᠳᠤᠷ᠎ᠠ ᠵᠢᠭᠠᠰᠤ ᠠᠩᠨᠠᠬᠤ᠂ ᠤᠡᠭᠭᠤᠴᠠ ᠰᠡᠯ ᠵᠤᠠᠠᠰᠤᠭᠠᠬᠤ᠂ ᠤᠮᠪᠠᠭ᠋ᠤ᠂ ᠪᠠᠶ᠎ᠠ ᠤᠭᠢᠶᠠᠬᠤ ᠵᠡᠷᠭᠡ ᠤᠰᠤᠨ ᠤ ᠡᠭᠢ ᠪᠤᠯᠠᠭ ᠢ ᠪᠤᠭᠢᠷᠳᠤᠭᠤᠯᠵᠤ ᠮᠡᠳᠡᠭᠦ ᠠᠵᠢᠯᠯᠠᠭ᠎ᠠ ᠶᠢ ᠴᠦᠮ ᠴᠠᠭᠠᠵᠠᠯᠠᠬᠤ ᠭᠡᠷᠡᠭᠳᠡᠢ᠃ ᠲᠡᠭᠡᠳᠤ ᠤᠷᠤᠰᠬᠠᠯ ᠳᠤᠨᠢ ᠠᠵᠤ ᠦᠢᠯᠡᠳᠪᠤᠷᠢ ᠶᠢᠨ ᠬᠠᠶ᠋ᠬᠠᠳᠠᠮᠠᠯ ᠪᠠ ᠠᠮᠢᠳᠤᠷᠠᠯ ᠤᠨ ᠪᠤᠵᠠᠷ ᠤᠰᠤ ᠵᠠᠯᠠᠵᠤ ᠤᠷᠤᠭᠤᠯᠵᠤ ᠪᠤᠯᠬᠤ ᠦᠭᠡᠢ᠃ ᠭᠤᠤᠯ ᠮᠦᠷᠡᠨ ᠤ ᠭᠦᠪᠡᠭᠡ ᠲᠠᠭᠠᠤ ᠬᠤᠭ ᠨᠤᠪᠰᠢ᠂ ᠬᠠᠶ᠋ᠬᠠᠳᠠᠮᠠᠯ ᠡᠳ᠋ ᠵᠡᠷᠭᠡ ᠬᠤᠤᠷ ᠭᠦᠨᠦᠭᠡᠯ ᠲᠠᠢ ᠪᠤᠳᠠᠰ ᠢ ᠤᠪᠤᠭᠠᠯᠠᠨ ᠲᠠᠯᠪᠢᠵᠤ ᠪᠤᠯᠬᠤ ᠦᠭᠡᠢ᠃     4. ᠤᠷᠤᠨ ᠨᠤᠳᠤᠭ ᠤᠨ ᠹᠯᠤᠷ ᠤᠨ ᠬᠤᠤᠷᠳᠠᠯ ᠨᠢ ᠶᠠᠮᠠᠷ ᠤᠨᠴᠠᠯᠢᠭ ᠪᠡ ᠭᠦᠨᠦᠭᠡᠯ ᠲᠠᠢ ᠪᠤᠢ︖      ᠤᠷᠤᠨ ᠨᠤᠳᠤᠭ ᠤᠨ ᠴᠢᠨᠠᠷ ᠲᠠᠢ ᠹᠯᠤᠷ ᠤᠨ ᠬᠤᠤᠷᠳᠠᠯ ︵ᠲᠦᠭᠦᠮᠴᠢᠯᠡᠪᠡᠯ ᠨᠤᠳᠤᠭ ᠤᠨ ᠹᠯᠤᠷ ᠡᠪᠡᠳᠴᠢᠨ ᠭᠡᠳᠡᠭ︶ ᠪᠤᠯ ᠤᠷᠴᠢᠨ ᠠᠬᠤᠢ ᠳᠤ ᠹᠯᠤᠷ ᠤᠨ ᠠᠭᠤᠯᠤᠠᠠᠳᠠᠴᠠ ᠦᠨᠳᠤᠷ ᠪᠠᠶᠢᠵᠤ᠂ ᠶᠠᠷᠦ ᠳᠡᠭᠡᠨ ᠪᠤᠯ ᠲᠤᠬᠠᠢ ᠶᠢᠨ ᠭᠠᠵᠠᠷ ᠤᠨ ᠤᠰᠤᠨ ᠤ ᠰᠤᠷᠪᠤᠯᠵᠢ ᠪᠤᠶᠤ ᠴᠠᠢ ᠶᠢᠨ ᠨᠠᠪᠴᠢ ᠨᠢ ᠹᠯᠤᠷ ᠲᠤ ᠪᠤᠭᠢᠷᠳᠤᠵᠤ᠂ ᠭᠦᠮᠦᠰ ᠤᠨ ᠪᠡᠶ᠎ᠠ ᠳᠤ ᠰᠢᠩᠭᠡᠭᠰᠡᠨ ᠤ ᠰᠡᠭᠦᠯᠡᠷ ᠹᠯᠤᠷ ᠤᠨ ᠬᠤᠤᠷᠳᠠᠯ ᠡᠭᠦᠰᠳᠡᠭ᠃     ᠤᠷᠤᠨ ᠨᠤᠳᠤᠭ ᠤᠨ ᠴᠢᠨᠠᠷ ᠲᠠᠢ ᠹᠯᠤᠷ ᠤᠨ ᠬᠤᠤᠷᠳᠠᠯ ᠤᠨ ᠢᠯᠡᠷᠡᠯ ᠨᠢ ᠭᠡᠪᠡᠯ ᠭᠤᠤᠯᠳᠠᠭᠤ ᠰᠢᠳᠤ ᠹᠯᠤᠷᠵᠢᠬᠤ ᠪᠠ ᠶᠠᠰᠤ ᠹᠯᠤᠷᠵᠢᠬᠤ ᠬᠤᠶᠠᠷ ᠵᠦᠢᠯ ᠤᠨ ᠪᠠᠶᠢᠳᠠᠯ ᠲᠠᠢ᠃ ᠰᠢᠳᠤ ᠹᠯᠤᠷᠵᠢᠬᠤ ᠪᠤᠯ ᠰᠢᠳᠤᠨ ᠤ ᠤᠷᠭᠤᠯᠳᠠ ᠶᠢᠨ ᠬᠤᠭᠤᠴᠠᠭᠠᠨ  ᠳᠤ ᠭᠦᠮᠦᠨ ᠤ ᠪᠡᠶ᠎ᠠ ᠳᠤ ᠹᠯᠤᠷ ᠭᠡᠳᠤ ᠠᠷᠪᠢᠨ ᠰᠢᠩᠭᠡᠭᠰᠡᠨ ᠠᠴᠠ ᠪᠤᠯᠤᠭᠠᠳ ᠰᠢᠳᠤ ᠭᠡᠮᠳᠦᠳᠡᠭ᠃ ᠭᠤᠤᠯ ᠢᠯᠡᠷᠡᠯ ᠨᠢ ᠭᠡᠪᠡᠯ ᠰᠢᠳᠤᠨ ᠤ ᠦᠡᠭᠭᠡ ᠨᠢ ᠭᠡᠷᠡᠯ ᠢᠶᠠᠨ ᠠᠯᠳᠠᠵᠤ᠂ ᠰᠢᠳᠤᠨ ᠲᠡᠭᠡᠷ᠎ᠡ ᠰᠢᠷᠭᠠᠯ᠂ ᠰᠢᠷ᠎ᠠ᠂ ᠰᠢᠷ᠎ᠠ ᠭᠦᠷᠡᠩ᠂ ᠭᠦᠷᠡᠩ ᠪᠤᠶᠤ ᠬᠠᠷ᠎ᠠ ᠦᠡᠭᠭᠡ ᠶᠢᠨ ᠠᠳᠠᠯᠢ ᠪᠤᠰᠤ ᠭᠡᠮᠵᠢᠶᠠᠨ ᠤ ᠵᠤᠷᠪᠤᠰ᠂ ᠲᠤᠯᠪᠤ ᠰᠠᠭᠤᠵᠤ᠂ ᠴᠢᠨ᠋ᠬᠠᠰᠢᠯᠠᠪᠠᠯ ᠪᠦᠭᠦ ᠰᠢᠳᠤ ᠴᠦᠮ ᠡᠶᠢᠮᠤ ᠪᠤᠯᠳᠠᠭ᠃ ᠭᠦᠨᠳᠤ ᠨᠤᠴᠢᠳᠡᠢ ᠦᠶᠡᠰ ᠰᠢᠳᠤᠨ ᠤ ᠦᠡᠭᠭᠡᠨ ᠲᠠᠯ᠎ᠠ ᠨᠢ ᠬᠤᠨᠭ᠍ᠬᠤᠶᠢᠵᠤ᠂ ᠬᠤᠨᠭ᠍ᠬᠤᠷ ᠨᠢ ᠨᠡᠩ ᠶᠡᠭᠡ ᠭᠡᠮᠵᠢᠶ᠎ᠠ ᠪᠠᠷ ᠬᠤᠪᠬᠤᠷᠴᠤ᠂ ᠵᠠᠭᠤᠯᠳᠠ ᠨᠢ ᠠᠳᠠᠯᠢ ᠪᠤᠰᠤ ᠭᠡᠮᠵᠢᠶ᠎ᠠ ᠪᠠᠷ ᠮᠤᠬᠤᠳᠠᠭ᠃      ᠶᠠᠰᠤ ᠹᠯᠤᠷᠵᠢᠬᠤ ᠡᠪᠡᠳᠴᠢᠨ ᠪᠤᠯ ᠭᠦᠮᠦᠨ ᠤ ᠪᠡᠶ᠎ᠠ ᠴᠤᠠᠠᠴᠠᠰ ᠲᠤ ᠭᠡᠳᠦᠷᠭᠡᠢ ᠠᠷᠪᠢᠨ ᠹᠯᠤᠷ ᠰᠢᠩᠭᠡᠭᠰᠡᠨ ᠠᠴᠠ ᠶᠠᠰᠤ ᠬᠤᠭᠢᠷᠠᠳᠠᠭ ᠪᠠᠶᠢᠨ᠎ᠠ᠃ ᠡᠪᠡᠳᠴᠢᠳᠡᠨ ᠤ ᠶᠠᠰᠤ ᠦᠷᠭᠦᠯᠵᠢ ᠡᠪᠡᠳᠴᠤ᠂ ᠦᠶ᠎ᠠ ᠭᠡᠰᠢᠭᠦᠤ ᠨᠢ ᠡᠪᠡᠳᠭᠦ᠂ ᠭᠦᠰᠢᠭᠦ᠂ ᠭᠡᠯᠪᠡᠷᠢ ᠠᠯᠳᠠᠬᠤ ᠵᠡᠷᠭᠡ ᠢᠯᠡᠷᠡᠯ ᠲᠠᠢ ᠪᠠᠶᠢᠵᠤ᠂ ᠰᠡᠭᠦᠯᠳᠡᠵᠤ ᠢᠷᠡᠭᠡᠳ ᠦᠶ᠎ᠠ ᠭᠡᠰᠢᠭᠦᠤ ᠶᠢᠨ ᠠᠵᠢᠯᠯᠠᠭ᠎ᠠ ᠨᠢ ᠭᠢᠵᠠᠭᠠᠷᠯᠬᠠᠳᠠᠬᠤ᠂ ᠴᠢᠨᠠᠠᠰᠢᠯᠠᠪᠠᠯ ᠮᠦᠴᠢ ᠪᠠᠨ ᠰᠤᠩᠭᠠᠵᠤ᠂ ᠨᠢᠷᠤᠭᠤ ᠪᠠᠨ ᠪᠦᠭᠳᠦ᠋ᠢᠭᠦ ᠵᠡᠷᠭᠡ ᠭᠦᠳᠡᠯᠭᠡᠭᠡᠨ ᠢ ᠴᠤ ᠪᠡᠶᠡᠯᠡᠭᠦᠯᠭᠦ ᠶᠢᠨ ᠠᠷᠭ᠎ᠠ ᠦᠭᠡᠢ ᠪᠤᠯᠵᠤ᠂ ᠭᠦᠨᠳᠤ ᠨᠤᠴᠢᠳᠠᠢ ᠨᠢ ᠲᠠᠮᠪᠠᠷᠠᠭᠠᠳ ᠪᠤᠰᠴᠤ ᠴᠢᠳᠠᠬᠤ ᠦᠭᠡᠢ ᠪᠤᠯᠬᠤ ᠪᠡ ᠡᠪᠡᠳᠴᠢᠨ ᠤ ᠭᠦᠭᠵᠢᠯᠳᠡ ᠶᠢ ᠲᠠᠭᠠᠯᠳᠤᠨ ᠤᠯᠠᠮ ᠢᠶᠠᠷ ᠭᠦᠨᠳᠦᠷᠡᠳᠡᠭ ᠪᠠᠶᠢᠨ᠎ᠠ᠃      ᠭᠡᠤᠭᠡᠳ ᠡᠪᠡᠳᠴᠢᠯᠡᠭᠰᠡᠨ ᠤ ᠰᠡᠭᠦᠯᠡᠷ ᠰᠢᠳᠤ ᠰᠢᠷᠠᠯᠠᠬᠤ ᠪᠠᠷ ᠪᠠᠷᠠᠬᠤ ᠦᠭᠡᠢ ᠤᠯᠠᠩᠭᠢ ᠶᠢᠨ ᠭᠢᠨᠢ ᠪᠡᠶ᠎ᠠ ᠪᠢᠯᠳᠠᠷ  ᠨᠢ ᠦᠰᠭᠦ ᠦᠭᠡᠢ ᠲᠤᠩ ᠪᠤᠭᠤᠨᠢᠬᠠᠨ ᠪᠠᠶᠢᠵᠤ᠂ ᠪᠡᠶ᠎ᠠ ᠶᠢᠨ ᠦᠨᠳᠤᠷ ᠨᠢ ᠲᠤᠮᠳᠠᠴᠢ ᠪᠠᠷ 1.4m ᠤᠷᠴᠢᠮ ᠯᠡ ᠪᠠᠶᠢᠵᠤ᠂ ᠤᠯᠠᠩᠭᠢ ᠨᠢ ᠪᠠᠷᠢ ᠤᠯᠵᠤ ᠴᠢᠳᠠᠬᠤ ᠦᠭᠡᠢ ᠪᠠᠶᠢᠳᠠᠭ᠃ ᠲᠤᠮᠤᠴᠤᠳ ᠶᠠᠰᠤᠨ ᠹᠯᠤᠷᠵᠢᠯ ᠡᠪᠡᠳᠴᠢᠨ ᠳᠤ ᠨᠡᠷᠪᠡᠭᠳᠡᠪᠡᠯ ᠶᠠᠰᠤ ᠭᠡᠰᠢᠭᠦᠤ ᠨᠢ ᠠᠳᠠᠯᠢ ᠪᠤᠰᠤ ᠭᠡᠮᠵᠢᠶ᠎ᠠ ᠪᠠᠷ ᠬᠤᠪᠢᠷᠠᠵᠤ᠂ ᠨᠢᠷᠤᠭᠤ ᠨᠢ ᠪᠦᠭᠳᠦ᠋ᠢᠭᠦ ᠪᠡ ᠭᠦᠯ ᠨᠢ ᠭᠦᠨᠳᠤ ᠨᠤᠴᠢᠳᠠᠢ ᠮᠤᠷᠦ᠋ᠢᠳᠠᠭ ᠪᠠᠶᠢᠨ᠎ᠠ᠃      5. ᠤᠷᠤᠨ ᠨᠤᠳᠤᠭ ᠤᠨ ᠠᠷᠰᠸᠠ ᠤ ᠬᠤᠤᠷᠳᠠᠯ ᠨᠢ ᠶᠠᠮᠠᠷ ᠤᠨᠴᠠᠯᠢᠭ ᠪᠠ ᠢᠯᠡᠷᠡᠯ ᠲᠠᠢ ᠪᠤᠢ︖      ᠠᠷᠰᠸᠠ ᠲᠠᠢ ᠤᠰᠤ ᠪᠠ ᠲᠡᠭᠦᠨ ᠤ ᠨᠢᠭᠡᠳᠪᠤᠷᠢ ᠲᠠᠢ ᠤᠰᠤ ᠶᠢ ᠤᠤᠭᠤᠬᠤ ᠪᠠᠷ ᠲᠠᠮᠵᠢᠨ ᠭᠦᠮᠦᠨ ᠤ ᠪᠡᠶ᠎ᠠ ᠳᠤ ᠤᠷᠤᠵᠤ᠂ ᠡᠯᠢᠭᠡ᠂ ᠪᠦᠭᠡᠷ᠎ᠡ᠂ ᠠᠭᠤᠰᠭᠢ᠂ ᠶᠠᠰᠤ ᠵᠡᠷᠭᠡ ᠳᠤ ᠬᠤᠷᠠᠮᠳᠤᠬᠤ ᠪᠠ ᠢᠯᠠᠩᠭᠤᠶ᠎ᠠ ᠭᠡᠵᠢᠭᠡ᠂ ᠭᠢᠮᠦᠰᠤᠨ ᠳᠤ ᠬᠠᠳᠠᠭᠠᠯᠬᠠᠳᠠᠳᠠᠭ᠃ ᠭᠦᠮᠦᠨ ᠤ ᠪᠡᠶᠡᠨ ᠳᠠᠬᠢ ᠠᠷᠰᠸᠠ ᠤ ᠬᠤᠤᠷ ᠤᠨ ᠦᠢᠯᠡᠳᠦᠯ ᠨᠢ ᠭᠡᠪᠡᠯ ᠭᠤᠤᠯᠳᠠᠭᠤ ᠡᠰ ᠤᠨ ᠲᠤᠳᠤᠷᠠᠭᠢ ᠢᠰᠭᠡᠭᠦᠷ ᠲᠠᠢ ᠤᠶᠠᠯᠳᠤᠵᠤ᠂ ᠮᠠᠰᠢ ᠤᠯᠠᠨ ᠢᠰᠭᠡᠭᠦᠷ ᠤᠨ ᠪᠢᠤᠯᠤᠭᠢ ᠶᠢᠨ ᠤᠶᠢᠯᠡᠳᠦᠯ ᠨᠢ ᠭᠢᠵᠠᠭᠠᠷᠯᠬᠠᠳᠠᠨ ᠠᠮᠢᠵᠢᠷᠠᠯ ᠢᠶᠠᠨ ᠠᠯᠳᠠᠵᠤ᠂ ᠰᠤᠯᠢᠯᠴᠠᠭᠠᠨ ᠤ ᠬᠠᠷᠰᠢᠯ ᠢ ᠡᠭᠦᠰᠭᠡᠳᠡᠭ᠃ ᠤᠷᠳᠤ ᠬᠤᠭᠤᠴᠠᠭ᠎ᠠ ᠪᠠᠷ ᠪᠠᠭ᠎ᠠ ᠭᠡᠮᠵᠢᠶᠠᠨ ᠤ ᠠᠷᠰᠸᠠ ᠢ ᠰᠢᠩᠭᠡᠭᠡᠪᠡᠯ᠂ ᠠᠷᠪᠡᠨ ᠭᠡᠳᠦᠨ ᠵᠢᠯ ᠴᠢᠨ᠋ᠬᠠᠰᠢᠯᠠᠪᠠᠯ ᠭᠡᠳᠦᠨ ᠠᠷᠪᠡᠨ ᠵᠢᠯ ᠢ ᠲᠠᠮᠵᠢᠨ ᠪᠠᠶᠡᠨ ᠳᠠᠬᠢ ᠬᠤᠷᠠᠮᠳᠤᠯᠭ᠎ᠠ ᠨᠢ ᠰᠠᠶ᠋ᠢ ᠡᠪᠡᠳᠴᠢᠨ ᠪᠤᠯᠵᠤ ᠢᠯᠡᠷᠡᠳᠡᠭ᠃ ᠠᠷᠰᠸᠠ ᠤ ᠤᠳᠠᠭᠠᠨ ᠴᠢᠨᠠᠷ ᠲᠠᠢ ᠬᠤᠤᠷᠳᠠᠯ ᠤᠨ ᠢᠯᠡᠷᠡᠯ ᠨᠢ ᠭᠡᠪᠡᠯ ᠰᠠᠵᠢᠭᠦᠷ ᠮᠡᠳᠡᠷᠡᠯ ᠤᠨ ᠦᠷᠪᠢᠰᠦᠯ ᠪᠤᠯᠤᠨ ᠮᠡᠳᠡᠷᠡᠯ ᠤᠨ ᠶᠠᠳᠠᠷᠠᠭ᠎ᠠ ᠶᠢᠨ ᠢᠯᠡᠷᠡᠯ ᠢᠶᠠᠷ ᠢᠯᠡᠷᠡᠳᠡᠭ᠃ ᠠᠷᠠᠰᠤᠨ ᠤ ᠦᠡᠭᠭᠡᠨ ᠤ ᠡᠳ᠋ ᠲᠡᠭᠡᠳᠤ ᠭᠡᠮᠵᠢᠶ᠎ᠠ ᠪᠠᠷ ᠲᠤᠨᠵᠤ᠂ ᠠᠷᠠᠰᠤ ᠶᠡᠭᠡᠳᠡ ᠡᠪᠡᠷᠰᠢᠵᠤ᠂ ᠤᠰᠬᠤᠷᠳᠤᠨ ᠬᠠᠭᠠᠷᠠᠬᠤ ᠴᠢᠨᠠᠷ ᠲᠠᠢ ᠰᠢᠷᠬᠠᠯᠠᠭ᠎ᠠ ᠨᠢ ᠠᠷᠰᠸᠠ ᠤ ᠬᠤᠤᠷᠳᠠᠯ ᠤᠨ ᠦᠭᠡᠷ᠎ᠡ ᠨᠢᠭᠡᠨ ᠤᠨᠴᠠᠯᠢᠭ ᠪᠤᠯᠤᠨ᠎ᠠ᠃      6. ᠪᠠᠶᠢᠭᠠᠯᠢ ᠶᠢᠨ ᠭᠠᠮᠰᠢᠭ ᠡᠭᠦᠰᠦᠭᠰᠡᠨ ᠦᠶ᠎ᠠ ᠳᠤ ᠶᠠᠮᠠᠷ ᠠᠷᠭ᠎ᠠ ᠪᠠᠷ ᠤᠰᠤᠨ ᠤ ᠠᠷᠢᠭᠤᠨ ᠴᠡᠪᠡᠷ ᠢ ᠪᠠᠳᠤᠯᠠᠬᠤ ᠪᠤᠢ︖      ᠭᠠᠮᠰᠢᠭ ᠡᠭᠦᠰᠦᠭᠰᠡᠨ ᠦᠶ᠎ᠠ ᠳᠤ ᠲᠤᠤᠷᠠᠭᠢ ᠮᠡᠳᠤ ᠠᠷᠭ᠎ᠠ ᠭᠡᠮᠵᠢᠶ᠎ᠠ ᠠᠪᠴᠤ ᠤᠮᠳᠠ ᠤᠰᠤᠨ ᠤ ᠠᠷᠢᠭᠤᠨ ᠴᠡᠪᠡᠷ ᠢ ᠪᠠᠳᠤᠯᠠᠬᠤ ᠭᠡᠷᠡᠭᠳᠡᠢ᠃      ᠨᠢᠭᠡ ᠳᠤ᠂ ᠠᠷᠢᠭᠤᠨ ᠴᠡᠪᠡᠷ ᠤᠮᠳᠠ ᠤᠰᠤᠨ ᠤ ᠤᠰᠤᠨ ᠰᠤᠷᠪᠤᠯᠵᠢ ᠶᠢ ᠢᠳᠡᠪᠭᠢᠳᠡᠢ ᠡᠷᠢᠵᠤ᠂ ᠵᠢᠱᠢᠶᠡᠯᠡᠪᠡᠯ ᠤᠷᠤᠰᠬᠠᠯ ᠭᠤᠤᠯ ᠤᠨ ᠤᠰᠤ᠂ ᠪᠤᠯᠠᠭ ᠤᠨ ᠤᠰᠤ ᠶᠢ ᠰᠤᠩᠭᠤᠬᠤ ᠪᠤᠶᠤ ᠮᠦᠰᠤ ᠶᠢ ᠬᠠᠶᠢᠯᠤᠭᠤᠯᠤᠨ ᠤᠰᠤ ᠪᠤᠯᠭᠠᠬᠤ ᠶᠢᠨ ᠬᠠᠮᠳᠤ ᠴᠠᠶᠢᠷᠠᠭᠤᠯᠬᠤ ᠨᠤᠨᠳᠠᠭ ᠨᠡᠮᠡᠨ ᠤᠰᠤ ᠪᠠᠨ ᠠᠷᠢᠭᠤᠳᠬᠠᠵᠤ᠂ ᠲᠠᠷᠠᠭ᠎ᠠ ᠪᠠᠷ ᠨᠢ ᠪᠤᠴᠠᠯᠭᠠᠬᠤ ᠭᠡᠷᠡᠭᠳᠡᠢ᠃ ᠬᠤᠶᠠᠷ ᠲᠤ ᠦᠡᠭᠭᠡ ᠨᠢ ᠬᠤᠪᠢᠷᠬᠠᠰᠠᠨ᠂ ᠰᠤᠨᠢᠨ ᠠᠮᠳᠠᠳᠠᠢ ᠤᠰᠤ ᠶᠢ ᠤᠤᠭᠤᠵᠤ ᠪᠤᠯᠬᠤ ᠦᠭᠡᠢ᠂ ᠤᠮᠪᠠᠯᠳᠠ ᠶᠢᠨ ᠭᠠᠵᠠᠷ ᠤᠨ ᠤᠰᠤ᠂ ᠬᠠᠯᠠᠭᠤᠨ ᠪᠤᠯᠠᠭ ᠤᠨ ᠤᠰᠤ ᠶᠢ ᠤᠤᠭᠤᠵᠤ ᠪᠤᠯᠬᠤ ᠦᠭᠡᠢ᠂ ᠪᠤᠯᠠᠩᠭᠢᠷ ᠲᠠᠢ ᠪᠤᠶᠤ ᠠᠷᠢᠭᠤᠨ ᠴᠡᠪᠡᠷ ᠤᠨ ᠪᠡᠷᠢᠮᠵᠢᠶ᠎ᠠ ᠳᠤ ᠦᠯᠤ ᠨᠡᠶᠢᠴᠡᠭᠦ ᠤᠰᠤ ᠶᠢ ᠪᠤᠯ ᠤᠷᠢᠳ ᠢᠶᠠᠷ ᠴᠡᠪᠡᠷᠵᠢᠭᠦᠯᠦᠨ ᠠᠷᠢᠭᠤᠳᠬᠠᠬᠤ ᠭᠡᠷᠡᠭᠳᠡᠢ᠂ ᠭᠤᠷᠪᠡ ᠳᠤ ᠤᠰᠤᠨ ᠤ ᠰᠤᠷᠪᠤᠯᠵᠢ ᠨᠢ ᠰᠠᠭᠤᠭᠠᠯᠢ ᠠᠷᠠᠳ ᠤᠨ ᠴᠡᠭ ᠠᠴᠠ ᠲᠤᠩ ᠬᠤᠯᠠ ᠪᠠᠶᠢᠭ᠎ᠠ ᠪᠤᠯ ᠪᠢᠳᠡᠭᠦᠮᠵᠢ ᠲᠠᠢ ᠤᠰᠤ ᠲᠡᠭᠡᠭᠡᠭᠦ ᠲᠡᠷᠭᠡ ᠪᠠᠷ ᠲᠡᠭᠡᠭᠡᠵᠤ ᠪᠤᠯᠤᠨ᠎ᠠ᠃     7. ᠤᠮᠳᠠ ᠤᠰᠤ ᠶᠢ ᠶᠠᠮᠠᠷ ᠠᠷᠭ᠎ᠠ ᠪᠠᠷ ᠠᠷᠢᠭᠤᠳᠬᠠᠬᠤ ᠪᠤᠢ︖      ᠤᠮᠳᠠ ᠤᠰᠤ ᠶᠢ ᠠᠷᠢᠭᠤᠳᠬᠠᠬᠤ ᠪᠠᠶᠢᠡᠭᠭᠤ ᠶᠢᠨ ᠠᠷᠭ᠎ᠠ ᠭᠡᠪᠡᠯ ᠭᠤᠤᠯ ᠨᠢ ᠬᠤᠶᠠᠷ ᠵᠦᠢᠯ ᠪᠠᠶᠢᠨ᠎ᠠ᠄     ᠨᠢᠭᠡ ᠳᠤ᠂ ᠪᠤᠯᠠᠩᠭᠢᠷ ᠲᠠᠢ ᠤᠰᠤ ᠶᠢ ᠴᠡᠪᠡᠷᠰᠢᠭᠦᠯᠭᠦ ᠠᠷᠭ᠎ᠠ᠃ ᠪᠠᠶᠢᠪᠠᠩ᠂ ᠭᠦᠭᠦᠷ ᠭᠦᠴᠢᠯ ᠤᠨ ᠭᠦᠡᠭᠭᠡᠨᠴᠠᠭᠠᠨ᠂ ᠭᠦᠭᠦᠷ ᠭᠦᠴᠢᠯ ᠤᠨ ᠲᠠᠮᠤᠷ ᠪᠤᠶᠤ ᠨᠡᠶᠢᠯᠡᠮᠡᠯ ᠾᠯᠤᠷᠳᠤ ᠭᠦᠡᠭᠭᠡᠨᠴᠠᠭᠠᠨ ᠢᠶᠠᠷ ᠴᠠᠷᠴᠠᠭᠤᠯᠬᠤ ᠡᠮ ᠪᠤᠯᠭᠠᠨ ᠪᠤᠯᠠᠩᠭᠢᠷ ᠲᠠᠢ ᠤᠰᠤᠨ ᠳᠠᠭᠠᠨ ᠲᠤᠭᠢᠳᠡᠢ ᠨᠡᠮᠡᠵᠤ᠂ ᠰᠠᠶᠢᠳᠤᠷ ᠬᠤᠳᠬᠤᠵᠤ᠂ ᠤᠡᠭᠭᠠᠷᠢᠯᠯᠢᠬ ᠡᠳ᠋ ᠭᠠᠷᠤᠠᠠᠰᠠᠨ ᠤ ᠰᠡᠭᠦᠯᠡᠷ ᠲᠤᠩᠭᠠᠪᠠᠯ ᠤᠰᠤ ᠲᠠᠷᠤᠢ ᠴᠡᠪᠡᠷᠰᠢᠴᠢᠭᠡᠨ᠎ᠡ᠃      ᠬᠤᠶᠠᠷ ᠲᠤ᠂ ᠴᠠᠶᠢᠷᠠᠭᠤᠯᠬᠤ ᠨᠤᠠᠳᠠᠭ ᠵᠡᠷᠭᠡ ᠬᠠᠯᠤᠭ᠍ᠸᠠ ᠡᠮ ᠢᠶᠠᠷ ᠤᠰᠤ ᠪᠠᠨ ᠠᠷᠢᠭᠤᠳᠬᠠᠨ᠎ᠠ᠃ ᠤᠰᠤᠨ ᠤ ᠪᠤᠭᠢᠷᠳᠤᠯ ᠤᠨ ᠭᠡᠮᠵᠢᠶ᠎ᠠ ᠪᠠᠷ 1L ᠤᠰᠤᠨ ᠳᠤ 1~3mL ᠾᠯᠤᠷ ᠨᠡᠮᠡᠵᠤ᠂ 15~30 ᠮᠢᠨᠦ᠋ᠲ ᠤᠨ ᠲᠠᠷᠠᠭ᠎ᠠ ᠤᠤᠭᠤᠵᠤ ᠪᠤᠯᠤᠨ᠎ᠠ᠃ ᠾᠯᠤᠷᠳᠤ ᠠᠷᠢᠭᠤᠳᠬᠠᠯ ᠤᠨ ᠦᠷ᠎ᠠ ᠳ᠋ᠦᠩ ᠢ ᠰᠢᠯᠭᠠᠬᠤ ᠶᠢᠨ ᠲᠤᠰᠠᠳᠠ ᠾᠯᠤᠷ ᠨᠡᠮᠡᠭᠡᠳ 30 ᠮᠢᠨᠦ᠋ᠲ ᠪᠤᠯᠤᠠᠠᠰᠠᠨ ᠤ ᠲᠠᠷᠠᠭ᠎ᠠ ᠤᠰᠤᠨ ᠳᠠᠬᠢ ᠦᠯᠡᠳᠡᠭᠳᠡᠯ ᠾᠯᠤᠷ ᠢ ᠭᠡᠮᠵᠢᠨ ᠦᠵᠡᠪᠡᠯ ᠶᠠᠷᠦᠩᠭᠡᠢ ᠳᠡᠭᠡᠨ 1L ᠤᠰᠤᠨ  ᠳᠤ ᠪᠠᠰᠠ 0.3mL ᠾᠯᠤᠷ ᠦᠯᠡᠳᠡᠭᠦ ᠦᠶᠡᠰ ᠰᠠᠶ᠋ᠢ ᠠᠷᠢᠭᠤᠳᠬᠠᠯ ᠤᠨ ᠦᠷ᠎ᠠ ᠪᠦᠳᠦᠮᠵᠢ ᠨᠢ ᠨᠠᠶᠢᠳᠠᠪᠤᠷᠢ ᠲᠠᠢ ᠪᠠᠶᠢᠳᠠᠭ᠃ ᠦᠪᠡᠷᠳᠡᠭᠡᠨ ᠤᠰᠤ ᠤᠤᠭᠤᠬᠤ ᠳᠤ 1L ᠪᠦᠷᠢ ᠬᠤᠶᠠᠷ ᠬᠠᠪᠳᠠᠭᠠᠢ ᠵᠢᠩ ᠱᠦᠢ ᠳ᠋ᠢᠩ ︵净水锭︶ ᠡᠮ ᠭᠢᠭᠦ ᠪᠤᠶᠤ 2% ᠤᠨ ᠢᠤᠳ᠋ᠳᠤ ᠰᠫᠢᠷᠲ ︵碘酒︶ ᠢ ᠲᠠᠪᠤᠨ ᠲᠤᠰᠤᠯ ᠲᠤᠰᠤᠭᠠᠵᠤ᠂ ᠬᠤᠶᠠᠷ ᠮᠢᠨᠦ᠋ᠲ ᠰᠠᠵᠢᠯᠡᠨ ᠭᠦᠳᠡᠯᠭᠡᠭᠦ ᠪᠤᠶᠤ 10 ᠮᠢᠨᠦ᠋ᠲ ᠲᠠᠯᠪᠢᠨ᠎ᠠ᠃ ᠤᠤᠭᠤᠬᠤ ᠳᠠᠭᠠᠨ ᠰᠠᠶᠢᠳᠤᠷ ᠪᠤᠴᠠᠯᠭᠠᠨ ᠠᠷᠢᠭᠤᠳᠬᠠᠵᠤ ᠤᠤᠭᠤᠨ᠎ᠠ᠃ ᠡᠨᠡ ᠪᠤᠯ ᠨᠢᠭᠡᠨ ᠲᠦᠭᠦᠮ ᠮᠦᠷᠳᠡᠭᠡᠨ ᠨᠠᠶᠢᠳᠠᠪᠤᠷᠢ ᠲᠠᠢ ᠠᠷᠭ᠎ᠠ ᠪᠤᠯᠤᠨ᠎ᠠ᠃ ᠶᠠᠷᠤ ᠶᠢᠨ ᠪᠠᠶᠢᠳᠠᠯ ᠲᠤᠤᠷ᠎ᠠ ᠪᠠᠶᠢᠴᠠᠭᠠᠭᠠᠳ ᠭᠢᠷᠢ ᠳᠤ ᠲᠡᠩᠴᠡᠭᠰᠡᠨ ᠭᠦᠨ ᠬᠤᠳᠳᠤᠭ ᠤᠨ ᠤᠰᠤ᠂ ᠪᠤᠯᠠᠭ ᠤᠨ ᠤᠰᠤ ᠪᠤᠯ ᠠᠶᠤᠯ ᠦᠬᠡᠢ ᠴᠡᠪᠡᠷ ᠤᠰᠤ ᠪᠤᠯᠤᠨ᠎ᠠ᠃ ᠲᠠᠷᠤᠭᠤᠯᠳᠤ ᠬᠤᠳᠳᠤᠭ ᠤᠨ ᠤᠰᠤ ᠪᠤᠯᠤᠨ ᠪᠤᠰᠤᠳ ᠡᠷᠡᠭᠦᠯ ᠬᠠᠮᠠᠭᠠᠯᠠᠯᠳᠠ ᠶᠢᠨ ᠨᠦᠭᠦᠴᠡᠯ ᠢᠶᠠᠷ ᠰᠠᠶᠢᠨ ᠬᠤᠳᠳᠤᠭ ᠤᠨ ᠤᠰᠤ ᠶᠢ ᠠᠮᠢᠳᠤᠷᠠᠯ ᠤᠨ ᠲᠤᠮᠳᠠ ᠪᠠᠨ ᠤᠤᠭᠤᠵᠤ ᠪᠤᠯᠤᠨ᠎ᠠ᠃ ᠭᠡᠪᠡᠴᠤ ᠵᠠᠪᠠᠯ ᠪᠤᠴᠠᠯᠭᠠᠵᠤ ᠠᠷᠢᠭᠤᠳᠬᠠᠨ ᠭᠡᠷᠡᠭᠯᠡᠭᠦ ᠴᠢᠬᠤᠯᠠ ᠲᠠᠢ᠂ ᠲᠦᠭᠦᠭᠡᠢ ᠭᠦᠢᠳᠡᠨ ᠤᠰᠤ ᠶᠢ ᠤᠤᠭᠤᠬᠤ ᠦᠭᠡᠢ ᠪᠠᠶᠢᠬᠤ ᠰᠠᠶᠢᠨ ᠲᠠᠳᠬᠠᠯ ᠲᠠᠢ ᠪᠤᠯᠬᠤ ᠭᠡᠷᠡᠭᠳᠡᠢ᠃      8. ᠬᠦᠳᠡᠭᠡ ᠲᠤᠰᠬᠤᠨ ᠳᠤ ᠲᠡᠯᠭᠡᠷᠡᠵᠤ ᠪᠦᠭᠦᠢ ᠦᠷᠭᠡᠨ ᠭᠡᠪᠴᠢᠶ᠎ᠠ ᠲᠠᠢ᠂ ᠭᠦᠨᠦᠭᠡᠯ ᠶᠡᠭᠡᠳᠡᠢ ᠰᠢᠮᠡᠭᠦᠷ ᠬᠤᠷᠤᠬᠠᠢ ᠶᠢᠨ ᠡᠪᠡᠳᠴᠢᠨ ᠶᠠᠮᠠᠷ ᠭᠡᠳᠦᠨ ᠵᠦᠢᠯ ᠪᠠᠶᠢᠬᠤ ᠪᠤᠢ︖     ᠮᠠᠨ ᠤ ᠤᠯᠤᠰ ᠲᠤ ᠦᠷᠭᠡᠨ ᠢᠶᠠᠷ ᠲᠡᠯᠭᠡᠷᠡᠵᠤ᠂ ᠬᠤᠤᠷ ᠭᠦᠨᠦᠭᠡᠯ ᠢᠶᠠᠷ ᠶᠡᠭᠡ ᠪᠠᠶᠢᠬᠤ ᠪᠠᠶᠢᠡᠭᠭᠤ ᠶᠢᠨ ᠰᠢᠮᠡᠭᠦᠷ ᠬᠤᠷᠤᠬᠠᠢ ᠶᠢᠨ ᠡᠪᠡᠳᠴᠢᠨ ᠭᠡᠪᠡᠯ ᠭᠤᠤᠯ ᠨᠢ ᠭᠦᠵᠢ ᠬᠤᠷᠤᠬᠠᠢ᠂ ᠭᠤᠬ᠎ᠠ ᠬᠤᠷᠤᠬᠠᠢ᠂ ᠰᠢᠯᠪᠢᠭᠦᠷ ᠬᠤᠷᠤᠬᠠᠢ ᠵᠡᠷᠭᠡ ᠰᠢᠷᠤᠢ ᠠᠴᠠ ᠡᠭᠦᠰᠦᠯᠳᠡ ᠲᠠᠢ ᠤᠳᠠᠰᠤᠯᠢᠭ ᠬᠤᠷᠤᠬᠠᠢ ᠶᠢᠨ ᠡᠪᠡᠳᠴᠢᠨ ᠪᠤᠯᠤᠨ᠎ᠠ᠃      ᠭᠦᠵᠢ ᠬᠤᠷᠤᠬᠠᠢ ᠤᠷᠳᠤᠯᠵᠢᠨ ᠭᠡᠯᠪᠡᠷᠢ ᠲᠠᠢ᠂ ᠲᠤᠯᠤᠭᠠᠢ᠂ ᠰᠡᠭᠦᠯ ᠤᠨ ᠦᠵᠦᠭᠦᠷ ᠨᠢ ᠨᠡᠯᠢᠶᠡᠳ ᠨᠠᠷᠢᠨ᠂ ᠴᠢᠭᠢᠭ ᠤᠨ ᠤᠯᠠᠭᠠᠨ ᠬᠤᠷᠤᠬᠠᠢ ᠲᠠᠢ ᠮᠠᠰᠢ ᠲᠦᠰᠳᠡᠢ᠂ ᠶᠠᠭᠠᠨ ᠤᠯᠠᠭᠠᠨ ᠦᠡᠭᠭᠡ ᠲᠠᠢ᠂ ᠦᠭᠦᠭᠰᠡᠨ ᠤ ᠲᠠᠷᠠᠭ᠎ᠠ ᠰᠢᠷᠭᠠᠯ ᠦᠡᠭᠭᠡ ᠲᠠᠢ ᠪᠤᠯᠳᠠᠭ᠃ ᠡᠮ᠎ᠠ ᠬᠤᠷᠤᠬᠠᠢ ᠨᠢ ᠪᠠᠷᠤᠭ 20~25cm ᠤᠷᠳᠤ᠂ ᠡᠷ᠎ᠡ ᠬᠤᠷᠤᠬᠠᠢ ᠨᠢ ᠪᠠᠷᠤᠭ 15~ 31cm ᠤᠷᠳᠤ ᠪᠠᠶᠢᠳᠠᠭ᠃ ᠨᠢᠭᠡᠨ ᠡᠮ᠎ᠡ ᠬᠤᠷᠤᠬᠠᠢ ᠨᠢ ᠡᠳᠤᠷ ᠪᠦᠷᠢ 24 ᠲᠦᠮᠡᠨ ᠦᠨᠳᠡᠭᠡ ᠭᠠᠷᠭᠠᠵᠤ᠂ ᠭᠦᠵᠢ ᠬᠤᠷᠤᠬᠠᠢ ᠶᠢᠨ ᠦᠨᠳᠡᠭᠡ ᠨᠢ ᠭᠦᠮᠦᠨ ᠤ ᠪᠠᠭᠠᠰᠤ ᠶᠢ ᠲᠠᠭᠠᠨ ᠭᠠᠷᠴᠤ᠂ ᠴᠢᠭᠢᠭ ᠨᠦᠢᠳᠡᠨ᠂ ᠰᠡᠭᠦᠳᠡᠷ ᠬᠠᠷᠠᠩᠭᠤᠢ᠂ ᠭᠦᠴᠢᠯᠳᠦ᠋ᠷᠦᠭᠴᠢ ᠭᠦᠢᠴᠡᠳ ᠪᠠ ᠲᠤᠯᠠᠭᠠᠨ ᠤ ᠭᠡᠮᠵᠢᠶ᠎ᠠ ᠨᠢ ᠲᠤᠭᠢᠷᠠᠮᠵᠢᠳᠡᠢ ᠨᠦᠭᠦᠴᠡᠯ ᠲᠤᠤᠷ᠎ᠠ᠂ ᠪᠠᠷᠤᠭ 2 ᠭᠠᠷᠠᠭ ᠪᠤᠯᠪᠠᠯ ᠦᠷ᠎ᠠ ᠲᠤᠠᠠᠳᠠᠭᠠᠬᠤ ᠦᠨᠳᠡᠭᠡᠪᠴᠢ ᠶᠢᠨ ᠲᠤᠳᠤᠷᠠᠭᠢ ᠡᠰ ᠨᠢ ᠡᠭᠢᠯᠡᠨ ᠪᠤᠶᠢᠵᠢᠵᠤ ᠠᠪᠠᠭᠠᠯᠳᠠᠢ ᠪᠤᠯᠳᠠᠭ᠃      ᠭᠦᠵᠢ ᠬᠤᠷᠤᠬᠠᠢ ᠨᠢ ᠭᠦᠮᠦᠰ ᠤᠨ ᠨᠠᠷᠢᠨ ᠭᠡᠳᠡᠰᠤᠨ ᠳᠤ ᠰᠢᠮ᠎ᠠ ᠲᠡᠵᠢᠭᠡᠯ ᠢ ᠪᠤᠯᠢᠶᠠᠯᠳᠤᠵᠤ᠂ ᠭᠡᠳᠡᠰᠤᠨ ᠤ ᠦᠡᠭᠭᠦᠷ ᠢ ᠡᠪᠳᠡᠵᠤ᠂ ᠭᠦᠮᠦᠰ ᠤᠨ ᠰᠢᠩᠭᠡᠭᠡᠯᠳᠡ ᠶᠢ ᠬᠠᠷᠰᠢᠯᠠᠯ ᠲᠠᠢ ᠪᠤᠯᠭᠠᠵᠤ᠂ ᠭᠦᠨᠳᠤ ᠨᠤᠴᠢᠳᠡᠢ ᠨᠢ ᠭᠡᠤᠭᠡᠳ ᠤᠨ ᠪᠤᠶᠢᠵᠢᠯᠳᠡ ᠶᠢ ᠬᠠᠷᠰᠢᠯᠡᠵᠤ᠂ ᠤᠬᠠᠭᠠᠨ ᠰᠠᠨᠠᠭ᠎ᠠ ᠶᠢ ᠨᠢ ᠮᠠᠭᠤᠳᠠᠭᠤᠯᠳᠠᠭ᠃ ᠪᠡᠶ᠎ᠠ ᠶᠢᠨ ᠲᠤᠳᠤᠷ᠎ᠠ ᠬᠤᠷᠤᠬᠠᠢ ᠠᠷᠪᠢᠳᠬᠤ ᠦᠶᠡᠰ ᠬᠤᠷᠤᠬᠠᠢ ᠨᠤᠭᠤᠳ ᠬᠠᠷᠢᠯᠴᠠᠨ ᠪᠦᠭᠡᠮ ᠪᠤᠯᠤᠨ ᠪᠦᠷᠢᠯᠳᠦᠵᠤ᠂ ᠭᠡᠳᠡᠰᠤ ᠶᠢ ᠪᠦᠭᠯᠡᠷᠡᠭᠦᠯᠵᠤ᠂ ᠭᠦᠵᠢ ᠬᠤᠷᠤᠬᠠᠢ ᠶᠢᠨ ᠴᠢᠨᠠᠷ ᠲᠠᠢ ᠭᠡᠳᠡᠰᠤᠨ ᠤ ᠲᠦᠭᠵᠢᠷᠡᠯ᠂ ᠭᠡᠳᠡᠰᠤᠨ ᠤ ᠮᠤᠰᠭᠢᠷᠠᠯ᠂ ᠭᠡᠳᠡᠰᠤᠨ ᠤ ᠤᠠᠠᠯᠠᠷᠠᠯ ᠡᠭᠦᠰᠴᠤ᠂ ᠡᠪᠡᠳᠴᠢᠳᠡᠨ ᠤ ᠭᠦᠢᠰᠤ ᠶᠢᠨ ᠤᠷᠴᠢᠮ ᠪᠠ ᠵᠡᠭᠦᠨ ᠲᠤᠤᠷᠠᠳᠤ ᠭᠡᠪᠡᠯᠢ ᠨᠢ ᠲᠦᠷᠭᠡᠨ ᠴᠢᠨᠠᠷ ᠲᠠᠢ ᠡᠪᠡᠳᠴᠤ᠂ ᠲᠠᠷᠠᠴᠢᠯᠡᠨ ᠪᠦᠭᠡᠯᠵᠢᠵᠤ ᠭᠡᠳᠡᠰᠤ ᠲᠦᠭᠦᠷᠭᠦ ᠪᠡ ᠤᠨᠴᠠ ᠵᠠᠷᠢᠮ ᠡᠪᠡᠳᠴᠢᠳᠡᠨ ᠨᠢ ᠭᠦᠵᠢ ᠬᠤᠷᠤᠬᠠᠢ ᠶᠢᠨ ᠴᠢᠨᠠᠷ ᠲᠠᠢ ᠭᠡᠳᠡᠰᠤᠨ ᠤ ᠴᠤᠭᠤᠷᠠᠯ ᠡᠭᠦᠰᠴᠤ᠂ ᠭᠡᠰᠡᠭ ᠴᠢᠨᠠᠷ ᠲᠠᠢ ᠪᠡ ᠨᠠᠯᠤᠩᠬᠡᠢ ᠴᠢᠨᠠᠷ ᠲᠠᠢ ᠪᠦᠷᠭᠦᠪᠴᠢ ᠶᠢᠨ ᠦᠷᠪᠢᠰᠦᠯ ᠪᠤᠯᠳᠠᠭ᠃ ᠭᠦᠵᠢ ᠬᠤᠷᠤᠬᠠᠢ ᠨᠢ ᠲᠤᠭᠤᠷᠢᠵᠤ ᠶᠠᠪᠤᠬᠤ ᠪᠡ ᠨᠦᠭᠡᠯᠡᠭᠦ ᠲᠠᠳᠬᠠᠯ ᠲᠠᠢ ᠪᠠᠶᠢᠵᠤ᠂ ᠭᠡᠳᠡᠰᠤᠨ ᠤ ᠬᠠᠨᠠᠨ ᠳᠤ ᠨᠡᠭᠡᠭᠡᠭᠳᠡᠭᠰᠡᠨ ᠡᠯ᠎ᠡ ᠵᠦᠢᠯ ᠤᠨ ᠰᠤᠳᠠᠰᠤᠨ ᠰᠦᠪᠡ ᠳᠤ ᠨᠦᠭᠡᠯᠡᠨ ᠤᠷᠤᠳᠠᠭ᠃       ᠭᠤᠬ᠎ᠠ ᠬᠤᠷᠤᠬᠠᠢ ᠪᠤᠯ ᠤᠳᠠᠰᠤᠯᠢᠭ ᠭᠡᠯᠪᠡᠷᠢ ᠲᠠᠢ᠂ ᠵᠢᠭᠠᠬᠠᠨ ᠪᠦᠭᠳᠦᠷ᠂ ᠭᠤᠬ᠎ᠠ ᠰᠢᠬ᠂ ᠶᠡᠭᠡ ᠪᠠᠭ᠎ᠠ ᠨᠢ ᠬᠠᠳᠬᠤᠮᠠᠯ ᠵᠡᠭᠦᠤ ᠶᠢᠨ ᠭᠢᠷᠢ᠂ ᠬᠠᠭᠠᠰ ᠲᠤᠩᠭᠠᠴᠠ ᠲᠠᠢ᠃ ᠭᠤᠬ᠎ᠠ ᠬᠤᠷᠤᠬᠠᠢ ᠠᠮᠢᠳᠤ ᠳᠠᠭᠠᠨ ᠮᠢᠬᠠᠨ ᠤᠯᠠᠭᠠᠨ ᠦᠡᠭᠭᠡ  ᠲᠠᠢ᠂ ᠦᠭᠦᠪᠡᠯ ᠰᠦᠨ ᠴᠠᠭᠠᠨ ᠦᠡᠭᠭᠡ ᠲᠠᠢ ᠪᠤᠯᠳᠠᠭ᠃ ᠭᠤᠬᠠᠨ ᠬᠤᠷᠤᠬᠠᠢ ᠶᠢᠨ ᠦᠨᠳᠡᠭᠡ ᠨᠢ ᠭᠦᠮᠦᠰ ᠤᠨ ᠪᠠᠭᠠᠰᠤ ᠶᠢ ᠲᠠᠭᠠᠯᠳᠤᠨ ᠭᠠᠳ᠋ᠬᠠᠰᠢᠯᠡᠵᠤ᠂ ᠲᠤᠯᠠᠭᠠᠨ ᠴᠢᠭᠢᠭ ᠲᠠᠢ᠂ ᠰᠤᠯᠠᠷᠬᠠᠭ ᠭᠦᠷᠦᠰᠤ ᠰᠢᠷᠤᠢ ᠳᠤ ᠰᠢᠷᠭᠤᠵᠤ᠂ ᠨᠢᠭᠡ ᠭᠠᠷᠠᠭ ᠤᠷᠴᠢᠮ ᠪᠤᠯᠪᠠᠯ ᠲᠠᠷᠤᠢ ᠭᠦᠮᠦᠨ ᠤ ᠪᠡᠶ᠎ᠠ ᠳᠤ ᠬᠠᠯᠳᠠᠪᠤᠷᠢᠯᠠᠬᠤ ᠴᠢᠨᠠᠷ ᠲᠠᠢ ᠭᠤᠬᠠᠨ ᠠᠪᠠᠭᠠᠯᠳᠡᠢ ᠪᠤᠯᠵᠤ ᠦᠰᠳᠡᠭ᠃ ᠡᠶᠢᠮᠤ ᠠᠪᠠᠭᠠᠯᠳᠡᠢ ᠨᠢ ᠮᠠᠰᠢ ᠨᠠᠷᠢᠨ ᠪᠠᠶᠢᠵᠤ᠂ ᠭᠦᠷᠦᠰᠤ ᠰᠢᠷᠤᠢ ᠳᠤ ᠨᠢᠳᠤ ᠪᠠᠷ ᠬᠠᠷᠠᠭᠠᠳ ᠤᠯᠵᠤ ᠦᠵᠡᠳᠡᠭ ᠦᠭᠡᠢ᠃ ᠭᠦᠮᠦᠰ ᠤᠨ ᠦᠢᠯᠡᠳᠪᠤᠷᠢᠯᠡᠯ ᠪᠡ ᠠᠮᠢᠳᠤᠷᠠᠯ ᠨᠢ ᠰᠢᠪᠡᠷ ᠰᠢᠷᠤᠢ ᠪᠤᠯᠤᠨ ᠲᠠᠷᠢᠮᠠᠯ ᠯᠤᠭ᠎ᠠ ᠰᠢᠭᠤᠳ ᠵᠤᠯᠭᠠᠬᠤ ᠦᠶᠡᠰ᠂ ᠢᠯᠠᠩᠭᠤᠶ᠎ᠠ ᠪᠡᠭᠡᠯᠡᠢ ᠦᠭᠡᠢ᠂ ᠭᠦᠯ ᠨᠢᠴᠦᠭᠦᠨ ᠲᠠᠷᠢᠶᠠᠨ ᠳᠤ ᠠᠵᠢᠯᠯᠠᠬᠤ ᠦᠶᠡᠰ ᠲᠠᠷᠠ ᠨᠢ ᠲᠤᠭᠢᠶᠠᠯ ᠢ ᠵᠠᠪᠳᠤᠨ ᠭᠠᠷ ᠭᠦᠯ ᠤᠨ ᠠᠷᠠᠰᠤᠨ ᠳᠤ ᠦᠷᠦᠮᠳᠡᠨ ᠤᠷᠤᠵᠤ᠂ ᠦᠷᠦᠮᠳᠡᠨ ᠤᠷᠤᠠᠠᠰᠠᠨ ᠭᠠᠵᠠᠷ ᠨᠢ ᠲᠠᠷᠠ ᠲᠤᠤᠷ᠎ᠠ ᠪᠠᠨ ᠵᠢᠵᠢᠭ ᠤᠯᠠᠭᠠᠨ ᠲᠤᠯᠪᠤ ᠭᠠᠷᠬᠤ ᠪᠤᠶᠤ ᠮᠦᠭᠦᠯᠢᠭ ᠭᠡᠯᠪᠡᠷᠢᠳᠤ ᠴᠦᠪᠤᠷᠢᠭᠦᠤ ᠭᠠᠷᠴᠤ ᠰᠦᠷᠡᠭᠡᠢ ᠵᠠᠭᠠᠳᠤᠨᠠᠵᠤ᠂ ᠵᠠᠷᠢᠮ ᠨᠢ ᠬᠠᠯᠠᠬᠤ ᠰᠡᠷᠡᠯᠳᠡ ᠪᠡ ᠵᠢᠮᠵᠢᠭᠢᠨᠡᠭᠦ ᠰᠡᠷᠡᠯᠳᠡ ᠲᠠᠢ ᠪᠠᠶᠢᠳᠠᠭ᠃ 1~2 ᠡᠳᠤᠷ ᠤᠨ ᠲᠠᠷᠠᠭ᠎ᠠ ᠵᠢᠵᠢᠭ ᠤᠰᠤᠨ ᠴᠦᠪᠤᠷᠢᠭᠦᠤ ᠪᠤᠯᠵᠤ᠂ ᠰᠢᠯᠪᠤᠷᠬᠠᠰᠠᠨ ᠤ ᠰᠡᠭᠦᠯᠡᠷ ᠢᠳᠡᠭᠡᠯᠡᠳᠡᠭ᠃ ᠪᠡᠶᠡᠨ ᠳᠤ ᠦᠷᠦᠮᠳᠡᠨ ᠤᠷᠤᠠᠠᠰᠠᠨ ᠭᠤᠬᠠᠨ ᠬᠤᠷᠤᠬᠠᠢ ᠶᠢᠨ ᠠᠪᠠᠭᠠᠯᠳᠠᠢ ᠨᠢ ᠴᠢᠰᠤᠨ ᠰᠤᠳᠠᠯ᠂ ᠵᠢᠷᠦᠭᠡ᠂ ᠠᠭᠤᠰᠭᠢ ᠪᠠᠷ ᠲᠠᠮᠵᠢᠨ ᠶᠠᠪᠤᠵᠤ᠂ ᠡᠴᠦᠰ ᠲᠡᠭᠡᠨ ᠨᠠᠷᠢᠨ ᠭᠡᠳᠡᠰᠤᠨ ᠳᠤ ᠤᠷᠤᠵᠤ ᠴᠢᠰᠤ ᠶᠢ ᠰᠤᠷᠤᠨ ᠠᠮᠢᠳᠤᠷᠠᠳᠠᠭ᠃      ᠭᠦᠮᠦᠨ ᠤ ᠪᠡᠶ᠎ᠠ ᠳᠤ ᠰᠢᠮᠡᠳᠦᠭᠰᠡᠨ ᠭᠤᠬᠠᠨ ᠬᠤᠷᠤᠬᠠᠢ ᠶᠢᠨ ᠠᠪᠠᠭᠠᠯᠳᠠᠢ ᠨᠢ ᠭᠤᠬᠠᠨ ᠰᠢᠳᠤ ᠪᠠ ᠬᠠᠪᠳᠠᠭᠠᠢ ᠰᠢᠳᠤ ᠪᠠᠷ ᠢᠶᠠᠨ ᠨᠠᠷᠢᠨ ᠭᠡᠳᠡᠰᠤᠨ ᠤ ᠬᠠᠨᠠᠨ ᠲᠡᠭᠡᠷ᠎ᠡ ᠴᠢᠰᠤ ᠭᠠᠷᠭᠠᠳᠠᠭ᠃ ᠭᠤᠬ᠎ᠠ ᠬᠤᠷᠤᠬᠠᠢ ᠶᠢᠨ ᠱᠦᠭᠦᠷᠡᠭᠦᠯᠦᠭᠰᠡᠨ ᠵᠦᠭᠡᠯᠡᠷᠡᠭᠦᠯᠭᠦ ᠡᠳ᠋ ᠨᠢ ᠴᠢᠰᠤ ᠶᠢ ᠡᠭᠡᠳᠡᠭᠦᠯᠭᠦ ᠦᠭᠡᠢ ᠪᠠᠶᠢᠵᠤ᠂ ᠴᠢᠰᠤ ᠰᠤᠷᠤᠬᠤ ᠳᠤᠨᠢ ᠠᠰᠢᠠᠠᠳᠠᠢ ᠪᠤᠯᠳᠠᠭ ᠪᠠᠶᠢᠨ᠎ᠠ᠃ ᠭᠤᠬ᠎ᠠ ᠬᠤᠷᠤᠬᠠᠢ ᠨᠢ ᠮᠤᠷᠢᠨ ᠴᠠᠷᠴᠠᠬᠠᠢ ᠲᠠᠢ ᠠᠳᠠᠯᠢ ᠴᠢᠰᠤ ᠰᠤᠷᠤᠬᠤ ᠪᠠᠶᠢᠷᠢ ᠪᠠᠨ ᠦᠷᠭᠦᠯᠵᠢ ᠰᠤᠯᠢᠵᠤ᠂ ᠬᠠᠭᠤᠴᠢᠨ ᠰᠢᠷᠬ᠎ᠠ ᠨᠢ ᠴᠢᠰᠤ ᠭᠠᠷᠤᠭᠠᠳ ᠵᠤᠠᠠᠰᠤᠬᠤ ᠦᠭᠡᠢ᠂ ᠰᠢᠨ᠎ᠠ ᠰᠢᠷᠬ᠎ᠠ ᠨᠢ ᠪᠠᠰᠠ ᠴᠢᠰᠤ ᠭᠠᠷᠬᠤ ᠪᠤᠯᠭᠠᠳᠠᠭ᠃ ᠡᠳᠤᠷ ᠤᠨ ᠤᠳᠠᠭᠠᠨ ᠳᠠᠭᠠᠨ ᠡᠪᠡᠳᠴᠢᠳᠡᠨ ᠲᠠᠷᠤᠢ ᠤᠳᠠᠭᠠᠨ ᠴᠢᠨᠠᠷ ᠲᠠᠢ ᠴᠢᠰᠤ ᠠᠯᠳᠠᠵᠤ ᠴᠢᠰᠤ ᠲᠤᠳ᠋ᠬᠠᠳᠠᠳᠠᠭ᠃ ᠭᠦᠨᠳᠤ ᠨᠤᠴᠢᠳᠠᠢ ᠭᠤᠬ᠎ᠠ ᠬᠤᠷᠤᠬᠠᠢ ᠶᠢᠨ ᠡᠪᠡᠳᠴᠢᠨ ᠳᠤ ᠨᠡᠷᠪᠡᠭᠳᠡᠭᠰᠡᠳ ᠪᠦᠭᠦ ᠪᠡᠶ᠎ᠠ ᠨᠢ ᠬᠠᠪᠤᠳᠴᠤ ᠬᠠᠪᠤᠩᠨᠠᠵᠤ᠂ ᠭᠢᠮᠤᠰᠤ ᠨᠢ ᠭᠤᠳᠦ᠋ᠢᠠᠬᠤ ᠵᠡᠷᠭᠡ ᠦᠵᠡᠭᠳᠡᠯ ᠲᠠᠢ ᠪᠤᠯᠳᠠᠭ᠃      ᠰᠢᠯᠪᠢᠭᠦᠷ ᠬᠤᠷᠤᠬᠠᠢ ᠪᠤᠯ ᠮᠦᠨ ᠴᠦ ᠦᠷᠭᠦᠯᠵᠢ ᠬᠠᠷᠬᠠᠳᠠᠳᠠᠭ ᠰᠢᠮᠡᠭᠦᠷ ᠬᠤᠷᠤᠬᠠᠢ ᠪᠤᠯᠤᠨ᠎ᠠ᠃ ᠪᠡᠶᠡᠯᠡᠭᠰᠡᠨ ᠬᠤᠷᠤᠬᠠᠢ ᠶᠢᠨ ᠴᠡᠭᠡᠵᠢᠨ ᠪᠡᠶ᠎ᠠ ᠨᠢ ᠨᠠᠷᠢᠨ ᠤᠷᠳᠤ᠂ ᠪᠠᠷᠤᠭ 3~5cm ᠪᠠᠶᠢᠳᠠᠭ᠃ ᠬᠤᠶᠢᠳᠤ ᠪᠡᠶ᠎ᠠ ᠨᠢ ᠪᠦᠳᠦᠭᠦᠨ ᠤᠬᠤᠷ᠂ ᠲᠠᠰᠢᠭᠤᠷ ᠤᠨ ᠭᠡᠯᠪᠡᠷᠢ ᠲᠠᠢ ᠪᠠᠶᠢᠳᠠᠭ᠃ ᠰᠢᠯᠪᠢᠭᠦᠷ ᠬᠤᠷᠤᠬᠠᠢ ᠶᠢᠨ ᠠᠮᠢᠳᠤᠷᠠᠯ ᠪᠠ ᠬᠠᠯᠳᠠᠪᠤᠷᠢᠯᠠᠬᠤ ᠠᠷᠭ᠎ᠠ ᠵᠠᠮ ᠨᠢ ᠭᠦᠵᠢ ᠬᠤᠷᠤᠬᠠᠢ ᠶᠢᠨ ᠬᠢ ᠲᠠᠢ ᠠᠳᠠᠯᠢ ᠪᠠᠶᠢᠳᠠᠭ᠃ ᠰᠢᠯᠪᠢᠭᠦᠷ ᠬᠤᠷᠤᠬᠠᠢ ᠭᠦᠨᠳᠤ ᠬᠠᠯᠳᠠᠪᠤᠷᠢᠯᠠᠬᠤ ᠦᠶ᠎ᠠ ᠳᠤ ᠭᠡᠪᠡᠯᠢ ᠡᠪᠡᠳᠭᠦ᠂ ᠰᠠᠭᠤᠯᠭᠠᠬᠤ᠂ ᠢᠳᠡᠰᠢᠨ ᠲᠤᠷᠠᠰᠢᠯ ᠮᠠᠭᠤᠳᠠᠬᠤ᠂ ᠰᠢᠮ᠎ᠠ ᠲᠡᠵᠢᠭᠡᠯ ᠲᠤᠳ᠋ᠬᠠᠳᠠᠬᠤ ᠴᠢᠨ᠋ᠬᠠᠰᠢᠯᠠᠪᠠᠯ ᠴᠢᠰᠤ ᠲᠤᠳ᠋ᠬᠠᠳᠠᠬᠤ ᠪᠠ ᠰᠢᠯᠤᠭᠤᠨ ᠭᠡᠳᠡᠰᠤ ᠤᠠᠵᠢᠢᠬᠤ ᠵᠡᠷᠭᠡ ᠢᠯᠡᠷᠡᠯ ᠲᠠᠢ ᠪᠤᠯᠳᠠᠭ᠃       ᠡᠭᠦᠨ ᠠᠴᠠ ᠭᠠᠳᠠᠨ᠎ᠠ ᠦᠷᠭᠦᠯᠵᠢ ᠬᠠᠷᠬᠠᠳᠠᠳᠠᠭ ᠰᠢᠷᠤᠢ ᠠᠴᠠ ᠢᠷᠡᠯᠳᠡ ᠲᠠᠢ ᠰᠢᠮᠡᠭᠦᠷ ᠬᠤᠷᠤᠬᠠᠢ ᠳᠤ ᠪᠠᠰᠠ ᠭᠢᠯᠭᠠᠰᠤᠨ ᠬᠤᠷᠤᠬᠠᠢ ᠵᠡᠷᠭᠡ ᠪᠤᠢ᠃ ᠡᠳᠡᠭᠡᠷ ᠰᠢᠮᠡᠭᠦᠷ ᠬᠤᠷᠤᠬᠠᠢ ᠶᠢᠨ ᠡᠪᠡᠳᠴᠢᠨ ᠨᠢ ᠴᠦᠮ ᠪᠠᠭᠠᠰᠤ ᠶᠢ ᠴᠠᠭ ᠲᠤᠬᠠᠢ  ᠳᠤᠨᠢ ᠰᠢᠢᠳᠪᠤᠷᠢᠯᠡᠭᠰᠡᠨ ᠦᠭᠡᠢ ᠠᠴᠠ ᠪᠤᠯᠵᠤ ᠬᠠᠯᠳᠠᠪᠤᠷᠢᠯᠠᠨ ᠲᠡᠯᠭᠡᠷᠡᠳᠡᠭ᠃      9. ᠴᠢᠰᠤ ᠰᠤᠷᠤᠬᠤ ᠬᠤᠷᠤᠬᠠᠢ ᠨᠢ ᠭᠦᠮᠦᠨ ᠤ ᠡᠷᠡᠭᠦᠯ ᠮᠡᠨᠳᠤ ᠳᠤ ᠶᠠᠮᠠᠷ ᠭᠦᠨᠦᠭᠡᠯ ᠤᠴᠠᠷᠠᠭᠤᠯᠳᠠᠭ ᠪᠤᠢ︖      ᠴᠢᠰᠤ ᠰᠤᠷᠤᠬᠤ ᠬᠤᠷᠤᠬᠠᠢ ᠶᠢᠨ ᠡᠪᠡᠳᠴᠢᠨ ᠳᠤ ᠨᠡᠷᠪᠡᠭᠳᠡᠭᠰᠡᠳ ᠲᠠᠷᠦ᠋ᠢᠬᠠᠨ ᠡᠮᠨᠡᠭᠦᠯᠭᠦ ᠦᠭᠡᠢ ᠪᠤᠶᠤ ᠲᠤᠤᠱᠳᠠᠢ ᠡᠮᠨᠡᠭᠦᠯᠭᠦ ᠦᠭᠡᠢ ᠪᠤᠯ ᠴᠢᠰᠤ ᠰᠤᠷᠤᠬᠤ ᠬᠤᠷᠤᠬᠠᠢ ᠨᠢ ᠭᠦᠮᠦᠨ ᠤ ᠪᠡᠶᠡᠨ ᠳᠤ ᠲᠠᠰᠤᠷᠠᠯᠳᠠ ᠦᠭᠡᠢ ᠦᠨᠳᠡᠭᠡᠯᠡᠵᠤ᠂ ᠬᠤᠤᠷᠳᠤ ᠡᠳ᠋ ᠭᠠᠷᠭᠠᠵᠤ᠂ ᠡᠯᠢᠭᠡ᠂ ᠲᠡᠯᠢᠭᠦᠤ ᠶᠢ ᠭᠦᠨᠦᠭᠡᠳᠡᠭ᠃ ᠴᠢᠰᠤ ᠰᠤᠷᠤᠬᠤ ᠬᠤᠷᠤᠬᠠᠢ ᠶᠢᠨ ᠡᠪᠡᠳᠴᠢᠨ ᠤ ᠡᠭᠦᠰᠦᠯᠳᠡ ᠨᠢ ᠲᠦᠷᠭᠡᠨ ᠪᠦᠭᠡᠳ ᠬᠠᠯᠠᠭᠤᠷᠠᠬᠤ᠂ ᠭᠡᠪᠡᠯᠢ ᠡᠪᠡᠳᠭᠦ᠂ ᠰᠠᠭᠤᠯᠭᠠᠬᠤ᠂ ᠢᠳᠡᠰᠢᠨ ᠲᠤᠷᠠᠰᠢᠯ ᠮᠠᠭᠤᠳᠠᠬᠤ᠂ ᠡᠯᠢᠭᠡ ᠲᠡᠯᠢᠭᠦᠤ ᠬᠠᠪᠤᠳᠬᠤ ᠵᠡᠷᠭᠡ ᠢᠯᠡᠷᠡᠯ ᠲᠠᠢ ᠪᠠᠶᠢᠳᠠᠭ᠃ ᠲᠠᠭᠢᠨ ᠲᠠᠪᠳᠡᠨ ᠤᠯᠠᠠᠳᠠ ᠬᠠᠯᠳᠠᠪᠤᠷᠢᠯᠬᠠᠳᠠᠪᠠᠯ ᠤᠳᠠᠭᠠᠨ ᠴᠢᠨᠠᠷ ᠲᠠᠢ ᠴᠢᠰᠤ ᠰᠤᠷᠤᠬᠤ ᠬᠤᠷᠤᠬᠠᠢ ᠶᠢᠨ ᠡᠪᠡᠳᠴᠢᠨ ᠪᠤᠯᠵᠤ ᠬᠤᠪᠢᠷᠠᠳᠠᠭ᠃ ᠭᠦᠨᠳᠤ ᠨᠢ ᠦᠷᠭᠦᠯᠵᠢ ᠭᠡᠪᠡᠯᠢ ᠡᠪᠡᠳᠴᠤ᠂ ᠰᠠᠭᠤᠯᠭᠠᠵᠤ᠂ ᠢᠯᠭᠠᠳᠠᠰᠤᠨ ᠳᠤ ᠴᠢᠰᠤ ᠲᠠᠢ ᠪᠠᠶᠢᠵᠤ᠂ ᠠᠳᠠᠯᠢ ᠪᠤᠰᠤ ᠭᠡᠮᠵᠢᠶ᠎ᠠ ᠪᠠᠷ ᠴᠢᠰᠤ ᠲᠤᠳ᠋ᠬᠠᠳᠠᠬᠤ᠂ ᠡᠴᠡᠵᠤ ᠲᠤᠷᠠᠬᠤ᠂ ᠰᠢᠮ᠎ᠠ ᠲᠡᠵᠢᠭᠡᠯ ᠲᠤᠳ᠋ᠬᠠᠳᠠᠬᠤ᠂ ᠡᠯᠢᠭᠡ ᠲᠡᠯᠢᠭᠦᠤ ᠬᠠᠪᠤᠳᠬᠤ ᠵᠡᠷᠭᠡ ᠢᠯᠡᠷᠡᠯ ᠲᠠᠢ ᠪᠠᠶᠢᠳᠠᠭ᠃ ᠰᠡᠭᠦᠯᠴᠢ ᠶᠢᠨ ᠬᠤᠭᠤᠴᠠᠭᠠᠨ ᠤ ᠡᠪᠡᠳᠴᠢᠳᠡᠨ ᠪᠤᠯ ᠡᠯᠢᠭᠡ ᠨᠢ ᠬᠠᠳᠠᠭᠤᠷᠠᠬᠤ᠂ ᠬᠠᠪᠤᠩᠨᠠᠬᠤ ᠵᠢᠴᠢ ᠨᠠᠮ ᠰᠤᠳᠠᠯ ᠤᠨ ᠦᠨᠳᠤᠷ ᠲᠠᠷᠤᠯᠳᠠ ᠵᠡᠷᠭᠡ ᠡᠪᠡᠳᠴᠢᠨ ᠡᠭᠦᠰᠳᠡᠭ᠃ ᠡᠪᠡᠳᠴᠢᠳᠡᠨ ᠶᠠᠷᠤ ᠳᠡᠭᠡᠨ ᠡᠯᠢᠭᠡᠨ ᠴᠢᠳᠠᠪᠤᠷᠢ ᠨᠢ ᠬᠤᠭᠢᠷᠠᠬᠤ ᠪᠡ ᠰᠢᠩᠭᠡᠭᠡᠯᠳᠡ ᠶᠢᠨ ᠲᠡᠭᠡᠳᠤ ᠰᠦᠪᠡ ᠠᠴᠠ ᠶᠡᠭᠡ ᠴᠢᠰᠤ ᠭᠠᠷᠴᠤ ᠦᠭᠦᠳᠡᠭ᠃ ᠪᠦᠰᠡᠭᠦ᠋ᠢᠴᠤᠳ ᠡᠨᠡ ᠬᠦ ᠡᠪᠡᠳᠴᠢᠨ ᠳᠤ ᠨᠡᠷᠪᠡᠭᠳᠡᠪᠡᠯ᠂ ᠰᠠᠷ᠎ᠠ ᠶᠢᠨ ᠭᠭᠢᠷ ᠨᠢ ᠲᠡᠭᠰᠢ ᠦᠭᠡᠢ ᠪᠤᠯᠵᠤ ᠭᠦᠨᠳᠤ ᠨᠤᠴᠢᠳᠡᠢ ᠨᠢ ᠦᠷᠡᠵᠢᠯ ᠢ ᠨᠢ ᠨᠦᠯᠦᠭᠡᠯᠡᠳᠡᠭ᠃ ᠭᠡᠤᠭᠡᠳ ᠡᠨᠡ ᠡᠪᠡᠳᠴᠢᠨ ᠳᠤ ᠨᠡᠷᠪᠡᠭᠳᠡᠪᠡᠯ ᠦᠰᠦᠯᠳᠡ ᠪᠤᠶᠢᠵᠢᠯᠳᠡ ᠶᠢ ᠨᠢ ᠨᠦᠯᠦᠭᠡᠯᠡᠵᠤ᠂ ᠭᠦᠨᠳᠤ ᠨᠤᠴᠢᠳᠠᠢ ᠪᠤᠯ ᠤᠳᠤᠢ ᠭᠦᠮᠦᠨ ᠪᠤᠯᠳᠠᠭ᠃      ᠴᠢᠰᠤ ᠰᠤᠷᠤᠬᠤ ᠬᠤᠷᠤᠬᠠᠢ ᠶᠢᠨ ᠡᠪᠡᠳᠴᠢᠨ ᠵᠢᠯ ᠤᠨ ᠲᠦᠷᠪᠡᠨ ᠤᠯᠠᠷᠢᠯ ᠳᠤ ᠴᠦᠮ ᠡᠭᠦᠰᠳᠡᠭ᠃ ᠭᠡᠪᠡᠴᠤ ᠲᠤᠯᠭᠠᠨ ᠤ ᠭᠡᠮᠵᠢᠶ᠎ᠠ ᠨᠡᠯᠢᠶᠡᠳ ᠦᠨᠳᠤᠷ 4~10 ᠰᠠᠷ᠎ᠠ ᠳᠤ ᠬᠠᠮᠤᠭ ᠤᠨ ᠠᠮᠠᠷᠬᠠᠨ ᠬᠠᠯᠳᠠᠪᠤᠷᠢᠯᠠᠳᠠᠭ᠃ ᠡᠷᠡᠭᠳᠡᠢ ᠡᠮᠡᠭᠳᠡᠢ ᠡᠪᠦᠭᠡᠳ ᠭᠦᠭᠰᠢᠳ ᠭᠡᠤᠭᠡᠳ ᠨᠢᠯᠬ᠎ᠠ ᠭᠡᠰᠡᠨ ᠦᠭᠡᠢ ᠠᠷᠠᠰᠤ ᠮᠢᠬ᠎ᠠ ᠨᠢ ᠰᠡᠭᠦᠯᠳᠤ ᠠᠪᠠᠭᠠᠯᠳᠠᠢ ᠶᠢᠨ ᠭᠢᠵᠢᠭ ᠲᠠᠢ ᠤᠰᠤᠨ ᠳᠤ ᠤᠶᠢᠷᠠᠳᠤᠪᠠᠯ ᠲᠠᠷᠤᠢ ᠴᠢᠰᠤ ᠰᠤᠷᠤᠬᠤ ᠬᠤᠷᠤᠬᠠᠢ ᠶᠢᠨ ᠡᠪᠡᠳᠴᠢᠨ ᠳᠤ ᠨᠡᠷᠪᠡᠭᠳᠡᠵᠤ ᠮᠡᠳᠡᠨ᠎ᠠ᠃      10. ᠭᠦᠮᠦᠨ ᠶᠠᠭᠠᠭᠢᠬᠤ ᠳᠠᠭᠠᠨ ᠰᠢᠮᠡᠭᠦᠷ ᠬᠤᠷᠤᠬᠠᠢ ᠳᠤ ᠬᠤᠤᠷᠳ᠋ᠬᠠᠳᠠᠳᠠᠭ ᠪᠤᠢ︖      ᠭᠦᠳᠡᠭᠡ ᠲᠤᠰᠬᠤᠨ ᠳᠤ ᠰᠢᠢᠳᠪᠤᠷᠢᠯᠡᠭᠰᠡᠨ ᠦᠭᠡᠢ ᠬᠤᠭ ᠨᠤᠪᠰᠢ ᠪᠤᠯᠤᠨ ᠭᠦᠮᠦᠨ ᠮᠠᠯ ᠤᠨ ᠪᠠᠭᠠᠰᠤᠨ ᠲᠤᠳᠤᠷ᠎ᠡ ᠶᠡᠭᠡ ᠭᠡᠮᠵᠢᠶᠠᠨ ᠤ ᠡᠪᠡᠳᠴᠢᠨ ᠤᠯᠭᠤᠬᠤ ᠪᠠᠺᠲ᠋ᠧᠷᠢ ᠪᠤᠯᠤᠨ ᠰᠢᠮᠡᠭᠦᠷ ᠬᠤᠷᠤᠬᠠᠢ ᠶᠢᠨ ᠦᠨᠳᠡᠭᠡ ᠠᠭᠤᠯᠤᠠᠠᠳᠠᠵᠤ᠂ ᠪᠠᠭᠠᠰᠤ ᠶᠢ ᠰᠢᠭᠤᠳ ᠪᠤᠷᠳᠤᠭᠤᠷ ᠪᠤᠯᠭᠠᠨ ᠭᠡᠷᠡᠭᠯᠡᠪᠡᠯ ᠬᠤᠷᠤᠬᠠᠢ ᠶᠢᠨ ᠦᠨᠳᠡᠭᠡ ᠨᠢ ᠰᠢᠪᠡᠷ ᠰᠢᠷᠤᠢ ᠪᠠ ᠲᠠᠷᠢᠮᠡᠯ ᠢ ᠪᠤᠭᠢᠷᠳᠤᠭᠤᠯᠤᠨ᠎ᠠ᠃ ᠭᠠᠭ᠋ᠠᠢ᠂ ᠲᠠᠭᠢᠶ᠎ᠠ᠂ ᠬᠤᠯᠤᠭᠠᠨ᠎ᠠ᠂ ᠢᠯᠠᠭ᠎ᠠ᠂ ᠵᠤᠤᠮ᠎ᠠ ᠪᠤᠯᠤᠨ ᠭᠦᠮᠦᠨ ᠤ ᠱᠠᠬᠠᠢ ᠶᠢᠨ ᠤᠯᠨ ᠳᠤ ᠴᠦᠮ ᠶᠡᠭᠡ ᠭᠡᠮᠵᠢᠶᠠᠨ ᠤ ᠬᠤᠷᠤᠬᠠᠢ ᠶᠢᠨ ᠦᠨᠳᠡᠭᠡ ᠲᠠᠭᠠᠯᠳᠤᠵᠤ ᠪᠠᠶᠢᠳᠠᠭ᠃ ᠭᠦᠵᠢ ᠬᠤᠷᠤᠬᠠᠢ ᠶᠢᠨ ᠦᠨᠳᠡᠭᠡ ᠨᠢ ᠪᠠᠶᠢᠭᠠᠯᠢ ᠶᠢᠷᠳᠢᠨᠴᠤ ᠳᠤ ᠮᠠᠰᠢ ᠴᠢᠩᠭ᠎ᠠ ᠲᠠᠰᠪᠤᠷᠢ ᠶᠢᠨ ᠭᠦᠴᠤᠨ ᠲᠠᠢ ᠪᠠᠶᠢᠵᠤ᠂ ᠵᠢᠱᠢᠶᠡᠯᠡᠪᠡᠯ ᠵᠢᠶᠠᠩᠶ᠋ᠢᠤ᠂ ᠲᠠᠪᠤᠰᠤᠳᠤ ᠨᠤᠭᠤᠭ᠎ᠠ᠂ ᠭᠦᠪᠰᠦᠭᠡᠷ ᠨᠤᠭᠤᠭ᠎ᠠ ᠳᠤ ᠪᠠᠰᠠ ᠦᠷᠭᠦᠯᠵᠢᠯᠡᠨ ᠪᠤᠶᠢᠵᠢᠵᠤ᠂ ᠭᠦᠷᠦᠰᠤ ᠰᠢᠷᠤᠢ ᠲᠤᠭᠢᠳᠡᠢ ᠨᠦᠭᠦᠴᠡᠯ ᠲᠤᠤᠷ᠎ᠡ 1 ᠵᠢᠯ ᠠᠮᠢᠳᠤᠷᠠᠳᠠᠭ᠃ 40~60cm ᠬᠦᠨ ᠭᠦᠷᠦᠰᠤᠨ ᠳᠤ ᠦᠨᠳᠡᠭᠡ ᠨᠢ 2 ᠵᠢᠯ ᠪᠤᠶᠤ ᠨᠡᠩ ᠤᠷᠳᠤ ᠬᠤᠭᠤᠴᠠᠭ᠎ᠠ ᠠᠮᠢᠳᠤᠷᠠᠳᠠᠭ ᠪᠠᠶᠢᠨ᠎ᠠ᠃ ᠡᠶᠢᠮᠤ ᠠᠴᠠ ᠬᠤᠷᠤᠬᠠᠢ ᠶᠢᠨ ᠦᠨᠳᠡᠭᠡᠨ ᠳᠤ ᠪᠤᠭᠢᠷᠳᠤᠠᠠᠰᠠᠨ ᠭᠦᠷᠦᠰᠤ ᠰᠢᠷᠤᠢ ᠪᠤᠶᠤ ᠤᠰᠤᠨ ᠳᠤ ᠬᠠᠯᠳᠠᠪᠤᠷᠢᠯᠠᠬᠤ ᠬᠤᠭᠤᠴᠠᠭᠠᠨ ᠤ ᠠᠪᠠᠭᠠᠯᠳᠠᠢ ᠮᠠᠰᠢ ᠤᠯᠠᠨ ᠪᠠᠶᠢᠳᠠᠭ᠃ ᠠᠷᠢᠭᠤᠨ ᠴᠠᠪᠡᠷ ᠢ ᠡᠷᠭᠢᠮᠯᠡᠭᠦ ᠦᠭᠡᠢ ᠪᠤᠯ ᠬᠤᠷᠤᠬᠠᠢ ᠶᠢᠨ ᠦᠨᠳᠡᠭᠡ ᠪᠤᠶᠤ ᠠᠪᠠᠭᠠᠯᠳᠠᠢ ᠨᠢ ᠴᠦᠮ ᠭᠦᠮᠦᠨ ᠤ ᠠᠮᠠ ᠪᠠᠷ ᠤᠷᠤᠵᠤ ᠮᠡᠳᠡᠨ᠎ᠡ᠃ ᠵᠢᠱᠢᠶᠡᠯᠡᠪᠡᠯ ᠬᠤᠭᠤᠯᠠᠨ ᠠᠴᠠ ᠡᠮᠦᠨ᠎ᠠ ᠪᠤᠶᠤ ᠵᠤᠷᠯᠤᠩ ᠳᠤ ᠤᠷᠤᠭᠠᠳ ᠭᠠᠷ ᠢᠶᠠᠨ ᠤᠭᠢᠶᠠᠬᠤ ᠦᠭᠡᠢ᠂ ᠭᠠᠷ ᠬᠤᠷᠤᠭᠤ  ᠪᠠᠨ ᠰᠢᠮᠡᠭᠦ᠂ ᠦᠷᠭᠦᠯᠵᠢ ᠲᠦᠭᠦᠭᠡᠢ ᠤᠰᠤ ᠤᠤᠭᠤᠬᠤ᠂ ᠤᠭᠢᠶ᠋ᠬᠠᠰᠠᠨ ᠦᠭᠡᠢ ᠨᠢᠰᠢᠩᠭᠦ᠂ ᠭᠤᠸᠠ ᠵᠢᠮᠢᠰ᠂ ᠭᠦᠪᠰᠦᠭᠡᠷ ᠨᠤᠭᠤᠭ᠎ᠠ ᠵᠡᠷᠭᠡ ᠴᠡᠪᠡᠷ ᠪᠤᠰᠤ ᠢᠳᠡᠭᠡᠨ ᠢ ᠲᠦᠭᠦᠭᠡᠢ ᠪᠠᠷ ᠢᠳᠡᠭᠦ ᠳᠤ ᠴᠦᠮ ᠭᠦᠵᠢ ᠬᠤᠷᠤᠬᠠᠢ᠂ ᠭᠤᠬ᠎ᠠ ᠬᠤᠷᠤᠬᠠᠢ ᠪᠠ ᠴᠢᠰᠤ ᠰᠤᠷᠤᠬᠤ ᠬᠤᠷᠤᠬᠠᠢ ᠵᠡᠷᠭᠡ ᠰᠢᠮᠡᠭᠦᠷ ᠬᠤᠷᠤᠬᠠᠢ ᠶᠢᠨ ᠡᠪᠡᠳᠴᠢᠨ ᠳᠤ ᠨᠡᠷᠪᠡᠭᠳᠡᠭᠦ ᠪᠤᠯᠤᠨ᠎ᠠ᠃ ᠡᠶᠢᠮᠤ ᠠᠴᠠ ᠭᠦᠳᠡᠭᠡ ᠲᠤᠰᠬᠤᠨ ᠤ ᠬᠤᠭ ᠨᠤᠪᠰᠢ ᠪᠤᠯᠤᠨ ᠭᠦᠮᠦᠨ ᠮᠠᠯ ᠤᠨ ᠢᠯᠭᠠᠳᠠᠰᠤ ᠶᠢ ᠬᠤᠤᠷ ᠦᠭᠡᠢ ᠪᠠᠷ ᠰᠢᠢᠳᠪᠤᠷᠢᠯᠡᠭᠦ ᠪᠤᠯ ᠰᠢᠮᠡᠭᠦᠷ ᠬᠤᠷᠤᠬᠠᠢ ᠵᠡᠷᠭᠡ ᠬᠠᠯᠳᠠᠪᠤᠷᠢᠳᠤ ᠡᠪᠡᠳᠴᠢᠨ ᠢ ᠡᠷᠡᠰ ᠲᠠᠰᠤᠯᠬᠤ ᠶᠢᠨ ᠴᠢᠬᠤᠯᠠ ᠠᠷᠭ᠎ᠠ ᠭᠡᠮᠵᠢᠶ᠎ᠠ ᠪᠤᠯᠤᠨ᠎ᠠ᠃      11. ᠴᠢᠰᠤ ᠰᠤᠷᠤᠬᠤ ᠬᠤᠷᠤᠬᠠᠢ ᠨᠢ ᠶᠠᠭᠠᠭᠢᠪᠡᠯ ᠭᠦᠮᠦᠨ ᠳᠤ ᠬᠠᠯᠳᠠᠪᠤᠷᠢᠯᠠᠳᠠᠭ ᠪᠤᠢ︖      ᠡᠯ᠎ᠡ ᠭᠠᠵᠠᠷ ᠲᠤ ᠡᠷᠡᠭᠳᠡᠢ ᠡᠮᠡᠭᠳᠡᠢ ᠶᠢᠨ ᠦᠢᠯᠡᠳᠪᠤᠷᠢᠯᠡᠯ ᠭᠦᠳᠡᠯᠮᠤᠷᠢ ᠶᠢᠨ ᠠᠷᠭ᠎ᠠ ᠭᠡᠯᠪᠡᠷᠢ᠂ ᠠᠮᠢᠳᠤᠷᠠᠯ ᠤᠨ ᠵᠠᠩ ᠲᠠᠳᠬᠠᠯ ᠨᠢ ᠠᠳᠠᠯᠢ ᠪᠤᠰᠤ ᠵᠡᠷᠭᠡ ᠰᠢᠯᠳᠠᠭᠠᠨ ᠠᠴᠠ ᠪᠤᠯᠤᠭᠠᠳ ᠬᠠᠯᠳᠠᠪᠤᠷᠢᠯᠠᠬᠤ ᠬᠠᠷᠢᠴᠠᠯ ᠨᠢ ᠴᠤ ᠠᠳᠠᠯᠢ ᠦᠭᠡᠢ ᠪᠠᠶᠢᠳᠠᠭ᠃ ᠵᠠᠷᠢᠮ ᠴᠢᠰᠤ ᠰᠤᠷᠤᠬᠤ ᠬᠤᠷᠤᠬᠠᠢ ᠲᠡᠯᠭᠡᠷᠡᠵᠤ ᠪᠠᠶᠢᠭ᠎ᠠ ᠨᠠᠭᠤᠷ ᠪᠦᠷᠢᠳᠤ ᠪᠤᠯᠤᠨ ᠤᠰᠤᠨ ᠲᠤᠤᠷ ᠤᠨ ᠭᠠᠵᠠᠷ ᠤᠷᠤᠨ ᠳᠤ ᠡᠷᠡᠭᠳᠡᠶᠢᠴᠤᠳ ᠨᠢ ᠭᠤᠤᠯ ᠦᠢᠯᠡᠳᠪᠤᠷᠢᠯᠡᠯ ᠭᠦᠳᠡᠯᠮᠤᠷᠢ ᠶᠢᠨ ᠭᠦᠴᠤᠨ ᠮᠦᠨ᠃ ᠵᠢᠱᠢᠶᠡᠯᠡᠪᠡᠯ ᠵᠢᠭᠠᠰᠤ ᠠᠩᠨᠠᠬᠤ᠂ ᠰᠡᠮ ᠱᠦᠭᠦᠭᠦ᠂ ᠡᠪᠡᠰᠤ ᠬᠠᠳᠤᠬᠤ᠂ ᠲᠠᠷᠢᠶ᠎ᠠ ᠲᠠᠷᠢᠬᠤ᠂ ᠬᠤᠷᠢᠶᠠᠯᠳᠠ ᠬᠤᠷᠢᠶᠠᠬᠤ ᠪᠠ ᠪᠤᠳᠠᠭ᠎ᠠ ᠴᠠᠶᠢᠯᠭᠠᠬᠤ ᠵᠡᠷᠭᠡ ᠳᠤ ᠡᠷᠡᠭᠳᠡᠶᠢᠴᠤᠳ ᠭᠤᠤᠯᠯᠠᠵᠤ᠂ ᠭᠢᠵᠢᠭ ᠲᠠᠢ ᠤᠰᠤ ᠲᠠᠢ ᠤᠶᠢᠷᠠᠳᠤᠬᠤ ᠲᠤᠭᠢᠶᠠᠯ ᠤᠯᠠᠨ ᠪᠤᠯᠬᠤᠷ ᠡᠷᠡᠭᠳᠡᠶᠢᠴᠤᠳ ᠤᠨ ᠬᠠᠯᠳᠠᠪᠤᠷᠢᠯᠬᠠᠳᠠᠬᠤ ᠨᠢ ᠤᠯᠠᠨ ᠪᠠᠶᠢᠳᠠᠭ᠃      ᠬᠠᠷᠢᠨ ᠵᠠᠷᠢᠮ ᠠᠭᠤᠯᠠᠷᠬᠠᠭ ᠤᠷᠤᠨ ᠪᠤᠯᠤᠨ ᠤᠰᠤᠨ ᠨᠤᠳᠤᠭ ᠤᠨ ᠵᠢᠵᠢᠭ ᠪᠠᠯᠭᠠᠰᠤᠨ ᠳᠤ ᠡᠷᠡᠭᠳᠡᠶᠢᠴᠤᠳ ᠤᠨ ᠤᠯᠠᠩᠭᠢ ᠨᠢ ᠲᠤᠰᠠᠯᠠᠬᠤ ᠦᠢᠯᠡᠳᠪᠤᠷᠢᠯᠡᠯ ᠭᠢᠵᠤ᠂ ᠪᠦᠰᠡᠭᠦ᠋ᠢᠴᠤᠳ ᠨᠢ ᠦᠷᠭᠦᠯᠵᠢ ᠭᠢᠵᠢᠭ ᠲᠠᠢ ᠤᠰᠤᠨ ᠳᠤ ᠬᠤᠪᠴᠠᠰᠤ ᠬᠤᠨᠠᠷ ᠤᠭᠢᠶᠠᠳᠠᠭ ᠪᠤᠯᠬᠤᠷ ᠡᠳᠡᠭᠡᠷ ᠭᠠᠵᠠᠷ ᠤᠷᠤᠨ ᠤ ᠪᠦᠰᠡᠭᠦ᠋ᠢᠴᠤᠳ ᠨᠢ ᠴᠢᠰᠤ ᠰᠤᠷᠤᠬᠤ ᠬᠤᠷᠤᠬᠠᠢ ᠶᠢᠨ ᠡᠪᠡᠳᠴᠢᠨ ᠳᠤ ᠬᠠᠯᠳᠠᠪᠤᠷᠢᠯᠬᠠᠳᠠᠬᠤ ᠨᠤᠷᠮ᠎ᠠ ᠨᠢ ᠡᠷᠡᠭᠳᠡᠶᠢᠴᠤᠳ ᠠᠴᠠ ᠪᠠᠨ ᠦᠨᠳᠤᠷ ᠪᠠᠶᠢᠳᠠᠭ᠃      ᠶᠠᠷᠦᠳᠡ ᠶᠢᠨ ᠲᠡᠯᠭᠡᠷᠡᠯᠳᠡ ᠶᠢᠨ ᠤᠷᠤᠨ ᠳᠤ 5 ᠨᠠᠰᠤᠨ ᠠᠴᠠ ᠲᠤᠷᠤᠠᠠᠰᠢᠭᠢ ᠭᠡᠤᠭᠡᠳ ᠭᠢᠵᠢᠭ ᠲᠠᠢ ᠤᠰᠤᠨ ᠳᠤ ᠤᠶᠢᠷᠠᠳᠤᠬᠤ ᠨᠢ ᠲᠤᠩ ᠴᠦᠭᠡᠨ ᠪᠤᠯᠬᠤᠷ ᠬᠠᠯᠳᠠᠪᠤᠷᠢᠯᠬᠠᠳᠠᠬᠤ ᠨᠤᠷᠮ᠎ᠠ ᠨᠢ ᠴᠤ ᠮᠠᠰᠢ ᠲᠤᠤᠷ᠎ᠠ᠃ 5 ᠨᠠᠰᠤᠨ ᠠᠴᠠ ᠲᠡᠭᠡᠭᠰᠢᠭᠢ ᠭᠡᠤᠭᠡᠳ ᠨᠠᠭᠤᠷ ᠤᠨ ᠭᠦᠪᠡᠭᠡ ᠪᠤᠶᠤ ᠴᠦᠭᠦᠷᠤᠮ᠂ ᠭᠤᠤ ᠰᠤᠪᠠᠭ ᠲᠤ ᠤᠰᠤ ᠪᠠᠷ ᠨᠠᠭᠠᠳᠬᠤ᠂ ᠤᠮᠪᠠᠭ᠋ᠤ ᠲᠤᠷᠠᠳᠠᠢ ᠪᠤᠯᠬᠤᠷ ᠬᠠᠯᠳᠠᠪᠤᠷᠢᠯᠬᠠᠳᠠᠬᠤ ᠨᠤᠷᠮ᠎ᠠ ᠨᠢ ᠴᠤ ᠦᠨᠳᠤᠷ ᠶᠤᠮ᠃ 10 ᠨᠠᠰᠤᠨ ᠠᠴᠠ ᠬᠤᠶᠢᠰᠢ ᠡᠪᠡᠰᠤ ᠬᠠᠳᠤᠬᠤ᠂ ᠮᠠᠯ ᠬᠠᠷᠢᠭᠤᠯᠬᠤ᠂ ᠵᠢᠭᠠᠰᠤ ᠠᠩᠨᠠᠬᠤ᠂ ᠰᠠᠮ ᠱᠦᠭᠦᠭᠦ ᠵᠡᠷᠭᠡ ᠦᠢᠯᠡᠳᠪᠤᠷᠢᠯᠡᠯ ᠭᠦᠳᠡᠯᠮᠤᠷᠢ ᠳᠤ ᠤᠷᠤᠯᠴᠠᠬᠤ ᠪᠠ ᠤᠰᠤᠨ ᠳᠤ ᠨᠠᠭᠠᠳᠬᠤ ᠤᠮᠪᠠᠭ᠋ᠤ ᠨᠢ ᠤᠯᠠᠰᠢᠷᠠᠬᠤ ᠠᠴᠠ ᠪᠤᠯᠤᠭᠠᠳ ᠴᠢᠰᠤ ᠰᠤᠷᠤᠬᠤ ᠬᠤᠷᠤᠬᠠᠢ ᠶᠢᠨ ᠡᠪᠡᠳᠴᠢᠨ  ᠳᠤ ᠬᠠᠯᠳᠠᠪᠤᠷᠢᠯᠬᠠᠳᠠᠬᠤ ᠨᠤᠷᠮ᠎ᠠ ᠨᠢ ᠴᠤ ᠮᠠᠰᠢ ᠲᠦᠷᠭᠡᠨ ᠲᠡᠭᠡᠭᠰᠢᠯᠡᠳᠡᠭ᠃ ᠲᠤᠮᠤᠴᠤᠳ ᠨᠢ ᠲᠠᠷᠢᠶᠠᠯᠠᠩ ᠪᠤᠯᠤᠨ ᠵᠢᠭᠠᠰᠤᠨ ᠠᠵᠤ ᠠᠬᠤᠢ ᠶᠢᠨ ᠦᠢᠯᠡᠳᠪᠤᠷᠢᠯᠡᠯ ᠳᠤ ᠤᠷᠤᠯᠴᠠᠵᠤ᠂ ᠦᠷᠭᠦᠯᠵᠢ ᠭᠢᠵᠢᠭ ᠲᠠᠢ ᠤᠰᠤ ᠲᠠᠢ ᠤᠶᠢᠷᠠᠳᠤᠳᠠᠭ ᠪᠤᠯᠬᠤᠷ ᠡᠨᠡ ᠬᠦ ᠡᠪᠡᠳᠴᠢᠨ ᠳᠤ ᠬᠠᠯᠳᠠᠪᠤᠷᠢᠯᠬᠠᠳᠠᠬᠤ ᠨᠤᠷᠮ᠎ᠠ ᠨᠢ ᠴᠤ ᠦᠨᠳᠤᠷ ᠪᠠᠶᠢᠳᠠᠭ᠃ ᠨᠠᠰᠤᠳᠠᠶᠢᠴᠤᠳ ᠤᠨ ᠪᠡᠶ᠎ᠠ ᠮᠠᠬᠠᠪᠤᠳ ᠨᠢ ᠪᠠᠭᠤᠷᠠᠢ᠂ ᠲᠠᠮᠢᠷ ᠭᠦᠴᠤ ᠨᠢ ᠰᠤᠯᠠ᠂ ᠲᠠᠷᠢᠶ᠎ᠠ ᠪᠤᠶᠤ ᠤᠰᠤᠨ ᠳᠠᠬᠢ ᠭᠦᠳᠡᠯᠮᠤᠷᠢ ᠳᠤ ᠤᠷᠤᠯᠴᠠᠬᠤ ᠨᠢ ᠶᠡᠭᠡᠳᠡ ᠬᠠᠰᠤᠠᠠᠳᠠᠬᠤ ᠲᠤᠯᠠ ᠭᠢᠵᠢᠭ ᠲᠠᠢ ᠤᠰᠤᠨ ᠳᠤ ᠤᠶᠢᠷᠠᠳᠤᠬᠤ ᠲᠤᠭᠢᠶᠠᠯ ᠨᠢ ᠴᠤ ᠲᠠᠭᠠᠯᠳᠤᠨ ᠪᠠᠭᠤᠷᠠᠳᠠᠭ᠃      ᠠᠵᠢᠯ ᠶᠠᠪᠤᠳᠠᠯ ᠢᠶᠠᠷ ᠠᠪᠴᠤ ᠭᠡᠯᠡᠪᠡᠯ ᠵᠢᠭᠠᠰᠤᠴᠢᠨ᠂ ᠬᠠᠭᠠᠰ ᠲᠠᠷᠢᠶᠠᠯᠠᠬᠤ ᠬᠠᠭᠠᠰ ᠵᠢᠭᠠᠰᠤ ᠠᠩᠨᠠᠬᠤ ᠪᠠ ᠲᠠᠷᠢᠶᠠᠴᠢᠨ ᠵᠡᠷᠭᠡ ᠭᠦᠮᠦᠰ ᠤᠯᠠᠨ ᠦᠢᠯᠡᠳᠪᠤᠷᠢᠯᠡᠯ ᠭᠦᠳᠡᠯᠮᠤᠷᠢ ᠳᠤ ᠤᠷᠤᠯᠴᠠᠨ ᠭᠢᠵᠢᠭ ᠲᠠᠢ ᠤᠰᠤ ᠲᠠᠢ ᠤᠶᠢᠷᠠᠳᠤᠬᠤ ᠲᠤᠭᠢᠶᠠᠯ ᠨᠢ ᠤᠯᠠᠨ ᠲᠤᠯᠠ ᠴᠢᠰᠤ ᠰᠤᠷᠤᠬᠤ ᠬᠤᠷᠤᠬᠠᠢ ᠳᠤ ᠬᠠᠯᠳᠠᠪᠤᠷᠢᠯᠬᠠᠳᠠᠬᠤ ᠨᠤᠷᠮ᠎ᠠ ᠨᠢ ᠬᠠᠷᠢᠴᠠᠩᠭᠤᠢ ᠪᠠᠷ ᠦᠨᠳᠤᠷ ᠪᠠᠶᠢᠳᠠᠭ᠃ ᠡᠶᠢᠮᠤ ᠠᠴᠠ ᠭᠦᠮᠦᠨ ᠮᠠᠯ ᠤᠨ ᠢᠯᠭᠠᠳᠠᠰᠤ ᠶᠢ ᠲᠠᠷᠦ᠋ᠢᠬᠠᠨ ᠬᠤᠤᠷ ᠦᠭᠡᠢ ᠪᠠᠷ ᠰᠢᠢᠳᠪᠤᠷᠢᠯᠡᠭᠦ ᠶᠢᠨ ᠲᠠᠭᠠᠤ ᠢᠯᠭᠠᠳᠠᠰᠤ ᠨᠢ ᠰᠢᠭᠤᠳ ᠤᠰᠤᠨ ᠰᠤᠷᠪᠤᠯᠵᠢ ᠳᠤ ᠤᠷᠤᠬᠤ ᠶᠢ ᠰᠡᠷᠭᠡᠶᠢᠯᠡᠪᠡᠯ ᠲᠠᠷᠤᠢ ᠴᠢᠰᠤ ᠰᠤᠷᠤᠬᠤ ᠬᠤᠷᠤᠬᠠᠢ ᠶᠢᠨ ᠡᠪᠡᠳᠴᠢᠨ ᠢ ᠪᠦᠳᠦᠮᠵᠢᠳᠡᠢ ᠪᠠᠷ ᠤᠷᠢᠳᠴᠢᠯᠠᠨ ᠰᠡᠷᠭᠡᠶᠢᠯᠡᠵᠤ ᠴᠢᠳᠠᠨ᠎ᠠ᠃      12. ᠶᠠᠮᠠᠷ ᠠᠷᠭ᠎ᠠ ᠪᠠᠷ ᠭᠡᠳᠡᠰᠤᠨ ᠤ ᠬᠠᠯᠳᠠᠪᠤᠷᠢᠳᠤ ᠡᠪᠡᠳᠴᠢᠨ ᠪᠤᠯᠤᠨ ᠤᠯᠠᠨ ᠲᠦᠷᠦᠯ ᠤᠨ ᠰᠢᠮᠡᠭᠦᠷ ᠬᠤᠷᠤᠬᠠᠢ ᠶᠢᠨ ᠡᠪᠡᠳᠴᠢᠨ ᠢ ᠰᠡᠷᠭᠡᠶᠢᠯᠡᠭᠦ ᠪᠤᠢ︖       ᠠᠷᠢᠭᠤᠨ ᠴᠡᠪᠡᠷ ᠵᠤᠷᠯᠤᠩ ᠪᠠᠶᠢᠭᠤᠯᠤᠨ ᠭᠡᠷᠡᠭᠯᠡᠭᠦ ᠨᠢ ᠤᠷᠴᠢᠨ ᠲᠤᠭᠤᠷᠢᠨ ᠤ ᠠᠷᠢᠭᠤᠨ ᠴᠡᠪᠡᠷ ᠢ ᠪᠠᠳᠤᠯᠠᠵᠤ ᠴᠢᠳᠠᠬᠤ ᠪᠠᠷ ᠪᠠᠷᠠᠬᠤ ᠦᠭᠡᠢ ᠪᠠᠰᠠ ᠰᠢᠨᠵᠢᠯᠡᠭᠦ ᠤᠬᠠᠭᠠᠠᠴᠢ᠂ ᠡᠷᠡᠭᠦᠯ ᠮᠡᠨᠳᠤ ᠪᠤᠯᠪᠠᠰᠤᠨ ᠠᠮᠢᠳᠤᠷᠠᠯ ᠤᠨ ᠭᠡᠯᠪᠡᠷᠢ ᠶᠢᠨ ᠢᠯᠡᠷᠡᠯ ᠮᠦᠨ᠃ ᠭᠦᠮᠦᠨ ᠮᠠᠯ ᠤᠨ ᠢᠯᠭᠠᠳᠠᠰᠤᠨ ᠳᠤ ᠡᠪᠡᠳᠴᠢᠨ ᠤᠯᠭᠤᠬᠤ ᠪᠠ ᠰᠢᠮᠡᠭᠦᠷ ᠬᠤᠷᠤᠬᠠᠢ ᠶᠢᠨ ᠦᠨᠳᠡᠭᠡ ᠶᠡᠭᠡ ᠭᠡᠮᠵᠢᠶ᠎ᠠ ᠪᠠᠷ ᠠᠭᠤᠯᠤᠠᠠᠳᠠᠵᠤ ᠪᠠᠶᠢᠬᠤ ᠪᠤᠯᠬᠤᠷ ᠭᠡᠷᠪᠡ ᠢᠯᠭᠠᠳᠠᠰᠤ ᠶᠢ ᠶᠠᠮᠠᠷ ᠴᠤ ᠰᠢᠢᠳᠪᠤᠷᠢᠯᠡᠯᠳᠡ ᠭᠢᠭᠰᠡᠨ ᠦᠭᠡᠢ  ᠪᠠᠷ ᠰᠢᠭᠤᠳ ᠪᠤᠷᠳᠤᠭᠤᠷ ᠲᠤ ᠭᠡᠷᠡᠭᠯᠡᠭᠦ ᠪᠤᠶᠤ ᠬᠠᠶᠠᠵᠤ᠂ ᠤᠰᠤᠨ ᠤ ᠰᠤᠷᠪᠤᠯᠵᠢ ᠶᠢ ᠪᠤᠭᠢᠷᠳᠤᠭᠤᠯᠪᠠᠯ ᠡᠯ᠎ᠠ ᠵᠦᠢᠯ ᠤᠨ ᠰᠢᠮᠡᠭᠦᠷ ᠬᠤᠷᠤᠬᠠᠢ ᠶᠢᠨ ᠡᠪᠡᠳᠴᠢᠨ ᠪᠡ ᠭᠡᠳᠡᠰᠤᠨ ᠰᠦᠪᠡ ᠶᠢᠨ ᠬᠠᠯᠳᠠᠪᠤᠷᠢᠳᠤ ᠡᠪᠡᠳᠴᠢᠨ ᠲᠤᠩ ᠠᠮᠠᠷᠬᠠᠨ ᠬᠠᠯᠳᠠᠪᠤᠷᠢᠯᠠᠨ ᠲᠡᠯᠭᠡᠷᠡᠭᠦ ᠪᠤᠯᠤᠨ᠎ᠠ᠃ ᠡᠶᠢᠮᠤ ᠠᠴᠠ ᠭᠡᠷᠡᠮ ᠲᠠᠢ᠂ ᠤᠷᠤᠢ ᠲᠠᠢ᠂ ᠲᠠᠳᠠᠭᠠᠯ ᠲᠠᠢ᠂ ᠠᠮᠠᠰᠠᠷ ᠲᠠᠢ᠂ ᠠᠷᠢᠭᠤᠨ ᠴᠡᠪᠡᠷ ᠵᠤᠷᠯᠤᠩ ᠪᠠᠷᠢᠵᠤ᠂ ᠭᠡᠷ ᠤᠨ ᠲᠡᠵᠢᠭᠡᠪᠤᠷᠢ ᠮᠠᠯ ᠤᠨᠤᠭ᠎ᠠ ᠪᠠᠨ ᠬᠠᠰᠢᠶᠠᠯᠠᠨ ᠲᠡᠵᠢᠭᠡᠵᠤ᠂ ᠭᠦᠮᠦᠨ ᠮᠠᠯ ᠤᠨ ᠢᠯᠭᠠᠳᠠᠰᠤ ᠶᠢ ᠲᠦᠪᠯᠡᠷᠡᠭᠦᠯᠦᠨ ᠴᠤᠠᠠᠯᠠᠭᠤᠯᠵᠤ᠂ ᠢᠯᠭᠠᠳᠠᠰᠤ ᠶᠢ ᠬᠤᠤᠷ ᠦᠭᠡᠢ ᠪᠠᠷ ᠰᠢᠢᠳᠪᠤᠷᠢᠯᠡᠭᠦ ᠪᠠᠷ ᠲᠠᠮᠵᠢᠭᠤᠯᠤᠨ ᠢᠯᠭᠠᠳᠠᠰᠤᠨ ᠲᠤᠳᠤᠷᠠᠭᠢ ᠡᠪᠡᠳᠴᠢᠨ ᠤ ᠪᠠᠺᠲ᠋ᠧᠷᠢ ᠪᠤᠯᠤᠨ ᠤᠯᠠᠨ ᠵᠦᠢᠯ ᠤᠨ ᠰᠢᠮᠡᠭᠦᠷ ᠬᠤᠷᠤᠬᠠᠢ ᠶᠢᠨ ᠦᠨᠳᠡᠭᠡ ᠶᠢ ᠤᠰᠠᠳᠬᠠᠵᠤ᠂ ᠡᠭᠦᠨ ᠤ ᠤᠯᠠᠮ ᠢᠶᠠᠷ ᠶᠤᠯᠬᠤᠳᠠᠰᠤ᠂ ᠰᠠᠭᠤᠯᠭ᠎ᠠ ᠵᠡᠷᠭᠡ ᠭᠡᠳᠡᠰᠤᠨ ᠤ ᠬᠠᠯᠳᠠᠪᠤᠷᠢᠳᠤ ᠡᠪᠡᠳᠴᠢᠨ ᠪᠡ ᠤᠯᠠᠨ ᠵᠦᠢᠯ ᠤᠨ ᠰᠢᠮᠡᠭᠦᠷ ᠬᠤᠷᠤᠬᠠᠢ ᠶᠢᠨ ᠡᠪᠡᠳᠴᠢᠨ ᠢ ᠰᠡᠷᠭᠡᠶᠢᠯᠡᠨ ᠬᠤᠷᠢᠠᠠᠯᠠᠬᠤ ᠵᠤᠷᠢᠯᠭ᠎ᠠ ᠳᠤ ᠭᠦᠷᠦᠭᠦᠯᠭᠦ ᠭᠡᠷᠡᠭᠳᠡᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号