︵ᠨᠢᠭᠡ︶ ᠭᠦᠳᠡᠭᠡ ᠲᠤᠰᠬᠤᠨ ᠳᠤ ᠲᠠᠷᠢᠶᠠᠨ ᠡᠮ ᠳᠤ ᠬᠤᠤᠷᠳ᠋ᠬᠠᠳᠠᠬᠤ ᠶᠢ ᠰᠡᠷᠭᠡᠶᠢᠯᠡᠨ ᠬᠠᠮᠠᠭᠠᠯᠠᠬᠤ
ᠨᠡᠶᠢᠲᠡᠯᠡᠭᠰᠡᠨ ᠴᠠᠭ᠄
2015-12-03
     1. ᠲᠠᠷᠢᠶᠠᠨ ᠡᠮ ᠤᠨ ᠬᠤᠤᠷᠳᠠᠯ ᠳᠤ ᠶᠠᠮᠠᠷ ᠭᠡᠳᠦᠨ ᠲᠦᠷᠦᠯ ᠪᠠᠶᠢᠬᠤ ᠪᠤᠢ︖      ᠲᠠᠷᠢᠶᠠᠨ ᠡᠮ ᠳᠤ ᠬᠤᠤᠷᠳ᠋ᠬᠠᠳᠠᠬᠤ ᠶᠢ ᠲᠦᠷᠭᠡᠨ ᠴᠢᠨᠠᠷ ᠲᠠᠢ ᠬᠤᠤᠷᠳᠠᠯ ᠪᠠ ᠤᠳᠠᠭᠠᠨ ᠴᠢᠨᠠᠷ ᠲᠠᠢ ᠬᠤᠤᠷᠳᠠᠯ ᠭᠡᠵᠤ ᠬᠤᠶᠠᠷ ᠲᠦᠷᠦᠯ ᠳᠤ ᠬᠤᠪᠢᠶᠠᠳᠠᠭ᠃       ᠨᠢᠭᠡ ᠳᠤ᠂ ᠲᠦᠷᠭᠡᠨ ᠴᠢᠨᠠᠷ ᠲᠠᠢ ᠬᠤᠤᠷᠳᠠᠯ᠄ ᠶᠠᠷᠦᠩᠭᠡᠢ ᠳᠡᠭᠡᠨ ᠲᠠᠷᠢᠶᠠᠨ ᠡᠮ ᠲᠠᠢ ᠤᠶᠢᠷᠠᠳᠤᠭᠠᠳ 4 ᠴᠠᠭ ᠪᠤᠯᠤᠭᠠᠳᠤᠢ ᠪᠠᠷ ᠬᠤᠤᠷᠳ᠋ᠬᠠᠳ᠋ᠬᠠᠰᠠᠨ ᠭᠦᠮᠦᠨ ᠢ ᠵᠢᠭᠠᠳᠠᠭ᠃ ᠲᠦᠷᠭᠡᠨ ᠴᠢᠨᠠᠷ ᠲᠠᠢ ᠬᠤᠤᠷᠳᠠᠯ ᠨᠢ ᠤᠯᠠᠩᠭᠢ ᠳᠠᠭᠠᠨ ᠲᠠᠷᠢᠶᠠᠨ ᠡᠮ ᠢ ᠠᠠᠳᠠᠭᠤᠷᠠᠨ ᠢᠳᠡᠭᠰᠡᠨ ᠪᠤᠶᠤ ᠲᠠᠷᠢᠶᠠᠨ ᠡᠮ ᠳᠤ ᠪᠤᠭᠢᠷᠳᠤᠠᠠᠰᠠᠨ ᠢᠳᠡᠭᠡᠨ ᠢ ᠢᠳᠡᠭᠰᠡᠨ ᠠᠴᠠ ᠪᠤᠢ ᠪᠤᠯᠳᠠᠭ᠃ ᠭᠡᠪᠡᠴᠤ ᠪᠠᠰᠠ ᠵᠠᠷᠢᠮ ᠨᠢ ᠠᠷᠠᠰᠤᠨ ᠳᠠᠭᠠᠨ ᠰᠢᠷᠬ᠎ᠠ ᠰᠤᠷᠪᠢ ᠲᠠᠢ ᠪᠠᠶᠢᠵᠤ᠂ ᠲᠠᠷᠢᠶᠠᠨ ᠡᠮ ᠨᠢ ᠲᠠᠷᠠ ᠬᠦ ᠰᠢᠷᠬ᠎ᠠ ᠰᠤᠷᠪᠢ ᠪᠠᠷ ᠲᠠᠮᠵᠢᠨ ᠮᠡᠳᠡᠷᠡᠯ ᠪᠤᠶᠤ ᠴᠢᠰᠤᠨ ᠳᠤ ᠤᠷᠤᠠᠠᠰᠠᠨ ᠠᠴᠠ ᠡᠭᠦᠰᠳᠡᠭ᠃ ᠲᠦᠷᠭᠡᠨ ᠴᠢᠨᠠᠷ ᠲᠠᠢ ᠬᠤᠤᠷᠳᠠᠯ ᠤᠨ ᠴᠢᠬᠤᠯᠠ ᠰᠢᠨᠵᠢ ᠲᠡᠮᠳᠡᠭ ᠨᠢ ᠭᠡᠪᠡᠯ ᠭᠡᠨᠡᠳᠳᠡ ᠲᠤᠯᠤᠭᠠᠢ ᠡᠷᠭᠢᠵᠤ᠂ ᠨᠢᠳᠤ ᠡᠷᠢᠶᠡᠯᠵᠢᠭᠦ᠂ ᠭᠦᠯᠦᠰᠤ ᠶᠡᠭᠡ ᠭᠠᠷᠬᠤ᠂ ᠤᠠᠠᠰᠢᠭᠤᠯᠵᠤ ᠪᠦᠭᠡᠯᠵᠢᠭᠦ᠂ ᠠᠭᠠᠵᠢᠮ ᠢᠶᠠᠷ ᠭᠡᠪᠡᠯᠢ ᠡᠪᠡᠳᠭᠦ᠂ ᠰᠠᠭᠤᠯᠭᠠᠬᠤ᠂ ᠭᠡᠤᠭᠡᠨ ᠬᠠᠷᠠᠭ᠎ᠠ ᠪᠠᠭᠠᠰᠬᠤ ᠢᠯᠡᠷᠡᠯ ᠲᠠᠢ ᠪᠠᠶᠢᠳᠠᠭ᠃ ᠭᠦᠨᠳᠤ ᠨᠤᠴᠢᠳᠡᠢ ᠬᠤᠤᠷᠳ᠋ᠬᠠᠳᠠᠬᠰᠠᠳ ᠪᠤᠯ ᠮᠠᠨᠠᠷᠠᠬᠤ᠂ ᠲᠦᠷᠪᠡᠨ ᠮᠦᠴᠢ ᠨᠢ ᠲᠠᠳᠠᠯᠳᠤᠬᠤ᠂ ᠪᠠᠭᠠᠰᠤ ᠰᠢᠭᠡᠰᠤ ᠠᠯᠳᠠᠬᠤ᠂ ᠪᠡᠶ᠎ᠠ ᠶᠢ ᠨᠢ ᠪᠠᠶᠢᠴᠠᠭᠠᠪᠠᠯ ᠠᠭᠤᠰᠭᠢ ᠨᠢ ᠬᠠᠪᠤᠩᠨ᠋ᠬᠠᠰᠠᠨ ᠪᠠᠶᠢᠵᠤ᠂ ᠭᠦᠨᠳᠤ ᠨᠤᠴᠢᠳᠡᠢ ᠨᠢ ᠦᠭᠦᠵᠤ ᠠᠳᠡᠳᠡᠭ ᠪᠠᠶᠢᠨ᠎ᠠ᠃       ᠬᠤᠶᠠᠷ ᠲᠤ᠂ ᠤᠳᠠᠭᠠᠨ ᠴᠢᠨᠠᠷ ᠲᠠᠢ ᠬᠤᠤᠷᠳᠠᠯ᠄ ᠬᠤᠤᠷᠳᠠᠯ ᠤᠨ ᠭᠦᠭᠵᠢᠯᠳᠡ ᠨᠢ ᠤᠳᠠᠭᠠᠨ᠂ ᠢᠯᠡᠷᠡᠯ ᠨᠢ ᠴᠤ ᠨᠡᠯᠢᠶᠡᠳ ᠭᠦᠡᠭᠭᠡᠨ ᠪᠠᠶᠢᠳᠠᠭ᠃ ᠭᠤᠤᠯ ᠢᠯᠡᠷᠡᠯ ᠨᠢ ᠭᠡᠪᠡᠯ ᠲᠤᠯᠤᠭᠠᠢ ᠡᠷᠭᠢᠵᠤ᠂ ᠴᠤᠭ ᠰᠦᠯᠳᠡ ᠨᠢ ᠪᠠᠭᠤᠷᠠᠵᠤ᠂ ᠲᠦᠷᠪᠡᠨ ᠮᠦᠴᠢ ᠨᠢ ᠰᠤᠯᠠᠷᠠᠵᠤ᠂ ᠭᠡᠪᠡᠯᠢ ᠨᠢ ᠭᠦᠭᠡᠭᠡᠵᠤ᠂ ᠭᠦᠯᠦᠰᠤ ᠶᠡᠭᠡ ᠭᠠᠷᠴᠤ᠂ ᠬᠠᠶᠠ ᠳᠠᠭᠠᠨ ᠪᠠᠰᠠ ᠪᠤᠯᠴᠢᠩ ᠮᠢᠬ᠎ᠠ ᠨᠢ ᠲᠠᠳᠠᠯᠳᠤᠬᠤ ᠪᠠ ᠭᠡᠤᠭᠡᠨ ᠬᠠᠷᠠᠭ᠎ᠠ ᠨᠢ ᠪᠠᠭᠠᠰᠬᠤ ᠵᠡᠷᠭᠡ ᠢᠯᠡᠷᠡᠯ ᠲᠠᠢ ᠪᠠᠶᠢᠳᠠᠭ᠃       2. ᠶᠠᠭᠠᠭᠢᠬᠤ ᠳᠠᠭᠠᠨ ᠲᠠᠷᠢᠶᠠᠨ ᠡᠮ ᠳᠤ ᠬᠤᠤᠷᠳ᠋ᠬᠠᠳᠠᠳᠠᠭ ᠪᠤᠢ︖       ︵1︶ ᠠᠷᠠᠰᠤ ᠪᠠᠷ ᠲᠡᠮᠵᠢᠨ ᠭᠦᠮᠦᠨ ᠤ ᠪᠠᠶᠡᠨ ᠳᠤ ᠤᠷᠤᠳᠠᠭ᠃ ᠲᠠᠷᠢᠶᠠᠨ ᠡᠮ ᠨᠢ ᠭᠦᠮᠦᠨ ᠤ ᠪᠡᠶ᠎ᠠ ᠴᠤᠠᠠᠴᠠ  ᠳᠤ ᠤᠷᠤᠪᠠᠯ ᠰᠠᠶ᠋ᠢ ᠭᠦᠮᠦᠨ ᠤ ᠡᠷᠡᠭᠦᠯ ᠮᠡᠨᠳᠤ ᠳᠤ ᠭᠦᠨᠦᠭᠡᠯ ᠪᠤᠯᠳᠠᠭ᠃ ᠮᠠᠰᠢ ᠤᠯᠠᠨ ᠲᠠᠷᠢᠶᠠᠨ ᠡᠮ ᠨᠢ ᠭᠦᠮᠦᠨ ᠤ ᠠᠷᠠᠰᠤ ᠪᠠᠷ ᠲᠠᠮᠵᠢᠨ ᠪᠠᠶ᠎ᠠ ᠴᠤᠠᠠᠴᠠ ᠳᠤ ᠤᠷᠤᠨ ᠰᠢᠩᠭᠡᠳᠡᠭ ᠪᠦᠭᠡᠳ ᠲᠠᠷᠢᠶᠠᠨ ᠡᠮ ᠲᠠᠢ ᠤᠶᠢᠷᠠᠳᠤᠳᠠᠭ ᠪᠠ ᠭᠡᠷᠡᠭᠯᠡᠳᠡᠭ ᠲᠠᠷᠢᠶᠠᠴᠢᠳ᠂ ᠮᠡᠷᠭᠡᠵᠢᠯᠳᠡᠨ᠂ ᠲᠠᠷᠢᠶᠠᠨ ᠡᠮ ᠦᠢᠯᠡᠳᠪᠤᠷᠢᠯᠡᠭᠴᠢᠳ ᠪᠠ ᠡᠵᠡᠩᠨᠡᠭᠴᠢᠳ ᠲᠤ ᠲᠠᠷᠢᠶᠠᠨ ᠡᠮ ᠨᠢ ᠮᠠᠰᠢ ᠠᠮᠠᠷᠬᠠᠨ ᠠᠷᠠᠰᠤ ᠪᠠᠷ ᠲᠠᠮᠵᠢᠨ ᠰᠢᠩᠭᠡᠳᠡᠭ ᠶᠤᠮ᠃       ︵2︶ ᠠᠭᠤᠰᠭᠢ ᠪᠠᠷ ᠲᠠᠮᠵᠢᠨ ᠪᠡᠶ᠎ᠠ ᠴᠤᠠᠠᠴᠠ ᠳᠤ ᠤᠷᠤᠳᠠᠭ᠃ ᠭᠡᠢ ᠪᠡᠶᠡᠳᠤ ᠪᠤᠶᠤ ᠠᠭᠤᠰᠤᠮᠠᠯ ᠲᠠᠷᠢᠶᠠᠨ ᠡᠮ  ᠨᠢ ᠭᠡᠢ ᠠᠭᠠᠷ ᠲᠤ ᠲᠤᠨᠵᠤ ᠪᠠᠶᠢᠳᠠᠭ ᠪᠤᠶᠤ ᠮᠦᠭᠦᠯᠢᠭ ᠲᠠᠷᠢᠶᠠᠨ ᠡᠮ ᠨᠢ ᠴᠤ ᠭᠡᠢ ᠠᠭᠠᠷ ᠲᠤ ᠲᠡᠭᠳᠡᠵᠤ ᠪᠠᠶᠢᠳᠠᠭ ᠪᠤᠯᠬᠤᠷ ᠭᠦᠮᠦᠨ ᠤ ᠠᠮᠢᠰᠬᠤᠯ ᠢᠶᠠᠷ ᠲᠠᠮᠵᠢᠨ ᠠᠭᠤᠰᠭᠢᠨ ᠳᠤ ᠰᠢᠷᠭᠤᠳᠠᠭ᠃ ᠲᠠᠷᠢᠶᠠᠨ ᠡᠮ ᠠᠭᠤᠰᠭᠢᠨ ᠳᠤ ᠤᠷᠤᠮᠬᠠᠴᠠ  ᠪᠠᠨ ᠮᠠᠰᠢ ᠲᠦᠷᠭᠡᠨ ᠰᠢᠩᠭᠡᠴᠢᠭᠡᠳᠡᠭ᠃ ᠨᠠᠷᠢᠯᠢᠬ ᠲᠠᠷᠢᠶᠠᠨ ᠡᠮ ᠤᠨ ᠲᠤᠭᠤᠰᠤ ᠨᠢ ᠠᠮᠢᠰᠬᠤᠯ ᠢᠶᠠᠷ ᠲᠠᠮᠵᠢᠨ ᠪᠡᠶ᠎ᠠ ᠳᠤ ᠭᠦᠷᠭᠦ ᠪᠤᠯᠪᠠᠴᠦ ᠵᠦᠪᠭᠡᠨ ᠮᠠᠰᠢ ᠵᠢᠵᠢᠭ ᠮᠦᠭᠦᠯᠢᠭ ᠨᠢ ᠰᠠᠶ᠋ᠢ ᠠᠭᠤᠰᠭᠢᠨ ᠳᠤ ᠭᠦᠷᠳᠡᠭ ᠪᠠᠶᠢᠨ᠎ᠠ᠃ ᠲᠠᠷᠢᠶᠡᠨ ᠡᠮ ᠤᠨ ᠮᠠᠨᠠᠨ ᠢ ᠰᠤᠷᠤᠬᠤ ᠦᠶᠡᠰ ᠠᠭᠤᠰᠭᠢᠨ ᠳᠤ ᠨᠡᠪᠴᠢᠭᠦ ᠲᠠᠷᠢᠶᠠᠨ ᠡᠮ ᠤᠨ ᠭᠡᠮᠵᠢᠶ᠎ᠠ ᠬᠠᠷᠢᠴᠠᠩᠭᠤᠢ ᠪᠠᠷ ᠲᠤᠩ ᠪᠠᠭ᠎ᠠ ᠪᠠᠶᠢᠳᠠᠭ᠃ ᠤᠴᠢᠷ ᠨᠢ ᠮᠠᠨᠠᠨ ᠤ ᠲᠤᠰᠤᠯ ᠮᠠᠰᠢ ᠲᠤᠮᠤ ᠪᠤᠯᠬᠤᠷ ᠠᠭᠤᠰᠭᠢᠨ ᠳᠤ ᠰᠢᠭᠤᠳ ᠨᠡᠪᠳᠡᠷᠡᠳᠡᠭ ᠦᠭᠡᠢ᠃ ᠭᠡᠪᠡᠴᠤ ᠮᠠᠨᠠᠨ ᠤ ᠲᠤᠰᠤᠯ ᠨᠢ ᠬᠠᠮᠠᠷ ᠪᠤᠯᠤᠨ ᠬᠤᠭᠤᠯᠠᠢ ᠶᠢᠨ ᠦᠡᠭᠬᠦᠷ ᠲᠤ ᠰᠢᠩᠭᠡᠵᠤ᠂ ᠦᠷ᠎ᠠ ᠳ᠋ᠦᠩ ᠨᠢ ᠠᠷᠠᠰᠤ ᠪᠠᠷ ᠲᠠᠮᠵᠢᠠᠠᠰᠠᠨ ᠪᠤᠶᠤ ᠢᠳᠡᠭᠰᠡᠨ ᠲᠠᠷᠢᠶᠠᠨ ᠡᠮ ᠤᠨ ᠬᠢ ᠲᠠᠢ ᠠᠳᠠᠯᠢᠬᠠᠨ ᠪᠠᠶᠢᠳᠠᠭ᠃      ︵3︶ ᠠᠮᠠ ᠪᠠᠷ ᠭᠦᠮᠦᠨ ᠤ ᠪᠡᠶᠡᠨ ᠳᠤ ᠤᠷᠤᠳᠠᠭ᠃ ᠲᠠᠷᠢᠶᠠᠨ ᠡᠮ ᠳᠤ ᠤᠶᠢᠷᠠᠳᠤᠬᠤ ᠪᠡ ᠲᠡᠭᠦᠨ ᠢ ᠭᠡᠷᠡᠭᠯᠡᠭᠦ ᠭᠦᠮᠦᠰ ᠲᠤᠬᠠᠶᠢᠯᠠᠪᠠᠯ ᠲᠠᠷᠢᠶᠠᠴᠢᠳ᠂ ᠲᠠᠷᠢᠶᠠᠯᠠᠩ ᠤᠨ ᠮᠡᠷᠭᠡᠵᠢᠯ ᠤᠨ ᠠᠵᠢᠯᠳᠠᠳ᠂ ᠲᠠᠷᠢᠶᠠᠨ ᠡᠮ ᠡᠵᠡᠩᠨᠡᠭᠴᠢᠳ ᠪᠤᠶᠤ ᠵᠦᠭᠡᠭᠡᠪᠦᠷᠢᠯᠡᠭᠴᠢᠳ ᠠᠵᠢᠯ ᠤᠨ ᠴᠠᠭ ᠪᠤᠶᠤ ᠠᠵᠢᠯ ᠪᠠᠭᠤᠠᠠᠰᠠᠨ ᠠᠴᠠ ᠬᠤᠶᠢᠰᠢ ᠨᠢᠭᠤᠷ ᠭᠠᠷ ᠢᠶᠠᠨ ᠤᠭᠢᠶᠠᠯ ᠦᠭᠡᠢ ᠪᠠᠷ ᠢᠳᠡᠭᠡᠨ ᠤᠮᠳᠠᠭᠠᠨ ᠢᠳᠡᠵᠤ ᠤᠤᠭᠤᠬᠤ ᠪᠤᠶᠤ ᠲᠡᠮᠡᠭᠢ ᠲᠠᠳᠠᠪᠠᠯ ᠴᠦᠮ ᠲᠠᠷᠢᠶᠠᠨ ᠡᠮ ᠢ ᠰᠤᠷᠤᠵᠤ ᠠᠪᠬᠤ ᠪᠤᠯᠤᠨ᠎ᠠ᠃ ᠲᠠᠷᠢᠶᠠᠨ ᠡᠮ ᠰᠠᠪᠠᠯᠠᠵᠤ ᠦᠡᠭᠭᠡᠷᠡᠭᠰᠡᠨ ᠢᠮ ᠲᠡᠮᠳᠡᠭ ᠦᠭᠡᠢ ᠯᠤᠩᠬᠤ᠂ ᠬᠠᠶᠢᠷᠴᠠᠭ᠂ ᠰᠠᠭᠤᠯᠠᠭ᠎ᠠ ᠵᠡᠷᠭᠡ ᠶᠢ ᠤᠰᠤᠨ ᠴᠤᠮᠤ ᠪᠤᠯᠭᠠᠨ ᠤᠰᠤ ᠤᠤᠭᠤᠬᠤ ᠪᠤᠶᠤ ᠢᠳᠡᠭᠡᠨ ᠤᠮᠳᠠᠭᠠᠨ ᠰᠠᠪᠠᠯᠠᠪᠠᠯ ᠲᠠᠷᠢᠶᠠᠨ ᠡᠮ ᠨᠢ ᠲᠠᠷᠤᠢ ᠤᠰᠤ ᠪᠤᠶᠤ ᠢᠳᠡᠭᠡᠨ ᠢ ᠲᠠᠭᠠᠯᠳᠤᠨ ᠢᠳᠡᠵᠤ ᠤᠤᠭᠤᠠᠠᠰᠠᠳ ᠤᠨ ᠪᠡᠶ᠎ᠠ ᠳᠤ ᠤᠷᠤᠬᠤ ᠪᠤᠯᠤᠨ᠎ᠠ᠃ ᠲᠠᠷᠢᠶᠠᠨ ᠡᠮ ᠢ ᠠᠠᠳᠠᠭᠤᠷᠠᠨ ᠤᠤᠭᠤᠪᠠᠯ᠂ ᠦᠨᠤᠷ ᠠᠮᠳᠠ ᠪᠠᠷ ᠨᠢ ᠲᠠᠷᠦ᠋ᠢᠬᠠᠨ ᠢᠯᠭᠠᠨ ᠲᠠᠨᠢᠵᠤ ᠴᠢᠳᠠᠬᠤ ᠪᠤᠯᠪᠠᠴᠤ ᠲᠡᠭᠦᠨ ᠤ ᠪᠡᠶ᠎ᠠ ᠳᠤ ᠤᠷᠤᠬᠤ ᠭᠡᠮᠵᠢᠶ᠎ᠠ ᠨᠢ ᠲᠤᠩ ᠠᠶᠤᠯ ᠲᠠᠢ ᠶᠤᠮ᠃      ᠭᠡᠷᠡᠭᠯᠡᠵᠤ ᠦᠡᠭᠭᠡᠷᠡᠭᠰᠡᠨ ᠪᠤᠶᠤ ᠬᠤᠭᠤᠰᠤᠨ ᠲᠠᠷᠢᠶᠠᠨ ᠡᠮ ᠤᠨ ᠰᠠᠪᠠ ᠭᠡᠷᠡᠭᠰᠡᠯ ᠢ ᠲᠤᠷ᠎ᠡ ᠪᠠᠷ ᠢᠶᠠᠨ ᠬᠠᠶᠠᠵᠤ᠂ ᠭᠡᠤᠭᠡᠳ ᠪᠠᠭᠠᠴᠤᠤᠯ ᠲᠡᠭᠦᠨ ᠢᠶᠠᠷ ᠨᠠᠭᠠᠳᠴᠤ ᠲᠤᠠᠠᠯᠠᠪᠠᠯ ᠲᠠᠷᠢᠶᠠᠨ ᠡᠮ ᠨᠢ ᠮᠦᠨ ᠭᠦ ᠠᠮᠠ ᠪᠠᠷ ᠤᠷᠤᠨ ᠪᠠᠶᠠᠨ ᠳᠤᠨᠢ ᠲᠤᠠᠠᠳᠠᠬᠤ ᠪᠤᠯᠤᠨ᠎ᠠ᠃ ᠲᠠᠷᠢᠶᠠᠨ ᠡᠮ ᠳᠤ ᠪᠤᠭᠢᠷᠳᠤᠠᠠᠰᠠᠨ ᠤᠰᠤ ᠶᠢ ᠤᠤᠭᠤᠪᠠᠯ ᠲᠠᠷᠢᠶᠠᠨ ᠡᠮ ᠨᠢ ᠮᠦᠨ ᠭᠦ ᠠᠮᠠ ᠪᠠᠷ ᠲᠠᠮᠵᠢᠨ ᠪᠠᠶᠠᠨ ᠳᠤ ᠤᠷᠤᠳᠠᠭ᠃ ᠲᠤᠷᠠᠳᠤᠭᠤᠰᠢᠳᠡᠢ ᠵᠦᠢᠯ ᠭᠡᠪᠡᠯ ᠲᠠᠷᠢᠶᠠᠨ ᠡᠮ ᠤᠨ ᠭᠦᠮᠦᠨ ᠤ ᠪᠡᠶ᠎ᠡ ᠳᠠᠬᠢ ᠬᠤᠤᠷᠳᠠᠭᠤᠯᠤᠯ ᠤᠨ ᠦᠢᠯᠡᠳᠦᠯ ᠤᠨ ᠶᠡᠭᠡ ᠪᠠᠭ᠎ᠠ ᠨᠢ ᠭᠤᠤᠯ ᠨᠢ ᠰᠢᠩᠭᠡᠭᠰᠡᠨ ᠲᠠᠷᠢᠶᠠᠨ ᠡᠮ ᠤᠨ ᠭᠡᠮᠵᠢᠶᠠᠨ ᠤ ᠶᠡᠭᠡ ᠪᠠᠭ᠎ᠠ  ᠪᠠᠷ ᠲᠤᠠᠠᠳᠠᠭᠠᠠᠠᠳᠠᠨ᠎ᠠ᠃       ︵4︶ ᠰᠢᠷᠬ᠎ᠠ ᠪᠠᠷ ᠲᠠᠮᠵᠢᠨ ᠭᠦᠮᠦᠨ ᠤ ᠪᠡᠶ᠎ᠠ ᠳᠤ ᠤᠷᠤᠳᠠᠭ᠃ ᠲᠠᠷᠢᠶᠠᠨ ᠡᠮ ᠠᠷᠠᠰᠤ ᠲᠠᠢ ᠤᠶᠢᠷᠠᠳᠤᠵᠤ᠂ ᠰᠢᠷᠬ᠎ᠠ᠂ ᠰᠢᠯᠪᠤᠷᠬᠠᠰᠠᠨ ᠠᠷᠠᠰᠤ ᠪᠤᠯᠤᠨ ᠴᠦᠪᠦᠷᠢᠭᠦᠤ ᠲᠠᠢ ᠠᠷᠠᠰᠤ ᠪᠠᠷ ᠲᠠᠮᠵᠢᠨ ᠰᠢᠩᠭᠡᠭᠡᠭᠦ ᠭᠡᠮᠵᠢᠶ᠎ᠠ ᠨᠢ ᠠᠳᠠᠯᠢ ᠭᠡᠰᠡᠭ ᠠᠳᠠᠯᠢ ᠨᠢᠭᠡᠨ ᠲᠠᠯᠠᠪᠠᠢ ᠪᠦᠭᠦᠢ ᠪᠦᠳᠦᠨ ᠠᠷᠠᠰᠤ ᠶᠢᠨ ᠰᠢᠩᠭᠡᠭᠡᠭᠦ ᠭᠡᠮᠵᠢᠶ᠎ᠠ ᠠᠴᠠ ᠮᠠᠰᠢ ᠶᠡᠭᠡ ᠪᠠᠶᠢᠳᠠᠭ᠃ ᠡᠶᠢᠮᠤ ᠠᠴᠠ ᠲᠠᠷᠢᠶᠠᠨ ᠡᠮ ᠲᠠᠢ ᠤᠶᠢᠷᠠᠳᠤᠬᠤ ᠳᠠᠭᠠᠨ ᠰᠢᠷᠬ᠎ᠠ ᠲᠠᠢ ᠠᠷᠠᠰᠤ ᠭᠦᠷᠤᠰᠤ ᠪᠠᠨ ᠭᠤᠤᠯᠳᠠᠯᠭ᠎ᠠ ᠲᠠᠢ ᠬᠠᠮᠠᠭᠠᠯᠠᠵᠤ᠂ ᠤᠰᠤ ᠦᠯᠦ ᠨᠡᠪᠳᠡᠷᠡᠭᠦ ᠪᠦᠰ ᠢᠶᠠᠷ ᠰᠢᠷᠬ᠎ᠠ ᠪᠠ ᠴᠦᠪᠤᠷᠢᠭᠦᠤ ᠲᠠᠢ ᠭᠡᠰᠡᠭ ᠢᠶᠠᠨ ᠪᠤᠭᠤᠬᠤ ᠭᠡᠷᠡᠭᠳᠡᠢ᠃ ᠡᠳᠤᠷ ᠪᠦᠷᠢ ᠠᠵᠢᠯ ᠪᠠᠷᠬᠠᠰᠠᠨ ᠤ ᠰᠡᠭᠦᠯᠡᠷ ᠪᠤᠭᠤᠯᠳᠠ ᠪᠠᠨ ᠵᠠᠳᠠᠯᠬᠤ ᠶᠢᠨ ᠲᠠᠭᠠᠤ ᠭᠡᠢ ᠨᠡᠪᠳᠡᠷᠡᠭᠦ ᠪᠦᠰ ᠢᠶᠠᠷ ᠰᠤᠯᠢᠬᠤ ᠭᠡᠷᠡᠭᠳᠡᠢ᠃      3. ᠲᠠᠷᠢᠶᠠᠨ ᠡᠮ ᠳᠤ ᠬᠤᠤᠷᠳᠠᠭᠳᠠᠪᠠᠯ ᠶᠠᠮᠠᠷ ᠢᠯᠡᠷᠡᠯ ᠲᠠᠢ ᠪᠤᠢ︖       ︵1︶ ᠤᠷᠭᠠᠨᠢᠭ ᠹᠤᠰᠹᠤᠷ ᠤᠨ ᠡᠮ ᠳᠤ ᠬᠤᠤᠷᠳ᠋ᠬᠠᠳᠠᠬᠰᠠᠨ ᠢᠯᠡᠷᠡᠯ᠄ ᠤᠷᠭᠠᠨᠢᠭ ᠹᠤᠰᠹᠤᠷ ᠤᠨ ᠲᠠᠷᠢᠶᠠᠨ ᠡᠮ ᠪᠤᠯ ᠪᠤᠰᠤᠳ ᠲᠦᠷᠦᠯ ᠤᠨ ᠲᠠᠷᠢᠶᠠᠨ ᠡᠮ ᠢ ᠪᠤᠳᠤᠪᠠᠯ ᠭᠦᠨᠳᠤ ᠨᠤᠴᠢᠳᠡᠢ ᠬᠤᠤᠷᠳ᠋ᠬᠠᠳᠠᠯ ᠢ ᠡᠭᠦᠰᠭᠡᠳᠡᠭ ᠲᠠᠷᠢᠶᠠᠨ ᠡᠮ ᠪᠤᠯᠤᠨ᠎ᠠ᠃ ᠲᠡᠭᠦᠨ ᠤ ᠬᠤᠤᠷᠳᠠᠭᠤᠯᠬᠤ ᠰᠢᠯᠳᠠᠭᠠᠨ ᠨᠢ ᠭᠡᠪᠡᠯ ᠪᠡᠶᠡᠨ ᠳᠠᠬᠢ ᠰᠦᠰᠤᠨ ᠱᠦᠯᠳᠤ ᠶᠢᠨ ᠡᠰᠲ᠋ᠧᠷ ᠢᠰᠭᠡᠭᠦᠷ ᠢ ᠬᠤᠷᠢᠠᠠᠯᠠᠵᠤ᠂ ᠭᠦᠮᠦᠨ ᠤ ᠪᠡᠶᠡᠨ ᠳᠠᠬᠢ ᠮᠡᠳᠡᠷᠡᠯ ᠤᠨ ᠠᠵᠢᠯᠯᠠᠭ᠎ᠠ ᠪᠠᠷ ᠲᠠᠮᠵᠢᠨ ᠨᠦᠯᠦᠭᠡᠯᠡᠳᠡᠭ᠃       ᠡᠨᠡ ᠬᠦ ᠭᠢᠮᠢ ᠶᠢᠨ ᠨᠡᠶᠢᠯᠡᠯᠭᠡ ᠡᠳ᠋ ᠨᠢ ᠭᠡᠳᠡᠰᠤ ᠪᠤᠶᠤ ᠪᠡᠶ᠎ᠡ ᠶᠢᠨ ᠦᠭᠡᠭᠦᠨ ᠳᠤ ᠦᠯᠡᠳᠡᠵᠤ᠂ ᠠᠭᠠᠵᠢᠮ ᠢᠶᠠᠷ ᠰᠢᠩᠭᠡᠭᠦ ᠪᠤᠶᠤ ᠵᠠᠳᠠᠷᠠᠳᠠᠭ ᠪᠠᠶᠢᠨ᠎ᠠ᠃ ᠡᠶᠢᠮᠤ ᠠᠴᠠ ᠬᠤᠤᠷᠳ᠋ᠬᠠᠳᠠᠯ ᠤᠨ ᠢᠯᠡᠷᠡᠯ ᠨᠢ ᠪᠠᠭ᠋ᠠᠨ ᠤᠳᠠᠭᠠᠪᠳᠤᠷ ᠪᠠᠶᠢᠬᠤ ᠪᠤᠶᠤ ᠡᠮᠨᠡᠭᠦᠯᠭᠦ ᠶᠠᠪᠤᠴᠠ ᠳᠤ ᠢᠯᠡᠷᠡᠯ ᠨᠢ ᠲᠠᠭᠢᠨ ᠲᠠᠪᠳ᠋ᠬᠠᠳᠠᠳᠠᠭ ᠪᠠᠶᠢᠨ᠎ᠠ᠃      ᠤᠷᠭᠠᠨᠢᠭ ᠹᠤᠰᠹᠤᠷ ᠤᠨ ᠲᠠᠷᠢᠶᠠᠨ ᠡᠮ ᠳᠤ ᠬᠤᠤᠷᠳ᠋ᠬᠠᠳᠠᠬᠰᠠᠨ ᠢᠯᠡᠷᠡᠯ ᠨᠢ ᠭᠡᠪᠡᠯ ᠶᠠᠷᠦᠩᠭᠡᠢ ᠳᠡᠭᠡᠨ ᠲᠠᠷᠢᠶᠠᠨ ᠡᠮ  ᠳᠤ ᠤᠶᠢᠷᠠᠳᠤᠠᠠᠰᠠᠨ ᠠᠴᠠ ᠬᠤᠶᠢᠰᠢᠭᠢ ᠬᠠᠭᠠᠰ ᠴᠠᠭ ᠪᠤᠶᠤ ᠬᠤᠷᠢᠨ ᠲᠦᠷᠪᠡᠨ ᠴᠠᠭ ᠤᠨ ᠬᠤᠭᠤᠷᠤᠨᠳᠤ ᠢᠯᠡᠷᠡᠳᠡᠭ᠃ ᠬᠤᠤᠷᠳ᠋ᠬᠠᠳᠠᠬᠰᠠᠨ ᠡᠭᠢᠨ ᠤ ᠦᠶ᠎ᠠ ᠳᠤ ᠰᠠᠷᠡᠯᠳᠡ ᠮᠡᠳᠡᠷᠡᠯ ᠡᠪ ᠦᠭᠡᠢ ᠪᠤᠯᠵᠤ᠂ ᠤᠠᠠᠰᠢᠭᠤᠯᠬᠤ᠂ ᠲᠤᠯᠤᠭᠠᠢ ᠡᠪᠡᠳᠭᠦ᠂ ᠪᠦᠭᠦ ᠪᠡᠶ᠎ᠠ ᠰᠤᠯᠠᠷᠠᠬᠤ ᠪᠠ ᠲᠠᠮᠢᠷᠳᠠᠬᠤ ᠢᠯᠡᠷᠡᠯ ᠲᠠᠢ ᠪᠠᠶᠢᠵᠤ᠂ ᠵᠠᠯᠭᠠᠭᠠᠳ ᠰᠢᠯᠦᠰᠤ ᠭᠤᠭᠤᠵᠢᠬᠤ᠂ ᠶᠡᠭᠡᠳᠡ ᠭᠦᠯᠦᠰᠤ ᠭᠠᠷᠬᠤ᠂ ᠪᠦᠭᠡᠯᠵᠢᠭᠦ᠂ ᠭᠡᠪᠡᠯᠢ ᠲᠠᠳᠠᠪᠠᠯᠵᠠᠬᠤ᠂ ᠰᠠᠭᠤᠯᠭᠠᠬᠤ᠂ ᠭᠡᠤᠭᠡᠨ ᠬᠠᠷᠠᠭ᠎ᠠ ᠪᠠᠭᠠᠰᠬᠤ᠂ ᠨᠢᠳᠤ ᠪᠦᠷᠤᠬᠡᠯᠵᠡᠬᠦ᠂ ᠪᠤᠯᠴᠢᠩ ᠮᠢᠬ᠎ᠠ ᠲᠠᠳᠠᠯᠳᠤᠬᠤ᠂ ᠠᠶᠠᠠᠳᠠᠭᠠᠨ ᠠᠳᠤᠷᠢᠬᠤ᠂ ᠭᠠᠷ ᠴᠡᠴᠡᠷᠡᠭᠦ᠂ ᠠᠮᠢᠰᠬᠤᠬᠤ ᠳᠤ ᠭᠦᠭᠡᠰᠤ ᠭᠠᠷᠬᠤ᠂ ᠲᠡᠷᠡᠴᠢᠯᠡᠨ ᠭᠡᠨᠡᠳᠳᠡ ᠲᠠᠳᠠᠪᠠᠯᠵᠠᠬᠤ ᠪᠠ ᠮᠠᠨᠠᠷᠠᠳᠠᠭ ᠪᠠᠶᠢᠨ᠎ᠠ᠃ ᠭᠦᠨᠳᠤ ᠨᠤᠴᠢᠳᠠᠢ ᠨᠢ ᠦᠭᠦᠵᠤ ᠮᠡᠳᠡᠨ᠎ᠡ᠃ ᠭᠦᠡᠭᠭᠡᠨ  ᠨᠢ ᠨᠢᠭᠡ ᠰᠠᠷ᠎ᠠ ᠶᠢᠨ ᠲᠤᠳᠤᠷ᠎ᠠ ᠡᠷᠡᠭᠦᠯᠰᠢᠵᠤ᠂ ᠶᠠᠷᠦᠩᠭᠡᠢ ᠳᠡᠭᠡᠨ ᠠᠷᠬᠠᠭ ᠭᠡᠮ ᠦᠯᠡᠳᠡᠳᠡᠭ ᠦᠭᠡᠢ᠃       ︵2︶ ᠰᠢᠪᠳᠤᠷᠳᠤ ᠮᠧᠲ᠋ᠢᠯ ᠭᠦᠴᠢᠯ ᠤᠨ ᠡᠰᠲ᠋ᠧᠷ ᠤᠨ ᠲᠦᠷᠦᠯ ᠤᠨ ᠲᠠᠷᠢᠶᠠᠨ ᠡᠮ ᠳᠤ ᠬᠤᠤᠷᠳ᠋ᠬᠠᠳ᠋ᠬᠠᠰᠠᠨ ᠢᠯᠡᠷᠡᠯ᠄ ᠰᠢᠪᠳᠤᠷᠳᠤ ᠮᠧᠲ᠋ᠢᠯ ᠭᠦᠴᠢᠯ ᠤᠨ ᠡᠰᠲ᠋ᠧᠷ ᠤᠨ ᠲᠦᠷᠦᠯ ᠤᠨ ᠲᠠᠷᠢᠶᠠᠨ ᠡᠮ ᠳᠤ ᠬᠤᠤᠷᠳ᠋ᠬᠠᠳᠠᠬᠤ ᠰᠢᠯᠳᠠᠭᠠᠨ ᠨᠢ ᠤᠷᠭᠠᠨᠢᠭ ᠹᠤᠰᠹᠤᠷ ᠤᠨ ᠲᠠᠷᠢᠶᠠᠨ ᠡᠮ ᠤᠨ ᠬᠢ ᠲᠠᠢ ᠠᠳᠠᠯᠢ᠂ ᠮᠦᠨ ᠴᠦ      ᠭᠦᠮᠦᠨ ᠤ ᠪᠡᠶᠡᠨ ᠳᠠᠬᠢ ᠰᠦᠰᠦᠨ ᠱᠦᠯᠳᠤ ᠶᠢᠨ ᠡᠰᠲ᠋ᠧᠷ ᠤᠨ ᠢᠰᠭᠦ ᠶᠢ ᠬᠤᠷᠢᠠᠠᠯᠠᠭᠠᠳ᠂ ᠡᠭᠦᠨ ᠤ ᠤᠯᠠᠮ ᠢᠶᠠᠷ ᠭᠦᠮᠦᠨ ᠤ ᠪᠡᠶᠡᠨ ᠳᠠᠬᠢ ᠮᠡᠳᠡᠷᠡᠯ ᠤᠨ ᠠᠵᠢᠯᠯᠠᠭ᠎ᠠ ᠪᠠᠷ ᠲᠠᠮᠵᠢᠨ ᠨᠦᠯᠦᠭᠡᠯᠡᠳᠡᠭ᠃ ᠭᠡᠪᠡᠴᠤ ᠰᠢᠪᠳᠤᠷᠳᠤ ᠮᠧᠲ᠋ᠢᠯ ᠭᠦᠴᠢᠯ ᠤᠨ ᠡᠰᠲ᠋ᠧᠷ ᠤᠨ ᠲᠦᠷᠦᠯ ᠤᠨ ᠲᠠᠷᠢᠶᠠᠨ ᠡᠮ ᠤᠨ ᠬᠤᠤᠷᠳᠠᠯ ᠨᠢ ᠲᠦᠷᠭᠡᠨ ᠪᠦᠭᠡᠳ ᠡᠳᠡᠭᠡᠷᠡᠭᠦ ᠨᠢ ᠴᠤ ᠮᠠᠰᠢ ᠲᠦᠷᠭᠡᠨ ᠪᠠᠶᠢᠳᠠᠭ᠃       ᠶᠠᠮᠠᠷ ᠴᠤ ᠰᠡᠷᠭᠡᠶᠢᠯᠡᠯᠳᠡ ᠬᠠᠮᠠᠭᠠᠯᠠᠯᠳᠠ ᠶᠢᠨ ᠠᠷᠭ᠎ᠠ ᠭᠡᠮᠵᠢᠶ᠎ᠠ ᠠᠪᠤᠠᠠᠰᠠᠨ ᠦᠭᠡᠢ ᠪᠠᠷ ᠡᠨᠡ ᠲᠦᠷᠦᠯ ᠤᠨ ᠡᠮ ᠢ ᠰᠠᠴᠤᠪᠠᠯ ᠲᠡᠮᠡᠢ ᠤᠳᠠᠬᠤ ᠦᠭᠡᠢ ᠪᠠᠷ ᠪᠡᠶ᠎ᠠ ᠡᠪ ᠦᠭᠡᠶᠢᠷᠡᠵᠤ ᠠᠵᠢᠯ ᠢᠶᠠᠨ ᠵᠤᠠᠠᠰᠤᠭᠠᠬᠤ ᠳᠤ ᠭᠦᠷᠦᠨ᠎ᠠ᠃ ᠠᠵᠢᠯ ᠢᠶᠠᠨ ᠲᠠᠷᠦ᠋ᠢᠬᠠᠨ ᠵᠤᠠᠠᠰᠤᠪᠠᠯ ᠪᠠᠭ᠋ᠠᠨ ᠰᠠᠶᠢᠵᠢᠷᠠᠨ᠎ᠠ᠃ ᠭᠡᠪᠡᠴᠤ ᠪᠤᠭᠢᠷᠳᠤᠠᠠᠰᠠᠨ ᠬᠤᠪᠴᠠᠰᠤ ᠪᠤᠶᠤ ᠠᠷᠠᠰᠤ ᠨᠢ ᠦᠷᠭᠦᠯᠵᠢᠯᠡᠨ ᠲᠠᠷᠢᠶᠠᠨ ᠡᠮ ᠢ ᠰᠢᠩᠭᠡᠭᠡᠨ ᠠᠪᠤᠪᠠᠯ ᠬᠠᠷᠢᠨ ᠠᠰᠳᠠᠭᠠᠨ ᠶᠠᠪᠤᠳᠠᠯ ᠡᠭᠦᠰᠦᠨ᠎ᠠ᠃      ᠰᠢᠪᠳᠤᠷᠳᠤ ᠭᠦᠴᠢᠯ ᠤᠨ ᠡᠰᠲ᠋ᠧᠷ ᠤᠨ ᠲᠦᠷᠦᠯ ᠤᠨ ᠲᠠᠷᠢᠶᠠᠨ ᠡᠮ ᠳᠤ ᠬᠤᠤᠷᠳ᠋ᠬᠠᠳᠠᠬᠰᠠᠨ ᠢᠯᠡᠷᠡᠯ ᠨᠢ ᠭᠡᠪᠡᠯ ᠦᠷᠭᠦᠯᠵᠢᠯᠡᠨ 3 ᠴᠠᠭ ᠠᠵᠢᠯᠯᠬᠠᠰᠠᠨ ᠤ ᠰᠡᠭᠦᠯᠡᠷ ᠡᠭᠢᠯᠡᠨ ᠢᠯᠡᠷᠡᠵᠤ᠂ ᠡᠭᠢᠯᠡᠭᠡᠳ ᠬᠤᠤᠷᠳ᠋ᠬᠠᠳ᠋ᠬᠠᠰᠠᠳ ᠨᠢ ᠲᠤᠳᠤᠷ᠎ᠡ ᠡᠪ ᠦᠭᠡᠶᠢᠷᠡᠵᠤ᠂ ᠪᠦᠭᠡᠯᠵᠢᠭᠦ᠂ ᠤᠠᠠᠰᠢᠭᠤᠯᠬᠤ᠂ ᠲᠤᠯᠤᠭᠠᠢ ᠡᠷᠭᠢᠭᠦ ᠪᠡ ᠡᠪᠡᠳᠭᠦ᠂ ᠲᠠᠮᠢᠷᠳᠠᠬᠤ ᠪᠠ ᠴᠡᠭᠡᠵᠢ ᠪᠠᠴᠢᠮᠳᠠᠨ᠎ᠠ᠃ ᠰᠡᠭᠦᠯᠡᠷ ᠨᠢ ᠶᠡᠭᠡ ᠪᠠᠷ ᠭᠦᠯᠦᠰᠤ ᠭᠠᠷᠬᠤ ᠪᠠ ᠰᠢᠯᠦᠰᠤ ᠨᠢ ᠭᠤᠭᠤᠵᠢᠵᠤ᠂ ᠨᠢᠳᠤ ᠨᠢ ᠪᠠᠯᠠᠷᠠᠵᠤ᠂ ᠪᠤᠯᠴᠢᠩ ᠮᠢᠬ᠎ᠠ ᠨᠢ ᠠᠶᠠᠠᠳᠠᠭᠠᠨ ᠠᠪᠴᠢᠬᠤ ᠪᠠ ᠲᠠᠳᠠᠯᠳᠤᠵᠤ᠂ ᠵᠢᠷᠦᠭᠡᠨ ᠴᠤᠭᠢᠯᠭ᠎ᠠ ᠨᠢ ᠲᠦᠷᠭᠡᠳᠭᠦ ᠪᠤᠶᠤ ᠭᠡᠳᠦᠷᠭᠡᠢ ᠰᠤᠯᠠ ᠪᠤᠯᠵᠤ᠂ ᠴᠦᠭᠡᠨᠭᠭᠢ ᠭᠦᠮᠦᠰ ᠨᠢ ᠭᠡᠨᠡᠳᠳᠡ ᠲᠠᠳᠠᠪᠠᠯᠵᠠᠬᠤ ᠪᠠ ᠮᠠᠨᠠᠷᠠᠳᠠᠭ᠃ ᠶᠠᠷᠦᠩᠭᠡᠢ ᠳᠡᠭᠡᠨ 24 ᠴᠠᠭ ᠤᠨ ᠲᠤᠳᠤᠷ᠎ᠠ ᠪᠦᠷᠢᠮᠦᠰᠤᠨ ᠢᠯᠡᠷᠢᠰᠢᠵᠤ᠂ ᠠᠷᠬᠠᠭ ᠭᠡᠮ ᠰᠠᠭᠤᠬᠤ ᠪᠠ ᠵᠡᠷᠡᠮᠳᠡᠭ ᠵᠡᠮᠳᠡᠭ ᠪᠤᠯᠳᠠᠭ ᠦᠭᠡᠢ᠃       ︵3︶ ᠤᠷᠭᠠᠨᠢᠭ ᠾᠯᠤᠷ ᠤᠨ ᠲᠠᠷᠢᠶᠠᠨ ᠡᠮ ᠳᠤ ᠬᠤᠤᠷᠳ᠋ᠬᠠᠳᠠᠬᠤ ᠢᠯᠡᠷᠡᠯ᠄ ᠤᠷᠭᠠᠨᠢᠭ ᠾᠯᠤᠷ ᠤᠨ ᠲᠠᠷᠢᠶᠠᠨ ᠡᠮ ᠳᠤ ᠬᠤᠤᠷᠳ᠋ᠬᠠᠳᠠᠬᠤ ᠨᠢ ᠲᠤᠩ ᠴᠦᠭᠡᠨ ᠪᠠᠶᠢᠳᠠᠭ᠃ ᠤᠴᠢᠷ ᠨᠢ ᠤᠯᠠᠩᠭᠢ ᠢᠯᠡᠷᠭᠡᠢ ᠬᠤᠤᠷᠳᠠᠯ ᠲᠠᠢ ᠤᠷᠭᠠᠨᠢᠭ ᠾᠯᠤᠷ ᠤᠨ ᠲᠠᠷᠢᠶᠠᠨ ᠡᠮ ᠢ ᠭᠡᠳᠦᠨ ᠵᠢᠯ ᠤᠨ ᠡᠮᠦᠨ᠎ᠠ ᠨᠢᠭᠡᠨᠳᠡ ᠪᠤᠷᠤᠯᠠᠭᠤᠯᠬᠤ ᠶᠢ ᠨᠢ ᠴᠠᠭᠠᠵᠠᠯᠬᠠᠰᠠᠨ ᠪᠠᠶᠢᠨ᠎ᠠ᠃ ᠲᠡᠭᠦᠨ ᠤ ᠬᠤᠤᠷᠳᠠᠯ ᠤᠨ ᠡᠭᠦᠰᠦᠯ ᠨᠢ ᠭᠦᠨᠳᠤ ᠨᠤᠴᠢᠳᠡᠢ ᠪᠤᠭᠢᠷᠳᠤᠠᠠᠰᠠᠨ ᠪᠠ ᠠᠵᠢᠯ ᠤᠨ ᠲᠠᠯ᠎ᠠ ᠪᠠᠷ ᠦᠢᠷᠠᠳᠤᠠᠠᠰᠠᠨ᠂ ᠠᠳᠡᠯ ᠭᠠᠷᠤᠠᠠᠰᠠᠨ ᠪᠤᠶᠤ ᠰᠠᠨᠠᠭ᠎ᠠ ᠲᠠᠢ ᠪᠠᠷ ᠤᠤᠭᠤᠠᠠᠰᠠᠨ ᠠᠴᠠ ᠪᠤᠢ ᠪᠤᠯᠵᠤ ᠮᠡᠳᠡᠨ᠎ᠠ᠃ ᠤᠷᠭᠠᠨᠢᠭ ᠾᠯᠤᠷ ᠤᠨ ᠲᠦᠷᠦᠯ ᠤᠨ ᠲᠠᠷᠢᠶᠠᠨ ᠡᠮ ᠤᠨ ᠬᠤᠤᠷᠳᠠᠯ ᠨᠢ ᠲᠦᠪ ᠮᠡᠳᠡᠷᠡᠯ ᠤᠨ ᠰᠢᠰᠲ᠋ᠧᠮ ᠳᠤ ᠰᠡᠳᠤᠯᠳᠡ ᠦᠭᠭᠦᠨ ᠡᠭᠦᠰᠳᠡᠭ᠃       ᠤᠷᠭᠠᠨᠢᠭ ᠾᠯᠤᠷ ᠤᠨ ᠲᠠᠷᠢᠶᠠᠨ ᠡᠮ ᠤᠨ ᠬᠤᠤᠷᠳᠠᠯ ᠨᠢ ᠶᠠᠷᠦᠩᠭᠡᠢ ᠳᠡᠭᠡᠨ ᠡᠮ ᠲᠠᠢ ᠤᠶᠢᠷᠠᠳᠤᠠᠠᠰᠠᠨ ᠠᠴᠠ ᠭᠡᠳᠦᠨ ᠴᠠᠭ ᠤᠨ ᠲᠠᠷᠠᠭ᠎ᠠ ᠢᠯᠡᠷᠡᠳᠡᠭ᠃ ᠡᠭᠢᠯᠡᠭᠡᠳ ᠲᠤᠯᠤᠭᠠᠢ ᠡᠷᠭᠢᠭᠦ ᠲᠤᠯᠤᠭᠠᠢ ᠡᠪᠡᠳᠭᠦ᠂ ᠲᠠᠪᠴᠢᠶᠡᠷᠢ ᠠᠯᠳᠠᠬᠤ᠂ ᠠᠶᠤᠵᠤ ᠰᠤᠴᠢᠬᠤ ᠪᠠ ᠰᠡᠳᠭᠢᠯ ᠰᠠᠨᠠᠭ᠎ᠠ ᠨᠢ ᠲᠤᠠᠠᠳᠤᠯᠳᠠᠭ᠃ ᠲᠠᠷᠠᠭ᠎ᠠ ᠪᠠᠷ ᠨᠢ ᠪᠦᠭᠡᠯᠵᠢᠭᠦ᠂ ᠲᠦᠷᠪᠡᠨ ᠮᠦᠴᠢ ᠨᠢ ᠰᠤᠯᠠᠷᠠᠬᠤ᠂ ᠬᠤᠶᠠᠷ ᠭᠠᠷ ᠨᠢ ᠴᠡᠴᠡᠷᠡᠭᠦ᠂ ᠤᠯᠢᠭᠤ ᠰᠤᠯᠢᠭᠤ ᠪᠤᠯᠬᠤ᠂ ᠴᠠᠭ ᠬᠤᠭᠤᠴᠠᠭ᠎ᠠ ᠪᠠ ᠵᠦᠭ ᠴᠢᠭᠯᠡᠯ ᠢ ᠠᠯᠳᠠᠬᠤ ᠂ ᠵᠠᠯᠭᠠᠭᠠᠳ ᠭᠡᠨᠡᠳᠳᠡ ᠲᠠᠳᠠᠪᠠᠯᠵᠠᠬᠤ ᠢᠯᠡᠷᠡᠯ ᠭᠠᠷᠳᠠᠭ᠃ ᠶᠠᠷᠦᠩᠭᠡᠢ ᠳᠡᠭᠡᠨ 1~3 ᠡᠳᠤᠷ ᠤᠨ ᠲᠤᠳᠤᠷ᠎ᠠ ᠦᠭᠦᠭᠦ ᠪᠤᠶᠤ ᠢᠯᠡᠷᠢᠰᠢᠵᠤ᠂ ᠢᠯᠡᠷᠢᠰᠢᠭᠰᠡᠨ ᠤ ᠰᠡᠭᠦᠯᠡᠷ ᠠᠷᠬᠠᠭ ᠭᠡᠮ ᠪᠡ ᠡᠷᠡᠮᠳᠡᠭ ᠵᠡᠮᠳᠡᠭ ᠪᠤᠯᠳᠠᠭ ᠦᠭᠡᠢ᠃      ︵4︶ ᠬᠤᠷᠤᠬᠠᠢ ᠤᠰᠠᠳᠬᠠᠬᠤ ᠤᠳ᠋ᠪᠠᠯ᠎ᠠ ᠶᠢᠨ ᠡᠰᠲ᠋ᠧᠷ ᠤᠨ ᠲᠦᠷᠦᠯ ᠤᠨ ᠲᠠᠷᠢᠶᠠᠨ ᠡᠮ ᠳᠤ ᠬᠤᠤᠷᠳ᠋ᠬᠠᠳᠠᠬᠤ ᠢᠯᠡᠷᠡᠯ᠄ ᠬᠤᠷᠤᠬᠠᠢ ᠤᠰᠠᠳᠬᠠᠬᠤ ᠤᠳ᠋ᠪᠠᠯ᠎ᠠ ᠶᠢᠨ ᠡᠰᠲ᠋ᠧᠷ ᠤᠨ ᠲᠦᠷᠦᠯ ᠤᠨ ᠡᠮ ᠨᠢ ᠤᠯᠠᠨ ᠵᠦᠢᠯ ᠤᠨ ᠠᠷᠭ᠎ᠠ ᠵᠠᠮ ᠢᠶᠠᠷ ᠰᠤᠷᠤᠠᠠᠳᠠᠨ ᠰᠢᠩᠭᠡᠳᠡᠭ᠃ ᠰᠦᠷᠴᠢᠭᠦ ᠳᠡᠭᠡᠨ ᠰᠡᠷᠭᠡᠶᠢᠯᠡᠯᠳᠡ ᠭᠢᠭᠰᠡᠨ ᠦᠭᠡᠢ ᠪᠤᠶᠤ ᠤᠷᠳᠤ ᠴᠠᠭ ᠢᠶᠠᠷ ᠨᠦᠢᠳᠠᠨ ᠬᠤᠪᠴᠠᠰᠤ ᠡᠮᠦᠰᠭᠦ ᠪᠡ ᠪᠦᠭᠦ ᠪᠡᠶ᠎ᠠ ᠶᠢᠨ ᠶᠡᠭᠡᠨᠭᠭᠢ ᠭᠡᠰᠡᠭ ᠨᠢ ᠤᠶᠢᠷᠠᠳᠤᠠᠠᠰᠠᠨ ᠤ ᠰᠡᠭᠦᠯᠡᠷ ᠰᠠᠶ᠋ᠢ ᠬᠤᠤᠷᠳ᠋ᠬᠠᠳᠠᠳᠠᠭ᠃ ᠠᠮᠢᠳᠠᠨ ᠤ ᠬᠤᠤᠷᠳ᠋ᠬᠠᠳᠠᠯ ᠤᠨ ᠢᠯᠡᠷᠡᠯ ᠨᠢ ᠭᠡᠪᠡᠯ ᠤᠨᠴᠠᠭᠠᠢ ᠪᠠᠶᠢᠳᠠᠯ ᠢᠯᠡᠷᠡᠳᠡᠭ ᠦᠭᠡᠢ᠃ ᠬᠤᠤᠷᠳ᠋ᠬᠠᠳ᠋ᠬᠠᠰᠠᠨ ᠲᠠᠷᠢᠶᠠᠨ ᠡᠮ ᠤᠨ ᠲᠦᠷᠦᠯ ᠵᠦᠢᠯ ᠨᠢ ᠠᠳᠠᠯᠢ ᠦᠭᠡᠢ ᠠᠴᠠ ᠪᠤᠯᠵᠤ ᠲᠠᠳᠠᠪᠠᠯᠵᠠᠬᠤ ᠪᠠ ᠪᠦᠭᠡᠯᠵᠢᠭᠦ ᠮᠠᠶ᠋ᠢᠭ ᠤᠨ ᠭᠦᠳᠡᠯᠭᠡᠭᠡᠨ ᠲᠠᠢ ᠪᠤᠯᠳᠠᠭ᠃      ᠬᠤᠷᠤᠬᠠᠢ ᠤᠰᠠᠳᠬᠠᠬᠤ ᠤᠳ᠋ᠪᠠᠯ᠎ᠠ ᠶᠢᠨ ᠡᠰᠲ᠋ᠧᠷ ᠤᠨ ᠲᠦᠷᠦᠯ ᠤᠨ ᠲᠠᠷᠢᠶᠠᠨ ᠡᠮ ᠳᠤ ᠤᠶᠢᠷᠠᠳᠤᠪᠠᠯ ᠡᠮ ᠭᠦᠷᠦᠭᠰᠡᠨ ᠭᠡᠰᠡᠭ ᠤᠨ ᠠᠷᠠᠰᠤ ᠭᠦᠷᠤᠰᠤ ᠰᠤᠨᠢᠨ ᠰᠡᠳᠤᠯᠳᠡ ᠲᠠᠢ ᠪᠤᠯᠵᠤ᠂ ᠢᠯᠠᠩᠭᠤᠶ᠎ᠠ ᠴᠠᠭᠡᠵᠢᠨ ᠪᠡᠶ᠎ᠠ᠂ ᠨᠢᠭᠤᠷ ᠴᠢᠷᠠᠢ ᠪᠠ ᠭᠦᠵᠦᠭᠦᠤ ᠶᠢᠨ ᠭᠡᠰᠡᠭ ᠴᠦᠮ ᠡᠶᠢᠮᠤ ᠪᠠᠶᠢᠳᠠᠭ᠃ ᠶᠠᠷᠦᠩᠭᠡᠢ ᠳᠡᠭᠡᠨ ᠠᠩᠬ᠎ᠠ ᠡᠮ ᠲᠠᠢ ᠤᠶᠢᠷᠠᠳᠤᠠᠠᠰᠠᠨ ᠠᠴᠠ ᠭᠡᠳᠦᠨ ᠴᠠᠭ ᠤᠨ ᠲᠤᠳᠤᠷ᠎ᠠ ᠤᠶᠢᠷᠠᠳᠤᠠᠠᠰᠠᠨ ᠭᠡᠰᠡᠭ ᠤᠨ ᠠᠷᠠᠰᠤ ᠬᠠᠳᠬᠤᠯᠠᠨ ᠡᠪᠡᠳᠴᠤ᠂ ᠠᠮᠠ ᠬᠠᠮᠠᠷ ᠤᠨ ᠬᠠᠪᠢ ᠪᠠᠷ ᠨᠡᠩ ᠢᠯᠡᠳᠳᠡ ᠪᠠᠶᠢᠳᠠᠭ᠃ ᠡᠶᠢᠮᠤ ᠰᠡᠳᠤᠯᠳᠡ ᠨᠢ ᠦᠷᠭᠦᠯᠵᠢᠯᠡᠭᠦ ᠪᠡ ᠡᠪ ᠦᠭᠡᠶᠢᠷᠡᠳᠡᠭ᠂ ᠭᠡᠪᠡᠴᠤ ᠡᠪᠡᠷᠰᠢᠶᠡᠳᠡᠭ ᠦᠭᠡᠢ ᠃ ᠡᠪᠡᠳᠭᠦ ᠭᠡᠰᠡᠭ ᠲᠤ ᠤᠯᠠᠭᠠᠨ ᠲᠤᠯᠪᠤ ᠪᠠ ᠰᠠᠳᠤᠯᠳᠠ ᠶᠢᠨ ᠦᠵᠡᠭᠳᠡᠯ ᠭᠠᠷᠳᠠᠭ ᠦᠭᠡᠢ᠃ ᠡᠨᠡ ᠬᠦ ᠭᠡᠰᠡᠭ ᠲᠠᠯ᠎ᠠ ᠶᠢᠨ ᠢᠯᠡᠷᠡᠯ ᠨᠢ ᠡᠮ ᠲᠠᠢ ᠤᠶᠢᠷᠠᠳᠤᠬᠤ ᠪᠠᠨ ᠪᠤᠯᠢᠬᠤ ᠪᠠ ᠲᠤᠤᠱᠳᠠᠢ ᠤᠭᠢᠶ᠋ᠬᠠᠰᠠᠨ ᠤ ᠰᠡᠭᠦᠯᠡᠷ 24 ᠴᠠᠭ ᠤᠨ ᠲᠤᠳᠤᠷ᠎ᠠ ᠠᠶᠠᠠᠳᠠᠭᠠᠨ ᠠᠷᠢᠯᠤᠨ᠎ᠠ᠃ ᠭᠡᠮ ᠠᠷᠬᠠᠭ ᠰᠠᠭᠤᠳᠠᠭ ᠦᠭᠡᠢ᠃      ︵5︶ ᠬᠤᠯᠤᠭᠠᠨ᠎ᠠ ᠤᠰᠠᠳᠬᠠᠬᠤ ᠡᠮ ᠳᠤ ᠬᠤᠤᠷᠳ᠋ᠬᠠᠳᠠᠬᠤ ᠢᠯᠡᠷᠡᠯ᠄ ᠬᠤᠯᠤᠭᠠᠨ᠎ᠠ ᠤᠰᠠᠳᠬᠠᠬᠤ ᠡᠮ ᠳᠤ ᠤᠯᠠᠩᠭᠢ ᠳᠠᠭᠠᠨ ᠭᠡᠤᠭᠡᠳ ᠤᠨ ᠰᠠᠨᠠᠭᠠᠨ ᠳᠤ ᠦᠭᠡᠢ ᠠᠳᠡᠭᠳᠡᠯ ᠪᠤᠶᠤ ᠲᠤᠮᠤᠴᠤᠳ ᠤᠨ ᠰᠠᠨᠠᠭ᠎ᠠ ᠲᠠᠢ ᠪᠠ ᠰᠠᠨᠠᠭᠠᠨ ᠳᠤ ᠦᠭᠡᠢ ᠤᠤᠭᠤᠠᠠᠰᠠᠨ ᠠᠴᠠ ᠪᠤᠯᠵᠤ ᠬᠤᠤᠷᠳ᠋ᠬᠠᠳᠠᠳᠠᠭ ᠪᠦᠭᠡᠳ ᠠᠮᠠ ᠪᠠᠷ ᠲᠠᠮᠵᠢᠨ ᠬᠤᠤᠷᠳ᠋ᠬᠠᠳᠠᠳᠠᠭ᠃ ᠭᠡᠷᠪᠡ ᠭᠡᠳᠦᠨ ᠴᠠᠭ ᠤᠨ ᠲᠤᠳᠤᠷ᠎ᠠ ᠬᠤᠳᠤᠭᠤᠳᠤ ᠶᠢ ᠨᠢ ᠤᠭᠢᠶᠠᠪᠠᠯ ᠶᠠᠮᠠᠷ ᠴᠤ ᠶᠠᠪᠤᠳᠠᠯ ᠡᠭᠦᠰᠭᠦ ᠦᠭᠡᠢ᠃ ᠠᠳᠠᠯᠢ ᠪᠤᠰᠤ ᠲᠦᠷᠦᠯ ᠤᠨ ᠬᠤᠯᠤᠭᠠᠨ᠎ᠠ ᠤᠰᠠᠳᠬᠠᠬᠤ ᠡᠮ ᠤᠨ ᠬᠤᠤᠷᠳᠠᠯ ᠤᠨ ᠢᠯᠡᠷᠡᠯ ᠨᠢ ᠮᠠᠰᠢ ᠶᠡᠭᠡ ᠵᠦᠷᠢᠶ᠎ᠠ ᠲᠠᠢ ᠪᠠᠶᠢᠳᠠᠭ᠃       ① ᠴᠢᠰᠤ ᠪᠦᠯᠤᠩᠳᠤᠬᠦᠯᠬᠦ  ᠬᠤᠯᠤᠭᠠᠨ᠎ᠠ ᠶᠢᠨ ᠡᠮ ᠳᠤ ᠬᠤᠤᠷᠳ᠋ᠬᠠᠳᠠᠬᠤ ᠢᠯᠡᠷᠡᠯ᠄ ᠡᠨᠡ ᠡᠮ ᠤᠨ ᠡᠪᠡᠳᠴᠢᠨ ᠤ ᠡᠭᠦᠰᠦᠯ ᠨᠢ ᠮᠠᠰᠢ ᠤᠳᠠᠭᠠᠨ ᠪᠠᠶᠢᠳᠠᠭ᠃ ᠴᠢᠰᠤ ᠠᠮᠠᠷᠬᠠᠨ ᠪᠦᠯᠤᠩᠳᠤᠬᠦ ᠦᠭᠡᠢ ᠵᠦᠢᠯ ᠵᠦᠢᠯ ᠤᠨ ᠢᠯᠡᠷᠡᠯ ᠵᠢᠱᠢᠶᠡᠯᠡᠪᠡᠯ ᠭᠦᠷᠡᠩ ᠲᠤᠯᠪᠤ ᠭᠠᠷᠬᠤ᠂ ᠪᠠᠭ᠎ᠠ ᠰᠢᠷᠬᠠᠳᠤᠬᠤ ᠳᠤ ᠴᠢᠰᠤ ᠭᠠᠷᠬᠤ ᠪᠤᠶᠤ ᠮᠡᠳᠡᠭᠳᠡᠮ᠎ᠠ ᠰᠢᠷᠬᠠᠳᠤᠯ ᠦᠭᠡᠢ ᠦᠶᠡᠰ ᠲᠠᠷᠤᠢ ᠲᠤᠮᠤ ᠦᠶ᠎ᠠ ᠭᠡᠰᠢᠭᠦᠤ ᠡᠪᠡᠳᠴᠤ ᠬᠠᠪᠤᠳᠳᠠᠭ᠃ ᠡᠭᠦᠨ ᠳᠤ ᠬᠤᠸᠠ ᠹᠠ ᠯᠢᠨ ᠡᠮ ᠳᠤ ᠭᠡᠳᠦᠷᠭᠡᠢ ᠭᠡᠮᠵᠢᠶ᠎ᠠ ᠪᠠᠷ ᠬᠤᠤᠷᠳ᠋ᠬᠠᠳᠠᠬᠰᠠᠨ ᠢᠯᠡᠷᠡᠯ ᠨᠢ ᠮᠠᠰᠢ ᠨᠡᠶᠢᠳᠡᠯᠢᠭ ᠪᠠᠶᠢᠳᠠᠭ᠃       ② ᠶᠠᠰᠤᠵᠢᠯ ᠤᠨ ᠠᠯᠺᠤᠤᠯ ᠬᠤᠪᠢᠷᠠᠮᠠᠯ ᠡᠳ᠋ ᠲᠤ ᠬᠤᠤᠷᠳ᠋ᠬᠠᠳᠠᠬᠤ ᠢᠯᠡᠷᠡᠯ᠄ ᠬᠤᠤᠷᠳ᠋ᠬᠠᠳᠠᠬᠤ ᠨᠢ ᠮᠠᠰᠢ ᠤᠳᠠᠭᠠᠨ ᠪᠠᠶᠢᠵᠤ᠂ ᠡᠭᠦᠨ ᠳᠤ ᠬᠤᠤᠷᠳ᠋ᠬᠠᠳᠠᠯ ᠤᠨ ᠢᠯᠡᠷᠡᠯ ᠨᠢ ᠸᠢᠲ᠋ᠠᠮᠢᠨ D ᠶᠢᠨ ᠭᠡᠮᠵᠢᠶ᠎ᠠ ᠭᠡᠳᠦᠷᠡᠭᠰᠡᠨ ᠠᠴᠠ ᠪᠤᠯᠳᠠᠭ᠃ ᠲᠡᠭᠦᠨ ᠤ ᠢᠯᠡᠷᠡᠯ ᠨᠢ ᠭᠡᠪᠡᠯ ᠢᠳᠡᠰᠢᠨ ᠤ ᠲᠤᠷᠠᠰᠢᠯ ᠮᠠᠭᠤᠳᠠᠬᠤ ᠪᠠ ᠠᠯᠳᠠᠬᠤ᠂ ᠤᠠᠠᠰᠢᠭᠤᠯᠬᠤ᠂ ᠪᠦᠭᠡᠯᠵᠢᠭᠦ᠂ ᠭᠡᠪᠡᠯᠢ ᠡᠪᠡᠳᠭᠦ᠂ ᠲᠤᠯᠤᠭᠠᠢ ᠠᠳᠠᠯᠢ ᠪᠤᠰᠤ ᠭᠡᠰᠡᠭ ᠢᠶᠠᠷ ᠡᠪᠡᠳᠭᠦ᠂ ᠵᠢᠱᠢᠶᠡᠯᠡᠪᠡᠯ ᠲᠤᠬᠤᠢ ᠡᠪᠡᠳᠭᠦ ᠵᠢᠴᠢ ᠲᠤᠯᠤᠭᠠᠢ ᠶᠢᠨ ᠠᠷᠠᠰᠤ ᠡᠪᠡᠳᠭᠦ᠂ ᠲᠤᠯᠤᠭᠠᠢ ᠶᠢᠨ ᠠᠷᠠᠰᠤ ᠬᠠᠷᠰᠢᠮᠠᠳᠠᠭᠠᠢ ᠤᠷᠪᠠᠯ ᠭᠠᠷᠬᠤ᠂ ᠵᠠᠯᠭᠠᠭᠠᠳ ᠮᠡᠳᠡᠷᠡᠯ ᠰᠠᠮᠠᠭᠤᠷᠠᠬᠤ ᠪᠡ ᠴᠡᠭᠡᠵᠢᠯᠡᠭᠦ ᠴᠢᠳᠠᠪᠤᠷᠢ ᠪᠠᠨ ᠠᠯᠳᠠᠬᠤ ᠵᠡᠷᠭᠡ ᠢᠯᠡᠷᠡᠯ ᠲᠠᠢ ᠪᠠᠶᠢᠳᠠᠭ᠃ ᠠᠮᠢᠳᠠᠨ ᠤ ᠲᠤᠳᠤᠷ᠎ᠠ ᠪᠤᠯ ᠶᠠᠰᠤᠵᠢᠯ ᠨᠡᠮᠡᠭᠳᠡᠭᠦ ᠵᠢᠴᠢ ᠡᠭᠦᠨ ᠲᠠᠢ ᠬᠤᠯᠪᠤᠭ᠎ᠠ ᠲᠠᠢ ᠪᠦᠭᠡᠷᠡᠨ ᠴᠢᠳᠠᠪᠤᠷᠢ ᠮᠠᠭᠤᠳᠠᠬᠤ ᠵᠡᠷᠭᠡ ᠢᠯᠡᠷᠡᠯ  ᠲᠠᠢ ᠪᠠᠶᠢᠳᠠᠭ᠃       ③ ᠬᠤᠯᠤᠭᠠᠨ᠎ᠠ ᠠᠯᠠᠬᠤ ᠪᠤᠰᠤᠳ ᠡᠮ᠄ ᠹᠤᠰᠹᠤᠷᠵᠢᠭᠤᠯᠤᠠᠠᠰᠠᠨ ᠴᠠᠶᠢᠷ ᠪᠤᠯ ᠢᠯᠵᠠᠷᠠᠬᠤ ᠴᠢᠨᠠᠷᠳᠠᠢ ᠪᠠᠶᠢᠵᠤ᠂ ᠶᠠᠰᠤᠨ ᠳᠤ ᠭᠦᠴᠢᠯ ᠤᠨ ᠦᠢᠯᠡᠳᠦᠯ ᠯᠦᠭᠡ ᠹᠤᠰᠹᠤᠷᠵᠢᠠᠠᠰᠠᠨ ᠤᠰᠤᠳᠦ᠋ᠷᠦᠭᠴᠢ ᠡᠭᠦᠰᠭᠦ᠂ ᠲᠤᠷ᠎ᠠ ᠪᠤᠯᠭᠢᠬᠤ᠂ ᠠᠮᠠ ᠬᠠᠳᠠᠬᠤ᠂ ᠲᠤᠳᠤᠷ ᠪᠠᠴᠢᠮᠳᠠᠬᠤ᠂ ᠤᠰᠤ ᠠᠯᠳᠠᠬᠤ ᠪᠡ ᠠᠭᠤᠰᠭᠢ ᠬᠠᠪᠤᠩᠨᠠᠬᠤ ᠵᠡᠷᠭᠡ ᠢᠯᠡᠷᠡᠯ ᠲᠠᠢ᠃      ④ ᠹᠯᠤᠷ ᠡᠲ᠋ᠢᠨ ᠭᠦᠴᠢᠯ ᠵᠢᠴᠢ ᠬᠤᠪᠢᠷᠠᠭᠠᠮᠠᠯ ᠡᠳ᠋ ᠲᠤ ᠬᠤᠤᠷᠳ᠋ᠬᠠᠳᠠᠬᠤ ᠶᠢᠨ ᠢᠯᠡᠷᠡᠯ ᠨᠢ ᠲᠠᠶᠢᠮᠤ ᠤᠨᠴᠠᠭᠠᠢ ᠪᠢᠰᠢ᠂ ᠭᠡᠭᠦ ᠳᠡᠭᠡᠨ ᠮᠠᠰᠢ ᠭᠦᠨᠳᠤ ᠨᠤᠴᠢᠳᠠᠢ ᠪᠠᠶᠢᠵᠤ᠂ ᠭᠦᠨᠳᠤ ᠨᠤᠴᠢᠳᠡᠢ ᠨᠢ ᠲᠠᠳᠠᠬᠤ᠂ ᠮᠠᠨᠠᠷᠠᠬᠤ᠂ ᠵᠢᠷᠤᠬᠡᠨ ᠬᠡᠮᠯᠡᠯ ᠵᠢᠭᠳᠡ ᠪᠤᠰᠦ ᠪᠤᠯᠬᠤ᠂ ᠵᠢᠷᠤᠬᠡᠨ ᠬᠤᠪᠤᠳᠤᠯ ᠤᠨ ᠴᠡᠴᠡᠷᠡᠯᠳᠡ ᠪᠠ ᠵᠢᠷᠦᠭᠡᠨ ᠴᠤᠭᠢᠯᠭ᠎ᠠ ᠴᠤᠴᠢᠮᠠᠭ ᠵᠤᠠᠠᠰᠤᠳᠠᠭ᠃ ᠾᠯᠤᠷᠳᠤ ᠰᠢᠭᠢᠷ ᠤᠨ ᠲᠦᠷᠦᠯ ᠤᠨ ᠬᠤᠤᠷᠳᠠᠯ ᠤᠨ ᠢᠯᠡᠷᠡᠯ ᠳᠤ ᠰᠤᠯᠢᠯᠴᠠᠭ᠎ᠠ ᠮᠠᠭᠤᠳᠠᠵᠤ᠂ ᠪᠠᠶ᠎ᠠ ᠶᠢᠨ ᠬᠠᠯᠠᠭᠤᠨ ᠲᠤᠷᠤᠠᠠᠰᠢᠯᠠᠳᠠᠭ ᠪᠠᠶᠢᠨ᠎ᠠ᠃      4. ᠲᠠᠷᠢᠶᠠᠨ ᠡᠮ ᠤᠨ ᠬᠤᠤᠷᠳᠠᠯ ᠳᠤ ᠶᠠᠮᠠᠷ ᠪᠠᠴᠢᠮ ᠠᠪᠤᠷᠠᠯᠳᠠ ᠶᠢᠨ ᠠᠷᠭ᠎ᠠ ᠭᠡᠮᠵᠢᠶ᠎ᠠ ᠠᠪᠬᠤ ᠪᠤᠢ︖      ᠲᠠᠷᠢᠶᠠᠨ ᠡᠮ ᠤᠨ ᠬᠤᠤᠷᠳᠠᠯ ᠳᠤ ᠡᠷᠭᠡᠪᠰᠢ ᠡᠷᠳᠡ᠂ ᠲᠦᠷᠭᠡᠨ᠂ ᠴᠠᠭ ᠲᠠᠷᠤᠢ ᠳᠤᠨᠢ ᠪᠠᠴᠢᠮ ᠠᠪᠤᠷᠠᠯᠳᠠ ᠶᠢᠨ ᠠᠷᠭ᠎ᠠ ᠭᠡᠮᠵᠢᠶ᠎ᠠ ᠠᠪᠬᠤ ᠭᠡᠷᠡᠭᠳᠡᠢ᠃       ︵1︶ ᠲᠠᠷᠢᠶᠠᠨ ᠡᠮ ᠤᠨ ᠪᠤᠭᠢᠷᠳᠤᠭᠤᠯᠤᠯ ᠡᠳ᠋ ᠢ ᠴᠠᠪᠡᠷᠯᠡᠨ ᠬᠠᠶᠠᠵᠤ᠂ ᠲᠠᠷᠢᠶᠠᠨ ᠡᠮ ᠦᠷᠭᠦᠯᠵᠢᠯᠡᠨ ᠭᠦᠮᠦᠨ ᠤ ᠪᠡᠶ᠎ᠠ ᠳᠤ ᠤᠷᠤᠬᠤ ᠶᠢ ᠰᠡᠷᠭᠡᠶᠢᠯᠡᠭᠦ ᠪᠤᠯ ᠲᠦᠷᠭᠡᠨ ᠠᠪᠤᠷᠠᠯᠳᠠ ᠳᠤ ᠬᠠᠮᠤᠭ ᠤᠨ ᠲᠠᠷᠢᠭᠦᠨ ᠳᠤ ᠠᠪᠬᠤ ᠠᠷᠭ᠎ᠠ ᠭᠡᠮᠵᠢᠶ᠎ᠠ ᠮᠦᠨ᠃       ① ᠠᠷᠠᠰᠤ ᠪᠠᠷ ᠲᠠᠮᠵᠢᠨ ᠬᠤᠤᠷᠳ᠋ᠬᠠᠳ᠋ᠬᠠᠰᠠᠳ ᠤᠨ ᠪᠤᠭᠢᠷᠳᠤᠠᠠᠰᠠᠨ ᠬᠤᠪᠴᠠᠰᠤ ᠶᠢ ᠨᠢ ᠲᠠᠶᠢᠯᠵᠤ᠂ ᠲᠠᠷᠦ᠋ᠢᠬᠠᠨ ᠪᠦᠯᠢᠶᠠᠨ ᠤᠰᠤ᠂ ᠰᠠᠪᠤᠩ ᠲᠠᠢ ᠤᠰᠤ ᠪᠠᠷ ᠤᠭᠢᠶᠠᠬᠤ ᠪᠤᠶᠤ 4% ᠶᠢᠨ ᠨᠡᠭᠦᠷᠡᠰᠤ ᠭᠦᠴᠢᠯ ᠤᠨ ᠤᠰᠤᠳᠦ᠋ᠷᠦᠭᠴᠢᠳᠦ ᠨᠠᠲᠷᠢ ᠶᠢᠨ ᠰᠢᠩᠭᠡᠨ ᠢᠶᠠᠷ ᠪᠤᠭᠢᠷᠳᠤᠠᠠᠰᠠᠨ ᠠᠷᠠᠰᠤ ᠶᠢ ᠨᠢ ᠤᠭᠢᠶᠠᠬᠤ ᠭᠡᠷᠡᠭᠳᠡᠢ᠃ ᠡᠮ ᠨᠢ ᠨᠢᠳᠤᠨ ᠳᠤ ᠤᠷᠤᠠᠠᠰᠠᠨ ᠪᠤᠯ ᠲᠠᠷᠦ᠋ᠢᠬᠠᠨ ᠪᠢᠽᠢᠤᠯᠤᠭᠢ ᠶᠢᠨ ᠲᠠᠪᠤᠰᠤᠨ ᠠᠭᠤᠰᠤᠮᠠᠯ ᠢᠶᠠᠷ 20 ᠠᠴᠠ ᠢᠯᠡᠭᠦᠤ ᠤᠳᠠᠭ᠎ᠠ ᠤᠭᠢᠶᠠᠵᠤ᠂ ᠲᠠᠷᠠᠭ᠎ᠠ ᠪᠠᠷ ᠨᠢ 2% ᠤᠨ ᠺᠧ ᠳ᠋ᠢ ᠰᠦᠩ ︵可的松︶ ᠪᠤᠯᠤᠨ 0.25% ᠶᠢᠨ ᠯᠤ᠋ ᠮᠸᠢ ᠰᠤ᠋ ︵氯霉素︶ ᠨᠢᠳᠤᠨ ᠡᠮ ᠢ ᠲᠤᠰᠤᠭᠠᠵᠤ᠂ ᠰᠦᠷᠡᠭᠡᠢ ᠡᠪᠡᠳᠴᠤ ᠪᠠᠶᠢᠪᠠᠯ 1%~2% ᠤᠨ ᠫᠦ᠋ ᠯᠤ᠋ ᠺᠠᠨ ᠶᠢᠨ ᠡᠮ ᠢ ᠲᠤᠰᠤᠭᠠᠵᠤ᠂ ᠭᠦᠨᠳᠤ ᠨᠤᠴᠢᠳᠡᠢ ᠪᠤᠯ ᠲᠠᠷᠦ᠋ᠢᠬᠠᠨ ᠡᠮᠨᠡᠯᠭᠡ ᠳᠤ ᠭᠦᠷᠭᠡᠨ ᠡᠮᠨᠡᠭᠦᠯᠭᠦ ᠭᠡᠷᠡᠭᠳᠡᠢ᠃      ② ᠠᠮᠢᠰᠬᠤᠯ ᠢᠶᠠᠷ ᠲᠠᠮᠵᠢᠨ ᠬᠤᠤᠷᠳ᠋ᠬᠠᠳ᠋ᠬᠠᠰᠠᠳ ᠢ ᠪᠤᠯ ᠲᠠᠷᠦ᠋ᠢᠬᠠᠨ ᠲᠤᠬᠠᠢ ᠶᠢᠨ ᠭᠠᠵᠠᠷ ᠠᠴᠠ ᠰᠠᠯᠭᠠᠨ᠂ ᠰᠢᠨ᠎ᠠ ᠰᠤᠷᠭᠤᠭ ᠠᠮᠢᠰᠬᠤᠯ ᠲᠠᠢ ᠭᠠᠵᠠᠷ ᠰᠢᠯᠵᠢᠭᠦᠯᠵᠤ᠂ ᠵᠠᠭᠠᠮ᠎ᠠ᠂ ᠪᠦᠰᠡ ᠶᠢ ᠨᠢ ᠠᠯᠳᠠᠷᠠᠭᠠᠵᠤ᠂ ᠠᠮᠢᠰᠬᠤᠯ ᠢ ᠨᠢ ᠰᠠᠭᠠᠳ ᠦᠭᠡᠢ ᠪᠤᠯᠭᠠᠵᠤ᠂ ᠭᠢᠮᠠᠯ ᠰᠢᠳᠤ ᠲᠠᠢ ᠪᠤᠯ ᠲᠡᠭᠦᠨ ᠢ ᠨᠢ ᠠᠪᠴᠤ᠂ ᠲᠤᠯᠠᠭᠠᠨ ᠪᠠᠶᠢᠯᠭᠠᠬᠤ ᠶᠢ ᠠᠩᠬᠠᠷᠴᠤ᠂ ᠭᠦᠨᠳᠤ ᠨᠤᠴᠢᠳᠡᠢ ᠶᠢ ᠨᠢ ᠲᠠᠷᠦ᠋ᠢᠬᠠᠨ ᠡᠮᠨᠡᠯᠭᠡ ᠳᠤ ᠭᠦᠷᠭᠡᠨ ᠡᠮᠨᠡᠭᠦᠯᠭᠦ ᠭᠡᠷᠡᠭᠳᠡᠢ᠃      ③ ᠠᠮᠠ ᠪᠠᠷ ᠲᠠᠮᠵᠢᠨ ᠬᠤᠤᠷᠳ᠋ᠬᠠᠳ᠋ᠬᠠᠰᠠᠳ ᠢ ᠪᠤᠯ ᠮᠠᠨᠠᠷᠬᠠᠰᠠᠨ ᠦᠶ᠎ᠠ ᠳᠤ ᠪᠦᠭᠡᠯᠵᠢᠭᠦᠯᠵᠤ ᠪᠤᠯᠬᠤ ᠦᠭᠡᠢ᠃ ᠮᠡᠳᠡᠷᠡᠯ ᠨᠢ ᠰᠡᠷᠭᠡᠭ ᠪᠠᠶᠢᠪᠠᠯ ᠲᠠᠷᠦ᠋ᠢᠬᠠᠨ ᠪᠦᠭᠡᠯᠵᠢᠭᠦᠯᠵᠤ᠂ ᠬᠤᠳᠤᠭᠤᠳᠤ ᠶᠢ ᠨᠢ ᠤᠭᠢᠶᠠᠵᠤ᠂ ᠰᠠᠭᠤᠯᠭᠠᠭᠤᠯᠬᠤ ᠪᠤᠶᠤ ᠬᠤᠤᠷᠳᠠᠯ ᠳᠤ ᠵᠤᠭᠢᠴᠠᠭᠤᠯᠤᠨ ᠬᠤᠤᠷ ᠲᠠᠶᠢᠯᠬᠤ ᠡᠮ ᠤᠤᠭᠤᠯᠭᠠᠬᠤ ᠭᠡᠷᠡᠭᠳᠡᠢ᠃      a. ᠪᠦᠭᠡᠯᠵᠢᠭᠦᠯᠭᠦ᠄ ᠪᠦᠭᠡᠯᠵᠢᠭᠦᠯᠭᠦ ᠪᠤᠯ ᠬᠤᠤᠷᠳᠤ ᠡᠳ᠋ ᠢ ᠠᠷᠢᠯᠭᠠᠬᠤ ᠲᠤᠩ ᠴᠢᠬᠤᠯᠠ ᠠᠷᠭ᠎ᠠ ᠪᠤᠯᠤᠨ᠎ᠠ᠃ ᠪᠤᠳᠠᠳᠠᠢ ᠠᠷᠭ᠎ᠠ ᠨᠢ ᠭᠡᠪᠡᠯ ᠤᠷᠢᠳ ᠢᠶᠠᠷ ᠬᠤᠤᠷᠳ᠋ᠬᠠᠳ᠋ᠬᠠᠰᠠᠳ ᠲᠤ 200~400mL ᠤᠰᠤ ᠤᠤᠭᠤᠯᠭᠠᠵᠤ᠂ ᠲᠠᠷᠠᠭ᠎ᠠ ᠪᠠᠷ ᠨᠢ ᠴᠠᠪᠡᠷ ᠬᠤᠷᠤᠭᠤ ᠪᠤᠶᠤ ᠰᠠᠪᠬ᠎ᠠ ᠪᠠᠷ ᠭᠡᠤᠭᠡᠨ ᠭᠡᠯᠡ ᠳᠤᠨᠢ ᠰᠡᠳᠤᠯᠳᠡ ᠦᠭᠭᠦᠨ ᠪᠦᠭᠡᠯᠵᠢᠭᠦᠯᠭᠦ ᠭᠡᠷᠡᠭᠳᠡᠢ᠃ 1% ᠶᠢᠨ ᠭᠦᠭᠦᠷ ᠭᠦᠴᠢᠯ ᠤᠨ ᠵᠠᠰ ᠤᠨ ᠡᠮ ᠢ 5 ᠮᠢᠨᠦ᠋ᠲ ᠪᠦᠷᠢ ᠨᠢᠭᠡ ᠬᠠᠯᠪᠠᠭ᠎ᠠ ᠪᠠᠷ ᠦᠷᠭᠦᠯᠵᠢᠯᠡᠨ ᠭᠤᠷᠪᠡ ᠤᠳᠠᠭ᠎ᠠ ᠴᠢᠳᠬᠤᠬᠤ ᠭᠡᠷᠡᠭᠳᠡᠢ᠃ ᠲᠠᠪᠤᠰᠤ ᠲᠠᠢ ᠤᠰᠤ᠂ ᠰᠠᠪᠤᠩ ᠲᠠᠢ ᠤᠰᠤ ᠴᠢᠳᠬᠤᠨ ᠪᠦᠭᠡᠯᠵᠢᠭᠦᠯᠭᠦ ᠭᠡᠷᠡᠭᠳᠡᠢ᠃ ᠭᠢᠳᠡᠳ ᠡᠮ ᠭᠦᠭᠡ ᠪᠠᠶᠢᠪᠠᠩ 3g᠂ ᠭᠤᠸᠠ ᠶᠢᠨ ᠴᠦᠡᠭᠭᠦᠷᠦᠭ 3g ᠢ ᠲᠠᠯᠬᠠᠳᠠᠨ ᠪᠦᠷᠢᠵᠦ ᠨᠢᠭᠡ ᠤᠳᠠᠭ᠎ᠠ ᠤᠤᠭᠤᠯᠭᠠᠨ᠎ᠠ᠃ ᠠᠷᠰᠸᠠ ᠳᠤ ᠬᠤᠤᠷᠳ᠋ᠬᠠᠳ᠋ᠬᠠᠰᠠᠨ ᠪᠤᠯ ᠬᠤᠨᠢᠨ ᠤ ᠰᠢᠨ᠎ᠠ ᠴᠢᠰᠤ ᠤᠤᠭᠤᠯᠭᠠᠨ ᠪᠦᠭᠡᠯᠵᠢᠭᠦᠯᠦᠨ᠎ᠠ᠃ ᠠᠩᠬᠠᠷᠬᠤ ᠨᠢ ᠪᠦᠭᠡᠯᠵᠢᠭᠦᠯᠭᠦ ᠳᠡᠭᠡᠨ ᠬᠤᠤᠷᠳ᠋ᠬᠠᠳ᠋ᠬᠠᠰᠠᠳ ᠢ ᠰᠡᠷᠭᠡᠭ ᠪᠠᠶᠢᠬᠤ ᠳᠤᠨᠢ ᠪᠦᠭᠡᠯᠵᠢᠭᠦᠯᠭᠦ ᠭᠡᠷᠡᠭᠳᠡᠢ᠃ ᠮᠠᠨᠠᠷᠬᠠᠰᠠᠨ ᠦᠶ᠎ᠠ ᠳᠤᠨᠢ ᠶᠠᠭᠠᠭᠢᠨ᠋ᠠᠰᠠᠨ ᠴᠤ ᠪᠦᠭᠡᠯᠵᠢᠭᠦᠯᠵᠤ ᠪᠤᠯᠬᠤ ᠦᠭᠡᠢ᠃ ᠦᠭᠡᠢ ᠪᠤᠯ ᠪᠦᠭᠡᠯᠵᠢᠰᠤ ᠨᠢ ᠮᠦᠭᠡᠷᠰᠤᠨ ᠬᠤᠭᠤᠯᠠᠢ ᠳᠤᠨᠢ ᠤᠷᠤᠵᠤ ᠠᠶᠤᠯ ᠪᠤᠯᠵᠤ ᠮᠡᠳᠡᠨ᠎ᠠ᠃ ᠪᠦᠭᠡᠯᠵᠢᠰᠤ ᠶᠢ ᠨᠢ ᠦᠯᠡᠳᠡᠭᠡᠵᠤ᠂ ᠪᠠᠶᠢᠴᠠᠭᠠᠬᠤ ᠳᠤ ᠪᠡᠯᠡᠳᠭᠡᠭᠦ ᠭᠡᠷᠡᠭᠳᠡᠢ᠃      b. ᠬᠤᠳᠤᠭᠤᠳᠤ ᠶᠢ ᠨᠢ ᠤᠭᠢᠶᠠᠬᠤ᠄ ᠪᠦᠭᠡᠯᠵᠢᠭᠦᠯᠦᠭᠰᠡᠨ ᠤ ᠰᠡᠭᠦᠯᠡᠷ ᠲᠠᠷᠦ᠋ᠢᠬᠠᠨ ᠲᠦᠷᠭᠡᠨ ᠲᠦᠢᠯᠪᠤᠷᠢᠳᠡᠢ ᠪᠠᠷ ᠬᠤᠳᠤᠭᠤᠳᠤ ᠶᠢ ᠨᠢ ᠤᠭᠢᠶᠠᠬᠤ ᠭᠡᠷᠡᠭᠳᠡᠢ᠃ ᠡᠨᠡ ᠪᠤᠯ ᠬᠤᠤᠷ ᠨᠢ ᠭᠦᠮᠦᠨ ᠤ ᠪᠡᠶ᠎ᠠ ᠳᠤ ᠦᠯᠡᠳᠡᠭᠦ ᠶᠢ ᠪᠠᠭᠠᠰᠬᠠᠬᠤ ᠪᠦᠳᠦᠮᠵᠢᠳᠡᠢ ᠠᠷᠭ᠎ᠠ ᠪᠤᠯᠤᠨ᠎ᠠ᠃ ᠬᠤᠳᠤᠭᠤᠳᠤ ᠶᠢ ᠨᠢ ᠤᠭᠢᠶᠠᠬᠤ ᠠᠴᠠ ᠪᠠᠨ ᠡᠮᠦᠨ᠎ᠠ ᠭᠢᠮᠠᠯ ᠰᠢᠳᠤ ᠲᠠᠢ ᠪᠤᠯ ᠰᠢᠳᠤ ᠶᠢ  ᠨᠢ ᠠᠪᠴᠤ᠂ ᠠᠳᠠᠯᠢ ᠪᠤᠰᠤ ᠲᠠᠷᠢᠶᠠᠨ ᠡᠮ ᠢ ᠦᠨᠳᠦᠰᠦᠯᠡᠨ ᠠᠳᠠᠯᠢ ᠪᠤᠰᠤ ᠤᠭᠢᠶᠠᠯᠳᠠ ᠶᠢᠨ ᠡᠮ ᠢ ᠭᠡᠷᠡᠭᠯᠡᠭᠦ ᠭᠡᠷᠡᠭᠳᠡᠢ᠃ ᠠᠩᠬᠠᠷᠬᠤ ᠴᠢᠬᠤᠯᠠ ᠲᠠᠢ ᠨᠢ ᠭᠡᠪᠡᠯ ᠮᠡᠳᠡᠷᠡᠯ ᠨᠢ ᠰᠡᠷᠭᠡᠭ ᠪᠠᠶᠢᠪᠠᠯ᠂ ᠬᠤᠳᠤᠭᠤᠳᠤ ᠤᠭᠢᠶᠠᠬᠤ ᠡᠮ ᠤᠤᠭᠤᠯᠭᠠᠵᠤ᠂ ᠰᠡᠷᠭᠡᠭ ᠪᠢᠰᠢ ᠪᠠᠶᠢᠪᠠᠯ ᠮᠦᠭᠡᠷᠰᠤᠨ ᠬᠤᠭᠤᠯᠠᠢ ᠪᠠᠷ ᠨᠢ ᠭᠤᠤᠷᠰᠤ ᠤᠷᠤᠭᠤᠯᠵᠤ᠂ ᠠᠮᠢᠰᠬᠤᠯ ᠢ ᠨᠢ ᠰᠢᠯᠤᠭᠤᠳᠬᠠᠵᠤ᠂ ᠬᠤᠳᠤᠭᠤᠳᠤᠨ ᠤ ᠰᠢᠩᠭᠡᠨ ᠨᠢ ᠮᠦᠭᠡᠷᠰᠤᠨ ᠬᠤᠭᠤᠯᠠᠢ ᠳᠤᠨᠢ ᠤᠷᠤᠬᠤ ᠠᠴᠠ ᠰᠡᠷᠭᠡᠶᠢᠯᠡᠵᠤ᠂ ᠠᠮᠢᠰᠬᠤᠯ ᠨᠢ ᠵᠤᠠᠠᠰᠤᠠᠠᠰᠠᠨ ᠪᠤᠯ ᠭᠦᠮᠦᠨ ᠤ ᠭᠦᠴᠤ ᠪᠠᠷ ᠠᠮᠢᠰᠬᠤᠭᠤᠯᠤᠨ ᠠᠪᠤᠷᠠᠬᠤ ᠭᠡᠷᠡᠭᠳᠡᠢ᠃ ᠲᠠᠳ᠋ᠬᠠᠰᠠᠨ ᠪᠤᠯ ᠤᠷᠢᠳ ᠢᠶᠠᠷ ᠲᠠᠳᠠᠭ᠎ᠠ ᠶᠢ ᠨᠢ ᠭᠠᠷᠭᠠᠠᠠᠰᠠᠨ ᠤ ᠰᠡᠭᠦᠯᠡᠷ ᠲᠠᠭᠢᠨ ᠬᠤᠳᠤᠭᠤᠳᠤ ᠶᠢ ᠨᠢ ᠤᠭᠢᠶᠠᠬᠤ ᠭᠡᠷᠡᠭᠳᠡᠢ᠃ ᠢᠯᠵᠠᠷᠠᠭᠤᠯᠬᠤ ᠴᠢᠨᠠᠷ  ᠲᠠᠢ ᠲᠠᠷᠢᠶᠠᠨ ᠡᠮ ᠢ ᠠᠳᠡᠭᠦᠷᠡᠨ ᠢᠳᠡᠭᠡᠳ ᠬᠤᠤᠷᠳ᠋ᠬᠠᠳ᠋ᠬᠠᠰᠠᠨ ᠪᠤᠯ ᠬᠤᠳᠤᠭᠤᠳᠤ ᠶᠢ ᠨᠢ ᠤᠭᠢᠶᠠᠵᠤ ᠪᠤᠯᠬᠤ ᠦᠭᠡᠢ᠂ ᠪᠦᠭᠡᠯᠵᠢᠭᠦᠯᠦᠭᠰᠡᠨ ᠤ ᠲᠠᠷᠠᠭ᠎ᠠ ᠲᠠᠭᠢᠶᠠᠨ ᠦᠨᠳᠡᠭᠡᠨ ᠤ ᠴᠠᠭᠠᠨ᠂ ᠤᠰᠤᠮᠠᠭᠵᠢᠭᠤᠯᠤᠭᠰᠠᠨ ᠭᠦᠡᠭᠭᠡᠨᠴᠠᠭᠠᠨ ᠤ ᠴᠠᠪᠠᠤ᠂ ᠦᠨᠢᠶᠠᠨ ᠰᠦ ᠤᠤᠭᠤᠯᠭᠠᠵᠤ᠂ ᠬᠤᠳᠤᠭᠤᠳᠤᠨ ᠤ ᠭᠢᠨᠢ ᠦᠡᠭᠭᠦᠷ ᠢ ᠬᠠᠮᠠᠭᠠᠯᠠᠬᠤ ᠭᠡᠷᠡᠭᠳᠡᠢ᠃ ᠭᠦᠨᠳᠤ ᠨᠤᠴᠢᠳᠠᠢ ᠪᠤᠯ ᠬᠤᠳᠤᠭᠤᠳᠤᠨ ᠳᠤ ᠭᠤᠤᠷᠰᠤ ᠤᠠᠠᠯᠠᠵᠤ ᠪᠤᠯᠬᠤ ᠦᠭᠡᠢ᠂ ᠮᠡᠰᠡ ᠵᠠᠰᠠᠯ ᠢᠶᠠᠷ ᠬᠤᠳᠤᠭᠤᠳᠤ ᠶᠢ ᠨᠢ ᠤᠭᠢᠶᠠᠬᠤ ᠭᠡᠷᠡᠭᠳᠡᠢ᠃ ᠡᠨᠡ ᠪᠤᠯ ᠠᠷᠭ᠎ᠠ ᠦᠭᠡᠢ ᠪᠠᠶᠢᠳᠠᠯ ᠲᠤᠤᠷ᠎ᠡ ᠯᠡ ᠠᠪᠬᠤ ᠠᠷᠭ᠎ᠠ ᠪᠤᠯᠤᠨ᠎ᠠ᠃        c. ᠲᠤᠭᠤᠯᠭᠠᠬᠤ᠄        ᠬᠤᠤᠷᠳᠤ ᠡᠳ᠋ ᠭᠡᠳᠡᠰᠤᠨ ᠳᠤᠨᠢ ᠤᠷᠤᠠᠠᠰᠠᠨ ᠪᠤᠯ ᠵᠦᠪᠭᠡᠨ ᠲᠤᠭᠤᠯᠭᠠᠬᠤ ᠠᠷᠭ᠎ᠠ ᠪᠠᠷ ᠬᠤᠤᠷᠳᠤ ᠶᠠᠭᠤᠮ᠎ᠠ ᠶᠢ  ᠨᠢ ᠠᠷᠢᠯᠭᠠᠨ᠎ᠠ᠃ ᠲᠤᠭᠤᠯᠭᠠᠬᠤ ᠡᠮ ᠳᠤ ᠶᠠᠷᠦᠩᠭᠡᠢ ᠳᠡᠭᠡᠨ ᠲᠤᠰᠤᠯᠢᠭ ᠡᠮ ᠢ ᠭᠡᠷᠡᠭᠯᠡᠭᠦ ᠦᠭᠡᠢ᠃ ᠲᠤᠭᠤᠯᠭᠠᠬᠤ ᠳᠤ ᠭᠦᠭᠦᠷ ᠭᠦᠴᠢᠯ ᠤᠨ ᠨᠠᠲᠷᠢ ᠪᠤᠶᠤ ᠭᠦᠭᠦᠷ ᠭᠦᠴᠢᠯ ᠤᠨ ᠮᠬᠠᠨᠢ 30g ᠲᠡᠭᠡᠷ᠎ᠡ 200mL ᠤᠰᠤ ᠬᠤᠯᠢᠵᠤ᠂       ᠨᠢᠬᠡ ᠯᠠ ᠲᠡᠭᠡᠷ᠎ᠠ ᠤᠤᠭᠤᠯᠭᠠᠵᠤ᠂ ᠲᠠᠭᠢᠨ ᠤᠯᠠᠠᠳᠠ ᠤᠰᠤ ᠤᠤᠭᠤᠯᠭᠠᠨ ᠲᠤᠭᠤᠯᠭᠠᠬᠤ ᠭᠡᠷᠡᠭᠳᠡᠢ᠃ ᠤᠷᠭᠠᠨᠢᠭ ᠹᠤᠰᠹᠤᠷ ᠤᠨ ᠲᠠᠷᠢᠶᠠᠨ ᠡᠮ ᠳᠤ ᠭᠦᠨᠳᠤ ᠬᠤᠤᠷᠳ᠋ᠬᠠᠳᠠᠵᠤ᠂ ᠠᠮᠢᠰᠬᠤᠯ ᠨᠢ ᠬᠤᠷᠢᠠᠠᠳᠠᠵᠤ ᠪᠠᠶᠢᠪᠠᠯ ᠭᠦᠭᠦᠷ ᠭᠦᠴᠢᠯ ᠤᠨ ᠮᠬᠠᠨᠢ ᠪᠠᠷ ᠲᠤᠭᠤᠯᠭᠠᠵᠦ ᠪᠤᠯᠬᠤ ᠦᠭᠡᠢ᠂ ᠮᠬᠠᠨᠢ ᠶᠢᠨ ᠮᠦᠭᠦᠯᠢᠭ ᠨᠢ ᠶᠡᠭᠡ ᠪᠠᠷ ᠰᠢᠩᠭᠡᠪᠡᠯ ᠠᠮᠢᠰᠬᠤᠯ ᠤᠨ ᠬᠤᠷᠢᠠᠠᠳᠠᠯ ᠢ ᠭᠡᠴᠡᠭᠦᠳᠡᠭᠦᠯᠦᠨ᠎ᠠ᠃ ᠭᠦᠭᠦᠷ ᠭᠦᠴᠢᠯ ᠤᠨ ᠴᠠᠶᠢᠷ ᠲᠤ ᠬᠤᠤᠷᠳ᠋ᠬᠠᠳ᠋ᠬᠠᠰᠠᠨ ᠪᠤᠯ ᠮᠦᠨ ᠭᠦ ᠭᠦᠭᠦᠷ ᠭᠦᠴᠢᠯ ᠤᠨ ᠮᠬᠠᠨᠢ ᠭᠡᠷᠡᠭᠯᠡᠵᠤ ᠪᠤᠯᠬᠤ ᠦᠭᠡᠢ᠃      ︵2︶ ᠰᠢᠩᠭᠡᠭᠰᠡᠨ ᠲᠠᠷᠢᠶᠠᠨ ᠡᠮ ᠪᠤᠯᠤᠨ ᠰᠤᠯᠢᠯᠴᠠᠭᠠᠨ ᠤ ᠡᠳ᠋ ᠢ ᠨᠢ ᠡᠷᠳᠡᠭᠡᠨ ᠭᠠᠷᠭᠠᠵᠤ᠂ ᠭᠦᠴᠢᠯᠳᠦ᠋ᠷᠦᠭᠴᠢ ᠰᠤᠷᠤᠭᠤᠯᠬᠤ᠂ ᠰᠢᠩᠭᠡᠭᠡᠨ ᠶᠡᠭᠦᠯᠡᠭᠦ ᠪᠡ ᠢᠯᠭᠠᠷᠠᠭᠤᠯᠬᠤ ᠠᠷᠭ᠎ᠠ ᠠᠪᠬᠤ ᠭᠡᠷᠡᠭᠳᠡᠢ᠃       ① ᠭᠦᠴᠢᠯᠳᠦ᠋ᠷᠦᠭᠴᠢ ᠰᠤᠷᠤᠭᠤᠯᠬᠤ᠄ ᠭᠡᠶᠢᠳᠤ ᠪᠤᠶᠤ ᠠᠭᠤᠷᠰᠢᠯ ᠲᠠᠷᠢᠶᠠᠨ ᠡᠮ ᠳᠤ ᠬᠤᠤᠷᠳ᠋ᠬᠠᠳ᠋ᠬᠠᠰᠠᠨ ᠪᠤᠯ ᠭᠦᠴᠢᠯᠳᠦ᠋ᠷᠦᠭᠴᠢ ᠰᠤᠷᠤᠭᠤᠯᠪᠠᠯ ᠬᠤᠤᠷᠳᠤ ᠡᠳ᠋ ᠢ ᠠᠮᠢᠰᠬᠤᠯ ᠢᠶᠠᠷ ᠨᠢ ᠭᠠᠷᠭᠠᠵᠤ ᠪᠤᠯᠤᠨ᠎ᠠ᠃       ② ᠡᠮ ᠤᠨ ᠰᠢᠩᠭᠡᠨ ᠶᠡᠭᠦᠯᠡᠭᠦ᠄ ᠠᠭᠤᠰᠭᠢ᠂ ᠲᠠᠷᠢᠭᠢ ᠨᠢ ᠬᠠᠪᠤᠩᠨ᠋ᠬᠠᠰᠠᠨ ᠦᠭᠡᠢ᠂ ᠵᠢᠷᠦᠭᠡ ᠨᠢ ᠲᠠᠮᠢᠷᠵᠢᠠᠠᠰᠠᠨ ᠦᠭᠡᠢ ᠪᠠᠶᠢᠳᠠᠯ ᠲᠤᠤᠷ᠎ᠠ 10% ᠪᠤᠶᠤ 5% ᠶᠢᠨ ᠦᠵᠦᠮ ᠤᠨ ᠰᠢᠭᠢᠷᠳᠤ ᠲᠠᠪᠤᠰᠤ ᠲᠠᠢ ᠤᠰᠤ ᠶᠡᠭᠦᠯᠡᠪᠡᠯ ᠲᠠᠷᠢᠶᠠᠨ ᠡᠮ ᠪᠤᠯᠤᠨ ᠲᠡᠭᠦᠨ ᠤ ᠰᠤᠯᠢᠯᠴᠠᠭᠠᠳᠤ ᠡᠳ᠋ ᠢ ᠪᠦᠭᠡᠷ᠎ᠡ ᠪᠠᠷ ᠲᠠᠮᠵᠢᠭᠤᠯᠤᠨ ᠭᠠᠷᠭᠠᠵᠤ ᠪᠤᠯᠤᠨ᠎ᠠ᠃      ③ ᠢᠯᠭᠠᠷᠠᠭᠤᠯᠬᠤ᠄ ᠬᠤᠳᠤᠷᠢᠩᠬᠠᠢ ᠭᠡᠳᠡᠰᠤ᠂ ᠭᠡᠳᠡᠰᠤ ᠶᠢᠨ ᠪᠦᠷᠭᠦᠪᠴᠢ᠂ ᠪᠦᠭᠡᠷ᠎ᠡ ᠪᠠᠷ ᠢᠯᠭᠠᠷᠠᠭᠤᠯᠬᠤ ᠵᠡᠷᠭᠡ ᠠᠷᠭ᠎ᠠ ᠭᠡᠮᠵᠢᠶ᠎ᠠ ᠶᠢ ᠠᠪᠤᠨ᠎ᠠ᠃       5. ᠲᠠᠷᠢᠶᠠᠨ ᠡᠮ ᠤᠨ ᠬᠤᠤᠷᠳᠠᠯ ᠢ ᠶᠠᠮᠠᠷ ᠠᠷᠭ᠎ᠠ ᠪᠠᠷ ᠡᠮᠨᠡᠨ ᠵᠠᠰᠠᠬᠤ ᠪᠤᠢ︖       ︵1︶ ᠲᠠᠷᠦ᠋ᠢᠬᠠᠠ ᠬᠤᠤᠷ ᠲᠠᠶᠢᠯᠬᠤ ᠡᠮ ᠤᠤᠭᠤᠯᠭᠠᠪᠠᠯ ᠬᠤᠤᠷᠳᠤ ᠡᠳ᠋ ᠤᠨ ᠭᠦᠮᠦᠨ ᠤ ᠪᠡᠶ᠎ᠠ ᠳᠠᠬᠢ ᠢᠯᠡᠷᠡᠯ ᠢ ᠪᠠᠭᠠᠰᠬᠠᠬᠤ ᠪᠠ ᠠᠷᠢᠯᠭᠠᠵᠤ ᠪᠤᠯᠤᠨ᠎ᠠ᠃ ᠲᠤᠤᠷ᠎ᠠ ᠪᠠᠶᠢᠡᠭᠭᠤ ᠭᠡᠷᠡᠭᠯᠡᠳᠡᠭ ᠭᠡᠳᠦᠨ ᠵᠦᠢᠯ ᠤᠨ ᠬᠤᠤᠷ ᠲᠠᠶᠢᠯᠬᠤ ᠡᠮ ᠢ ᠲᠠᠨᠢᠯᠴᠠᠭᠤᠯᠤᠶ᠎ᠠ᠃       ① ᠰᠦᠰᠦᠨ ᠱᠦᠯᠳᠤ ᠡᠰᠲ᠋ᠧᠷ ᠤᠨ ᠢᠰᠭᠡᠭᠦᠷ ᠡᠮ᠄ ᠤᠯᠤᠰ ᠤᠨ ᠲᠤᠳᠤᠭᠠᠳᠤ ᠳᠤ ᠭᠡᠷᠡᠭᠯᠡᠵᠤ ᠪᠦᠭᠦᠢ ᠰᠦᠰᠦᠨ ᠱᠦᠯᠳᠤ ᠡᠰᠲ᠋ᠧᠷ ᠢᠰᠭᠡᠭᠦᠷ ᠡᠮ ᠳᠤ ᠵᠢᠶᠧ ᠯᠢᠩ ᠳ᠋ᠢᠩ᠂ ᠯᠤ᠋ ᠯᠢᠨ ᠳ᠋ᠢᠩ᠂ ᠱᠤᠸᠠᠩ ᠹᠦ᠋ ᠯᠢᠨ ᠪᠤᠢ᠃ ᠡᠳᠡᠭᠡᠷ ᠡᠮ ᠨᠢ ᠤᠷᠭᠠᠨᠢᠭ ᠹᠤᠰᠹᠤᠷ ᠤᠨ ᠲᠠᠷᠢᠶᠠᠨ ᠡᠮ ᠳᠤ ᠬᠤᠷᠢᠠᠠᠯᠬᠠᠳᠠᠠᠰᠠᠨ ᠰᠦᠰᠤᠨ ᠱᠦᠯᠳᠤ ᠡᠰᠲ᠋ᠧᠷ ᠢᠰᠭᠡᠭᠦᠷ ᠢ ᠲᠦᠷᠭᠡᠨ ᠠᠮᠢᠯᠠᠭᠤᠯᠵᠤ᠂ ᠪᠤᠯᠴᠢᠩ ᠮᠢᠬ᠎ᠠ ᠲᠠᠳᠠᠯᠳᠤᠬᠤ᠂ ᠠᠮᠢᠰᠬᠤᠯ ᠮᠢᠨᠴᠦᠭᠦᠷᠡᠭᠦ ᠳᠤ ᠴᠢᠩᠭ᠎ᠠ ᠭᠦᠴᠤᠨ ᠪᠦᠭᠦᠢ ᠬᠤᠷᠢᠠᠠᠯᠠᠬᠤ ᠦᠢᠯᠡᠳᠦᠯ ᠲᠠᠢ ᠪᠠᠶᠢᠳᠠᠭ᠃ ᠲᠠᠷᠠ ᠨᠢ ᠵᠦᠪᠭᠡᠨ ᠤᠷᠭᠠᠨᠢᠭ ᠹᠤᠰᠹᠤᠷ ᠤᠨ ᠲᠦᠷᠭᠡᠨ ᠴᠢᠨᠠᠷ ᠲᠠᠢ ᠬᠤᠤᠷᠳᠠᠯ ᠳᠤ ᠯᠡ ᠦᠢᠯᠡᠳᠦᠯ ᠲᠠᠢ᠃ ᠬᠠᠷᠢᠨ ᠤᠷᠭᠠᠨᠢᠭ ᠹᠤᠰᠹᠤᠷ ᠤᠨ ᠤᠳᠠᠭᠠᠨ ᠴᠢᠨᠠᠷ ᠲᠠᠢ ᠬᠤᠤᠷᠳᠠᠯ᠂ ᠰᠢᠪᠳᠤᠷᠳᠤ ᠭᠦᠴᠢᠯ ᠤᠨ ᠡᠰᠲ᠋ᠧᠷ ᠤᠨ ᠲᠦᠷᠦᠯ ᠤᠨ ᠲᠠᠷᠢᠶᠠᠨ ᠡᠮ ᠤᠨ ᠬᠤᠤᠷᠳᠠᠯ ᠳᠤ ᠰᠡᠷᠭᠦᠭᠡᠯᠳᠡ ᠶᠢᠨ ᠦᠢᠯᠡᠳᠦᠯ ᠦᠭᠡᠢ ᠪᠠᠶᠢᠳᠠᠭ᠃ ᠰᠢᠪᠳᠤᠷᠳᠤ ᠭᠦᠴᠢᠯ ᠤᠨ ᠡᠰᠲ᠋ᠧᠷ ᠤᠨ ᠲᠦᠷᠦᠯ ᠤᠨ ᠲᠠᠷᠢᠶᠠᠨ ᠡᠮ ᠳᠤ ᠤᠷᠪᠠᠭᠤ ᠦᠢᠯᠡᠳᠦᠯ ᠲᠠᠢ᠃ ᠵᠠᠷᠢᠮ ᠲᠠᠷᠢᠶᠠᠨ ᠡᠮ ᠨᠢ ᠭᠡᠳᠡᠷᠭᠦ ᠪᠠᠨ ᠰᠦᠰᠤᠨ ᠱᠦᠯᠳᠤ ᠡᠰᠲ᠋ᠧᠷ ᠢᠰᠭᠡᠭᠦᠷ ᠢ ᠬᠤᠷᠢᠠᠠᠯᠠᠬᠤ ᠠᠮᠢᠵᠢᠷᠠᠯ ᠤᠨ ᠴᠢᠨᠠᠷ ᠢ ᠲᠡᠭᠡᠭᠰᠢᠯᠡᠭᠦᠯᠳᠡᠭ᠃ ᠵᠢᠱᠢᠶᠡᠯᠡᠪᠡᠯ ᠰᠢ ᠸᠧᠢ ᠶᠢᠨ ᠲᠠᠷᠢᠶᠠᠨ ᠡᠮ ᠤᠨ ᠬᠤᠤᠷᠳᠠᠯ ᠳᠤ ᠭᠡᠷᠡᠭᠯᠡᠭᠦ ᠶᠢ ᠴᠠᠭᠠᠵᠠᠯᠠᠨ᠎ᠠ᠃       ② ᠭᠦᠭᠦᠷ ᠭᠦᠴᠢᠯ ᠤᠨ ᠠᠲᠷᠤᠫᠢᠨ ᠡᠮ᠄ ᠡᠨᠡ ᠨᠢ ᠲᠦᠷᠭᠡᠨ ᠴᠢᠨᠠᠷ ᠲᠠᠢ ᠤᠷᠭᠠᠨᠢᠭ ᠹᠤᠰᠹᠤᠷ ᠤᠨ ᠲᠠᠷᠢᠶᠠᠨ ᠡᠮ ᠤᠨ ᠬᠤᠤᠷᠳᠠᠯ ᠪᠠ ᠰᠢᠪᠳᠤᠷᠳᠤ ᠭᠦᠴᠢᠯ ᠤᠨ ᠡᠰᠲ᠋ᠧᠷ ᠢᠰᠭᠡᠭᠦᠷ ᠤᠨ ᠲᠦᠷᠦᠯ ᠤᠨ ᠲᠠᠷᠢᠶᠠᠨ ᠡᠮ ᠤᠨ ᠬᠤᠤᠷᠳᠠᠯ ᠢ ᠲᠠᠶᠢᠯᠬᠤ ᠡᠮ ᠪᠤᠯᠤᠨ᠎ᠠ᠃       ③ ᠤᠰᠤᠳᠦ᠋ᠷᠦᠭᠴᠢ ᠭᠦᠭᠦᠷ ᠤᠨ ᠪᠦᠯᠦᠭ ᠤᠨ ᠤᠷᠤᠠᠵᠢᠪᠤᠷᠢ ᠡᠮ᠄ ᠡᠨᠡ ᠲᠦᠷᠦᠯ ᠤᠨ ᠡᠮ ᠨᠢ ᠠᠷᠰᠸᠠ᠂ ᠤᠷᠭᠠᠨᠢᠭ ᠾᠯᠤᠷ ᠡᠮ ᠤᠨ ᠬᠤᠤᠷᠳᠠᠯ ᠳᠤ ᠬᠤᠤᠷ ᠲᠠᠶᠢᠯᠬᠤ ᠦᠢᠯᠡᠳᠦᠯ ᠲᠠᠢ᠃ ᠪᠠᠰᠠ ᠴᠤ ᠤᠷᠭᠠᠨᠢᠭ ᠴᠠᠭᠠᠨ ᠲᠤᠭᠤᠯᠭ᠎ᠠ᠂ ᠪᠷᠤᠮᠳᠦ ᠮᠧᠲ᠋ᠠᠨ ᠵᠡᠷᠭᠡ ᠲᠠᠷᠢᠶᠠᠨ ᠡᠮ ᠤᠨ ᠬᠤᠤᠷᠳᠠᠯ ᠢ ᠲᠠᠶᠢᠯᠬᠤ ᠳᠤ ᠭᠡᠷᠡᠭᠯᠡᠵᠤ᠂ ᠦᠷᠭᠦᠯᠵᠢ ᠳᠡᠭᠡᠨ ᠬᠤᠶᠠᠷ ᠤᠰᠤᠳᠦ᠋ᠷᠦᠭᠴᠢ ᠬᠦᠬᠦᠷ ᠤᠨ ᠪᠦᠯᠦᠭᠳᠦ ᠫᠷᠤᠫᠠ ᠬᠦᠬᠦᠷᠯᠢᠭ ᠬᠦᠴᠢᠯ ᠤᠨ ᠨᠠᠲᠷᠢ᠂ ᠬᠤᠶᠠᠷ ᠤᠰᠤᠳᠦ᠋ᠷᠦᠭᠴᠢ ᠬᠦᠬᠦᠷ ᠤᠨ ᠪᠦᠯᠦᠭᠳᠦ ᠪᠦᠲ᠋ᠢᠯ ᠬᠤᠶᠠᠷᠴᠢ ᠬᠦᠴᠢᠯ ᠤᠨ ᠨᠠᠲᠷᠢ᠂ ᠬᠤᠶᠠᠷ ᠤᠰᠤᠳᠦ᠋ᠷᠦᠭᠴᠢ ᠬᠦᠬᠦᠷ ᠤᠨ ᠪᠦᠯᠦᠭᠳᠦ ᠫᠷᠤᠫᠢᠯ ᠠᠯᠺᠤᠤᠯ᠂ ᠬᠦᠬᠡ ᠬᠦᠬᠡᠴᠦ ᠶᠢᠨ ᠠᠮᠢᠨ ᠵᠡᠷᠭᠡ ᠪᠤᠢ᠃      ④ ᠡᠲ᠋ᠠ ᠠᠰᠢᠯᠳᠦ ᠠᠮᠢᠨ᠄ ᠡᠨᠡ ᠡᠮ ᠨᠢ ᠤᠷᠭᠠᠨᠢᠭ ᠹᠯᠤᠷ ᠤᠨ ᠲᠠᠷᠢᠶᠠᠨ ᠡᠮ ᠳᠤ ᠬᠤᠤᠷᠳ᠋ᠬᠠᠳ᠋ᠬᠠᠰᠠᠨ ᠤ ᠰᠡᠭᠦᠯᠡᠷ ᠨᠢᠭᠤᠠᠠᠳᠠᠮᠠᠯ ᠬᠤᠭᠤᠴᠠᠭ᠎ᠠ ᠶᠢ ᠤᠷᠳᠤᠳᠬᠠᠵᠤ᠂ ᠡᠪᠡᠳᠴᠢᠨ ᠤ ᠢᠯᠡᠷᠡᠯ ᠢ ᠭᠦᠡᠭᠭᠡᠷᠡᠭᠦᠯᠭᠦ ᠪᠤᠶᠤ ᠡᠪᠡᠳᠴᠢᠨ ᠡᠭᠦᠰᠭᠦ ᠶᠢ ᠬᠤᠷᠢᠠᠠᠯᠠᠵᠤ᠂ ᠮᠠᠰᠢ ᠰᠠᠶᠢᠨ ᠦᠷ᠎ᠠ ᠪᠦᠳᠦᠮᠵᠢ ᠲᠠᠢ ᠪᠠᠶᠢᠳᠠᠭ᠃      ︵2︶ ᠡᠪᠡᠳᠴᠢᠨ ᠳᠤᠨᠢ ᠲᠤᠭᠢᠷᠠᠭᠤᠯᠤᠨ ᠡᠮᠨᠡᠭᠦ     ① ᠠᠮᠢᠰᠬᠤᠯ ᠪᠦᠭᠯᠡᠷᠡᠭᠴᠢᠳ ᠢ ᠡᠮᠨᠡᠭᠦ᠄ ᠤᠷᠭᠠᠨᠢᠭ ᠹᠤᠰᠹᠤᠷ ᠤᠨ ᠲᠠᠷᠢᠶᠠᠨ ᠡᠮ ᠳᠤ ᠬᠤᠤᠷᠳ᠋ᠬᠠᠳᠠᠪᠠᠯ ᠠᠮᠢᠰᠬᠤᠬᠤ  ᠳᠤ ᠭᠦᠴᠢᠷᠳᠡᠵᠤ ᠠᠮᠢᠰᠬᠤᠯ ᠲᠠᠰᠤᠯᠳᠠᠵᠤ ᠪᠠᠶᠢᠳᠠᠭ ᠲᠤᠯᠠ ᠠᠲᠷᠤᠫᠢᠨ᠂ ᠰᠦᠰᠦᠨ ᠱᠦᠯᠳᠤ ᠡᠰᠲ᠋ᠧᠷ ᠢᠰᠭᠡᠭᠦᠷ ᠡᠮ ᠢ ᠭᠡᠷᠡᠭᠯᠡᠵᠤ ᠪᠤᠯᠤᠨ᠎ᠠ᠃ ᠭᠡᠷᠪᠡ ᠬᠤᠤᠷᠳ᠋ᠬᠠᠳ᠋ᠬᠠᠰᠠᠳ ᠤᠨ ᠠᠮᠢᠰᠬᠤᠯ ᠨᠢ ᠵᠤᠠᠠᠰᠤᠠᠠᠰᠠᠨ ᠪᠤᠯ ᠲᠠᠷᠦ᠋ᠢᠬᠠᠨ ᠭᠦᠴᠢᠯᠳᠦ᠋ᠷᠦᠭᠴᠢ ᠰᠤᠷᠤᠭᠤᠯᠵᠤ᠂ ᠭᠦᠮᠦᠨ ᠤ ᠭᠦᠴᠤ ᠪᠠᠷ ᠠᠮᠢᠰᠬᠤᠭᠤᠯᠵᠤ᠂ ᠤᠷᠢᠳ ᠢᠶᠠᠷ ᠬᠤᠤᠷᠳ᠋ᠬᠠᠳ᠋ᠬᠠᠰᠠᠳ ᠤᠨ ᠠᠮᠢᠰᠬᠤᠯ ᠤᠨ ᠵᠠᠮ ᠢ ᠴᠡᠪᠡᠷᠯᠡᠵᠤ ᠰᠢᠯᠤᠭᠤᠳᠬᠠᠬᠤ ᠭᠡᠷᠡᠭᠳᠡᠢ᠃       ② ᠵᠢᠷᠦᠭᠡᠨ ᠴᠤᠭᠢᠯᠭ᠎ᠠ ᠨᠢ ᠭᠡᠨᠡᠳᠳᠡ ᠵᠤᠠᠠᠰᠤᠠᠠᠴᠢᠳ ᠢ ᠡᠮᠨᠡᠭᠦ᠄ ᠡᠨᠡ ᠢᠯᠡᠷᠡᠯ ᠪᠤᠯ ᠲᠤᠩ ᠠᠶᠤᠮᠰᠢᠭ ᠲᠠᠢ᠂ ᠬᠤᠤᠷᠳ᠋ᠬᠠᠳ᠋ᠬᠠᠰᠠᠳ ᠤᠨ ᠠᠮᠢ ᠨᠠᠰᠤ ᠶᠢ ᠰᠦᠷᠳᠡᠭᠦᠯᠳᠡᠭ᠃ ᠠᠮᠢᠰᠬᠤᠯ ᠨᠢ ᠵᠤᠠᠠᠰᠤᠠᠠᠰᠠᠨ ᠠᠴᠠ ᠪᠤᠶᠤ ᠲᠠᠷᠢᠶᠠᠨ ᠡᠮ ᠨᠢ ᠵᠢᠷᠦᠭᠡᠨ ᠳᠤ ᠰᠢᠭᠤᠳ ᠬᠤᠤᠷ ᠤᠨ ᠦᠢᠯᠡᠳᠦᠯ ᠦᠵᠡᠭᠦᠯᠦᠭᠰᠡᠨ ᠠᠴᠠ ᠡᠭᠦᠰᠳᠡᠭ᠃ ᠡᠶᠢᠮᠤ ᠦᠶ᠎ᠠ ᠳᠤ ᠴᠠᠭ ᠮᠢᠨᠦ᠋ᠲ ᠢ ᠵᠠᠪᠳᠤᠨ ᠲᠦᠷᠭᠡᠨ ᠠᠪᠤᠷᠠᠬᠤ ᠭᠡᠷᠡᠭᠳᠡᠢ᠃      ③ ᠦᠭᠦᠳᠭᠢᠭᠦ ᠶᠢ ᠡᠮᠨᠡᠭᠦ᠄ ᠲᠦᠷᠭᠡᠨ ᠴᠢᠨᠠᠷ ᠲᠠᠢ ᠲᠠᠷᠢᠶᠠᠨ ᠡᠮ ᠳᠤ ᠬᠤᠤᠷᠳ᠋ᠬᠠᠳᠠᠬᠤ ᠪᠤᠶᠤ ᠲᠤᠯᠤᠭᠠᠢ ᠬᠠᠭᠠᠷᠠᠮ᠎ᠠ ᠡᠪᠡᠳᠪᠡᠯ ᠴᠦᠮ ᠦᠭᠦᠳᠭᠢᠨ ᠤᠨᠠᠳᠠᠭ᠃ ᠢᠯᠠᠷᠠᠯ ᠨᠢ ᠭᠡᠪᠡᠯ ᠪᠦᠭᠦ ᠪᠡᠶ᠎ᠠ ᠲᠦᠷᠭᠡᠨ ᠮᠠᠭᠤᠳᠠᠵᠤ᠂ ᠮᠡᠳᠡᠷᠡᠯ ᠠᠯᠳᠠᠵᠤ᠂ ᠪᠡᠶ᠎ᠠ ᠨᠢ ᠰᠤᠯᠠᠷᠠᠵᠤ᠂ ᠲᠦᠷᠪᠡᠨ ᠮᠦᠴᠢ ᠨᠢ ᠭᠦᠷᠦᠵᠤ᠂ ᠴᠢᠷᠠᠢ ᠨᠢ ᠬᠤᠵᠢᠢᠵᠤ᠂ ᠭᠦᠭᠡᠷᠡᠵᠤ᠂ ᠰᠤᠳᠠᠯ ᠤᠨ ᠯᠤᠭᠰᠢᠯᠳᠡ ᠲᠦᠷᠭᠡᠳᠭᠦ ᠪᠠ ᠨᠠᠷᠢᠰᠴᠤ᠂ ᠴᠢᠰᠤᠨ ᠲᠠᠷᠤᠯᠳᠠ ᠨᠢ ᠪᠠᠭᠤᠷᠠᠳᠠᠭ᠃ ᠦᠭᠦᠳᠭᠢᠨ ᠤᠨ᠋ᠬᠠᠰᠠᠳ ᠢ ᠲᠦᠷᠭᠡᠨ ᠠᠪᠤᠷᠠᠬᠤ ᠳᠤ ᠡᠪᠡᠳᠴᠢᠳᠡᠨ ᠤ ᠭᠦᠯ ᠢ ᠨᠢ ᠲᠡᠭᠡᠷ᠎ᠡ ᠲᠤᠯᠤᠭᠠᠢ ᠶᠢ ᠨᠢ ᠲᠤᠤᠷ᠎ᠠ ᠪᠠᠶᠢᠯᠭᠠᠨ᠂ ᠲᠤᠯᠠᠭᠠᠨ ᠢ ᠬᠠᠮᠠᠭᠠᠯᠠᠵᠤ᠂ ᠴᠢᠬᠤᠯᠠ ᠲᠠᠢ ᠦᠶᠡᠰ ᠴᠢᠰᠤ ᠶᠡᠭᠦᠯᠡᠭᠦ᠂ ᠭᠦᠴᠢᠯᠳᠦ᠋ᠷᠦᠭᠴᠢᠳᠦ ᠠᠮᠢᠰᠬᠤᠯ ᠭᠢᠬᠦ ᠪᠠ ᠭᠦᠮᠦᠨ ᠤ ᠭᠦᠴᠤ ᠪᠠᠷ ᠠᠮᠢᠰᠬᠤᠭᠤᠯᠬᠤ ᠭᠡᠷᠡᠭᠳᠡᠢ᠃      ④ ᠮᠠᠨᠠᠷᠬᠠᠰᠠᠳ ᠢ ᠡᠮᠨᠡᠭᠦ᠄ ᠲᠦᠷᠭᠡᠨ ᠠᠪᠤᠷᠠᠬᠤ ᠳᠠᠭᠠᠨ ᠡᠪᠡᠳᠴᠢᠳᠡᠨ ᠢ ᠲᠡᠭᠰᠢᠭᠡᠨ ᠭᠡᠪᠳᠡᠭᠦᠯᠵᠤ᠂ ᠲᠤᠯᠤᠭᠠᠢ ᠶᠢ  ᠨᠢ ᠵᠢᠭᠠᠬᠠᠨ ᠤᠨᠵᠢᠢᠯᠭᠠᠵᠤ᠂ ᠭᠦᠴᠢᠯᠳᠦ᠋ᠷᠦᠭᠴᠢᠳᠦ ᠠᠮᠢᠰᠬᠤᠯ ᠭᠢᠬᠦ ᠪᠡ ᠡᠪᠡᠳᠴᠢᠨ ᠳᠤᠨᠢ ᠵᠤᠭᠢᠴᠠᠭᠤᠯᠤᠨ ᠡᠮᠨᠡᠭᠦ ᠭᠡᠷᠡᠭᠳᠡᠢ᠃      ⑤ ᠲᠠᠳᠠᠪᠠᠯᠵᠬᠠᠰᠠᠳ ᠢ ᠡᠮᠨᠡᠭᠦ᠄ ᠭᠦᠴᠢᠯᠳᠦ᠋ᠷᠦᠭᠴᠢ ᠲᠤᠳ᠋ᠬᠠᠳ᠋ᠬᠠᠰᠠᠨ ᠲᠠᠳᠠᠪᠠᠯᠵᠬᠠᠰᠠᠳ ᠲᠤ ᠭᠦᠴᠢᠯᠳᠦ᠋ᠷᠦᠭᠴᠢᠳᠦ ᠠᠮᠢᠰᠬᠤᠯ ᠭᠢᠵᠦ ᠪᠤᠰᠤᠳ ᠬᠤᠤᠷᠳᠠᠯ ᠠᠴᠠ ᠪᠤᠯᠤᠠᠠᠰᠠᠨ ᠲᠠᠳᠠᠪᠠᠯᠵᠠᠯ ᠳᠤ ᠾᠯᠤᠷ ᠤᠨ ᠰᠢᠩᠭᠡᠨ ᠢ ᠭᠡᠳᠡᠰᠤᠨ ᠳᠤᠨᠢ ᠴᠢᠳᠬᠤᠵᠤ᠂ ᠹᠧᠨᠤᠯᠳᠦ ᠪᠠᠷᠭᠢᠲ᠋ᠠᠯ ᠨᠠᠲᠷᠢ ᠶᠢ ᠪᠤᠯᠴᠢᠩ ᠳᠤᠨᠢ ᠵᠡᠭᠦᠯᠡᠭᠦ ᠭᠡᠷᠡᠭᠳᠡᠢ᠃      ⑥ ᠲᠠᠪᠴᠢᠶᠠᠷᠢ ᠠᠯᠳ᠋ᠬᠠᠰᠠᠳ ᠢ ᠡᠮᠨᠡᠭᠦ᠄ ᠾᠯᠤᠷ ᠤᠨ ᠰᠢᠩᠭᠡᠨ ᠢ ᠭᠡᠳᠡᠰᠤᠨ ᠳᠤᠨᠢ ᠴᠢᠳᠬᠤᠵᠤ᠂ ᠡᠲ᠋ᠧᠷ ᠪᠠᠮᠪᠠᠢ ᠡᠪᠡᠰᠤᠨ ᠦᠨᠳᠤᠰᠤᠨ ᠤ ᠡᠮ ᠢ ᠤᠤᠭᠤᠯᠭᠠᠨ ᠨᠠᠮᠳᠠᠭᠤᠯᠤᠨ᠎ᠠ᠃      ⑦ ᠡᠪᠡᠳᠴᠤ ᠰᠢᠨᠠᠯᠤᠬᠴᠢᠳ ᠢ ᠡᠮᠨᠡᠭᠦ᠄ ᠡᠪᠡᠳᠭᠦ ᠶᠢ ᠲᠠᠷᠤᠬᠤ ᠡᠮ ᠤᠤᠭᠤᠯᠭᠠᠨ ᠵᠤᠠᠠᠰᠤᠭᠠᠨ᠎ᠠ᠃      ⑧ ᠠᠭᠤᠰᠭᠢ ᠨᠢ ᠬᠠᠪᠤᠩᠨ᠋ᠬᠠᠰᠠᠳ ᠢ ᠡᠮᠨᠡᠭᠦ᠄ ᠭᠦᠴᠢᠯᠳᠦ᠋ᠷᠦᠭᠴᠢ ᠰᠤᠷᠤᠭᠤᠯᠵᠤ᠂ ᠶᠡᠭᠡ ᠭᠡᠮᠵᠢᠶᠠᠨ ᠤ ᠪᠦᠭᠡᠷᠡᠨ ᠪᠤᠯᠴᠢᠷᠬᠠᠢ ᠶᠢᠨ ᠪᠤᠷᠤ ᠲᠠᠪᠬᠤᠷᠭ᠎ᠠ ᠶᠢᠨ ᠬᠤᠷᠮᠤᠨ᠂ ᠰᠢᠭᠡᠯᠭᠡᠭᠦ ᠡᠮ᠂ ᠺᠠᠯᠼᠳᠦ ᠡᠮ᠂ ᠪᠠᠺᠲ᠋ᠧᠷᠢ ᠲᠠᠷᠤᠬᠤ ᠡᠮ ᠵᠢᠴᠢ ᠪᠠᠭ᠎ᠠ ᠭᠡᠮᠵᠢᠶᠠᠨ ᠤ ᠲᠠᠶᠢᠪᠤᠰᠢᠷᠠᠭᠤᠯᠬᠤ ᠡᠮ ᠢ ᠭᠡᠷᠡᠭᠯᠡᠨ᠎ᠠ᠃      ⑨ ᠲᠠᠷᠢᠭᠢᠨ ᠤ ᠬᠠᠪᠤᠩᠨ᠋ᠬᠠᠴᠢᠳ ᠢ ᠡᠮᠨᠡᠭᠦ᠄ ᠭᠦᠴᠢᠯᠳᠦ᠋ᠷᠦᠭᠴᠢᠳᠦ ᠠᠮᠢᠰᠬᠤᠯ ᠭᠢᠵᠦ᠂ ᠲᠤᠯᠤᠭᠠᠢ ᠳᠤᠨᠢ ᠮᠦᠰᠤᠨ ᠵᠢᠩ ᠲᠠᠯᠪᠢᠵᠤ᠂ ᠦᠨᠳᠤᠷ ᠨᠠᠪᠴᠢᠯᠳᠡ ᠶᠢᠨ ᠦᠵᠦᠮ ᠤᠨ ᠰᠢᠭᠢᠷ᠂ ᠤᠰᠤ ᠠᠯᠳᠠᠭᠤᠯᠬᠤ ᠡᠮ᠂ ᠪᠤᠷᠤ ᠲᠠᠪᠬᠤᠷᠭ᠎ᠠ ᠶᠢᠨ ᠬᠤᠷᠮᠤᠨ᠂ ᠡᠯ᠎ᠠ ᠲᠦᠷᠦᠯ ᠤᠨ ᠺᠠᠯᠼᠳᠤ ᠡᠳ᠋ ᠵᠡᠷᠭᠡ ᠡᠮ ᠢ ᠭᠡᠷᠡᠭᠯᠡᠨ᠎ᠡ᠃      6. ᠲᠠᠷᠢᠶᠠᠨ ᠡᠮ ᠢ ᠭᠡᠷᠭᠢᠨ ᠠᠶᠤᠯ ᠦᠬᠡᠢ ᠭᠡᠷᠡᠭᠯᠡᠵᠤ᠂ ᠲᠠᠷᠢᠶᠠᠨ ᠡᠮ ᠳᠤ ᠬᠤᠤᠷᠳᠠᠬᠳᠠᠬᠤ ᠠᠴᠠ ᠰᠡᠷᠭᠡᠶᠢᠯᠡᠭᠦ ᠪᠤᠢ︖      ︵1︶ ᠲᠠᠷᠢᠶᠠᠨ ᠡᠮ ᠬᠤᠳᠠᠯᠳᠤᠨ ᠠᠪᠬᠤ ᠳᠠᠭᠠᠨ ᠡᠩ ᠲᠠᠷᠢᠭᠦᠨ ᠳᠤ ᠲᠠᠷᠢᠶᠠᠨ ᠡᠮ ᠤᠨ ᠪᠤᠭᠤᠳᠠᠯ ᠪᠠᠭᠯᠠᠭ᠎ᠠ ᠶᠢ ᠰᠠᠶᠢᠳᠤᠷ ᠦᠵᠡᠵᠤ᠂ ᠭᠤᠭᠤᠵᠢᠬᠤ ᠠᠴᠠ ᠰᠡᠷᠭᠡᠶᠢᠯᠡᠨ᠎ᠠ᠃ ᠲᠠᠷᠢᠶᠠᠨ ᠡᠮ ᠤᠨ ᠨᠡᠷ᠎ᠡ᠂ ᠪᠦᠳᠦᠮᠵᠢᠳᠡᠢ ᠪᠦᠷᠢᠯᠳᠦᠭᠦᠨ ᠤ ᠠᠭᠤᠯᠤᠠᠠᠳᠠᠴᠠ᠂ ᠦᠢᠯᠡᠳᠪᠤᠷᠢ ᠠᠴᠠ ᠭᠠᠷᠭᠠᠠᠠᠰᠠᠨ ᠴᠠᠭ ᠬᠤᠭᠤᠴᠠᠭ᠎ᠠ᠂ ᠭᠡᠷᠡᠭᠯᠡᠭᠦ ᠲᠤᠳᠤᠷᠬᠠᠶᠢᠯᠠᠯᠳᠠ ᠵᠡᠷᠭᠡ ᠶᠢ ᠨᠢᠮᠪᠠᠢ ᠠᠩᠬᠠᠷᠴᠤ᠂ ᠢᠯᠭᠠᠵᠤ ᠲᠡᠶᠢᠯᠭᠦ ᠦᠭᠡᠢ ᠪᠤᠶᠤ ᠬᠤᠭᠤᠴᠠᠭ᠎ᠠ ᠨᠢ ᠦᠡᠭᠭᠡᠷᠡᠭᠰᠡᠨ ᠲᠠᠷᠢᠶᠠᠨ ᠡᠮ ᠢ ᠭᠡᠷᠡᠭᠯᠡᠵᠤ ᠪᠤᠯᠬᠤ ᠦᠭᠡᠢ᠃       ︵2︶ ᠲᠠᠷᠢᠶᠠᠨ ᠡᠮ ᠢ ᠲᠡᠭᠡᠭᠡᠪᠤᠷᠢᠯᠡᠭᠦ ᠳᠡᠭᠡᠨ ᠤᠷᠢᠳ ᠢᠶᠠᠷ ᠪᠤᠭᠤᠳᠠᠯ ᠪᠠᠭᠯᠠᠭ᠎ᠠ ᠨᠢ ᠪᠦᠳᠦᠨ ᠪᠠᠶᠢᠬᠤ ᠡᠰᠡᠭᠦ ᠶᠢ ᠪᠠᠶᠢᠴᠠᠭᠠᠵᠤ᠂ ᠨᠠᠪᠴᠢᠵᠤ ᠭᠤᠭᠤᠵᠢᠵᠤ ᠪᠠᠶᠢᠬᠤ ᠪᠡ ᠤᠷᠬᠠᠳᠠᠵᠤ ᠬᠠᠭᠠᠷᠬᠠᠰᠠᠨ ᠪᠠᠶᠢᠪᠠᠯ ᠭᠡᠷᠡᠭᠯᠡᠭᠦ ᠪᠠᠷ ᠲᠤᠠᠠᠳᠠᠭᠠᠠᠰᠠᠨ ᠮᠠᠲ᠋ᠧᠷᠢᠶᠠᠯ ᠢᠶᠠᠷ ᠲᠠᠭᠢᠨ ᠪᠤᠭᠤᠵᠤ ᠪᠠᠭᠯᠠᠭᠠᠳ ᠲᠡᠭᠡᠭᠡᠪᠦᠷᠢᠯᠡᠭᠦ ᠭᠡᠷᠡᠭᠳᠡᠢ᠃       ︵3︶ ᠲᠠᠷᠢᠶᠠᠨ ᠡᠮ ᠢ ᠠᠮᠤ ᠪᠤᠳᠠᠭ᠎ᠠ᠂ ᠨᠤᠭᠤᠭ᠎ᠠ ᠴᠠᠭ᠎ᠠ᠂ ᠭᠤᠸᠠ ᠵᠢᠮᠢᠰ᠂ ᠢᠳᠡᠭᠡᠨ ᠤ ᠵᠦᠢᠯ᠂ ᠡᠳᠤᠷ ᠲᠤᠳᠤᠮ ᠤᠨ ᠭᠡᠷᠡᠭᠯᠡᠭᠡᠨ ᠤ ᠵᠦᠢᠯ ᠵᠡᠷᠭᠡ ᠲᠠᠢ ᠴᠤᠭ ᠠᠴᠢᠶᠠᠯᠠᠬᠤ ᠪᠠ ᠴᠤᠭ ᠲᠠᠯᠪᠢᠵᠤ ᠪᠤᠯᠬᠤ ᠦᠭᠡᠢ᠂ ᠲᠤᠰᠬᠠᠢ ᠭᠦᠮᠦᠨ ᠢᠶᠠᠷ ᠬᠠᠮᠢᠶᠠᠷᠤᠭᠤᠯᠬᠤ ᠭᠡᠷᠡᠭᠳᠡᠢ᠃       ︵4︶ ᠬᠤᠤᠷ ᠶᠡᠭᠡᠳᠡᠢ ᠲᠠᠷᠢᠶᠠᠨ ᠡᠮ ᠵᠢᠱᠢᠶᠡᠯᠡᠪᠡᠯ ᠮᠧᠲ᠋ᠢᠯ 1605᠂ ᠮᠧᠲ᠋ᠢᠯ 1059᠂ ᠵᠢᠤ ᠰᠢᠶᠤᠤ ᠯᠢᠨ᠂ ᠵᠢᠶᠠ ᠠᠨ ᠯᠢᠨ᠂ ᠹᠦ᠋ ᠨᠠᠨ ᠳ᠋ᠠᠨ ᠵᠡᠷᠭᠡ ᠡᠮ ᠢ ᠨᠤᠭᠤᠭ᠎ᠠ ᠴᠠᠭ᠎ᠠ᠂ ᠵᠢᠮᠢᠰ ᠵᠡᠷᠭᠡ ᠲᠠᠷᠢᠮᠠᠯ ᠳᠤ ᠭᠡᠷᠡᠭᠯᠡᠵᠤ ᠪᠤᠯᠬᠤ ᠦᠭᠡᠢ᠃ ᠰᠦᠷᠴᠢᠨ ᠭᠡᠷᠡᠭᠯᠡᠵᠤ ᠪᠤᠯᠬᠤ ᠦᠭᠡᠢ᠃ ᠵᠢᠶᠠ ᠠᠨ ᠯᠢᠨ᠂ ᠳ᠋ᠦᠢ ᠯᠢᠤ ᠯᠢᠨ᠂ ᠮᠧᠲ᠋ᠢᠯ ᠳ᠋ᠦᠢ ᠯᠢᠤ ᠯᠢᠨ᠂ ᠵᠢᠤ ᠰᠢᠶᠤᠤ ᠯᠢᠨ᠂ ᠹᠤᠰᠹᠤᠷᠳᠤ ᠠᠮᠮᠤᠨᠢ ᠵᠡᠷᠭᠡ 5 ᠵᠦᠢᠯ ᠤᠨ ᠬᠤᠤᠷ ᠶᠡᠭᠡᠳᠡᠢ ᠤᠷᠭᠠᠨᠢᠭ ᠹᠤᠰᠹᠤᠷ ᠤᠨ ᠲᠠᠷᠢᠶᠠᠨ ᠡᠮ ᠤᠨ ᠬᠤᠯᠢᠴᠠᠭᠠᠳᠤ ᠡᠮ ᠢ ᠡᠵᠡᠩᠨᠡᠭᠦ ᠪᠡ ᠭᠡᠷᠡᠭᠯᠡᠵᠤ ᠪᠤᠯᠬᠤ ᠦᠭᠡᠢ᠃       ︵5︶ ᠡᠮ ᠭᠡᠷᠡᠭᠯᠡᠭᠦ ᠠᠴᠠ ᠡᠮᠦᠨ᠎ᠠ᠂ ᠡᠮ ᠤᠨ ᠮᠠᠰᠢᠨ ᠤ ᠪᠠᠨ ᠨᠡᠭᠡᠭᠡᠯᠭᠡ᠂ ᠵᠠᠯᠭᠠᠭᠤᠷ᠂ ᠴᠤᠷᠭᠤ ᠶᠢ ᠨᠠᠷᠢᠨ ᠪᠠᠶᠢᠴᠠᠭᠠᠵᠤ᠂ ᠡᠮ ᠰᠦᠷᠴᠢᠭᠦ ᠶᠠᠪᠤᠴᠠ ᠳᠤ ᠭᠡᠷᠪᠡ ᠪᠦᠭᠯᠡᠷᠡᠪᠡᠯ᠂ ᠴᠤᠷᠭᠤ᠂ ᠱᠦᠭᠦᠷᠡᠯᠳᠡ ᠶᠢ ᠠᠮᠡ ᠪᠠᠷ ᠢᠶᠠᠨ ᠦᠯᠢᠶᠡᠭᠦ ᠪᠤᠶᠤ ᠰᠤᠷᠤᠵᠤ ᠪᠤᠯᠬᠤ ᠦᠭᠡᠢ᠃       ︵6︶ ᠲᠠᠷᠢᠶᠠᠨ ᠡᠮ ᠰᠠᠪᠠᠯᠠᠵᠤ ᠪᠠᠶᠢᠠᠠᠰᠠᠨ ᠪᠤᠭᠤᠳᠠᠯ ᠪᠠᠭᠯᠠᠭ᠎ᠠ ᠳᠤ ᠠᠮᠤ ᠪᠤᠳᠠᠭ᠎ᠠ᠂ ᠲᠤᠰᠤ᠂ ᠠᠷᠢᠭᠢ᠂ ᠤᠰᠤ ᠵᠡᠷᠭᠡ ᠢᠳᠡᠭᠡᠨ ᠤᠮᠳᠠᠭᠠᠨ ᠪᠤᠯᠤᠨ ᠲᠡᠵᠢᠭᠡᠯ ᠪᠤᠷᠳᠤᠭ᠎ᠠ ᠰᠠᠪᠠᠯᠠᠵᠤ ᠪᠤᠯᠬᠤ ᠦᠭᠡᠢ᠂ ᠲᠦᠪᠯᠡᠷᠡᠭᠦᠯᠵᠤ ᠪᠠᠶᠢᠭᠠᠳ ᠰᠢᠢᠳᠪᠤᠷᠢᠯᠡᠭᠦ ᠭᠡᠷᠡᠭᠳᠡᠢ᠃       ︵7︶ ᠪᠡᠶ᠎ᠠ ᠮᠠᠭᠤᠳᠠᠢ ᠭᠦᠮᠦᠨ᠂ ᠠᠷᠠᠰᠤᠨ ᠡᠪᠡᠳᠴᠢᠨ ᠲᠠᠢ ᠭᠦᠮᠦᠨ ᠪᠤᠶᠤ ᠪᠤᠰᠤᠳ ᠵᠦᠢᠯ ᠤᠨ ᠡᠪᠡᠳᠴᠢᠨ ᠤᠯᠤᠭᠠᠳ ᠬᠠᠷᠠᠬᠠᠨ ᠡᠷᠡᠭᠦᠯᠰᠢᠭᠡᠳᠦᠢ ᠭᠦᠮᠦᠨ᠂ ᠭᠦᠭᠦᠭᠦᠯ ᠤᠨ ᠬᠤᠭᠤᠴᠠᠭ᠎ᠠ᠂ ᠵᠢᠷᠮᠤᠰᠤᠨ ᠬᠤᠭᠤᠴᠠᠭ᠎ᠠ ᠪᠠ ᠰᠠᠷ᠎ᠠ ᠶᠢᠨ ᠭᠭᠢᠷ ᠤᠨ ᠬᠤᠭᠤᠴᠠᠭᠠᠨ ᠳᠠᠬᠢ ᠪᠦᠰᠡᠭᠦ᠋ᠢᠴᠤᠳ᠂ ᠠᠷᠠᠰᠤᠨ ᠳᠠᠭᠠᠨ ᠰᠢᠷᠬ᠎ᠠ ᠲᠠᠢ ᠭᠦᠮᠦᠰ ᠲᠠᠷᠢᠶᠠᠨ ᠡᠮ ᠭᠡᠷᠡᠭᠯᠡᠭᠦ ᠳᠤ ᠤᠷᠤᠯᠴᠠᠵᠤ ᠪᠤᠯᠬᠤ ᠦᠭᠡᠢ᠃       ︵8︶ ᠲᠠᠷᠢᠶᠠᠨ ᠡᠮ ᠭᠡᠷᠡᠭᠯᠡᠭᠴᠢᠳ ᠡᠮ ᠭᠡᠷᠡᠭᠯᠡᠵᠤ ᠪᠠᠶᠢᠬᠤ ᠳᠠᠭᠠᠨ ᠠᠷᠢᠭᠢ ᠤᠤᠭᠤᠵᠤ ᠪᠤᠯᠬᠤ ᠦᠭᠡᠢ᠃ ᠲᠠᠷᠢᠶᠠᠨ ᠡᠮ ᠭᠡᠷᠡᠭᠯᠡᠭᠦ ᠳᠡᠭᠡᠨ ᠬᠤᠤᠷ ᠰᠡᠷᠭᠡᠶᠢᠯᠡᠭᠦ ᠠᠮᠠᠪᠴᠢ ᠵᠡᠭᠦᠵᠤ᠂ ᠤᠷᠳᠤ ᠬᠠᠨᠴᠤᠢ ᠲᠠᠢ ᠬᠤᠪᠴᠠᠰᠤ ᠪᠠ ᠤᠷᠳᠤ ᠲᠦᠷᠡᠢ ᠲᠠᠢ ᠤᠶᠢᠮᠤᠰᠤ ᠡᠮᠦᠰᠴᠤ᠂ ᠠᠵᠢᠯᠯᠠᠵᠤ ᠪᠠᠶᠢᠬᠤ ᠴᠠᠭ ᠲᠠᠭᠠᠨ ᠲᠠᠮᠡᠭᠢ ᠲᠠᠳᠠᠵᠤ᠂ ᠠᠷᠢᠭᠢ ᠤᠤᠭᠤᠵᠤ᠂ ᠢᠳᠡᠭᠡᠨ ᠢᠳᠡᠵᠤ ᠪᠤᠯᠬᠤ ᠦᠭᠡᠢ᠃ ᠲᠠᠷᠢᠶᠠᠨ ᠡᠮ ᠳᠤ ᠪᠤᠭᠢᠷᠳᠤᠠᠠᠰᠠᠨ ᠬᠤᠪᠴᠠᠰᠤ ᠪᠠᠨ ᠴᠠᠭ ᠲᠤᠬᠠᠢ ᠳᠤᠨᠢ ᠤᠭᠢᠶᠠᠵᠤ ᠰᠤᠯᠢᠬᠤ ᠭᠡᠷᠡᠭᠳᠡᠢ᠃       ︵9︶ ᠲᠠᠷᠢᠶᠠᠨ ᠡᠮ ᠭᠡᠷᠡᠭᠯᠡᠭᠦ ᠭᠦᠮᠦᠰ ᠡᠮ ᠭᠡᠷᠡᠭᠯᠡᠭᠦ ᠴᠠᠭ ᠢᠶᠠᠨ ᠡᠳᠤᠷ ᠪᠦᠷᠢ 6 ᠴᠠᠭ ᠠᠴᠠ ᠭᠡᠳᠦᠷᠡᠭᠦᠯᠵᠤ ᠪᠤᠯᠬᠤ ᠦᠭᠡᠢ᠃ ᠡᠭᠦᠷᠭᠦ ᠭᠡᠯᠪᠡᠷᠢ ᠶᠢᠨ ᠮᠠᠰᠢᠨ ᠭᠦᠳᠡᠯᠭᠡᠭᠦᠷᠳᠤ ᠡᠮ ᠤᠨ ᠪᠠᠭᠠᠵᠢ ᠶᠢ ᠬᠤᠶᠠᠷ ᠭᠦᠮᠦᠨ ᠡᠭᠡᠯᠵᠢᠯᠡᠨ ᠭᠡᠷᠡᠭᠯᠡᠭᠦ ᠭᠡᠷᠡᠭᠳᠡᠢ᠃ ᠦᠷᠭᠦᠯᠵᠢᠯᠡᠨ 3~5 ᠡᠳᠤᠷ ᠡᠮ ᠭᠡᠷᠡᠭᠯᠡᠪᠡᠯ ᠨᠢᠭᠡ ᠡᠳᠤᠷ ᠠᠮᠠᠷᠠᠬᠤ ᠭᠡᠷᠡᠭᠳᠡᠢ᠃       ︵10︶ ᠲᠠᠷᠢᠶᠠᠨ ᠡᠮ ᠤᠨ ᠠᠵᠢᠯ ᠭᠢᠭᠰᠡᠳ ᠭᠡᠷᠪᠡ ᠲᠤᠯᠤᠭᠠᠢ ᠡᠪᠡᠳᠭᠦ᠂ ᠲᠤᠯᠤᠭᠠᠢ ᠡᠷᠭᠢᠭᠦ᠂ ᠲᠤᠷ᠎ᠠ ᠪᠤᠯᠭᠢᠬᠤ ᠂ ᠪᠦᠭᠡᠯᠵᠢᠭᠦ ᠵᠡᠷᠭᠡ ᠢᠯᠡᠷᠡᠯ ᠭᠠᠷᠪᠠᠯ᠂ ᠲᠠᠷᠦ᠋ᠢᠬᠠᠨ ᠲᠤᠬᠠᠢ ᠶᠢᠨ ᠲᠠᠯᠠᠪᠤᠷ ᠠᠴᠠ ᠵᠠᠶᠢᠯᠠᠵᠤ᠂ ᠪᠤᠭᠢᠷᠳᠤᠠᠠᠰᠠᠨ ᠬᠤᠪᠴᠠᠰᠤ ᠬᠤᠨᠠᠷ ᠢᠶᠠᠨ ᠰᠤᠯᠢᠬᠤ ᠶᠢᠨ ᠲᠠᠭᠠᠤ ᠠᠮᠠ ᠪᠠᠨ ᠵᠠᠶᠢᠯᠵᠤ᠂ ᠨᠢᠭᠤᠷ ᠭᠠᠷ᠂ ᠪᠤᠰᠤᠳ ᠢᠯᠡ ᠭᠡᠰᠡᠭ ᠢᠶᠠᠨ ᠤᠭᠢᠶᠠᠵᠤ᠂ ᠲᠠᠷᠦ᠋ᠢᠬᠠᠨ ᠡᠮᠨᠡᠯᠭᠡ ᠳᠤ ᠭᠦᠷᠴᠤ ᠡᠮᠨᠡᠭᠦᠯᠭᠦ ᠭᠡᠷᠡᠭᠳᠡᠢ᠃  
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号