ᠥᠪᠥᠷ ᠮᠣᠩᠭᠤᠯ ᠣᠷᠣᠨ ᠳᠠᠬᠢ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ
ᠨᠡᠶᠢᠲᠡᠯᠡᠭᠰᠡᠨ ᠴᠠᠭ᠄
2021/2/23

     2021 ᠣᠨ ᠤ 2 ᠰᠠᠷ᠎ᠠ ᠶᠢᠨ 22 ᠤᠨ ᠡᠳᠦᠷ ᠤᠨ 7 ᠴᠠᠭ ᠠᠴᠠ 2 ᠰᠠᠷ᠎ᠠ ᠶᠢᠨ 23 ᠤ ᠡᠳᠦᠷ ᠤᠨ 7 ᠴᠠᠭ ᠪᠣᠯᠲᠠᠯ᠎ᠠ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠳᠤ ᠲᠣᠳᠣᠯᠠᠭᠰᠠᠨ ᠡᠪᠡᠳᠴᠢᠨ ᠤ ᠵᠢᠱᠢᠶ᠎ᠡ᠂ ᠰᠡᠵᠢᠭᠯᠡᠯᠲᠡᠢ ᠡᠪᠡᠳᠴᠢᠨ ᠤ ᠵᠢᠱᠢᠶ᠎ᠡ ᠪᠠ ᠡᠪᠡᠳᠴᠢᠨ ᠤ ᠢᠯᠡᠷᠡᠯ ᠦᠭᠡᠢ ᠬᠠᠯᠳᠠᠪᠤᠷᠢᠯᠠᠭᠳᠠᠭᠴᠢ ᠨᠡᠮᠡᠭᠳᠡᠭᠰᠡᠨ ᠦᠭᠡᠢ᠃
     2021 ᠣᠨ ᠤ 2 ᠰᠠᠷ᠎ᠠ ᠶᠢᠨ 23 ᠤ ᠡᠳᠦᠷ ᠤᠨ 7 ᠴᠠᠭ ᠪᠣᠯᠲᠠᠯ᠎ᠠ᠂ ᠬᠢᠯᠢ ᠶᠢᠨ ᠭᠠᠳᠠᠨ᠎ᠠ ᠠᠴᠠ ᠣᠷᠣᠵᠤ ᠢᠷᠡᠭᠰᠡᠨ ᠲᠣᠳᠣᠯᠠᠭᠰᠠᠨ ᠡᠪᠡᠳᠴᠢᠨ ᠤ ᠵᠢᠱᠢᠶ᠎ᠡ 1 ᠪᠠᠶᠢᠵᠤ᠂ ᠲᠣᠭᠲᠠᠭᠰᠠᠨ ᠡᠮᠨᠡᠯᠭᠡ ᠶᠢᠨ ᠬᠤᠷᠢᠶ᠎ᠠ ᠳᠤ ᠲᠤᠰᠠᠭᠠᠷᠯᠠᠨ ᠡᠮᠴᠢᠯᠡᠵᠦ᠂ ᠨᠢᠭᠲᠠ ᠣᠶᠢᠷᠠᠲᠤᠭᠰᠠᠳ ᠢ ᠨᠢ ᠪᠦᠬᠦᠨ ᠢ ᠲᠣᠭᠲᠠᠭᠰᠠᠨ ᠭᠠᠵᠠᠷ ᠲᠤ ᠲᠥᠪᠯᠡᠷᠡᠭᠦᠯᠦᠨ ᠲᠤᠰᠠᠭᠠᠷᠯᠠᠵᠤ ᠠᠨᠠᠭᠠᠬᠤ ᠤᠬᠠᠭᠠᠨ ᠤ ᠠᠵᠢᠭᠯᠠᠯᠲᠠ ᠬᠢᠵᠦ᠂ ᠪᠦᠬᠦ ᠶᠠᠪᠤᠴᠠ ᠳᠤ ᠪᠢᠲᠡᠭᠦᠮᠵᠢᠯᠡᠭᠰᠡᠨ ᠬᠠᠮᠢᠶᠠᠷᠤᠯᠲᠠ ᠬᠢᠵᠦ᠂ ᠬᠢᠵᠢᠭ ᠲᠠᠷᠬᠠᠬᠤ ᠶᠢ ᠴᠢᠩᠭ᠎ᠠ ᠰᠡᠷᠭᠡᠶᠢᠯᠡᠵᠦ ᠪᠠᠶᠢᠨ᠎ᠠ᠃
     ᠴᠠᠭᠠᠨ ᠰᠠᠷ᠎ᠠ ᠶᠢᠨ ᠠᠮᠠᠷᠠᠯᠲᠠ ᠶᠢᠨ ᠳᠠᠷᠠᠭᠠᠬᠢ ᠬᠢᠵᠢᠭ ᠢ ᠰᠡᠷᠭᠡᠶᠢᠯᠡᠬᠦ ᠰᠠᠨᠠᠭᠤᠯᠤᠮᠵᠢ᠄ ᠪᠤᠴᠠᠬᠤ ᠵᠠᠮ ᠳᠠᠭᠠᠨ᠂ ᠬᠤᠪᠢ ᠬᠥᠮᠥᠨ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ ᠶᠢᠨ ᠱᠠᠭᠠᠷᠳᠠᠯᠭ᠎ᠠ ᠶᠢ ᠴᠢᠩᠭ᠎ᠠ ᠵᠢᠷᠤᠮᠯᠠᠵᠤ᠂ ᠥᠷᠲᠡᠭᠡᠨ ᠳᠤ ᠣᠷᠣᠬᠤ ᠡᠭᠦᠳᠡ᠂ ᠠᠮᠤᠷ ᠲᠦᠪᠰᠢᠨ ᠤ ᠪᠠᠶᠢᠴᠠᠭᠠᠯᠲᠠ ᠶᠢᠨ ᠡᠭᠦᠳᠡ ᠵᠢᠴᠢ ᠪᠢᠯᠧᠲ ᠰᠢᠯᠭᠠᠬᠤ ᠭᠠᠵᠠᠷ ᠲᠤ ︽ᠨᠢᠭᠡ ᠮᠧᠲᠷ ᠤᠨ ᠵᠠᠢ︾ ᠶᠢ ᠵᠢᠷᠤᠮᠯᠠᠨ᠂ ᠪᠡᠶ᠎ᠡ ᠶᠢᠨ ᠳᠤᠯᠠᠭᠠᠨ ᠢᠶᠠᠨ ᠬᠢᠨᠠᠮᠠᠭᠠᠢ ᠬᠡᠮᠵᠢᠵᠦ᠂ ᠠᠮᠠᠪᠴᠢ ᠵᠡᠭᠦᠬᠦ ᠬᠡᠷᠡᠭᠲᠡᠢ᠃ ᠬᠡᠷᠪᠡ ᠨᠡᠶᠢᠲᠡ ᠶᠢᠨ ᠮᠠᠰᠢᠨ ᠲᠡᠷᠭᠡ᠂ ᠨᠢᠰᠭᠡᠯ ᠵᠡᠷᠭᠡ ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠪᠠᠭᠠᠵᠢ ᠳᠤ ᠰᠠᠭᠤᠪᠠᠯ᠂ ᠡᠭᠡᠯᠵᠢ ᠤᠳᠠᠭ᠎ᠠ᠂ ᠴᠠᠭ ᠵᠢᠴᠢ ᠰᠠᠭᠤᠳᠠᠯ ᠤᠨ ᠳ᠋ᠤᠭᠠᠷ ᠢᠶᠠᠨ ᠴᠡᠭᠡᠵᠢᠯᠡᠬᠦ ᠶᠢᠨ ᠬᠠᠮᠲᠤ ᠪᠢᠯᠧᠲ ᠪᠠᠷᠢᠮᠲᠠ ᠪᠠᠨ ᠲᠣᠬᠢᠲᠠᠢ ᠬᠠᠳᠠᠭᠠᠯᠠᠵᠤ᠂ ᠬᠢᠵᠢᠭ ᠤᠨ ᠪᠠᠶᠢᠳᠠᠯ ᠭᠠᠷᠪᠠᠯ ᠴᠠᠭ ᠲᠤᠬᠠᠢ ᠳᠤᠨᠢ ᠮᠥᠷᠳᠡᠨ ᠨᠡᠬᠡᠮᠵᠢᠯᠡᠵᠦ ᠪᠣᠯᠬᠤ ᠶᠢ ᠦᠨᠡᠨᠬᠦ ᠪᠠᠲᠤᠯᠠᠬᠤ ᠬᠡᠷᠡᠭᠲᠡᠢ᠃ ᠬᠡᠷᠪᠡ ᠬᠤᠪᠢ ᠶᠢᠨ ᠲᠡᠷᠭᠡ ᠪᠠ ᠰᠦᠯᠵᠢᠶᠡᠨ ᠪᠣᠯᠵᠣᠯᠲᠤ ᠲᠡᠷᠭᠡᠨ ᠳᠤ ᠰᠠᠭᠤᠪᠠᠯ᠂ ᠲᠡᠷᠭᠡᠨ ᠨᠣᠮᠧᠷ ᠢ ᠨᠢ ᠴᠡᠭᠡᠵᠢᠯᠡᠵᠦ᠂ ᠠᠯᠢ ᠴᠢᠳᠠᠬᠤ ᠪᠠᠷ ᠠᠷᠤ ᠶᠢᠨ ᠰᠠᠭᠤᠳᠠᠯ ᠳᠤ ᠨᠢ ᠰᠠᠭᠤᠵᠤ᠂ ᠴᠣᠩᠬᠤ ᠪᠠᠨ ᠢᠯᠡᠭᠦᠬᠡᠨ ᠨᠡᠭᠡᠭᠡᠵᠦ ᠰᠠᠯᠬᠢ ᠨᠡᠪᠲᠡᠷᠡᠭᠦᠯᠦᠨ᠂ ᠬᠤᠪᠢ ᠬᠥᠮᠥᠨ ᠤ ᠬᠠᠮᠠᠭᠠᠯᠠᠯᠲᠠ ᠪᠠᠨ ᠰᠠᠶᠢᠲᠤᠷ ᠬᠢᠭᠡᠷᠡᠢ᠃  

ᠢᠷᠡᠯᠲᠡ᠄ ᠦᠪᠦᠷ ᠮᠣᠩᠭᠤᠯ ᠤᠨ ᠡᠳᠦᠷ ᠤᠨ ᠰᠤᠨᠢᠨ