ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠰᠣᠶᠣᠯ ᠣᠯᠠᠮᠵᠢᠯᠠᠯ
ᠤᠤᠭ᠋ᠠᠯ ᠰᠤᠶᠤᠯ᠎ᠤᠨ ᠮᠡᠳᠡᠷᠡᠮᠵᠢ᠎ᠲᠠᠢ ᠪᠤᠯᠵᠠᠭ᠋ᠠᠶ᠎ᠠ
ᠨᠡᠶ᠋ᠢᠲᠡᠯᠡᠭᠰᠡᠨ ᠴᠠᠭ᠄ 2020-01-02


                              ᠲᠤᠷᠵᠢ


      ᠮᠤᠩᠭᠤᠯ ᠦᠨᠳᠦᠰᠦᠳᠠᠨ᠎ᠤ ᠤᠤᠭ᠋ᠠᠯ ᠰᠤᠶᠤᠯ ᠪᠤᠯ ᠨᠡᠭᠦᠳᠡᠯ ᠰᠤᠶᠤᠯ ᠮᠦᠨ᠃ 《ᠮᠤᠩᠭᠤᠯ ᠦᠨᠳᠦᠰᠦᠳᠠᠨ ᠪᠤᠯ ᠨᠡᠭᠦᠳᠡᠯ ᠰᠤᠶᠤᠯ᠎ᠤᠨ ᠲᠦᠯᠦᠭᠡᠯᠡᠭᠴᠢ》 ᠭᠡᠵᠦ ᠠ᠋ᠷᠳᠡᠮᠳᠡᠨ ᠪᠤᠷᠵᠢᠬᠢᠨ · ᠭᠡᠷᠡᠯᠳᠦ ᠬᠡᠯᠡᠵᠦ ᠪᠢᠯᠨ᠃ ᠨᠡᠭᠦᠳᠡᠯᠴᠢᠨ ᠦᠨᠳᠦᠰᠦᠳᠠᠨ᠎ᠤ ᠲᠠᠪᠤᠨ ᠬᠤᠰᠢᠭᠤ ᠮᠠᠯ᠂ ᠠᠮᠢᠳᠤᠷᠠᠯ᠎ᠤᠨ ᠵᠠᠩᠰᠢᠯ᠂ ᠠ᠋ᠳ᠋ᠯᠡᠯ ᠬᠡᠷᠡᠭᠯᠡᠭᠦᠷ᠂ ᠢᠳᠡᠭᠡᠨ ᠤᠮᠳᠠᠭ᠋ᠠᠨ᠂ ᠬᠤᠪᠴᠠᠰᠤ ᠵᠠᠰᠠᠯ᠂ ᠠᠮᠢᠳᠤᠷᠠᠯ᠎ᠤᠨ ᠲᠤᠷᠰᠢᠯᠭ᠎ᠠ᠂ ᠰᠡᠳᠬᠢᠬᠦᠢ ᠵᠢᠨ ᠬᠡᠯᠪᠡᠷᠢ᠎ᠲᠠᠢ ᠬᠤᠯᠪᠤᠭᠳᠠᠭᠰᠠᠨ ᠰᠤᠶᠤᠯ᠎ᠤᠨ ᠦᠵᠡᠭᠳᠡᠯ᠎ᠢ 《ᠨᠡᠭᠦᠳᠡᠯ ᠰᠤᠶᠤᠯ》 ᠭᠡᠨ᠎ᠡ᠃

      ᠮᠤᠩᠭᠤᠯ ᠦᠨᠳᠦᠰᠦᠳᠠᠨ᠎ᠤ ᠤᠤᠭ᠋ᠠᠯ ᠰᠤᠶᠤᠯ᠎ᠨᠢ ᠨᠡᠶ᠋ᠢᠭᠡᠮ᠎ᠤᠨ ᠬᠦᠭᠵᠢᠯᠳᠡ᠂ ᠠᠮᠢᠳᠤᠷᠠᠯ ᠠᠬᠤᠢ ᠵᠢᠨ ᠦᠭᠡᠷᠡᠴᠢᠯᠡᠯᠳᠡ᠂ ᠬᠡᠷᠡᠭᠯᠡᠭᠡᠨ᠎ᠤ ᠢᠪᠴᠤᠷᠠᠯ᠂ ᠬᠡᠷᠡᠭᠴᠡᠭᠡᠨ᠎ᠤ ᠪᠠᠭ᠋ᠠᠰᠤᠯ᠎ᠢ ᠲᠠᠭ᠋ᠠᠯᠳᠤᠨ ᠠ᠋ᠳᠤᠷ ᠲᠤᠳᠤᠮ᠎ᠤᠨ ᠠᠮᠢᠳᠤᠷᠠᠯ ᠰᠤᠷᠤᠯᠴᠠᠯᠭ᠎ᠠ᠎ᠠᠴᠠ ᠤᠯᠠᠮ ᠵᠶ᠋ᠠᠷ ᠵᠠᠶ᠋ᠢᠳᠠᠵᠤ ᠪᠠᠶ᠋ᠢᠭ᠎ᠠ ᠶᠤᠮ᠂ ᠨᠡᠩ ᠢᠯᠠᠨᠭ᠌ᠭᠤᠶ᠎ᠠ ᠦᠪᠡᠷ ᠵᠶ᠋ᠠᠨ ᠬᠦᠨᠳᠦᠳᠬᠡᠬᠦ ᠦᠭᠡᠢ᠂ ᠴᠢᠬᠤᠯᠠᠴᠢᠯᠠᠭ᠍ᠤ ᠦᠭᠡᠢ᠂ ᠦᠷ᠎ᠡ ᠬᠤᠶ᠋ᠢᠴᠢᠰ ᠎ᠲᠤ᠎ᠪᠠᠨ ᠤᠯᠠᠮᠵᠢᠯᠠᠵᠤ ᠵᠠᠯᠭ᠋ᠠᠮᠵᠢᠯᠠᠭ᠍ᠤ ᠦᠭᠡᠢ᠂ ᠲᠦᠭᠡᠮᠡᠯᠵᠢᠭᠦᠯᠵᠦ ᠲᠡᠯᠭᠡᠷᠡᠭᠦᠯᠬᠦ ᠦᠭᠡᠢ᠎ᠠᠴᠠ ᠪᠤᠯᠤᠭ᠋ᠠᠳ ᠭᠡᠤᠭᠡᠳ ᠪᠠᠭ᠋ᠠᠴᠤᠳ᠎ᠤᠨ ᠤᠤᠭ᠋ᠠᠯ ᠰᠤᠶᠤᠯ᠎ᠠᠴᠠ ᠵᠠᠶ᠋ᠢᠳᠠᠭᠰᠠᠨ᠂ ᠤᠤᠭ᠋ᠠᠯ ᠰᠤᠶᠤᠯ᠎ᠤᠨ ᠲᠤᠬᠠᠢ ᠮᠡᠳᠡᠷᠡᠮᠵᠢ ᠮᠠᠭᠤᠳᠠᠭᠰᠠᠨ᠎ᠨᠢ ᠨᠡᠶ᠋ᠢᠳᠡᠮ᠎ᠤᠨ ᠦᠵᠡᠭᠳᠡᠯ ᠪᠤᠯᠤᠭᠰᠠᠨ ᠪᠠᠶ᠋ᠢᠨ᠎ᠠ᠃ ᠭᠡᠪᠡᠴᠦ ᠤᠢ᠍ᠢ᠍ᠷ᠎ᠠ ᠵᠢᠨ ᠵᠢᠯ᠎ᠤᠨ ᠰᠢᠨ᠎ᠠ᠎ᠪᠠᠷ ᠨᠠᠶ᠋ᠢᠷᠠᠭᠤᠯᠤᠭᠰᠠᠨ ᠬᠢᠴᠢᠶᠡᠯ᠎ᠤᠨ ᠪᠢᠴᠢᠭ᠎ᠲᠤ ᠤᠤᠭ᠋ᠠᠯ ᠰᠤᠶᠤᠯ᠎ᠢ ᠤᠬᠠᠮᠰᠠᠷ᠎ᠲᠠᠢ᠂ ᠰᠠᠨᠠᠭ᠋ᠠᠴᠢᠯᠠᠭ᠎ᠠ᠎ᠲᠠᠢ᠂ ᠲᠤᠳᠤᠷᠬᠠᠢ ᠵᠤᠷᠢᠯᠭ᠎ᠠ᠎ᠲᠠᠢ᠎ᠪᠠᠷ ᠬᠢᠴᠢᠶᠡᠯ᠎ᠤᠨ ᠪᠢᠴᠢᠭ᠎ᠤᠨ ᠠᠭᠤᠯᠭ᠎ᠠ᠎ᠳᠤ ᠪᠠᠭᠳᠠᠭ᠋ᠠᠵᠤ᠂ ᠪᠠᠭᠰᠢ ᠰᠤᠷᠤᠭᠴᠢᠳ᠎ᠤᠨ ᠤᠤᠭ᠋ᠠᠯ ᠰᠤᠶᠤᠯ᠎ᠤᠨ ᠵᠶ᠋ᠠᠨ ᠲᠤᠬᠠᠢ ᠲᠠᠨᠢᠵᠤ ᠮᠡᠳᠡᠬᠦ᠂ ᠤᠯᠠᠮᠵᠢᠯᠠᠵᠤ ᠵᠠᠯᠭ᠋ᠠᠮᠵᠢᠯᠠᠭ᠍ᠤ᠂ ᠰᠡᠷᠡᠵᠦ ᠮᠡᠳᠡᠷᠡᠬᠦ᠂ ᠡᠵᠡᠮᠰᠢᠵᠤ ᠬᠤᠷᠠᠮᠳᠤᠭᠤᠯᠬᠤ᠎ᠳᠤ ᠲᠤᠶ᠋ᠢᠯ᠎ᠤᠨ ᠴᠢᠬᠤᠯᠨ ᠪᠤᠰᠤᠳᠴᠢ ᠮᠠᠲᠸᠷᠢᠶᠠᠯ᠎ᠢ ᠬᠠᠩᠭ᠋ᠠᠭᠰᠠᠨ ᠤᠳᠬ᠎ᠠ ᠠᠭᠤᠯᠭ᠎ᠠ᠎ᠲᠠᠢ ᠪᠤᠯᠤᠭᠰᠠᠨ᠎ᠨᠢ ᠪᠠᠶᠠᠷᠯᠠᠭᠤᠰᠢᠳᠠᠢ᠃ ᠠ᠋ᠳᠡᠭᠡᠷ ᠮᠠᠲᠸᠷᠢᠶᠠᠯ᠎ᠢ ᠠᠰᠢᠭᠯᠠᠵᠤ᠂ ᠤᠤᠭ᠋ᠠᠯ ᠰᠤᠶᠤᠯ ᠵᠶ᠋ᠠᠨ ᠲᠠᠨᠢᠨ᠂ ᠤᠤᠭ᠋ᠠᠯ ᠰᠤᠶᠤᠯ ᠵᠶ᠋ᠠᠨ ᠤᠯᠠᠮᠵᠢᠯᠠᠵᠤ ᠵᠠᠯᠭ᠋ᠠᠮᠵᠢᠯᠠᠭ᠍ᠤ ᠪᠤᠯ ᠪᠢᠳᠠᠨ᠎ᠤ ᠲᠠᠷᠬᠠᠨ ᠠ᠋ᠭᠦᠷᠭᠡ ᠮᠦᠨ᠃

      ᠨᠢᠭᠡ᠂ ᠵᠠᠩ ᠵᠠᠩᠰᠢᠯ᠎ᠤᠨ ᠰᠤᠶᠤᠯ᠎ᠤᠨ ᠲᠤᠬᠠᠢ

     《ᠮᠤᠩᠭᠤᠯ ᠬᠡᠯᠨ》 ᠭᠡᠬᠦ ᠰᠢᠯᠦᠭ᠎ᠤᠨ 《ᠰᠠᠶ᠋ᠢᠨ ᠤᠤ? ᠭᠡᠵᠦ ᠲᠠᠨ᠎ᠲᠠᠢ ᠮᠠᠨᠳᠤᠯᠠᠶ᠎ᠠ᠂ ᠰᠠᠶ᠋ᠢᠨ ᠭᠡᠵᠦ ᠦᠴᠢᠬᠦ ᠵᠢ ᠴᠢᠨᠢ ᠰᠤᠨᠤᠰᠤᠶ᠎ᠠ》 ᠭᠡᠬᠦ ᠪᠠᠳᠠᠭ᠎ᠲᠤ ᠮᠤᠩᠭᠤᠯ ᠦᠨᠳᠦᠰᠦᠳᠠᠨ᠎ᠤ ᠠᠭᠤᠯᠵᠠᠵᠤ ᠤᠴᠠᠷᠠᠮᠠᠭᠴᠠ 《ᠰᠠᠶ᠋ᠢᠨ ᠤᠤ?》 ᠭᠡᠵᠦ ᠠᠮᠤᠷ ᠮᠡᠨᠳᠤ ᠠᠰᠠᠭᠤᠵᠤ ᠠᠭᠤᠯᠵᠠᠵᠤ ᠤᠴᠠᠷᠠᠳᠠᠭ ᠰᠠᠶ᠋ᠢᠨ ᠰᠠᠶ᠋ᠢᠬᠠᠨ ᠵᠠᠩ ᠵᠠᠩᠰᠢᠯ᠎ᠢ ᠲᠤᠰᠬᠠᠭᠰᠠᠨ ᠪᠠᠶ᠋ᠢᠳᠠᠭ᠃ ᠮᠦᠨ ᠠ᠋ᠨ᠋ᠨ ᠰᠢᠯᠦᠭ᠎ᠲᠤ 《ᠠᠮᠤᠷ!》 ᠭᠡᠵᠦ ᠮᠦᠷᠭᠦᠨ ᠵᠤᠯᠭ᠋ᠠᠳᠠᠭ ᠵᠠᠩᠰᠢᠯ ᠴᠤ᠌ ᠳᠤᠷᠠᠳᠤᠭᠳᠠᠭᠰᠠᠨ ᠪᠠᠶ᠋ᠢᠳᠠᠭ᠃ ᠮᠤᠩᠭᠤᠯ ᠦᠨᠳᠦᠰᠦᠳᠠᠨ᠎ᠤ᠎ᠪᠠᠨ ᠰᠠᠶ᠋ᠢᠨ ᠰᠠᠶ᠋ᠢᠬᠠᠨ ᠵᠠᠩᠰᠢᠯ ᠵᠶ᠋ᠠᠨ ᠤᠯᠠᠮᠵᠢᠯᠠᠵᠤ᠂ ᠦᠭᠡᠷ᠎ᠡ ᠪᠤᠰᠤᠳ᠎ᠠᠴᠠ ᠢᠯᠭ᠋ᠠᠭᠳᠠᠭ᠍ᠤ ᠦᠪᠡᠷᠮᠢᠴᠡ ᠤᠨᠴᠠᠯᠢᠭ᠎ᠲᠠᠢ ᠠᠮᠢᠳᠤᠷᠠᠭ᠍ᠤ ᠪᠤᠯ ᠪᠢᠳᠠᠨ᠎ᠤ ᠵᠠᠶ᠋ᠢᠯᠠᠭᠤᠯᠵᠤ ᠪᠤᠯᠤᠰᠢ ᠦᠬᠡᠢ ᠬᠠᠷᠢᠭᠤᠴᠠᠯᠭ᠎ᠠ ᠮᠦᠨ᠃ ᠤᠷᠳᠤᠰ ᠨᠤᠳᠤᠭ ᠪᠤᠯ ᠮᠤᠩᠭᠤᠯ ᠦᠨᠳᠦᠰᠦᠳᠠᠨ᠎ᠤ ᠵᠠᠩ ᠵᠠᠩᠰᠢᠯ᠎ᠢ ᠨᠡᠯᠢᠶᠡᠳ ᠪᠦᠷᠢᠨ ᠪᠦᠳᠦᠨ ᠬᠠᠳᠠᠭ᠋ᠠᠯᠠᠵᠤ ᠪᠠᠶ᠋ᠢᠭ᠎ᠠ ᠭᠠᠵᠠᠷ ᠤᠷᠤᠨ ᠪᠤᠯᠤᠨ᠎ᠠ᠃ ᠵᠦᠪᠬᠡᠨ 《ᠴᠠᠭ᠋ᠠᠨ ᠰᠠᠷ᠎ᠠ ᠵᠢᠨ ᠵᠤᠯᠭ᠋ᠠᠯᠳᠠ ᠬᠢᠬᠦ ᠶᠤᠰᠤ》 (ᠴᠠᠭ᠋ᠠᠯᠠᠭ᠍ᠤ ᠶᠤᠰᠤ)᠎ᠠᠴᠠ ᠦᠵᠡᠪᠡᠴᠦ ᠠᠬᠠᠮᠠᠳ ᠨᠠᠰᠤᠳᠠᠨ᠎ᠳᠤ ᠴᠠᠭ᠋ᠠᠯᠠᠭ᠍ᠤ᠎ᠪᠠᠷ ᠤᠴᠢᠪᠠᠯ ᠠᠭᠤᠯᠵᠠᠩᠭᠤᠳᠠ 《ᠠᠮᠤᠷ!》 ᠭᠡᠵᠦ ᠰᠦᠬᠦᠷᠡᠨ ᠮᠦᠷᠭᠦᠵᠦ᠂ ᠪᠡᠯᠭᠡ ᠲᠡᠮᠪᠡᠷᠢᠯ᠎ᠲᠠᠢ ᠦᠭᠡ ᠬᠡᠯᠡᠭᠡᠳ᠂ ᠭᠡᠷ᠎ᠲᠤ ᠤᠷᠤᠭᠰᠠᠨ᠎ᠤ ᠬᠤᠶ᠋ᠢᠨ᠎ᠠ ᠬᠠᠳᠠᠭ ᠲᠠᠳᠠᠵᠤ ᠬᠦᠬᠦᠷ ᠰᠤᠯᠢᠯᠴᠠᠭ᠋ᠠᠳ ᠶᠡᠬᠡᠴᠤᠳ᠎ᠲᠤ ᠵᠠᠯᠪᠠᠷᠢᠵᠤ ᠮᠦᠷᠭᠦᠨ᠂ ᠬᠠᠨᠵᠤᠨ᠎ᠳᠤ ᠰᠠᠭᠤᠭᠰᠠᠨ᠎ᠤ ᠲᠠᠷᠠᠭ᠎ᠠ 《ᠴᠠᠭ᠋ᠠᠨ ᠢᠳᠡᠭᠡ》 (ᠠᠶᠠᠭ᠎ᠠ ᠪᠤᠶᠤ ᠴᠤᠮᠤ ᠠ᠋ᠰᠡᠬᠦᠯ᠎ᠡ ᠬᠤᠨᠳᠠᠭ᠋ᠠᠨ᠎ᠳᠤ ᠴᠠᠭ᠋ᠠᠨ ᠢᠳᠡᠭᠡ ᠬᠢᠭᠡᠳ ᠬᠤᠶᠠᠷ ᠴᠢᠪᠠᠭ᠎ᠠ ᠲᠠᠯᠪᠢᠳᠠᠭ) ᠠᠮᠰᠠᠵᠤ᠂ ᠶᠠᠷᠢᠶ᠎ᠠ ᠬᠦᠭᠡᠷᠦᠭᠡ ᠠ᠋ᠭᠦᠰᠭᠡᠨ᠂ ᠨᠢᠭᠡᠳᠡᠬᠢ ᠴᠠᠢ (ᠰᠢᠨ᠎ᠡ ᠵᠢᠨ ᠴᠠᠢ ᠭᠡᠨ᠎ᠡ)᠎ᠪᠠᠨ ᠤᠤᠭᠤᠳᠠᠭ᠃ ᠰᠢᠨ᠎ᠡ ᠵᠢᠨ ᠴᠠᠢ ᠤᠤᠭᠤᠭᠰᠠᠨ᠎ᠤ ᠲᠠᠷᠠᠭ᠎ᠠ ᠠᠶ᠋ᠢᠯᠴᠢᠯᠠᠭ᠎ᠠ᠎ᠪᠠᠨ ᠭᠦᠢ᠍ᠴᠡᠳᠬᠡᠵᠦ᠂ ᠬᠠᠨᠵᠤᠨ᠎ᠳᠤ ᠲᠠᠬᠢᠨ ᠭᠠᠷᠴᠤ ᠬᠤᠶᠠᠳᠠᠬᠢ ᠴᠠᠢ (ᠨᠢᠭᠡᠳᠡᠬᠢ ᠴᠠᠢ ᠪᠤᠯ ᠠᠮᠰᠠᠳᠠᠭ ᠴᠠᠢ᠂ ᠬᠤᠶᠠᠳᠠᠬᠢ ᠴᠠᠢ ᠪᠤᠯ ᠢᠳᠡᠵᠤ ᠤᠤᠭᠤᠳᠠᠭ ᠴᠠᠢ)᠎ᠪᠠᠨ ᠤᠤᠭᠤᠳᠠᠭ᠃ ᠲᠠᠷᠠᠭ᠎ᠠ᠎ᠨᠢ ᠭᠡᠷ᠎ᠤᠨ ᠡᠵᠡᠨ᠎ᠠᠴᠠ ᠰᠢᠨ᠎ᠡ ᠵᠢᠨ ᠠᠷᠢᠬᠢ ᠪᠠᠷᠢᠵᠤ ᠵᠤᠭᠤᠭᠳᠠᠨ ᠰᠠᠭᠤᠳᠠᠭ᠃ ᠰᠢᠨ᠎ᠡ ᠵᠢᠨ ᠠᠷᠢᠬᠢ ᠵᠢ ᠶᠤᠰᠤ ᠵᠢᠨ ᠲᠡᠳᠦᠢ ᠭᠦᠢ᠍ᠴᠡᠳᠬᠡᠵᠦ ᠶᠡᠬᠡᠪᠡᠷ ᠱᠠᠯᠠᠳᠠᠭ ᠦᠭᠡᠢ᠂ ᠶᠠᠷᠢᠯᠴᠠᠭ᠍ᠤ᠎ᠪᠠᠷ ᠭᠤᠤᠯ ᠪᠤᠯᠭ᠋ᠠᠵᠤ ᠰᠠᠭᠤᠳᠠᠭ᠃ ᠲᠡᠮᠡᠢ ᠤᠳᠠᠯ ᠦᠭᠡᠢ ᠰᠢᠨ᠎ᠡ ᠵᠢᠨ ᠪᠤᠳᠠᠭ᠎ᠠ (ᠮᠢᠬ᠎ᠠ ᠬᠦᠰᠭᠦᠯᠡᠭᠰᠡᠨ ᠰᠢᠩᠭᠡᠨ ᠪᠤᠳᠠᠭ᠎ᠠ᠎ᠪᠠᠷ ᠭᠤᠤᠯᠯᠠᠨ᠎ᠠ) ᠠᠮᠰᠠᠵᠤ᠂ ᠮᠤᠷᠳᠠᠭ᠍ᠤ ᠴᠢᠬᠤᠯᠨ᠎ᠲᠠᠢ᠎ᠨᠢ ᠮᠤᠷᠳᠠᠵᠤ᠂ ᠦᠨᠵᠢᠵᠦ ᠬᠤᠨᠤᠬᠤ ᠪᠤᠶᠤ ᠶᠠᠭ᠋ᠠᠷᠠᠯ ᠦᠭᠡᠢ᠎ᠳᠤ᠎ᠨᠢ ᠰᠠᠶᠢ ᠲᠠᠬᠢᠨ ᠠᠷᠢᠬᠢ ᠬᠡᠮᠨᠡᠵᠦ ᠨᠠᠶ᠋ᠢᠷ ᠵᠶ᠋ᠠᠨ ᠠ᠋ᠬᠢᠯᠡᠳᠡᠭ᠃ ᠮᠤᠷᠳᠠᠵᠤ ᠶᠠᠪᠤᠬᠤ᠎ᠳᠤ᠎ᠨᠢ ᠲᠦᠷᠦᠭᠡ ᠴᠢᠩᠭ᠋ᠠᠷᠠᠭᠤᠯᠵᠤ ᠭᠠᠷ ᠬᠤᠭᠤᠰᠤᠨ ᠭᠠᠷᠭ᠋ᠠᠳᠠᠭ ᠦᠭᠡᠢ ᠁ ᠵᠠᠩ ᠵᠠᠩᠰᠢᠯ ᠵᠶ᠋ᠠᠨ ᠲᠤᠳᠤᠷᠬᠠᠢ ᠮᠡᠳᠡᠭᠦ ᠦᠭᠡᠢ ᠬᠦᠮᠦᠰ ᠯᠨ ᠠᠭᠤᠯᠵᠠᠩᠭᠤᠳᠠ 《ᠠᠪᠤ ᠡᠵᠢ᠎ᠲᠠᠢ᠎ᠪᠠᠨ ᠭᠠᠷ ᠠᠳᠬᠤᠬᠤ》᠂ 《ᠠᠬᠠᠮᠠᠳ ᠶᠠᠬᠡᠴᠦᠳ᠎ᠲᠠᠢ ᠤᠴᠠᠷᠠᠪᠠᠴᠤ ᠭᠤᠷᠤᠶ᠋ᠢᠵᠤ ᠵᠤᠭᠰᠤᠬᠤ》᠂ 《ᠰᠢᠨ᠎ᠡ ᠪᠡᠷᠢ᠎ᠨᠢ ᠭᠠᠷ ᠵᠶ᠋ᠠᠨ ᠰᠤᠩᠭ᠋ᠠᠨ ᠬᠠᠳᠠᠮ ᠡᠴᠢᠭᠡ᠎ᠲᠠᠢ᠎ᠪᠠᠨ ᠭᠠᠷ ᠠᠳᠬᠤᠬᠤ》 ᠁ ᠵᠡᠷᠭᠡ ᠤᠴᠢᠷ᠎ᠢ ᠬᠢᠳᠡᠭ᠃ ᠤᠤᠭ᠋ᠠᠯ ᠰᠤᠶᠤᠯ᠎ᠳᠤ᠎ᠬᠢ ᠵᠠᠩ ᠵᠠᠩᠰᠢᠯ᠎ᠤᠨ ᠤᠬᠢ ᠰᠢᠯᠢᠳᠡᠭ ᠵᠤᠶ᠋ᠢᠯ᠎ᠢ ᠤᠯᠠᠮᠵᠢᠯᠠᠵᠤ ᠵᠠᠯᠭ᠋ᠠᠮᠵᠢᠯᠠᠭ᠍ᠤ᠎ᠨᠢ ᠠᠮᠢᠳᠤᠷᠠᠯ᠎ᠤᠨ ᠰᠠᠶ᠋ᠢᠨ ᠰᠠᠶ᠋ᠢᠬᠠᠨ ᠲᠠᠳᠬᠠᠯ᠎ᠢ ᠬᠦᠮᠦᠵᠢᠭᠦᠯᠵᠦ᠂ ᠦᠪᠡᠷᠮᠢᠴᠡ ᠵᠠᠩ ᠲᠠᠳᠬᠠᠯ᠎ᠲᠠᠢ ᠪᠤᠯᠤᠨ᠂ ᠶᠤᠰᠤ᠎ᠲᠠᠢ ᠨᠤᠮ᠎ᠲᠠᠢ ᠬᠡᠤᠬᠡᠳ ᠪᠤᠯᠤᠨ ᠬᠦᠮᠦᠵᠢᠭᠳᠡᠬᠦ᠎ᠳᠤ᠎ᠨᠢ ᠠᠰᠢᠭ᠎ᠲᠠᠢ ᠮᠦᠷᠳᠡᠭᠡᠨ ᠠ᠋ᠳᠡᠭᠡᠷ᠎ᠲᠠᠢ ᠬᠤᠯᠪᠤᠭᠳᠠᠭᠰᠠᠨ ᠬᠡᠯᠨ ᠬᠡᠯᠡᠯᠭᠡ ᠵᠢᠨ ᠲᠤᠬᠠᠢ ᠮᠡᠳᠡᠷᠡᠮᠵᠢ᠎ᠪᠠᠨ ᠨᠡᠮᠡᠭᠳᠡᠭᠦᠯᠦᠨ᠂ ᠦᠨᠳᠦᠰᠦᠳᠠᠨ᠎ᠤ ᠦᠪᠡᠷᠮᠢᠴᠡ ᠤᠨᠴᠠᠯᠢᠭ ᠪᠦᠬᠦᠢ ᠵᠤᠬᠢᠶᠠᠯ ᠪᠦᠳᠦᠭᠡᠯ᠎ᠢ ᠠᠮᠳᠠᠷᠬᠠᠨ ᠰᠤᠨᠢᠷᠬᠠᠬᠤ ᠶᠠᠪᠤᠴᠠ᠎ᠳᠤ᠎ᠬᠢ ᠬᠠᠷᠰᠢ ᠰᠠᠭ᠋ᠠᠳ ᠵᠶ᠋ᠠᠨ ᠠᠷᠢᠯᠭ᠋ᠠᠵᠤ ᠲᠡᠶ᠋ᠢᠯᠤᠨ᠎ᠡ᠃ ᠵᠢᠱ᠌ᠢᠶᠡᠯᠡᠪᠡᠯ᠄ ᠠ᠋ᠮᠦᠨᠡᠬᠢ ᠵᠢᠱ᠌ᠢᠶᠡᠨ᠎ᠠᠴᠠ ᠦᠵᠡᠪᠡᠯ᠂ 《ᠰᠦᠬᠦᠷᠡᠨ ᠮᠦᠷᠬᠦᠬᠦ᠂ ᠵᠠᠯᠪᠠᠷᠢᠨ ᠮᠦᠷᠭᠦᠬᠦ᠂ ᠴᠠᠭ᠋ᠠᠨ ᠢᠳᠡᠭᠡ᠂ ᠴᠠᠢ ᠠᠮᠰᠠᠭ᠍ᠤ᠂ ᠬᠠᠳᠠᠭ ᠲᠠᠳᠠᠭ᠍ᠤ᠂ ᠬᠦᠭᠦᠷ ᠰᠤᠯᠢᠯᠴᠠᠭ᠍ᠤ᠂ ᠰᠢᠨ᠎ᠡ ᠵᠢᠨ ᠪᠤᠳᠠᠭ᠎ᠠ᠂ ᠲᠦᠷᠦᠭᠡ ᠴᠢᠩᠭ᠋ᠠᠷᠠᠭᠤᠯᠬᠤ᠂ ᠭᠠᠷ ᠬᠤᠭᠤᠰᠤᠨ》 ᠵᠡᠷᠭᠡ ᠦᠭᠡᠰ᠎ᠨᠢ ᠶᠠᠮᠠᠷ ᠶᠠᠭᠤᠮ᠎ᠠ ᠵᠢ ᠵᠢᠭ᠋ᠠᠵᠤ ᠪᠠᠶ᠋ᠢᠬᠤ᠂ ᠶᠠᠮᠠᠷ ᠦᠶ᠎ᠡ ᠵᠢᠨ ᠤᠴᠢᠷ ᠦᠵᠡᠭᠳᠡᠯ᠎ᠢ ᠵᠢᠭ᠋ᠠᠵᠤ ᠪᠠᠶ᠋ᠢᠬᠤ᠂ ᠶᠠᠮᠠᠷ ᠰᠠᠨᠠᠭ᠎ᠠ ᠰᠡᠳᠬᠢᠯᠭᠡ᠎ᠪᠠᠨ ᠢᠯᠡᠳᠭᠡᠵᠦ ᠪᠠᠶ᠋ᠢᠬᠤ ᠵᠢ ᠤᠶ᠋ᠢᠯᠠᠭ᠋ᠠᠵᠤ ᠰᠡᠷᠡᠵᠤ ᠮᠡᠳᠡᠵᠦ ᠪᠤᠯᠤᠨ᠎ᠠ᠃

      ᠬᠢᠴᠢᠶᠡᠯ᠎ᠤᠨ ᠪᠢᠴᠢᠭ᠎ᠲᠤ᠎ᠬᠢ 《ᠤᠩᠭᠤᠨ ᠪᠠᠶ᠋ᠢᠭ᠋ᠠᠯᠢ ᠵᠢᠨ ᠢᠪᠡᠭᠡᠯ ᠬᠠᠶ᠋ᠢᠷ᠎ᠠ — ᠠᠩᠨᠠᠯ ᠮᠠᠯᠵᠢᠯ》 ᠭᠡᠬᠦ ᠵᠤᠬᠢᠶᠠᠯ᠎ᠳᠤ ᠮᠤᠩᠭᠤᠯᠴᠤᠳ 《ᠠ᠋ᠷᠳᠡ ᠦᠶ᠎ᠡ᠎ᠳᠤ ᠠᠷᠢᠶᠠᠳᠠᠨ ᠵᠢᠭᠦᠷᠳᠡᠨ᠎ᠢ ᠤᠷᠬ᠎ᠠ ᠲᠤᠤᠷ ᠵᠶ᠋ᠠᠷ ᠪᠠᠷᠢᠬᠤ᠂ ᠨᠤᠮᠤ ᠰᠤᠮᠤ᠎ᠪᠠᠷ ᠬᠠᠷᠪᠤᠬᠤ ᠪᠤᠶᠤ ᠬᠠᠷᠴᠠᠭ᠋ᠠᠢ ᠱᠤᠩᠬᠤᠷ ᠵᠶ᠋ᠠᠷ ᠪᠠᠷᠢᠭᠤᠯᠬᠤ》 ᠮᠡᠳᠦ ᠵᠢᠨ ᠠᠷᠭ᠎ᠠ ᠪᠠᠷᠢᠯ᠎ᠢ ᠬᠡᠷᠡᠭᠯᠡᠵᠦ᠂ ᠠᠷᠢᠶᠠᠳᠠᠨ ᠠᠮᠢᠳᠠᠨ᠎ᠢ ᠠᠩᠨᠠᠵᠤ ᠪᠠᠶ᠋ᠢᠭᠰᠠᠨ ᠴᠤ᠌ 《ᠲᠠᠭ᠋ᠠᠷᠠᠯᠳᠤᠭᠰᠠᠨ ᠪᠦᠬᠦᠨ᠎ᠢ ᠲᠠᠭ᠋ᠠᠷᠢᠵᠤ᠂ ᠦᠵᠡᠭᠰᠡᠨ ᠠᠮᠢᠳᠠᠨ᠎ᠢ ᠦᠨᠳᠦᠰᠦ᠎ᠪᠠᠷ᠎ᠨᠢ ᠠᠯᠠᠭ᠍ᠤ ᠪᠢᠰᠢ ᠪᠦᠭᠡᠳ ᠵᠢᠯ᠎ᠤᠨ ᠲᠦᠷᠪᠡᠨ ᠤᠯᠠᠷᠢᠯ᠎ᠳᠤ ᠠ᠋ᠳᠤᠷ ᠪᠤᠯᠭ᠋ᠠᠨ ᠠᠩ ᠭᠦᠷᠦᠭᠡ ᠬᠢᠵᠦ ᠠᠯᠠᠵᠤ ᠨᠢᠳᠤᠯᠳᠠᠭ ᠦᠭᠡᠢ》᠂ ᠲᠤᠭᠳᠠᠭᠰᠠᠨ ᠴᠠᠭ ᠤᠯᠠᠷᠢᠯ᠎ᠲᠠᠢ ᠮᠦᠷᠳᠡᠭᠡᠨ 《ᠬᠡᠭᠡᠯ᠎ᠲᠠᠢ ᠠᠮᠢᠳᠠᠨ᠂ ᠬᠦᠬᠦᠭᠦᠯ ᠠᠮᠢᠳᠠᠨ᠂ ᠨᠢᠯᠬ᠎ᠠ ᠲᠦᠯ᠎ᠢ ᠠᠯᠠᠭ᠍ᠤ ᠦᠭᠡᠢ ᠵᠠᠩᠰᠢᠯ᠎ᠲᠠᠢ》 ᠭᠡᠵᠦ ᠲᠤᠳᠤᠷᠬᠠᠢ ᠲᠡᠮᠳᠡᠭᠯᠡᠵᠦ ᠪᠠᠶ᠋ᠢᠬᠤ ᠮᠦᠷᠳᠡᠭᠡᠨ ᠠᠮᠢ ᠠᠬᠤᠢ ᠵᠢᠨ ᠬᠤᠪᠢ᠎ᠳᠤ ᠪᠡᠯᠴᠢᠭᠡᠷ ᠡᠪᠡᠰᠦ ᠵᠢ ᠬᠠᠮᠠᠭ᠋ᠠᠯᠠᠭ᠍ᠤ ᠵᠢᠨ ᠲᠦᠯᠦᠭᠡ ᠮᠠᠯ ᠰᠦᠷᠦᠭ᠎ᠤᠨ ᠢᠳᠡᠰᠢᠯᠡᠯᠳᠡ ᠪᠠ ᠨᠤᠳᠤᠭ ᠪᠡᠯᠴᠢᠭᠡᠷ᠎ᠤᠨ ᠲᠠᠭ᠋ᠠᠭ᠋ᠠᠴᠠ ᠵᠢ ᠵᠦᠢ ᠵᠤᠬᠢᠰᠳᠠᠢ ᠲᠤᠬᠢᠷᠠᠭᠤᠯᠵᠤ᠂ ᠠᠰᠢᠭᠯᠠᠯᠳᠠ ᠵᠢ ᠵᠤᠬᠢᠴᠠᠩᠭᠤᠢ ᠪᠠᠶ᠋ᠢᠯᠭ᠋ᠠᠨ᠂ 《ᠬᠠᠪᠤᠷᠵᠢᠶ᠎ᠠ᠂ ᠵᠤᠰᠠᠯᠠᠩ᠂ ᠨᠠᠮᠤᠷᠵᠢᠶ᠎ᠠ᠂ ᠡᠪᠤᠯᠵᠢᠶ᠎ᠡ》 ᠭᠡᠬᠦ ᠨᠡᠭᠦᠳᠡᠯ᠎ᠢ ᠲᠤᠭᠳᠠᠭ᠋ᠠᠨ᠂ ᠤᠳᠤᠷᠯᠠᠭ᠍ᠤ ᠴᠠᠭ᠂ ᠪᠠᠶ᠋ᠢᠷᠢ ᠪᠠᠶ᠋ᠢᠴᠠ᠎ᠪᠠᠨ ᠰᠤᠩᠭᠤᠨ ᠲᠤᠬᠢᠷᠠᠭᠤᠯᠳᠠᠭ; ᠬᠦᠷᠦᠰᠦ ᠦᠨᠳᠦᠰᠦ ᠵᠢ ᠬᠠᠮᠠᠭ᠋ᠠᠯᠠᠭ᠍ᠤ ᠵᠢᠨ ᠲᠦᠯᠦᠭᠡ 《ᠮᠤᠩᠭᠤᠯ ᠶᠤᠰᠤ ᠵᠠᠩᠰᠢᠯ᠎ᠳᠤ ᠬᠠᠭᠳᠠ ᠨᠢᠳᠤᠯᠠᠵᠤ ᠬᠠᠩᠰᠢ ᠪᠤᠯᠬᠤ᠎ᠠᠴᠠ ᠠ᠋ᠮᠦᠨ᠎ᠡ ᠪᠤᠶᠤ ᠲᠡᠭᠷᠢ ᠲᠤᠤᠭ᠋ᠠᠷᠴᠤ ᠪᠤᠷᠤᠭ᠋ᠠᠨ ᠤᠷᠤᠬᠤ᠎ᠠᠴᠠ ᠤᠷᠢᠳ ᠭᠠᠵᠠᠷ ᠬᠦᠨᠳᠡᠵᠦ᠂ ᠬᠦᠷᠦᠰᠦ ᠰᠢᠷᠤᠢ ᠤᠬᠤᠵᠤ ᠮᠠᠯᠳᠠᠭ᠍ᠤ ᠵᠢ ᠴᠡᠭᠡᠷᠯᠡᠳᠡᠭ᠃ ᠠᠶᠠᠨ ᠵᠢᠩ᠂ ᠤᠳᠤᠷ ᠨᠡᠭᠦᠳᠡᠯ᠎ᠳᠤ ᠶᠠᠪᠤᠬᠤ᠎ᠳᠤ᠎ᠪᠠᠨ ᠠᠰᠢᠭᠯᠠᠵᠤ ᠮᠠᠯᠳᠠᠭᠰᠠᠨ ᠭᠠᠵᠠᠷ ᠵᠤᠤᠬ᠎ᠠ᠎ᠪᠠᠨ ᠪᠤᠯᠠᠵᠤ᠂ ᠬᠦᠷᠦᠰᠦ ᠵᠢ᠎ᠨᠢ ᠲᠠᠷᠤᠵᠤ ᠲᠠᠯᠪᠢᠳᠠᠭ᠃ ᠨᠡᠭᠦᠳᠡᠯ ᠪᠠᠭᠤᠳᠠᠯ ᠬᠢᠬᠦ᠎ᠳᠤ᠎ᠪᠠᠨ ᠭᠡᠷ᠎ᠤᠨ ᠪᠠᠭᠤᠷᠢ᠎ᠪᠠᠨ ᠴᠡᠪᠡᠷᠯᠡᠵᠦ᠂ ᠵᠤᠤᠬ᠎ᠠ ᠲᠤᠯᠭ᠎ᠠ ᠵᠢᠨ ᠤᠷᠤᠮ᠎ᠢ ᠰᠢᠷᠤᠢ᠎ᠪᠠᠷ ᠲᠠᠷᠤᠳᠠᠭ᠃ ᠮᠤᠷᠢ ᠮᠠᠯ᠎ᠤᠨ ᠤᠶᠠᠭ᠎ᠠ ᠪᠤᠶᠤ ᠬᠤᠷᠢᠶ᠎ᠠ ᠬᠠᠰᠢᠶᠠᠨ᠎ᠤ ᠪᠤᠯᠠᠭ᠋ᠠᠷ ᠮᠤᠳᠤᠨ᠎ᠤ ᠨᠦᠬᠡ ᠵᠢ ᠪᠤᠯᠠᠵᠤ ᠲᠡᠭᠰᠢᠯᠡᠳᠡᠭ》; ᠤᠰᠤᠨ ᠰᠤᠷᠪᠤᠯᠵᠢ ᠵᠢ ᠬᠠᠮᠠᠭ᠋ᠠᠯᠠᠭ᠍ᠤ ᠵᠢᠨ ᠲᠦᠯᠦᠭᠡ 《ᠤᠷᠤᠨ ᠰᠠᠭᠤᠴᠠ᠎ᠪᠠᠨ ᠭᠤᠤᠯ ᠮᠦᠷᠡᠨ᠂ ᠪᠤᠯᠠᠭ ᠭᠤᠷᠤᠬ᠎ᠠ᠎ᠠᠴᠠ ᠵᠠᠶ᠋ᠢᠳᠠᠭᠤ ᠪᠠᠶ᠋ᠢᠷᠢᠰᠢᠭᠤᠯᠬᠤ᠂ ᠬᠤᠳᠳᠤᠭ ᠤᠰᠤᠨ᠎ᠤ ᠤᠶ᠋ᠢᠷᠠᠯᠴᠠᠭ᠎ᠠ ᠬᠤᠭ ᠨᠤᠪᠰᠢ ᠬᠠᠶᠠᠭ᠍ᠤ ᠵᠢ ᠴᠡᠭᠡᠷᠯᠡᠬᠦ᠂ ᠪᠤᠯᠠᠭ ᠭᠤᠷᠤᠬ᠎ᠠ ᠵᠢᠨ ᠠ᠋ᠬᠢ ᠪᠤᠯᠤᠨ ᠭᠤᠤᠯ ᠮᠦᠷᠡᠨ᠎ᠤ ᠠ᠋ᠷᠬᠢ᠎ᠳᠤ᠎ᠬᠢ ᠤᠷᠭᠤᠭ᠎ᠠ ᠮᠤᠳᠤ ᠵᠢ ᠤᠭᠳᠤᠯᠬᠤ ᠵᠢ ᠬᠤᠷᠢᠭᠯᠠᠭ᠍ᠤ ᠁》 ᠵᠡᠷᠭᠡ ᠠᠷᠪᠢᠨ ᠴᠡᠭᠡᠷ ᠵᠠᠩᠰᠢᠯ᠎ᠲᠠᠢ ᠪᠠᠶ᠋ᠢᠵᠠᠢ᠃ ᠠ᠋ᠨ᠋ᠨ᠎ᠨᠢ ᠮᠤᠩᠭᠤᠯ ᠦᠨᠳᠦᠰᠦᠳᠠᠨ᠎ᠤ ᠨᠡᠭᠦᠳᠡᠯ ᠠᠮᠢᠳᠤᠷᠠᠯ᠎ᠲᠠᠢ ᠨᠢᠭᠳᠠ ᠬᠠᠷᠢᠴᠠᠭ᠎ᠠ᠎ᠲᠠᠢ ᠪᠠᠶ᠋ᠢᠭᠰᠠᠨ ᠪᠠ ᠮᠤᠩᠭᠤᠯᠴᠤᠳ᠎ᠤᠨ ᠠ᠋ᠬᠡ ᠪᠠᠶ᠋ᠢᠭ᠋ᠠᠯᠢ᠎ᠪᠠᠨ ᠬᠠᠶ᠋ᠢᠷᠠᠯᠠᠵᠤ ᠬᠠᠮᠠᠭ᠋ᠠᠯᠠᠭ᠍ᠤ ᠦᠵᠡᠯᠳᠡ ᠴᠢᠩᠭ᠎ᠠ᠂ ᠤᠬᠠᠮᠰᠠᠷ ᠦᠨᠳᠦᠷ ᠪᠠᠶ᠋ᠢᠭᠰᠠᠨ᠎ᠤ ᠨᠤᠳᠠᠳᠠᠢ ᠭᠡᠷᠡᠴᠢ ᠮᠦᠨ᠃ ᠮᠤᠩᠭᠤᠯᠴᠤᠳ᠎ᠲᠤ ᠠ᠋ᠬᠡ ᠪᠠᠶ᠋ᠢᠭ᠋ᠠᠯᠢ᠎ᠲᠠᠢ ᠬᠤᠯᠪᠤᠭᠳᠠᠭᠰᠠᠨ ᠴᠡᠭᠡᠷ ᠶᠤᠰᠤ ᠪᠠᠶ᠋ᠢᠬᠤ᠎ᠠᠴᠠ ᠭᠠᠳᠠᠨ᠎ᠠ ᠠᠮᠢᠳᠤᠷᠠᠯ ᠠᠬᠤᠢ᠎ᠲᠠᠢ ᠬᠤᠯᠪᠤᠭᠳᠠᠭᠰᠠᠨ ᠴᠡᠭᠡᠷ ᠶᠤᠰᠤ ᠴᠤ᠌ ᠠᠷᠪᠢᠨ ᠪᠠᠶ᠋ᠢᠳᠠᠭ᠃ ᠲᠡᠭᠡᠷᠡᠬᠢ ᠵᠤᠬᠢᠶᠠᠯ᠎ᠳᠤ ᠮᠤᠩᠭᠤᠯᠴᠤᠳ᠎ᠤᠨ 《ᠬᠦᠮᠦᠨ᠎ᠤ ᠨᠡᠷ᠎ᠡ ᠵᠢ ᠴᠡᠭᠡᠷᠯᠡᠬᠦ》᠂ 《ᠠᠮᠢᠳᠠᠨ᠎ᠤ ᠨᠡᠷ᠎ᠡ ᠵᠢ ᠴᠡᠭᠡᠷᠯᠡᠬᠦ》᠂ 《ᠦᠬᠦᠵᠦ ᠲᠦᠷᠦᠬᠦ᠎ᠲᠠᠢ ᠬᠤᠯᠪᠤᠭᠳᠠᠭ᠍ᠤ ᠦᠭᠡᠰ᠎ᠢ ᠴᠡᠭᠡᠷᠯᠡᠬᠦ》᠂ 《ᠡᠪᠡᠳᠴᠢᠨ᠎ᠤ ᠨᠡᠷ᠎ᠡ ᠵᠢ ᠴᠡᠭᠡᠷᠯᠡᠬᠦ》 ᠲᠤᠬᠠᠢ ᠲᠤᠳᠤᠷᠬᠠᠢ ᠶᠠᠷᠢᠭᠰᠠᠨ ᠪᠠᠶ᠋ᠢᠳᠠᠭ᠃ 《ᠦᠶᠡᠷ》 ᠭᠡᠬᠦ ᠵᠤᠬᠢᠶᠠᠯ᠎ᠳᠤ 《ᠠ᠋ᠮᠡᠭᠡᠨ ᠦᠶᠡᠷ᠎ᠤᠨ ᠤᠰᠤᠨ ᠲᠤᠮᠳᠠᠭᠤᠷ ᠲᠤᠷᠤᠶ᠋ᠢᠨ ᠠᠯᠤᠰᠯᠠᠭ᠍ᠤ ᠵᠠᠪᠢ ᠵᠢᠨ ᠬᠤᠶ᠋ᠢᠨ᠎ᠠ᠎ᠠᠴᠠ ᠬᠠᠷᠠᠵᠤ ᠭᠡᠰᠡᠭ ᠵᠤᠭᠰᠤᠭᠰᠠᠨ ᠵᠶ᠋ᠠᠨ ᠭᠡᠨᠡᠳᠳᠡ ᠠ᠋ᠷᠭᠢᠵᠦ ᠮᠠᠶ᠋ᠢᠬᠠᠨ᠎ᠳᠤ᠎ᠪᠠᠨ ᠭᠦᠶᠦᠬᠦ ᠰᠢᠬᠠᠮ ᠤᠷᠤᠭ᠋ᠠᠳ ᠬᠤᠪᠢᠩ᠎ᠲᠠᠢ ᠰᠦ᠎ᠪᠠᠨ ᠠᠪᠴᠢᠷᠠᠨ 〈ᠰᠡᠯᠡᠩᠭᠡ ᠡᠵᠢ ᠮᠢᠨᠢ᠂ ᠵᠦᠳᠡᠷᠡᠭᠰᠡᠨ ᠬᠡᠤᠬᠡᠳ᠎ᠤᠳ᠎ᠢ᠂ ᠮᠠᠭᠤ ᠡᠪᠦᠭᠡᠨ᠎ᠢ ᠮᠢᠨᠢ ᠠ᠋ᠰᠡᠨ ᠮᠡᠨᠳᠦ ᠭᠠᠳᠤᠯᠭ᠋ᠠᠵᠤ ᠬᠠᠶ᠋ᠢᠷᠠᠯᠨ〉 ᠭᠡᠵᠦ ᠠᠮᠠᠨ᠎ᠳᠤ᠎ᠪᠠᠨ ᠪᠦᠪᠦᠨᠡᠨ ᠰᠦ ᠰᠠᠴᠤᠨ ᠠ᠋ᠷᠭᠦᠭᠰᠡᠭᠡᠷ》 ᠭᠡᠬᠦ ᠤᠴᠢᠷ᠎ᠲᠤ ᠮᠤᠩᠭᠤᠯᠴᠤᠳ᠎ᠤᠨ ᠰᠠᠶ᠋ᠢᠨ ᠰᠠᠶ᠋ᠢᠬᠠᠨ ᠬᠦᠰᠡᠯ ᠲᠠᠭ᠋ᠠᠳᠬᠠᠯ᠂ ᠵᠦᠩᠨᠡᠯ ᠢᠷᠦᠭᠡᠯ ᠵᠶ᠋ᠠᠨ ᠲᠡᠪᠰᠢᠭᠦᠯᠬᠦ ᠵᠢᠨ ᠲᠦᠯᠦᠭᠡ ᠴᠠᠭ᠋ᠠᠨ ᠢᠳᠡᠭᠡᠨ ᠵᠶ᠋ᠠᠷ ᠲᠡᠭᠡᠳᠦ ᠲᠡᠭᠷᠢ᠎ᠳᠤ ᠰᠠᠴᠤᠯᠢ ᠠ᠋ᠷᠭᠦᠳᠡᠭ ᠵᠠᠩᠰᠢᠯ ᠲᠤᠰᠬᠠᠭᠳᠠᠵᠤ᠂ 《ᠠ᠋ᠯᠪᠡᠭ ᠲᠠᠪᠡᠯ》 ᠭᠡᠬᠦ ᠵᠤᠬᠢᠶᠠᠯ᠎ᠳᠤ  《ᠵᠨ ᠬᠦᠦ ᠮᠢᠨᠢ᠂ ᠰᠠᠶ᠋ᠢᠬᠠᠨ ᠲᠡᠪᠡᠯ ᠪᠤᠯᠵᠤ ᠳ᠋ᠨ᠃ ᠡᠵᠢ᠎ᠨᠢ ᠮᠢᠯᠢᠶᠠᠵᠤ ᠦᠵᠡᠶ᠎ᠡ》 ᠭᠡᠵᠦ ᠠ᠋ᠮᠡᠭᠡᠨ ᠠᠪᠳᠠᠷ᠎ᠠ ᠤᠷᠤᠭᠤ᠎ᠪᠠᠨ ᠠ᠋ᠷᠬᠢᠭ᠌ᠰᠡᠨ ᠲᠦᠷᠰᠦᠯᠡᠯ᠎ᠳᠤ ᠮᠤᠩᠭᠤᠯᠴᠤᠳ᠎ᠤᠨ ᠰᠢᠷ᠎ᠠ ᠲᠤᠰᠤ᠂ ᠰᠦ ᠵᠡᠷᠭᠡ᠎ᠪᠠᠷ ᠰᠢᠨ᠎ᠡ ᠭᠡᠷ᠂ ᠰᠢᠨ᠎ᠡ ᠪᠡᠷᠢ᠂ ᠰᠢᠨ᠎ᠡ ᠠ᠋ᠳ᠋ᠯᠡᠯ ᠁ ᠵᠡᠷᠭᠡ ᠵᠢᠨ ᠰᠠᠶ᠋ᠢᠨ ᠰᠠᠶ᠋ᠢᠬᠠᠨ᠂ ᠵᠤᠯ ᠵᠢᠷᠭ᠋ᠠᠯ᠎ᠲᠠᠢ᠂ ᠪᠡᠳᠤ ᠪᠦᠬᠡ ᠪᠠᠶ᠋ᠢᠬᠤ ᠵᠢ ᠬᠦᠰᠡᠨ ᠵᠦᠩᠨᠡᠵᠦ ᠲᠦᠷᠬᠢᠵᠦ ᠮᠢᠯᠢᠶᠠᠳᠠᠭ ᠵᠠᠩ ᠵᠠᠩᠰᠢᠯ᠎ᠢ ᠲᠤᠰᠬᠠᠭᠰᠠᠨ ᠪᠠᠢ᠍ᠢ᠍ᠳᠠᠬ᠃

     《ᠡᠷ᠎ᠡ ᠵᠢᠨ ᠭᠤᠷᠪᠠᠨ ᠨᠠᠭ᠋ᠠᠳᠤᠮ》 ᠪᠤᠯ ᠮᠤᠩᠭᠤᠯᠴᠤᠳ᠎ᠤᠨ ᠲᠠᠶ᠋ᠢᠨ ᠲᠠᠵᠢᠨ᠂ ᠨᠠᠭ᠋ᠠᠳᠤᠮ ᠴᠡᠩᠬᠡᠯ᠂ ᠪᠡᠶ᠎ᠡ ᠲᠠᠮᠢᠷ᠎ᠲᠠᠢ ᠬᠤᠯᠪᠤᠭᠳᠠᠭᠰᠠᠨ ᠬᠠᠮᠤᠭ᠎ᠤᠨ ᠴᠢᠬᠤᠯᠨ ᠪᠤᠯᠬᠤ ᠨᠠᠶ᠋ᠢᠷ ᠨᠠᠭ᠋ᠠᠳᠤᠮ᠎ᠤᠨ ᠠᠭᠤᠯᠭ᠎ᠠ ᠪᠤᠯᠤᠨ᠎ᠠ᠃ ᠠ᠋ᠳᠡᠭᠡᠷ ᠵᠠᠩ ᠵᠠᠩᠰᠢᠯ᠎ᠤᠨ ᠲᠤᠬᠠᠢ ᠤᠶ᠋ᠢᠯᠠᠭ᠋ᠠᠬᠤ᠎ᠪᠠᠷ ᠪᠠᠷᠠᠭ᠍ᠤ ᠦᠭᠡᠢ ᠠ᠋ᠭᠦᠨ᠎ᠲᠠᠢ ᠬᠤᠯᠪᠤᠭᠳᠠᠭᠰᠠᠨ ᠬᠡᠯᠨ ᠬᠡᠯᠡᠯᠭᠡ ᠵᠢᠨ ᠮᠡᠳᠡᠷᠡᠮᠵᠢ᠎ᠲᠠᠢ ᠪᠤᠯᠬᠤ ᠵᠢ ᠤᠨᠴᠠ ᠠᠩᠬᠠᠷᠪᠠᠯ ᠵᠤᠬᠢᠨ᠎ᠠ᠃ ᠪᠦᠬᠡ ᠪᠠᠷᠢᠯᠳᠤᠬᠤ ᠵᠢᠨ ᠬᠤᠪᠢ᠎ᠠᠴᠠ ᠦᠵᠡᠪᠡᠯ᠂ ᠪᠦᠬᠡ ᠵᠢᠨ ᠠᠷᠭ᠎ᠠ᠎ᠳᠤ ᠲᠠᠰᠢᠬᠤ᠂ ᠲᠡᠭᠡᠯᠡᠬᠦ᠂ ᠠ᠋ᠭᠦᠷᠬᠦ᠂ ᠭᠤᠬᠠᠳᠠᠭ᠍ᠤ᠂ ᠰᠠᠵᠢᠬᠤ᠂ ᠰᠤᠭᠰᠤᠷᠬᠤ᠂ ᠬᠠᠪᠰᠤᠷᠬᠤ᠂ ᠠᠴᠢᠶᠠᠳᠠᠭ᠍ᠤ ᠁ ᠵᠡᠷᠭᠡ ᠪᠠᠢ᠍ᠢ᠍ᠵᠤ ᠪᠦᠬᠡ ᠵᠢᠨ ᠪᠠᠷᠢᠴᠠ᠎ᠳᠤ ᠲᠡᠪᠡᠷᠢᠬᠦ᠂ ᠮᠦᠷᠦ᠎ᠠᠴᠠ᠎ᠨᠢ ᠪᠠᠷᠢᠬᠤ᠂ ᠰᠤᠯᠢᠪᠴᠠᠭᠤᠯᠵᠤ ᠪᠠᠷᠢᠬᠤ᠂ ᠬᠤᠷᠮᠤᠶ᠋ᠢᠳᠠᠭ᠍ᠤ᠂ ᠪᠦᠰᠡᠳᠡᠬᠦ ᠁ ᠵᠡᠷᠭᠡ ᠪᠠᠢ᠍ᠢ᠍ᠵᠤ ᠪᠦᠬᠡ ᠵᠢᠨ ᠠ᠋ᠮᠦᠰᠭᠡᠯ ᠵᠡᠭᠦᠳᠡᠯ᠎ᠳᠤ ᠵᠤᠳᠤᠭ᠂ ᠲᠤᠬᠤᠤ᠂ ᠱᠤᠳᠤᠭ᠂ ᠯᠠᠪᠠᠷᠢ᠂ ᠵᠠᠩᠭᠢᠶ᠎ᠠ ᠪᠠᠶ᠋ᠢᠵᠤ᠂ ᠪᠦᠬᠡ ᠪᠠᠷᠢᠯᠳᠤᠬᠤ ᠶᠤᠰᠤᠨ᠎ᠳᠤ ᠲᠡᠷᠢᠭᠦᠯᠡᠭᠰᠡᠨ ᠬᠦᠮᠦᠨ᠎ᠢ ᠦᠵᠦ ᠪᠦᠬᠡ᠂ ᠲᠡᠳ᠋ᠯᠡᠭᠰᠡᠨ ᠪᠦᠬᠡ ᠵᠢ ᠵᠠᠢ ᠪᠦᠬᠡ᠂ ᠨᠢᠭᠡ ᠴᠤ᠌ ᠲᠡᠶ᠋ᠢᠯᠦᠭᠰᠡᠨ ᠦᠭᠡᠢ ᠤᠨᠠᠭᠰᠠᠨ ᠪᠦᠬᠡ ᠵᠢ ᠰᠢᠷᠤᠢ ᠪᠦᠬᠡ᠂ ᠬᠤᠶᠠᠷ ᠪᠦᠬᠡ ᠪᠡᠶ᠎ᠡ ᠪᠡᠶ᠎ᠡ᠎ᠪᠠᠨ ᠲᠡᠶ᠋ᠢᠯᠬᠦ ᠦᠭᠡᠢ ᠴᠠᠭ ᠤᠳᠠᠭ᠍ᠤ ᠵᠢ ᠪᠦᠬᠡ ᠤᠶᠠᠭ᠍ᠤ᠂ ᠬᠤᠶᠠᠷ ᠪᠦᠬᠡ ᠵᠡᠷᠭᠡ᠎ᠳᠤ᠎ᠪᠠᠨ ᠤᠨᠠᠭᠰᠠᠨ᠎ᠢ ᠪᠦᠬᠡ ᠬᠠᠶ᠋ᠢᠨᠴᠢᠬᠤ᠂ ᠨᠦᠭᠦᠭᠡ ᠪᠦᠬᠡ᠎ᠨᠢ ᠭᠠᠷᠴᠤ ᠢᠷᠡᠭᠰᠡᠨ ᠦᠭᠡᠢ᠎ᠠᠴᠠ ᠭᠠᠷᠴᠤ ᠢᠷᠡᠭᠰᠡᠨ ᠪᠦᠬᠡ ᠵᠢ ᠲᠡᠶ᠋ᠢᠯᠦᠭᠰᠡᠨ ᠵᠶ᠋ᠠᠷ ᠪᠤᠳᠤᠬᠤ ᠵᠢ ᠪᠦᠬᠡ ᠬᠡᠢ ᠲᠡᠪᠢᠬᠦ᠂ ᠪᠦᠬᠡᠴᠤᠳ᠎ᠢ ᠬᠠᠷᠢᠯᠴᠠᠨ ᠠᠭᠤᠯᠵᠠᠭᠤᠯᠵᠤ ᠲᠤᠬᠢᠷᠠᠭᠤᠯᠬᠤ ᠵᠢ ᠪᠦᠬᠡ ᠤᠨᠤᠭ᠋ᠠᠯᠠᠭ᠍ᠤ᠂ ᠪᠦᠬᠡᠴᠤᠳ ᠲᠠᠯᠠᠪᠠᠢ᠎ᠳᠤ ᠤᠷᠤᠬᠤ᠎ᠳᠤ ᠬᠤᠶᠠᠷ ᠭᠠᠷᠯᠠᠨ ᠵᠤᠭᠰᠤᠭ᠋ᠠᠵᠤ ᠠ᠋ᠭᠡᠰᠢᠭ ᠲᠠᠭᠤᠤ ᠠᠶᠠᠯᠠᠭᠤᠯᠬᠤ ᠵᠢ ᠪᠦᠬᠡ ᠵᠢᠨ ᠤᠷᠢᠶ᠎ᠠ᠂ ᠪᠦᠬᠡᠴᠤᠳ᠎ᠤᠨ ᠲᠠᠯᠠᠪᠠᠢ᠎ᠳᠤ ᠤᠷᠤᠬᠤ ᠦᠶ᠎ᠡ ᠵᠢᠨ ᠦᠰᠦᠷᠴᠤ ᠮᠠᠭᠰᠢᠬᠤ ᠬᠦᠳᠡᠯᠪᠦᠷᠢ ᠵᠢ ᠪᠦᠬᠡ ᠵᠢᠨ ᠲᠡᠪᠢᠯᠭᠡ ᠭᠡᠵᠦ ᠲᠤᠰ ᠲᠤᠰ ᠨᠡᠷᠡᠯᠡᠳᠡᠭ᠃

      ᠬᠤᠶᠠᠷ᠂ ᠲᠠᠪᠤᠨ ᠬᠤᠰᠢᠭᠤ ᠮᠠᠯ᠎ᠤᠨ ᠲᠤᠬᠠᠢ

      ᠮᠤᠩᠭᠤᠯ ᠦᠨᠳᠦᠰᠦᠳᠠᠨ᠎ᠤ ᠤᠤᠭ᠋ᠠᠯ ᠰᠤᠶᠤᠯ ᠪᠤᠯ ᠲᠠᠪᠤᠨ ᠬᠤᠰᠢᠭᠤ ᠮᠠᠯ᠎ᠲᠠᠢ ᠨᠢᠭᠳᠠ ᠬᠠᠷᠢᠴᠠᠭ᠎ᠠ᠎ᠲᠠᠢ ᠰᠤᠶᠤᠯ ᠮᠦᠨ᠃ ᠲᠠᠪᠤᠨ ᠬᠤᠰᠢᠭᠤ ᠮᠠᠯ ᠠ᠋ᠳ᠋ᠯᠡᠳᠡᠭ᠎ᠨᠢ ᠮᠤᠩᠭᠤᠯᠴᠤᠳ᠎ᠤᠨ ᠠ᠋ᠬᠡ ᠪᠠᠶ᠋ᠢᠭ᠋ᠠᠯᠢ᠎ᠪᠠᠨ ᠬᠡᠷᠬᠢᠨ ᠠᠰᠢᠭᠯᠠᠭ᠍ᠤ᠂ ᠠ᠋ᠬᠡ ᠪᠠᠶ᠋ᠢᠭ᠋ᠠᠯᠢ᠎ᠲᠠᠢ᠎ᠪᠠᠨ ᠬᠡᠷᠬᠢᠨ ᠵᠤᠬᠢᠴᠠᠭ᠍ᠤ᠂ ᠠᠳᠠᠯᠢ ᠪᠤᠰᠤ ᠮᠠᠯ᠎ᠤᠨ ᠤᠨᠴᠠᠯᠢᠭ᠎ᠢ ᠬᠡᠷᠬᠢᠨ ᠲᠤᠬᠢᠷᠠᠭᠤᠯᠬᠤ᠂ ᠠᠰᠢᠭ ᠰᠢᠮ᠎ᠡ ᠵᠢ᠎ᠨᠢ ᠬᠡᠷᠬᠢᠨ ᠨᠡᠮᠡᠭᠳᠡᠭᠦᠯᠭᠦ᠂ ᠤᠶ᠋ᠢᠯᠡᠳᠦᠯ ᠬᠡᠷᠡᠭᠴᠡᠭᠡ ᠵᠢ᠎ᠨᠢ ᠬᠡᠷᠬᠢᠨ ᠪᠠᠳᠠᠷᠠᠭᠤᠯᠬᠤ᠂ ᠦᠭᠡᠷ᠎ᠡ᠎ᠪᠠᠷ ᠬᠡᠯᠡᠪᠡᠯ᠂ ᠠᠮᠢ ᠠᠬᠤᠢ᠎ᠪᠠᠨ ᠬᠡᠷᠬᠢᠨ ᠵᠤᠬᠢᠴᠠᠩᠭᠤᠢ᠂ ᠲᠡᠩᠴᠡᠭᠦᠷᠢ᠎ᠲᠠᠢ ᠪᠠᠶ᠋ᠢᠯᠭ᠋ᠠᠬᠤ ᠰᠡᠳᠬᠢᠴᠡ ᠪᠤᠳᠤᠯᠬᠢᠯᠡᠯ᠎ᠲᠠᠢ ᠰᠢᠭᠤᠳ ᠬᠠᠷᠢᠴᠠᠭ᠎ᠠ᠎ᠲᠠᠢ᠃ ᠠ᠋ᠶ᠋ᠢᠮᠦ᠎ᠠᠴᠠ ᠮᠤᠩᠭᠤᠯᠴᠤᠳ᠎ᠢ 《ᠨᠡᠭᠦᠳᠡᠯ ᠰᠤᠶᠤᠯ᠎ᠤᠨ ᠲᠦᠯᠦᠭᠡᠯᠡᠭᠴᠢ》 ᠭᠡᠬᠦ ᠮᠦᠷᠳᠡᠭᠡᠨ 《ᠠᠮᠢ ᠠᠬᠤᠢ᠎ᠪᠠᠨ ᠬᠠᠮᠠᠭ᠋ᠠᠯᠠᠭ᠍ᠤ ᠤᠤᠭ᠋ᠠᠯ ᠤᠬᠠᠮᠰᠠᠷ᠎ᠲᠠᠢ ᠬᠦᠮᠦᠰ》 ᠭᠡᠬᠦ᠎ᠳᠤ ᠭᠡᠳᠤᠷᠡᠭᠦ ᠦᠭᠡᠢ᠃ ᠰᠤᠷᠤᠭᠴᠢᠳ᠎ᠲᠤ ᠠᠪᠴᠤ ᠬᠡᠯᠡᠪᠡᠯ᠂ ᠨᠡᠭᠦᠳᠡᠯ ᠰᠤᠶᠤᠯ᠎ᠤᠨ ᠠᠵᠤ ᠠᠬᠤᠢ ᠵᠢᠨ ᠰᠠᠭᠤᠷᠢ ᠪᠤᠯᠤᠭᠰᠠᠨ ᠲᠠᠪᠤᠨ ᠬᠤᠰᠢᠭᠤ ᠮᠠᠯ᠎ᠲᠠᠢ ᠬᠤᠯᠪᠤᠭᠳᠠᠭᠰᠠᠨ ᠵᠤᠶ᠋ᠢᠯ᠎ᠢ ᠮᠡᠳᠡᠵᠦ᠂ ᠮᠡᠳᠡᠯᠭᠡ᠎ᠪᠠᠨ ᠨᠡᠮᠡᠭᠳᠡᠭᠦᠯᠵᠤ ᠪᠤᠯᠤᠨ᠎ᠠ᠃ ᠵᠢᠱ᠌ᠢᠶᠡᠯᠡᠪᠡᠯ᠄ ᠲᠠᠪᠤᠨ ᠬᠤᠰᠢᠭᠤ ᠮᠠᠯ᠎ᠤᠨ ᠨᠠᠰᠤ ᠵᠢᠯ᠎ᠤᠨ ᠨᠡᠷᠡᠶ᠋ᠢᠳᠦᠯ (ᠤᠨᠠᠭ᠎ᠠ᠂ ᠲᠤᠭᠤᠯ᠂ ᠲᠦᠯᠦᠭᠡ᠂ ᠢᠰᠢᠭᠡ᠂ ᠪᠤᠳᠤᠭᠤ ᠁)᠂ ᠴᠢᠨᠠᠷ᠎ᠤᠨ ᠢᠯᠭ᠋ᠠᠯ᠎ᠤᠨ ᠨᠡᠷᠡᠶ᠋ᠢᠳᠦᠯ (ᠪᠤᠤᠷ᠎ᠠ᠂ ᠪᠤᠬ᠎ᠠ᠂ ᠠᠵᠢᠷᠭ᠎ᠠ᠂ ᠬᠤᠴᠠ᠂ ᠤᠬᠤᠨ᠎ᠠ ᠁)᠂   ᠦᠩᠭᠡ ᠵᠢᠰᠦ ᠵᠢᠨ ᠨᠡᠷᠡᠶ᠋ᠢᠳᠦᠯ (ᠵᠡᠭᠡᠷᠳᠡ᠂ ᠰᠠᠭ᠋ᠠᠷᠠᠯ᠂ ᠬᠠᠯᠢᠭᠤᠨ᠂ ᠪᠤᠷᠤ᠂ ᠬᠠᠷ᠎ᠠ᠂ ᠵᠡᠭᠡᠯ᠂ ᠲᠡᠷᠯᠡᠨ᠂ ᠠᠯᠠᠭ ᠁)᠂ ᠲᠠᠭᠤ ᠴᠢᠮᠡᠭᠡᠨ᠎ᠤ ᠨᠡᠷᠡᠶ᠋ᠢᠳᠦᠯ (ᠪᠤᠤᠷᠯᠠᠭ᠍ᠤ᠂ ᠮᠦᠭᠡᠷᠬᠦ᠂ ᠢᠨᠴᠠᠭ᠋ᠠᠬᠤ᠂ ᠮᠠᠶ᠋ᠢᠯᠠᠭ᠍ᠤ ᠁)᠂ ᠦᠢ᠍ᠯᠨ ᠤᠴᠢᠷ᠎ᠤᠨ ᠢᠯᠭ᠋ᠠᠭ᠎ᠠ (ᠪᠤᠳᠤᠭᠤᠯᠠᠭ᠍ᠤ᠂   ᠲᠤᠭᠤᠯᠯᠠᠭ᠍ᠤ᠂ ᠤᠨᠠᠭ᠋ᠠᠯᠠᠭ᠍ᠤ᠂ ᠬᠤᠷᠠᠭ᠋ᠠᠯᠠᠭ᠍ᠤ᠂ ᠢᠰᠢᠭᠡᠯᠡᠬᠦ ᠁)᠂ ᠠ᠋ᠳ᠋ᠯᠡᠯ ᠬᠡᠷᠡᠭᠰᠡᠯ᠎ᠤᠨ ᠨᠡᠷᠡᠶ᠋ᠢᠳᠦᠯ (ᠬᠤᠮ᠂ ᠲᠤᠬᠤᠮ᠂ ᠬᠠᠵᠠᠭ᠋ᠠᠷ᠂ ᠨᠤᠭᠳᠤ᠂ ᠪᠤᠷᠠᠨᠳᠠᠭ᠂ ᠠᠷᠭ᠋ᠠᠮᠵᠢᠶ᠎ᠠ᠂ ᠴᠢᠳᠤᠷ᠂ ᠲᠤᠱ᠌ᠠ᠂ ᠦᠷᠦᠭᠡᠯ᠂ ᠵᠢᠷᠢᠮ᠂ ᠭᠠᠨᠵᠤᠭ᠎ᠠ ᠁)᠂ ᠪᠡᠶ᠎ᠡ ᠵᠢᠨ ᠠ᠋ᠷᠬᠡᠳᠡᠨ᠎ᠤ ᠨᠡᠷᠡᠶ᠋ᠢᠳᠦᠯ  (ᠬᠦᠵᠦᠭᠦᠦ᠂ ᠬᠠᠮᠠᠷ᠂ ᠠᠮᠨ᠂ ᠬᠠᠪᠢᠰᠤ᠂ ᠬᠠᠪᠢᠷᠭ᠎ᠠ᠂ ᠭᠡᠳᠡᠰᠦ᠂ ᠭᠦᠵᠡᠭᠡ᠂ ᠬᠤᠰᠭᠢᠨᠠᠭ᠂ ᠰᠢᠭᠢᠷ᠎ᠡ᠂ ᠲᠤᠯᠤᠭ᠋ᠠᠢ᠂ ᠰᠡᠭᠦᠯ᠂ ᠬᠠ᠂ ᠭᠤᠶ᠎ᠠ ᠁)᠂ ᠠᠬᠠᠷ ᠨᠤᠤᠰᠤᠨ᠎ᠤ ᠨᠡᠷᠡᠶ᠋ᠢᠳᠦᠯ (ᠠᠬᠠᠷ ᠨᠤᠤᠰᠤ᠂ ᠰᠤᠷ᠂ ᠲᠠᠯ᠂ ᠰᠡᠭᠦᠯ᠂ ᠰᠠᠩᠮᠠᠢ᠂ ᠮᠤᠨᠳᠠᠭ᠎ᠠ᠂ ᠤᠩᠭ᠋ᠠᠰᠤ᠂ ᠦᠰᠦ ᠁) ᠭᠡᠭᠦ ᠮᠡᠳᠦ᠃

      ᠭᠤᠷᠪᠠ᠂ ᠠ᠋ᠳ᠋ᠯᠡᠯ ᠬᠡᠷᠡᠭᠰᠡᠯ᠎ᠤᠨ ᠲᠤᠬᠠᠢ

      ᠮᠤᠩᠭᠤᠯᠴᠤᠳ ᠤᠷᠳᠤ ᠤᠳᠠᠭ᠋ᠠᠨ ᠨᠡᠭᠦᠳᠡᠯ ᠮᠠᠯᠵᠢᠯ ᠪᠠ ᠲᠠᠶ᠋ᠢᠨ ᠲᠤᠯᠤᠯᠳᠤᠭ᠋ᠠᠨ᠎ᠤ ᠶᠠᠪᠤᠴᠠ᠎ᠳᠤ᠎ᠪᠠᠨ ᠭᠡᠷ ᠤᠷᠤᠨ᠂ ᠵᠡᠷ ᠵᠡᠪᠰᠡᠭ᠂ ᠬᠤᠪᠴᠠᠰᠤ ᠬᠤᠨᠠᠷ᠂ ᠠᠮᠢᠳᠤᠷᠠᠯ᠎ᠤᠨ ᠪᠤᠰᠤᠳ ᠬᠡᠷᠡᠭᠰᠡᠯ᠎ᠢ ᠤᠯᠠᠨ ᠬᠡᠷᠡᠭᠯᠡᠵᠦ᠂ ᠦᠪᠡᠷᠮᠢᠴᠡ ᠤᠨᠴᠠᠯᠢᠭ ᠪᠦᠬᠦᠢ ᠤᠯᠠᠨ ᠨᠡᠷᠡᠶ᠋ᠢᠳᠤᠯ᠎ᠲᠠᠢ᠂ ᠤᠯᠠᠨ ᠬᠡᠯᠪᠡᠷᠢ᠎ᠲᠠᠢ᠂ ᠤᠯᠠᠨ ᠬᠡᠷᠡᠭᠴᠡᠭᠡ᠎ᠲᠠᠢ᠎ᠪᠠᠷ ᠬᠡᠷᠡᠭᠯᠡᠵᠦ ᠢᠷᠡᠵᠡᠢ᠃ ᠭᠡᠷ ᠤᠷᠤᠨ᠎ᠤ ᠬᠤᠪᠢ᠎ᠳᠤ᠄ ᠲᠤᠭᠤᠨᠤ᠂ ᠬᠠᠳᠠᠪᠴᠢ᠂ ᠲᠤᠳᠤᠭᠤ᠂ ᠪᠤᠱ᠌ᠤᠭ᠎ᠠ᠂ ᠬᠠᠨ᠎ᠠ᠂ ᠬᠦᠯᠳᠦᠷᠭᠡ᠂ ᠪᠦᠰᠡᠯᠡᠭᠦᠷ᠂ ᠠ᠋ᠷᠤᠬᠡ᠂ ᠲᠠᠭ᠎ᠠ᠂ ᠴᠠᠭ᠋ᠠᠷᠢᠭ ᠁ ᠭᠡᠭᠦ ᠮᠡᠳᠦ; ᠬᠤᠪᠴᠠᠰᠤ ᠬᠤᠨᠠᠷ᠎ᠤᠨ ᠬᠤᠪᠢ᠎ᠳᠤ᠄ ᠵᠠᠭ᠋ᠠᠮ᠎ᠠ᠂ ᠬᠠᠨᠴᠤᠢ᠂ ᠲᠡᠩᠬᠡᠮ᠂ ᠨᠢᠳᠤᠷᠭ᠎ᠠ᠂ ᠲᠤᠪᠴᠢ᠂ ᠰᠤᠭᠤᠪᠴᠢ᠂ ᠬᠤᠷᠮᠤᠢ᠂ ᠠ᠋ᠩᠭᠡᠷ᠂ ᠠ᠋ᠮᠵᠢᠶᠡᠷᠢ᠂ ᠤᠨᠤᠭᠤ ᠁ ᠭᠡᠭᠦ ᠮᠡᠳᠤ; ᠠᠩ ᠠᠩᠨᠠᠯ ᠪᠠ ᠵᠠᠷ ᠵᠡᠪᠰᠡᠭ᠎ᠲᠤ᠄ ᠨᠤᠮᠤ ᠰᠤᠮᠤ᠂ ᠰᠠᠭ᠋ᠠᠳᠠᠭ᠂ ᠵᠢᠳᠠ ᠰᠡᠷᠡᠭᠡ᠂ ᠫᠤᠤ ᠵᠡᠪᠰᠡᠭ᠂ ᠤᠷᠬ᠎ᠠ ᠲᠤᠤᠷ᠂ ᠤᠨᠠᠭᠤᠯᠢ᠂ ᠬᠠᠪᠬ᠎ᠠ᠂ ᠪᠢᠯᠠᠭᠤ ᠰᠢᠳᠠᠮ ᠁ ᠭᠡᠭᠦ ᠮᠡᠳᠦ; ᠪᠤᠰᠤᠳ ᠠ᠋ᠳ᠋ᠯᠡᠯ ᠬᠡᠷᠡᠭᠰᠡᠯ᠎ᠳᠤ᠄ ᠬᠠᠳᠠᠭ ᠬᠦᠬᠦᠷ᠂ ᠲᠤᠯᠭ᠎ᠠ ᠲᠤᠭᠤᠭ᠎ᠠ᠂ ᠬᠦᠨᠦᠭ ᠴᠦᠭᠦᠴᠡ᠂ ᠪᠠᠭᠪᠤᠷ ᠠ᠋ᠷᠭᠢᠨᠡᠭ᠂ ᠰᠢᠨᠠᠭ᠎ᠠ ᠬᠤᠰᠤᠭᠤᠷ᠂ ᠲᠡᠪᠰᠢ ᠫᠢᠯᠨ᠂ ᠵᠤᠳᠤᠭ ᠯᠠᠪᠠᠷᠢ ᠁ ᠭᠡᠭᠦ ᠮᠡᠳᠦ᠃ ᠠ᠋ᠳᠡᠭᠡᠷ᠎ᠨᠢ ᠴᠦᠮ ᠠᠳᠠᠯᠢ ᠪᠤᠰᠤ ᠵᠢᠨ ᠬᠡᠯᠪᠡᠷᠢ ᠶᠠᠩᠵᠤ᠎ᠲᠠᠢ᠂ ᠠᠳᠠᠯᠢ ᠪᠤᠰᠤ ᠵᠢᠨ ᠤᠶ᠋ᠢᠯᠡᠳᠦᠯ ᠬᠡᠷᠡᠭᠴᠡᠭᠡ᠎ᠲᠠᠢ᠂ ᠠᠳᠠᠯᠢ ᠪᠤᠰᠤ ᠵᠢᠨ ᠤᠷᠤᠨ ᠪᠠᠶ᠋ᠢᠷᠢ᠎ᠲᠠᠢ᠃ ᠠ᠋ᠳᠡᠭᠡᠷ ᠠᠷᠪᠢᠨ᠎ᠢ ᠮᠡᠳᠡᠵᠦ ᠤᠶ᠋ᠢᠯᠠᠭ᠋ᠠᠪᠠᠯ᠂ ᠨᠢᠭᠡ ᠲᠠᠯ᠎ᠠ᠎ᠪᠠᠷ ᠲᠡᠭᠡᠳᠦᠰ᠎ᠤᠨ ᠠ᠋ᠳ᠋ᠯᠡᠵᠦ ᠬᠡᠷᠡᠭᠯᠡᠵᠦ ᠪᠠᠶ᠋ᠢᠭᠰᠠᠨ ᠵᠤᠶ᠋ᠢᠯ᠂ ᠠᠵᠤ ᠠᠮᠢᠳᠤᠷᠠᠯ᠎ᠤᠨ ᠪᠠᠶ᠋ᠢᠳᠠᠯ᠎ᠢ ᠤᠶ᠋ᠢᠯᠠᠭ᠋ᠠᠵᠤ᠂ ᠨᠦᠭᠦᠭᠡ ᠲᠠᠯ᠎ᠠ᠎ᠪᠠᠷ ᠦᠭᠡᠰ᠎ᠤᠨ ᠰᠠᠩ ᠵᠶ᠋ᠠᠨ ᠪᠠᠶᠠᠯᠢᠬ᠍ᠵᠢᠭᠤᠯᠤᠨ᠂ ᠮᠡᠳᠡᠯᠭᠡ ᠵᠢᠨ ᠬᠦᠷᠢᠶ᠎ᠡ ᠬᠡᠪᠴᠢᠶ᠎ᠡ᠎ᠪᠠᠨ ᠦᠷᠭᠡᠳᠬᠡᠵᠦ ᠲᠡᠶ᠋ᠢᠯᠦᠨ᠎ᠡ᠃

      ᠳᠦᠷᠪᠡ᠂ ᠢᠳᠡᠭᠡᠨ ᠤᠮᠳᠠᠭ᠋ᠠᠨ᠎ᠤ ᠰᠤᠶᠤᠯ᠎ᠤᠨ ᠲᠤᠬᠠᠢ

      ᠮᠤᠩᠭᠤᠯ ᠦᠨᠳᠦᠰᠦᠳᠠᠨ᠎ᠤ ᠢᠳᠡᠭᠡᠨ ᠤᠮᠳᠠᠭ᠋ᠠᠨ᠎ᠤ ᠰᠤᠶᠤᠯ᠎ᠨᠢ ᠨᠡᠭᠦᠳᠡᠯ ᠮᠠᠯᠵᠢᠯ᠎ᠤᠨ ᠠᠮᠢᠳᠤᠷᠠᠯ᠎ᠲᠠᠢ ᠨᠢᠭᠳᠠ ᠬᠤᠯᠪᠤᠭ᠎ᠠ᠎ᠲᠠᠢ᠂ ᠮᠠᠯᠵᠢᠯ ᠦᠨᠳᠦᠰᠦᠳᠠᠨ᠎ᠤ ᠦᠪᠡᠷᠮᠢᠴᠡ ᠤᠨᠴᠠᠯᠢᠭ᠎ᠲᠠᠢ ᠰᠤᠶᠤᠯ ᠪᠤᠯᠤᠨ᠎ᠠ᠃ ᠮᠤᠩᠭᠤᠯᠴᠤᠳ ᠢᠳᠡᠭᠡᠨ ᠤᠮᠳᠠᠭ᠋ᠠᠨ ᠵᠶ᠋ᠠᠨ ᠶᠡᠷᠦᠩᠬᠡᠢ᠎ᠳᠤ᠎ᠪᠠᠨ ᠴᠠᠭ᠋ᠠᠨ ᠢᠳᠡᠭᠡᠨ᠂ ᠤᠯᠠᠭ᠋ᠠᠨ ᠢᠳᠡᠭᠡᠨ᠂ ᠤᠮᠳᠠᠭ᠋ᠠᠨ ᠭᠡᠵᠦ ᠭᠤᠷᠪᠠᠨ ᠲᠦᠷᠦᠯ᠎ᠳᠤ ᠬᠤᠪᠢᠶᠠᠳᠠᠭ᠃ ᠴᠠᠭ᠋ᠠᠨ ᠢᠳᠡᠭᠡᠨ᠎ᠳᠤ ᠰᠦ᠂ ᠠᠶ᠋ᠢᠷᠠᠭ᠂ ᠦᠷᠦᠮ᠎ᠡ᠂ ᠴᠦᠷᠮ᠎ᠠ᠂ ᠱᠦᠭᠦᠮᠡᠯ᠂ ᠬᠤᠭᠤᠷᠮᠠᠭ᠂ ᠴᠠᠭ᠎ᠠ᠂ ᠲᠠᠰᠢᠮᠠᠭ᠂ ᠴᠡᠭᠡ᠂ ᠠᠭ᠋ᠠᠷᠴᠠ ᠁ ᠭᠡᠬᠦ ᠮᠡᠳᠤ ᠵᠢᠨ ᠰᠦ ᠰᠠᠭ᠋ᠠᠯᠢ᠎ᠲᠠᠢ ᠬᠤᠯᠪᠤᠭ᠎ᠠ᠎ᠲᠠᠢ ᠤᠯᠠᠨ ᠨᠡᠷᠡᠶ᠋ᠢᠳᠦᠯ᠎ᠲᠠᠢ ᠮᠦᠷᠳᠡᠭᠡᠨ ᠬᠢᠬᠦ ᠠᠷᠭ᠎ᠠ ᠪᠠᠷᠢᠯ᠎ᠨᠢ ᠠᠳᠠᠯᠢ ᠪᠤᠰᠤ᠂ ᠪᠦᠳᠦᠴᠡ ᠪᠦᠷᠢᠯᠳᠦᠭᠦᠨ᠎ᠨᠢ ᠠᠳᠠᠯᠢ ᠪᠤᠰᠤ᠂ ᠦᠨᠦᠷ ᠠᠮᠳᠠ᠎ᠨᠢ ᠠᠳᠠᠯᠢ ᠪᠤᠰᠤ᠂ ᠤᠶ᠋ᠢᠯᠡᠳᠦᠯ ᠬᠡᠷᠡᠭᠴᠡᠭᠡ᠎ᠨᠢ ᠠᠳᠠᠯᠢ ᠪᠤᠰᠤ᠂ ᠴᠠᠭ᠋ᠠᠰᠢᠯᠠᠪᠠᠯ ᠭᠠᠵᠠᠷ ᠭᠠᠵᠠᠷ᠎ᠲᠤ ᠦᠪᠡᠷ ᠦᠪᠡᠷ᠎ᠤᠨ ᠤᠨᠴᠠᠯᠢᠭ ᠪᠦᠬᠦᠢ ᠲᠠᠭᠤᠳᠠᠯᠭ᠎ᠠ ᠨᠡᠷᠡᠶ᠋ᠢᠳᠦᠯ ᠴᠤ᠌ ᠠᠷᠪᠢᠨ ᠪᠠᠶ᠋ᠢᠳᠠᠭ᠃ ᠤᠯᠠᠭ᠋ᠠᠨ ᠢᠳᠡᠭᠡᠨ᠎ᠳᠤ ᠦᠭᠡᠷ᠂ ᠬᠤᠨᠢ᠂ ᠲᠡᠮᠡᠭᠡ᠂ ᠢᠮᠠᠭ᠎ᠠ᠎ᠪᠠᠷ ᠭᠤᠤᠯᠯᠠᠭᠰᠠᠨ ᠮᠢᠬᠠᠨ᠎ᠤ ᠲᠦᠷᠦᠯ᠎ᠢ ᠵᠢᠭ᠋ᠠᠵᠤ᠂ ᠪᠤᠷᠴᠠᠯᠠᠭ᠍ᠤ᠂ ᠬᠠᠳᠠᠭ᠋ᠠᠬᠤ᠂ ᠱᠦᠯᠦᠰᠢᠭᠦᠯᠬᠦ᠂ ᠰᠢᠭᠦᠰᠦ ᠲᠠᠯᠪᠢᠬᠤ᠂ ᠶᠠᠰᠤ ᠴᠠᠭ᠋ᠠᠯᠠᠭ᠍ᠤ᠂ ᠶᠠᠰᠤ ᠮᠦᠯᠵᠢᠬᠦ ᠁ ᠵᠡᠷᠭᠡ ᠦᠭᠡᠰ ᠬᠤᠯᠪᠤᠭᠳᠠᠳᠠᠭ; ᠤᠮᠳᠠᠭ᠋ᠠᠨ᠎ᠳᠤ ᠴᠠᠢ᠂ ᠠᠷᠢᠬᠢ᠂ ᠰᠠᠭ᠋ᠠᠯᠢ ᠵᠢᠨ ᠠᠷᠢᠬᠢ᠂ ᠤᠰᠤ ᠵᠡᠷᠭᠡ ᠵᠢ ᠪᠠᠭᠳᠠᠭ᠋ᠠᠳᠠᠭ᠃

      ᠪᠢᠳᠠ ᠲᠡᠭᠡᠷᠡᠬᠢ ᠠᠭᠤᠯᠭ᠎ᠠ᠎ᠪᠠᠷ ᠭᠤᠤᠯ ᠪᠤᠯᠭ᠋ᠠᠵᠤ᠂ ᠤᠤᠭ᠋ᠠᠯ ᠰᠤᠶᠤᠯ᠎ᠤᠨ ᠲᠤᠬᠠᠢ ᠬᠢᠴᠢᠶᠡᠯ᠎ᠤᠨ ᠪᠢᠴᠢᠭ᠎ᠲᠤ᠎ᠬᠢ ᠰᠤᠷᠠᠭ ᠵᠠᠩᠬᠢ ᠵᠢ ᠲᠡᠯᠡᠨ ᠦᠷᠭᠡᠵᠢᠭᠦᠯᠬᠦ ᠪᠤᠶᠤ ᠠᠬᠠᠮᠠᠳ ᠨᠠᠰᠤᠳᠠᠨ᠎ᠠᠴᠠ ᠠᠰᠠᠭᠤᠨ ᠰᠤᠷᠠᠭ᠍ᠤ᠂ ᠨᠤᠮ ᠲᠡᠪᠳᠡᠷ᠎ᠠᠴᠠ ᠰᠢᠭᠰᠢᠨ ᠱᠦᠭᠦᠬᠦ ᠠ᠋ᠰᠡᠬᠦᠯ᠎ᠡ ᠨᠠᠶ᠋ᠢᠷ ᠨᠠᠭ᠋ᠠᠳᠤᠮ᠂ ᠴᠠᠭ᠋ᠠᠨ ᠰᠠᠷ᠎ᠠ᠂ ᠭᠠᠯ ᠲᠠᠬᠢᠯᠭ᠎ᠠ᠂ ᠤᠪᠤᠭ᠎ᠠ ᠲᠠᠬᠢᠯᠭ᠎ᠠ᠂ ᠴᠢᠩᠬᠢᠰ᠎ᠤᠨ ᠤᠩᠭᠤᠨ᠎ᠤ ᠲᠠᠬᠢᠯᠭ᠎ᠠ᠂ ᠵᠤᠭ᠋ᠠᠴᠠᠯ᠎ᠤᠨ ᠭᠠᠵᠠᠷ᠎ᠲᠤ ᠤᠴᠢᠬᠤ ᠁ ᠵᠡᠷᠭᠡ ᠵᠠᠪᠰᠢᠶᠠᠨ ᠲᠤᠬᠢᠶᠠᠯ᠎ᠢ ᠠᠯᠳᠠᠯ ᠦᠭᠡᠢ᠎ᠪᠠᠷ ᠨᠠᠷᠢᠨ ᠠᠵᠢᠭᠯᠠᠭ᠍ᠤ ᠪᠤᠶᠤ ᠪᠡᠶᠡᠳᠡᠨ ᠤᠷᠤᠯᠴᠠᠬᠤ ᠮᠡᠳᠤ ᠵᠢᠨ ᠤᠯᠠᠨ ᠬᠡᠯᠪᠡᠷᠢ᠎ᠪᠠᠷ ᠤᠤᠭ᠋ᠠᠯ ᠰᠤᠶᠤᠯ᠎ᠤᠨ ᠲᠤᠬᠠᠢ ᠮᠡᠳᠡᠯᠭᠡ᠎ᠪᠠᠨ ᠨᠡᠮᠡᠭᠳᠡᠭᠦᠯᠵᠦ᠂ ᠤᠶ᠋ᠢᠯᠠᠭ᠋ᠠᠯᠳᠠ᠎ᠪᠠᠨ ᠭᠦᠨᠵᠡᠭᠡᠶ᠋ᠢᠷᠡᠭᠦᠯᠭᠦ ᠴᠢᠬᠤᠯᠠ ᠲ᠋ᠠᠢ ᠪᠠᠢ᠍ᠢ᠍ᠨ᠎ᠠ᠃
      ᠬᠠᠶᠢᠬ᠄   ᠤᠷᠳᠤᠰ ᠬᠤᠳᠠ ᠵᠢᠨ ᠮᠤᠩᠭᠤᠯ ᠦᠨᠳᠦᠰᠦᠳᠠᠨ᠎ᠤ ᠲᠤᠮᠳᠠᠳᠤ ᠰᠤᠷᠭ᠋ᠠᠭᠤᠯᠢ

                                       (ᠠ᠋ᠾᠤᠢ᠍ᠩ ᠮᠸᠢ ᠨᠠᠢ᠍ᠢ᠍ᠷᠠᠭᠤᠯᠪᠠ)

                                     2019 ᠣᠨ᠎ᠤ 2 ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠮᠤᠩᠭᠤᠯᠴᠤᠳ᠎ᠤᠨ ᠶᠠᠰᠤ ᠮᠦᠯᠵᠢᠭᠦ ᠭᠢᠭᠡᠳ ᠳᠡᠭᠦᠨ᠎ᠲᠠᠢ ᠬᠤᠯᠪᠤᠭᠳᠠᠭᠰᠠᠨ ᠴᠡᠭᠡᠷ ᠶᠤᠰᠤᠨ᠎ᠤ ᠰᠤᠶᠤᠯ
ᠮᠤᠩᠭᠤᠯᠴᠤᠳ᠎ᠤᠨ ᠶᠠᠰᠤ ᠮᠦᠯᠵᠢᠭᠦ ᠭᠢᠭᠡᠳ ᠳᠡᠭᠦᠨ᠎ᠲᠠᠢ ᠬᠤᠯᠪᠤᠭᠳᠠᠭᠰᠠᠨ ᠴᠡᠭᠡᠷ ᠶᠤᠰᠤᠨ᠎ᠤ ᠰᠤᠶᠤᠯ
ᠮᠤᠩᠭᠤᠯᠴᠤᠳ᠎ᠤᠨ ᠮᠡᠨᠳᠤᠴᠢᠯᠡᠭᠡᠨ᠎ᠤ ᠬᠡᠯᠡ ᠬᠡᠯᠡᠯᠭᠡ ᠵᠢᠨ ᠲᠤᠬᠠᠢ
 
             蒙ICP备05000248号