ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠰᠣᠶᠣᠯ ᠣᠯᠠᠮᠵᠢᠯᠠᠯ
《ᠮᠣᠩᠭᠤᠯ᠎ᠤᠨ ᠨᠢᠭᠤᠴᠠ ᠲᠤᠪᠴᠢᠶᠠᠨ》᠎ᠤ ᠰᠤᠷᠭ᠋ᠠᠭᠤᠯᠢ ᠵᠢᠨ ᠬᠦᠷᠢᠶᠡᠨ᠎ᠳᠤ᠎ᠬᠢ ᠤᠩᠰᠢᠯᠭ᠎ᠠ
ᠨᠡᠶ᠋ᠢᠲᠡᠯᠡᠭᠰᠡᠨ ᠴᠠᠭ᠄ 2020-01-02

                                  ᠮᠠᠶ᠋ᠢᠯᠠᠰᠤ



      ᠤᠨᠭ᠌ᠰᠢᠯᠭ᠎ᠠ ᠪᠤᠯ ᠰᠤᠷᠤᠭᠴᠢᠳ᠎ᠤᠨ ᠨᠢᠳᠤᠨ ᠬᠠᠷᠠᠭ᠎ᠠ ᠵᠢ ᠲᠠᠯᠠᠵᠤ᠂ ᠮᠠᠳᠠᠯᠭᠡ ᠪᠤᠯᠪᠠᠰᠤᠷᠠᠯ᠎ᠢ᠎ᠨᠢ ᠦᠷᠭᠡᠳᠭᠡᠭᠦ ᠪᠦᠳᠤᠮᠵᠢᠳᠠᠢ ᠠᠷᠭ᠎ᠠ ᠮᠦᠨ᠃ ᠭᠡᠭᠦ᠎ᠳᠤ᠎ᠪᠠᠨ ᠤᠨᠭ᠌ᠰᠢᠬᠤ ᠠᠷᠭ᠎ᠠ ᠵᠢ ᠡᠵᠡᠮᠰᠢᠨ᠂ ᠤᠨᠭ᠌ᠰᠢᠬᠤ ᠮᠠᠲᠸᠷᠢᠶᠠᠯ ᠵᠶ᠋ᠠᠨ ᠵᠦᠪ ᠰᠤᠨᠭ᠌ᠭᠤᠬᠤ᠎ᠨᠢ ᠤᠨᠭ᠌ᠰᠢᠯᠭ᠎ᠠ ᠵᠢᠨ ᠴᠢᠨᠠᠷ ᠴᠢᠨᠰᠠᠭ᠎ᠠ ᠵᠢ ᠰᠢᠭᠤᠳ ᠨᠦᠯᠦᠭᠡᠯᠡᠳᠡᠭ᠃ ᠲᠤᠤᠷ᠎ᠠ 《ᠮᠤᠨᠭ᠌ᠭᠤᠯ᠎ᠤᠨ ᠨᠢᠭᠤᠴᠠ ᠲᠤᠪᠴᠢᠶᠠᠨ》 ᠵᠶ᠋ᠠᠷ ᠤᠨᠭ᠌ᠰᠢᠯᠭ᠎ᠠ ᠵᠢᠨ ᠮᠠᠲᠸᠷᠢᠶᠠᠯ ᠪᠤᠯᠭ᠋ᠠᠵᠤ᠂ ᠤᠯᠠᠭ᠋ᠠᠨᠬᠠᠳᠠ ᠬᠤᠳᠠ ᠵᠢᠨ ᠪᠠᠭ᠋ᠠᠷᠢᠨ ᠵᠡᠭᠦᠨ ᠬᠤᠰᠢᠭᠤᠨ᠎ᠤ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠢ ᠤᠨᠭ᠌ᠰᠢᠯᠭ᠎ᠠ ᠵᠢᠨ ᠲᠠᠯ᠎ᠠ᠎ᠪᠠᠷ ᠵᠢᠭ᠋ᠠᠨ ᠵᠢᠯᠤᠭᠤᠳᠤᠭᠰᠠᠨ ᠲᠤᠬᠠᠢ ᠦᠷᠭᠡᠨ ᠤᠯᠠᠨ ᠪᠠᠭᠰᠢ ᠨᠠᠷ᠎ᠲᠠᠢ᠎ᠪᠠᠨ ᠬᠤᠪᠢᠶᠠᠯᠴᠠᠶ᠎ᠠ᠃
     《ᠪᠠᠭ᠋ᠠᠷᠢᠨ ᠵᠡᠬᠦᠨ ᠬᠤᠰᠢᠭᠤᠨ᠎ᠤ ᠵᠢᠭ᠋ᠠᠬᠤ ᠵᠢ ᠰᠤᠳᠤᠯᠬᠤ ᠲᠦᠪ᠎ᠤᠨ ᠮᠠᠶ᠋ᠢᠯᠠᠰᠤ ᠪᠠᠭᠰᠢ 〈ᠮᠣᠩᠭᠤᠯ᠎ᠤᠨ ᠨᠢᠭᠤᠴᠠ ᠲᠤᠪᠴᠢᠶᠠᠨ〉᠎ᠢ ᠬᠢᠴᠢᠶᠡᠯ ᠬᠦᠮᠦᠵᠢᠯ᠎ᠲᠠᠢ ᠤᠶᠠᠯᠳᠤᠭᠤᠯᠤᠨ᠂ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠲᠤ 〈ᠮᠤᠩᠭᠤᠯ᠎ᠤᠨ ᠨᠢᠭᠤᠴᠠ ᠲᠤᠪᠴᠢᠶᠠᠨ〉᠎ᠢ ᠤᠩᠰᠢᠭᠤᠯᠵᠤ᠂ ᠬᠤᠰᠢᠭᠤᠨ᠎ᠤ ᠬᠡᠪᠴᠢᠶᠡᠨ᠎ᠤ 〈ᠮᠤᠩᠭᠤᠯ᠎ᠤᠨ ᠨᠢᠭᠤᠴᠠ ᠲᠤᠪᠴᠢᠶᠠᠨ〉᠎ᠤ ᠮᠡᠳᠡᠯᠭᠡ ᠵᠢᠨ ᠮᠦᠷᠦᠶ᠋ᠢᠴᠡᠭᠡᠨ ᠬᠢᠭᠰᠡᠨ ᠵᠡᠷᠭᠡ ᠠᠵᠢᠯᠯᠠᠭ᠋ᠠᠨ᠎ᠨᠢ 〈ᠮᠣᠩᠭᠤᠯ᠎ᠤᠨ ᠨᠢᠭᠤᠴᠠ ᠲᠤᠪᠴᠢᠶᠠᠨ〉᠎ᠤ ᠬᠢᠴᠢᠶᠡᠯ ᠬᠦᠮᠦᠵᠢᠯ᠎ᠨᠢ ᠠ᠋ᠷᠳᠡᠮ ᠰᠢᠨᠵᠢᠯᠡᠭᠡᠨ᠎ᠤ ᠰᠤᠳᠤᠯᠭ᠋ᠠᠨ᠎ᠲᠠᠢ ᠠᠳᠠᠯᠢᠬᠠᠨ ᠦᠨ᠎ᠡ ᠦᠷᠲᠡᠭ᠎ᠲᠠᠢ ᠭᠡᠳᠡᠭ᠎ᠢ ᠬᠠᠷᠠᠭᠤᠯᠵᠤ ᠪᠠᠶ᠋ᠢᠭ᠎ᠠ ᠶᠤᠮ》 ᠭᠡᠵᠦ ᠦᠪᠦᠷ ᠮᠤᠩᠭᠤᠯ᠎ᠤᠨ ᠶᠡᠭᠡ ᠰᠤᠷᠭ᠋ᠠᠭᠤᠯᠢ᠎ᠶᠢᠨ ᠪᠦᠷᠢᠨᠪᠠᠲᠤ ᠫᠷᠦᠹᠸᠰᠰᠤᠷ᠎ᠠᠴᠠ ᠦᠪᠦᠷ ᠮᠤᠩᠭᠤᠯ᠎ᠤᠨ ᠶᠡᠭᠡ ᠰᠤᠷᠭ᠋ᠠᠭᠤᠯᠢ ᠵᠢᠨ ᠠᠩᠬᠠᠳᠤᠭ᠋ᠠᠷ ᠬᠤᠭᠤᠴᠠᠭ᠋ᠠᠨ᠎ᠤ 《ᠮᠤᠩᠭᠤᠯ᠎ᠤᠨ ᠨᠢᠭᠤᠴᠠ ᠲᠤᠪᠴᠢᠶᠡᠨ》᠎ᠤ ᠤᠯᠠᠨ ᠤᠯᠤᠰ᠎ᠤᠨ ᠠ᠋ᠷᠳᠡᠮ ᠰᠢᠨᠵᠢᠯᠡᠬᠡᠨ᠎ᠤ ᠰᠤᠳᠤᠯᠤᠨ ᠶᠠᠷᠢᠯᠴᠠᠭ᠍ᠤ ᠬᠤᠷᠠᠯ᠎ᠤᠨ ᠲᠡᠭᠦᠰᠬᠡᠯ᠎ᠤᠨ ᠶᠠᠷᠢᠶᠠᠨ᠎ᠳᠤ᠎ᠪᠠᠨ ᠶᠠᠷᠢᠭᠰᠠᠨ ᠪᠠᠶ᠋ᠢᠳᠠᠭ᠃ ᠠ᠋ᠨᠡ ᠭᠦ᠌ ᠶᠠᠷᠢᠶ᠎ᠠ᠎ᠨᠢ ᠨᠠᠳᠠᠳᠤ ᠶᠡᠬᠡᠬᠡᠨ ᠵᠤᠷᠢᠬ᠍ᠵᠢᠭᠤᠯᠤᠯ ᠪᠤᠯᠤᠭᠰᠠᠨ ᠵᠶ᠋ᠠᠷ ᠪᠠᠷᠠᠭ᠍ᠤ ᠦᠭᠡᠢ ᠰᠤᠷᠤᠭᠴᠢᠳ᠎ᠲᠤ ᠴᠦ᠍ ᠲᠤᠩ ᠶᠡᠭᠡ ᠤᠮᠤᠭᠰᠢᠯ ᠪᠤᠯᠤᠭᠰᠠᠨ ᠪᠠᠢ᠍ᠢ᠍ᠨ᠎ᠠ᠃

      ᠨᠢᠭᠡ᠂ ᠶᠠᠭ᠋ᠠᠬᠢᠭ᠋ᠠᠳ 《ᠮᠣᠩᠭᠤᠯ᠎ᠤᠨ ᠨᠢᠭᠤᠴᠠ ᠲᠤᠪᠴᠢᠶᠠᠨ》᠎ᠢ ᠰᠤᠨᠭ᠌ᠭᠤᠭᠰᠠᠨ ᠪᠤᠢ?

      ᠪᠢᠳᠡ ᠦᠷᠭᠦᠯᠵᠢ ᠰᠤᠷᠤᠭᠴᠢᠳ ᠵᠶ᠋ᠠᠨ ᠨᠤᠮ ᠤᠩᠰᠢ ᠭᠡᠵᠦ ᠱᠠᠭ᠋ᠠᠷᠳᠠᠭ᠍ᠤ᠎ᠠᠴᠠ ᠪᠢᠰᠢ᠂ ᠶᠠᠭ᠋ᠠᠬᠢᠵᠦ ᠤᠩᠰᠢᠬᠤ᠂ ᠶᠠᠮᠠᠷ ᠨᠤᠮ ᠤᠩᠰᠢᠬᠤ᠂ ᠶᠠᠭ᠋ᠠᠬᠢᠵᠦ ᠤᠩᠰᠢᠪᠠᠯ ᠬᠠᠮᠤᠭ᠎ᠤᠨ ᠤᠶ᠋ᠢᠯᠠᠭ᠋ᠠᠮᠵᠢᠲᠠᠢ ᠮᠦᠷᠳᠡᠭᠡᠨ ᠲᠦᠷᠬᠡᠨ ᠰᠢᠩᠬᠡᠬᠡᠵᠦ ᠴᠢᠳᠠᠬᠤ ᠲᠤᠬᠠᠢ ᠵᠢᠭ᠋ᠠᠨ ᠵᠢᠯᠤᠭᠤᠳᠤᠳᠠᠬ᠎ᠨᠢ ᠴᠦᠭᠡᠨ᠃ ᠠ᠋ᠨᠡ ᠭᠦ᠌ ᠪᠠᠶ᠋ᠢᠳᠠᠯ᠎ᠳᠤ ᠴᠢᠭᠯᠡᠬᠦᠯᠦᠨ 2017 ᠣᠨ᠎ᠤ 9 ᠰᠠᠷ᠎ᠠ᠎ᠠᠴᠠ ᠠ᠋ᠬᠢᠯᠡᠨ ᠪᠠᠭᠰᠢ ᠰᠤᠷᠤᠭᠴᠢ ᠵᠢᠨ ᠨᠤᠮ ᠤᠩᠰᠢᠯᠭ᠎ᠠ ᠵᠢᠨ ᠲᠤᠬᠠᠢ ᠡᠯ᠎ᠡ ᠵᠦᠢ᠍ᠯ᠎ᠤᠨ ᠠᠰᠠᠭᠤᠳᠠᠯ᠎ᠤᠳ᠎ᠢ ᠵᠤᠷᠪᠤᠰᠯᠠᠨ ᠭᠠᠷᠭ᠋ᠠᠵᠤ᠂ ᠶᠠᠭ᠋ᠠᠬᠢᠵᠦ 《ᠤᠩᠰᠢᠯᠭ᠎ᠠ》 ᠬᠢᠬᠦ ᠲᠤᠬᠠᠢ ᠬᠤᠰᠢᠭᠤᠨ᠎ᠤ᠎ᠪᠠᠨ ᠪᠠᠭᠰᠢᠨᠠᠷ᠂ ᠰᠤᠷᠤᠭᠴᠢᠳ᠎ᠲᠤ ᠲᠤᠰᠬᠠᠢ ᠰᠡᠳᠦᠪ᠎ᠤᠨ ᠲᠠᠶ᠋ᠢᠯᠤᠮᠵᠢ ᠬᠢᠬᠦ᠂ ᠬᠢᠴᠢᠶᠡᠯ ᠬᠦᠷᠬᠡᠬᠦ ᠵᠡᠷᠭᠡ ᠠᠵᠢᠯᠯᠠᠭ᠋ᠠᠨ᠎ᠢ ᠦᠷᠨᠢᠭᠦᠯᠦᠭᠰᠡᠨ ᠪᠠᠶ᠋ᠢᠨ᠎ᠠ᠃

      ᠬᠠᠮᠤᠭ ᠲᠡᠷᠢᠭᠦᠨ᠎ᠳᠤ ᠪᠠᠭ᠋ᠠᠷᠢᠨ ᠵᠡᠬᠦᠨ ᠬᠤᠰᠢᠭᠤᠨ᠎ᠤ ᠡᠯ᠎ᠡ ᠮᠤᠩᠭᠤᠯ ᠪᠠᠭ᠎ᠠ ᠰᠤᠷᠭ᠋ᠠᠭᠤᠯᠢ᠎ᠳᠤ ᠬᠦᠷᠴᠦ᠂ ᠰᠤᠷᠤᠭᠴᠢᠳ᠎ᠲᠤ ᠨᠤᠮ ᠤᠨᠭ᠌ᠰᠢᠬᠤ ᠲᠤᠬᠠᠢ ᠵᠢᠯᠤᠭᠤᠳᠤᠮᠵᠢ ᠬᠢᠬᠦ᠎ᠳᠤ᠎ᠪᠠᠨ ᠨᠤᠮ ᠤᠩᠰᠢᠬᠤ ᠠᠷᠭ᠎ᠠ᠂ ᠴᠠᠭ ᠵᠶ᠋ᠠᠨ ᠬᠡᠷᠬᠢᠨ ᠲᠤᠬᠢᠷᠠᠭᠤᠯᠬᠤ᠂ ᠤᠩᠰᠢᠭᠰᠠᠨ ᠵᠦᠢ᠍ᠯ ᠵᠶ᠋ᠠᠨ ᠶᠠᠭ᠋ᠠᠬᠢᠵᠦ ᠰᠢᠩᠬᠡᠬᠡᠵᠦ ᠠᠪᠬᠤ᠂ ᠶᠠᠭ᠋ᠠᠬᠢᠵᠦ ᠬᠡᠷᠡᠭᠯᠡᠬᠦ᠂ ᠨᠤᠮ ᠴᠤᠭᠯᠠᠭᠤᠯᠬᠤ᠂ ᠲᠤᠬᠢᠷᠠᠮᠵᠢᠲᠠᠢ ᠨᠤᠮ ᠰᠤᠩᠭᠤᠬᠤ ᠵᠡᠷᠭᠡ ᠲᠠᠯ᠎ᠠ᠎ᠪᠠᠷ ᠶᠠᠷᠢᠵᠦ᠂ ᠨᠤᠮ ᠤᠨᠭ᠌ᠰᠢᠬᠤ 《ᠠᠷᠭ᠎ᠠ》 ᠵᠢ ᠬᠢᠴᠢᠶᠡᠨ ᠲᠠᠨᠢᠯᠴᠠᠭᠤᠯᠤᠭᠰᠠᠨ ᠪᠠᠶ᠋ᠢᠨ᠎ᠠ᠃ ᠤᠯᠠᠨ ᠨᠤᠮ ᠰᠤᠨᠭ᠌ᠭᠤᠬᠤ᠎ᠪᠠᠷ ᠳᠠᠮᠵᠢᠨ 《ᠮᠣᠩᠭᠤᠯ᠎ᠤᠨ ᠨᠢᠭᠤᠴᠠ ᠲᠤᠪᠴᠢᠶᠠᠨ》 ᠪᠤᠯ ᠬᠠᠮᠤᠭ᠎ᠤᠨ ᠲᠤᠬᠢᠷᠠᠮᠵᠢᠲᠠᠢ ᠬᠡᠵᠦ ᠦᠵᠡᠯ᠎ᠡ᠃ ᠠᠩᠬᠠᠨ᠎ᠤ ᠤᠩᠰᠢᠯᠭ᠎ᠠ᠎ᠪᠠᠷ ᠳᠠᠮᠵᠢᠨ ᠲᠡᠮᠦᠵᠢᠨ᠎ᠤ ᠨᠢᠭᠡ ᠨᠠᠰᠤᠨ᠎ᠤ ᠲᠤᠬᠠᠢ ᠤᠶ᠋ᠢᠯᠠᠭ᠋ᠠᠵᠤ᠂ ᠬᠤᠶᠠᠳᠡᠬᠢ ᠤᠩᠰᠢᠯᠭ᠎ᠠ᠎ᠪᠠᠷ ᠴᠢᠨᠭᠬᠢᠰ ᠬᠠᠭ᠋ᠠᠨ᠎ᠢ ᠲᠠᠨᠢᠵᠦ᠂ ᠭᠤᠷᠪᠠᠳᠡᠬᠢ ᠤᠩᠰᠢᠯᠭ᠎ᠠ᠎ᠪᠠᠷ ᠲᠡᠭᠦᠨ᠎ᠤ ᠭᠠᠪᠢᠶ᠎ᠠ ᠵᠢᠳᠬᠦᠯ᠎ᠤᠨ ᠲᠤᠬᠠᠢ ᠨᠠᠷᠢᠯᠢᠬ ᠤᠢ᠍ᠢ᠍ᠯᠠᠭ᠋ᠠᠨ᠂ ᠳᠦᠷᠪᠡᠳᠡᠬᠢ ᠤᠩᠰᠢᠯᠭ᠎ᠠ᠎ᠪᠠᠷ ᠁ ᠬᠡᠬᠦ ᠰᠡᠳᠬᠢᠮᠵᠢ᠎ᠪᠠᠷ ᠤᠩᠰᠢᠯᠭ᠎ᠠ ᠬᠢᠯᠬᠡᠬᠦ᠎ᠪᠠᠷ ᠵᠢᠯᠤᠭᠤᠳᠤᠭᠰᠠᠨ ᠶᠤᠮ᠃

      ᠰᠤᠷᠤᠭᠴᠢᠳ᠎ᠤᠨ 《ᠮᠣᠩᠭᠤᠯ᠎ᠤᠨ ᠨᠢᠭᠤᠴᠠ ᠲᠤᠪᠴᠢᠶᠠᠨ》᠎ᠤ ᠤᠩᠰᠢᠯᠭ᠎ᠠ ᠵᠢᠨ ᠪᠠᠶ᠋ᠢᠳᠠᠯ᠎ᠢ ᠦᠨᠡᠯᠡᠵᠦ ᠵᠤᠷᠢᠬ᠍ᠵᠢᠭᠤᠯᠬᠤ ᠵᠤᠷᠢᠯᠭ᠎ᠠ᠎ᠪᠠᠷ 2018 ᠤᠨ᠎ᠤ 6 ᠰᠠᠷ᠎ᠠ ᠵᠢᠨ 5᠎ᠤ ᠠ᠋ᠳᠦᠷ᠂ ᠪᠠᠭ᠋ᠠᠷᠢᠨ ᠵᠡᠬᠦᠨ ᠬᠤᠰᠢᠭᠤᠨ᠎ᠤ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠤᠨ 《ᠮᠣᠩᠭᠤᠯ᠎ᠤᠨ ᠨᠢᠭᠤᠴᠠ ᠲᠤᠪᠴᠢᠶᠠᠨ》᠎ᠤ ᠮᠡᠳᠡᠯᠬᠡ ᠵᠢᠨ ᠮᠦᠷᠦᠶ᠋ᠢᠴᠡᠭᠡᠨ᠎ᠢ ᠵᠤᠬᠢᠶᠠᠨ ᠪᠠᠶ᠋ᠢᠭᠤᠯᠵᠤ ᠶᠠᠪᠤᠭᠳᠠᠭᠤᠯᠤᠭᠰᠠᠨ ᠶᠤᠮ᠃ ᠡᠯ᠎ᠡ ᠰᠤᠷᠭ᠋ᠠᠭᠤᠯᠢ᠎ᠨᠢ ᠰᠤᠷᠭ᠋ᠠᠭᠤᠯᠢ ᠵᠢᠨ ᠬᠡᠪᠴᠢᠶᠡᠨ᠎ᠤ ᠰᠢᠭᠰᠢᠯᠲᠡ᠎ᠪᠠᠷ ᠳᠠᠮᠵᠢᠨ ᠲᠤᠰᠪᠤᠷᠢ ᠲᠠᠪᠤᠨ ᠨᠡᠷ᠎ᠡ ᠰᠤᠷᠤᠭᠴᠢ ᠵᠢ ᠬᠤᠰᠢᠭᠤᠨ᠎ᠤ ᠮᠦᠷᠦᠶ᠋ᠢᠴᠡᠭᠡᠨ᠎ᠳᠤ ᠪᠠᠲᠤᠯᠠᠨ ᠳᠡᠪᠰᠢᠭᠦᠯᠵᠦ᠂ ᠮᠦᠷᠦᠶ᠋ᠢᠴᠡᠭᠡᠨ᠎ᠨᠢ ᠬᠤᠪᠢ ᠬᠦᠮᠦᠨ᠎ᠤ ᠬᠠᠷᠢᠭᠤᠯᠬᠤ ᠰᠡᠳᠦᠪ᠂ ᠪᠤᠯᠢᠶᠠᠯᠳᠤᠨ ᠬᠠᠷᠢᠭᠤᠯᠬᠤ ᠰᠡᠳᠦᠪ᠂ ᠳᠤᠭᠤᠶ᠋ᠢᠯᠠᠩ ᠵᠶ᠋ᠠᠷ ᠬᠠᠷᠢᠭᠤᠯᠬᠤ ᠰᠡᠳᠦᠪ᠂ ᠲᠦᠭᠰᠢᠭᠦᠷᠢᠲᠦ ᠰᠡᠳᠦᠪ ᠮᠡᠲᠦ ᠵᠢᠨ ᠬᠡᠯᠪᠡᠷᠢ᠎ᠪᠠᠷ ᠬᠤᠷᠴᠠ ᠰᠢᠷᠦᠬᠦᠨ ᠶᠠᠪᠤᠭᠳᠠᠵᠤ᠂ ᠳᠤᠭᠤᠶ᠋ᠢᠯᠠᠩ᠎ᠤᠨ ᠬᠤᠪᠢ ᠪᠤᠯᠤᠨ ᠬᠤᠪᠢ ᠬᠦᠮᠦᠨ᠎ᠤ ᠬᠤᠪᠢ᠎ᠪᠠᠷ ᠲᠤᠰ ᠲᠤᠰ ᠰᠢᠯᠭ᠋ᠠᠷᠠᠭᠤᠯᠤᠨ᠂ ᠲᠡᠷᠢᠬᠦᠨ᠎ᠳᠤ ᠲᠤᠳᠤᠷᠠᠭᠰᠠᠨ ᠰᠤᠷᠤᠭᠴᠢ᠎ᠳᠤ 《ᠲᠤᠳᠤ ᠮᠠᠩᠯᠠᠢ》 ᠨᠡᠷᠡᠮᠵᠢᠲᠦ ᠱᠠᠩᠨᠠᠯ᠎ᠤᠨ ᠬᠤᠨᠳᠠᠭ᠎ᠠ ᠭᠠᠷᠳᠠᠭᠤᠯᠤᠭᠰᠠᠨ ᠪᠠᠶ᠋ᠢᠨ᠎ᠠ᠃

      ᠬᠤᠶᠠᠷ᠂ ᠪᠠᠭ᠎ᠠ ᠰᠤᠷᠭ᠋ᠠᠭᠤᠯᠢ ᠵᠢᠨ ᠰᠤᠷᠤᠭᠴᠢᠳ᠎ᠲᠤ 《ᠮᠣᠩᠭᠤᠯ᠎ᠤᠨ ᠨᠢᠭᠤᠴᠠ ᠲᠤᠪᠴᠢᠶᠠᠨ》᠎ᠢ ᠤᠩᠰᠢᠭᠤᠯᠬᠤ᠎ᠨᠢ ᠶᠠᠮᠠᠷ ᠢᠳᠡᠪᠬᠢᠳᠠᠢ ᠦᠢ᠍ᠯᠡᠳᠦᠯ᠎ᠲᠠᠢ ᠪᠤᠢ?

     1. ᠶᠠᠮᠠᠷ ᠨᠤᠮ ᠤᠩᠰᠢᠬᠤ ᠪᠤᠢ ᠭᠡᠳᠡᠭ ᠠᠰᠠᠭᠤᠳᠠᠯ᠎ᠢ ᠰᠢᠢ᠍ᠳᠪᠦᠷᠢᠯᠡᠵᠡᠢ᠃ ᠰᠤᠷᠤᠭᠴᠢᠳ᠎ᠢ ᠤᠩᠰᠢᠯᠭ᠎ᠠ ᠵᠢᠨ ᠲᠠᠰᠤᠭ᠎ᠲᠤ ᠳᠠᠭ᠋ᠠᠭᠤᠯᠵᠤ ᠤᠴᠢᠭ᠋ᠠᠳ ᠨᠤᠮ ᠤᠩᠰᠢ ᠭᠡᠪᠡᠯ ᠬᠠᠭ᠋ᠠᠰ ᠲᠤᠭ᠋ᠠᠨ᠎ᠤ ᠰᠤᠷᠤᠭᠴᠢ ᠨᠤᠮ ᠠ᠋ᠷᠢᠵᠦ ᠴᠠᠭ ᠪᠠᠷᠠᠭ᠋ᠠᠳᠠᠭ ᠪᠤᠯ ᠬᠠᠭ᠋ᠠᠰ ᠲᠤᠭ᠋ᠠᠨ᠎ᠤ ᠬᠢᠨᠢ ᠨᠤᠮ ᠰᠤᠯᠢᠵᠦ ᠴᠠᠭ ᠪᠠᠷᠠᠭ᠋ᠠᠳᠠᠭ᠃ ᠭᠡᠷᠪᠡ ᠲᠤᠰᠬᠠᠢ ᠨᠤᠮ ᠵᠢᠭ᠋ᠠᠵᠤ ᠦᠭᠪᠡᠯ ᠲᠡᠭᠡᠷᠡᠬᠢ ᠶᠠᠷᠰᠢᠬ ᠲᠦᠪᠡᠭ᠎ᠠᠴᠠ ᠵᠠᠢ᠍ᠢ᠍ᠯᠠᠰᠬᠢᠵᠤ ᠴᠢᠳᠠᠨ᠎ᠠ᠃

     2. ᠰᠤᠷᠤᠭᠴᠢᠳ᠎ᠤᠨ ᠦᠵᠡᠯᠲᠡ ᠲᠠᠨᠢᠯᠲᠠ᠎ᠪᠠᠨ ᠰᠤᠯᠢᠯᠴᠠᠭ᠍ᠤ᠎ᠳᠤ ᠨᠦᠬᠦᠴᠡᠯ ᠬᠠᠩᠭ᠋ᠠᠵᠠᠢ᠃

     3. ᠬᠠᠷᠠᠭ᠍ᠠᠨ ᠪᠠᠭ᠎ᠠ᠎ᠠᠴᠠ᠎ᠪᠠᠨ ᠲᠡᠦᠬᠡ ᠰᠤᠶᠤᠯ ᠵᠶ᠋ᠠᠨ ᠤᠢ᠍ᠢ᠍ᠯᠠᠭ᠋ᠠᠵᠤ᠂ ᠲᠡᠦᠭᠡ ᠰᠤᠶᠤᠯ᠎ᠤᠨ ᠲᠤᠬᠠᠢ ᠵᠦᠪ ᠦᠵᠡᠯᠳᠠ᠎ᠲᠠᠢ ᠪᠤᠯᠬᠤ᠎ᠳᠤ ᠲᠤᠰᠠᠯᠠᠮᠵᠢ ᠦᠵᠠᠭᠦᠯᠦᠨ᠎ᠠ᠃ ᠬᠤᠰᠢᠭᠤᠨ᠎ᠤ ᠮᠡᠳᠡᠯᠬᠡ ᠵᠢᠨ ᠮᠦᠷᠦᠶ᠋ᠢᠴᠡᠭᠡᠨ᠎ᠳᠤ ᠤᠷᠤᠯᠴᠠᠭᠰᠠᠨ ᠰᠤᠷᠤᠭᠴᠢ ᠬᠠᠶ᠋ᠢᠨ᠎ᠠ᠄ 《ᠠ᠋ᠨᠡ ᠤᠳᠠᠭ᠋ᠠᠨ᠎ᠤ ᠨᠤᠮ ᠤᠩᠰᠢᠯᠭ᠎ᠠ ᠵᠢᠨ ᠬᠦᠳᠡᠯᠭᠡᠭᠡᠨ ᠵᠶ᠋ᠠᠷ ᠳᠠᠮᠵᠢᠨ ᠮᠤᠩᠭᠤᠯ ᠰᠤᠶᠤᠯ ᠲᠡᠦᠬᠡ᠎ᠪᠠᠨ ᠨᠡᠩ ᠰᠠᠢ᠍ᠢ᠍ᠨ ᠤᠶ᠋ᠢᠯᠠᠭ᠋ᠠᠭᠰᠠᠨ ᠪᠠᠶ᠋ᠢᠨ᠎ᠠ᠂ ᠬᠤᠵᠢᠮ ᠪᠢ ᠮᠤᠩᠭᠤᠯ ᠨᠤᠮ ᠢᠯᠡᠬᠦᠬᠡᠨ ᠤᠩᠰᠢᠬᠤ᠎ᠪᠠᠷ ᠴᠢᠷᠮᠠᠶ᠋ᠢᠨ᠎ᠠ》 ᠭᠡᠵᠡᠢ᠃

     4. ᠪᠤᠰᠤᠳ ᠦᠯᠢᠭᠡᠷ ᠲᠡᠦᠬᠡ ᠵᠢᠨ ᠨᠤᠮ ᠦᠵᠡᠬᠦ ᠤᠷᠮᠠᠰᠢᠯ᠎ᠲᠠᠢ ᠪᠤᠯᠭ᠋ᠠᠭᠰᠠᠨ ᠪᠠᠢ᠍ᠢ᠍ᠨ᠎ᠠ᠃ ᠵᠠᠷᠢᠮ ᠬᠡᠦᠬᠡᠳ 《ᠮᠤᠨᠭ᠌ᠭᠤᠯ᠎ᠤᠨ ᠨᠢᠭᠤᠴᠠ ᠲᠤᠪᠴᠢᠶᠠᠨ》᠎ᠢ 《ᠴᠢᠩᠬᠢᠰ ᠬᠠᠭ᠋ᠠᠨ》 ᠬᠡᠬᠦ ᠵᠢᠷᠤᠭᠲᠤ ᠳᠡᠪᠲᠡᠷ᠎ᠲᠠᠢ   ᠠᠳᠠᠯᠢᠳᠬᠠᠵᠦ᠂ ᠵᠠᠷᠢᠮ᠎ᠨᠢ 《ᠬᠤᠪᠢᠯᠠᠢ ᠬᠠᠭ᠋ᠠᠨ》᠎ᠲᠠᠢ ᠠᠳᠠᠯᠢᠳᠬᠠᠨ ᠪᠠᠰᠠ ᠵᠠᠷᠢᠮ᠎ᠨᠢ 《ᠬᠦᠬᠡ ᠰᠤᠳᠤᠷ》᠎ᠢ ᠦᠵᠡᠯ᠎ᠡ ᠬᠡᠵᠦ ᠨᠠᠳᠠᠳᠤ ᠤᠮᠤᠭ ᠪᠠᠭ᠍ᠠᠳᠤᠮ᠎ᠠ ᠶᠠᠷᠢᠵᠦ ᠪᠠᠶ᠋ᠢᠯ᠎ᠠ᠃ ᠬᠤᠰᠢᠭᠤᠨ᠎ᠤ ᠮᠡᠳᠡᠯᠬᠡ ᠵᠢᠨ ᠮᠦᠷᠦᠶ᠋ᠢᠴᠡᠭᠡᠨ᠎ᠳᠤ ᠮᠠᠩᠯᠠᠶ᠋ᠢᠯᠠᠭᠰᠠᠨ ᠪᠢᠴᠢᠬᠠᠨ ᠰᠤᠷᠤᠭᠴᠢ ᠪᠤᠶᠠᠨ᠎ᠠ ᠪᠤᠯ ᠳᠠᠷᠤᠢ ᠪᠤᠳᠠᠳᠤ ᠵᠢᠱ᠌ᠢᠶ᠎ᠡ ᠶᠤᠮ᠃ ᠲᠡᠳᠡᠨ᠎ᠤ ᠠᠩᠬᠢ᠎ᠨᠢ ᠰᠡᠯᠡᠭᠦᠦ ᠴᠠᠭ ᠵᠶ᠋ᠠᠨ ᠠᠰᠢᠭᠯᠠᠨ 《ᠮᠣᠩᠭᠤᠯ᠎ᠤᠨ ᠨᠢᠭᠤᠴᠠ ᠲᠤᠪᠴᠢᠶᠠᠨ》᠎ᠢ ᠤᠷᠮ᠎ᠠ᠎ᠲᠠᠢ ᠤᠩᠰᠢᠳᠠᠭ ᠵᠶ᠋ᠠᠷ ᠪᠠᠷᠠᠭ᠍ᠤ ᠦᠭᠡᠢ ᠮᠤᠩᠭᠤᠯ ᠲᠡᠦᠬᠡ ᠰᠤᠶᠤᠯ᠎ᠤᠨ ᠲᠤᠬᠠᠢ ᠡᠯ᠎ᠡ ᠵᠦᠢ᠍ᠯ᠎ᠤᠨ ᠨᠤᠮ᠎ᠤᠳ᠎ᠢ ᠤᠩᠰᠢᠳᠠᠭ᠃

  5. ᠨᠤᠮ ᠤᠩᠰᠢᠬᠤ ᠠᠷᠭ᠎ᠠ ᠵᠢᠨ ᠲᠤᠬᠠᠢ ᠨᠡᠯᠢᠶᠡᠳ ᠤᠶ᠋ᠢᠯᠠᠭ᠋ᠠᠯᠲᠠ᠎ᠲᠠᠢ ᠪᠤᠯᠭ᠋ᠠᠭᠰᠠᠨ ᠪᠠᠢ᠍ᠢ᠍ᠨ᠎ᠠ᠃ ᠨᠤᠮ ᠤᠨᠭ᠌ᠰᠢᠬᠤ ᠲᠤᠬᠠᠢ ᠤᠬᠠᠭᠤᠯᠭ᠎ᠠ ᠬᠢᠭᠰᠡᠨ᠎ᠠᠴᠠ ᠬᠤᠶ᠋ᠢᠰᠢ ᠰᠤᠷᠤᠭᠴᠢᠳ ᠨᠠᠮᠠᠢ᠍ᠢ 《ᠨᠤᠮ ᠤᠩᠰᠢᠯᠭ᠎ᠠ ᠵᠢᠨ ᠪᠠᠭᠰᠢ》 ᠭᠡᠵᠦ ᠳᠠᠭᠤᠳᠠᠳᠠᠭ ᠪᠤᠯᠵᠠᠢ᠃ ᠰᠤᠷᠤᠭᠴᠢᠳ᠎ᠲᠠᠢ ᠤᠴᠠᠷᠠᠬᠤ ᠪᠤᠯᠭ᠋ᠠᠨ ᠲᠡᠳᠡ ᠠ᠋ᠶ᠋ᠢᠮᠦ ᠠᠷᠭ᠎ᠠ᠎ᠪᠠᠷ ᠶᠠᠮᠠᠷ ᠨᠤᠮ ᠤᠩᠰᠢᠭᠰᠠᠨ᠂ ᠶᠠᠮᠠᠷ ᠭᠤᠢ᠍ᠢ᠍ᠳᠠ ᠰᠠᠢ᠍ᠢ᠍ᠬᠠᠨ ᠭᠡᠯᠡᠯᠭᠡ ᠵᠢ᠎ᠨᠢ ᠳᠡᠮᠳᠡᠭᠯᠡᠵᠦ ᠠᠪᠤᠭ᠋ᠠᠳ ᠶᠠᠮᠠᠷ ᠵᠤᠬᠢᠶᠠᠯ᠎ᠳᠤ᠎ᠪᠠᠨ ᠠᠰᠢᠭᠯᠠᠭᠰᠠᠨ ᠭᠡᠵᠦ ᠪᠤᠯᠢᠶᠠᠯᠳᠤᠨ ᠬᠠᠷᠢᠭᠤ ᠮᠡᠳᠡᠭᠦᠯᠵᠦ ᠪᠠᠶ᠋ᠢᠯ᠎ᠠ᠃

      ᠲᠤᠰ ᠠᠵᠢᠯᠯᠠᠭ᠋ᠠᠨ ᠦᠷᠨᠢᠭᠰᠡᠨ᠎ᠠᠴᠠ ᠬᠤᠢ᠍ᠢ᠍ᠰᠢ ᠭᠡᠷ᠎ᠤᠨ ᠠᠬᠠᠮᠠᠳ ᠬᠡᠦᠬᠡᠳ ᠵᠶ᠋ᠠᠨ ᠲᠠᠭ᠋ᠠᠵᠤ 《ᠮᠣᠩᠭᠤᠯ᠎ᠤᠨ ᠨᠢᠭᠤᠴᠠ ᠲᠤᠪᠴᠢᠶᠠᠨ》᠎ᠢ ᠤᠩᠰᠢᠵᠤ᠂ ᠭᠡᠷ ᠪᠦᠯᠢ ᠵᠢᠨ ᠤᠩᠰᠢᠯᠭ᠎ᠠ ᠬᠢᠬᠦ ᠪᠠᠶ᠋ᠢᠳᠠᠯ ᠢᠯᠡᠷᠡᠭᠰᠡᠨ ᠪᠠᠶ᠋ᠢᠨ᠎ᠠ᠃

      ᠦᠪᠦᠷ ᠮᠤᠩᠭᠤᠯ᠎ᠤᠨ ᠶᠡᠭᠡ ᠰᠤᠷᠭ᠋ᠠᠭᠤᠯᠢ ᠵᠢᠨ ᠠᠩᠬᠠᠳᠤᠭ᠋ᠠᠷ ᠬᠤᠭᠤᠴᠠᠭ᠋ᠠᠨ᠎ᠤ 《ᠮᠤᠩᠭᠤᠯ᠎ᠤᠨ ᠨᠢᠭᠤᠴᠠ ᠲᠤᠪᠴᠢᠶᠡᠨ》᠎ᠤ ᠤᠯᠠᠨ ᠤᠯᠤᠰ᠎ᠤᠨ ᠠ᠋ᠷᠳᠡᠮ ᠰᠢᠨᠵᠢᠯᠡᠬᠡᠨ᠎ᠤ ᠰᠤᠳᠤᠯᠤᠨ ᠶᠠᠷᠢᠯᠴᠠᠭ᠍ᠤ ᠬᠤᠷᠠᠯ ᠵᠶ᠋ᠠᠷ ᠳᠠᠮᠵᠢᠨ ᠮᠢᠨᠦ ᠬᠢᠭᠰᠡᠨ ᠠ᠋ᠳᠡᠭᠡᠷ ᠠᠵᠢᠯ᠎ᠨᠢ ᠠ᠋ᠷᠳᠡᠮᠳᠡᠳ᠎ᠤᠨ ᠠᠩᠬᠠᠷᠤᠯ᠎ᠳᠤ ᠭᠦᠷᠦᠭᠡᠳ᠂ ᠦᠨᠳᠦᠷ ᠦᠨᠡᠯᠡᠯᠲᠡ ᠤᠯᠵᠤ᠂ ᠤᠯᠠᠨ ᠰᠠᠶ᠋ᠢᠬᠠᠨ ᠰᠠᠨᠠᠯ ᠵᠦᠪᠯᠡᠯᠭᠡ ᠲᠤᠰᠴᠠᠢ᠃ ᠠ᠋ᠷᠳᠡᠮᠳᠡᠳ᠎ᠤᠨ ᠨᠠᠨᠳᠢᠨ ᠵᠠᠬᠢᠶ᠎ᠠ᠎ᠨᠢ ᠨᠠᠳᠠᠳᠤ ᠨᠡᠩ ᠰᠠᠢ᠍ᠢ᠍ᠬᠠᠨ ᠭᠦᠰᠡᠯ ᠡᠪᠦᠷᠯᠡᠭᠦᠯᠵᠦ ᠰᠤᠷᠤᠭᠴᠢᠳ᠎ᠲᠠᠢ᠎ᠪᠠᠨ ᠬᠠᠮᠲᠤᠪᠡᠷ 《ᠮᠤᠩᠭᠤᠯ᠎ᠤᠨ ᠨᠢᠭᠤᠴᠠ ᠲᠤᠪᠴᠢᠶᠡᠨ》 ᠵᠶ᠋ᠠᠨ ᠦᠷᠭᠦᠯᠵᠢᠯᠡᠨ ᠤᠩᠰᠢᠵᠦ᠂ ᠰᠢᠨ᠎ᠡ ᠨᠢᠭᠡᠨ ᠬᠠᠷᠠᠭ᠋ᠠᠰᠤᠨ᠎ᠳᠤ ᠬᠦᠷᠭᠡᠬᠦ᠎ᠪᠠᠷ ᠴᠢᠷᠮᠠᠶ᠋ᠢᠨ᠎ᠠ ᠭᠡᠵᠦ ᠪᠤᠳᠤᠵᠤ ᠪᠤᠢ᠃
      ᠬᠠᠶᠢᠬ᠄ ᠪᠠᠭ᠋ᠠᠷᠢᠨ ᠵᠡᠬᠦᠨ ᠬᠤᠰᠢᠭᠤᠨ᠎ᠤ ᠵᠢᠭ᠋ᠠᠬᠤ ᠵᠢ ᠰᠤᠳᠤᠯᠬᠤ ᠲᠦᠪ

                              (ᠠ᠋ᠾᠤᠢ᠍ᠩ ᠮᠸᠢ ᠨᠠᠢ᠍ᠢ᠍ᠷᠠᠭᠤᠯᠪᠠ)

                              2019 ᠣᠨ᠎ᠤ 2 ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠤᠤᠭ᠋ᠠᠯ ᠰᠤᠶᠤᠯ᠎ᠤᠨ ᠮᠡᠳᠡᠷᠡᠮᠵᠢ᠎ᠲᠠᠢ ᠪᠤᠯᠵᠠᠭ᠋ᠠᠶ᠎ᠠ
ᠮᠤᠩᠭᠤᠯᠴᠤᠳ᠎ᠤᠨ ᠶᠠᠰᠤ ᠮᠦᠯᠵᠢᠭᠦ ᠭᠢᠭᠡᠳ ᠳᠡᠭᠦᠨ᠎ᠲᠠᠢ ᠬᠤᠯᠪᠤᠭᠳᠠᠭᠰᠠᠨ ᠴᠡᠭᠡᠷ ᠶᠤᠰᠤᠨ᠎ᠤ ᠰᠤᠶᠤᠯ
ᠮᠤᠩᠭᠤᠯᠴᠤᠳ᠎ᠤᠨ ᠶᠠᠰᠤ ᠮᠦᠯᠵᠢᠭᠦ ᠭᠢᠭᠡᠳ ᠳᠡᠭᠦᠨ᠎ᠲᠠᠢ ᠬᠤᠯᠪᠤᠭᠳᠠᠭᠰᠠᠨ ᠴᠡᠭᠡᠷ ᠶᠤᠰᠤᠨ᠎ᠤ ᠰᠤᠶᠤᠯ
ᠮᠤᠩᠭᠤᠯᠴᠤᠳ᠎ᠤᠨ ᠮᠡᠨᠳᠤᠴᠢᠯᠡᠭᠡᠨ᠎ᠤ ᠬᠡᠯᠡ ᠬᠡᠯᠡᠯᠭᠡ ᠵᠢᠨ ᠲᠤᠬᠠᠢ
 
             蒙ICP备05000248号