ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠰᠣᠶᠣᠯ ᠣᠯᠠᠮᠵᠢᠯᠠᠯ
ᠮᠤᠩᠭᠤᠯᠴᠤᠳ᠎ᠤᠨ ᠮᠡᠨᠳᠤᠴᠢᠯᠡᠭᠡᠨ᠎ᠤ ᠬᠡᠯᠡ ᠬᠡᠯᠡᠯᠭᠡ ᠵᠢᠨ ᠲᠤᠬᠠᠢ
ᠨᠡᠶ᠋ᠢᠲᠡᠯᠡᠭᠰᠡᠨ ᠴᠠᠭ᠄ 2020-01-20

                                  ᠨᠠᠮᠨᠠᠩ


      ᠮᠡᠨᠳᠤᠴᠢᠯᠡᠭᠡ ᠪᠤᠯ ᠲᠦᠭᠡᠮᠡᠯ ᠪᠠᠶ᠋ᠢᠳᠠᠭ ᠵᠠᠩ ᠦᠢ᠍ᠯᠡ ᠵᠢᠨ ᠨᠢᠭᠡᠨ ᠵᠦᠢ᠍ᠯ ᠪᠤᠯᠬᠤ ᠶᠤᠮ᠃ ᠮᠡᠨᠳᠤᠴᠢᠯᠡᠳᠡᠭ ᠦᠭᠡᠢ ᠦᠨᠳᠤᠰᠤᠳᠡᠨ ᠭᠡᠵᠦ ᠪᠠᠶ᠋ᠢᠳᠠᠭ ᠦᠭᠡᠢ᠃ ᠮᠡᠨᠳᠤᠴᠢᠯᠡᠭᠡᠨ᠎ᠤ ᠰᠤᠶᠤᠯ ᠪᠤᠯ ᠨᠢᠭᠡᠨ ᠦᠨᠳᠤᠰᠤᠳᠡᠨ᠎ᠤ ᠤᠷᠤᠰᠢᠨ ᠠᠮᠢᠳᠤᠷᠠᠵᠦ ᠪᠠᠶ᠋ᠢᠭ᠎ᠠ ᠪᠠᠶ᠋ᠢᠭ᠋ᠠᠯᠢ ᠵᠢᠨ ᠤᠷᠴᠢᠨ ᠠᠬᠤᠢ ᠪᠠ ᠠ᠋ᠨᠡᠬᠦ ᠪᠠᠶ᠋ᠢᠭ᠋ᠠᠯᠢ ᠵᠢᠨ ᠤᠷᠴᠢᠨ ᠠᠬᠤᠢ᠎ᠳᠤ ᠵᠤᠬᠢᠴᠠᠭᠰᠠᠨ ᠠᠵᠦ ᠠᠬᠤᠢ ᠵᠢᠨ ᠬᠡᠯᠪᠡᠷᠢ ᠪᠤᠯᠤᠨ ᠨᠡᠶ᠋ᠢᠭᠡᠮ᠎ᠤᠨ ᠠᠮᠢᠳᠤᠷᠠᠯ᠎ᠤᠨ ᠬᠡᠯᠪᠡᠷᠢ᠎ᠠᠴᠠ ᠠ᠋ᠭᠦᠰᠴᠦ᠂ ᠮᠦᠨ ᠴᠦ᠍ ᠠ᠋ᠨᠡᠬᠦ ᠠᠵᠦ ᠠᠬᠤᠢ ᠵᠢᠨ ᠬᠡᠯᠪᠡᠷᠢ ᠪᠤᠯᠤᠨ ᠨᠡᠶ᠋ᠢᠭᠡᠮ᠎ᠤᠨ ᠠᠮᠢᠳᠤᠷᠠᠯ᠎ᠤᠨ ᠬᠡᠯᠪᠡᠷᠢ᠎ᠪᠠᠷ ᠠᠴᠢᠶᠠᠯᠠᠪᠦᠷᠢ ᠪᠤᠯᠭ᠋ᠠᠵᠦ ᠤᠷᠤᠰᠢᠳᠠᠭ ᠪᠢᠯᠡ᠃ ᠠ᠋ᠶ᠋ᠢᠮᠦ ᠤᠴᠢᠷ᠎ᠠᠴᠠ ᠠᠵᠦ ᠠᠬᠤᠢ ᠵᠢᠨ ᠬᠡᠯᠪᠡᠷᠢ ᠪᠤᠯᠤᠨ ᠠᠮᠢᠳᠤᠷᠠᠯ᠎ᠤᠨ ᠬᠡᠯᠪᠡᠷᠢ ᠵᠢᠨ ᠬᠤᠪᠢᠷᠠᠭ᠍ᠤ ᠵᠢ ᠲᠠᠭ᠋ᠠᠯᠳᠤᠨ ᠮᠠᠨᠳᠤᠴᠢᠯᠡᠭᠡᠨ ᠴᠦ᠍ ᠬᠤᠪᠢᠷᠠᠵᠤ ᠪᠠᠶ᠋ᠢᠳᠠᠭ ᠶᠤᠮ᠃ ᠲᠤᠤᠷ᠎ᠠ ᠣᠶ᠋ᠢᠷ᠎ᠠ᠎ᠶᠢᠨ 30~40 ᠵᠢᠯ᠎ᠳᠤ᠎ᠬᠢ ᠦᠪᠦᠷ ᠮᠣᠩᠭᠤᠯᠴᠤᠳ᠎ᠤᠨ ᠠᠵᠦ ᠠᠬᠤᠢ ᠵᠢᠨ ᠬᠡᠯᠪᠡᠷᠢ ᠵᠢᠨ ᠬᠤᠪᠢᠷᠠᠯᠳᠠ ᠪᠠ ᠠᠮᠢᠳᠤᠷᠠᠯ᠎ᠤᠨ ᠠᠷᠭ᠎ᠠ ᠬᠡᠯᠪᠡᠷᠢ ᠵᠢᠨ ᠬᠤᠪᠢᠷᠠᠯᠳᠠ᠎ᠨᠢ ᠮᠡᠨᠳᠤᠴᠢᠯᠡᠭᠡᠨ᠎ᠤ ᠬᠡᠯᠡ ᠬᠡᠯᠡᠯᠭᠡ᠎ᠳᠤ ᠶᠠᠮᠠᠷ ᠬᠤᠪᠢᠷᠠᠯᠲᠠ ᠠᠪᠴᠢᠷᠠᠭᠰᠠᠨ ᠲᠤᠬᠠᠢ ᠲᠤᠷᠰᠢᠨ ᠦᠭᠦᠯᠡᠶ᠎ᠡ᠃
      ᠮᠡᠨᠳᠤᠴᠢᠯᠡᠭᠡᠨ᠎ᠤ ᠦᠭᠡ ᠬᠡᠯᠡᠯᠭᠡ᠎ᠨᠢ ᠶᠠᠮᠠᠷ ᠴᠦ᠍ ᠦᠨᠳᠤᠰᠤᠳᠡᠨ᠂ ᠶᠠᠮᠠᠷ ᠴᠦ᠍ ᠬᠡᠯᠡᠨ᠎ᠳᠤ ᠪᠦᠷ ᠪᠠᠶ᠋ᠢᠳᠠᠭ᠃ ᠠ᠋ᠭᠦᠨ᠎ᠢ ᠨᠡᠶ᠋ᠢᠳᠡᠮ᠎ᠤᠨ ᠤᠨᠴᠠᠯᠢᠭ ᠭᠡᠵᠦ ᠣᠶ᠋ᠢᠯᠠᠭ᠋ᠠᠪᠠᠯ ᠵᠤᠬᠢᠨ᠎ᠠ᠃ ᠭᠡᠪᠡᠴᠦ ᠦᠨᠳᠤᠰᠤᠳᠡᠨ ᠪᠦᠬᠦᠨ᠎ᠤ ᠮᠡᠨᠳᠤᠴᠢᠯᠡᠭᠡ᠎ᠨᠢ ᠠᠳᠠᠯᠢ ᠪᠤᠰᠤ ᠪᠠᠢ᠍ᠢ᠍ᠵᠤ᠂ ᠦᠪᠡᠷ ᠦᠪᠡᠷ᠎ᠤᠨ ᠤᠨᠴᠠᠯᠢᠭ ᠰᠢᠨᠵᠢ᠎ᠲᠠᠢ᠃ ᠮᠡᠨᠳᠤᠴᠢᠯᠡᠭᠡᠨ᠎ᠤ ᠰᠤᠶᠤᠯ᠎ᠤᠨ ᠤᠨᠴᠠᠯᠢᠭ ᠪᠠ ᠢᠯᠭ᠋ᠠᠭ᠎ᠠ ᠵᠦᠷᠢᠶ᠎ᠡ᠎ᠨᠢ ᠭᠤᠤᠯᠳᠠᠭᠤ ᠲᠡᠭᠦᠨ᠎ᠤ ᠬᠡᠷᠡᠭᠯᠡᠬᠦ ᠬᠡᠯᠡ ᠬᠡᠯᠡᠯᠭᠡ ᠲᠡᠭᠡᠷ᠎ᠡ ᠢᠯᠡᠷᠡᠵᠦ ᠪᠠᠶ᠋ᠢᠳᠠᠭ᠃ ᠮᠤᠩᠭᠤᠯ ᠦᠨᠳᠤᠰᠤᠳᠡᠨ ᠪᠤᠯ ᠤᠷᠲᠦ ᠤᠳᠠᠭ᠋ᠠᠨ ᠭᠢᠯᠠᠯᠵᠠᠭᠰᠠᠨ ᠲᠡᠤᠬᠡ ᠰᠤᠶᠤᠯ᠎ᠲᠠᠢ ᠦᠨᠳᠤᠰᠤᠳᠡᠨ ᠪᠤᠯᠬᠤᠷ ᠭᠡᠯᠡ᠎ᠨᠢ ᠲᠦᠢ᠍ᠯ᠎ᠤᠨ ᠪᠠᠶᠠᠯᠢᠬ ᠪᠠᠢ᠍ᠢ᠍ᠳᠠᠬ᠃

      ᠮᠤᠩᠭᠤᠯ ᠦᠨᠳᠤᠰᠤᠳᠡᠨ᠎ᠤ ᠮᠡᠨᠳᠤᠴᠢᠯᠡᠭᠡᠨ᠎ᠤ ᠲᠦᠷᠦᠯ ᠵᠦᠢ᠍ᠯ᠎ᠳᠤ ᠠ᠋ᠳᠦᠷ ᠲᠤᠳᠤᠮ᠎ᠤᠨ ᠮᠡᠨᠳᠤᠴᠢᠯᠡᠭᠡ᠂ ᠣᠯᠠᠷᠢᠯ᠎ᠤᠨ ᠮᠡᠨᠳᠤᠴᠢᠯᠡᠭᠡ᠂ ᠠᠵᠢᠯ ᠲᠦᠷᠦᠯ᠎ᠤᠨ ᠮᠡᠨᠳᠦᠴᠢᠯᠡᠭᠡ᠂ ᠪᠠᠶᠠᠷ ᠶᠤᠰᠤᠯᠠᠯ᠎ᠤᠨ ᠮᠡᠨᠳᠤᠴᠢᠯᠡᠭᠡ᠂ ᠢᠷᠦᠭᠡᠯᠲᠤ ᠮᠡᠨᠳᠤᠴᠢᠯᠡᠭᠡ ᠭᠡᠬᠦ ᠮᠡᠳᠤ ᠤᠯᠠᠨ ᠵᠦᠢ᠍ᠯ ᠪᠠᠶ᠋ᠢᠳᠠᠭ᠃

      ᠨᠢᠭᠡ᠂ ᠠ᠋ᠳᠦᠷ ᠲᠤᠳᠤᠮ᠎ᠤᠨ ᠮᠡᠨᠳᠦᠴᠢᠯᠡᠭᠡ

      ᠬᠦᠮᠤᠰ ᠠᠯᠢᠪᠠ ᠬᠡᠯᠡ ᠵᠢ ᠰᠤᠷᠬᠤ᠎ᠳᠤ ᠮᠡᠨᠳᠤᠴᠢᠯᠡᠭᠡ᠎ᠠᠴᠠ ᠠ᠋ᠬᠢᠯᠡᠵᠦ ᠰᠤᠷᠳᠠᠭ᠎ᠲᠠᠢ ᠠᠳᠠᠯᠢᠬᠠᠨ ᠠᠯᠢᠪᠠ ᠬᠡᠯᠡ᠎ᠨᠢ ᠬᠢᠮᠤᠷᠠᠯ᠎ᠳᠤ ᠤᠴᠠᠷᠠᠭ᠍ᠤ᠎ᠳᠤ᠎ᠪᠠᠨ ᠮᠡᠨᠳᠤᠴᠢᠯᠡᠭᠡᠨ᠎ᠤ ᠦᠬᠡ ᠬᠡᠯᠡᠯᠬᠡ᠎ᠠᠴᠠ ᠠ᠋ᠬᠢᠯᠡᠳᠡᠭ ᠪᠠᠶ᠋ᠢᠵᠦ ᠴᠦ᠍ ᠮᠠᠭ᠋ᠠᠳ ᠦᠭᠡᠢ᠃

      ᠮᠣᠩᠭᠤᠯᠴᠤᠳ ᠠ᠋ᠬᠢᠯᠡᠵᠦ ᠮᠡᠨᠳᠤᠴᠢᠯᠡᠬᠦ᠎ᠳᠤ᠎ᠪᠠᠨ ᠠ᠋ᠳᠦᠷ ᠲᠤᠳᠤᠮ᠎ᠤᠨ ᠮᠡᠨᠳᠤᠴᠢᠯᠡᠭᠡᠨ᠎ᠠᠴᠠ ᠠ᠋ᠬᠢᠯᠡᠳᠡᠭ᠃ ᠦᠪᠦᠷ ᠮᠤᠩᠭᠤᠯ᠎ᠤᠨ ᠤᠯᠠᠩᠬᠢ ᠭᠠᠵᠠᠷ ᠨᠤᠳᠤᠭ᠎ᠲᠤ ᠨᠢᠭᠡ ᠬᠦᠮᠤᠨ᠎ᠲᠠᠢ ᠠᠭᠤᠯᠵᠠᠭ᠍ᠤ᠎ᠳᠤ᠄ 《ᠲᠠ ᠰᠠᠶ᠋ᠢᠨ ᠪᠠᠶ᠋ᠢᠨ᠎ᠠ ᠤᠤ?》 ᠭᠡᠵᠦ ᠮᠡᠨᠳᠤᠴᠢᠯᠡᠭᠡᠳ᠂ ᠤᠯᠠᠨ ᠬᠦᠮᠤᠨ᠎ᠲᠠᠢ ᠠᠭᠤᠯᠵᠠᠭ᠍ᠤ᠎ᠳᠤ᠎ᠪᠠᠨ᠄ 《ᠲᠠᠶᠠᠭ᠋ᠠᠷ ᠵᠶ᠋ᠠᠨ ᠰᠠᠶ᠋ᠢᠨ ᠪᠠᠶ᠋ᠢᠵᠠᠭ᠋ᠠᠨ᠎ᠠ ᠤᠤ?》 ᠭᠡᠵᠦ ᠮᠡᠨᠳᠤᠴᠢᠯᠡᠳᠡᠭ᠃ ᠪᠤᠰᠤᠳ᠎ᠤᠨ ᠮᠡᠨᠳᠤᠴᠢᠯᠡᠭᠡ ᠵᠢᠨ ᠬᠠᠷᠢᠭᠤ᠎ᠳᠤ ᠭᠡᠯᠡᠭᠦ ᠮᠠᠨᠳᠤᠴᠢᠯᠡᠭᠡ ᠵᠢ ᠬᠠᠷᠢᠭᠤ ᠮᠡᠨᠳᠤᠴᠢᠯᠡᠭᠡ ᠭᠡᠨ᠎ᠡ᠃ 《ᠲᠠ ᠰᠠᠶ᠋ᠢᠨ ᠪᠠᠶ᠋ᠢᠨ᠎ᠠ ᠤᠤ?》᠂ 《ᠲᠠᠶᠠᠭ᠋ᠠᠷ ᠵᠶ᠋ᠠᠨ ᠰᠠᠶ᠋ᠢᠨ ᠪᠠᠶ᠋ᠢᠵᠠᠭ᠋ᠠᠨ᠎ᠠ ᠤᠤ?》 ᠭᠡᠵᠦ ᠮᠡᠨᠳᠦᠴᠢᠯᠡᠬᠦ᠎ᠳᠤ 《ᠰᠠᠶ᠋ᠢᠨ ᠰᠠᠶ᠋ᠢᠨ᠂ ᠲᠠ ᠰᠠᠶ᠋ᠢᠨ ᠤᠤ?》 ᠭᠡᠳᠡᠭ᠎ᠨᠢ ᠬᠠᠷᠢᠭᠤ ᠮᠡᠨᠳᠤᠴᠢᠯᠡᠭᠡ ᠪᠤᠯᠬᠤ ᠶᠤᠮ᠃ ᠠ᠋ᠭᠦᠨ᠎ᠳᠤ ᠮᠡᠨᠳᠤᠴᠢᠯᠡᠭᠡᠨ᠎ᠨᠢ ᠵᠠᠪᠠᠯ 《ᠲᠠ》 ᠭᠡᠬᠦ ᠪᠤᠶᠤ 《ᠲᠠᠶᠠᠭ᠋ᠠᠷ》 ᠭᠡᠬᠦ ᠦᠭᠦᠯᠡᠪᠦᠷᠢ ᠵᠢᠨ ᠡᠵᠡᠨ ᠪᠡᠶ᠎ᠡ ᠵᠢ ᠲᠤᠳᠤᠷᠬᠠᠢ ᠦᠭᠦᠯᠡᠳᠡᠭ ᠪᠠᠶ᠋ᠢᠬᠤ ᠶᠤᠰᠤᠳᠠᠢ ᠪᠤᠯ ᠤᠳᠤ ᠬᠠᠷᠢᠨ ᠠ᠋ᠨᠡᠬᠦ 《ᠲᠠ》 ᠪᠤᠶᠤ 《ᠲᠠᠶᠠᠭ᠋ᠠᠷ》 ᠭᠡᠬᠦ ᠦᠭᠡ᠎ᠨᠢ ᠪᠦᠷᠢᠮᠦᠰᠦᠨ ᠬᠠᠶᠠᠭᠳᠠᠵᠤ ᠪᠠᠶ᠋ᠢᠨ᠎ᠠ᠃ ᠤᠯᠠᠩᠬᠢ ᠬᠦᠮᠤᠰ ᠪᠦᠷ ᠯᠡ 《ᠰᠠᠶ᠋ᠢᠨ ᠤᠤ?》 ᠭᠡᠬᠦ ᠡᠵᠡᠨ ᠪᠡᠶ᠎ᠡ ᠦᠭᠡᠢ ᠦᠭᠦᠯᠡᠪᠦᠷᠢ᠎ᠪᠠᠷ ᠪᠠᠷᠠᠭ᠋ᠠᠴᠢᠬᠠᠳᠠᠭ ᠪᠠᠶ᠋ᠢᠨ᠎ᠠ᠃ ᠢᠩᠬᠢᠵᠦ ᠬᠡᠨ᠎ᠳᠤ ᠬᠡᠯᠡᠵᠦ ᠪᠠᠶ᠋ᠢᠭ᠎ᠠ᠎ᠨᠢ ᠲᠤᠳᠤᠷᠬᠠᠢ ᠦᠭᠡᠢ ᠬᠡᠷᠡᠭᠯᠡᠭᠳᠡᠬᠦ ᠪᠤᠯᠵᠠᠢ᠃ ᠨᠡᠩ ᠴᠦ᠍ ᠬᠠᠷᠢᠭᠤ ᠮᠡᠨᠳᠤᠴᠢᠯᠡᠭᠡ᠎ᠳᠤ 《ᠰᠠᠶ᠋ᠢᠨ ᠰᠠᠶ᠋ᠢᠨ》 ᠭᠡᠬᠦ ᠬᠠᠷᠢᠭᠤᠯᠲᠠ ᠵᠢ ᠪᠦᠷᠢᠮᠦᠰᠤᠨ ᠮᠠᠷᠲᠠᠵᠦ ᠬᠡᠷᠡᠭᠯᠡᠬᠦ᠎ᠪᠠᠨ ᠪᠤᠯᠢᠴᠢᠬᠠᠵᠠᠢ᠃ ᠵᠦᠪᠬᠡᠨ ᠬᠠᠷᠢᠯᠴᠠᠨ᠄ 《ᠰᠠᠶ᠋ᠢᠨ ᠪᠠᠶ᠋ᠢᠨ᠎ᠠ ᠤᠤ?》 ᠭᠡᠵᠦ ᠮᠡᠨᠳᠤᠴᠢᠯᠡᠬᠦ ᠲᠡᠳᠦᠢ ᠪᠤᠯᠵᠦ ᠪᠠᠶ᠋ᠢᠨ᠎ᠠ᠃ ᠤᠷᠤᠨ ᠨᠤᠳᠤᠭ᠎ᠤᠨ ᠵᠦᠷᠢᠶ᠎ᠡ᠎ᠠᠴᠠ ᠪᠤᠯᠵᠦ ᠵᠠᠷᠢᠮ ᠨᠤᠳᠤᠭ᠎ᠲᠤ᠄ 《ᠲᠠ ᠠᠮᠤᠷᠬᠠᠨ ᠰᠠᠶ᠋ᠢᠨ ᠪᠠᠶ᠋ᠢᠨ᠎ᠠ ᠤᠤ?》᠂ 《ᠲᠠᠶᠠᠭ᠋ᠠᠷ ᠠᠮᠤᠷᠬᠠᠨ ᠰᠠᠶ᠋ᠢᠨ ᠪᠠᠶ᠋ᠢᠨ᠎ᠠ ᠤᠤ?》 ᠭᠡᠵᠦ ᠮᠡᠨᠳᠣᠴᠢᠯᠡᠳᠡᠭ᠃ ᠪᠠᠰᠠ ᠵᠠᠷᠢᠮ ᠨᠤᠳᠤᠭ᠎ᠲᠤ᠄ 《ᠲᠠᠨ᠎ᠤ ᠠᠮᠤᠷ᠎ᠢ ᠠ᠋ᠷᠢᠶ᠎ᠡ!》᠂ 《ᠲᠠᠶᠠᠭ᠋ᠠᠷ᠎ᠤᠨ ᠠᠮᠤᠷ᠎ᠢ ᠠ᠋ᠷᠢᠶ᠎ᠡ!》 ᠭᠡᠵᠦ ᠠᠳᠠᠯᠢ ᠪᠤᠰᠤ ᠮᠡᠨᠳᠤᠴᠢᠯᠡᠳᠡᠭ ᠪᠤᠯᠪᠠᠴᠦ ᠤᠳᠤ 《ᠲᠠ》 ᠪᠤᠶᠤ 《ᠲᠠᠶᠠᠭ᠋ᠠᠷ》᠎ᠨᠢ ᠭᠡᠭᠡᠭᠳᠡᠭᠰᠡᠨ ᠵᠶ᠋ᠠᠷ ᠪᠠᠷᠠᠬᠤ ᠦᠭᠡᠢ᠂ 《ᠠᠮᠤᠷᠬᠠᠨ ᠰᠠᠶ᠋ᠢᠨ ᠪᠠᠶ᠋ᠢᠨ᠎ᠠ ᠤᠤ?》᠂ 《ᠠᠮᠤᠷ ᠰᠠᠶ᠋ᠢᠨ ᠪᠠᠶ᠋ᠢᠨ᠎ᠠ ᠤᠤ?》 ᠭᠡᠳᠡᠭ᠎ᠤᠨ ᠬᠠᠷᠢᠭᠤ ᠮᠠᠨᠳᠤᠴᠢᠯᠡᠭᠡ 《ᠰᠠᠶ᠋ᠢᠨ ᠪᠠᠶ᠋ᠢᠨ᠎ᠠ》᠂ 《ᠠᠮᠤᠷ ᠪᠠᠶ᠋ᠢᠨ᠎ᠠ》 ᠭᠡᠳᠡᠭ᠎ᠨᠢ ᠴᠦ᠍ ᠤᠮᠳᠤᠭ᠋ᠠᠶ᠋ᠢᠯᠠᠭᠳᠠᠵᠤ᠂ ᠵᠦᠪᠬᠡᠨ ᠬᠠᠷᠢᠯᠴᠠᠨ ᠬᠠᠷᠢᠭᠤ ᠦᠭᠡᠢ ᠮᠡᠨᠳᠤᠴᠢᠯᠡᠳᠡᠭ ᠪᠤᠯᠤᠭᠰᠠᠨ ᠪᠠᠶ᠋ᠢᠨ᠎ᠠ᠃

      ᠠ᠋ᠭᠦᠨ᠎ᠠᠴᠠ ᠭᠠᠳᠠᠨ᠎ᠠ ᠠᠬᠠᠮᠠᠳ ᠲᠤᠮᠤᠭ᠋ᠠᠲᠠᠳ ᠪᠤᠶᠤ ᠬᠤᠨᠤᠭ᠎ᠤᠨ ᠭᠡᠶ᠋ᠢᠴᠢᠨ᠎ᠳᠤ᠎ᠪᠠᠨ ᠦᠷᠯᠦᠭᠡ᠎ᠨᠢ᠄ 《ᠲᠠ ᠲᠠᠪᠠᠲᠠᠢ ᠨᠤᠶ᠋ᠢᠷᠰᠤᠪᠠ ᠤᠤ?》᠂ 《ᠲᠠ ᠰᠠᠶ᠋ᠢᠬᠠᠨ ᠠᠮᠠᠷᠠᠪᠠ ᠤᠤ?》᠂ 《ᠲᠠ ᠲᠠᠪᠠᠲᠠᠢ ᠠᠮᠠᠷᠠᠭᠰᠠᠨ ᠤᠤ?》᠂ 《ᠲᠠ ᠰᠠᠶ᠋ᠢᠬᠠᠨ ᠵᠡᠭᠦᠳᠦ ᠮᠠᠨᠠᠪᠠ ᠤᠤ?》 ᠭᠡᠬᠦ ᠮᠡᠳᠦᠴᠢᠯᠡᠨ ᠮᠡᠨᠳᠦᠴᠢᠯᠡᠵᠦ᠂ ᠠ᠋ᠳᠦᠷ᠎ᠨᠢ᠄ 《ᠲᠠᠨ᠎ᠳᠤ ᠠ᠋ᠳᠦᠷ᠎ᠤᠨ ᠠᠮᠤᠭᠤᠯᠠᠩ᠎ᠢ ᠠᠶ᠋ᠢᠯᠠᠳᠬᠠᠶ᠎ᠠ》᠂ 《ᠲᠠ ᠲᠠᠪᠠᠲᠠᠢ ᠰᠠᠭ᠋ᠠᠳᠠᠵᠤ ᠪᠠᠶ᠋ᠢᠨ᠎ᠠ ᠤᠤ?》᠂ ᠤᠷᠤᠢ᠎ᠨᠢ᠄ 《ᠲᠠ ᠲᠠᠪᠠᠲᠠᠢ ᠠᠮᠠᠷᠠᠭ᠋ᠠᠷᠠᠢ》᠂ 《ᠲᠠ ᠰᠠᠶ᠋ᠢᠬᠠᠨ ᠨᠤᠶ᠋ᠢᠷᠰᠤᠭ᠋ᠠᠷᠠᠢ》᠂ 《ᠲᠠ ᠰᠠᠶ᠋ᠢᠬᠠᠨ ᠵᠡᠭᠦᠳᠦ ᠮᠠᠨᠠᠭ᠋ᠠᠷᠠᠢ》᠂ 《ᠲᠠᠨ᠎ᠤ ᠦᠳᠡᠰᠢ ᠵᠢᠨ ᠠᠮᠤᠭᠤᠯᠠᠩ᠎ᠢ ᠠᠶ᠋ᠢᠯᠠᠳᠬᠠᠶ᠎ᠠ》 ᠭᠡᠬᠦ ᠮᠡᠳᠦᠴᠢᠯᠡᠨ ᠬᠡᠯᠡᠳᠡᠭ᠃ ᠤᠳᠤ ᠮᠤᠩᠭᠤᠯᠴᠤᠳ᠎ᠤᠨ ᠠ᠋ᠳᠦᠷ᠎ᠤᠨ ᠭᠤᠷᠪᠠᠨ ᠮᠡᠨᠳᠤᠴᠢᠯᠡᠭᠡ᠎ᠨᠢ ᠪᠠᠷᠤᠭ ᠮᠠᠷᠳᠠᠭᠳᠠᠭ᠍ᠤ ᠰᠢᠬᠠᠭᠰᠠᠨ ᠪᠠᠶ᠋ᠢᠨ᠎ᠠ᠃ ᠠ᠋ᠭᠦᠨ᠎ᠤ ᠦᠨᠳᠤᠰᠤᠨ ᠰᠢᠯᠳᠠᠭ᠋ᠠᠨ᠎ᠨᠢ ᠬᠢᠲᠠᠳ ᠬᠡᠯᠡᠨ᠎ᠤ ᠮᠡᠨᠳᠤᠴᠢᠯᠡᠭᠡᠨ᠎ᠤ ᠶᠤᠰᠤᠨ᠎ᠤ ᠵᠠᠨᠭ᠌ᠰᠢᠯ᠎ᠳᠤ ᠨᠦᠯᠦᠭᠡᠯᠡᠭᠳᠡᠭᠰᠡᠨ᠎ᠲᠠᠢ ᠬᠤᠯᠪᠤᠭ᠎ᠠ᠎ᠲᠠᠢ ᠪᠠᠶ᠋ᠢᠵᠤ ᠮᠡᠳᠡᠨ᠎ᠡ᠃ ᠤᠴᠢᠷ᠎ᠨᠢ ᠬᠢᠲᠠᠳ ᠬᠡᠯᠡᠨ᠎ᠤ ᠮᠡᠨᠳᠤᠴᠢᠯᠡᠭᠡᠨ᠎ᠤ ᠦᠭᠡ ᠦᠭᠦᠯᠡᠪᠦᠷᠢ ᠪᠤᠯ ᠠᠩᠬᠠᠷᠤᠭᠤᠯᠬᠤ ᠦᠭᠦᠯᠡᠪᠦᠷᠢ ᠪᠠᠶ᠋ᠢᠵᠦ᠂ ᠬᠠᠷᠢᠭᠤᠯᠬᠤ ᠵᠢ ᠱᠠᠭ᠋ᠠᠷᠲᠠᠳᠠᠭ ᠦᠭᠡᠢ ᠶᠤᠮ᠃ ᠵᠢᠱ᠌ᠢᠶ᠎ᠡ᠎ᠨᠢ᠄ 《你好!》 ᠭᠡᠬᠦ᠎ᠨᠢ ᠠᠩᠬᠠᠷᠤᠭᠤᠯᠬᠤ ᠦᠭᠦᠯᠡᠪᠦᠷᠢ ᠪᠠᠶ᠋ᠢᠵᠦ ᠶᠠᠮᠠᠷᠴᠦ ᠠᠰᠠᠭᠤᠯᠳᠠ ᠪᠢᠰᠢ ᠪᠠᠶ᠋ᠢᠳᠠᠭ ᠲᠤᠯᠠ ᠬᠠᠷᠢᠭᠤᠯᠬᠤ ᠴᠢᠬᠤᠯᠠ ᠦᠭᠡᠢ᠃ ᠬᠠᠷᠢᠭᠤ᠎ᠳᠤ᠎ᠨᠢ ᠪᠠᠰᠠ ᠯᠠ 《你好!》 ᠭᠡᠳᠡᠭ᠃ ᠬᠠᠷᠢᠨ ᠮᠤᠩᠭᠤᠯ ᠬᠡᠯᠡᠨ᠎ᠤ ᠮᠡᠨᠳᠤᠴᠢᠯᠡᠭᠡᠨ ᠪᠤᠯ 《ᠲᠠ ᠰᠠᠶ᠋ᠢᠨ ᠪᠠᠶ᠋ᠢᠨ᠎ᠠ ᠤᠤ?》 ᠭᠡᠬᠦ ᠠᠰᠠᠭᠤᠬᠤ ᠰᠤᠯᠠ ᠦᠭᠡ᠎ᠪᠠᠷ ᠲᠡᠭᠦᠰᠴᠦ ᠪᠠᠶ᠋ᠢᠳᠠᠭ ᠲᠤᠯᠠ ᠬᠠᠷᠢᠭᠤ ᠱᠠᠭ᠋ᠠᠷᠲᠠᠭᠳᠠᠨ᠎ᠠ᠃

      ᠬᠤᠶᠠᠷ᠂ ᠤᠯᠠᠷᠢᠯ᠎ᠤᠨ ᠮᠡᠨᠳᠦᠴᠢᠯᠡᠭᠡ

      ᠤᠯᠠᠷᠢᠯ᠎ᠤᠨ ᠮᠡᠨᠳᠤᠴᠢᠯᠡᠭᠡ ᠪᠤᠯ ᠮᠤᠩᠭᠤᠯᠴᠤᠳ᠎ᠤᠨ ᠨᠡᠯᠢᠶᠡᠳ ᠦᠪᠡᠷᠮᠢᠴᠡ ᠤᠨᠴᠠᠯᠢᠭ᠎ᠲᠠᠢ ᠮᠡᠨᠳᠤᠴᠢᠯᠡᠭᠡ ᠪᠤᠯᠬᠤ ᠶᠤᠮ᠃ ᠠ᠋ᠨᠡ᠎ᠨᠢ ᠮᠤᠩᠭᠤᠯᠴᠤᠳ᠎ᠤᠨ ᠤᠯᠠᠮᠵᠢᠯᠠᠯᠳᠦ ᠨᠡᠭᠦᠳᠡᠯ ᠮᠠᠯ ᠠᠵᠦ ᠠᠬᠤᠢ ᠵᠢᠨ ᠤᠨᠴᠠᠯᠢᠭ᠎ᠲᠠᠢ ᠬᠤᠯᠪᠤᠭᠳᠠᠨ᠎ᠠ᠃ ᠮᠤᠩᠭᠤᠯᠴᠤᠳ᠎ᠤᠨ ᠤᠯᠠᠮᠵᠢᠯᠠᠯᠳᠦ ᠨᠡᠭᠦᠳᠡᠯ ᠠᠵᠦ ᠠᠬᠤᠢ᠎ᠨᠢ ᠵᠦᠪᠬᠡᠨ ᠤᠰᠤᠨ᠎ᠤ ᠲᠤᠩᠭ᠋ᠠᠯᠠᠭ᠂ ᠡᠪᠡᠰᠦᠨ᠎ᠤ ᠰᠤᠷᠭᠤᠭ᠎ᠢ ᠠ᠋ᠷᠢᠨ ᠳᠤᠷ᠎ᠠ᠎ᠪᠠᠷ ᠵᠶ᠋ᠠᠨ ᠨᠡᠭᠦᠳᠡᠯᠯᠡᠳᠡᠭ ᠪᠢᠰᠢ᠂ ᠲᠡᠭᠦᠨ᠎ᠳᠤ ᠨᠡᠭᠦᠵᠦ ᠪᠠᠭᠤᠬᠤ ᠵᠢᠨ ᠤᠯᠠᠷᠢᠯ᠎ᠤᠨ ᠴᠢᠨᠠᠷᠲᠠᠢ ᠵᠠᠩ ᠵᠢᠷᠤᠮᠵᠢᠯ ᠪᠠ ᠵᠢᠮ᠎ᠡ ᠶᠤᠰᠤ᠎ᠲᠠᠢ ᠪᠠᠶ᠋ᠢᠳᠠᠭ᠃ ᠤᠯᠠᠷᠢᠯ᠎ᠢ ᠲᠠᠭ᠋ᠠᠵᠦ ᠨᠡᠭᠦᠳᠡᠯᠯᠡᠳᠡᠭ᠎ᠠᠴᠠ ᠪᠤᠯᠵᠦ ᠤᠷᠤᠨ ᠰᠠᠭᠤᠴᠠ᠎ᠨᠢ ᠴᠦᠮ ᠠᠳᠠᠯᠢ ᠪᠤᠰᠤ ᠪᠠᠶ᠋ᠢᠳᠠᠭ᠃ ᠵᠤᠨ ᠤᠰᠤᠨ᠎ᠤ ᠤᠷᠤᠰᠬᠠᠯ ᠭᠤᠤ ᠰᠤᠪᠠᠭ᠎ᠠᠴᠠ ᠵᠤᠬᠢᠬᠤ ᠵᠠᠶ᠋ᠢᠳᠠᠭᠤ᠂ ᠰᠡᠷᠢᠭᠦᠭᠡᠨ ᠰᠠᠯᠬᠢ ᠨᠡᠪᠳᠡᠷᠡᠬᠦ ᠵᠠᠳᠠᠭ᠋ᠠᠢ ᠭᠠᠵᠠᠷ᠎ᠢ ᠠ᠋ᠷᠢᠵᠦ ᠶᠠᠪᠤᠳᠠᠭ ᠪᠠ ᠡᠪᠦᠯ ᠪᠤᠯᠪᠠᠯ ᠲᠤᠯᠠᠭ᠋ᠠᠬᠠᠨ᠂ ᠨᠦᠮᠦᠷᠢ ᠶᠡᠬᠡᠳᠡᠢ᠂ ᠡᠪᠡᠰᠤ ᠰᠠᠬᠤᠯᠢᠬ ᠠᠮᠠᠷᠬᠠᠨ ᠴᠠᠰᠤᠨ᠎ᠳᠤ ᠳᠠᠷᠤᠭᠳᠠᠭ᠍ᠤ ᠦᠭᠡᠢ ᠦᠨᠳᠤᠷ ᠰᠢᠭ ᠭᠠᠵᠠᠷ ᠪᠠᠶ᠋ᠢᠬᠤ ᠵᠢ ᠱᠠᠭ᠋ᠠᠷᠳᠠᠳᠠᠭ᠃ ᠬᠠᠪᠤᠷ᠎ᠨᠢ ᠨᠦᠭᠡᠴᠡ ᠡᠪᠡᠰᠦ ᠰᠠᠢ᠍ᠢ᠍ᠳᠠᠢ ᠪᠠ ᠲᠥᠯ ᠲᠤᠰᠬᠤ᠎ᠳᠤ ᠲᠤᠬᠢᠷᠠᠭᠰᠠᠨ ᠭᠠᠵᠠᠷ᠎ᠢ ᠰᠤᠩᠭᠤᠳᠠᠭ᠃ ᠨᠠᠮᠤᠷ ᠪᠤᠯᠪᠠᠯ ᠡᠪᠦᠯ ᠬᠠᠪᠤᠷ᠎ᠤᠨ ᠨᠤᠳᠤᠭ ᠵᠶ᠋ᠠᠨ ᠰᠤᠩᠭᠤᠨ ᠲᠤᠭᠳᠠᠭ᠋ᠠᠭᠰᠠᠨ᠎ᠤ ᠳᠠᠷᠠᠭ᠎ᠠ ᠵᠤᠬᠢᠬᠤ ᠬᠡᠮᠵᠢᠶᠡᠨ᠎ᠤ ᠡᠪᠡᠰᠦᠨ᠎ᠤ ᠨᠦᠭᠡᠴᠡ ᠠᠪᠴᠦ ᠪᠤᠯᠬᠤ ᠭᠠᠵᠠᠷ᠎ᠢ ᠰᠤᠩᠭᠤᠬᠤ ᠬᠡᠷᠡᠭᠳᠡᠢ ᠪᠠᠶ᠋ᠢᠳᠠᠭ᠃ ᠠ᠋ᠭᠦᠨ᠎ᠳᠤ ᠡᠪᠦᠯ ᠪᠤᠯ ᠤᠷᠤᠨ ᠰᠠᠭᠤᠴᠠ ᠬᠤᠷᠢᠶ᠎ᠠ ᠬᠠᠰᠢᠶ᠎ᠠ ᠡᠪᠯᠢᠭ᠂ ᠲᠤᠬᠢᠯᠢᠬ ᠲᠤᠯᠠᠭ᠋ᠠᠬᠠᠨ ᠪᠠᠶ᠋ᠢᠬᠤ ᠬᠡᠷᠡᠭᠳᠡᠢ᠃ ᠵᠤᠨ ᠪᠤᠯ ᠲᠦᠭᠦᠮ ᠠᠪᠰᠠᠷ ᠨᠡᠭᠦᠵᠦ ᠪᠠᠭᠤᠬᠤ᠎ᠳᠤ ᠠᠮᠠᠷᠬᠠᠨ᠂ ᠠᠴᠢᠶ᠎ᠠ ᠬᠦᠰᠭᠡ ᠪᠠᠭ᠎ᠠ᠂ ᠬᠦᠳᠡᠯᠵᠦ ᠶᠠᠪᠤᠬᠤ᠎ᠳᠤ ᠠᠰᠢᠭᠳᠠᠢ ᠪᠠᠶ᠋ᠢᠪᠠᠯ ᠪᠣᠯᠴᠢᠬᠠᠳᠠᠭ᠃ ᠵᠣᠨ᠎ᠤ ᠤᠯᠠᠷᠢᠯ᠎ᠳᠤ ᠲᠡᠶ᠋ᠢᠮᠦ ᠤᠯᠠᠨ ᠦᠢ᠍ᠯᠡᠳᠪᠦᠷᠢᠯᠡᠯ ᠠᠮᠢᠳᠤᠷᠠᠯ᠎ᠤᠨ ᠬᠡᠷᠡᠭᠰᠡᠯ ᠬᠡᠷᠡᠭᠰᠡᠬᠦ ᠦᠭᠡᠢ᠂ ᠬᠠᠷᠢᠨ ᠰᠦ ᠰᠠᠭ᠋ᠠᠯᠢ ᠵᠢᠨ ᠰᠠᠪᠠ ᠰᠠᠭᠤᠯᠭ᠎ᠠ ᠨᠡᠯᠢᠶᠡᠳ ᠪᠦᠷᠢᠨ ᠪᠠᠶ᠋ᠢᠬᠤ ᠬᠡᠷᠡᠭᠳᠡᠢ᠃ ᠠ᠋ᠳᠡᠭᠡᠷ ᠠᠳᠠᠯᠢ ᠪᠤᠰᠤ ᠤᠨᠴᠠᠯᠢᠭ᠎ᠠᠴᠠ ᠪᠤᠯᠵᠦ ᠬᠦᠮᠤᠰ᠎ᠤᠨ ᠤᠯᠠᠷᠢᠯ ᠪᠤᠯᠭ᠋ᠠᠨ᠎ᠳᠤ ᠰᠠᠭᠤᠬᠤ ᠤᠷᠤᠨ ᠰᠠᠭᠤᠴᠠ᠂ ᠬᠢᠬᠦ ᠠᠵᠢᠯ ᠲᠦᠷᠦᠯ᠎ᠨᠢ ᠴᠦ᠍ ᠢᠯᠭ᠋ᠠᠭ᠎ᠠ ᠵᠦᠷᠢᠶ᠎ᠡ᠎ᠲᠠᠢ ᠪᠠᠶ᠋ᠢᠳᠠᠭ᠃ ᠢᠨᠭᠬᠢᠭᠡᠳ ᠬᠠᠪᠤᠷᠵᠢᠶ᠎ᠠ᠂ ᠵᠤᠰᠠᠯᠠᠩ᠂ ᠨᠠᠮᠤᠷᠵᠢᠶ᠎ᠠ᠂ ᠡᠪᠦᠯᠵᠢᠶ᠎ᠡ ᠭᠡᠬᠦ ᠮᠡᠳᠤᠴᠢᠯᠡᠨ ᠲᠤᠰᠬᠠᠢ ᠤᠨᠤᠭ᠋ᠠᠭᠰᠠᠨ ᠨᠡᠷ᠎ᠡ ᠦᠭᠡ ᠭᠠᠷᠴᠤ ᠢᠷᠡᠵᠡᠢ᠃

      ᠲᠡᠭᠡᠷ᠎ᠡ ᠲᠤᠷᠠᠳᠤᠭᠰᠠᠨ ᠤᠨᠴᠠᠯᠢᠭ᠎ᠠᠴᠠ ᠪᠤᠯᠵᠦ᠂ ᠤᠯᠠᠷᠢᠯ ᠪᠤᠯᠭ᠋ᠠᠨ᠎ᠤ ᠮᠡᠨᠳᠤᠴᠢᠯᠡᠭᠡ᠎ᠨᠢ ᠠᠳᠠᠯᠢ ᠪᠤᠰᠤ ᠪᠤᠯᠳᠠᠭ᠃ ᠠ᠋ᠭᠦᠨ᠎ᠳᠤ ᠬᠠᠪᠤᠷ ᠮᠠᠯᠴᠢᠳ᠎ᠲᠠᠢ᠄ 《ᠲᠠᠨ᠎ᠤ᠎ᠬᠢ ᠲᠠᠪᠠᠲᠠᠢ ᠰᠠᠶ᠋ᠢᠬᠠᠨ ᠬᠠᠪᠤᠷᠵᠢᠵᠤ   ᠪᠠᠶ᠋ᠢᠨ᠎ᠠ ᠤᠤ?》᠂ 《ᠲᠠᠷᠭᠤᠨ ᠰᠠᠶ᠋ᠢᠬᠠᠨ ᠬᠠᠪᠤᠷᠵᠢᠵᠤ ᠪᠠᠶ᠋ᠢᠨ᠎ᠠ ᠤᠤ?》᠂ 《ᠮᠠᠯ ᠲᠦᠯ ᠮᠡᠨᠳᠦ ᠪᠤᠶ᠋ᠢᠵᠢᠵᠤ ᠪᠠᠶ᠋ᠢᠨ᠎ᠠ ᠤᠤ?》᠂ 《ᠬᠤᠷ᠎ᠠ ᠪᠤᠷᠤᠭ᠎ᠠ ᠠ᠋ᠯᠪᠡᠭᠰᠢᠵᠦ᠂ ᠨᠤᠭᠤᠭ᠎ᠠ ᠰᠠᠶ᠋ᠢᠨ ᠤᠷᠭᠤᠵᠤ᠂ ᠰᠦᠷᠦᠭ ᠲᠠᠷᠭᠤᠯᠠᠵᠤ   ᠪᠠᠶ᠋ᠢᠨ᠎ᠠ ᠤᠤ?》᠂ 《ᠲᠠᠨ᠎ᠤ᠎ᠬᠢ ᠰᠠᠶ᠋ᠢᠬᠠᠨ ᠬᠠᠪᠤᠷᠵᠢᠵᠦ ᠪᠠᠶ᠋ᠢᠨ᠎ᠠ ᠤᠤ?》 ᠭᠡᠳᠡᠭ᠃ ᠵᠤᠨ ᠪᠤᠯ᠄ 《ᠲᠠᠪᠠᠲᠠᠢ ᠰᠠᠶ᠋ᠢᠬᠠᠨ ᠵᠤᠰᠠᠵᠤ ᠪᠠᠶ᠋ᠢᠨ᠎ᠠ ᠤᠤ?》᠂ 《ᠰᠠᠶ᠋ᠢᠬᠠᠨ ᠵᠤᠨ ᠪᠤᠯᠵᠤ ᠪᠠᠶ᠋ᠢᠨ᠎ᠠ ᠤᠤ?》᠂ 《ᠲᠠᠪᠠᠲᠠᠢ ᠵᠤᠰᠠᠵᠤ ᠮᠠᠯ ᠶᠡᠭᠡ ᠲᠠᠷᠭᠤ ᠠᠪᠴᠤ ᠪᠠᠶ᠋ᠢᠨ᠎ᠠ ᠤᠤ?》᠂ 《ᠭᠠᠵᠠᠷ᠎ᠤᠨ ᠭᠠᠷᠴᠠ᠂ ᠮᠠᠯ᠎ᠤᠨ ᠲᠠᠷᠭᠤ ᠬᠦᠴᠦ ᠰᠠᠶ᠋ᠢᠨ ᠪᠠᠶ᠋ᠢᠨ᠎ᠠ ᠤᠤ?》᠂ 《ᠬᠤᠷ᠎ᠠ ᠪᠤᠷᠤᠭ᠎ᠠ ᠠ᠋ᠯᠪᠡᠭᠰᠢᠵᠦ ᠪᠠᠶ᠋ᠢᠨ᠎ᠠ ᠤᠤ?》 ᠭᠡᠵᠦ ᠮᠡᠨᠳᠦᠴᠢᠯᠡᠳᠡᠭ᠃ ᠨᠠᠮᠤᠷ ᠪᠤᠯ 《ᠲᠠᠪᠠᠲᠠᠢ ᠰᠠᠶ᠋ᠢᠬᠠᠨ ᠨᠠᠮᠤᠷᠵᠢᠵᠤ ᠪᠠᠶ᠋ᠢᠨ᠎ᠠ ᠤᠤ?》᠂ 《ᠮᠠᠯ᠎ᠤᠨ ᠲᠠᠷᠭᠤ ᠬᠦᠴᠦ ᠨᠠᠮᠡᠭᠳᠡᠵᠦ   ᠪᠠᠶ᠋ᠢᠨ᠎ᠠ ᠤᠤ?》᠂ 《ᠡᠪᠡᠰᠦ ᠬᠠᠳᠤᠯᠠᠩ ᠰᠢᠮᠡᠳᠦ ᠲᠡᠵᠢᠭᠡᠯ ᠶᠡᠭᠡ ᠪᠡᠯᠡᠳᠭᠡᠪᠡ ᠤᠤ?》 ᠭᠡᠵᠦ ᠮᠡᠨᠳᠦᠴᠢᠯᠡᠳᠡᠭ᠃ ᠡᠪᠦᠯ ᠪᠤᠯ 《ᠲᠠᠷᠭᠤᠨ ᠰᠠᠶ᠋ᠢᠬᠠᠨ ᠡᠪᠦᠯᠵᠢᠵᠦ ᠪᠠᠶ᠋ᠢᠨ᠎ᠠ ᠤᠤ?》᠂ 《ᠦᠩ᠎ᠲᠠᠢ ᠰᠠᠶ᠋ᠢᠬᠠᠨ ᠡᠪᠦᠯᠵᠢᠵᠤ ᠪᠠᠶ᠋ᠢᠨ᠎ᠠ ᠤᠤ?》᠂ 《ᠡᠪᠦᠯᠵᠢᠶ᠎ᠡ ᠪᠠᠭᠤᠴᠠ ᠲᠠᠪᠠᠲᠠᠢ᠂ ᠡᠪᠡᠰᠦ ᠲᠤᠭᠤᠰᠤ ᠠ᠋ᠯᠪᠡᠭ᠂ ᠲᠠᠷᠭᠤᠨ ᠰᠠᠶ᠋ᠢᠬᠠᠨ ᠡᠪᠦᠯᠵᠢᠵᠦ ᠪᠠᠶ᠋ᠢᠨ᠎ᠠ ᠤᠤ?》 ᠭᠡᠵᠦ ᠮᠡᠨᠳᠦᠴᠢᠯᠡᠳᠡᠭ᠃ ᠵᠢᠱ᠌ᠢᠶ᠎ᠡ᠄

     — ᠲᠠ ᠰᠠᠶ᠋ᠢᠬᠠᠨ ᠵᠤᠰᠠᠵᠦ ᠪᠠᠶ᠋ᠢᠨ᠎ᠠ ᠤᠤ? (ᠮᠡᠨᠳᠦᠴᠢᠯᠡᠭᠡ)

     — ᠰᠠᠶ᠋ᠢᠬᠠᠨ ᠵᠤᠰᠠᠵᠦ ᠪᠠᠶ᠋ᠢᠨ᠎ᠠ᠃ ᠲᠠᠨ᠎ᠤ᠎ᠬᠢᠨ ᠰᠠᠶ᠋ᠢᠬᠠᠨ ᠵᠤᠰᠠᠵᠤ ᠪᠠᠶ᠋ᠢᠨ᠎ᠠ ᠤᠤ? (ᠬᠠᠷᠢᠭᠤ ᠮᠡᠨᠳᠦᠴᠢᠯᠡᠭᠡ)

     — ᠲᠠ ᠰᠠᠶ᠋ᠢᠬᠠᠨ ᠨᠠᠮᠤᠷᠵᠢᠵᠦ ᠪᠠᠶ᠋ᠢᠨ᠎ᠠ ᠤᠤ? (ᠮᠡᠨᠳᠦᠴᠢᠯᠡᠭᠡ)

     — ᠰᠠᠶ᠋ᠢᠬᠠᠨ ᠨᠠᠮᠤᠷᠵᠢᠵᠦ ᠪᠠᠶ᠋ᠢᠨ᠎ᠠ᠃ ᠲᠠᠨ᠎ᠤ᠎ᠬᠢᠨ ᠰᠠᠶ᠋ᠢᠬᠠᠨ ᠨᠠᠮᠤᠷᠵᠢᠵᠦ ᠪᠠᠶ᠋ᠢᠨ᠎ᠠ ᠤᠤ? (ᠬᠠᠷᠢᠭᠤ ᠮᠡᠨᠳᠦᠴᠢᠯᠡᠭᠡ)

     — ᠲᠠ ᠰᠠᠶ᠋ᠢᠬᠠᠨ ᠡᠪᠦᠯᠵᠢᠵᠦ ᠪᠠᠶ᠋ᠢᠨ᠎ᠠ ᠤᠤ? (ᠮᠡᠨᠳᠦᠴᠢᠯᠡᠭᠡ)

     — ᠰᠠᠶ᠋ᠢᠬᠠᠨ ᠡᠪᠦᠯᠵᠢᠵᠦ ᠪᠠᠶ᠋ᠢᠨ᠎ᠠ᠃ ᠲᠠᠨ᠎ᠤ᠎ᠬᠢᠨ ᠰᠠᠶ᠋ᠢᠬᠠᠨ ᠡᠪᠦᠯᠵᠢᠵᠦ ᠪᠠᠶ᠋ᠢᠨ᠎ᠠ ᠤᠤ? (ᠬᠠᠷᠢᠭᠤ ᠮᠡᠨᠳᠦᠴᠢᠯᠡᠭᠡ)

     — ᠲᠠ ᠰᠠᠶ᠋ᠢᠬᠠᠨ ᠬᠠᠪᠤᠷᠵᠢᠵᠦ ᠪᠠᠶ᠋ᠢᠨ᠎ᠠ ᠤᠤ? (ᠮᠡᠨᠳᠦᠴᠢᠯᠡᠭᠡ)

     — ᠰᠠᠶ᠋ᠢᠬᠠᠨ ᠬᠠᠪᠤᠷᠵᠢᠵᠦ ᠪᠠᠶ᠋ᠢᠨ᠎ᠠ᠃ ᠲᠠᠨ᠎ᠤ᠎ᠬᠢᠨ ᠰᠠᠶ᠋ᠢᠬᠠᠨ ᠬᠠᠪᠤᠷᠵᠢᠵᠦ ᠪᠠᠶ᠋ᠢᠨ᠎ᠠ ᠤᠤ? (ᠬᠠᠷᠢᠭᠤ ᠮᠡᠨᠳᠦᠴᠢᠯᠡᠭᠡ) ᠭᠡᠬᠦ᠎ᠪᠠᠷ ᠮᠡᠨᠳᠤᠴᠢᠯᠡᠭᠡ ᠪᠠ ᠬᠠᠷᠢᠭᠤ ᠮᠡᠨᠳᠤᠴᠢᠯᠡᠭᠡ᠎ᠨᠢ ᠨᠡᠶ᠋ᠢᠳᠡᠮ ᠬᠡᠷᠡᠭᠯᠡᠭᠳᠡᠳᠡᠭ   ᠪᠠᠶ᠋ᠢᠪᠠ᠃ ᠤᠳᠤ ᠬᠤᠳᠠᠴᠢᠯᠠᠯᠳᠠ ᠵᠢ ᠲᠠᠭ᠋ᠠᠯᠳᠤᠨ ᠬᠤᠲᠠ ᠵᠢᠨ ᠬᠦᠮᠤᠨ ᠠᠮᠠ ᠵᠢᠨ ᠡᠵᠡᠯᠡᠬᠦ ᠬᠠᠷᠢᠴᠠᠯ ᠠ᠋ᠳᠦᠷ ᠢᠷᠡᠭᠦᠶ᠎ᠡ ᠨᠡᠮᠡᠭᠳᠡᠵᠦ ᠪᠠᠶ᠋ᠢᠨ᠎ᠠ᠃ ᠬᠤᠳᠠ ᠵᠢᠨ ᠬᠦᠮᠤᠰ᠎ᠤᠨ ᠠᠵᠢᠯ ᠠᠮᠢᠳᠤᠷᠠᠯ᠎ᠨᠢ ᠵᠢᠯ᠎ᠤᠨ ᠲᠦᠷᠪᠡᠨ ᠤᠯᠠᠷᠢᠯ᠎ᠳᠤ ᠬᠤᠪᠢᠷᠠᠯᠳᠠ ᠭᠠᠷᠬᠤ ᠦᠭᠡᠢ᠂ ᠤᠯᠠᠷᠢᠯ ᠲᠠᠭ᠋ᠠᠵᠦ ᠰᠢᠯᠵᠢᠵᠦ ᠨᠡᠭᠦᠳᠡᠭ ᠦᠭᠡᠢ ᠪᠤᠯᠬᠤᠷ ᠤᠯᠠᠷᠢᠯ᠎ᠤᠨ ᠮᠡᠨᠳᠦᠴᠢᠯᠡᠭᠡ ᠬᠡᠷᠡᠭᠯᠡᠬᠦ ᠨᠦᠬᠦᠴᠡᠯ ᠪᠤᠯᠤᠮᠵᠢ ᠠᠯᠳᠠᠭᠳᠠᠵᠤ᠂ ᠠ᠋ᠭᠦᠨ᠎ᠢ ᠲᠠᠭ᠋ᠠᠯᠳᠤᠨ ᠤᠯᠠᠷᠢᠯ᠎ᠤᠨ ᠮᠡᠨᠳᠤᠴᠢᠯᠡᠭᠡᠨ᠎ᠤ ᠦᠭᠡ ᠬᠡᠯᠡᠯᠭᠡ᠎ᠨᠢ ᠴᠦ᠍ ᠬᠡᠷᠡᠭᠯᠡᠭᠳᠡᠬᠦ ᠤᠷᠴᠢᠨ ᠠᠬᠤᠢ᠎ᠪᠠᠨ ᠠᠯᠳᠠᠭᠰᠠᠨ᠎ᠠᠴᠠ ᠠ᠋ᠭᠦᠨ᠎ᠳᠤ ᠬᠤᠯᠪᠤᠭᠳᠠᠭᠰᠠᠨ ᠨᠢᠭᠡ ᠪᠦᠯᠦᠭ ᠲᠤᠰᠬᠠᠢ ᠬᠡᠷᠡᠭᠯᠡᠭᠡᠨ᠎ᠤ ᠬᠡᠯᠡ ᠬᠡᠯᠡᠯᠭᠡ ᠪᠦᠷᠢᠮᠦᠰᠦᠨ ᠬᠠᠶᠠᠭᠳᠠᠵᠠᠢ᠃ ᠦᠭᠡᠷ᠎ᠡ᠎ᠪᠠᠷ ᠬᠡᠯᠡᠪᠡᠯ᠂ ᠬᠤᠳᠠᠴᠢᠯᠠᠯᠳᠠ᠎ᠠᠴᠠ ᠪᠤᠯᠵᠦ ᠤᠯᠠᠷᠢᠯ᠎ᠤᠨ ᠮᠡᠨᠳᠤᠴᠢᠯᠡᠭᠡ᠎ᠨᠢ ᠬᠡᠷᠡᠭᠯᠡᠭᠳᠡᠬᠦ ᠪᠠᠶ᠋ᠢᠭ᠋ᠠᠯᠢ ᠵᠢᠨ ᠪᠠ ᠨᠡᠶ᠋ᠢᠭᠡᠮ᠎ᠤᠨ ᠤᠷᠴᠢᠨ ᠵᠶ᠋ᠠᠨ ᠠᠯᠳᠠᠭᠰᠠᠨ ᠪᠠᠶ᠋ᠢᠨ᠎ᠠ᠃

      ᠠ᠋ᠭᠦᠨ᠎ᠠᠴᠠ ᠭᠠᠳᠠᠨ᠎ᠠ ᠬᠦᠳᠡᠭᠡ ᠲᠤᠰᠬᠤᠨ ᠮᠠᠯᠵᠢᠬᠤ ᠤᠷᠤᠨ᠎ᠤ ᠬᠦᠮᠤᠰ᠎ᠨᠢ ᠴᠦ᠍ ᠭᠠᠵᠠᠷ ᠨᠤᠳᠤᠭ᠎ᠤᠨ ᠬᠤᠪᠢᠶᠠᠷᠢᠯᠠᠯᠳᠠ᠎ᠠᠴᠠ ᠪᠤᠯᠵᠦ ᠦᠪᠡᠷ ᠦᠪᠡᠷ᠎ᠤᠨ ᠲᠠᠭ᠋ᠠᠭ᠋ᠠᠴᠢᠯᠠᠭᠰᠠᠨ ᠭᠠᠵᠠᠷ ᠨᠤᠳᠤᠭ᠎ᠢ ᠲᠤᠤᠷᠯᠠᠨ ᠬᠤᠪᠢᠶᠠᠵᠦ ᠨᠡᠭᠦᠵᠦ ᠪᠠᠭᠤᠬᠤ ᠪᠤᠯᠤᠮᠵᠢ ᠪᠠᠭ᠋ᠠᠰᠤᠭᠰᠠᠨ᠎ᠠᠴᠠ ᠪᠠᠰᠠ ᠯᠠ ᠤᠯᠠᠷᠢᠯ᠎ᠤᠨ ᠮᠡᠨᠳᠤᠴᠢᠯᠡᠭᠡ ᠵᠢᠨ ᠬᠡᠷᠡᠭᠯᠡᠵᠦ ᠪᠤᠯᠬᠤ ᠬᠡᠪᠴᠢᠶ᠎ᠡ ᠵᠢ ᠶᠡᠬᠡᠪᠡᠷ ᠢᠪᠴᠤᠷᠠᠭᠤᠯᠵᠠᠢ᠃ ᠶᠡᠬᠡᠩᠬᠢ ᠭᠠᠵᠠᠷ 《ᠬᠠᠪᠤᠷᠵᠢᠶ᠎ᠠ᠂ ᠵᠤᠰᠠᠯᠠᠩ᠂ ᠨᠠᠮᠤᠷᠵᠢᠶ᠎ᠠ᠂ ᠡᠪᠦᠯᠵᠢᠶ᠎ᠡ》᠎ᠨᠢ ᠪᠤᠳᠠᠳᠠᠢ ᠤᠷᠤᠰᠢᠬᠤ ᠦᠭᠡᠢ ᠵᠦᠪᠬᠡᠨ ᠬᠡᠶ᠋ᠢᠰᠪᠦᠷᠢ ᠨᠡᠷ᠎ᠡ ᠵᠢᠨ ᠲᠡᠳᠤᠢ ᠪᠤᠯᠵᠠᠢ᠃ ᠤᠳᠤ ᠴᠦᠭᠡᠪᠦᠷᠢ ᠲᠣᠭ᠋ᠠᠨ᠎ᠤ ᠨᠠᠰᠤᠳᠠᠳ ᠲᠤᠮᠤᠭ᠋ᠠᠳᠠᠳ ᠯᠡ ᠤᠯᠠᠮᠵᠢᠯᠠᠯᠳᠦ ᠶᠤᠰᠤ ᠵᠠᠩ ᠲᠠᠳᠬᠠᠯ᠎ᠢ ᠲᠡᠭᠡᠳᠦᠯᠡᠬᠦ ᠵᠢᠨ ᠠ᠋ᠭᠦᠳᠡᠨ᠎ᠠᠴᠠ ᠤᠯᠠᠷᠢᠯ᠎ᠤᠨ ᠮᠡᠨᠳᠤᠴᠢᠯᠡᠭᠡ ᠵᠢ ᠬᠡᠷᠡᠭᠯᠡᠵᠦ ᠪᠠᠶ᠋ᠢᠭ᠎ᠠ ᠪᠤᠯᠪᠠᠴᠦ ᠲᠡᠷᠡ᠎ᠨᠢ ᠶᠤᠰᠤᠨ᠎ᠤ ᠲᠡᠳᠦᠢ ᠪᠠᠷᠢᠮᠳᠠᠯᠠᠵᠦ ᠪᠠᠶ᠋ᠢᠭ᠎ᠠ ᠵᠦᠢ᠍ᠯ ᠪᠠᠶ᠋ᠢᠵᠦ᠂ ᠪᠠᠶ᠋ᠢᠪᠠᠰᠦ ᠵᠤᠬᠢᠬᠤ ᠠᠵᠦ ᠠᠬᠤᠢ ᠪᠠ ᠨᠡᠶ᠋ᠢᠭᠡᠮ᠎ᠤᠨ ᠠᠮᠢᠳᠤᠷᠠᠯ᠎ᠤᠨ ᠪᠤᠳᠠᠳᠤ ᠰᠠᠭᠤᠷᠢ ᠦᠭᠡᠢ ᠪᠤᠯᠤᠭᠰᠠᠨ ᠶᠤᠮ᠃ ᠤᠯᠠᠷᠢᠯ᠎ᠤᠨ ᠮᠡᠨᠳᠤᠴᠢᠯᠡᠭᠡ ᠬᠡᠷᠡᠭᠯᠡᠭᠳᠡᠬᠦ ᠪᠤᠯᠤᠮᠵᠢ ᠦᠭᠡᠢ ᠪᠤᠯᠤᠭᠰᠠᠨ ᠤᠴᠢᠷ᠎ᠠᠴᠠ ᠲᠡᠭᠦᠨ᠎ᠤ ᠬᠠᠷᠢᠭᠤ ᠮᠡᠨᠳᠤᠴᠢᠯᠡᠭᠡ ᠴᠦ᠍ ᠲᠠᠭ᠋ᠠᠯᠳᠤᠨ ᠬᠡᠷᠡᠭᠯᠡᠭᠡᠨ᠎ᠠᠴᠠ ᠭᠠᠷᠴᠦ ᠠ᠋ᠳᠦᠷ᠎ᠤᠨ ᠤᠳᠤ ᠡᠪᠦᠯ᠎ᠤᠨ ᠴᠡᠴᠡᠭ ᠰᠢᠭ ᠬᠠᠶᠠ ᠨᠢᠭᠡ ᠰᠤᠨᠤᠰᠳᠠᠭ᠍ᠤ ᠵᠦᠢ᠍ᠯ ᠪᠤᠯᠵᠠᠢ᠃

      ᠭᠤᠷᠪᠠ᠂ ᠠᠵᠢᠯ ᠲᠦᠷᠦᠯ᠎ᠤᠨ ᠮᠡᠨᠳᠦᠴᠢᠯᠡᠭᠡ

      ᠮᠣᠩᠭᠤᠯᠴᠤᠳ ᠠ᠋ᠳᠦᠷ ᠲᠤᠳᠤᠮ᠎ᠤᠨ ᠮᠡᠨᠳᠤᠴᠢᠯᠡᠭᠡᠨ᠎ᠤ ᠲᠠᠷᠠᠭ᠎ᠠ ᠤᠯᠠᠷᠢᠯ᠎ᠤᠨ ᠮᠡᠨᠳᠤᠴᠢᠯᠡᠭᠡ ᠳᠡᠪᠰᠢᠭᠦᠯᠵᠦ᠂ ᠲᠡᠭᠦᠨ᠎ᠤ ᠲᠠᠷᠠᠭ᠎ᠠ᠎ᠨᠢ ᠠᠵᠢᠯ ᠲᠦᠷᠦᠯ᠎ᠤᠨ ᠮᠡᠨᠳᠤᠴᠢᠯᠡᠭᠡ ᠲᠡᠪᠰᠢᠭᠦᠯᠳᠡᠭ ᠪᠠᠶ᠋ᠢᠵᠠᠢ᠃ ᠠᠵᠢᠯ ᠲᠦᠷᠦᠯ᠎ᠤᠨ ᠮᠡᠨᠳᠤᠴᠢᠯᠡᠭᠡ ᠭᠡᠳᠡᠭ᠎ᠨᠢ ᠬᠦᠮᠤᠰ᠎ᠤᠨ ᠠ᠋ᠷᠬᠢᠯᠡᠵᠦ ᠪᠠᠶ᠋ᠢᠭ᠎ᠠ ᠲᠤᠰᠬᠠᠢ ᠠᠵᠢᠯ ᠲᠦᠷᠦᠯ᠎ᠳᠤ ᠵᠤᠷᠢᠭᠤᠯᠤᠭᠳᠠᠵᠦ᠂ ᠨᠡᠯᠢᠶᠡᠳ ᠲᠤᠭᠳᠠᠪᠦᠷᠢᠵᠢᠭ᠍ᠰᠠᠨ ᠬᠡᠯᠡ ᠬᠡᠯᠡᠯᠭᠡ᠎ᠲᠠᠢ ᠪᠠᠶ᠋ᠢᠵᠠᠢ᠃ ᠨᠡᠶ᠋ᠢᠭᠡᠮ᠎ᠤᠨ ᠬᠤᠪᠢᠷᠠᠯᠲᠠ ᠵᠢ ᠲᠠᠭ᠋ᠠᠯᠳᠤᠨ ᠠᠵᠢᠯ ᠲᠦᠷᠦᠯ᠎ᠤᠨ ᠬᠤᠪᠢᠶᠠᠷᠢᠯᠠᠯ ᠤᠯᠠᠮ᠎ᠠᠴᠠ ᠤᠯᠠᠮ ᠨᠠᠷᠢᠰᠴᠦ ᠪᠠᠢ᠍ᠢ᠍ᠬᠤ᠎ᠳᠤ ᠮᠤᠩᠭᠤᠯᠴᠤᠳ᠎ᠤᠨ ᠠᠵᠢᠯ ᠲᠦᠷᠦᠯ᠎ᠤᠨ ᠮᠡᠨᠳᠤᠴᠢᠯᠡᠭᠡ᠎ᠨᠢ ᠬᠠᠷᠢᠨ ᠮᠠᠷᠲᠠᠭᠳᠠᠵᠤ ᠬᠠᠶᠠᠭᠳᠠᠭ᠍ᠤ ᠪᠤᠶᠤ ᠪᠤᠷᠤᠭᠤ ᠬᠡᠷᠡᠭᠯᠡᠭᠳᠡᠬᠦ ᠪᠤᠯᠵᠠᠢ᠃

     (1) ᠠᠳᠤᠭᠤᠴᠢᠨ᠎ᠲᠠᠢ ᠮᠡᠨᠳᠤᠴᠢᠯᠡᠬᠦ

      ᠠᠳᠤᠭᠤᠴᠢᠨ ᠭᠡᠬᠦ ᠠᠵᠢᠯ ᠲᠦᠷᠦᠯ ᠪᠤᠯ ᠮᠤᠩᠭᠤᠯᠴᠤᠳ᠎ᠤᠨ ᠤᠯᠠᠮᠵᠢᠯᠠᠯᠳᠦ ᠠᠵᠢᠯ ᠲᠦᠷᠦᠯ᠎ᠤᠨ ᠲᠤᠳᠤᠷᠠᠬᠢ ᠴᠢᠬᠤᠯᠠ ᠨᠢᠭᠡᠨ ᠵᠦᠢ᠍ᠯ᠎ᠤᠨ ᠠᠵᠢᠯ ᠲᠦᠷᠦᠯ ᠮᠦᠨ᠃ ᠠᠳᠤᠭᠤᠴᠢᠨ᠎ᠲᠠᠢ ᠠᠭᠤᠯᠵᠠᠭ᠍ᠤ᠎ᠳᠤ᠄ 《ᠠᠳᠤᠭᠤ ᠮᠠᠯ ᠪᠦᠷᠢᠨ ᠤᠤ?》 ᠭᠡᠬᠦ ᠪᠤᠶᠤ ᠠᠳᠤᠭᠤᠨ᠎ᠤ ᠮᠠᠨᠠᠭ᠋ᠠᠨ᠎ᠠᠴᠠ ᠪᠤᠴᠠᠵᠦ ᠶᠠᠪᠤᠭ᠎ᠠ ᠪᠠᠶ᠋ᠢᠳᠠᠯ᠎ᠳᠤ ᠪᠤᠯ 《ᠰᠦᠷᠦᠭ ᠮᠡᠨᠳᠦ ᠰᠠᠶ᠋ᠢᠨ ᠬᠤᠨᠤᠪᠠ ᠤᠤ?》 ᠭᠡᠬᠦ ᠵᠡᠷᠭᠡ᠎ᠪᠠᠷ ᠠᠰᠠᠭᠤᠨ ᠮᠠᠨᠳᠤᠴᠢᠯᠡᠳᠡᠭ᠃ ᠠ᠋ᠨᠡ᠎ᠨᠢ ᠲᠤᠬᠠᠢ ᠵᠢᠨ ᠪᠠᠶ᠋ᠢᠭ᠋ᠠᠯᠢ ᠵᠢᠨ ᠤᠷᠴᠢᠨ᠂ ᠨᠡᠶ᠋ᠢᠭᠡᠮ᠎ᠤᠨ ᠠᠮᠢᠳᠤᠷᠠᠯ᠎ᠤᠨ ᠪᠤᠳᠠᠳᠦ ᠤᠷᠴᠢᠨ ᠵᠡᠷᠭᠡ᠎ᠠᠴᠠ ᠪᠤᠢ ᠪᠤᠯᠤᠭᠰᠠᠨ ᠰᠠᠶ᠋ᠢᠬᠠᠨ ᠶᠤᠰᠤ ᠵᠠᠩᠰᠢᠯ ᠶᠤᠮ᠃

      ᠶᠡᠷᠦᠨᠢ ᠠᠳᠤᠭᠤ ᠪᠤᠯ ᠬᠦᠯ ᠬᠤᠷᠳᠤᠨ᠎ᠲᠠᠢ᠂ ᠡᠪᠡᠰᠦ ᠤᠰᠤᠨ᠎ᠤ ᠰᠤᠷᠭᠤᠬ᠎ᠢ ᠠ᠋ᠷᠢᠵᠦ ᠪᠡᠯᠴᠢᠭᠡᠷᠯᠡᠳᠡᠭ᠃ ᠠᠳᠤᠭᠤ᠎ᠪᠠᠨ ᠠᠯᠳᠠᠯ ᠦᠭᠡᠢ ᠪᠠᠯᠴᠢᠭᠡᠷᠯᠡᠭᠦᠯᠭᠦ᠎ᠨᠢ ᠠᠳᠤᠭᠤᠴᠢᠨ ᠭᠦᠮᠦᠨ᠎ᠤ ᠬᠠᠷᠢᠭᠤᠴᠠᠯᠭ᠎ᠠ ᠭᠡᠳᠡᠭ ᠴᠦ᠍ ᠠᠳᠤᠭᠤ ᠠᠯᠳᠠᠬᠤ ᠦᠵᠡᠭᠳᠡᠯ ᠪᠠᠢ᠍ᠢ᠍ᠨᠭ᠌ᠭᠤ ᠪᠠᠢ᠍ᠢ᠍ᠳᠠᠬ ᠤᠴᠢᠷ᠎ᠠᠴᠠ 《ᠠᠳᠤᠭᠤ ᠮᠠᠯ ᠪᠦᠷᠢᠨ ᠤᠤ?》 ᠭᠡᠬᠦ ᠬᠡᠯᠡ ᠬᠡᠯᠡᠯᠭᠡ ᠪᠤᠢ ᠪᠤᠯᠤᠭᠰᠠᠨ ᠪᠠᠶ᠋ᠢᠨ᠎ᠠ᠃ ᠪᠠᠰᠠ ᠴᠢᠨ᠋ᠸ᠎ᠠ ᠬᠠᠶᠠ ᠨᠢᠭᠡ ᠬᠤᠶᠠᠷ ᠤᠨᠠᠭ᠎ᠠ ᠲᠠᠭ᠎ᠠ ᠲᠠᠳᠠᠴᠢᠬᠠᠳᠠᠭ᠎ᠠᠴᠠ 《ᠰᠦᠷᠦᠭ ᠮᠡᠨᠳᠤ ᠬᠤᠨᠤᠪᠠ ᠤᠤ?》 ᠭᠡᠬᠦ ᠮᠡᠳᠤ ᠮᠡᠨᠳᠤᠴᠢᠯᠡᠭᠡ ᠪᠤᠢ ᠪᠤᠯᠪᠠ᠃

      ᠠ᠋ᠳᠡᠭᠡᠷ ᠮᠡᠨᠳᠦᠴᠢᠯᠡᠭᠡᠨ᠎ᠤ ᠬᠠᠷᠢᠭᠤ ᠮᠡᠨᠳᠤᠴᠢᠯᠡᠭᠡ᠎ᠨᠢ 《ᠠᠳᠤᠭᠤ ᠮᠠᠯ ᠪᠦᠷᠢᠨ ᠰᠠᠶ᠋ᠢᠨ ᠪᠠᠶ᠋ᠢᠨ᠎ᠠ》᠂ 《ᠲᠠᠶ᠋ᠢᠪᠦᠩ ᠰᠠᠶ᠋ᠢᠬᠠᠨ ᠪᠠᠶ᠋ᠢᠨ᠎ᠠ》 ᠭᠡᠬᠦ ᠪᠤᠶᠤ ᠦᠨᠳᠤᠷ ᠨᠠᠰᠤᠳᠠᠢ ᠬᠦᠮᠤᠨ᠎ᠤ ᠬᠠᠷᠢᠭᠤ᠎ᠳᠤ ᠪᠤᠯ 《ᠲᠠᠨ᠎ᠤ ᠪᠤᠶᠠᠨ ᠵᠶ᠋ᠠᠷ ᠠᠳᠤᠭᠤ ᠮᠠᠯ ᠪᠦᠷᠢᠨ ᠰᠠᠶ᠋ᠢᠬᠠᠨ ᠪᠠᠶ᠋ᠢᠨ᠎ᠠ》 ᠭᠡᠬᠦ ᠮᠡᠳᠤ᠎ᠪᠠᠷ ᠠ᠋ᠳᠦᠷ ᠲᠤᠳᠤᠮ᠎ᠤᠨ ᠠᠮᠢᠳᠤᠷᠠᠯ ᠲᠤᠮᠳᠠ ᠠᠬᠠᠮᠠᠳ ᠲᠤᠮᠤᠭ᠋ᠠᠲᠠᠳ᠎ᠤᠨ ᠲᠤᠷᠰᠢᠯᠭ᠎ᠠ ᠰᠠᠨᠠᠭᠤᠯᠭ᠎ᠠ᠎ᠪᠠᠷ ᠮᠠᠯ ᠠᠵᠦ ᠠᠬᠤᠢ ᠵᠢᠨ ᠠᠵᠢᠯ᠎ᠳᠤ ᠮᠡᠷᠭᠡᠰᠢᠵᠦ ᠰᠠᠶ᠋ᠢᠨ ᠰᠠᠶ᠋ᠢᠬᠠᠨ ᠠᠮᠢᠳᠤᠷᠠᠵᠦ ᠪᠠᠶ᠋ᠢᠭ᠎ᠠ᠎ᠳᠤ᠎ᠪᠠᠨ ᠲᠠᠯᠠᠷᠬᠠᠵᠤ ᠶᠠᠪᠤᠳᠠᠭ ᠭᠡᠳᠡᠭ ᠲᠠᠯᠠᠷᠬᠠᠯ᠎ᠤᠨ ᠰᠠᠨᠠᠭ᠎ᠠ ᠵᠢ ᠲᠤᠳᠤᠳᠬᠠᠨ ᠬᠠᠷᠢᠭᠤ ᠮᠡᠨᠳᠤᠴᠢᠯᠡᠭᠡ ᠲᠡᠪᠰᠢᠭᠦᠯᠳᠡᠭ ᠪᠠᠶ᠋ᠢᠨ᠎ᠠ᠃ ᠤᠳᠤ ᠠ᠋ᠳᠡᠭᠡᠷ ᠮᠡᠨᠳᠤᠴᠢᠯᠡᠭᠡ ᠪᠠᠷᠤᠭ ᠯᠠ ᠬᠡᠷᠡᠭᠯᠡᠭᠳᠡᠬᠦ ᠦᠭᠡᠢ ᠪᠤᠯᠤᠭᠰᠠᠨ᠎ᠠᠴᠠ ᠬᠠᠷᠢᠭᠤ ᠮᠡᠨᠳᠤᠴᠢᠯᠡᠭᠡ᠎ᠨᠢ ᠪᠠᠰᠠ ᠲᠠᠭ᠋ᠠᠯᠳᠤᠭ᠋ᠠᠳ ᠬᠡᠷᠡᠭᠯᠡᠭᠳᠡᠬᠦ ᠦᠭᠡᠢ ᠪᠤᠯᠵᠦ ᠪᠠᠶ᠋ᠢᠨ᠎ᠠ᠃

     (2) ᠬᠤᠨᠢᠴᠢᠨ᠎ᠲᠠᠢ ᠮᠡᠨᠳᠤᠴᠢᠯᠡᠬᠦ

      ᠬᠤᠨᠢᠴᠢᠨ᠎ᠲᠠᠢ ᠠᠭᠤᠯᠵᠠᠪᠠᠯ᠄ 《ᠬᠤᠨᠢᠨ ᠰᠦᠷᠦᠭ ᠲᠠᠪᠠᠳᠠᠢ ᠢᠳᠡᠰᠢᠯᠡᠵᠤ ᠪᠠᠶ᠋ᠢᠨ᠎ᠠ ᠤᠤ?》᠂ 《ᠰᠦᠷᠦᠭ ᠪᠦᠷᠢᠨ ᠮᠡᠨᠳᠦ᠂ ᠬᠦᠴᠦ ᠲᠠᠷᠭᠤ ᠰᠠᠶ᠋ᠢᠲᠠᠢ ᠪᠠᠶ᠋ᠢᠨ᠎ᠠ ᠤᠤ?》 ᠭᠡᠬᠦ ᠮᠡᠡᠳᠤᠴᠢᠯᠡᠨ ᠠᠰᠠᠭᠤᠳᠠᠬ᠃ ᠠ᠋ᠨᠡ᠎ᠨᠢ ᠮᠦᠨ ᠠᠳᠤᠭᠤᠴᠢᠨ᠎ᠲᠠᠢ ᠮᠡᠨᠳᠤᠴᠢᠯᠡᠬᠦ᠎ᠲᠠᠢ ᠦᠨᠳᠤᠰᠤᠨ᠎ᠳᠤ᠎ᠪᠠᠨ ᠠᠳᠠᠯᠢᠬᠠᠨ ᠶᠤᠰᠤ ᠪᠢᠯᠡ᠃ ᠬᠤᠨᠢ ᠬᠠᠷᠢᠭᠤᠯᠬᠤ᠎ᠳᠤ ᠴᠦ᠍ ᠪᠡᠯᠴᠢᠭᠡᠷ ᠰᠤᠩᠭᠤᠵᠤ ᠬᠠᠷᠢᠭᠤᠯᠬᠤ ᠪᠤᠯᠤᠮᠵᠢ ᠪᠠᠭ᠋ᠠᠰᠤᠭᠰᠠᠨ᠎ᠠᠴᠠ ᠲᠤᠭᠳᠠᠭᠰᠠᠨ ᠬᠦᠷᠢᠶ᠎ᠡ ᠬᠠᠰᠢᠶᠠᠨ᠎ᠳᠤ ᠬᠤᠷᠢᠲᠠᠭ ᠪᠤᠯᠬᠤᠷ ᠲᠠᠪᠠᠳᠠᠢ ᠴᠤ᠌᠂ ᠲᠠᠪᠠ ᠦᠭᠡᠢ ᠴᠤ᠌ ᠬᠤᠷᠢᠭᠳᠠᠵᠤ ᠪᠠᠶ᠋ᠢᠬᠤ᠎ᠠᠴᠠ ᠦᠭᠡᠷ᠎ᠡ ᠪᠤᠯᠤᠮᠵᠢ ᠦᠭᠡᠢ᠃ ᠠ᠋ᠶ᠋ᠢᠮᠦ᠎ᠠᠴᠠ ᠠ᠋ᠳᠡᠭᠡᠷ ᠮᠡᠨᠳᠤᠴᠢᠯᠡᠬᠦ ᠬᠡᠯᠪᠡᠷᠢ ᠵᠢᠨ ᠬᠡᠷᠡᠭᠯᠡᠭᠳᠡᠬᠦ ᠤᠷᠴᠢᠨ ᠢᠪᠴᠤᠤᠷᠠᠵᠤ ᠮᠠᠷᠲᠠᠭᠳᠠᠵᠤ ᠬᠠᠶᠠᠭᠳᠠᠵᠤ ᠠ᠋ᠬᠢᠯᠡᠪᠡ᠃ ᠴᠢᠨ᠋ᠸ᠎ᠠ᠂ ᠦᠨᠡᠭᠡ᠂ ᠮᠢᠬᠠᠴᠢᠨ ᠰᠢᠪᠠᠭᠤ ᠢᠷᠡᠵᠤ ᠬᠤᠷᠠᠭ᠎ᠠ ᠲᠦᠯᠦᠭᠡ ᠪᠠᠷᠢᠬᠤ ᠤᠴᠢᠷ ᠪᠠᠰᠠ ᠬᠤᠪᠤᠷ ᠪᠤᠯᠵᠠᠢ᠃ ᠢᠩᠬᠢᠭᠡᠳ 《ᠬᠤᠨᠢᠨ ᠰᠦᠷᠦᠭ ᠲᠠᠪᠠᠳᠠᠢ ᠢᠳᠡᠰᠢᠯᠡᠵᠦ   ᠪᠠᠶ᠋ᠢᠨ᠎ᠠ ᠤᠤ?》᠂ 《ᠰᠦᠷᠦᠭ ᠪᠦᠷᠢᠨ ᠮᠡᠨᠳᠦ ᠪᠠᠶ᠋ᠢᠨ᠎ᠠ ᠤᠤ?》 ᠭᠡᠬᠦ ᠵᠡᠷᠭᠡ ᠬᠡᠯᠡᠯᠭᠡ ᠴᠤ᠌ ᠬᠠᠶᠠᠭᠳᠠᠵᠠᠢ᠃ ᠬᠠᠷᠢᠨ 《ᠮᠠᠯ ᠰᠦᠷᠦᠭ ᠰᠠᠶ᠋ᠢᠨ ᠤᠤ?》 《ᠬᠦᠴᠦ ᠲᠠᠷᠭᠤ ᠰᠠᠶ᠋ᠢᠲᠠᠢ ᠪᠠᠶ᠋ᠢᠨ᠎ᠠ ᠤᠤ?》 ᠭᠡᠬᠦ ᠮᠡᠨᠳᠤᠴᠢᠯᠡᠭᠡ ᠪᠤᠯ ᠤᠳᠤ ᠪᠠᠰᠠ ᠬᠡᠷᠡᠭᠯᠡᠭᠳᠡᠵᠦ ᠪᠠᠶ᠋ᠢᠭ᠎ᠠ ᠶᠤᠮ᠃ ᠬᠤᠨᠢᠴᠢᠨ᠎ᠲᠠᠢ ᠮᠡᠨᠳᠦᠴᠢᠯᠡᠬᠦ ᠠᠵᠢᠯ ᠲᠦᠷᠦᠯ᠎ᠤᠨ ᠮᠡᠨᠳᠤᠴᠢᠯᠡᠭᠡᠨ᠎ᠤ ᠬᠠᠷᠢᠭᠤ ᠮᠡᠨᠳᠤᠴᠢᠯᠡᠭᠡ ᠴᠦ᠍ ᠭᠡᠰᠡᠨ ᠲᠠᠭ᠋ᠠᠯᠳᠤᠭ᠋ᠠᠳ ᠬᠠᠶᠠᠭᠳᠠᠵᠤ ᠵᠦᠪᠬᠡᠨ ᠬᠡᠷᠡᠭᠯᠡᠭᠳᠡᠵᠦ ᠪᠠᠶ᠋ᠢᠭ᠎ᠠ ᠵᠦᠢ᠍ᠯ᠎ᠳᠤ ᠪᠤᠯ ᠲᠦᠭᠦᠮᠭᠡᠨ ᠬᠠᠷᠢᠭᠤ ᠮᠡᠨᠳᠤᠴᠢᠯᠡᠭᠡ ᠲᠡᠪᠰᠢᠭᠦᠯᠵᠤ ᠪᠠᠶ᠋ᠢᠭ᠎ᠠ᠎ᠨᠢ ᠰᠤᠨᠤᠰᠤᠭᠳᠠᠵᠤ ᠪᠠᠶ᠋ᠢᠨ᠎ᠠ᠃

     (3) ᠲᠠᠷᠢᠶᠠᠴᠢᠨ᠎ᠲᠠᠢ ᠮᠡᠨᠳᠤᠴᠢᠯᠡᠬᠦ

      ᠲᠠᠷᠢᠶᠠᠴᠢᠨ ᠬᠦᠮᠦᠨ᠎ᠲᠠᠢ ᠠᠭᠤᠯᠵᠠᠪᠠᠯ ᠠ᠋ᠳᠤᠷ ᠲᠤᠳᠤᠮ᠎ᠤᠨ ᠮᠡᠨᠳᠤᠴᠢᠯᠡᠭᠡ᠂ ᠣᠯᠠᠷᠢᠯ᠎ᠤᠨ ᠮᠡᠨᠳᠤᠴᠢᠯᠡᠭᠡ ᠲᠡᠪᠰᠢᠭᠦᠯᠦᠭᠰᠡᠨ᠎ᠤ ᠳᠠᠷᠠᠭ᠎ᠠ ᠠᠰᠠᠭᠤᠬᠤ ᠠᠵᠢᠯ ᠲᠦᠷᠦᠯ᠎ᠤᠨ ᠮᠡᠨᠳᠤᠴᠢᠯᠡᠭᠡ ᠪᠤᠯ 《ᠲᠠᠷᠢᠶ᠎ᠠ ᠲᠦᠮᠦᠰᠦ ᠠ᠋ᠯᠪᠡᠭ ᠤᠤ?》᠂ 《ᠬᠤᠷᠢᠶᠠᠯᠳᠠ ᠠ᠋ᠯᠪᠡᠭ ᠤᠤ?》 ᠭᠡᠬᠦ ᠮᠡᠳᠤ᠎ᠪᠠᠷ ᠮᠡᠨᠳᠤᠴᠢᠯᠡᠳᠡᠭ᠃ ᠠ᠋ᠨᠡᠬᠦ ᠮᠡᠨᠳᠤᠴᠢᠯᠡᠭᠡ ᠵᠢᠨ ᠬᠡᠯᠡ ᠬᠡᠯᠡᠯᠭᠡ᠎ᠨᠢ ᠦᠪᠦᠷ ᠮᠣᠩᠭᠤᠯ ᠤᠷᠤᠨ᠎ᠳᠤ ᠲᠠᠷᠢᠶᠠᠯᠠᠭ᠍ᠤ ᠠᠵᠦ ᠠᠬᠤᠢ ᠠ᠋ᠷᠬᠢᠯᠡᠵᠦ ᠪᠠᠶ᠋ᠢᠭ᠎ᠠ ᠭᠠᠵᠠᠷ ᠤᠷᠤᠨ ᠵᠶ᠋ᠠᠷ ᠬᠡᠷᠡᠭᠯᠡᠭᠳᠡᠳᠡᠭ ᠪᠠᠶ᠋ᠢᠵᠠᠢ᠃ ᠤᠳᠤ ᠵᠢᠨ ᠠᠬᠤᠢ ᠪᠠᠶ᠋ᠢᠳᠠᠯ᠎ᠳᠤ ᠪᠦᠷᠢᠨ ᠪᠦᠳᠦᠨ ᠵᠶ᠋ᠠᠷ ᠵᠶ᠋ᠠᠨ ᠬᠠᠲᠠᠭ᠋ᠠᠯᠠᠭᠳᠠᠵᠤ ᠬᠡᠷᠡᠭᠯᠡᠭᠳᠡᠭᠦ ᠪᠤᠯᠤᠮᠵᠢ ᠪᠦᠷᠢᠨ ᠪᠠᠶ᠋ᠢᠨ᠎ᠠ᠃ ᠭᠡᠪᠡᠴᠦ ᠪᠤᠳᠠᠳᠠᠢ ᠪᠠᠶ᠋ᠢᠳᠠᠯ᠎ᠳᠤ ᠬᠡᠷᠡᠭᠯᠡᠭᠳᠡᠬᠦ᠎ᠨᠢ ᠴᠦᠭᠡᠨ ᠪᠤᠯᠤᠭᠰᠠᠨ ᠪᠠᠶ᠋ᠢᠳᠠᠯ᠎ᠲᠠᠢ᠃ ᠤᠯᠠᠮᠵᠢᠯᠠᠯᠳᠦ ᠵᠠᠩ ᠦᠢ᠍ᠯᠡ ᠮᠠᠷᠳᠠᠭᠳᠠᠵᠤ ᠪᠠᠶ᠋ᠢᠭ᠎ᠠ ᠵᠡᠷᠭᠡ ᠰᠢᠯᠳᠠᠭ᠋ᠠᠨ᠎ᠠᠴᠠ ᠪᠤᠯᠵᠤ ᠠᠵᠢᠯ ᠲᠦᠷᠦᠯ᠎ᠤᠨ ᠮᠡᠨᠳᠤᠴᠢᠯᠡᠭᠡ ᠵᠢᠨ ᠭᠡᠷᠡᠭᠯᠡᠭᠳᠡᠭᠦ ᠤᠷᠴᠢᠨ ᠢᠪᠴᠤᠤᠷᠠᠵᠤ ᠪᠠᠢ᠍ᠢ᠍ᠭ᠎ᠠ ᠮᠠᠭ᠋ᠠᠳ᠃ ᠦᠭᠡᠷ᠎ᠡ ᠵᠦᠢ᠍ᠯ᠎ᠤᠨ ᠮᠡᠨᠳᠤᠴᠢᠯᠡᠭᠡ ᠵᠢ ᠪᠤᠳᠤᠪᠠᠯ ᠲᠠᠷᠢᠶᠠᠴᠢᠨ᠎ᠲᠠᠢ ᠮᠡᠨᠳᠤᠴᠢᠯᠡᠬᠦ ᠠᠵᠢᠯ ᠲᠦᠷᠦᠯ᠎ᠤᠨ ᠮᠡᠨᠳᠤᠴᠢᠯᠡᠭᠡ ᠪᠠ ᠲᠡᠭᠦᠨ᠎ᠤ ᠬᠠᠷᠢᠭᠤ ᠮᠡᠨᠳᠤᠴᠢᠯᠡᠭᠡ ᠵᠢ ᠵᠤᠷᠢᠯᠭ᠎ᠠ᠎ᠲᠠᠢ᠎ᠪᠠᠷ ᠬᠠᠮᠠᠭ᠋ᠠᠯᠠᠵᠤ ᠬᠠᠳᠠᠭ᠋ᠠᠯᠠᠵᠦ ᠦᠪᠯᠡᠨ ᠤᠯᠠᠮᠵᠢᠯᠠᠵᠤ ᠶᠠᠪᠤᠪᠠᠯ ᠬᠠᠷᠢᠴᠠᠩᠭᠤᠢ᠎ᠪᠠᠷ ᠤᠷᠳᠤ ᠤᠳᠠᠭ᠋ᠠᠨ ᠦᠷᠭᠦᠯᠵᠢᠯᠡᠬᠦ ᠪᠤᠯᠤᠮᠵᠢ᠎ᠲᠠᠢ ᠭᠡᠵᠤ ᠦᠵᠡᠵᠦ ᠪᠠᠶ᠋ᠢᠨ᠎ᠠ᠃

     (4) ᠠᠩᠴᠢᠨ᠎ᠲᠠᠢ ᠮᠡᠨᠳᠤᠴᠢᠯᠡᠬᠦ

      ᠠᠩᠴᠢᠨ ᠬᠦᠮᠤᠨ᠎ᠲᠠᠢ ᠠᠭᠤᠯᠵᠠᠵᠤ ᠮᠠᠨᠳᠤᠴᠢᠯᠡᠬᠦ᠎ᠳᠤ ᠠ᠋ᠳᠦᠷ ᠲᠤᠳᠤᠮ᠎ᠤᠨ ᠮᠡᠨᠳᠤᠴᠢᠯᠡᠭᠡ ᠲᠡᠪᠰᠢᠭᠦᠯᠵᠦ ᠪᠠᠷᠠᠭᠰᠠᠨ᠎ᠤ ᠲᠠᠷᠠᠭ᠎ᠠ᠎ᠪᠠᠷ᠎ᠨᠢ ᠠᠵᠢᠯ ᠲᠦᠷᠦᠯ᠎ᠤᠨ ᠮᠡᠨᠳᠤᠴᠢᠯᠡᠭᠡ ᠭᠢᠵᠦ 《ᠬᠠᠷᠠᠭ᠎ᠠ ᠮᠡᠷᠭᠡᠨ᠂ ᠣᠯᠵᠠ   ᠶᠡᠭᠡ ᠤᠤ?》᠂ 《ᠤᠨᠤᠭ᠎ᠠ ᠮᠡᠷᠭᠡᠨ᠂ ᠭᠠᠨᠵᠤᠭ᠎ᠠ ᠲᠦᠭᠦᠷᠡᠩ ᠤᠤ?》 ᠭᠡᠬᠦ ᠮᠡᠳᠤ᠎ᠪᠠᠷ ᠠᠰᠠᠭᠤᠵᠤ ᠪᠠᠶ᠋ᠢᠵᠠᠢ᠃ ᠭᠡᠪᠡᠴᠦ ᠪᠠᠶ᠋ᠢᠭ᠋ᠠᠯᠢ ᠤᠷᠴᠢᠨ ᠮᠠᠭᠤᠳᠠᠵᠦ ᠠᠩ ᠠᠮᠢᠳᠠᠨ ᠴᠦᠭᠡᠬᠡᠷᠡᠭᠰᠡᠨ᠂ ᠠᠩ ᠬᠢᠬᠦ ᠵᠢ ᠠᠯᠪᠠᠨ ᠶᠤᠰᠤᠭ᠋ᠠᠷ ᠬᠤᠷᠢᠭᠯᠠᠵᠤ ᠪᠠᠶ᠋ᠢᠭ᠎ᠠ ᠵᠡᠷᠭᠡ ᠤᠯᠠᠨ ᠲᠠᠯ᠎ᠠ ᠵᠢᠨ ᠨᠦᠬᠦᠴᠡᠯ ᠰᠢᠯᠳᠠᠭ᠋ᠠᠨ᠎ᠠᠴᠠ ᠪᠤᠯᠵᠦ ᠠᠩᠴᠢᠨ ᠭᠡᠬᠦ ᠠᠵᠢᠯ ᠲᠦᠷᠦᠯ᠎ᠢ ᠲᠤᠰᠬᠠᠶ᠋ᠢᠵᠢᠭᠤᠯᠵᠦ ᠬᠢᠬᠦ ᠤᠴᠢᠷ ᠠᠯᠠᠭ᠎ᠠ ᠪᠤᠯᠤᠭ᠋ᠠᠳ ᠶᠡᠭᠡ ᠤᠳᠠᠵᠤ ᠪᠠᠶ᠋ᠢᠨ᠎ᠠ᠃ ᠠ᠋ᠨᠡ ᠲᠦᠷᠦᠯ᠎ᠤᠨ ᠮᠡᠨᠳᠤᠴᠢᠯᠡᠭᠡ ᠨᠢᠭᠡᠨᠳᠡ ᠬᠡᠷᠡᠭᠯᠡᠭᠳᠡᠬᠦ ᠦᠭᠡᠢ ᠪᠤᠯᠤᠭᠰᠠᠨ ᠪᠠ ᠬᠤᠵᠢᠮ ᠴᠦ᠍ ᠲᠠᠬᠢᠨ ᠰᠡᠷᠭᠦᠨ ᠬᠡᠷᠡᠭᠯᠡᠭᠳᠡᠬᠦ ᠪᠤᠯᠤᠮᠵᠢ ᠦᠭᠡᠢ ᠪᠤᠯᠤᠭᠰᠠᠨ᠎ᠨᠢ ᠲᠤᠳᠤᠷᠬᠠᠢ ᠭᠡᠵᠦ ᠦᠵᠡᠵᠤ ᠪᠤᠯᠤᠨ᠎ᠠ᠃ ᠠ᠋ᠳᠦᠭᠡ ᠵᠦᠪᠬᠡᠨ ᠨᠣᠮ ᠪᠢᠴᠢᠭ᠎ᠤᠨ ᠲᠡᠮᠳᠡᠭᠯᠡᠯ᠎ᠠᠴᠠ ᠦᠵᠡᠵᠤ ᠤᠶ᠋ᠢᠯᠠᠭ᠋ᠠᠬᠤ᠎ᠠᠴᠠ ᠦᠭᠡᠷ᠎ᠡ ᠪᠤᠯᠤᠮᠵᠢ ᠦᠭᠡᠢ ᠪᠤᠯᠪᠠ᠃ ᠠᠩᠴᠢᠨ᠎ᠲᠠᠢ ᠮᠡᠨᠳᠤᠴᠢᠯᠡᠬᠦ ᠬᠡᠯᠡ ᠬᠡᠯᠡᠯᠭᠡ ᠵᠢ ᠨᠡᠩ ᠴᠦ᠍ ᠦᠭᠦᠯᠡᠬᠦ ᠠᠷᠭ᠎ᠠ ᠦᠭᠡᠢ᠃ ᠠᠩᠴᠢᠨ᠎ᠲᠠᠢ ᠮᠡᠨᠳᠤᠴᠢᠯᠡᠬᠦ ᠮᠡᠨᠳᠤᠴᠢᠯᠡᠭᠡᠨ᠎ᠤ ᠬᠡᠯᠡ ᠬᠡᠯᠡᠯᠭᠡ ᠬᠡᠷᠡᠭᠯᠡᠭᠳᠡᠬᠦ᠎ᠪᠠᠨ ᠪᠤᠯᠢᠭᠰᠠᠨ᠎ᠠᠴᠠ ᠲᠡᠭᠦᠨ᠎ᠤ ᠬᠠᠷᠢᠭᠤ ᠮᠡᠨᠳᠤᠴᠢᠯᠡᠭᠡ᠎ᠨᠢ ᠶᠠᠭ᠋ᠠᠬᠢᠬᠤ ᠠᠷᠭ᠎ᠠ ᠦᠭᠡᠢ ᠲᠠᠭ᠋ᠠᠯᠳᠤᠨ ᠠᠯᠠᠭ᠎ᠠ ᠪᠤᠯᠤᠭᠰᠠᠨ ᠪᠠᠶ᠋ᠢᠨ᠎ᠠ᠃ ᠮᠤᠩᠭᠤᠯ ᠰᠤᠶᠤᠯ᠎ᠤᠨ ᠨᠢᠭᠡᠨ ᠬᠡᠰᠡᠭ ᠢᠩᠬᠢᠵᠦ ᠮᠠᠷᠲᠠᠭᠳᠠᠵᠤ ᠬᠠᠶᠠᠭᠳᠠᠵᠤ ᠪᠠᠶ᠋ᠢᠭ᠎ᠠ᠎ᠨᠢ ᠮᠠᠰᠢ ᠶᠡᠭᠡ ᠬᠠᠷᠠᠮᠰᠠᠯᠳᠠᠢ ᠤᠴᠢᠷ ᠶᠤᠮ᠃

     (5) ᠤᠷᠠᠨ ᠲᠠᠷᠬᠠᠨ᠎ᠲᠠᠢ ᠮᠡᠨᠳᠤᠴᠢᠯᠡᠬᠦ

      ᠤᠷᠠᠨ ᠲᠠᠷᠬ᠎ᠠ ᠬᠢᠳᠡᠭ ᠬᠦᠮᠤᠰ᠎ᠢ ᠠᠵᠢᠯ ᠲᠦᠷᠦᠯ᠎ᠤᠨ ᠬᠢᠨᠢ ᠲᠠᠭ᠋ᠠᠤ᠎ᠳᠤ ᠮᠡᠨᠳᠤᠴᠢᠯᠡᠭᠡ ᠬᠢᠨ᠎ᠡ᠃ ᠵᠢᠱ᠌ᠢᠶᠡᠯᠡᠪᠡᠯ᠄ ᠮᠤᠳᠤᠨ ᠲᠠᠷᠬᠠᠨ᠎ᠲᠠᠢ ᠠᠭᠤᠯᠵᠠᠪᠠᠯ᠄ 《ᠲᠠᠷᠬ᠎ᠠ ᠤᠷᠠᠨ ᠪᠤᠯᠵᠦ ᠪᠠᠶ᠋ᠢᠨ᠎ᠠ ᠤᠤ?》᠂ 《ᠲᠠᠷᠬ᠎ᠠ ᠰᠠᠶ᠋ᠢᠨ ᠪᠤᠯᠵᠣ ᠪᠠᠶ᠋ᠢᠨ᠎ᠠ ᠤᠤ?》 ᠭᠡᠵᠦ ᠮᠡᠨᠳᠤᠴᠢᠯᠡᠬᠦ ᠪᠤᠶᠤ ᠠᠯᠳᠠ ᠮᠦᠩᠭᠦ᠂ ᠲᠡᠮᠤᠷ᠎ᠤᠨ ᠲᠠᠷᠬᠠᠨ᠎ᠲᠠᠢ ᠠᠭᠤᠯᠵᠠᠪᠠᠯ᠄ 《ᠲᠠᠷᠬ᠎ᠠ ᠤᠷᠠᠨ ᠪᠤᠯᠵᠦ ᠪᠠᠶ᠋ᠢᠨ᠎ᠠ ᠤᠤ?》᠂ 《ᠲᠠᠷᠬ᠎ᠠ ᠰᠠᠶ᠋ᠢᠨ ᠪᠤᠯᠵᠣ ᠪᠠᠶ᠋ᠢᠨ᠎ᠠ ᠤᠤ?》᠂ 《ᠭᠠᠯ ᠢᠯᠴᠢ᠎ᠲᠠᠢ᠂ ᠲᠠᠷᠬ᠎ᠠ ᠨᠠᠷᠢᠨ ᠪᠤᠯᠵᠦ ᠪᠠᠶ᠋ᠢᠨ᠎ᠠ ᠤᠤ?》 ᠭᠡᠬᠦ ᠮᠡᠳᠤᠴᠢᠯᠡᠨ ᠮᠡᠨᠳᠤᠴᠢᠯᠡᠳᠡᠭ ᠪᠠᠶ᠋ᠢᠨ᠎ᠠ᠃ ᠠ᠋ᠭᠦᠨ᠎ᠤ ᠬᠠᠷᠢᠭᠤ᠎ᠳᠤ 《ᠠᠵᠢᠯ ᠤᠷᠤᠭᠰᠢᠳᠠᠢ ᠪᠠᠶ᠋ᠢᠨ᠎ᠠ》 《ᠲᠠᠷᠬ᠎ᠠ ᠲᠠᠪᠠᠳᠠᠢ ᠶᠠᠪᠤᠭᠳᠠᠵᠤ ᠪᠠᠶ᠋ᠢᠨ᠎ᠠ》 ᠭᠡᠵᠦ ᠬᠠᠷᠢᠭᠤᠯᠳᠠᠭ ᠶᠤᠮ ᠪᠠᠶ᠋ᠢᠵᠠᠢ᠃ ᠤᠳᠤ ᠤᠷᠠᠨ ᠲᠠᠷᠬ᠎ᠠ ᠬᠢᠭᠴᠢᠳ᠎ᠲᠠᠢ ᠪᠤᠯ ᠠᠷᠠᠯᠵᠢᠶ᠎ᠠ ᠬᠤᠳᠠᠯᠳᠤᠭ᠎ᠠ ᠬᠢᠬᠦ ᠭᠡᠰᠡᠨ ᠵᠤᠷᠢᠯᠭ᠎ᠠ᠎ᠪᠠᠷ ᠯᠡ ᠠᠭᠤᠯᠵᠠᠵᠤ ᠪᠠᠶ᠋ᠢᠭ᠎ᠠ ᠲᠡᠳᠦᠢ ᠪᠣᠯᠵᠤ᠂ ᠵᠦᠪᠬᠡᠨ ᠦᠨ᠎ᠡ ᠬᠠᠩᠰᠢ ᠬᠦᠯᠦᠰᠦ ᠮᠦᠩᠭᠦ ᠵᠢ ᠠᠰᠠᠭᠤᠨ ᠯᠠᠪᠯᠠᠭ᠍ᠤ᠎ᠠᠴᠠ ᠪᠢᠰᠢ ᠠᠵᠢᠯ ᠲᠦᠷᠦᠯ᠎ᠤᠨ ᠮᠡᠨᠳᠤᠴᠢᠯᠡᠭᠡ ᠵᠢ ᠲᠡᠪᠰᠢᠭᠦᠯᠬᠦ ᠦᠭᠡᠢ ᠪᠤᠯᠤᠭᠰᠠᠨ ᠪᠠᠶ᠋ᠢᠨ᠎ᠠ᠃ ᠪᠠᠰᠠ ᠵᠠᠷᠢᠮ ᠬᠦᠮᠤᠰ ᠠ᠋ᠭᠦᠨ᠎ᠢ 《ᠠᠷᠠᠯᠵᠢᠶ᠎ᠠ ᠮᠠᠶ᠋ᠢᠮᠠᠢ ᠰᠠᠶ᠋ᠢᠨ ᠪᠠᠶ᠋ᠢᠨ᠎ᠠ ᠤᠤ?》 ᠭᠡᠬᠦ ᠦᠭᠡ᠎ᠪᠠᠷ ᠣᠷᠣᠯᠠᠭᠤᠯᠤᠨ ᠮᠡᠨᠳᠤᠴᠢᠯᠡᠬᠦ ᠪᠤᠯᠤᠭᠰᠠᠨ ᠪᠠᠶ᠋ᠢᠨ᠎ᠠ᠃

      ᠲᠥᠷᠪᠡ᠂ ᠪᠠᠶᠠᠷ ᠶᠤᠰᠤᠯᠠᠯ᠎ᠤᠨ ᠮᠡᠨᠳᠤᠴᠢᠯᠡᠭᠡ

      ᠪᠠᠶᠠᠷ ᠶᠤᠰᠤᠯᠠᠯ᠎ᠤᠨ ᠮᠡᠨᠳᠤᠴᠢᠯᠡᠭᠡ ᠪᠤᠯ ᠦᠨᠳᠤᠰᠤᠳᠡᠨ ᠪᠦᠬᠦᠨ᠎ᠳᠤ ᠲᠦᠭᠡᠮᠡᠯ ᠪᠠᠶ᠋ᠢᠳᠠᠭ ᠮᠡᠨᠳᠤᠴᠢᠯᠡᠬᠦ ᠦᠢ᠍ᠯᠡ ᠠᠵᠢᠯᠯᠠᠭ᠎ᠠ ᠶᠤᠮ᠃ ᠮᠤᠩᠭᠤᠯᠴᠤᠳ ᠴᠦ᠍ ᠭᠡᠰᠡᠨ ᠪᠠᠶᠠᠷ ᠶᠤᠰᠤᠯᠠᠯ᠎ᠤᠨ ᠮᠡᠨᠳᠤᠴᠢᠯᠡᠭᠡᠨ᠎ᠤ ᠬᠡᠯᠡ ᠬᠡᠯᠡᠯᠭᠡ ᠵᠢ ᠬᠡᠷᠡᠭᠯᠡᠭᠰᠡᠭᠡᠷ ᠢᠷᠡᠵᠠᠢ᠃ ᠠ᠋ᠨᠡ ᠲᠦᠷᠦᠯ᠎ᠤᠨ ᠮᠡᠨᠳᠤᠴᠢᠯᠡᠭᠡ ᠪᠤᠯ ᠵᠢᠯ ᠴᠠᠭ᠋ᠠᠨ ᠰᠠᠷ᠎ᠠ ᠪᠤᠶᠤ ᠤᠯᠤᠰ ᠦᠨᠳᠤᠰᠤᠳᠡᠨ᠎ᠤ ᠶᠠᠮᠠᠷᠪᠠ ᠨᠢᠭᠡᠨ ᠪᠠᠶᠠᠷ ᠶᠤᠰᠤᠯᠠᠯ᠎ᠢ ᠲᠤᠬᠢᠶᠠᠯᠳᠤᠭᠤᠯᠤᠨ ᠬᠡᠷᠡᠭᠯᠡᠳᠡᠭ ᠮᠡᠨᠳᠤᠴᠢᠯᠡᠭᠡ ᠮᠦᠨ᠃

      ᠮᠤᠩᠭᠤᠯᠴᠤᠳ ᠰᠢᠨ᠎ᠡ ᠵᠢᠯ ᠴᠠᠭ᠋ᠠᠨ ᠰᠠᠷ᠎ᠠ᠎ᠪᠠᠷ 《ᠬᠠᠭᠤᠴᠢᠨ ᠵᠢᠯ ᠬᠠᠩᠬᠢᠷᠠᠵᠦ᠂ ᠰᠢᠨ᠎ᠡ ᠵᠢᠯ ᠰᠢᠯᠵᠢᠷᠡᠵᠦ᠂ ᠬᠦᠭᠰᠢᠳ ᠬᠡᠤᠬᠡᠳ ᠬᠦᠷᠦᠰᠦᠳᠡᠢ᠂ ᠲᠦᠯᠦᠭᠡ ᠰᠡᠬᠦᠯᠳᠡᠢ᠂ ᠲᠠᠭ᠎ᠠ ᠲᠠᠯᠠᠩᠳᠠᠢ᠂ ᠪᠢᠷᠠᠭᠤ ᠪᠤᠯᠴᠢᠩᠳᠠᠢ᠂ ᠦᠨᠢᠲᠡ ᠲᠠᠷᠭᠤᠨ᠂ ᠦᠶᠦᠭ ᠴᠠᠳᠬᠤᠯᠠᠩ᠂ ᠲᠠᠪᠠᠳᠠᠢ ᠰᠠᠶ᠋ᠢᠬᠠᠨ ᠰᠢᠨᠡᠯᠡᠵᠦ ᠪᠠᠶ᠋ᠢᠨ᠎ᠠ ᠤᠤ?》᠂ 《ᠲᠠᠷᠭᠤᠨ ᠲᠠᠪᠠᠳᠠᠢ ᠰᠢᠨᠡᠯᠡᠵᠦ ᠪᠠᠶ᠋ᠢᠨ᠎ᠠ ᠤᠤ?》᠂ 《ᠪᠤᠭᠤᠷᠤᠯ ᠵᠢᠯ ᠮᠤᠷᠢᠯᠠᠵᠦ᠂ ᠪᠤᠶᠠᠨᠳᠠᠢ ᠵᠢᠯ ᠢᠷᠡᠵᠦ᠂   ᠡᠪᠦᠭᠡᠨ ᠵᠢᠯ ᠮᠤᠷᠢᠯᠠᠵᠦ᠂ ᠦᠯᠵᠡᠶ᠋ᠢᠳᠡᠢ ᠵᠢᠯ ᠢᠷᠡᠵᠦ᠂ ᠪᠠᠶᠠᠰᠬᠤᠯᠠᠩᠲᠠᠢ ᠰᠢᠨᠡᠯᠡᠭᠰᠡᠨ᠎ᠤ ᠪᠡᠯᠭᠡ ᠵᠢ ᠠᠶ᠋ᠢᠯᠠᠳᠬᠠᠶ᠎ᠠ!》 ᠭᠡᠬᠦ ᠵᠡᠷᠭᠡ᠎ᠪᠠᠷ ᠠᠮᠤᠷ ᠠᠶ᠋ᠢᠯᠠᠳᠬᠠᠵᠤ᠂ ᠪᠠᠶᠠᠯᠢᠭ ᠰᠠᠶ᠋ᠢᠬᠠᠨ ᠮᠡᠨᠳᠤᠴᠢᠯᠡᠭᠡᠨ᠎ᠤ ᠬᠡᠯᠡ ᠰᠤᠶᠤᠯ᠎ᠢ ᠪᠦᠳᠦᠭᠡᠵᠦ ᠬᠡᠷᠡᠭᠯᠡᠵᠦ ᠢᠷᠡᠵᠡᠢ᠃ ᠬᠠᠷᠢᠨ ᠤᠳᠤᠬᠠᠨ᠎ᠤ ᠨᠡᠶ᠋ᠢᠳᠡᠮ ᠬᠡᠷᠡᠭᠯᠡᠭᠳᠡᠵᠦ ᠪᠠᠶ᠋ᠢᠭ᠎ᠠ ᠰᠢᠨ᠎ᠡ ᠵᠢᠯ᠎ᠤᠨ ᠮᠡᠨᠳᠤᠴᠢᠯᠡᠭᠡᠨ᠎ᠤ ᠬᠡᠯᠡ ᠬᠡᠯᠡᠯᠭᠡ ᠪᠤᠯ 《ᠲᠠ ᠰᠠᠶ᠋ᠢᠨ ᠰᠢᠨᠡᠯᠡᠪᠡ ᠤᠤ?》᠂ 《ᠭᠡᠷ ᠬᠤᠳᠠᠯᠠᠭ᠋ᠠᠷ ᠰᠠᠶ᠋ᠢᠨ ᠰᠢᠨᠡᠯᠡᠪᠡ ᠤᠤ?》 ᠭᠡᠬᠦ ᠲᠦᠭᠦᠮᠬᠡᠨ ᠭᠡᠯᠡᠯᠭᠡ ᠤᠯᠠᠨ ᠬᠡᠷᠡᠭᠯᠡᠭᠳᠡᠵᠦ ᠪᠠᠶ᠋ᠢᠬᠤ ᠪᠠ 《ᠮᠠᠨ᠎ᠤ ᠭᠡᠷ ᠪᠦᠭᠦᠳᠡᠭᠡᠷ᠂ ᠲᠠᠨ᠎ᠤ ᠭᠡᠷ ᠪᠦᠭᠦᠳᠡᠭᠡᠷ᠎ᠲᠤ ᠰᠢᠨ᠎ᠡ ᠵᠢᠨ ᠮᠡᠨᠳᠤᠴᠢᠯᠡᠭᠡ ᠲᠡᠪᠰᠢᠭᠦᠯᠵᠦ ᠪᠠᠶ᠋ᠢᠨ᠎ᠠ! ᠰᠠᠶ᠋ᠢᠨ ᠰᠢᠨᠡᠯᠡᠪᠡ ᠤᠤ?》 ᠭᠡᠬᠦ ᠤᠷᠴᠢᠭᠤᠯᠭ᠎ᠠ ᠵᠢᠨ ᠮᠡᠨᠳᠤᠴᠢᠯᠡᠭᠡ ᠬᠡᠷᠡᠭᠯᠡᠭᠳᠡᠬᠦ᠎ᠨᠢ ᠴᠦ᠍ ᠤᠯᠠᠰᠢᠷᠠᠵᠦ ᠢᠷᠡᠭᠰᠡᠨ ᠪᠠᠶ᠋ᠢᠨ᠎ᠠ᠃ ᠤᠳᠤᠬᠠᠨ᠎ᠳᠤ ᠵᠢᠯ ᠴᠠᠭ᠋ᠠᠨ ᠰᠠᠷ᠎ᠠ ᠵᠢᠨ ᠮᠡᠨᠳᠤᠴᠢᠯᠡᠭᠡ ᠵᠢᠨ ᠬᠡᠯᠡ ᠬᠡᠯᠡᠯᠭᠡ᠎ᠨᠢ ᠶᠠᠲᠠᠭᠤᠷᠠᠭᠰᠠᠨ᠂ ᠢᠯᠡᠳᠬᠡᠬᠦ ᠠᠷᠭ᠎ᠠ ᠪᠠᠷᠢᠯ᠎ᠤᠨ ᠲᠠᠯ᠎ᠠ᠎ᠪᠠᠷ ᠨᠡᠯᠢᠶᠡᠳ ᠬᠦᠰᠢᠭᠦᠨ ᠪᠤᠯᠤᠭᠰᠠᠨ ᠭᠡᠳᠡᠭ ᠪᠤᠯᠪᠠᠴᠦ ᠦᠪᠦᠷ ᠮᠤᠩᠭᠤᠯ᠎ᠤᠨ ᠬᠠᠮᠢᠭ᠎ᠠ ᠴᠦ᠍ ᠭᠡᠰᠡᠨ ᠬᠠᠲᠠᠭ᠋ᠠᠯᠠᠭᠳᠠᠵᠤ ᠬᠡᠷᠡᠭᠯᠡᠭᠳᠡᠵᠦ ᠪᠠᠶ᠋ᠢᠭ᠎ᠠ ᠶᠤᠮ᠃ ᠬᠡᠳᠦᠶ᠋ᠢᠪᠡᠷ ᠭᠠᠵᠠᠷ ᠤᠷᠤᠨ᠎ᠤ ᠵᠦᠷᠢᠶ᠎ᠡ᠂ ᠨᠤᠳᠤᠭ ᠨᠤᠳᠤᠭ᠎ᠤᠨ ᠢᠯᠭ᠋ᠠᠭ᠎ᠠ ᠤᠷᠤᠰᠢᠵᠦ ᠪᠠᠶ᠋ᠢᠪᠠᠴᠦ᠂ ᠵᠢᠯ ᠴᠠᠭ᠋ᠠᠨ ᠰᠠᠷ᠎ᠠ ᠵᠢ ᠪᠡᠯᠭᠡᠯᠡᠬᠦ ᠠᠵᠢᠯᠯᠠᠭ᠎ᠠ ᠤᠷᠤᠰᠢᠵᠦ ᠯᠠ ᠪᠠᠶ᠋ᠢᠪᠠᠯ ᠦᠷᠭᠦᠯᠵᠢᠯᠠᠨ ᠬᠡᠷᠡᠭᠯᠡᠭᠳᠡᠭᠦ᠎ᠨᠢ ᠠ᠋ᠷᠡᠭᠡᠯᠵᠡᠭᠡ ᠦᠭᠡᠢ᠃

      ᠠ᠋ᠭᠦᠨ᠎ᠠᠴᠠ ᠭᠠᠳᠠᠨ᠎ᠠ ᠪᠤᠰᠤᠳ ᠵᠦᠢ᠍ᠯ᠎ᠤᠨ ᠪᠠᠶᠠᠷ ᠶᠤᠰᠤᠯᠠᠯ᠎ᠤᠨ ᠮᠡᠨᠳᠤᠴᠢᠯᠡᠭᠡ ᠪᠠᠰᠠ ᠪᠤᠢ᠃   ᠵᠢᠱ᠌ᠢᠶᠡᠯᠡᠪᠡᠯ᠂ ᠠ᠋ᠮᠡᠭᠳᠡᠶ᠋ᠢᠴᠥᠳ᠎ᠤᠨ ᠪᠠᠶᠠᠷ᠂ ᠬᠡᠤᠬᠡᠳ᠎ᠤᠨ ᠪᠠᠶᠠᠷ᠂ ᠵᠠᠯᠠᠭᠤᠴᠤᠳ᠎ᠤᠨ ᠪᠠᠶᠠᠷ᠂ ᠨᠠᠰᠤᠨ ᠪᠠᠶᠠᠷ᠂ ᠭᠡᠤᠭᠡᠳ᠎ᠤᠨ ᠣᠢ ᠵᠢᠨ ᠪᠠᠶᠠᠷ᠂ ᠬᠤᠷᠢᠮ᠎ᠤᠨ ᠶᠤᠰᠤᠯᠠᠯ᠎ᠤᠨ ᠪᠠᠶᠠᠷ᠂ ᠪᠠᠭᠰᠢ ᠵᠢᠨ ᠪᠠᠶᠠᠷ ᠵᠡᠷᠭᠡ ᠵᠢᠨ 《ᠲᠠᠨ᠎ᠳᠤ ᠪᠠᠶᠠᠷ᠎ᠤᠨ ᠠ᠋ᠳᠦᠷ᠎ᠤᠨ ᠮᠡᠨᠳᠤᠴᠢᠯᠡᠭᠡ ᠳᠡᠪᠰᠢᠭᠦᠯᠦᠶ᠎ᠡ》᠂ 《ᠪᠠᠶᠠᠷ᠎ᠤᠨ ᠮᠡᠨᠳᠦ ᠠᠶ᠋ᠢᠯᠠᠳᠬᠠᠶ᠎ᠠ》᠂ 《᠁ ᠪᠠᠶᠠᠷ᠎ᠤᠨ ᠠ᠋ᠳᠦᠷ᠎ᠢ ᠳᠤᠬᠢᠶᠠᠯᠳᠤᠭᠤᠯᠤᠨ ᠲᠠᠨ᠎ᠳᠤ ᠪᠠᠶᠠᠷ᠎ᠤᠨ ᠠ᠋ᠳᠦᠷ᠎ᠤᠨ ᠮᠡᠨᠳᠤᠴᠢᠯᠡᠭᠡ ᠳᠡᠪᠰᠢᠭᠦᠯᠦᠶ᠎ᠡ》 ᠵᠡᠷᠭᠡ ᠵᠢᠨ ᠮᠡᠨᠳᠤᠴᠢᠯᠡᠭᠡᠨ᠎ᠳᠤ ᠬᠤᠯᠪᠤᠭᠳᠠᠭᠰᠠᠨ ᠬᠡᠯᠡ ᠬᠡᠯᠡᠯᠭᠡ᠎ᠨᠢ ᠪᠠᠷᠤᠭ ᠯᠠ ᠬᠠᠶᠠᠭᠳᠠᠵᠤ ᠬᠡᠷᠡᠭᠯᠡᠭᠡᠨ᠎ᠠᠴᠠ ᠭᠠᠷᠤᠭᠰᠠᠨ ᠪᠤᠶᠤ ᠵᠠᠷᠢᠮ᠎ᠨᠢ ᠢᠷᠦᠭᠡᠯ ᠵᠶ᠋ᠠᠷ ᠤᠷᠤᠯᠠᠭᠤᠯᠤᠭᠳᠠᠨ ᠬᠡᠷᠡᠭᠯᠡᠭᠳᠡᠵᠦ ᠪᠠᠶ᠋ᠢᠨ᠎ᠠ᠃ ᠪᠠᠷᠤᠭ ᠯᠠ 《᠁ ᠵᠢ ᠪᠠᠶᠠᠷᠯᠠᠨ ᠪᠡᠯᠭᠡᠯᠡᠶ᠎ᠡ》᠂ 《᠁᠎ᠳᠤ ᠪᠠᠶᠠᠷ ᠬᠦᠷᠭᠡᠶ᠎ᠡ》 ᠭᠡᠬᠦ ᠦᠭᠦᠯᠡᠪᠦᠷᠢ᠎ᠪᠠᠷ ᠲᠤᠪᠴᠢᠯᠠᠬᠤ ᠪᠤᠯᠤᠭᠰᠠᠨ ᠪᠠᠶ᠋ᠢᠨ᠎ᠠ᠃

      ᠲᠠᠪᠤ᠂ ᠢᠷᠤᠭᠡᠯᠲᠤ ᠮᠡᠨᠳᠤᠴᠢᠯᠡᠭᠡ

      ᠢᠷᠤᠭᠡᠯᠲᠤ ᠮᠡᠨᠳᠤᠴᠢᠯᠡᠭᠡ ᠪᠤᠯ ᠪᠤᠰᠤᠳ ᠲᠦᠷᠦᠯ᠎ᠤᠨ ᠮᠡᠨᠳᠤᠴᠢᠯᠡᠭᠡ᠎ᠠᠴᠠ ᠴᠠᠭ᠎ᠤᠨ ᠲᠠᠯ᠎ᠠ᠎ᠪᠠᠷ ᠦᠭᠡᠷ᠎ᠡ ᠪᠠᠶ᠋ᠢᠳᠠᠭ ᠤᠨᠴᠠᠯᠢᠭ᠎ᠲᠠᠢ ᠶᠤᠮ᠃ ᠪᠤᠰᠤᠳ ᠮᠡᠨᠳᠤᠴᠢᠯᠡᠭᠡ ᠵᠢ ᠲᠡᠭᠦᠦᠨᠠᠷ ᠭᠦᠮᠦᠰ ᠤᠷᠢᠳᠴᠢᠯᠡᠨ ᠲᠡᠪᠰᠢᠭᠦᠯᠳᠡᠭ ᠪᠤᠯ ᠢᠷᠦᠭᠡᠯᠳᠤ ᠮᠡᠨᠳᠤᠴᠢᠯᠡᠭᠡ᠎ᠨᠢ ᠠᠯᠢ ᠨᠢᠭᠡ ᠬᠦᠮᠤᠨ᠎ᠨᠢ ᠴᠦ᠍ ᠤᠷᠢᠳᠠᠪᠡᠷ ᠲᠡᠪᠰᠢᠭᠦᠯᠵᠦ ᠪᠤᠯᠳᠠᠭ᠃ ᠠ᠋ᠨᠡᠬᠦ ᠲᠦᠷᠦᠯ᠎ᠤᠨ ᠮᠡᠨᠳᠤᠴᠢᠯᠡᠭᠡ᠎ᠨᠢ ᠢᠷᠦᠭᠡᠨ ᠪᠡᠯᠭᠡᠰᠢᠶᠡᠵᠤ ᠬᠡᠯᠡᠬᠦ ᠪᠤᠶᠤ ᠬᠦᠰᠡᠨ ᠵᠦᠩᠨᠡᠬᠦ ᠬᠡᠯᠪᠡᠷᠢ᠎ᠪᠠᠷ ᠲᠡᠪᠰᠢᠭᠦᠯᠳᠡᠭ ᠲᠤᠯᠠ ᠦᠪᠡᠷ᠎ᠤᠨ ᠭᠡᠰᠡᠨ ᠤᠨᠴᠠᠯᠢᠭ ᠰᠢᠨᠵᠢ᠎ᠲᠠᠢ ᠪᠠᠶ᠋ᠢᠳᠠᠭ᠃ ᠠ᠋ᠶ᠋ᠢᠮᠦ ᠤᠴᠢᠷ᠎ᠠᠴᠠ ᠠ᠋ᠨᠡ ᠲᠦᠷᠦᠯ᠎ᠤᠨ ᠮᠡᠨᠳᠦᠴᠢᠯᠡᠭᠡ᠎ᠨᠢ ᠠᠰᠠᠭᠤᠬᠤ ᠦᠭᠦᠯᠡᠪᠦᠷᠢ ᠵᠢᠨ ᠬᠡᠯᠪᠡᠷᠢ᠎ᠪᠠᠷ ᠲᠡᠭᠦᠰᠳᠡᠭ ᠦᠭᠡᠢ ᠶᠤᠮ᠃

      ᠢᠷᠤᠭᠡᠯᠲᠤ ᠮᠡᠨᠳᠤᠴᠢᠯᠡᠭᠡ ᠵᠢ ᠵᠠᠷᠢᠮ ᠠ᠋ᠷᠳᠡᠮᠲᠡᠨ᠎ᠠᠴᠠ᠄ 《ᠢᠷᠦᠭᠡᠯ ᠲᠠᠯᠠᠷᠬᠠᠯᠲᠤ ᠮᠡᠨᠳᠤᠴᠢᠯᠡᠭᠡ》 ᠭᠡᠬᠦ ᠪᠤᠶᠤ ᠪᠦᠷ ᠵᠠᠷᠢᠮ᠎ᠨᠢ ᠠ᠋ᠭᠦᠨ᠎ᠢ ᠮᠠᠨᠳᠦᠴᠢᠯᠡᠭᠡᠨ᠎ᠤ ᠬᠦᠷᠢᠶ᠎ᠡ ᠬᠡᠪᠴᠢᠶᠡᠨ᠎ᠠᠴᠠ ᠠᠩᠭᠢᠲᠠ ᠪᠠᠶ᠎ᠠ ᠳᠠᠭ᠋ᠠᠭ᠋ᠠᠭᠰᠠᠨ 《ᠢᠷᠦᠭᠡᠯ》᠎ᠤᠨ ᠰᠤᠶᠤᠯ ᠭᠡᠵᠦ ᠰᠤᠳᠤᠯᠬᠤ ᠪᠤᠶᠤ 《ᠢᠷᠦᠭᠡᠯ ᠮᠠᠭᠲᠠᠭ᠋ᠠᠯ》᠎ᠤᠨ ᠰᠤᠶᠤᠯ ᠭᠡᠵᠦ ᠰᠢᠨᠵᠢᠯᠡᠵᠤ ᠪᠠᠶ᠋ᠢᠭ᠎ᠠ ᠴᠤ᠌ ᠪᠤᠢ᠃ ᠠ᠋ᠷᠳᠡᠮ ᠰᠢᠨᠵᠢᠯᠡᠭᠡᠨ᠎ᠤ ᠬᠠᠷᠠᠯᠲᠠ ᠴᠢᠭᠯᠡᠯᠲᠡ ᠤᠨᠳᠤᠤ᠂ ᠰᠤᠳᠤᠯᠬᠤ ᠬᠦᠷᠢᠶ᠎ᠡ ᠬᠡᠪᠴᠢᠶ᠎ᠡ᠂ ᠠᠷᠭ᠎ᠠ ᠠᠳᠠᠯᠢ ᠪᠤᠰᠤ ᠲᠤᠯᠠ ᠠᠯᠢ ᠨᠢᠭᠡ ᠵᠢ᠎ᠨᠢ ᠵᠦᠪ ᠪᠤᠷᠤᠭᠤ ᠭᠡᠵᠦ ᠦᠭᠦᠯᠡᠬᠦ ᠵᠢᠨ ᠠᠷᠭ᠎ᠠ ᠪᠠᠶ᠋ᠢᠬᠤ ᠦᠭᠡᠢ᠃

      ᠮᠤᠩᠭᠤᠯᠴᠤᠳ᠎ᠤᠨ ᠳᠤᠮᠳᠠ ᠢᠷᠤᠭᠡᠯᠲᠤ ᠮᠡᠨᠳᠤᠴᠢᠯᠡᠭᠡ ᠪᠦᠷᠢᠨ ᠰᠠᠶ᠋ᠢᠬᠠᠨ ᠬᠡᠷᠡᠭᠯᠡᠭᠳᠡᠵᠦ ᠢᠷᠡᠭᠰᠡᠨ ᠶᠤᠮ᠃ ᠵᠢᠱ᠌ᠢᠶᠡᠯᠡᠪᠡᠯ᠂ ᠠᠳᠤᠭᠤ ᠮᠠᠯ ᠤᠰᠤᠯᠠᠵᠦ ᠪᠠᠶ᠋ᠢᠬᠤ᠎ᠲᠠᠢ ᠲᠤᠬᠢᠶᠠᠯᠳᠤᠪᠠᠯ ᠠ᠋ᠳᠦᠷ ᠲᠤᠳᠤᠮ᠎ᠤᠨ ᠮᠡᠨᠳᠤᠴᠢᠯᠡᠭᠡ ᠲᠡᠪᠰᠢᠭᠦᠯᠵᠦ᠂ ᠪᠠᠭ᠎ᠠ ᠵᠡᠷᠭᠡ ᠬᠠᠮ ᠲᠡᠮ ᠪᠤᠯᠵᠦ ᠦᠭᠭᠦᠭᠰᠡᠨ᠎ᠤ ᠲᠠᠷᠠᠭ᠎ᠠ ᠰᠠᠯᠵᠦ ᠶᠠᠪᠤᠬᠤ ᠦᠶ᠎ᠡ᠎ᠳᠤ᠎ᠪᠠᠨ᠄ 《ᠤᠰᠤ ᠴᠡᠩᠬᠡᠭ᠂ ᠤᠨᠳᠤᠷᠤᠭ᠎ᠠ ᠠᠷᠪᠢᠨ ᠪᠤᠯᠤᠭ!》 ᠭᠡᠬᠦ ᠪᠠ ᠠᠳᠤᠭᠤ ᠤᠷᠭ᠋ᠠᠯᠠᠵᠤ ᠪᠠᠶ᠋ᠢᠬᠤ᠎ᠲᠠᠢ ᠲᠤᠬᠢᠶᠠᠯᠳᠤᠪᠠᠯ᠄ 《ᠤᠨᠤᠭ᠎ᠠ᠎ᠨᠢ ᠮᠡᠷᠭᠡᠨ᠂ ᠰᠠᠭᠤᠳᠠᠯ᠎ᠨᠢ ᠪᠠᠳᠥ ᠪᠠᠶ᠋ᠢᠭ!》 ᠭᠡᠬᠦ; ᠣᠳᠥᠷ ᠵᠶ᠋ᠠᠷ ᠶᠠᠪᠤᠵᠤ ᠪᠠᠶ᠋ᠢᠭ᠎ᠠ ᠬᠦᠮᠤᠨ᠎ᠳᠤ᠄ 《ᠪᠡᠯᠴᠢᠭᠡᠷ ᠠᠷᠪᠢᠨ᠂ ᠤᠰᠤ ᠤᠷᠭᠤᠮᠠᠯ ᠲᠡᠭᠰᠢ ᠪᠠᠶ᠋ᠢᠬᠤ ᠪᠤᠯᠳᠤᠭ᠋ᠠᠢ!》 ᠭᠡᠬᠦ; ᠮᠠᠯ᠎ᠤᠨ ᠠ᠋ᠷᠢᠯ᠎ᠳᠤ ᠶᠠᠪᠤᠵᠥ ᠪᠠᠶ᠋ᠢᠭ᠎ᠠ ᠬᠦᠮᠤᠨ᠎ᠳᠤ᠄ 《ᠠ᠋ᠷᠢᠯ ᠦᠯᠵᠡᠶ᠋ᠢᠳᠡᠢ ᠪᠤᠯᠤᠭ!》᠂ 《ᠠ᠋ᠷᠢᠯ ᠵᠶ᠋ᠠᠨ ᠣᠯᠬᠤ ᠪᠤᠯᠳᠤᠭ᠋ᠠᠢ!》᠂ 《ᠠ᠋ᠷᠢᠯ ᠤᠶ᠋ᠢᠷ᠎ᠠ ᠪᠠᠶ᠋ᠢᠭ!》 ᠭᠡᠬᠦ; ᠠᠶ᠋ᠢᠷᠠᠭ ᠪᠦᠯᠢᠵᠦ ᠪᠠᠶ᠋ᠢᠭ᠎ᠠ ᠬᠦᠮᠦᠨ᠎ᠳᠤ᠄ 《ᠲᠤᠰᠥ ᠶᠡᠭᠡ ᠤᠨᠠᠭ᠍ᠤ ᠪᠤᠯᠳᠤᠭ᠋ᠠᠢ!》 ᠭᠡᠬᠦ; ᠠᠶ᠋ᠢᠷᠠᠭ ᠤᠤᠭᠤᠵᠤ ᠪᠤᠢ ᠬᠦᠮᠦᠨ᠎ᠳᠤ᠄ 《ᠠᠶ᠋ᠢᠷᠠᠭ ᠰᠢᠩᠭᠡᠭᠡᠵᠢᠳᠡᠢ᠂ ᠰᠢᠮᠡᠳᠡᠢ ᠪᠤᠯᠤᠭ!》 ᠭᠡᠬᠦ; ᠲᠦᠷᠦᠭᠡ ᠲᠠᠷᠬᠠᠯᠠᠵᠦ᠂ ᠲᠦᠷᠦᠭᠡᠨ ᠰᠤᠷ ᠬᠢᠵᠦ ᠪᠠᠶ᠋ᠢᠬᠤ ᠬᠦᠮᠦᠨ᠎ᠳᠤ᠄ 《ᠲᠦᠷᠦᠭᠡ ᠠ᠋ᠭᠡᠯᠢᠳᠡᠢ ᠪᠤᠯᠤᠭ!》᠂ 《ᠲᠦᠷᠦᠭᠡ ᠠᠷᠢᠭᠤᠨ ᠪᠤᠯᠤᠭ!》 ᠭᠡᠬᠦ; ᠠ᠋ᠮᠨᠢᠭ᠌ ᠰᠤᠷᠭ᠋ᠠᠵᠤ ᠪᠠᠶ᠋ᠢᠬᠤ ᠬᠦᠮᠦᠨ᠎ᠳᠤ᠄ 《ᠠ᠋ᠮᠨᠢᠭ᠌᠎ᠨᠢ ᠨᠤᠮᠤᠬᠠᠨ᠂ ᠡᠷ᠎ᠡ᠎ᠨᠢ ᠠᠪᠬᠠᠯᠵᠢᠳᠠᠢ ᠪᠤᠯᠤᠭ!》᠂ 《ᠠ᠋ᠮᠨᠢᠭ᠌᠎ᠨᠢ ᠰᠢᠨᠳᠠᠰᠤᠳᠠᠢ᠂ ᠡᠷ᠎ᠡ᠎ᠨᠢ ᠠ᠋ᠷᠡᠲᠡᠢ ᠪᠤᠯᠤᠭ!》 ᠭᠡᠬᠦ; ᠮᠠᠯ ᠬᠦᠩᠭᠡᠯᠡᠵᠦ ᠪᠠᠶ᠋ᠢᠪᠠᠯ᠄ 《ᠦᠳᠦᠨ᠎ᠠᠴᠠ ᠬᠦᠩᠭᠡᠨ᠂ ᠰᠤᠮᠤᠨ᠎ᠠᠴᠠ ᠬᠤᠷᠳᠤᠨ ᠪᠤᠯᠤᠭ!》 ᠭᠡᠬᠦ; ᠲᠡᠮᠡᠭᠡ ᠨᠤᠤᠰᠤᠯᠠᠵᠦ ᠪᠠᠶ᠋ᠢᠬᠤ ᠬᠦᠮᠦᠨ᠎ᠳᠤ᠄ 《ᠠᠪᠬᠤ ᠨᠤᠤᠰᠤ᠎ᠨᠢ ᠠᠷᠪᠢᠨ᠂ ᠤᠷᠭᠤᠬᠤ ᠨᠤᠤᠰᠤ᠎ᠨᠢ ᠤᠷᠳᠤ ᠪᠤᠯᠤᠭ!》 ᠭᠡᠬᠦ; ᠬᠤᠨᠢ ᠬᠠᠶ᠋ᠢᠴᠢᠯᠠᠵᠦ ᠪᠠᠶ᠋ᠢᠬᠤ ᠬᠦᠮᠦᠨ᠎ᠳᠤ᠄ 《ᠬᠠᠶ᠋ᠢᠴᠢ᠎ᠨᠢ ᠬᠤᠷᠴᠠ᠂ ᠬᠠᠶ᠋ᠢᠴᠢᠯᠠᠭᠰᠠᠨ ᠬᠤᠨᠢ᠎ᠨᠢ ᠲᠦᠮᠡ ᠬᠦᠷᠦᠭ!》 ᠭᠡᠬᠦ ᠪᠤᠶᠤ 《ᠬᠠᠶ᠋ᠢᠴᠢ᠎ᠨᠢ ᠬᠤᠷᠴᠠ᠂ ᠬᠠᠭᠳᠠ ᠤᠩᠭ᠋ᠠᠰᠤ᠎ᠨᠢ ᠬᠦᠪᠰᠤᠭᠡᠷ ᠪᠤᠯᠤᠭ!》 ᠭᠡᠬᠦ; ᠲᠥᠯ ᠲᠤᠰᠴᠦ ᠪᠠᠶ᠋ᠢᠬᠤ ᠬᠦᠮᠦᠨ᠎ᠳᠤ᠄ 《ᠮᠢᠩᠭ᠋ᠠᠨ ᠬᠤᠨᠢᠨ᠎ᠤ ᠮᠠᠩᠯᠠᠢ᠂ ᠲᠦᠮᠡᠨ ᠬᠤᠨᠢᠨ᠎ᠤ ᠲᠦᠷᠦᠭᠦᠤ ᠪᠤᠯᠤᠭ!》᠂ 《ᠲᠤᠭ᠎ᠠ᠎ᠨᠢ ᠪᠤᠮ ᠬᠦᠷᠴᠦ᠂ ᠲᠤᠭᠤᠰᠤ᠎ᠨᠢ ᠤᠭᠳᠠᠷᠭᠤᠢ ᠬᠦᠷᠦᠭ!》 ᠭᠡᠬᠦ; ᠢᠰᠡᠬᠡᠢ ᠬᠢᠵᠦ ᠪᠠᠶ᠋ᠢᠬᠤ ᠬᠦᠮᠦᠨ᠎ᠳᠤ᠄ 《ᠶᠠᠰᠤᠨ᠎ᠠᠴᠠ ᠬᠠᠲᠠᠭᠤ᠂ ᠴᠠᠰᠤᠨ᠎ᠠᠴᠠ ᠴᠠᠭ᠋ᠠᠨ ᠢᠰᠡᠬᠡᠢ ᠪᠤᠯᠤᠭ!》 ᠭᠡᠬᠦ; ᠦᠢ᠍ᠯᠡ ᠣᠶᠣᠳᠠᠯ ᠤᠶᠤᠵᠤ ᠪᠠᠶ᠋ᠢᠭ᠎ᠠ ᠬᠦᠮᠤᠨ᠎ᠳᠤ᠄ 《ᠦᠢ᠍ᠯᠡ ᠤᠷᠠᠨ ᠪᠤᠯᠤᠭ!》᠂ 《ᠤᠶᠤᠳᠠᠯ ᠨᠠᠷᠢᠨ ᠪᠤᠯᠤᠭ!》 ᠭᠡᠬᠦ; ᠨᠣᠮ ᠤᠩᠰᠢᠵᠦ ᠪᠠᠶ᠋ᠢᠬᠤ ᠬᠦᠮᠦᠨ᠎ᠳᠤ᠄ 《ᠠ᠋ᠷᠲᠡᠮ ᠶᠡᠭᠡ ᠪᠤᠯᠤᠭ!》᠂ 《ᠪᠢᠯᠢᠭ ᠤᠶᠤᠨ ᠲᠡᠭᠦᠰ ᠪᠤᠯᠤᠭ!》᠂ 《ᠤᠩᠰᠢᠭᠰᠠᠨ᠎ᠨᠢ ᠶᠡᠭᠡ ᠪᠤᠯᠤᠭ!》᠂ 《ᠨᠢᠳᠦ ᠬᠤᠷᠴᠠ ᠪᠤᠯᠤᠭ!》᠂ ᠪᠢᠴᠢᠭ ᠪᠢᠴᠢᠵᠤ ᠪᠠᠶ᠋ᠢᠭ᠎ᠠ ᠬᠦᠮᠦᠨ᠎ᠳᠤ᠄ 《ᠪᠢᠷ ᠬᠤᠷᠴᠠ ᠪᠤᠯᠤᠭ!》᠂ 《ᠪᠢᠴᠢᠭ ᠲᠦᠪᠰᠢᠨ ᠪᠤᠯᠤᠭ!》 ᠭᠡᠬᠦ; ᠪᠠᠶ᠋ᠢᠰᠢᠩ ᠪᠠᠷᠢᠵᠦ ᠪᠠᠶ᠋ᠢᠬᠤ ᠬᠦᠮᠦᠨ᠎ᠳᠤ᠄ 《ᠰᠠᠭᠤᠷᠢ ᠪᠠᠳᠥ᠂ ᠪᠠᠷᠢᠯᠭ᠎ᠠ ᠤᠷᠠᠨ ᠪᠤᠯᠤᠭ!》᠂  《ᠨᠢᠷᠤᠭᠤ ᠪᠠᠲᠦ ᠪᠤᠯᠤᠭ!》 ᠭᠡᠬᠦ ᠵᠡᠷᠭᠡ᠎ᠪᠠᠷ ᠠᠯᠢᠪᠠ ᠰᠠᠶ᠋ᠢᠨ ᠰᠠᠶ᠋ᠢᠬᠠᠨ᠎ᠢ ᠵᠦᠨᠭᠨᠡᠨ ᠪᠡᠯᠭᠡᠰᠢᠶᠡᠬᠦ ᠠ᠋ᠭᠦᠳᠡᠨ᠎ᠠᠴᠠ ᠢᠷᠦᠭᠡᠵᠤ ᠮᠠᠭᠲᠠᠭ᠍ᠤ ᠠᠶᠠᠰ᠎ᠲᠠᠢ ᠠᠩᠬᠠᠷᠤᠭᠤᠯᠬᠤ ᠦᠭᠡ ᠦᠭᠦᠯᠡᠪᠦᠷᠢ ᠬᠡᠷᠡᠭᠯᠡᠵᠤ ᠮᠡᠨᠳᠤᠴᠢᠯᠡᠵᠤ ᠢᠷᠡᠭᠰᠡᠨ ᠶᠤᠮ᠃ ᠢᠷᠤᠭᠡᠯᠲᠤ ᠮᠡᠨᠳᠤᠴᠢᠯᠡᠭᠡ ᠪᠤᠯ ᠮᠤᠩᠭᠤᠯᠴᠤᠳ᠎ᠤᠨ ᠬᠠᠮᠤᠭ᠎ᠤᠨ ᠦᠷᠭᠡᠨ ᠲᠡᠯᠭᠡᠷ ᠮᠦᠷᠲᠡᠭᠡᠨ ᠠ᠋ᠳᠤᠷ ᠲᠤᠳᠤᠮ᠎ᠤᠨ ᠠᠮᠢᠳᠤᠷᠠᠯ ᠲᠤᠮᠳᠠ ᠬᠡᠷᠡᠭᠯᠡᠭᠳᠡᠳᠡᠭ᠂ ᠠᠭᠤᠯᠭ᠎ᠠ ᠲᠦᠷᠦᠯ ᠵᠦᠢ᠍ᠯ ᠵᠶ᠋ᠠᠷ ᠬᠠᠮᠤᠭ᠎ᠤᠨ ᠤᠯᠠᠨ᠂ ᠬᠡᠯᠡ ᠬᠡᠯᠡᠯᠭᠡ ᠬᠠᠮᠤᠭ᠎ᠤᠨ ᠪᠠᠶᠠᠯᠢᠭ ᠮᠡᠨᠳᠤᠴᠢᠯᠡᠭᠡᠨ᠎ᠤ ᠰᠤᠶᠤᠯ᠂ ᠵᠠᠩ ᠦᠢ᠍ᠯᠡ ᠵᠢᠨ ᠨᠢᠭᠡᠨ ᠵᠦᠢ᠍ᠯ ᠪᠤᠯᠬᠤ ᠶᠤᠮ᠃

      ᠤᠳᠤ ᠴᠦᠬᠡᠨ ᠲᠣᠭ᠋ᠠᠨ᠎ᠤ ᠠᠬᠠᠮᠠᠳ ᠨᠠᠰᠤᠳᠠᠳ᠎ᠠᠴᠠ ᠪᠤᠰᠤᠳ ᠢᠳᠡᠷ ᠨᠠᠰᠤᠨ᠎ᠤ ᠬᠦᠮᠤᠰ᠎ᠢ ᠪᠠᠭᠳᠠᠭ᠋ᠠᠭᠰᠠᠨ ᠬᠤᠶ᠋ᠢᠴᠢ ᠦᠶ᠎ᠡ ᠵᠢᠨ᠎ᠬᠢᠨ ᠪᠠᠷᠤᠭ ᠯᠡ ᠬᠡᠷᠡᠭᠯᠡᠬᠦ᠎ᠪᠠᠨ ᠪᠤᠯᠢᠭᠰᠠᠨ ᠪᠠᠶ᠋ᠢᠨ᠎ᠠ᠃ ᠠ᠋ᠭᠦᠨ᠎ᠳᠤ ᠵᠠᠷᠢᠮ ᠠᠵᠢᠯ ᠲᠦᠷᠦᠯ᠎ᠨᠢ ᠪᠤᠳᠠᠳᠤ ᠠᠮᠢᠳᠤᠷᠠᠯ᠎ᠳᠤ ᠲᠡᠮᠡᠢ ᠲᠤᠬᠢᠶᠠᠯᠳᠤᠬᠤ ᠦᠭᠡᠢ ᠪᠤᠯᠤᠭᠰᠠᠨ ᠰᠢᠯᠳᠠᠭ᠋ᠠᠨ ᠪᠤᠢ᠃   ᠵᠢᠱ᠌ᠢᠶᠡᠯᠡᠪᠡᠯ᠂ ᠠᠶ᠋ᠢᠷᠠᠭ ᠪᠦᠯᠢᠬᠦ᠂ ᠲᠦᠷᠦᠭᠡ ᠬᠢᠬᠦ᠂ ᠴᠢᠳᠤᠷ ᠵᠠᠩᠬᠢᠳᠬᠤ᠂ ᠢᠰᠡᠬᠡᠢ ᠬᠢᠬᠦ᠂ ᠦᠢ᠍ᠯᠡ ᠣᠶᠤᠳᠠᠯ ᠤᠶᠤᠬᠤ ᠵᠡᠷᠭᠡ᠃ ᠠ᠋ᠭᠦᠨ᠎ᠠᠴᠠ ᠭᠠᠳᠠᠨ᠎ᠠ ᠭᠡᠷ ᠪᠠᠷᠢᠬᠤ᠂ ᠭᠡᠷ ᠨᠡᠬᠦᠬᠦ ᠵᠡᠷᠭᠡ ᠠᠵᠢᠯ ᠲᠦᠷᠦᠯ᠎ᠢ ᠦᠪᠡᠷᠰᠡᠳ ᠵᠶ᠋ᠠᠨ ᠬᠢᠬᠦ ᠪᠢᠰᠢ ᠲᠤᠰᠬᠠᠢ ᠬᠦᠮᠦᠰ᠎ᠲᠤ ᠬᠦᠯᠦᠰᠦ ᠤᠯᠭᠤᠮᠵᠢ ᠦᠭᠭᠦᠨ ᠬᠢᠯᠭᠡᠳᠡᠭ ᠪᠤᠯᠤᠭᠰᠠᠨ ᠵᠡᠷᠭᠡ᠎ᠲᠠᠢ ᠬᠤᠯᠪᠤᠭ᠎ᠠ᠎ᠲᠠᠢ ᠶᠤᠮ᠃   ᠪᠠᠰᠠ ᠨᠠᠰᠤᠳᠠᠶ᠋ᠢᠴᠤᠳ ᠪᠤᠶᠤ ᠠᠬᠠᠮᠠᠳ ᠬᠦᠮᠤᠰ᠎ᠨᠢ ᠬᠡᠤᠬᠡᠳ ᠪᠠᠭ᠋ᠠᠴᠤᠳ᠎ᠤᠨ ᠭᠠᠷ᠎ᠠᠴᠠ ᠶᠠᠭᠤᠮ᠎ᠠ ᠠᠪᠬᠤ ᠦᠶ᠎ᠡ᠎ᠳᠤ᠎ᠪᠠᠨ᠄ 《ᠠᠭᠤᠯᠠ᠎ᠠᠴᠠ ᠦᠨᠳᠤᠷ ᠪᠡᠶ᠎ᠡ᠎ᠲᠠᠢ᠂ ᠤᠰᠤᠨ᠎ᠠᠴᠠ ᠭᠦᠨ ᠠ᠋ᠷᠲᠡᠮ᠎ᠲᠠᠢ ᠪᠤᠯᠤᠭ᠋ᠠᠷᠠᠢ!》᠂ 《ᠵᠠᠭᠤ ᠨᠠᠰᠤᠯᠠ᠂ ᠵᠢᠷᠭᠤᠭ᠋ᠠᠳᠠᠢ ᠲᠠᠶᠠᠭ ᠲᠤᠯᠤᠭ!》᠂ 《ᠤᠷᠳᠤ   ᠨᠠᠰᠤᠯᠠ᠂ ᠤᠳᠠᠭ᠋ᠠᠨ ᠵᠢᠷᠭ᠎ᠠ!》᠂ 《ᠦᠨᠳᠤᠷ ᠬᠦᠤ ᠪᠤᠯᠤᠭ᠋ᠠᠷᠠᠢ!》 ᠭᠡᠬᠦ ᠮᠡᠳᠤ ᠢᠷᠤᠭᠡᠯᠲᠤ ᠮᠡᠨᠳᠤᠴᠢᠯᠡᠭᠡᠨ᠎ᠤ ᠦᠭᠡ ᠬᠡᠯᠡᠳᠡᠭ ᠵᠠᠩ ᠵᠠᠩᠰᠢᠯ᠎ᠲᠠᠢ ᠪᠠᠶ᠋ᠢᠵᠠᠢ᠃ ᠠ᠋ᠳᠦᠭᠡ ᠠ᠋ᠲᠡᠭᠡᠷ ᠢᠷᠤᠭᠡᠯᠲᠤ ᠮᠡᠨᠳᠤᠴᠢᠯᠡᠭᠡ ᠵᠢ ᠪᠤᠯ ᠡᠪᠦᠭᠡ ᠠ᠋ᠮᠡᠭᠡ᠎ᠨᠢ ᠤᠮᠪᠤᠯᠤ ᠲᠤᠮᠪᠤᠯᠤ᠂ ᠦᠪᠡᠷ᠎ᠤᠨ ᠦᠷ᠎ᠡ ᠠᠴᠢ ᠨᠠᠷ᠎ᠲᠤ᠎ᠪᠠᠨ ᠬᠠᠶᠠ ᠨᠢᠭᠡ ᠬᠡᠷᠡᠭᠯᠡᠬᠦ ᠪᠤᠶᠤ ᠵᠢᠯ ᠴᠠᠭ᠋ᠠᠨ ᠰᠠᠷ᠎ᠠ ᠪᠤᠯᠬᠤ᠂ ᠨᠠᠰᠤᠨ ᠪᠠᠶᠠᠷ᠂ ᠬᠤᠷᠢᠮ ᠨᠠᠶ᠋ᠢᠷ ᠵᠡᠷᠭᠡ ᠪᠠᠶᠠᠷ ᠶᠤᠰᠤᠯᠠᠯ᠎ᠤᠨ ᠴᠢᠨᠠᠷᠲᠠᠢ ᠴᠠᠭ ᠮᠦᠴᠠ ᠪᠤᠶᠤ ᠭᠡᠷ ᠬᠤᠳᠠᠯᠠᠭ᠋ᠠᠷ ᠨᠠᠶ᠋ᠢᠷ ᠬᠦᠷ ᠪᠣᠯᠵᠤ ᠪᠠᠶ᠋ᠢᠭ᠎ᠠ ᠨᠡᠯᠢᠶᠡᠳ ᠤᠨᠴᠠᠭ᠋ᠠᠢ ᠪᠠᠶ᠋ᠢᠳᠠᠯ᠎ᠳᠤ ᠯᠡ ᠬᠡᠷᠡᠭᠯᠡᠵᠥ ᠪᠠᠶ᠋ᠢᠭ᠎ᠠ ᠵᠢ ᠭᠠᠷᠭ᠋ᠠᠪᠠᠯ ᠦᠨᠳᠤᠰᠤᠨ᠎ᠳᠤ᠎ᠪᠠᠨ ᠬᠡᠷᠡᠭᠯᠡᠬᠦ᠎ᠪᠠᠨ ᠪᠤᠯᠢᠭᠰᠠᠨ ᠪᠠᠶ᠋ᠢᠨ᠎ᠠ᠃ ᠠ᠋ᠳᠡᠭᠡᠷ ᠢᠷᠤᠭᠡᠯᠲᠤ ᠮᠡᠨᠳᠤᠴᠢᠯᠡᠭᠡ ᠵᠢᠨ ᠬᠠᠷᠢᠭᠤ ᠮᠡᠨᠳᠤᠴᠢᠯᠡᠭᠡ᠎ᠨᠢ ᠨᠡᠯᠢᠶᠡᠳ ᠬᠡᠪᠰᠢᠭᠰᠡᠨ ᠪᠠᠶ᠋ᠢᠳᠠᠭ᠃   ᠶᠡᠬᠡᠩᠬᠢ᠎ᠳᠤ᠎ᠪᠠᠨ 《ᠠᠮᠠᠨ ᠪᠡᠯᠭᠡ᠎ᠠᠴᠠ ᠠᠰᠢᠳᠠ ᠵᠢᠨ ᠪᠡᠯᠭᠡ!》᠂ 《ᠢᠷᠦᠭᠡᠯ ᠪᠠᠳᠥ ᠤᠷᠤᠰᠢᠭ!》᠂ 《ᠢᠷᠦᠭᠡᠯ ᠲᠤᠭᠳᠠᠭ᠍ᠤ ᠪᠤᠯᠳᠤᠭ᠋ᠠᠢ!》᠂ 《ᠦᠯᠵᠡᠶ᠋ᠢᠳᠡᠢ ᠪᠤᠯᠳᠤᠭ᠋ᠠᠢ!》᠂ 《ᠦᠯᠵᠡᠢ ᠤᠷᠤᠰᠢᠭ!》᠂ 《ᠠᠮᠠᠨ ᠢᠷᠦᠭᠡᠯ ᠠᠰᠢᠳᠠ ᠵᠢᠨ ᠪᠡᠯᠭᠡ!》᠂ 《ᠠᠮᠠ ᠦᠯᠵᠡᠶ᠋ᠢᠳᠡᠢ ᠪᠤᠯᠤᠭ!》᠂ 《ᠢᠷᠦᠭᠡᠯ ᠵᠶ᠋ᠠᠷ ᠪᠤᠯᠤᠭ!》᠂ 《ᠠᠮᠠᠨ ᠪᠡᠯᠭᠡ᠎ᠪᠠᠷ ᠪᠤᠯᠤᠭ!》᠂ 《ᠲᠡᠷᠡ ᠪᠡᠯᠭᠡ ᠤᠷᠤᠰᠢᠳᠤᠭ᠋ᠠᠢ!》᠂ 《ᠲᠠᠨ᠎ᠤ ᠢᠷᠦᠭᠡᠯ ᠰᠢᠩᠭᠡᠬᠦ ᠪᠤᠯᠳᠤᠭ᠋ᠠᠢ!》᠂ 《ᠲᠠᠨ᠎ᠤ ᠢᠷᠦᠭᠡᠯ ᠵᠶ᠋ᠠᠷ ᠪᠤᠯᠤᠭ!》᠂ 《ᠢᠷᠦᠭᠡᠯ ᠲᠤᠭᠳᠠᠭ᠍ᠤ ᠪᠤᠯᠳᠤᠭ᠋ᠠᠢ!》᠂ 《ᠢᠷᠦᠭᠡᠯ ᠲᠣᠭᠲᠠᠭ!》᠂ 《ᠲᠡᠶ᠋ᠢᠮᠦ ᠪᠤᠯᠳᠤᠭ᠋ᠠᠢ》 ᠬᠡᠭᠦᠴᠢᠯᠡᠨ ᠠᠯᠢ ᠨᠢᠭᠡᠨ ᠦᠭᠡ ᠪᠠᠶ᠋ᠢᠭᠰᠠᠨ ᠴᠦ᠍ ᠪᠤᠯᠬᠤ ᠶᠤᠮ᠃ ᠠ᠋ᠳᠡᠭᠡᠷ ᠬᠠᠷᠢᠭᠤ ᠮᠡᠨᠳᠤᠴᠢᠯᠡᠭᠡ᠎ᠨᠢ ᠶᠡᠷᠦᠨᠭᠭᠡᠢ᠎ᠳᠤ᠎ᠪᠠᠨ ᠶᠤᠰᠤᠭ᠋ᠠᠷ ᠬᠡᠯᠡᠭᠳᠡᠵᠦ ᠪᠠᠶ᠋ᠢᠭ᠎ᠠ ᠪᠤᠯᠪᠠᠴᠦ ᠬᠡᠯᠡᠨ᠎ᠤ ᠢᠯᠡᠳᠬᠡᠬᠦ ᠠᠷᠭ᠎ᠠ᠂ ᠦᠭᠡ ᠵᠢᠨ ᠪᠠᠶᠠᠯᠢᠭ ᠵᠡᠷᠭᠡ ᠲᠠᠯ᠎ᠠ᠎ᠪᠠᠷ ᠢᠯᠡᠳᠲᠠ ᠶᠠᠳᠠᠭᠤᠷᠠᠵᠦ ᠪᠠᠶ᠋ᠢᠭ᠎ᠠ᠎ᠨᠢ ᠮᠡᠳᠡᠷᠡᠭᠳᠡᠵᠦ ᠪᠠᠶ᠋ᠢᠨ᠎ᠠ᠃ ᠨᠡᠩ ᠴᠦ᠍ ᠵᠠᠯᠠᠭᠤᠴᠤᠳ ᠪᠠᠭ᠋ᠠᠴᠤᠳ ᠦᠨᠳᠤᠰᠤᠨ ᠲᠡᠭᠡᠷ᠎ᠡ᠎ᠪᠠᠨ 《ᠲᠠᠨ᠎ᠳᠤ ᠪᠠᠶᠠᠷᠯᠠᠯ᠎ᠠ!》᠂  《ᠲᠠᠨ᠎ᠳᠤ ᠲᠠᠯᠠᠷᠬᠠᠯ᠎ᠠ!》᠂ 《ᠲᠠᠨ᠎ᠳᠤ ᠮᠠᠰᠢ ᠶᠡᠭᠡ ᠪᠠᠶᠠᠷᠯᠠᠯ᠎ᠠ!》᠂ 《ᠲᠠᠨ᠎ᠳᠤ ᠲᠤᠶ᠋ᠢᠯ ᠵᠶ᠋ᠠᠷ ᠪᠠᠶᠠᠷᠯᠠᠯ᠎ᠠ!》 ᠭᠡᠬᠦ ᠮᠡᠳᠤᠴᠢᠯᠡᠨ ᠲᠦᠭᠦᠮᠴᠢᠯᠡᠭᠰᠡᠨ᠂ ᠦᠭᠡᠷᠡᠳᠡᠭᠦᠯᠦᠭᠰᠡᠨ ᠦᠭᠡ ᠬᠡᠯᠡᠯᠭᠡ ᠵᠢ ᠬᠡᠷᠡᠭᠯᠡᠵᠦ᠂ ᠬᠠᠷᠢᠭᠤ ᠮᠡᠨᠳᠤᠴᠢᠯᠡᠭᠡ ᠪᠤᠯᠭ᠋ᠠᠬᠤ ᠪᠠᠶ᠋ᠢᠳᠠᠯ ᠴᠦ᠍ ᠴᠦᠬᠡᠨ ᠪᠤᠰᠤ ᠲᠤᠬᠢᠶᠠᠯᠳᠤᠬᠤ ᠪᠤᠯᠤᠭᠰᠠᠨ ᠪᠠᠶ᠋ᠢᠨ᠎ᠠ᠃ ᠢᠩᠬᠢᠵᠦ ᠦᠭᠡᠷᠡᠳᠦᠭᠦᠯᠵᠦ ᠪᠠᠶ᠋ᠢᠭ᠎ᠠ ᠵᠢᠨ ᠰᠢᠯᠳᠠᠭ᠋ᠠᠨ᠎ᠨᠢ ᠤᠯᠠᠮᠵᠢᠯᠠᠯᠳᠦ ᠮᠡᠨᠳᠤᠴᠢᠯᠡᠭᠡᠨ᠎ᠤ ᠶᠤᠰᠤ ᠵᠠᠩᠰᠢᠯ᠎ᠢ ᠰᠠᠶ᠋ᠢᠨ ᠮᠡᠳᠡᠬᠦ ᠦᠭᠡᠢ᠂ ᠵᠦᠪᠬᠡᠨ ᠬᠤᠪᠢ ᠬᠦᠮᠤᠨ᠎ᠤ ᠪᠠᠶᠠᠷᠯᠠᠭᠰᠠᠨ ᠰᠡᠳᠬᠢᠯᠭᠡ᠎ᠪᠠᠨ ᠢᠯᠡᠷᠬᠡᠶ᠋ᠢᠯᠡᠵᠤ ᠪᠠᠶ᠋ᠢᠭ᠎ᠠ᠎ᠲᠠᠢ ᠬᠤᠯᠪᠤᠭ᠎ᠠ᠎ᠲᠠᠢ ᠪᠠᠶ᠋ᠢᠵᠦ ᠮᠡᠳᠡᠨ᠎ᠡ ᠭᠡᠵᠦ ᠦᠵᠡᠵᠦ ᠪᠠᠶ᠋ᠢᠨ᠎ᠠ᠃ ᠠ᠋ᠨᠡ᠎ᠨᠢ ᠪᠠᠰᠠ ᠢᠷᠤᠭᠡᠯᠲᠤ ᠮᠡᠨᠳᠤᠴᠢᠯᠡᠭᠡ ᠵᠢᠨ ᠮᠠᠷᠲᠠᠭᠳᠠᠵᠤ ᠬᠠᠶᠠᠭᠳᠠᠵᠤ ᠪᠠᠶ᠋ᠢᠭ᠎ᠠ ᠪᠠ ᠪᠤᠷᠤᠭᠤ᠎ᠪᠠᠷ ᠬᠡᠷᠡᠭᠯᠡᠭᠳᠡᠵᠦ ᠪᠠᠶ᠋ᠢᠭ᠎ᠠ ᠦᠵᠡᠭᠳᠡᠯ᠎ᠤᠳ᠎ᠤᠨ ᠠᠩᠬᠠᠨ᠎ᠤ ᠢᠯᠡᠷᠡᠯ ᠭᠡᠵᠦ ᠤᠶ᠋ᠢᠯᠠᠭ᠋ᠠᠵᠤ ᠪᠤᠯᠤᠨ᠎ᠠ᠃

      ᠵᠢᠷᠭᠤᠭ᠎ᠠ᠂ ᠵᠠᠬᠢᠳᠠᠯ᠎ᠤᠨ ᠮᠡᠨᠳᠤᠴᠢᠯᠡᠭᠡ

      ᠵᠠᠬᠢᠳᠠᠯ᠎ᠤᠨ ᠮᠡᠨᠳᠤᠴᠢᠯᠡᠭᠡ ᠪᠤᠯ ᠠᠮᠠᠨ ᠮᠡᠨᠳᠦᠴᠢᠯᠡᠭᠡ᠎ᠠᠴᠠ ᠢᠯᠭ᠋ᠠᠭ᠎ᠠ᠎ᠲᠠᠢ᠃ ᠵᠠᠬᠢᠳᠠᠯ᠎ᠤᠨ ᠮᠡᠨᠳᠦᠴᠢᠯᠡᠭᠡ᠎ᠳᠤ ᠬᠦᠨᠳᠦᠳᠭᠡᠯ᠎ᠤᠨ ᠦᠭᠡ ᠨᠡᠩ ᠤᠯᠠᠨ ᠬᠡᠷᠡᠭᠯᠡᠳᠡᠭ ᠵᠤᠷᠰᠢᠯ᠎ᠲᠠᠢ᠃ ᠪᠤᠰᠤᠳ ᠲᠦᠷᠦᠯ᠎ᠤᠨ ᠮᠡᠨᠳᠤᠴᠢᠯᠡᠭᠡᠨ᠎ᠳᠤ ᠰᠤᠨᠤᠰᠤᠭᠴᠢ ᠠ᠋ᠳᠡᠭᠡᠳ᠎ᠢ ᠵᠦᠪᠬᠡᠨ 《ᠲᠠ》 ᠭᠡᠬᠦ ᠬᠤᠶᠠᠳᠤᠭ᠋ᠠᠷ ᠪᠡᠶ᠎ᠡ ᠵᠢᠨ ᠲᠦᠯᠦᠭᠡᠨ᠎ᠤ ᠦᠭᠡ ᠵᠢᠨ ᠬᠦᠨᠳᠤᠳᠬᠡᠯ ᠬᠡᠯᠪᠡᠷᠢ᠎ᠪᠠᠷ ᠳᠠᠭᠤᠳᠠᠳᠠᠭ ᠪᠤᠯ ᠵᠠᠬᠢᠲᠠᠯ᠎ᠳᠤ ᠬᠠᠷᠢᠨ ᠬᠦᠨᠳᠤᠳᠭᠡᠯ ᠦᠭᠡ ᠪᠠ ᠠᠪᠤᠭ᠋ᠠᠶ᠋ᠢᠯᠠᠭ᠎ᠠ ᠦᠭᠡ᠎ᠪᠠᠷ ᠲᠠᠭᠤᠳᠠᠳᠠᠭ᠃ ᠵᠢᠱ᠌ᠢᠶ᠎ᠡ᠎ᠨᠢ᠂ ᠪᠠᠭᠰᠢ᠎ᠳᠤ᠎ᠪᠠᠨ ᠵᠠᠬᠢᠲᠠᠯ ᠪᠢᠴᠢᠪᠡᠯ 《ᠠ᠋ᠷᠬᠢᠮ ᠬᠦᠨᠳᠤᠳᠤ ᠪᠠᠭᠰᠢ ᠲᠠᠨ᠎ᠠ᠂ ᠠ᠋ᠳᠦᠭᠡ ᠪᠢ ᠠᠯᠤᠰ ᠭᠠᠵᠠᠷ᠎ᠠᠴᠠ ᠲᠡᠷᠢᠭᠦᠨ ᠮᠡᠬᠦᠶ᠋ᠢᠨ ᠠ᠋ᠷᠬᠢᠮ ᠲᠠᠨ᠎ᠤ ᠠ᠋ᠷᠲᠡᠮ ᠵᠢᠭ᠋ᠠᠭᠰᠠᠨ ᠭᠦᠨ ᠠᠴᠢ᠎ᠳᠤ ᠲᠠᠯᠠᠷᠬᠠᠨ ᠠᠮᠤᠷ ᠠᠮᠤᠭᠤᠯᠠᠩ᠎ᠢ ᠠᠶ᠋ᠢᠯᠠᠳᠬᠠᠨ ᠪᠠᠶ᠋ᠢᠨ᠎ᠠ᠃ ᠲᠠ ᠠᠮᠤᠷᠬᠠᠨ ᠰᠠᠶ᠋ᠢᠨ ᠰᠠᠭ᠋ᠠᠳᠠᠵᠦ ᠪᠠᠶ᠋ᠢᠨ᠎ᠠ ᠤᠤ?》 ᠭᠡᠬᠦ ᠮᠡᠳᠤ᠎ᠪᠠᠷ ᠬᠡᠷᠡᠭᠯᠡᠳᠡᠭ ᠪᠠᠶ᠋ᠢᠨ᠎ᠠ᠃

      ᠵᠢᠱ᠌ᠢᠶ᠎ᠡ ᠨᠢᠭᠡ᠄

     1921 ᠤᠨ᠎ᠤ ᠠ᠋ᠬᠢ᠎ᠪᠠᠷ ᠳ᠋᠊ · ᠰᠦᠬᠡᠪᠠᠭ᠋ᠠᠳᠤᠷ᠎ᠤᠨ ᠠᠬ᠎ᠠ ᠨᠡᠮᠡᠨᠳᠡᠷ᠎ᠲᠤ᠎ᠪᠠᠨ ᠶᠠᠪᠤᠭᠤᠯᠤᠭᠰᠠᠨ ᠵᠠᠬᠢᠳᠠᠯ

     《ᠦᠴᠦᠬᠡᠨ ᠳᠡᠭᠦᠤ ᠰᠦᠬᠡᠪᠠᠭ᠋ᠠᠳᠤᠷ᠎ᠠᠴᠠ

      ᠠ᠋ᠷᠲᠡᠨ᠎ᠤ ᠰᠠᠶ᠋ᠢᠨ ᠢᠷᠦᠭᠡᠯ᠎ᠤᠨ ᠬᠦᠴᠦᠨ ᠵᠶ᠋ᠠᠷ ᠠ᠋ᠨᠡ ᠨᠠᠰᠤᠨ᠎ᠳᠤ ᠰᠠᠳᠤᠨ ᠪᠤᠯᠤᠨ ᠤᠴᠠᠷᠠᠭᠰᠠᠨ᠂ ᠠ᠋ᠷᠬᠢᠮ ᠠᠬ᠎ᠠ ᠨᠡᠮᠡᠨᠳᠡᠷ ᠲᠠᠨ᠎ᠤ ᠰᠠᠨᠠᠭᠰᠠᠨ ᠬᠡᠷᠡᠭ ᠪᠦᠳᠦᠵᠦ᠂ ᠰᠢᠨ᠎ᠡ ᠵᠢᠯ᠎ᠤᠨ ᠪᠠᠶᠠᠷ ᠪᠤᠯᠤᠭᠰᠠᠨ ᠲᠤᠯᠠ ᠮᠠᠰᠢᠲᠠ ᠶᠡᠭᠡ ᠪᠠᠶᠠᠷᠯᠠᠨ ᠲᠦᠮᠡᠨ ᠠᠮᠤᠭᠤᠯᠠᠩ᠎ᠢ ᠠᠶ᠋ᠢᠯᠠᠳᠬᠠᠵᠤ᠂ ᠮᠡᠨᠳᠦ ᠰᠠᠶ᠋ᠢᠨ᠎ᠢ ᠯᠠᠪᠯᠠᠨ᠂ ᠠᠷᠢᠭᠤᠨ ᠴᠠᠭ᠋ᠠᠨ ᠬᠠᠳᠠᠭ᠂ ᠦᠴᠦᠬᠡᠨ ᠵᠠᠬᠢᠳᠠᠯ ᠮᠡᠳᠦᠰ᠎ᠢ ᠠ᠋ᠷᠭᠦᠨ ᠪᠠᠷᠢᠭᠤᠯᠪᠠ᠃

      ᠵᠢᠴᠢ᠂ ᠲᠡᠭᠦᠨ᠎ᠤ ᠮᠢᠨᠢ ᠲᠤᠰ ᠲᠤᠰ᠎ᠤᠨ ᠭᠡᠷ᠎ᠤᠨ ᠬᠤᠲᠠᠯᠠᠭ᠋ᠠᠷ ᠮᠡᠨᠳᠦ ᠰᠠᠶ᠋ᠢᠨ᠎ᠢ ᠲᠡᠭᠦᠪᠡᠷ ᠯᠠᠪᠯᠠᠨ᠂ ᠮᠡᠨᠳᠦ ᠵᠢᠨ ᠬᠠᠷᠢᠭᠤ ᠢᠷᠡᠭᠦᠯᠬᠦ ᠠᠵᠢᠶᠠᠮᠤ ᠁》

      ᠵᠢᠱ᠌ᠢᠶ᠎ᠡ ᠬᠤᠶᠠᠷ᠄

      ᠳ᠋᠊ · ᠰᠦᠬᠡᠪᠠᠭ᠋ᠠᠳᠤᠷ᠎ᠤᠨ ᠵᠠᠯᠾᠭ᠌ᠵᠠ ᠬᠤᠳᠤᠭᠲᠤ ᠳᠠᠮᠳᠢᠨᠪᠠᠽᠠᠷ᠎ᠲᠤ ᠶᠠᠪᠤᠭᠤᠯᠤᠭᠰᠠᠨ ᠵᠠᠬᠢᠳᠠᠯ

     1921 ᠤᠨ᠎ᠤ ᠳᠤᠯᠤᠳᠤᠭ᠋ᠠᠷ ᠰᠠᠷ᠎ᠠ

     《ᠮᠤᠩᠭᠤᠯ ᠠᠷᠠᠳ᠎ᠤᠨ ᠪᠦᠬᠦ ᠴᠡᠷᠢᠭ᠎ᠢ ᠶᠡᠷᠤᠩᠬᠡᠶ᠋ᠢᠯᠡᠨ ᠵᠠᠬᠢᠷᠬᠤ ᠵᠠᠩᠵᠤᠨ ᠬᠢᠴᠢᠶᠡᠩᠭᠦᠶ᠋ᠢᠯᠡᠨ᠄

      ᠨᠤᠮ᠎ᠤᠨ ᠠᠴᠢᠲᠤ ᠪᠠᠭᠰᠢ ᠲᠠᠨ᠎ᠤ ᠠ᠋ᠷᠳᠡᠨᠢᠳᠦ ᠯᠠᠭᠱ᠌ᠠᠨ᠂ ᠲᠦᠮᠡᠨ ᠠᠮᠤᠭᠤᠯᠠᠩ᠎ᠢ ᠠᠯᠤᠰ ᠬᠤᠯᠠ ᠦᠨᠳᠦᠷ ᠠᠭᠤᠯᠠ᠂ ᠦᠷᠭᠡᠨ ᠤᠰᠤᠨ᠎ᠤ ᠳᠠᠯᠳᠠ᠎ᠠᠴᠠ ᠮᠡᠬᠦᠶ᠋ᠢᠨ ᠬᠢᠴᠢᠶᠡᠩᠭᠦᠶ᠋ᠢᠯᠡᠨ ᠨᠠᠮᠠᠨᠴᠢᠯᠠᠨ ᠠᠶ᠋ᠢᠯᠠᠳᠬᠠᠬᠤ᠎ᠠᠴᠠ ᠭᠠᠳᠠᠨ᠎ᠠ ᠵᠠᠬᠢᠳᠠᠯ ᠠ᠋ᠷᠭᠦᠨ ᠰᠤᠩᠭ᠋ᠠᠬᠤ ᠤᠴᠢᠷ ᠁ ᠠ᠋ᠭᠦᠨ᠎ᠤ ᠲᠤᠯᠠ ᠠᠯᠤᠰ ᠬᠤᠯᠠ᠎ᠠᠴᠠ ᠨᠠᠮᠠᠨᠴᠢᠯᠠᠨ ᠠᠮᠤᠭᠤᠯᠠᠩ᠎ᠢ ᠠᠶ᠋ᠢᠯᠠᠳᠬᠠᠵᠤ ᠳᠡᠮᠳᠡᠭ ᠳᠠᠷᠤᠭᠰᠠᠨ ᠵᠠᠬᠢᠳᠠᠯ ᠮᠡᠲᠤᠰ᠎ᠢ ᠠ᠋ᠷᠭᠦᠪᠡ

      ᠤᠯᠠᠨ᠎ᠠ ᠠ᠋ᠷᠭᠦᠭᠳᠡᠭᠰᠡᠨ᠎ᠤ ᠠᠷᠪᠠᠨ ᠨᠢᠭᠡᠳᠦᠭᠡᠷ ᠤᠨ᠂ ᠲᠠᠪᠤᠨ ᠰᠠᠷ᠎ᠠ ᠵᠢᠨ ᠭᠤᠴᠢᠨ》 ᠭᠡᠰᠡᠨ ᠪᠠᠶ᠋ᠢᠨ᠎ᠠ᠃ ᠠ᠋ᠳᠡᠭᠡᠷ ᠪᠤᠳᠠᠳᠤ ᠵᠢᠱ᠌ᠢᠶᠡᠨ᠎ᠠᠴᠠ ᠪᠢᠳᠡ ᠵᠠᠬᠢᠲᠠᠯ᠎ᠤᠨ ᠮᠡᠨᠳᠤᠴᠢᠯᠡᠭᠡ ᠪᠤᠯ ᠠᠮᠠᠨ ᠮᠡᠨᠳᠤᠴᠢᠯᠡᠭᠡᠨ᠎ᠠᠴᠠ ᠨᠡᠩ ᠶᠡᠭᠡ ᠬᠦᠨᠳᠤᠳᠬᠡᠯ᠎ᠲᠠᠢ ᠪᠠᠶ᠋ᠢᠬᠤ ᠶᠤᠰᠤᠳᠠᠢ ᠭᠡᠳᠡᠭ᠎ᠢ ᠤᠶ᠋ᠢᠯᠠᠭ᠋ᠠᠵᠦ ᠪᠤᠯᠤᠨ᠎ᠠ᠃

      ᠤᠳᠤ ᠬᠦᠮᠣᠰ ᠤᠲᠠᠰᠤ᠎ᠪᠠᠷ ᠮᠡᠨᠳᠤᠴᠢᠯᠡᠬᠦ ᠪᠤᠶᠤ ᠢᠮᠸᠯ᠂ ᠤᠬᠤᠷ ᠴᠢᠮᠡᠭᠡ᠂ 《ᠪᠠᠶ᠋ᠢᠨ᠎ᠠ ᠤᠤ》᠎ᠪᠠᠷ ᠮᠡᠨᠳᠤᠴᠢᠯᠡᠬᠦ᠎ᠨᠢ ᠠᠭᠤᠯᠵᠠᠵᠤ ᠮᠡᠨᠳᠤᠴᠢᠯᠡᠬᠦ᠂ ᠵᠠᠬᠢᠲᠠᠯ ᠪᠢᠴᠢᠬᠦ᠎ᠠᠴᠠ ᠬᠠᠷᠢᠴᠠᠩᠭᠤᠢ ᠠᠷᠪᠢᠨ ᠪᠤᠯᠤᠭᠰᠠᠨ ᠲᠤᠯᠠ ᠵᠠᠬᠢᠳᠠᠯ᠎ᠤᠨ ᠮᠡᠨᠳᠤᠴᠢᠯᠡᠭᠡ ᠬᠡᠷᠡᠭᠯᠡᠭᠳᠡᠬᠦ᠎ᠨᠢ ᠢᠯᠡᠳᠲᠡ ᠴᠦᠭᠡᠬᠡᠷᠡᠭᠰᠡᠨ ᠪᠠᠶ᠋ᠢᠨ᠎ᠠ᠃ ᠭᠡᠪᠡᠴᠦ ᠵᠠᠬᠢᠳᠠᠯ ᠪᠢᠴᠢᠬᠦ ᠦᠶ᠎ᠡ᠎ᠳᠤ ᠬᠠᠭᠤᠴᠢᠨ ᠤᠯᠠᠮᠵᠢᠯᠠᠯ ᠵᠶ᠋ᠠᠨ ᠨᠡᠯᠢᠶᠡᠳ ᠪᠦᠷᠢᠨ ᠭᠦᠢ᠍ᠴᠡᠳ ᠪᠠᠷᠢᠮᠳᠠᠯᠠᠵᠦ ᠪᠠᠶ᠋ᠢᠨ᠎ᠠ᠃ ᠠ᠋ᠭᠦᠨ᠎ᠳᠤ ᠦᠪᠦᠷ ᠮᠤᠩᠭᠤᠯ ᠤᠷᠤᠨ᠎ᠳᠤ ᠵᠠᠬᠢᠳᠠᠯ᠎ᠤᠨ ᠲᠡᠭᠦᠰᠬᠡᠯ᠎ᠤᠨ ᠬᠡᠰᠡᠭ᠎ᠤᠨ ᠢᠷᠦᠭᠡᠯ ᠮᠡᠨᠳᠤᠴᠢᠯᠡᠭᠡ᠎ᠨᠢ ᠢᠯᠡᠷᠬᠡᠢ ᠴᠦᠬᠡᠨ ᠬᠡᠷᠡᠭᠯᠡᠭᠳᠡᠬᠦ ᠪᠤᠯᠵᠠᠢ᠃ ᠤᠬᠤᠷ ᠴᠢᠮᠡᠭᠡ᠂ 《ᠪᠠᠶ᠋ᠢᠨ᠎ᠠ ᠤᠤ》᠂ ᠢᠮᠸᠯ᠎ᠳᠤ ᠬᠡᠳᠦᠶ᠋ᠢᠪᠡᠷ ᠦᠰᠦᠭ ᠪᠢᠴᠢᠭ᠎ᠤᠨ ᠬᠡᠯᠪᠡᠷᠢ᠎ᠪᠠᠷ ᠪᠢᠴᠢᠳᠡᠭ ᠪᠤᠯᠪᠠᠴᠤ ᠬᠦᠨᠳᠦᠲᠠᠢ ᠬᠦᠮᠦᠨ᠎ᠳᠤ ᠪᠢᠴᠢᠬᠦ ᠴᠢᠮᠡᠭᠡ ᠪᠢᠰᠢ ᠪᠤᠯ ᠬᠦᠮᠦᠰ ᠮᠡᠨᠳᠤᠴᠢᠯᠡᠭᠡ ᠵᠢ ᠲᠦᠭᠦᠮᠴᠢᠯᠡᠵᠦ ᠭᠠᠭᠴᠠ ᠦᠭᠦᠯᠡᠪᠦᠷᠢ᠎ᠪᠠᠷ ᠲᠠᠭᠤᠰᠬᠠᠵᠦ ᠪᠠᠶ᠋ᠢᠨ᠎ᠠ᠃ ᠤᠯᠠᠩᠬᠢ᠎ᠳᠤ᠎ᠪᠠᠨ ᠰᠢᠭᠤᠳ ᠯᠠ ᠤᠴᠢᠷ ᠵᠶ᠋ᠠᠨ ᠲᠤᠭ᠋ᠠᠴᠢᠳᠠᠭ ᠪᠠᠶ᠋ᠢᠳᠠᠯ ᠤᠯᠠᠨ ᠬᠠᠷᠠᠭᠳᠠᠵᠤ ᠪᠠᠶ᠋ᠢᠨ᠎ᠠ᠃ ᠠ᠋ᠨᠡ᠎ᠨᠢ ᠠᠵᠢᠯ ᠠᠮᠢᠳᠤᠷᠠᠯ᠎ᠤᠨ ᠠᠶ᠋ᠢᠵᠠᠮ ᠬᠤᠷᠳᠤᠨ ᠪᠤᠯᠤᠭᠰᠠᠨ ᠪᠠ ᠤᠯᠠᠮᠵᠢᠯᠠᠯᠲᠤ ᠰᠤᠶᠤᠯ᠎ᠤᠨ ᠭᠡᠭᠡᠭᠳᠡᠵᠦ ᠪᠠᠶ᠋ᠢᠬᠤ ᠵᠡᠷᠭᠡ ᠰᠢᠯᠳᠠᠭ᠋ᠠᠨ᠎ᠲᠠᠢ ᠬᠤᠯᠪᠤᠭ᠋ᠠᠳᠠᠢ ᠪᠠᠶ᠋ᠢᠨ᠎ᠠ᠃

      ᠳᠤᠯᠤᠭ᠎ᠠ᠂ ᠮᠡᠨᠳᠦᠴᠢᠯᠡᠭᠡᠨ᠎ᠤ ᠬᠡᠯᠡ ᠬᠡᠯᠡᠯᠭᠡ ᠵᠢᠨ ᠬᠡᠷᠡᠭᠯᠡᠭᠳᠡᠵᠦ ᠪᠠᠶ᠋ᠢᠭ᠎ᠠ ᠪᠠᠶ᠋ᠢᠳᠠᠯ

      ᠮᠡᠨᠳᠦᠴᠢᠯᠡᠭᠡ ᠪᠤᠯ ᠵᠢᠷ᠎ᠤᠨ ᠠᠰᠠᠭᠤᠯᠲᠠ ᠲᠡᠳᠦᠢ ᠪᠢᠰᠢ᠂ ᠠᠰᠠᠭᠤᠯᠲᠠ ᠪᠦᠬᠦᠨ ᠮᠡᠨᠳᠦᠴᠢᠯᠡᠭᠡ ᠪᠢᠰᠢ᠃ ᠬᠠᠷᠢᠨ 《ᠰᠠᠶ᠋ᠢᠨ ᠰᠠᠶ᠋ᠢᠬᠠᠨ》᠎ᠢ᠎ᠨᠢ ᠠᠰᠠᠭᠤᠳᠠᠭ ᠲᠤᠰᠬᠠᠢ ᠲᠦᠷᠦᠯ᠎ᠤᠨ ᠠᠰᠠᠭᠤᠯᠲᠠ ᠮᠦᠨ᠃ ᠤᠳᠤ ᠨᠡᠶ᠋ᠢᠳᠡᠮ᠎ᠤᠨ ᠴᠢᠨᠠᠷᠲᠠᠢ ᠭᠠᠷᠴᠤ ᠪᠠᠶ᠋ᠢᠭ᠎ᠠ ᠠᠯᠳᠠᠭ᠎ᠠ ᠪᠤᠯ ᠠ᠋ᠨᠡᠬᠦ ᠰᠠᠶ᠋ᠢᠨ ᠰᠠᠶ᠋ᠢᠬᠠᠨ᠎ᠢ᠎ᠨᠢ ᠠᠰᠠᠭᠤᠳᠠᠭ ᠠᠰᠠᠭᠤᠯᠲᠠ ᠵᠢ ᠠ᠋ᠩ᠎ᠤᠨ ᠠᠰᠠᠭᠤᠯᠲᠠ᠎ᠪᠠᠷ ᠤᠷᠤᠯᠠᠭᠤᠯᠵᠤ ᠬᠡᠷᠡᠭᠯᠡᠵᠦ ᠪᠠᠶ᠋ᠢᠭ᠎ᠠ ᠪᠠᠶ᠋ᠢᠳᠠᠯ ᠪᠤᠯᠤᠨ᠎ᠠ᠃

      ᠤᠶ᠋ᠢᠷ᠎ᠠ ᠵᠢᠨ ᠵᠢᠯ᠎ᠤᠳ᠎ᠤᠨ ᠬᠤᠲᠠᠴᠢᠯᠠᠯᠲᠠ ᠪᠠ ᠬᠡᠤᠬᠡᠳ ᠵᠠᠯᠠᠭᠤᠴᠤᠳ ᠳᠡᠩᠳᠡᠭᠦᠤ ᠪᠠᠭ᠎ᠠ᠎ᠠᠴᠠ᠎ᠪᠠᠨ ᠰᠤᠷᠭ᠋ᠠᠭᠤᠯᠢ᠎ᠳᠤ ᠶᠠᠪᠤᠵᠤ᠂ ᠤᠳᠠᠭ᠋ᠠᠨ ᠵᠢᠯ ᠬᠤᠲᠠ ᠭᠠᠵᠠᠷ᠎ᠲᠤ ᠪᠠᠢ᠍ᠢ᠍ᠭᠰᠠᠨ ᠵᠢᠴᠢ ᠶᠡᠭᠡ ᠳᠡᠭᠡᠳᠤ ᠰᠤᠷᠭ᠋ᠠᠭᠤᠯᠢ ᠪᠠ ᠰᠤᠳᠤᠯᠬᠤ ᠤᠶᠤᠲᠠᠳ᠎ᠤᠨ ᠶᠠᠬᠡᠩᠬᠢ᠎ᠨᠢ ᠬᠢᠲᠠᠳ ᠬᠡᠯᠡ᠎ᠪᠠᠷ ᠪᠤᠶᠤ ᠭᠠᠳᠠᠭ᠋ᠠᠳᠤ ᠬᠡᠯᠡ᠎ᠪᠠᠷ ᠬᠦᠮᠦᠵᠢᠯ ᠬᠦᠷᠲᠡᠵᠦ ᠪᠠᠶ᠋ᠢᠭ᠎ᠠ ᠵᠡᠷᠭᠡ ᠰᠢᠯᠳᠠᠭ᠋ᠠᠨ᠎ᠠᠴᠠ ᠪᠤᠯᠵᠤ ᠠ᠋ᠳᠦᠷ ᠲᠤᠲᠤᠮ᠎ᠤᠨ ᠮᠡᠨᠳᠦᠴᠢᠯᠡᠭᠡ᠂ ᠤᠯᠠᠷᠢᠯ᠎ᠤᠨ ᠮᠡᠨᠳᠤᠴᠢᠯᠡᠭᠡ᠂ ᠠᠵᠢᠯ ᠲᠦᠷᠦᠯ᠎ᠤᠨ ᠮᠡᠨᠳᠤᠴᠢᠯᠡᠭᠡ᠂ ᠪᠠᠶᠠᠷ ᠶᠤᠰᠤᠯᠠᠯ᠎ᠤᠨ ᠮᠡᠨᠳᠤᠴᠢᠯᠡᠭᠡ᠂ ᠢᠷᠤᠭᠡᠯᠲᠤ ᠮᠡᠨᠳᠤᠴᠢᠯᠡᠭᠡ᠂ ᠵᠠᠬᠢᠲᠠᠯ᠎ᠤᠨ ᠮᠡᠨᠳᠤᠴᠢᠯᠡᠭᠡ ᠵᠡᠷᠭᠡ ᠵᠢ ᠵᠦᠪᠬᠡᠨ ᠨᠢᠳᠦᠨ ᠠ᠋ᠮᠦᠨᠡᠬᠢ ᠪᠠᠶ᠋ᠢᠳᠠᠯ᠎ᠢ ᠠᠰᠠᠭᠤᠭᠰᠠᠨ ᠠ᠋ᠩ᠎ᠤᠨ ᠠᠰᠠᠭᠤᠯᠲᠠ᠎ᠪᠠᠷ ᠤᠷᠤᠯᠠᠭᠤᠯᠬᠤ ᠦᠵᠡᠭᠳᠡᠯ ᠭᠠᠵᠠᠷ ᠠᠪᠴᠤ ᠪᠠᠶ᠋ᠢᠨ᠎ᠠ᠃ ᠵᠢᠱ᠌ᠢᠶᠡᠯᠡᠪᠡᠯ᠂ ᠦᠷᠯᠦᠭᠡ ᠠ᠋ᠷᠲᠡ ᠲᠠᠮᠢᠷ᠎ᠤᠨ ᠪᠤᠯᠪᠠᠰᠤᠷᠠᠯ᠎ᠳᠤ ᠤᠷᠤᠯᠴᠠᠵᠤ ᠪᠠᠶ᠋ᠢᠭ᠎ᠠ ᠬᠦᠮᠦᠨ᠎ᠠᠴᠠ ᠲᠠᠮᠢᠷ᠎ᠤᠨ ᠪᠤᠯᠪᠠᠰᠤᠷᠠᠯ᠎ᠳᠤ ᠤᠷᠤᠯᠴᠠᠵᠤ ᠪᠠᠶ᠋ᠢᠭ᠎ᠠ ᠵᠢ᠎ᠨᠢ ᠦᠪᠠᠷ ᠵᠶ᠋ᠠᠨ ᠦᠵᠡᠵᠦ ᠬᠠᠷᠠᠵᠤ ᠪᠠᠶ᠋ᠢᠭ᠋ᠠᠳ᠄ 《ᠲᠠᠮᠢᠷ ᠬᠢᠵᠤ ᠪᠠᠶ᠋ᠢᠨ᠎ᠠ ᠤᠤ?》᠂ 《ᠪᠡᠶ᠎ᠡ᠎ᠪᠠᠨ ᠪᠤᠯᠪᠠᠰᠤᠷᠠᠵᠤ ᠪᠠᠶ᠋ᠢᠨ᠎ᠠ ᠤᠤ?》᠂ 《ᠠᠯᠬᠤᠵᠤ ᠪᠠᠶ᠋ᠢᠨ᠎ᠠ ᠤᠤ?》᠂ 《ᠭᠦᠶᠦᠵᠦ ᠪᠠᠶ᠋ᠢᠨ᠎ᠠ ᠤᠤ?》 ᠭᠡᠬᠦᠴᠢᠯᠡᠨ ᠠᠰᠠᠭᠤᠳᠠᠭ᠃ ᠠᠵᠢᠯ᠎ᠳᠤ᠎ᠪᠠᠨ ᠭᠠᠷᠬᠤ᠎ᠪᠠᠷ ᠶᠠᠪᠤᠵᠤ ᠪᠠᠶ᠋ᠢᠭ᠎ᠠ ᠬᠦᠮᠦᠨ᠎ᠲᠠᠢ ᠠᠭᠤᠯᠵᠠᠴᠢᠬᠠᠭ᠋ᠠᠳ᠄ 《ᠠᠵᠢᠯᠯᠠᠭ᠍ᠤ᠎ᠪᠠᠷ ᠶᠠᠪᠤᠵᠤ ᠪᠠᠶ᠋ᠢᠨ᠎ᠠ ᠤᠤ?》 ᠭᠡᠬᠦ; ᠰᠤᠷᠭ᠋ᠠᠭᠤᠯᠢ᠎ᠳᠤ᠎ᠪᠠᠨ ᠤᠴᠢᠬᠤ ᠭᠡᠵᠦ ᠪᠠᠶ᠋ᠢᠭ᠎ᠠ ᠵᠢ᠎ᠨᠢ ᠮᠡᠳᠡᠵᠤ ᠪᠠᠶ᠋ᠢᠭ᠋ᠠᠳ᠄ 《ᠰᠣᠷᠭ᠋ᠠᠭᠤᠯᠢ᠎ᠳᠤ᠎ᠪᠠᠨ ᠶᠠᠪᠤᠵᠦ ᠪᠠᠶ᠋ᠢᠨ᠎ᠠ ᠤᠤ?》᠂ 《ᠬᠢᠴᠢᠶᠡᠯ᠎ᠳᠤ᠎ᠪᠠᠨ ᠶᠠᠪᠤᠵᠤ ᠪᠠᠶ᠋ᠢᠨ᠎ᠠ ᠤᠤ?》 ᠭᠡᠬᠦ; ᠲᠡᠯᠭᠡᠭᠦᠷ ᠲᠤᠲᠤᠷ᠎ᠠ ᠲᠠᠭ᠋ᠠᠷᠠᠴᠢᠬᠠᠭ᠋ᠠᠳ ᠳᠡᠯᠭᠡᠭᠦᠷ ᠲᠤᠭᠤᠷᠢᠵᠤ ᠪᠠᠶ᠋ᠢᠭ᠎ᠠ ᠵᠢ᠎ᠨᠢ ᠬᠠᠷᠠᠵᠤ ᠪᠠᠶ᠋ᠢᠭ᠋ᠠᠳ᠄ 《ᠳᠡᠯᠭᠡᠭᠦᠷ ᠲᠤᠭᠤᠷᠢᠵᠤ ᠪᠠᠶ᠋ᠢᠨ᠎ᠠ ᠤᠤ?》᠂ 《ᠬᠤᠪᠴᠠᠰᠤ ᠠᠪᠬᠤ ᠭᠡᠵᠦ   ᠪᠠᠶ᠋ᠢᠨ᠎ᠠ ᠤᠤ?》᠂ 《ᠭᠠᠭᠴᠠᠭ᠋ᠠᠷ ᠵᠶ᠋ᠠᠨ ᠤᠤ?》᠂ 《ᠬᠤᠪᠴᠠᠰᠤ ᠦᠵᠡᠵᠦ ᠪᠠᠶ᠋ᠢᠨ᠎ᠠ ᠤᠤ?》 ᠭᠡᠬᠦ᠂ ᠵᠡᠭᠡᠯᠢ ᠳᠡᠭᠡᠷ᠎ᠡ ᠠᠭᠤᠯᠵᠠᠭᠰᠠᠨ ᠬᠦᠮᠦᠨ᠎ᠠᠴᠠ᠄ 《ᠵᠡᠭᠡᠯᠢ᠎ᠳᠤ ᠭᠠᠷᠤᠨ᠎ᠠ ᠤᠤ?》᠂ 《ᠵᠡᠭᠡᠯᠢ ᠲᠤᠭᠤᠷᠢᠵᠤ ᠪᠠᠶ᠋ᠢᠨ᠎ᠠ ᠤᠤ?》 ᠭᠡᠬᠦ; ᠬᠡᠤᠬᠡᠳ᠎ᠢᠶᠠᠨ ᠰᠤᠷᠭ᠋ᠠᠭᠤᠯᠢ᠎ᠳᠤ᠎ᠨᠢ ᠬᠦᠷᠭᠡᠵᠦ ᠪᠠᠶ᠋ᠢᠭ᠎ᠠ ᠪᠤᠶᠤ ᠰᠤᠷᠭ᠋ᠠᠭᠤᠯᠢ᠎ᠠᠴᠠ᠎ᠨᠢ ᠲᠤᠰᠤᠭ᠋ᠠᠳ ᠪᠤᠴᠠᠵᠤ ᠶᠠᠪᠤᠭ᠎ᠠ ᠬᠦᠮᠤᠨ᠎ᠲᠠᠢ ᠠᠭᠤᠯᠵᠠᠴᠢᠬᠠᠭ᠋ᠠᠳ᠄ 《ᠬᠡᠤᠬᠡᠳ ᠵᠶ᠋ᠠᠨ ᠬᠦᠷᠭᠡᠭᠰᠡᠨ ᠶᠤᠮ ᠤᠤ  ?》᠂ 《ᠬᠡᠤᠬᠡᠳ ᠵᠶ᠋ᠠᠨ ᠲᠤᠰᠴᠤ ᠪᠠᠶ᠋ᠢᠨ᠎ᠠ ᠤᠤ?》 ᠭᠡᠬᠦ; ᠠᠵᠢᠯ᠎ᠤᠨ ᠭᠠᠵᠠᠷ᠎ᠲᠤ᠎ᠪᠠᠨ ᠠᠭᠤᠯᠵᠠᠴᠢᠬᠠᠭ᠋ᠠᠳ 《ᠶᠠᠭ᠋ᠠᠷᠠᠤ ᠪᠠᠶ᠋ᠢᠨ᠎ᠠ ᠤᠤ?》᠂ 《ᠢᠷᠡᠴᠢᠬᠡᠪᠡ ᠤᠤ?》᠂ 《ᠠ᠋ᠷᠲᠡ ᠢᠷᠡᠵᠤ ᠰᠢᠳᠡ!》 ᠭᠡᠬᠦᠴᠢᠯᠡᠨ ᠠᠰᠠᠭᠤᠭᠰᠠᠨ ᠵᠶ᠋ᠠᠨ ᠮᠡᠨᠳᠦᠴᠢᠯᠡᠵᠦ ᠪᠠᠶ᠋ᠢᠭ᠎ᠠ᠎ᠳᠤ ᠲᠤᠭ᠋ᠠᠴᠢᠳᠠᠭ ᠪᠠᠶ᠋ᠢᠨ᠎ᠠ᠃ ᠵᠠᠯᠠᠭᠤᠴᠤᠳ ᠪᠤᠯ᠄ 《ᠤᠷᠴᠢᠮ ᠶᠠᠭᠤ ᠬᠢᠵᠤ ᠪᠠᠶ᠋ᠢᠨ᠎ᠠ?》᠂ 《ᠶᠠᠭᠤᠨ᠎ᠳᠤ ᠶᠠᠭ᠋ᠠᠷᠠᠵᠤ ᠪᠠᠶ᠋ᠢᠨ᠎ᠠ ᠪᠤᠢ?》 ᠭᠡᠵᠤ ᠨᠡᠩ ᠴᠠᠭ᠋ᠠᠰᠢᠯᠠᠪᠠᠯ᠄ 《ᠪᠠᠶ᠋ᠢᠳᠠᠯ᠎ᠲᠠᠢ ᠤᠤ?》᠂ 《ᠶᠠᠮᠠᠷ ᠪᠠᠶ᠋ᠢᠳᠠᠯ᠎ᠲᠠᠢ ᠪᠠᠶ᠋ᠢᠨ᠎ᠠ?》 ᠭᠡᠵᠦ ᠠᠰᠠᠭᠤᠭᠰᠠᠨ ᠵᠶ᠋ᠠᠨ ᠮᠠᠨᠳᠤᠴᠢᠯᠡᠭᠰᠡᠨ ᠭᠡᠵᠦ ᠪᠤᠳᠤᠵᠤ ᠪᠤᠢ᠃ 《ᠪᠠᠰᠠ ᠴᠢ ᠠᠮᠢᠳᠤ ᠪᠠᠶ᠋ᠢᠭ᠎ᠠ ᠶᠤᠮ ᠤᠤ?》᠂ 《ᠦᠬᠦᠭᠡ ᠦᠭᠡᠢ ᠶᠤᠮ ᠤᠤ?》 ᠭᠡᠵᠤ ᠬᠠᠷᠢᠶᠠᠯᠴᠠᠨ ᠠᠭᠤᠯᠵᠠᠭ᠍ᠤ ᠪᠠᠶ᠋ᠢᠳᠠᠯ ᠴᠤ᠌ ᠬᠠᠶᠠ ᠬᠠᠷᠠᠭᠳᠠᠳᠠᠭ᠎ᠨᠢ ᠬᠠᠴᠢᠷᠬᠠᠯᠲᠠᠢ᠃ ᠠ᠋ᠨᠡ᠎ᠨᠢ ᠠᠮᠢᠳᠤᠷᠠᠯ᠎ᠤᠨ ᠠᠶ᠋ᠢᠵᠠᠮ ᠶᠠᠭ᠋ᠠᠷᠠᠤ᠂ ᠴᠠᠭ ᠠᠷᠪᠢᠯᠠᠵᠤ ᠪᠠᠶ᠋ᠢᠭ᠎ᠠ ᠶᠤᠮ ᠰᠢᠭ ᠬᠠᠷᠠᠭᠳᠠᠪᠠᠴᠤ ᠦᠡᠨᠡ᠎ᠳᠤ᠎ᠪᠠᠨ ᠰᠤᠶᠤᠯ ᠵᠶ᠋ᠠᠨ ᠮᠠᠷᠲᠠᠵᠤ ᠪᠠᠶ᠋ᠢᠭ᠎ᠠ ᠵᠢᠨ ᠢᠯᠡᠷᠡᠯ ᠮᠦᠨ᠃

      ᠮᠤᠩᠭᠤᠯᠴᠤᠳ᠎ᠤᠨ ᠤᠯᠠᠮᠵᠢᠯᠠᠯᠲᠤ ᠰᠤᠶᠤᠯ ᠪᠤᠯ ᠨᠡᠭᠦᠳᠡᠯ ᠮᠠᠯᠵᠢᠯ᠎ᠤᠨ ᠠᠵᠤ ᠠᠬᠤᠢ᠎ᠪᠠᠷ ᠠᠴᠢᠶᠠᠯᠠᠪᠤᠷᠢ ᠪᠤᠯᠭ᠋ᠠᠵᠤ ᠪᠠᠶ᠋ᠢᠭᠰᠠᠨ ᠶᠤᠮ᠃ ᠤᠶ᠋ᠢᠷ᠎ᠠ ᠵᠢᠨ ᠵᠢᠯ᠎ᠳᠤ᠂ ᠶᠡᠭᠡ᠎ᠪᠠᠷ ᠬᠤᠲᠠᠴᠢᠯᠠᠭ᠍ᠤ ᠶᠠᠪᠤᠴᠠ᠎ᠳᠤ ᠬᠤᠲᠠ ᠰᠠᠭᠤᠷᠢᠨ᠎ᠤ ᠠᠮᠢᠳᠤᠷᠠᠯ᠎ᠳᠤ ᠵᠤᠬᠢᠴᠠᠭᠰᠠᠨ ᠰᠢᠨ᠎ᠡ ᠬᠡᠯᠪᠡᠷᠢ ᠵᠢᠨ ᠮᠡᠨᠳᠦᠴᠢᠯᠡᠭᠡ ᠪᠤᠢ ᠪᠤᠯᠵᠤ ᠴᠢᠳᠠᠭᠰᠠᠨ ᠦᠭᠡᠢ᠃ ᠬᠠᠷᠢᠨ ᠪᠤᠰᠤᠳ ᠦᠨᠳᠦᠰᠦᠲᠡᠨ᠎ᠤ ᠮᠡᠨᠳᠦᠴᠢᠯᠡᠭᠡ ᠵᠢᠨ ᠠᠷᠭ᠎ᠠ ᠬᠡᠯᠪᠡᠷᠢ ᠵᠢ ᠪᠦᠳᠦᠭᠦᠯᠢᠭ ᠵᠶ᠋ᠠᠷ ᠤᠷᠴᠢᠭᠤᠯᠵᠤ ᠠᠪᠬᠤ᠂ ᠠ᠋ᠰᠡᠭᠦᠯ᠎ᠡ ᠵᠢᠭᠡᠯᠡᠵᠦ ᠬᠡᠷᠡᠭᠯᠡᠬᠦ᠂ ᠬᠠᠷᠢ ᠬᠡᠯᠡ᠎ᠪᠠᠷ ᠰᠡᠳᠬᠢᠵᠤ ᠦᠪᠡᠷ᠎ᠤᠨ ᠬᠡᠯᠡᠨ ᠳᠡᠭᠡᠷ᠎ᠡ ᠤᠷᠴᠢᠭᠤᠯᠵᠤ ᠬᠡᠷᠡᠭᠯᠡᠬᠦ᠂ ᠠ᠋ᠰᠡᠭᠦᠯ᠎ᠡ ᠨᠠᠶ᠋ᠢᠵᠢ ᠬᠤᠭᠤᠷᠤᠨᠳᠤ᠎ᠪᠠᠨ ᠯᠡ ᠬᠡᠷᠡᠭᠯᠡᠳᠡᠭ ᠵᠢᠵᠢᠭ ᠤᠷᠴᠢᠨ᠎ᠤ ᠬᠡᠯᠡ ᠬᠡᠯᠡᠯᠭᠡ ᠤᠯᠠᠰᠢᠷᠠᠭᠰᠠᠨ ᠵᠡᠷᠭᠡ ᠰᠢᠯᠲᠠᠭ᠋ᠠᠨ᠎ᠠᠴᠠ ᠪᠤᠯᠵᠤ ᠠ᠋ᠶ᠋ᠢᠮᠦᠷᠬᠦᠤ ᠮᠡᠨᠳᠦᠴᠢᠯᠡᠭᠡ ᠪᠢᠰᠢ ᠪᠦᠳᠦᠭᠦᠯᠢᠭ ᠮᠠᠶᠢᠭ᠎ᠤᠨ ᠬᠠᠷᠢᠯᠴᠠᠭ᠍ᠤ ᠠᠷᠭ᠎ᠠ᠎ᠤᠳ ᠳᠡᠯᠭᠡᠷᠡᠵᠤ ᠠ᠋ᠬᠢᠯᠡᠭᠰᠡᠨ ᠪᠠᠶ᠋ᠢᠨ᠎ᠠ᠃ ᠠ᠋ᠨᠡ᠎ᠨᠢ ᠤᠯᠠᠮᠵᠢᠯᠠᠯᠳᠦ ᠰᠤᠶᠤᠯ᠎ᠤᠨ ᠢᠷᠡᠭᠡᠳᠦᠢ ᠵᠢ ᠨᠦᠯᠦᠭᠡᠯᠡᠬᠦ ᠠᠶᠤᠯ᠎ᠲᠠᠢ ᠪᠠᠶ᠋ᠢᠨ᠎ᠠ᠃

      ᠲᠡᠭᠡᠷ᠎ᠡ ᠦᠭᠦᠯᠡᠭᠰᠡᠨ ᠪᠠᠶ᠋ᠢᠳᠠᠯ᠎ᠤᠳ᠎ᠨᠢ ᠬᠡᠳᠦᠶ᠋ᠢᠪᠡᠷ ᠪᠦᠷᠢᠨ ᠭᠦᠢ᠍ᠴᠡᠳ ᠰᠤᠳᠤᠯᠭ᠎ᠠ ᠪᠤᠯᠵᠣ ᠴᠢᠳᠠᠭ᠎ᠠ ᠦᠭᠡᠢ ᠭᠡᠳᠡᠭ ᠪᠤᠯᠪᠠᠴᠦ ᠮᠠᠨ᠎ᠤ ᠦᠨᠳᠤᠰᠤᠲᠡᠨ᠎ᠤ ᠤᠯᠠᠮᠵᠢᠯᠠᠯᠳᠦ ᠮᠡᠨᠳᠤᠴᠢᠯᠡᠭᠡᠨ᠎ᠤ ᠬᠡᠯᠡ ᠬᠡᠯᠡᠯᠭᠡ᠎ᠨᠢ ᠪᠤᠳᠠᠳᠦ ᠬᠡᠷᠡᠭᠯᠡᠭᠡᠨ᠎ᠠᠴᠠ ᠬᠤᠯᠠᠳᠴᠤ ᠮᠠᠷᠲᠠᠭᠳᠠᠵᠤ ᠪᠠᠶ᠋ᠢᠭ᠎ᠠ ᠪᠠ ᠪᠤᠷᠤᠭᠤ ᠬᠡᠷᠡᠭᠯᠡᠭᠳᠡᠬᠦ᠎ᠨᠢ ᠤᠯᠠᠰᠢᠷᠠᠵᠤ ᠪᠠᠶ᠋ᠢᠭ᠎ᠠ ᠪᠠᠶ᠋ᠢᠳᠠᠯ᠎ᠢ ᠨᠢᠭᠡᠨ ᠬᠡᠮᠵᠢᠶᠡᠨ᠎ᠳᠤ ᠬᠠᠷᠠᠭᠤᠯᠵᠤ ᠴᠢᠳᠠᠭ᠍ᠤ ᠶᠤᠮ᠃ ᠠ᠋ᠭᠦᠨ᠎ᠠᠴᠠ ᠭᠠᠳᠠᠨ᠎ᠠ ᠪᠠᠰᠠ ᠬᠢᠲᠠᠳ ᠬᠡᠯᠡᠨ᠎ᠤ ᠬᠡᠷᠡᠭᠯᠡᠭᠡ ᠶᠡᠬᠡᠰᠦᠭᠰᠡᠨ᠎ᠠᠴᠠ ᠬᠢᠲᠠᠳ ᠬᠡᠯᠡ᠎ᠪᠠᠷ ᠮᠡᠨᠳᠤᠴᠢᠯᠡᠬᠦ ᠦᠵᠡᠭᠳᠡᠯ ᠴᠦ᠍ ᠨᠡᠯᠢᠶᠡᠳ ᠨᠡᠮᠡᠭᠳᠡᠵᠦ ᠪᠠᠶ᠋ᠢᠨ᠎ᠠ ᠭᠡᠳᠡᠭ᠎ᠢ ᠭᠡᠯᠡᠭᠦ ᠶᠤᠰᠤᠳᠠᠢ᠃ ᠠ᠋ᠨᠡ ᠦᠵᠡᠭᠳᠡᠯ᠎ᠨᠢ ᠮᠤᠩᠭᠤᠯ ᠬᠡᠯᠡᠨ᠎ᠤ ᠮᠡᠨᠳᠤᠴᠢᠯᠡᠭᠡᠨ᠎ᠤ ᠬᠡᠯᠡ ᠬᠡᠯᠡᠯᠭᠡ᠎ᠳᠤ ᠮᠠᠰᠢ ᠶᠡᠭᠡ ᠨᠦᠯᠦᠭᠡ ᠪᠤᠯᠵᠦ ᠪᠠᠶ᠋ᠢᠨ᠎ᠠ᠃ ᠭᠡᠪᠡᠴᠦ ᠲᠤᠰ ᠦᠭᠦᠯᠡᠯ ᠪᠤᠯ ᠬᠠᠮᠤᠭ᠎ᠤᠨ ᠠ᠋ᠩ᠎ᠤᠨ ᠪᠦᠭᠡᠳ ᠨᠡᠯᠢᠶᠡᠳ ᠲᠦᠭᠡᠮᠡᠯ ᠴᠢᠨᠠᠷᠲᠠᠢ ᠬᠡᠷᠡᠭᠯᠡᠭᠳᠡᠬᠦ ᠬᠡᠯᠡ ᠬᠡᠯᠡᠯᠭᠡ᠎ᠳᠤ ᠬᠢᠵᠠᠭ᠋ᠠᠷᠯᠠᠭᠳᠠᠭᠰᠠᠨ ᠰᠤᠳᠤᠯᠤᠯ ᠪᠤᠯᠬᠤᠷ ᠲᠡᠷᠡ ᠪᠦᠬᠦᠨ᠎ᠢ ᠬᠠᠮᠤᠷᠴᠤ ᠴᠢᠳᠠᠭᠰᠠᠨ ᠦᠭᠡᠢ ᠭᠡᠳᠡᠭ᠎ᠨᠢ ᠮᠡᠳᠡᠭᠡᠵᠢ᠃ ᠪᠤᠳᠠᠳᠤ ᠪᠠᠶ᠋ᠢᠳᠠᠯ᠎ᠢ ᠨᠢᠭᠳᠠᠯᠠᠪᠠᠯ ᠡᠯ᠎ᠡ ᠭᠠᠵᠠᠷ᠎ᠤᠨ   ᠬᠡᠷᠡᠭᠯᠡᠵᠦ ᠵᠠᠩᠰᠢᠭᠰᠠᠨ ᠬᠡᠯᠡᠯᠬᠡ᠂ ᠡᠯ᠎ᠡ ᠠᠮᠠᠨ ᠠᠶᠠᠯᠭᠤᠨ᠎ᠳᠤ ᠨᠡᠩ ᠢᠯᠡᠭᠦᠤ ᠬᠠᠶᠠᠭᠳᠠᠵᠤ ᠭᠡᠭᠡᠭᠳᠡᠭᠰᠡᠨ ᠵᠦᠢ᠍ᠯ ᠪᠠ ᠬᠤᠪᠢᠷᠠᠵᠤ ᠤᠨᠳᠤᠤᠰᠢᠵᠦ᠂ ᠪᠤᠷᠤᠭᠤᠳᠠᠵᠤ ᠪᠠᠶ᠋ᠢᠭ᠎ᠠ ᠪᠠᠶ᠋ᠢᠳᠠᠯ ᠬᠦᠨᠳᠤ ᠨᠤᠴᠢᠳᠠᠢ ᠪᠣᠯᠵᠦ ᠪᠠᠶ᠋ᠢᠭ᠎ᠠ᠎ᠨᠢ ᠲᠠᠮᠵᠢᠭ ᠦᠭᠡᠢ ᠶᠤᠮ᠃ ᠵᠠᠯᠠᠭᠤ ᠨᠢᠭᠡ ᠦᠶ᠎ᠡ ᠵᠢᠨ᠎ᠬᠢᠨ ᠦᠨᠳᠦᠰᠦᠲᠡᠨ᠎ᠤ ᠬᠠᠷᠢᠭᠤᠴᠠᠯᠭ᠋ᠠᠲᠤ ᠰᠡᠳᠬᠢᠯᠭᠡ᠎ᠪᠠᠷ ᠮᠡᠨᠳᠦᠴᠢᠯᠡᠭᠡᠨ᠎ᠤ ᠬᠡᠯᠡ ᠬᠡᠯᠡᠯᠭᠡ᠎ᠪᠠᠨ ᠪᠦᠷᠢᠨ ᠪᠦᠲᠦᠨ ᠵᠦᠪ ᠰᠠᠶ᠋ᠢᠬᠠᠨ ᠦᠪᠯᠡᠵᠦ ᠬᠡᠷᠡᠭᠯᠡᠬᠦ ᠵᠠᠶ᠋ᠢᠯᠠᠰᠢ ᠦᠭᠡᠢ ᠠ᠋ᠭᠦᠷᠭᠡ᠎ᠲᠠᠢ ᠭᠡᠳᠡᠭ᠎ᠢ ᠰᠠᠨᠠᠵᠤ ᠶᠠᠪᠤᠶ᠎ᠠ᠃


     ※ ᠲᠠᠭ᠋ᠠᠯᠳᠤᠭᠤᠯᠤᠯ


      ᠰᠤᠷᠪᠤᠯᠵᠢᠯᠠᠭ᠎ᠠ᠄

     1. ᠠᠯᠠᠱ᠌ᠠ ᠠᠶ᠋ᠢᠮᠠᠭ᠎ᠤᠨ ᠠᠯᠠᠱ᠌ᠠ ᠵᠡᠭᠦᠨ ᠬᠤᠰᠢᠭᠤᠨ᠎ᠤ ᠤᠯᠠᠨᠪᠤᠯᠠᠭ ᠰᠤᠮᠤᠨ᠎ᠤ ᠲᠦᠭᠦᠮ ᠭᠠᠴᠠᠭ᠎ᠠ ᠵᠢᠨ ᠮᠠᠯᠴᠢᠨ ᠯᠢᠩᠬ᠍ᠸ᠎ᠠ (ᠠ᠋ᠮᠡᠭᠲᠡᠢ)᠂ 72 ᠨᠠᠰᠤᠳᠠᠢ᠃

     2. ᠠᠯᠠᠱ᠌ᠠ ᠠᠶ᠋ᠢᠮᠠᠭ᠎ᠤᠨ ᠠᠯᠠᠱ᠌ᠠ ᠵᠡᠭᠦᠨ ᠬᠤᠰᠢᠭᠤᠨ᠎ᠤ ᠤᠯᠠᠨᠪᠤᠯᠠᠭ ᠰᠤᠮᠤᠨ᠎ᠤ ᠲᠦᠭᠦᠮ ᠭᠠᠴᠠᠭ᠎ᠠ ᠵᠢᠨ ᠮᠠᠯᠴᠢᠨ ᠪᠠᠳᠥ (ᠠ᠋ᠷᠡᠭᠲᠡᠢ)᠂ 72 ᠨᠠᠰᠤᠳᠠᠢ᠃

     3. ᠰᠢᠯᠢ ᠵᠢᠨ ᠭᠤᠤᠯ ᠠᠶ᠋ᠢᠮᠠᠭ᠎ᠤᠨ ᠰᠢᠯᠤᠭᠤᠨ ᠬᠥᠬᠡ ᠬᠤᠰᠢᠭᠤᠨ᠎ᠤ ᠱᠠᠩᠳᠦ ᠵᠢᠨ ᠭᠤᠤᠯ ᠪᠠᠯᠭ᠋ᠠᠰᠤᠨ᠎ᠤ ᠪᠠᠶᠠᠩᠭᠤᠤᠯ ᠭᠠᠴᠠᠭ᠎ᠠ ᠵᠢᠨ ᠮᠠᠯᠴᠢᠨ ᠬᠦᠷᠡᠯᠡᠢ (ᠠ᠋ᠮᠡᠭᠲᠡᠢ)᠂ 74 ᠨᠠᠰᠤᠳᠠᠢ᠃

     4. ᠰᠢᠯᠢ ᠵᠢᠨ ᠭᠤᠤᠯ ᠠᠶ᠋ᠢᠮᠠᠭ᠎ᠤᠨ ᠰᠢᠯᠤᠭᠤᠨ ᠬᠥᠬᠡ ᠬᠤᠰᠢᠭᠤᠨ᠎ᠤ ᠰᠠᠩ᠎ᠤᠨ ᠲᠠᠯᠠᠢ ᠪᠠᠯᠭ᠋ᠠᠰᠤᠨ᠎ᠤ ᠮᠤᠩᠭᠤᠯ ᠦᠨᠳᠤᠰᠤᠳᠡᠨ᠎ᠤ ᠪᠠᠭ᠎ᠠ ᠰᠤᠷᠭ᠋ᠠᠭᠤᠯᠢ ᠵᠢᠨ ᠪᠠᠭᠰᠢ ᠦᠯᠵᠡᠶ᠋ᠢᠪᠡᠶᠠᠷ (ᠠ᠋ᠷᠡᠭᠲᠡᠢ)᠂ 46 ᠨᠠᠰᠤᠳᠠᠢ᠃

     5. ᠰᠢᠯᠢ ᠵᠢᠨ ᠭᠤᠤᠯ ᠠᠶ᠋ᠢᠮᠠᠭ᠎ᠤᠨ ᠰᠢᠯᠤᠭᠤᠨ ᠬᠥᠬᠡ ᠬᠤᠰᠢᠭᠤᠨ᠎ᠤ ᠮᠤᠩᠭᠤᠯ ᠦᠨᠳᠤᠰᠤᠳᠡᠨ᠎ᠤ ᠪᠠᠭ᠎ᠠ ᠰᠤᠷᠭ᠋ᠠᠭᠤᠯᠢ ᠵᠢᠨ ᠪᠠᠭᠰᠢ ᠤᠯᠠᠭ᠋ᠠᠨᠴᠡᠴᠡᠭ (ᠠ᠋ᠮᠡᠭᠲᠡᠢ)᠂ 46 ᠨᠠᠰᠤᠳᠠᠢ᠃

     6. ᠠᠯᠠᠱ᠌ᠠ ᠠᠶ᠋ᠢᠮᠠᠭ᠎ᠤᠨ 《ᠠᠭ᠋ᠠᠷᠤ》 ᠮᠤᠩᠭᠤᠯ ᠠ᠋ᠮᠨᠡᠯᠭᠡ ᠵᠢᠨ ᠬᠤᠷᠢᠶ᠎ᠠ ᠵᠢᠨ ᠠ᠋ᠮᠴᠢ ᠳᠠᠯᠠᠨᠪᠠᠶᠠᠷ (ᠠ᠋ᠷᠡᠭᠲᠡᠢ)᠂ 49 ᠨᠠᠰᠤᠲᠠᠢ᠃

     7. ᠠᠯᠠᠱ᠌ᠠ ᠠᠶ᠋ᠢᠮᠠᠭ᠎ᠤᠨ ᠠᠯᠠᠱ᠌ᠠ ᠵᠡᠭᠦᠨ ᠬᠤᠰᠢᠭᠤᠨ᠎ᠤ ᠴᠤᠭᠲᠤᠬᠦᠢ᠍ᠷᠢᠶ᠎ᠡ ᠰᠤᠮᠤᠨ᠎ᠤ ᠠ᠋ᠮᠨᠡᠯᠭᠡ ᠵᠢᠨ ᠬᠤᠷᠢᠶ᠎ᠠ ᠵᠢᠨ ᠠ᠋ᠮᠴᠢ ᠬᠤᠸᠠᠷ (ᠠ᠋ᠮᠡᠭᠲᠡᠢ)᠂ 48 ᠨᠠᠰᠤᠲᠠᠢ᠃


      ᠯᠠᠪᠯᠠᠯᠳᠠ ᠪᠤᠯᠭ᠋ᠠᠭᠰᠠᠨ ᠨᠣᠮ᠄

     1. 《ᠮᠣᠩᠭᠤᠯ ᠠᠷᠠᠳ᠎ᠤᠨ ᠬᠦᠨᠳᠤᠯᠡᠬᠦ᠂ ᠮᠡᠨᠳᠤᠯᠡᠬᠦ᠂ ᠲᠠᠯᠠᠷᠬᠠᠬᠤ ᠶᠤᠰᠤ》᠂ ᠮᠣᠩᠭᠤᠯ ᠤᠯᠣᠰ᠂ ᠽ᠊ · ᠤᠳᠪᠠᠭᠮᠠᠳ (ᠳ᠋᠊ · ᠳ᠋ᠠᠷᠵᠠ ᠵᠢᠨ ᠬᠦᠷᠪᠡᠭᠦᠯᠭᠡ)᠂ (ᠳ᠋᠊ · ᠰᠦᠬᠡᠪᠠᠭ᠋ᠠᠳᠤᠷ᠎ᠤᠨ ᠦᠢ᠍ᠯᠡ ᠠᠮᠢᠳᠤᠷᠠᠯ᠎ᠲᠠᠢ ᠬᠤᠯᠪᠤᠭᠳᠠᠭ᠍ᠤ ᠪᠠᠷᠢᠮᠲᠠᠲᠤ ᠮᠠᠲᠸᠷᠢᠶᠠᠯ᠎ᠤᠨ ᠠ᠋ᠮᠬᠢᠳᠭᠡᠯ᠂ 1964 ᠤᠨ᠂ ᠭᠤᠴᠢᠨ ᠨᠠᠢ᠍ᠮᠠᠳᠤᠭ᠋ᠠᠷ ᠲᠠᠯ᠎ᠠ)᠂ ᠦᠪᠦᠷ ᠮᠤᠩᠭᠤᠯ᠎ᠤᠨ ᠰᠤᠷᠭ᠋ᠠᠨ ᠬᠦᠮᠦᠵᠢᠯ᠎ᠤᠨ ᠬᠡᠪᠯᠡᠯ᠎ᠤᠨ ᠬᠤᠷᠢᠶ᠎ᠠ᠂ 1986.7᠃

     2. 《ᠬᠠᠮᠤᠭ᠎ᠤᠨ ᠠ᠋ᠷᠬᠢᠮ ᠶᠤᠰᠤᠨ》᠂ ᠬ᠊ · ᠨᠢᠮᠪᠤᠤ᠂ ᠤᠯᠠᠭ᠋ᠠᠨᠪᠠᠭ᠋ᠠᠲᠤᠷ᠂ 1991 ᠤᠨ᠃

     3. 《ᠮᠤᠩᠭᠤᠯ ᠬᠡᠯᠡᠨ᠎ᠤ ᠬᠦᠨᠳᠦᠳᠭᠡᠯ᠎ᠤᠨ ᠦᠭᠡ》᠂ ᠷ᠊ · ᠵᠠᠭᠪᠠᠷᠠᠯ᠂ ᠤᠯᠠᠭ᠋ᠠᠨᠪᠠᠭ᠋ᠠᠲᠤᠷ᠂ 1974 ᠤᠨ᠃

                ᠬᠠᠶᠢᠬ᠄ ᠬᠦᠬᠡᠬᠤᠲᠠ ᠦᠨᠳᠦᠰᠦᠲᠡᠨ᠎ᠤ ᠳᠡᠭᠡᠳᠦ ᠰᠤᠷᠭ᠋ᠠᠭᠤᠯᠢ
                           (ᠲᠤ᠋ · ᠦᠯᠵᠡᠢ᠍ᠢ᠍ᠰᠠᠩ ᠨᠠᠢ᠍ᠢ᠍ᠷᠠᠭᠤᠯᠪᠠ)

                           2019 ᠣᠨ᠎ᠤ 4 ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠮᠤᠩᠭᠤᠯᠴᠤᠳ᠎ᠤᠨ ᠶᠠᠰᠤ ᠮᠦᠯᠵᠢᠭᠦ ᠭᠢᠭᠡᠳ ᠳᠡᠭᠦᠨ᠎ᠲᠠᠢ ᠬᠤᠯᠪᠤᠭᠳᠠᠭᠰᠠᠨ ᠴᠡᠭᠡᠷ ᠶᠤᠰᠤᠨ᠎ᠤ ᠰᠤᠶᠤᠯ
ᠮᠤᠩᠭᠤᠯᠴᠤᠳ᠎ᠤᠨ ᠶᠠᠰᠤ ᠮᠦᠯᠵᠢᠭᠦ ᠭᠢᠭᠡᠳ ᠳᠡᠭᠦᠨ᠎ᠲᠠᠢ ᠬᠤᠯᠪᠤᠭᠳᠠᠭᠰᠠᠨ ᠴᠡᠭᠡᠷ ᠶᠤᠰᠤᠨ᠎ᠤ ᠰᠤᠶᠤᠯ
ᠤᠤᠭ᠋ᠠᠯ ᠰᠤᠶᠤᠯ᠎ᠤᠨ ᠮᠡᠳᠡᠷᠡᠮᠵᠢ᠎ᠲᠠᠢ ᠪᠤᠯᠵᠠᠭ᠋ᠠᠶ᠎ᠠ
《ᠮᠣᠩᠭᠤᠯ᠎ᠤᠨ ᠨᠢᠭᠤᠴᠠ ᠲᠤᠪᠴᠢᠶᠠᠨ》᠎ᠤ ᠰᠤᠷᠭ᠋ᠠᠭᠤᠯᠢ ᠵᠢᠨ ᠬᠦᠷᠢᠶᠡᠨ᠎ᠳᠤ᠎ᠬᠢ ᠤᠩᠰᠢᠯᠭ᠎ᠠ
ᠮᠤᠩᠭᠤᠯ ᠦᠨᠳᠤᠰᠤᠳᠠᠠ᠎ᠤ 《ᠢᠷᠠᠭᠤ ᠨᠠᠶ᠋ᠢᠷᠠᠭ ᠵᠶ᠋ᠠᠷ ᠭᠡᠤᠭᠡᠳ ᠬᠥᠮᠤᠵᠢᠬᠦᠯᠬᠦ ᠤᠬᠠᠭ᠋ᠠᠠ》
 
             蒙ICP备05000248号