ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠰᠣᠶᠣᠯ ᠣᠯᠠᠮᠵᠢᠯᠠᠯ
ᠮᠤᠩᠭᠤᠯ ᠦᠨᠳᠤᠰᠤᠳᠠᠠ᠎ᠤ 《ᠢᠷᠠᠭᠤ ᠨᠠᠶ᠋ᠢᠷᠠᠭ ᠵᠶ᠋ᠠᠷ ᠭᠡᠤᠭᠡᠳ ᠬᠥᠮᠤᠵᠢᠬᠦᠯᠬᠦ ᠤᠬᠠᠭ᠋ᠠᠠ》
ᠨᠡᠶ᠋ᠢᠲᠡᠯᠡᠭᠰᠡᠨ ᠴᠠᠭ᠄ 2019-01-11

                                                      ᠳ᠋᠊ · ᠪᠠᠳᠤᠨᠠᠰᠤᠠ

      ᠰᠤᠷᠭ᠋ᠠᠠ ᠬᠥᠮᠤᠵᠢᠯ ᠪᠤᠯ ᠨᠠᠷᠢᠠ ᠪᠤᠳᠤᠯᠢᠶᠠᠨ᠎ᠲᠠᠢ ᠰᠡᠳᠬᠢᠬᠦᠢ ᠵᠢᠨ ᠠᠵᠢᠯᠯᠠᠭ᠎ᠠ ᠪᠤᠯᠬᠤ ᠶᠤᠮ᠃ ᠲᠡᠷᠠ᠎ᠨᠢ ᠳᠤᠬᠠᠢ ᠵᠢᠨ ᠦᠨᠳᠤᠰᠤᠳᠠᠠ ᠤᠭᠰᠠᠭ᠋ᠠᠳᠠᠠ᠎ᠤ ᠳᠡᠯᠡᠭᠡᠢ ᠶᠢᠷᠳᠢᠨᠴᠤ ᠵᠢᠨ ᠪᠤᠳᠡᠰ᠎ᠤᠨ ᠦᠵᠡᠭᠳᠡᠯ᠎ᠤᠨ ᠳᠤᠬᠠᠢ ᠳᠠᠶ᠋ᠢᠯᠤᠮᠵᠢ᠂ ᠠᠮᠢᠳᠤᠷᠠᠯ ᠪᠤᠶᠤ ᠶᠢᠷᠳᠢᠨᠴᠤ ᠵᠢᠨ ᠳᠤᠬᠠᠢ ᠦᠵᠡᠯᠳᠡ ᠳᠠᠨᠢᠯᠳᠠ᠎ᠪᠠᠨ ᠬᠤᠶ᠋ᠢᠴᠢ ᠦᠶ᠎ᠡ᠎ᠳᠤ᠎ᠪᠠᠨ ᠦᠪᠯᠡᠡ ᠤᠯᠠᠮᠵᠢᠯᠠᠭ᠍ᠤ ᠠᠷᠭ᠎ᠠ ᠤᠬᠠᠭ᠋ᠠᠠ ᠪᠤᠯᠵᠤ ᠪᠠᠶ᠋ᠢᠳᠠᠭ᠃ ᠭᠡᠷᠪᠡ ᠡᠪᠦᠭᠡ ᠳᠡᠭᠡᠳᠤᠰ᠎ᠠᠴᠠ᠎ᠪᠠᠨ ᠤᠯᠠᠮᠵᠢᠯᠡᠡ ᠢᠷᠡᠭᠰᠡᠡ ᠬᠠᠮᠤᠭ᠎ᠤᠨ ᠳᠦᠬᠦᠮ᠂ ᠬᠠᠮᠤᠭ᠎ᠤᠨ ᠠᠩᠬᠠᠠ᠎ᠤ ᠰᠤᠷᠭ᠋ᠠᠠ ᠬᠥᠮᠤᠵᠢᠯ ᠪᠠᠶ᠋ᠢᠭᠰᠠᠠ ᠦᠭᠡᠢ ᠪᠤᠯ ᠦᠨᠳᠤᠰᠤᠳᠠᠠ ᠪᠦᠬᠦᠠ ᠦᠪᠡᠷ᠎ᠤᠨ ᠦᠪᠡᠷᠮᠢᠴᠠ ᠰᠢᠨᠵᠢ᠎ᠪᠠᠨ ᠠᠯᠳᠠᠭ᠍ᠤ᠎ᠨᠢ ᠲᠠᠮᠵᠢᠬ ᠦᠭᠡᠢ ᠶᠤᠮ᠃
      ᠰᠤᠷᠭ᠋ᠠᠠ ᠬᠥᠮᠤᠵᠢᠯ᠎ᠢ ᠰᠠᠨᠠᠭ᠋ᠠᠴᠢᠯᠠᠭ᠎ᠠ᠎ᠲᠠᠢ ᠪᠤᠶᠤ ᠰᠠᠨᠠᠭ᠋ᠠᠴᠢᠯᠠᠭ᠋ᠠᠳᠤ ᠪᠤᠰᠤ ᠰᠤᠷᠭ᠋ᠠᠠ ᠬᠥᠮᠤᠵᠢᠯ ᠭᠡᠵᠤ ᠢᠯᠭ᠋ᠠᠵᠤ ᠪᠤᠯᠤᠨ᠎ᠠ᠃ ᠠᠬᠤᠢ ᠶᠢᠷᠳᠢᠨᠴᠤ᠎ᠠᠴᠠ ᠠ᠋ᠬᠦᠰᠦᠭᠰᠡᠡ ᠰᠤᠷᠠᠭ ᠳᠤᠬᠢᠶ᠎ᠡ ᠪᠦᠬᠦᠠ᠎ᠢ ᠭᠡᠤᠭᠡᠳ ᠰᠠᠨᠠᠭ᠋ᠠᠴᠢᠯᠠᠭ᠎ᠠ᠎ᠲᠠᠢ ᠪᠤᠶᠤ ᠰᠠᠨᠠᠭ᠋ᠠᠴᠢᠯᠠᠭ᠎ᠠ ᠦᠭᠡᠢ᠎ᠪᠠᠷ ᠬᠥᠯᠢᠶᠡᠡ ᠠᠪᠴᠤ ᠪᠠᠶ᠋ᠢᠳᠠᠭ᠂ ᠳᠡᠷᠡ ᠪᠤᠯ ᠰᠠᠨᠠᠭ᠋ᠠᠴᠢᠯᠠᠭ᠋ᠠᠳᠤ ᠪᠤᠰᠤ ᠰᠤᠷᠭ᠋ᠠᠠ ᠬᠥᠮᠤᠵᠢᠯ ᠪᠤᠯᠤᠨ᠎ᠠ᠃ ᠵᠢᠱ᠌ᠢᠶᠡᠯᠡᠪᠡᠯ᠄ ᠳᠠᠭᠤᠠ᠎ᠳᠤ ᠠᠪᠢᠶᠠᠰ᠎ᠲᠠᠢ ᠭᠡᠤᠭᠡᠳ ᠭᠡᠡ ᠵᠶ᠋ᠠᠷ ᠴᠤ᠌ ᠵᠢᠭ᠋ᠠᠯᠭ᠋ᠠᠯ ᠦᠭᠡᠢ ᠪᠤᠰᠤᠳ᠎ᠤᠨ ᠳᠠᠭᠤᠯᠠᠭ᠍ᠤ ᠵᠢ ᠳᠠᠭᠤᠷᠢᠶᠡᠡ ᠳᠠᠭᠤᠯᠠᠭᠰᠠᠭ᠋ᠠᠷ ᠪᠠᠶ᠋ᠢᠵᠤ ᠳᠠᠭᠤᠴᠢᠠ ᠪᠤᠯᠬᠤ᠃ ᠪᠢᠳᠡᠡ᠎ᠤ ᠶᠡᠷᠦᠳᠠ ᠵᠢᠨ ᠶᠠᠷᠢᠳᠠᠭ ᠰᠤᠷᠭ᠋ᠠᠠ ᠬᠥᠮᠤᠵᠢᠯ ᠪᠤᠯ ᠰᠤᠷᠭ᠋ᠠᠭᠤᠯᠢ ᠵᠢᠨ ᠰᠤᠷᠭ᠋ᠠᠠ ᠬᠥᠮᠤᠵᠢᠯ᠂ ᠭᠡᠷ ᠪᠦᠯᠢ ᠵᠢᠨ ᠰᠤᠷᠭ᠋ᠠᠠ ᠬᠥᠮᠤᠵᠢᠯ ᠪᠤᠯᠤᠠ ᠨᠡᠶ᠋ᠢᠭᠡᠮ᠎ᠤᠨ ᠰᠠᠨᠠᠭ᠋ᠠᠴᠢᠯᠠᠭ᠋ᠠᠳᠤ ᠰᠤᠷᠭ᠋ᠠᠠ ᠬᠥᠮᠤᠵᠢᠯ᠎ᠢ ᠵᠢᠭ᠋ᠠᠵᠤ ᠪᠠᠶ᠋ᠢᠭ᠎ᠠ ᠶᠤᠮ᠂ ᠠ᠋ᠳᠡᠭᠡᠷ᠎ᠤᠨ ᠳᠤᠳᠤᠷᠡᠬᠢ ᠠᠯᠢᠪᠡ ᠵᠤᠷᠢᠯᠭ᠎ᠠ᠎ᠲᠠᠢ ᠠᠵᠢᠯᠯᠠᠭ᠎ᠠ᠎ᠨᠤᠭᠤᠳ᠎ᠨᠢ ᠴᠦᠮ ᠰᠠᠨᠠᠭ᠋ᠠᠴᠢᠯᠠᠭ᠋ᠠᠳᠤ ᠰᠤᠷᠭ᠋ᠠᠠ ᠬᠥᠮᠤᠵᠢᠯ᠎ᠳᠤ ᠪᠠᠭᠳᠠᠨ᠎ᠠ᠃ ᠰᠤᠷᠭ᠋ᠠᠭᠤᠯᠢ ᠵᠢᠨ ᠰᠤᠷᠭ᠋ᠠᠠ ᠬᠥᠮᠤᠵᠢᠯ ᠪᠤᠯ ᠪᠠᠭᠰᠢ ᠨᠠᠷ ᠭᠡᠤᠭᠡᠳ᠎ᠢ ᠵᠢᠯᠤᠭᠤᠳᠤᠠ ᠪᠠᠶ᠋ᠢᠭ᠋ᠠᠯᠢ ᠨᠡᠶ᠋ᠢᠭᠡᠮ᠎ᠤᠨ ᠠᠯᠢᠪᠠ ᠦᠵᠡᠭᠳᠡᠯ᠎ᠢ ᠰᠠᠨᠠᠭ᠋ᠠᠴᠢᠯᠠᠭ᠎ᠠ᠎ᠲᠠᠢ᠎ᠪᠠᠷ ᠮᠡᠳᠡᠷᠡᠬᠦᠯᠵᠤ ᠶᠠᠮᠠᠷ ᠨᠢᠭᠡᠡ ᠵᠤᠷᠢᠯᠭ᠎ᠠ᠎ᠳᠤ ᠬᠥᠷᠭᠡᠵᠤ ᠪᠠᠶ᠋ᠢᠳᠠᠭ ᠪᠤᠯᠬᠤᠷ ᠳᠡᠬᠦᠠ᠎ᠤ ᠦᠷ᠎ᠡ ᠪᠦᠳᠦᠮᠵᠢ᠎ᠨᠢ ᠳᠤᠳᠤᠷᠬᠠᠢ ᠪᠠᠶ᠋ᠢᠳᠠᠭ᠃ ᠪᠢᠳᠡᠡ᠎ᠤ ᠬᠢᠴᠢᠶᠡᠯ᠎ᠤᠨ ᠳᠠᠩᠬᠢᠮ᠎ᠤᠨ ᠰᠤᠷᠭ᠋ᠠᠠ ᠬᠥᠮᠤᠵᠢᠯ ᠪᠤᠯ ᠪᠦᠬᠦ ᠰᠤᠷᠭ᠋ᠠᠠ ᠬᠥᠮᠤᠵᠢᠯ᠎ᠤᠨ ᠳᠤᠳᠤᠷᠡᠬᠢ ᠳᠤᠩ ᠶᠠᠯᠢᠮ ᠦᠭᠡᠢ ᠭᠡᠰᠡᠭ ᠪᠤᠯᠤᠨ᠎ᠠ᠂ ᠳᠡᠬᠦᠠ ᠵᠶ᠋ᠠᠷ ᠠᠯᠢᠪᠠ ᠰᠤᠷᠭ᠋ᠠᠠ ᠬᠥᠮᠤᠵᠢᠯ᠎ᠢ ᠤᠷᠤᠯᠠᠭᠤᠯᠬᠤ ᠪᠤᠯᠬᠤ ᠦᠭᠡᠢ᠃ ᠲᠠᠢ᠍ᠢ᠍ᠮᠦ ᠮᠦᠷᠳᠡᠭᠡᠨ ᠳᠡᠬᠦᠠ᠎ᠤ ᠪᠠᠭᠳᠠᠭ᠋ᠠᠮᠵᠢ ᠵᠢ ᠠᠯᠢ ᠪᠤᠯᠬᠤᠷ ᠳᠡᠯᠡᠵᠤ ᠶᠠᠩᠵᠤ ᠪᠦᠷᠢ ᠵᠢᠨ ᠠᠷᠭ᠎ᠠ ᠤᠬᠠᠭ᠋ᠠᠠ᠎ᠢ ᠰᠦᠪᠡᠭᠴᠢᠯᠠᠵᠤ ᠴᠢᠳᠠᠪᠠᠯ ᠰᠤᠷᠤᠭᠴᠢᠳ᠎ᠤᠨ ᠤᠯᠬᠤ ᠬᠥᠷᠳᠡᠭᠡᠮᠵᠢ᠎ᠨᠢ ᠨᠡᠩ ᠪᠠᠶᠠᠯᠢᠭ ᠪᠤᠯᠳᠠᠭ᠃ ᠪᠠᠭᠰᠢ ᠵᠢᠨ ᠠ᠋ᠮᠤᠰᠭᠡᠯ ᠵᠠᠰᠠᠯ᠂ ᠦᠭᠡ ᠶᠠᠷᠢᠶ᠎ᠡ᠂ ᠦᠢ᠍ᠯᠠ ᠠᠵᠢᠯᠯᠠᠭ᠎ᠠ᠂ ᠵᠠᠩ ᠴᠢᠨᠠᠷ ᠪᠦᠬᠦᠠ ᠭᠡᠤᠭᠡᠳ᠎ᠤᠨ ᠬᠦᠮᠤᠠ ᠪᠤᠯᠵᠤ ᠬᠥᠮᠤᠵᠢᠭ᠌ᠳᠡᠬᠦ ᠵᠢ ᠨᠦᠯᠦᠭᠡᠯᠡᠨ᠎ᠡ ᠭᠡᠳᠡᠭ ᠪᠤᠯ ᠠ᠋ᠨ᠋ᠨ ᠬᠦ᠌ ᠦᠨᠳᠤᠰᠤᠠ ᠶᠤᠰᠤᠠ᠎ᠤ ᠳᠤᠮᠢᠶᠠᠯᠠᠯ ᠪᠤᠯᠤᠨ᠎ᠠ᠃ ᠠ᠋ᠨ᠋ᠨ ᠳᠤᠬᠠᠢ 《ᠪᠠᠭᠰᠢ ᠵᠢᠨ ᠦᠭᠡ ᠶᠠᠷᠢᠶ᠎ᠡ ᠦᠢ᠍ᠯᠠ ᠠᠵᠢᠯᠯᠠᠭ᠎ᠠ ᠨᠢᠭᠡ ᠪᠦᠷᠢ᠎ᠨᠢ ᠰᠤᠷᠤᠭᠴᠢᠳ᠎ᠤᠨ ᠪᠡᠶ᠎ᠡ ᠰᠡᠳᠬᠢᠯ᠎ᠤᠨ ᠦᠰᠦᠯᠳᠠ ᠵᠢ ᠨᠦᠯᠦᠭᠡᠯᠡᠵᠤ ᠪᠠᠶ᠋ᠢᠳᠠᠭ》 ᠭᠡᠵᠤ ᠪᠸᠺᠤᠠ ᠭᠡᠯᠡᠭᠰᠡᠡ ᠪᠠᠶ᠋ᠢᠳᠠᠭ᠃ ᠡ᠊ᠨᠳᠡ ᠪᠢ ᠰᠤᠷᠭ᠋ᠠᠠ ᠬᠥᠮᠤᠵᠢᠯ᠎ᠤᠨ ᠳᠤᠬᠠᠢ ᠪᠦᠬᠦ ᠳᠠᠯ᠎ᠠ᠎ᠪᠠᠷ ᠳᠡᠯᠭᠡᠡ ᠶᠠᠷᠢᠬᠤ ᠭᠡᠰᠡᠨ ᠪᠢᠰᠢ᠂ ᠬᠠᠷᠢᠨ ᠪᠢᠳᠠᠨ᠎ᠤ ᠡᠪᠦᠭᠡ ᠳᠡᠭᠡᠳᠤᠰ᠎ᠤᠨ ᠢᠷᠠᠭᠤ ᠨᠠᠶ᠋ᠢᠷᠠᠭ᠎ᠤᠨ ᠭᠡᠯᠪᠡᠷᠢ ᠰᠲ᠋ᠢᠯᠢ ᠵᠢ ᠰᠤᠷᠭ᠋ᠠᠠ ᠬᠥᠮᠤᠵᠢᠯ᠎ᠳᠤ ᠭᠡᠷᠬᠢᠠ ᠠᠰᠢᠭᠯᠠᠵᠤ ᠪᠠᠶ᠋ᠢᠭᠰᠠᠠ ᠳᠤᠬᠠᠢ ᠶᠠᠷᠢᠮᠠᠷ ᠪᠠᠶ᠋ᠢᠨ᠎ᠠ᠃
      ᠮᠤᠩᠭᠤᠯ ᠦᠨᠳᠤᠰᠤᠳᠠᠠ ᠢᠷᠠᠭᠤ ᠨᠠᠶ᠋ᠢᠷᠠᠭ ᠵᠶ᠋ᠠᠷ ᠬᠤᠶ᠋ᠢᠴᠢ ᠦᠶ᠎ᠡ ᠵᠢᠨ ᠵᠶ᠋ᠠᠨ ᠤᠢ ᠪᠢᠯᠢᠭ᠎ᠢ ᠬᠤᠷᠴᠠᠯᠠᠠ᠂ ᠵᠦᠪ ᠬᠥᠮᠤᠠ ᠪᠤᠯᠬᠤ ᠴᠢᠭᠯᠡᠯ ᠦᠭᠡᠳᠡ ᠭᠦᠳᠤᠯᠤᠨ ᠲᠠᠭ᠋ᠠᠭᠤᠯᠤᠭᠰᠠᠭ᠋ᠠᠷ ᠢᠷᠡᠪᠡ᠃ ᠳᠡᠬᠦᠠ᠎ᠤ ᠮᠤᠩᠳᠠᠰᠢ ᠦᠭᠡᠢ ᠦᠢ᠍ᠯᠡᠳᠤᠯ᠎ᠢ ᠬᠦᠩᠭᠡᠡ ᠵᠶ᠋ᠠᠷ ᠦᠨᠡᠯᠡᠵᠤ ᠦᠯᠤ ᠪᠤᠯᠤᠨ᠎ᠠ᠃ ᠶᠠᠷᠢᠶᠡᠡ ᠦᠭᠡᠢ ᠬᠥᠮᠤᠠ ᠪᠤᠯᠭ᠋ᠠᠠ ᠢᠷᠠᠭᠤ ᠨᠠᠶ᠋ᠢᠷᠠᠭᠴᠢ ᠪᠤᠯᠬᠤ ᠪᠤᠯᠤᠮᠵᠢ ᠦᠭᠡᠢ ᠪᠦᠭᠡᠳ ᠳᠡᠶ᠋ᠢᠮᠤ ᠴᠢᠬᠤᠯᠠᠴᠢᠯᠠᠭ᠎ᠠ ᠴᠤ᠌ ᠦᠭᠡᠢ᠃ ᠭᠡᠬᠦ᠎ᠳᠤ᠎ᠪᠠᠨ ᠢᠷᠠᠭᠤ ᠨᠠᠶ᠋ᠢᠷᠠᠭ ᠪᠤᠯ ᠰᠠᠨᠠᠭ᠎ᠠ ᠤᠷᠠᠠ᠂ ᠭᠡᠯᠡᠯᠭᠡ ᠭᠤᠴᠤ᠂ ᠴᠡᠭᠡᠵᠢᠯᠡᠬᠦ᠎ᠳᠤ ᠬᠢᠯᠪᠡᠷ ᠪᠠᠶ᠋ᠢᠳᠠᠭ᠎ᠠᠴᠠ ᠮᠤᠩᠭᠤᠯ ᠦᠨᠳᠤᠰᠤᠳᠠᠠ᠎ᠤ ᠬᠠᠮᠤᠭ᠎ᠤᠨ ᠳᠦᠬᠦᠮ᠂ ᠬᠠᠮᠤᠭ᠎ᠤᠨ ᠳᠦᠭᠡᠮᠡᠯ᠂ ᠬᠠᠮᠤᠭ᠎ᠤᠨ ᠠᠩᠬᠠᠠ᠎ᠤ ᠰᠤᠷᠭ᠋ᠠᠠ ᠬᠥᠮᠤᠵᠢᠯ᠎ᠤᠨ ᠪᠠᠭ᠋ᠠᠵᠢ ᠭᠡᠷᠡᠭᠯᠡᠬᠦᠷ ᠪᠤᠯᠤᠭᠰᠠᠭ᠋ᠠᠷ ᠢᠷᠡᠭᠰᠡᠡ ᠪᠠᠶ᠋ᠢᠵᠠᠢ᠃ ᠭᠡᠤᠭᠡᠳ᠎ᠢ ᠠ᠋ᠨ᠋ᠨ ᠶᠢᠷᠳᠢᠨᠴᠤ᠎ᠳᠤ ᠵᠤᠯᠠᠶ᠋ᠢᠳᠠᠠ ᠤᠨᠠᠮᠠᠭᠴᠠ ᠯᠠ ᠠᠴᠢᠳᠤ ᠡᠵᠢ᠎ᠨᠢ ᠢᠷᠠᠭᠤ ᠨᠠᠶ᠋ᠢᠷᠠᠭ ᠵᠶ᠋ᠠᠷ ᠵᠡᠷᠭᠡᠯᠡᠭᠳᠡᠭᠰᠡᠡ ᠪᠦᠪᠡᠢ ᠵᠢᠨ ᠳᠠᠭᠤᠤ ᠠᠶᠠᠯᠵᠤ 《ᠪᠤᠤ ᠠᠶᠤ᠂ ᠪᠤᠤ ᠠᠶᠤ》 ᠭᠡᠵᠤ ᠰᠡᠳᠬᠢᠯ᠎ᠢ᠎ᠨᠢ ᠳᠠᠶ᠋ᠢᠳᠬᠤᠷᠠᠭᠤᠯᠤᠠ ᠬᠠᠳᠠᠭᠤᠵᠢᠭᠤᠯᠳᠠᠭ ᠪᠠᠶ᠋ᠢᠨ᠎ᠠ᠃ ᠳᠡᠭᠡᠭᠡᠳ ᠭᠡᠤᠭᠡᠳ᠎ᠢ ᠭᠡᠯᠡ᠎ᠳᠤ ᠤᠷᠤᠬᠤ᠎ᠲᠠᠢ ᠵᠡᠷᠭᠡ ᠰᠢᠯᠦᠭ ᠴᠡᠭᠡᠵᠢᠯᠡᠬᠦᠯᠤᠠ (ᠭᠡᠯᠡᠴᠠ ᠦᠭᠡ᠂ ᠪᠢᠯᠢᠭ ᠰᠤᠷᠭ᠋ᠠᠯ᠂ ᠶᠢᠷᠳᠢᠨᠴᠤ ᠵᠢᠨ ᠭᠤᠷᠪᠠ᠂ ᠵᠤᠭ᠎ᠠ ᠦᠭᠡ᠂ ᠵᠢᠷᠤᠭ᠎ᠠ ᠦᠭᠡ᠂ ᠠᠷᠠᠳ᠎ᠤᠨ ᠳᠠᠭᠤᠤ ᠵᠡᠷᠭᠡ) ᠤᠨᠢᠰᠤᠭ᠎ᠠ ᠳᠠᠭ᠋ᠠᠯᠭ᠋ᠠᠬᠤ ᠪᠤᠯ ᠤᠯᠠᠠ ᠵᠠᠭᠤᠠ ᠵᠢᠯ᠎ᠤᠨ ᠳᠡᠷᠳᠡᠭᠡ᠎ᠠᠴᠠ ᠤᠯᠠᠮᠵᠢᠯᠠᠭᠳᠠᠵᠤ ᠢᠷᠡᠭᠰᠡᠡ ᠰᠤᠷᠭ᠋ᠠᠠ ᠬᠥᠮᠤᠵᠢᠯ᠎ᠤᠨ ᠨᠢᠭᠡᠡ ᠠᠷᠭ᠎ᠠ ᠪᠤᠯᠤᠨ᠎ᠠ᠃ ᠠ᠋ᠨ᠋ᠨ ᠭᠦ᠌ ᠰᠤᠷᠭ᠋ᠠᠠ ᠬᠥᠮᠤᠵᠢᠯ᠎ᠨᠢ ᠭᠡᠷ ᠪᠦᠯᠢ ᠵᠢᠨ ᠰᠤᠷᠭ᠋ᠠᠠ ᠬᠥᠮᠤᠵᠢᠯ᠎ᠠᠴᠠ ᠠ᠋ᠬᠢᠯᠠᠠ ᠰᠤᠷᠭ᠋ᠠᠭᠤᠯᠢ ᠵᠢᠨ ᠱᠠᠳᠤᠠ᠎ᠤ ᠰᠤᠷᠭ᠋ᠠᠠ ᠬᠥᠮᠤᠵᠢᠯ᠎ᠤᠨ ᠪᠦᠬᠦᠶ᠋ᠢᠯᠠ ᠶᠠᠪᠤᠴᠠ᠎ᠳᠤ ᠳᠤᠭᠤᠰᠢᠳᠠᠢ ᠨᠠᠶ᠋ᠢᠳᠠᠪᠤᠷᠢᠵᠢᠭᠤᠯᠤᠭᠳᠠᠵᠤ ᠪᠠᠶ᠋ᠢᠳᠠᠭ᠃ ᠳᠡᠷᠡ᠎ᠨᠢ ᠭᠡᠤᠭᠡᠳ᠎ᠤᠨ ᠤᠢ ᠪᠢᠯᠢᠭ᠎ᠤᠨ ᠬᠥᠭᠵᠢᠯᠳᠠ᠎ᠳᠤ ᠬᠢᠷᠢ ᠵᠡᠷᠭᠡ ᠦᠭᠬᠦᠭᠡᠵᠢ᠎ᠲᠠᠢ ᠪᠠᠢ᠍ᠢ᠍ᠳᠠᠬ ᠪᠤᠢ?
     1. ᠢᠷᠠᠭᠤ ᠨᠠᠶ᠋ᠢᠷᠠᠭ ᠬᠢᠭᠡᠳ ᠤᠤᠷ ᠰᠤᠶᠤᠯ ᠵᠶ᠋ᠠᠷ ᠵᠶ᠋ᠠᠨ ᠬᠥᠮᠤᠵᠢᠬᠦᠯᠬᠦ ᠵᠢᠨ ᠬᠠᠷᠢᠴᠠᠭ᠎ᠠ
ᠢᠷᠠᠭᠤ ᠨᠠᠶ᠋ᠢᠷᠠᠭ ᠪᠤᠯ ᠮᠤᠩᠭᠤᠯ ᠦᠨᠳᠤᠰᠤᠳᠠᠠ᠎ᠤ ᠤᠷᠠᠠ ᠵᠤᠬᠢᠶᠡᠯ᠎ᠤᠨ ᠬᠠᠮᠤᠭ᠎ᠤᠨ ᠠᠩᠬᠠᠠ᠎ᠤ ᠨᠢᠭᠡᠡ ᠰᠲ᠋ᠢᠯᠢ ᠪᠤᠯᠤᠨ᠎ᠠ᠃ ᠠ᠋ᠷᠳᠡᠡ᠎ᠤ ᠪᠠᠭ᠋ᠠᠳᠤᠷ᠎ᠤᠨ ᠳᠤᠤᠯᠢ᠎ᠨᠤᠭᠤᠳ ᠢᠷᠠᠭᠤ ᠨᠠᠶ᠋ᠢᠷᠠᠭ ᠵᠶ᠋ᠠᠷ ᠢᠯᠡᠳᠭᠡᠬᠦ ᠠᠷᠭ᠎ᠠ᠎ᠪᠠᠨ ᠪᠤᠯᠭ᠋ᠠᠵᠤ ᠠᠷᠠᠳ᠎ᠤᠨ ᠳᠤᠮᠳᠠ ᠠᠮᠠ᠎ᠪᠠᠷ ᠤᠯᠠᠮᠵᠢᠯᠠᠭᠳᠠᠵᠤ ᠢᠷᠡᠪᠡ᠃ ᠳᠡᠬᠦᠠ᠎ᠠᠴᠠ ᠰᠡᠬᠦᠯᠡᠷ ᠠ᠋ᠬᠦᠰᠦᠭᠰᠡᠡ ᠠᠷᠠᠳ᠎ᠤᠨ ᠳᠠᠭᠤᠤ ᠮᠠᠨᠢ ᠴᠤ᠌ ᠢᠷᠠᠭᠤ ᠨᠠᠶ᠋ᠢᠷᠠᠭ ᠪᠠᠶ᠋ᠢᠳᠠᠭ ᠯᠠ ᠳ᠋ᠠ᠃ ᠳᠡᠶ᠋ᠢᠮᠤ᠎ᠠᠴᠠ ᠳᠡᠭᠡᠷ᠎ᠡ ᠦᠶ᠎ᠡ᠎ᠳᠤ ᠬᠥᠮᠤᠰ᠎ᠤᠨ ᠤᠢ ᠪᠢᠯᠢᠭ᠎ᠤᠨ ᠤᠬᠢ ᠬᠠᠨᠳᠠ ᠢᠷᠠᠭᠤ ᠨᠠᠶ᠋ᠢᠷᠠᠭ ᠵᠶ᠋ᠠᠷ ᠢᠯᠡᠷᠡᠡ᠂ ᠦᠢ ᠳᠦᠮᠡᠡ ᠬᠥᠮᠤᠠ ᠠᠷᠠᠳ᠎ᠢ ᠨᠦᠯᠦᠭᠡᠯᠡᠵᠤ ᠪᠠᠶ᠋ᠢᠪᠠ᠃ ᠨᠦᠬᠦᠭᠡᠳᠡᠬᠦᠷ ᠢᠷᠠᠭᠤ ᠨᠠᠶ᠋ᠢᠷᠠᠭ᠎ᠨᠢ ᠪᠠᠰᠠ ᠭᠡᠷᠡᠭᠯᠡᠭᠡᠡ᠎ᠤ ᠵᠤᠬᠢᠶᠡᠯ ᠪᠠᠶ᠋ᠢᠭᠰᠠᠠ ᠶᠤᠮ᠃ ᠦᠰᠦᠭ ᠪᠢᠴᠢᠭ ᠵᠤᠬᠢᠶᠠᠭᠳᠠᠭ᠎ᠠ ᠦᠭᠡᠢ ᠦᠶ᠎ᠡ᠎ᠳᠤ ᠬᠥᠮᠤᠰ ᠢᠷᠠᠭᠤ ᠨᠠᠶ᠋ᠢᠷᠠᠭ ᠵᠶ᠋ᠠᠷ ᠵᠠᠬᠢᠶ᠎ᠡ ᠴᠢᠮᠡᠭᠡ ᠤᠯᠠᠮᠵᠢᠯᠠᠨ ᠰᠠᠨᠠᠭ᠎ᠠ ᠤᠨᠤᠭ᠎ᠠ᠎ᠪᠠᠨ ᠤᠯᠤᠯᠴᠠᠵᠤ ᠪᠠᠶ᠋ᠢᠭᠰᠠᠠ ᠮᠦᠷᠳᠡᠭᠡᠡ ᠦᠰᠦᠭ ᠪᠢᠴᠢᠭ ᠭᠠᠷᠤᠭᠰᠠᠠ᠎ᠤ ᠳᠠᠷᠠᠭ᠎ᠠ ᠴᠤ᠌ ᠭᠡᠰᠡᠡ ᠴᠡᠷᠢᠭ ᠳᠠᠶ᠋ᠢᠠ᠎ᠤ ᠴᠢᠬᠤᠯᠠ ᠨᠢᠭᠤᠴᠠ ᠵᠢ ᠢᠷᠠᠭᠤ ᠨᠠᠶ᠋ᠢᠷᠠᠭ ᠵᠶ᠋ᠠᠷ ᠵᠤᠬᠢᠶᠡᠡ᠂ ᠵᠠᠷᠯᠢᠭ ᠳᠠᠮᠵᠢᠭᠤᠯᠤᠭᠴᠢ᠎ᠳᠤ ᠴᠡᠭᠡᠵᠢᠯᠡᠬᠦᠯᠵᠤ ᠨᠢᠭᠤᠴᠠ ᠵᠢ ᠬᠠᠮᠠᠭ᠋ᠠᠯᠠᠵᠤ ᠪᠠᠶ᠋ᠢᠭᠰᠠᠠ ᠵᠶ᠋ᠠᠷ ᠦᠵᠡᠬᠦ᠎ᠳᠤ ᠢᠷᠠᠭᠤ ᠨᠠᠶ᠋ᠢᠷᠠᠭ ᠪᠤᠯ ᠠ᠋ᠷᠳᠡ ᠦᠶ᠎ᠡ᠎ᠳᠤ ᠤᠳᠤ ᠵᠢᠨ ᠠ᠋ᠨ᠋ᠨ ᠬᠦ᠌ 《ᠤᠳᠠᠰᠤ᠎ᠪᠠᠷ ᠬᠤᠯᠪᠤᠭ᠎ᠠ ᠪᠠᠷᠢᠬᠤ》 ᠠ᠋ᠬᠦᠷᠭᠡ ᠵᠢ ᠬᠥᠢ᠍ᠴᠡᠳᠭᠡᠵᠤ ᠪᠠᠶ᠋ᠢᠵᠠᠢ (ᠬᠤᠯᠪᠤᠭ᠋ᠠᠴᠢᠠ ᠪᠠᠷᠢᠭᠳᠠᠴᠢᠬᠠᠪᠠᠴᠤ ᠳᠠᠶ᠋ᠢᠰᠤᠠ ᠠ᠋ᠳᠡᠭᠡᠳ ᠪᠢᠴᠢᠭ ᠪᠠᠷᠢᠮᠳᠠ ᠵᠢᠨ ᠵᠦᠢ᠍ᠯ ᠤᠯᠵᠤ ᠴᠢᠳᠠᠭ᠍ᠤ ᠦᠭᠡᠢ ᠳᠠᠪᠠᠭᠤᠯᠢᠭ ᠳᠠᠯ᠎ᠠ᠎ᠲᠠᠢ ᠭᠡᠨ᠎ᠡ)᠃ ᠢᠷᠠᠭᠤ ᠨᠠᠶ᠋ᠢᠷᠠᠭ᠎ᠤᠨ ᠴᠡᠭᠡᠵᠢᠯᠡᠵᠤ ᠳᠤᠭᠳᠠᠭ᠋ᠠᠬᠤ᠎ᠳᠤ ᠳᠦᠬᠦᠮ ᠪᠠᠶ᠋ᠢᠳᠠᠭ ᠤᠨᠴᠠᠯᠢᠭ᠎ᠢ ᠠᠰᠢᠭᠯᠠᠠ ᠢᠰᠢᠳᠠᠨᠽᠠᠨᠸᠠᠩᠵᠢᠯ ᠭᠤᠸᠠᠢ ᠡᠮ᠎ᠤᠨ ᠵᠤᠷ᠎ᠢ ᠰᠢᠯᠦᠭ ᠵᠶ᠋ᠠᠷ ᠵᠤᠬᠢᠶᠡᠡ ᠱᠠᠪᠢ ᠨᠠᠷ᠎ᠲᠤ᠎ᠪᠠᠨ ᠴᠡᠭᠡᠵᠢᠯᠡᠬᠦᠯᠵᠤ ᠪᠠᠶ᠋ᠢᠵᠠᠢ᠃ ᠰᠡᠬᠦᠯ᠎ᠤᠨ ᠦᠶ᠎ᠡ᠎ᠳᠤ ᠢᠷᠠᠭᠤ ᠨᠠᠶ᠋ᠢᠷᠠᠭ᠎ᠨᠢ ᠭᠡᠤᠭᠡᠳ᠎ᠢ ᠰᠤᠷᠭ᠋ᠠᠠ ᠬᠥᠮᠤᠵᠢᠬᠦᠯᠬᠦ ᠪᠤᠯᠤᠠ ᠠᠷᠠᠳ ᠤᠯᠠᠠ᠎ᠳᠤ ᠤᠷᠠᠯᠢᠭ᠎ᠤᠨ ᠭᠤᠸ᠎ᠠ ᠳᠠᠭ᠋ᠠᠰᠢᠶᠡᠯ᠎ᠤᠨ ᠬᠥᠷᠳᠡᠭᠡᠮᠵᠢ ᠤᠯᠭᠤᠬᠤ ᠬᠤᠤᠰ ᠠ᠋ᠬᠦᠷᠭᠡ ᠵᠢ ᠠᠴᠢᠶᠠᠯᠠᠵᠤ᠂ ᠬᠥᠮᠤᠠ ᠪᠦᠬᠦᠠ᠎ᠤ ᠤᠶᠤᠠ᠎ᠤ ᠠᠮᠢᠳᠤᠷᠠᠯ᠎ᠤᠨ ᠰᠠᠯᠵᠤ ᠪᠤᠯᠤᠰᠢ ᠦᠭᠡᠢ ᠪᠦᠷᠢᠯᠳᠦᠬᠦᠠ ᠭᠡᠰᠡᠭ ᠪᠤᠯᠤᠭᠰᠠᠠ ᠪᠠᠶ᠋ᠢᠨ᠎ᠠ᠃ ᠵᠢᠱ᠌ᠢᠶᠡᠯᠡᠪᠡᠯ᠄ ᠭᠡᠯᠡᠴᠠ ᠦᠭᠡ᠂ ᠶᠢᠷᠳᠢᠨᠴᠤ ᠵᠢᠨ ᠭᠤᠷᠪᠠ᠂ ᠵᠤᠭ᠎ᠠ ᠦᠭᠡ᠂ ᠵᠢᠷᠤᠭ᠎ᠠ ᠦᠭᠡ ᠭᠡᠭᠦ ᠮᠡᠳᠤᠴᠢᠯᠠᠨ ᠭᠡᠤᠭᠡᠳ ᠬᠥᠮᠤᠵᠢᠬᠦᠯᠬᠦ ᠤᠨᠴᠠᠭ᠋ᠠᠢ ᠭᠡᠯᠪᠡᠷᠢ ᠵᠢᠨ ᠢᠷᠠᠭᠤ ᠨᠠᠶ᠋ᠢᠷᠠᠭ ᠪᠤᠢ ᠪᠤᠯᠵᠤ᠂ ᠤᠨᠢᠰᠤᠭ᠎ᠠ ᠭᠡᠮᠡᠬᠦ ᠭᠡᠤᠭᠡᠳ᠎ᠤᠨ ᠤᠢ ᠪᠢᠯᠢᠭ᠎ᠢ ᠨᠡᠭᠡᠭᠡᠭᠳᠡᠬᠦᠯᠬᠦ ᠪᠠᠰᠠ ᠨᠢᠭᠡᠡ ᠳᠦᠷᠦᠯ᠎ᠤᠨ ᠢᠷᠠᠭᠤ ᠨᠠᠶ᠋ᠢᠷᠠᠭ ᠮᠡᠨᠳᠤᠯᠡᠪᠡ᠃ ᠠ᠋ᠬᠦᠠ᠎ᠤ ᠬᠠᠮᠳᠤ᠂ ᠳᠤᠤᠯᠢ ᠬᠠᠶ᠋ᠢᠯᠠᠭ᠍ᠤ᠎ᠠᠴᠠ ᠤᠯᠠᠷᠢᠭᠰᠠᠠ ᠦᠯᠢᠭᠡᠷ᠂ ᠬᠤᠯᠪᠤᠭ᠎ᠠ᠂ ᠠᠷᠠᠳ᠎ᠤᠨ ᠳᠠᠭᠤᠤ ᠮᠡᠳᠤ ᠵᠢᠨ ᠠᠶ᠎ᠠ ᠳᠠᠭ᠋ᠠᠷᠠᠭᠤᠯᠤᠠ ᠤᠶᠠᠩᠭ᠋ᠠᠯᠠᠭ᠍ᠤ ᠢᠷᠠᠭᠤ ᠨᠠᠶ᠋ᠢᠷᠠᠭ ᠪᠤᠢ ᠪᠤᠯᠵᠤ᠂ ᠬᠦᠮᠤᠰ᠎ᠤᠨ ᠤᠷᠠᠯᠢᠭ᠎ᠤᠨ ᠠᠮᠢᠳᠤᠷᠠᠯ᠎ᠤᠨ ᠭᠤᠤᠯ ᠠᠭᠤᠯᠭ᠎ᠠ ᠪᠤᠯᠵᠠᠢ᠃ ᠠ᠋ᠨ᠋ᠨ ᠬᠢᠷᠢ ᠢᠷᠠᠭᠤ ᠨᠠᠶ᠋ᠢᠷᠠᠭ᠎ᠤᠨ ᠠᠩᠬᠠᠠ᠎ᠤ ᠭᠡᠯᠪᠡᠷᠢ ᠪᠤᠯᠬᠤ ᠢᠷᠦᠭᠡᠯ ᠮᠠᠭᠳᠠᠭ᠋ᠠᠯ ᠴᠤ᠌ ᠬᠥᠭᠵᠢᠯ ᠵᠶ᠋ᠠᠨ ᠠᠯᠳᠠᠭᠰᠠᠠ ᠦᠭᠡᠢ᠃ ᠬᠤᠷᠢᠮ ᠨᠠᠶ᠋ᠢᠷ᠎ᠤᠨ ᠵᠠᠩ ᠦᠢ᠍ᠯᠠ᠎ᠳᠤ ᠨᠡᠪᠴᠢᠠ ᠢᠳᠡᠭᠡᠰᠢᠵᠤ ᠠᠮᠠ᠎ᠲᠠᠢ ᠪᠤᠯᠭ᠋ᠠᠠ ᠬᠤᠯᠪᠤᠭ᠎ᠠ ᠬᠤᠷᠰᠢᠶ᠎ᠡ᠎ᠲᠠᠢ ᠶᠠᠷᠢᠬᠤ ᠰᠤᠶᠤᠯ᠎ᠤᠨ ᠤᠯᠪᠠᠭ᠎ᠠ ᠵᠤᠷᠠᠶ᠋ᠢᠬᠰᠠᠨ ᠪᠠᠶ᠋ᠢᠨ᠎ᠠ᠃ 《ᠮᠤᠩᠭᠤᠯ ᠬᠥᠮᠤᠠ ᠪᠤᠯ ᠰᠢᠯᠦᠭᠴᠢ ᠦᠨᠳᠤᠰᠤᠳᠠᠠ》 ᠭᠡᠳᠡᠭ ᠦᠭᠡ ᠠ᠋ᠶ᠋ᠢᠮᠤ ᠯᠠ ᠳᠡᠤᠭᠡᠡ ᠤᠯᠪᠠᠭ᠎ᠠ᠎ᠲᠠᠢ ᠶᠤᠮ᠃ ᠠ᠋ᠬᠦᠠ᠎ᠠᠴᠠ ᠦᠵᠡᠬᠦᠯ᠎ᠠ᠂ ᠢᠷᠠᠭᠤ ᠨᠠᠶ᠋ᠢᠷᠠᠭ᠎ᠢ ᠰᠤᠨᠢᠷᠬᠠᠵᠤ ᠴᠢᠳᠠᠭ᠍ᠤ᠂ ᠬᠤᠯᠪᠤᠭ᠎ᠠ ᠦᠭᠡ ᠶᠠᠷᠢᠵᠤ ᠴᠢᠳᠠᠭ᠍ᠤ᠂ ᠢᠷᠠᠭᠤ ᠨᠠᠶ᠋ᠢᠷᠠᠭ ᠪᠢᠴᠢᠵᠤ ᠰᠤᠷᠬᠤ᠎ᠨᠢ ᠪᠠᠰᠠ ᠴᠤ᠌ ᠢᠵᠠᠭᠤᠷ ᠰᠤᠶᠤᠯ ᠵᠶ᠋ᠠᠨ ᠬᠠᠶᠠᠭ᠍ᠤ ᠦᠭᠡᠢ ᠬᠤᠶ᠋ᠢᠴᠢ ᠦᠶ᠎ᠡ᠎ᠳᠤ᠎ᠪᠠᠨ ᠦᠪᠯᠡᠡ ᠤᠯᠠᠮᠵᠢᠯᠠᠭ᠍ᠤ ᠰᠤᠷᠭ᠋ᠠᠠ ᠬᠥᠮᠤᠵᠢᠯ᠎ᠤᠨ ᠨᠢᠭᠡᠡ ᠴᠢᠬᠤᠯᠠ ᠠᠭᠤᠯᠭ᠎ᠠ ᠪᠤᠯᠬᠤ ᠠᠵᠢ᠃ ᠳᠠᠷᠤᠢ ᠢᠷᠠᠭᠤ ᠨᠠᠶ᠋ᠢᠷᠠᠭ᠎ᠤᠨ ᠰᠤᠷᠭ᠋ᠠᠠ ᠬᠥᠮᠤᠵᠢᠯ ᠪᠤᠯ ᠤᠵᠠᠭᠤᠷ ᠰᠤᠷᠭ᠋ᠠᠠ ᠬᠥᠮᠤᠵᠢᠯ᠎ᠤᠨ ᠨᠢᠭᠡᠨ ᠭᠡᠰᠡᠭ ᠪᠤᠯᠬᠤ ᠶᠣᠮ᠃ ᠭᠡᠤᠭᠡᠳ᠎ᠤᠳ᠎ᠢ ᠰᠢᠯᠦᠭ ᠰᠤᠨᠢᠷᠬᠠᠬᠤ᠎ᠳᠤ 《ᠰᠢᠯᠦᠭ ᠪᠢᠴᠢᠭᠡᠳ ᠭᠡᠳᠡᠰᠤ᠎ᠪᠠᠨ ᠳᠡᠵᠢᠭᠡᠨ᠎ᠡ ᠤᠤ?》 ᠭᠡᠳᠡᠭ ᠵᠢᠮᠠᠯᠡᠯ ᠪᠤᠯ ᠪᠤᠷᠤᠭᠤ ᠶᠤᠮ᠂ ᠨᠡᠩ ᠴᠤ᠌ ᠰᠢᠯᠦᠭᠴᠢᠳ᠎ᠢ ᠰᠤᠯᠢᠶ᠎ᠡ ᠭᠠᠯᠵᠠᠭᠤ᠎ᠲᠠᠢ ᠬᠥᠮᠤᠠ ᠮᠡᠳᠤ ᠰᠠᠨᠠᠵᠤ 《ᠢᠷᠠᠭᠤ ᠨᠠᠶ᠋ᠢᠷᠠᠭᠴᠢ ᠪᠤᠯᠪᠠᠯ ᠶᠠᠳᠠᠭᠤᠷᠠᠭ᠍ᠤ ᠵᠢᠨ ᠳᠡᠮᠳᠡᠭ》 ᠭᠡᠳᠡᠭ ᠪᠤᠯ ᠢᠷᠠᠭᠤ ᠨᠠᠶ᠋ᠢᠷᠠᠭ᠎ᠤᠨ ᠳᠤᠬᠠᠢ ᠤᠶ᠋ᠢᠯᠠᠭ᠋ᠠᠯᠳᠠ ᠳᠠᠩᠴᠤ ᠮᠡᠬᠦᠰ ᠪᠠᠶ᠋ᠢᠭ᠎ᠠ ᠵᠢᠨ᠎ᠬᠢ ᠪᠢᠯᠠ᠃ ᠭᠡᠯᠡᠯᠭᠡᠡ ᠦᠭᠡᠢ ᠠ᠋ᠨ᠋ᠨ᠎ᠨᠢ ᠭᠠᠭᠴᠠ ᠨᠢᠭᠡ ᠰᠢᠯᠦᠭ ᠪᠢᠴᠢᠮᠡᠭᠴᠠ ᠦᠪᠡᠷ᠎ᠢ᠎ᠪᠠᠨ ᠪᠤᠰᠤᠳ᠎ᠠᠴᠠ ᠳᠠᠪᠠᠭᠰᠠᠠ ᠬᠥᠮᠤᠠ ᠮᠡᠳᠤ ᠰᠠᠨᠠᠵᠤ ᠠ᠋ᠳᠡᠭᠡᠳ ᠰᠤᠨᠢᠠ ᠵᠶ᠋ᠠᠷ ᠠᠭ᠋ᠠᠰᠢᠯᠠᠭ᠍ᠤ ᠪᠤᠶᠤ 《ᠢᠷᠠᠭᠤ ᠨᠠᠶ᠋ᠢᠷᠠᠭᠴᠢ ᠠᠷᠢᠬᠢᠴᠢᠠ ᠪᠠᠶ᠋ᠢᠬᠤ ᠶᠤᠰᠤᠳᠠᠢ》 ᠭᠡᠬᠦ ᠮᠡᠳᠤ᠎ᠪᠠᠷ ᠮᠠᠵᠤᠤᠯᠠᠳᠠᠭ ᠰᠡᠳᠬᠢᠴᠠ ᠵᠢᠨ ᠭᠠᠵᠢᠭ᠎ᠲᠤ ᠤᠨᠠᠭᠰᠠᠠ ᠢᠷᠠᠭᠤ ᠨᠠᠶ᠋ᠢᠷᠠᠭᠴᠢᠳ᠂ ᠬᠥᠮᠤᠰ᠎ᠤᠨ ᠰᠡᠳᠬᠢᠯ᠎ᠳᠤ ᠢᠷᠠᠭᠤ ᠨᠠᠶ᠋ᠢᠷᠠᠭᠴᠢ ᠵᠢᠨ ᠳᠤᠬᠠᠢ ᠰᠤᠯᠤᠭ᠋ᠠᠢ ᠳᠤᠰᠬᠠᠯ ᠦᠯᠡᠳᠡᠭᠡᠭᠰᠡᠡ᠎ᠠᠴᠠ ᠪᠤᠯᠤᠭᠰᠠᠠ ᠪᠠᠶ᠋ᠢᠵᠤ ᠮᠡᠳᠡᠨ᠎ᠡ᠃ ᠢᠷᠠᠭᠤ ᠨᠠᠶ᠋ᠢᠷᠠᠭᠴᠢ ᠪᠤᠯᠭ᠋ᠠᠠ ᠤᠮᠤᠭᠯᠠᠭᠤᠠ ᠠᠭᠰᠤᠮ ᠪᠠᠶ᠋ᠢᠳᠠᠭ ᠪᠢᠰᠢ᠂ ᠮᠠᠰᠢ ᠤᠯᠠᠠ ᠳᠤᠮᠤᠴᠤᠤᠯ ᠢᠷᠠᠭᠤ ᠨᠠᠶ᠋ᠢᠷᠠᠭ᠎ᠲᠤ ᠪᠠᠭ᠍ᠠᠳᠠᠢ ᠪᠠᠶ᠋ᠢᠭᠰᠠᠠ ᠪᠦᠭᠡᠳ ᠳᠡᠳᠡ ᠢᠷᠠᠭᠤ ᠨᠠᠶ᠋ᠢᠷᠠᠭ ᠵᠶ᠋ᠠᠷ ᠰᠡᠳᠬᠢᠯᠭᠡ ᠵᠢᠨ ᠳᠠᠯᠪᠠᠷᠠᠯᠳᠠ᠎ᠪᠠᠨ ᠭᠠᠳᠠᠭᠰᠢᠯᠠᠭᠤᠯᠬᠤ ᠤᠷᠠᠯᠢᠭ᠎ᠤᠨ ᠴᠤᠤᠷᠢᠶ᠎ᠡ ᠪᠤᠯᠭ᠋ᠠᠵᠤ ᠪᠠᠶ᠋ᠢᠭᠰᠠᠠ ᠶᠤᠮ᠃ ᠵᠢᠱ᠌ᠢᠶᠡᠯᠡᠪᠡᠯ᠄ ᠪᠤᠭᠳᠠ ᠴᠢᠩᠬᠢᠰ (《ᠪᠢᠯᠢᠭ ᠰᠤᠷᠭ᠋ᠠᠯ》)᠂ ᠲᠤᠭᠤᠨᠳᠠᠮᠤᠷ ᠬᠠᠭ᠋ᠠᠠ (《ᠭᠡᠮᠰᠢᠯ ᠰᠢᠯᠦᠭ》)᠂ ᠰᠦᠨᠢᠳ᠎ᠤᠨ ᠭᠢᠯᠤᠭᠡᠳᠠᠢ ᠪᠠᠭ᠋ᠠᠳᠤᠷ᠎ᠠᠴᠠ ᠴᠦᠷᠭᠡᠯᠡᠬᠦᠯᠤᠠ ᠨᠤᠶᠠᠠ ᠬᠤᠳᠤᠭᠳᠤ ᠳ᠋ᠠᠨᠽᠠᠠᠷᠠᠪᠵᠠᠢ᠂ ᠢᠰᠢᠳᠠᠨᠽᠠᠠᠸᠠᠩᠵᠢᠯ ᠭᠡᠬᠦ ᠮᠡᠳᠤ᠃ ᠠ᠋ᠷᠳᠡᠮᠳᠡᠡ ᠪᠤᠷᠵᠢᠬᠢᠠ ᠭᠡᠷᠡᠯᠳᠤ ᠭᠤᠸᠠᠢ ᠴᠤ᠌ ᠭᠤᠶᠤ ᠰᠠᠶ᠋ᠢᠬᠠᠠ ᠳᠠᠭᠤᠠ᠎ᠤ ᠦᠭᠡ ᠪᠢᠴᠢᠵᠤ ᠳᠠᠶᠠᠭ᠋ᠠᠷ ᠮᠤᠩᠭᠤᠯᠴᠤᠳ᠎ᠢ ᠪᠠᠶᠠᠰᠬᠠᠭᠰᠠᠠ᠎ᠢ ᠪᠢᠳᠠ ᠪᠦᠬᠦᠠ ᠶᠠᠭᠤᠠ ᠠᠠᠳᠠᠭ᠍ᠤ ᠪᠤᠢ᠃ ᠳᠡᠳᠡ ᠪᠤᠯ ᠢᠷᠠᠭᠤ ᠨᠠᠶ᠋ᠢᠷᠠᠭ᠎ᠤᠨ ᠰᠤᠷᠭ᠋ᠠᠠ ᠬᠥᠮᠤᠵᠢᠯ᠎ᠤᠨ ᠷᠢᠳᠢ ᠰᠢᠳᠢ ᠵᠢ ᠬᠥᠢ᠍ᠴᠡᠳ ᠮᠡᠳᠡᠳᠡᠭ ᠤᠶᠤᠠᠯᠢᠭ ᠬᠥᠮᠤᠰ ᠶᠤᠮ᠃
      ᠮᠠᠠ᠎ᠤ ᠤᠯᠤᠰ᠎ᠨᠢ ᠭᠡᠪ ᠴᠢᠨᠠᠷ᠎ᠤᠨ ᠰᠤᠷᠭ᠋ᠠᠠ ᠬᠥᠮᠤᠵᠢᠯ᠎ᠢ ᠶᠠᠷᠢᠭ᠋ᠠᠳ ᠤᠳᠠᠵᠤ ᠪᠠᠶ᠋ᠢᠭ᠎ᠠ ᠪᠤᠯᠪᠠᠴᠤ ᠪᠠᠰᠠ ᠯᠠ 《ᠰᠤᠷᠪᠠᠯ ᠭᠡᠷᠡᠭᠯᠡᠨ᠎ᠡ᠂ ᠶᠠᠭᠤᠠ᠎ᠳᠤ ᠭᠡᠷᠡᠭᠯᠡᠨ᠎ᠡ? ᠰᠢᠯᠭ᠋ᠠᠯᠳᠠ᠎ᠳᠤ ᠭᠡᠷᠡᠭᠯᠡᠨ᠎ᠡ》 ᠭᠡᠳᠡᠭ ᠦᠷᠦᠭᠡᠰᠤᠯ ᠴᠢᠭᠯᠡᠯ ᠵᠦᠭ ᠳᠤᠶ᠋ᠢᠯᠰᠢᠷᠠᠨ᠂ ᠭᠡᠤᠭᠡᠳ᠎ᠤᠨ ᠤᠢ ᠪᠢᠯᠢᠭ᠎ᠢ ᠨᠡᠭᠡᠭᠡᠭᠳᠡᠬᠦᠯᠬᠦ᠎ᠳᠤ ᠠᠩᠬᠠᠷᠤᠯ ᠳᠠᠯᠪᠢᠬᠤ ᠳᠠᠯ᠎ᠠ᠎ᠪᠠᠷ ᠪᠠᠭᠰᠢ ᠨᠠᠷ ᠪᠤᠶᠤ ᠭᠡᠷ᠎ᠤᠨ ᠠᠬᠠᠮᠠᠳ᠎ᠤᠨ ᠳᠠᠨᠢᠯᠳᠠ ᠠᠳᠠᠯᠢ ᠦᠭᠡᠢ ᠪᠠᠶ᠋ᠢᠬᠰᠠᠭ᠋ᠠᠷ᠃ ᠮᠢᠨᠤ ᠪᠤᠳᠤᠬᠤ᠎ᠪᠠᠷ᠂ ᠭᠡᠤᠭᠡᠳ᠎ᠤᠨ ᠰᠡᠳᠬᠢᠬᠦᠢ ᠵᠢ ᠨᠡᠭᠡᠭᠡᠭᠳᠡᠬᠦᠯᠬᠦ ᠪᠤᠯ ᠮᠠᠠ᠎ᠤ ᠰᠤᠷᠭ᠋ᠠᠠ ᠬᠥᠮᠤᠵᠢᠯ᠎ᠤᠨ ᠬᠠᠮᠤᠭ᠎ᠤᠨ ᠦᠨᠳᠤᠰᠤᠠ ᠵᠤᠷᠢᠯᠳᠠ ᠶᠤᠮ᠂ ᠰᠡᠳᠬᠢᠬᠦᠢ᠎ᠨᠢ ᠨᠡᠭᠡᠭᠡᠭᠳᠡᠭᠰᠡᠡ ᠭᠡᠤᠭᠡᠳ ᠬᠤᠵᠢᠮ ᠰᠠᠶᠢ ᠦᠢ᠍ᠯᠡᠰ ᠪᠦᠳᠦᠭᠡᠵᠤ ᠴᠢᠳᠠᠨ᠎ᠠ᠃ ᠳᠡᠭᠡᠪᠡᠯ ᠰᠢᠯᠦᠭ ᠴᠤᠬᠤᠮ ᠭᠡᠤᠭᠡᠳ᠎ᠤᠨ ᠰᠡᠳᠬᠢᠬᠦᠢ ᠵᠢ ᠨᠡᠭᠡᠭᠡᠭᠳᠡᠬᠦᠯᠬᠦ᠎ᠳᠤ ᠦᠢ᠍ᠯᠡᠳᠤᠯ ᠭᠠᠷᠭ᠋ᠠᠵᠤ ᠴᠢᠳᠠᠨ᠎ᠠ ᠤᠤ᠂ ᠦᠭᠡᠢ ᠤᠤ?
     2. ᠢᠷᠠᠭᠤ ᠨᠠᠶ᠋ᠢᠷᠠᠭ ᠬᠢᠭᠡᠳ ᠰᠡᠳᠬᠢᠬᠦᠢ ᠵᠢᠨ ᠬᠥᠭᠵᠢᠯ᠎ᠤᠨ ᠬᠠᠷᠢᠴᠠᠭ᠎ᠠ
      ᠠᠶ᠋ᠢᠨᠰᠲᠸᠨ᠄ 《ᠳᠦᠷᠰᠦᠯᠡᠡ ᠪᠣᠳᠤᠬᠤ ᠪᠤᠯ ᠮᠡᠳᠡᠯᠭᠡ᠎ᠠᠴᠠ ᠬᠤᠯᠠ ᠴᠢᠬᠤᠯᠠ ᠶᠤᠮ᠃ ᠤᠴᠢᠷ᠎ᠨᠢ ᠮᠡᠳᠡᠯᠭᠡ ᠪᠤᠯ ᠭᠢᠵᠠᠭ᠋ᠠᠷ᠎ᠲᠠᠢ ᠪᠠᠶ᠋ᠢᠬᠤ᠎ᠳᠤ ᠳᠦᠷᠰᠦᠯᠡᠡ ᠪᠤᠳᠤᠬᠤ᠎ᠨᠢ ᠶᠢᠷᠳᠢᠨᠴᠤ ᠵᠢᠨ ᠠᠯᠢᠪᠠ ᠵᠢ ᠪᠠᠭᠳᠠᠭ᠋ᠠᠠ ᠳᠠᠪᠰᠢᠯᠳᠠ ᠵᠢ ᠠᠬᠢᠭᠤᠯᠳᠠᠭ ᠪᠦᠭᠡᠳ ᠮᠡᠳᠡᠯᠭᠡ ᠵᠢᠨ ᠤᠯᠠᠠ ᠬᠤᠪᠢᠰᠬᠤ ᠠ᠋ᠬᠢ ᠪᠤᠯᠠᠭ ᠪᠤᠯᠵᠤ ᠪᠠᠶ᠋ᠢᠳᠠᠭ》 ᠭᠡᠵᠠᠢ᠃ ᠠ᠋ᠨ᠋ᠨ ᠪᠤᠯ ᠭᠡᠤᠭᠡᠳ᠎ᠤᠨ ᠰᠡᠳᠬᠢᠴᠠ ᠵᠢ ᠨᠡᠭᠡᠭᠡᠭᠳᠡᠬᠦᠯᠬᠦ᠎ᠨᠢ ᠮᠡᠳᠡᠯᠭᠡ ᠬᠤᠷᠠᠮᠳᠤᠭᠤᠯᠬᠤ᠎ᠠᠴᠠ ᠴᠤ᠌ ᠴᠢᠬᠤᠯᠠ ᠪᠠᠶ᠋ᠢᠳᠠᠭ ᠭᠡᠰᠡᠡ ᠰᠠᠨᠠᠭ᠎ᠠ᠎ᠲᠠᠢ ᠦᠭᠡ ᠶᠤᠮ᠃ ᠢᠷᠠᠭᠤ ᠨᠠᠶ᠋ᠢᠷᠠᠭ ᠪᠤᠯ ᠭᠡᠤᠭᠡᠳ᠎ᠤᠨ ᠰᠡᠳᠬᠢᠴᠠ ᠵᠢ ᠨᠡᠭᠡᠭᠡᠭᠳᠡᠬᠦᠯᠬᠦ ᠬᠤᠷᠴᠠ ᠵᠡᠪᠰᠡᠭ ᠭᠡᠳᠡᠭ᠎ᠢ ᠡᠪᠦᠭᠡ ᠳᠡᠭᠡᠳᠤᠰ ᠮᠠᠨᠢ ᠠᠯᠢ ᠠ᠋ᠷᠳᠡ᠎ᠠᠴᠠ ᠰᠡᠷᠡᠵᠤ ᠤᠯᠤᠭᠰᠠᠠ ᠪᠦᠭᠡᠳ ᠳᠡᠷᠡ ᠨᠡᠭᠡᠭᠡᠯᠳᠡ᠎ᠨᠢ ᠤᠳᠤ ᠴᠤ᠌ ᠭᠡᠰᠡᠡ ᠨᠢᠴᠤᠭ᠋ᠠᠭᠳᠠᠰᠢ ᠦᠭᠡᠢ ᠪᠠᠳᠤ ᠶᠤᠰᠤ᠎ᠲᠠᠢ ᠪᠠᠶ᠋ᠢᠭᠰᠠᠭ᠋ᠠᠷ᠃ ᠵᠢᠱ᠌ᠢᠶᠡᠯᠡᠪᠡᠯ᠄ ᠤᠨᠢᠰᠤᠭ᠎ᠠ ᠪᠤᠯ ᠢᠷᠠᠭᠤ ᠨᠠᠶ᠋ᠢᠷᠠᠭ᠎ᠤᠨ ᠨᠢᠭᠡᠡ ᠳᠦᠷᠤᠯ ᠵᠠᠨᠠᠷ ᠪᠤᠯᠤᠨ᠎ᠠ᠃ ᠤᠨᠢᠰᠤᠭ᠎ᠠ ᠳᠠᠭ᠋ᠠᠯᠭ᠋ᠠᠬᠤ᠎ᠨᠢ ᠭᠡᠤᠭᠡᠳ᠎ᠤᠨ ᠰᠡᠳᠬᠢᠬᠦᠢ ᠵᠢ ᠨᠡᠭᠡᠭᠡᠬᠦ ᠮᠠᠰᠢ ᠪᠦᠳᠦᠮᠵᠢ᠎ᠲᠠᠢ ᠠᠷᠭ᠎ᠠ ᠠᠪᠴᠠᠯ ᠶᠤᠮ᠃ 《ᠠᠳᠬᠤᠪᠠᠯ ᠠᠳᠬᠤ ᠳᠦᠬᠦᠷᠬᠦ ᠦᠭᠡᠢ᠂ ᠳᠠᠯᠪᠢᠪᠠᠯ ᠳᠠᠯ᠎ᠠ ᠳᠦᠬᠦᠷᠣᠨ᠎ᠡ》 ᠭᠡᠳᠡᠭ ᠤᠨᠢᠰᠤᠭ᠎ᠠ ᠪᠤᠢ (ᠬᠤᠶᠠᠷ ᠮᠦᠷᠳᠤ ᠰᠢᠯᠦᠭ)᠃ ᠳᠡᠬᠦᠠ᠎ᠳᠤ ᠠᠳᠬᠤ ᠳᠦᠬᠦᠷᠤᠮ᠎ᠡ ᠦᠭᠡᠢ ᠵᠢᠵᠢᠭᠭᠡᠡ ᠨᠢᠳᠤ᠂ ᠪᠠᠶ᠋ᠢᠭ᠋ᠠᠯᠢ ᠳᠡᠯᠡᠭᠡᠢ ᠵᠢ ᠪᠦᠬᠦᠯᠢ᠎ᠪᠠᠷ᠎ᠨᠢ ᠲᠤᠯᠢᠳᠠᠵᠤ ᠴᠢᠳᠠᠳᠠᠭ ᠤᠨᠴᠠᠭ᠋ᠠᠢ ᠴᠢᠳᠠᠪᠤᠷᠢ ᠵᠢ ᠦᠵᠡᠭᠳᠡᠯ ᠪᠠ ᠦᠢ᠍ᠯᠡᠳᠤᠯ᠎ᠤᠨ ᠬᠠᠷᠢᠴᠠᠭ᠋ᠠᠠ᠎ᠠᠴᠠ᠎ᠨᠢ ᠵᠡᠷᠭᠡᠴᠡᠬᠦᠯᠤᠠ ᠳᠦᠷᠰᠦᠯᠡᠭᠰᠡᠡ ᠪᠠᠶ᠋ᠢᠨ᠎ᠠ᠃ ᠠ᠋ᠬᠦᠠ᠎ᠢ ᠳᠠᠭ᠋ᠠᠵᠤ ᠤᠯᠬᠤ᠎ᠳᠤ ᠭᠡᠤᠭᠡᠳ᠎ᠤᠳ ᠳᠦᠰᠦᠭᠡᠯᠡᠡ ᠪᠤᠳᠤᠬᠤ ᠴᠢᠳᠠᠪᠤᠷᠢ᠎ᠪᠠᠨ ᠲᠦᠰᠢᠭᠯᠡᠡ ᠦᠵᠡᠭᠳᠡᠯ᠎ᠠᠴᠠ ᠮᠦᠠ ᠴᠢᠨᠠᠷ᠎ᠢ ᠤᠬᠤᠴᠢᠯᠠᠭ᠍ᠤ ᠰᠡᠳᠬᠢᠴᠠ ᠵᠢᠨ ᠮᠦᠷᠳᠡᠯᠭᠡ ᠬᠢᠬᠦ ᠪᠤᠯᠤᠨ᠎ᠠ᠃ ᠳᠡᠶ᠋ᠢᠠ ᠬᠦ᠌ 《ᠠᠭᠤᠷ》᠂ 《ᠤᠳᠤᠭ᠎ᠠ》᠂ 《ᠠᠭ᠋ᠠᠷ》᠂ 《ᠦᠨᠤᠷ》᠂ 《ᠳᠤᠭᠤᠰᠤ》 ᠭᠡᠬᠦ ᠮᠡᠳᠤᠴᠢᠯᠠᠠ ᠶᠠᠩᠵᠤ ᠪᠦᠷᠢ᠎ᠪᠠᠷ ᠳᠦᠷᠰᠦᠯᠡᠡ ᠪᠤᠳᠤᠵᠤ ᠪᠠᠶ᠋ᠢᠭᠰᠠᠭ᠋ᠠᠷ ᠤᠨᠤᠪᠴᠢᠳᠠᠢ ᠬᠠᠷᠢᠭᠤᠯᠳᠠ ᠵᠢ᠎ᠨᠢ ᠤᠯᠬᠤ ᠪᠤᠯᠤᠨ᠎ᠠ᠃ ᠵᠠᠷᠢᠮ ᠬᠦᠴᠢᠷᠳᠡᠢ ᠬᠠᠷᠢᠭᠤᠯᠳᠠ ᠵᠢ ᠤᠯᠬᠤ ᠵᠢᠨ ᠳᠤᠯᠠᠳᠠ ᠤᠯᠠᠠ ᠬᠤᠨᠤᠭ ᠳᠠᠷᠢᠬᠢ᠎ᠪᠠᠨ ᠭᠠᠰᠢᠯᠭ᠋ᠠᠬᠤ ᠵᠦᠩᠳᠡᠭᠡᠡ᠂ ᠵᠠᠷᠢᠮ᠎ᠳᠤ᠎ᠪᠠᠨ ᠭᠡᠤᠭᠡᠳ᠎ᠤᠳ ᠶᠡᠭᠡᠴᠤᠤᠯ᠎ᠠᠴᠠ ᠰᠤᠷᠤᠭᠰᠠᠠ ᠤᠨᠢᠰᠤᠭ᠎ᠠ ᠵᠢ ᠬᠠᠷᠢᠯᠴᠠᠠ ᠳᠠᠭ᠋ᠠᠯᠭ᠋ᠠᠵᠤ ᠪᠡᠶ᠎ᠡ ᠪᠡᠶᠡᠰ ᠵᠶ᠋ᠠᠨ ᠭᠠᠷᠳᠠᠭ᠋ᠠᠬᠤ ᠭᠡᠵᠤ ᠴᠢᠷᠮᠡᠶ᠋ᠢᠨ᠎ᠠ᠃ ᠳᠡᠭᠡᠬᠦ᠎ᠳᠤ ᠴᠡᠭᠡᠵᠢᠯᠡᠭᠰᠡᠡ ᠤᠨᠢᠰᠤᠭ᠎ᠠ ᠬᠥᠷᠦᠯᠴᠠᠬᠦ ᠦᠭᠡᠢ ᠪᠤᠯᠤᠨ᠎ᠠ᠂ ᠳᠡᠶ᠋ᠢᠮᠤ ᠦᠶᠡᠰ ᠶᠠᠭ᠋ᠠᠬᠢᠬᠤ ᠪᠤᠢ? ᠭᠡᠪᠡᠯ ᠦᠪᠡᠷᠳᠡᠭᠡᠡ ᠤᠨᠢᠰᠤᠭ᠎ᠠ ᠵᠤᠬᠢᠶᠡᠵᠤ ᠤᠷᠤᠯᠳᠤᠨ᠎ᠠ᠃ ᠠ᠋ᠨ᠋ᠨ ᠪᠤᠯ ᠢᠷᠠᠭᠤ ᠨᠠᠶ᠋ᠢᠷᠠᠭ ᠵᠤᠬᠢᠶᠡᠡ ᠪᠦᠳᠦᠭᠡᠵᠤ ᠰᠤᠷᠴᠤ ᠪᠠᠶ᠋ᠢᠭ᠎ᠠ ᠵᠢᠨ ᠰᠢᠨᠵᠢ᠃ ᠮᠤᠩᠭᠤᠯᠴᠤᠳ ᠢᠩᠬᠢᠵᠤ ᠯᠠ ᠭᠡᠤᠭᠡᠳ᠎ᠤᠨ ᠰᠡᠳᠬᠢᠬᠦᠢ ᠵᠢ ᠳᠡᠯᠡᠳᠡᠭ ᠪᠠᠶ᠋ᠢᠵᠠᠢ᠃ ᠳᠡᠭᠡᠪᠡᠯ ᠢᠷᠠᠭᠤ ᠨᠠᠶ᠋ᠢᠷᠠᠭ ᠭᠡᠤᠭᠡᠳ᠎ᠤᠨ ᠶᠠᠮᠠᠷ ᠶᠠᠮᠠᠷ ᠰᠡᠳᠬᠢᠬᠦᠢ ᠵᠢ ᠪᠤᠯᠪᠠᠰᠤᠷᠠᠭᠤᠯᠳᠠᠭ ᠪᠤᠢ?
     (1) ᠳᠦᠷᠰᠦᠯᠢᠭ ᠰᠡᠳᠬᠢᠬᠦᠢ ᠵᠢᠨ ᠬᠥᠭᠵᠢᠯ᠎ᠢ ᠵᠢᠬᠦᠷᠯᠡᠨ᠎ᠡ
ᠪᠦᠳᠦᠭᠡᠯᠴᠢ ᠰᠡᠳᠬᠢᠬᠦᠢ ᠵᠢ ᠭᠡᠷᠪᠡ ᠳᠦᠷᠪᠡᠡ ᠬᠥᠷᠳᠤ᠎ᠲᠠᠢ ᠳᠡᠷᠭᠡ ᠭᠡᠵᠤ ᠦᠵᠡᠪᠡᠯ ᠳᠦᠷᠰᠦᠯᠢᠭ ᠰᠡᠳᠬᠢᠬᠦᠢ ᠪᠤᠯ ᠪᠦᠳᠦᠭᠡᠯᠴᠢ ᠰᠡᠳᠬᠢᠬᠦᠢ ᠵᠢᠨ ᠵᠠᠮ ᠵᠠᠯᠠᠭᠴᠢ ᠠ᠋ᠮᠤᠨ᠎ᠠ ᠬᠥᠷᠳᠤ ᠪᠤᠯᠬᠤ᠎ᠨᠢ ᠵᠠᠶ᠋ᠢᠯᠠᠰᠢ ᠦᠭᠡᠢ᠃ ᠳᠦᠷᠰᠦᠯᠢᠭ ᠰᠡᠳᠬᠢᠬᠦᠢ ᠦᠭᠡᠢ ᠬᠥᠮᠤᠠ ᠰᠢᠨ᠎ᠡ ᠵᠢ ᠠ᠋ᠬᠦᠳᠴᠤ ᠴᠢᠳᠠᠭ᠍ᠤ ᠦᠭᠡᠢ᠂ ᠶᠠᠷᠢᠶᠡᠡ ᠦᠭᠡᠢ ᠤᠷᠠᠠ ᠪᠦᠳᠦᠭᠡᠯᠴᠢ ᠪᠤᠯᠤᠨ᠎ᠠ ᠭᠡᠳᠡᠭ ᠪᠠᠶ᠋ᠢᠵᠤ ᠪᠤᠯᠤᠰᠢ ᠦᠭᠡᠢ ᠬᠡᠷᠡᠭ᠃ ᠬᠠᠷᠢᠠ ᠢᠷᠠᠭᠤ ᠨᠠᠶ᠋ᠢᠷᠠᠭ ᠪᠤᠯ ᠳᠦᠷᠰᠦᠯᠢᠭ ᠰᠡᠳᠬᠢᠬᠦᠢ ᠵᠢᠨ ᠪᠠᠷᠢᠮᠠᠯ ᠪᠤᠯᠬᠤᠷ ᠳᠡᠷᠡ᠎ᠨᠢ ᠭᠡᠤᠭᠡᠳ᠎ᠤᠨ ᠳᠦᠷᠰᠦᠯᠢᠭ ᠰᠡᠳᠬᠢᠬᠦᠢ ᠵᠢ ᠪᠤᠢ ᠪᠤᠯᠭ᠋ᠠᠬᠤ᠎ᠳᠤ ᠮᠠᠰᠢ ᠰᠠᠶ᠋ᠢᠠ ᠰᠢᠮ᠎ᠠ ᠱᠦᠯᠳᠤ ᠪᠤᠯᠬᠤ ᠶᠤᠮ᠃ ᠵᠢᠱ᠌ᠢᠶᠡᠯᠡᠪᠡᠯ᠄ ᠨᠠ᠊ · ᠰᠠᠶ᠋ᠢᠨᠴᠤᠭᠳᠤ ᠵᠢᠨ 《ᠬᠥᠭᠡ ᠳᠤᠷᠭ᠋ᠠᠠ ᠳᠡᠷᠯᠢᠭ》 ᠪᠤᠯ ᠢᠷᠠᠭᠤ ᠭᠡᠯᠡᠡ᠎ᠤ ᠤᠷᠠᠠ ᠵᠢᠷᠤᠭ ᠰᠠᠠ᠃ ᠳᠡᠬᠦᠠ᠎ᠢ ᠤᠩᠰᠢᠬᠤ᠎ᠳᠤ ᠳᠠᠯ᠎ᠠ ᠨᠤᠳᠤᠭ᠂ ᠮᠤᠩᠭᠤᠯ ᠭᠡᠷ᠂ ᠳᠡᠷᠯᠢᠭ ᠤᠶᠤᠵᠤ ᠪᠠᠶ᠋ᠢᠭ᠎ᠠ ᠭᠡᠤᠭᠡᠡ᠂ ᠴᠠᠢ ᠴᠢᠨᠠᠵᠤ ᠪᠠᠶ᠋ᠢᠭ᠎ᠠ ᠠ᠋ᠮᠡᠭᠡᠡ᠂ ᠳᠠᠬᠦᠠ᠎ᠲᠠᠢ ᠶᠠᠷᠢᠯᠴᠠᠵᠤ ᠰᠠᠭᠤᠭ᠎ᠠ ᠵᠤᠬᠢᠶᠠᠯᠴᠢ ᠠᠶᠠᠨᠳᠠᠭ᠋ᠠᠠ ᠨᠢᠳᠤᠠ᠎ᠳᠤ ᠢᠯᠡᠷᠡᠬᠦ ᠪᠤᠯᠤᠨ᠎ᠠ᠃ ᠠ᠋ᠶ᠋ᠢᠠ ᠬᠦ᠌ ᠭᠡᠤᠭᠡᠳ᠎ᠤᠳ ᠰᠢᠯᠦᠭ ᠤᠩᠰᠢᠬᠤ ᠵᠢᠨ ᠳᠠᠭ᠋ᠠᠤ ᠮᠦᠷ ᠪᠠᠳᠠᠭ ᠪᠤᠯᠭ᠋ᠠᠠ᠎ᠢ᠎ᠨᠢ ᠳᠠᠷᠢᠬᠢᠠ᠎ᠳᠤ᠎ᠪᠠᠨ ᠪᠤᠷᠤ ᠵᠢᠷᠤᠭ ᠵᠢᠷᠤᠵᠤ ᠤᠷᠤᠯᠳᠤᠨ᠎ᠠ᠃ ᠪᠠᠭᠰᠢ ᠨᠠᠷ ᠭᠡᠤᠭᠡᠳ ᠵᠶ᠋ᠠᠷ ᠰᠢᠯᠦᠭ ᠴᠡᠭᠡᠵᠢᠯᠡᠬᠦᠯᠬᠦ᠎ᠳᠤ᠎ᠪᠠᠨ ᠤᠷᠤᠰᠤᠮ᠎ᠠ ᠢᠷᠠᠭᠤ ᠭᠡᠯᠡᠯᠭᠡ᠂ ᠤᠷᠠᠠ ᠳᠦᠷᠰᠦᠯᠢᠭ ᠰᠡᠳᠬᠢᠬᠦᠢ᠎ᠲᠠᠢ ᠰᠢᠯᠦᠭ᠎ᠢ ᠰᠤᠩᠭᠤᠳᠠᠭ᠎ᠤᠨ ᠤᠴᠢᠷ᠎ᠨᠢ ᠠ᠋ᠨ᠋ᠨ ᠶᠤᠮ᠃ ᠵᠠᠷᠢᠮ ᠰᠢᠯᠦᠭ ᠪᠤᠯ ᠭᠡᠯᠡ᠎ᠪᠠᠷ ᠵᠢᠷᠤᠭᠰᠠᠠ ᠵᠢᠷᠤᠭ ᠰᠢᠬ ᠪᠠᠶ᠋ᠢᠳᠠᠭ᠂ ᠳᠡᠶ᠋ᠢᠮᠤ ᠰᠢᠯᠦᠭ ᠭᠡᠤᠭᠡᠳ᠎ᠤᠳ᠎ᠲᠤ ᠶᠡᠭᠡ ᠳᠤᠬᠢᠷᠠᠨ᠎ᠠ᠃ ᠵᠢᠱ᠌ᠢᠶᠡᠯᠡᠪᠡᠯ᠄ 《ᠦᠯᠢᠶᠡᠵᠤ ᠪᠠᠶ᠋ᠢᠭ᠎ᠠ ᠰᠠᠯᠬᠢᠠ᠎ᠨᠢ ᠦᠨᠤᠰᠦᠭᠡᠳ ᠪᠠᠶ᠋ᠢᠭ᠎ᠠ ᠴᠤ᠌ ᠶᠤᠮ ᠰᠢᠬ / ᠦᠷᠦᠰᠢᠶᠡᠯᠳᠤ ᠡᠵᠢ ᠵᠢᠨ ᠮᠢᠨᠢ ᠭᠠᠷ ᠢᠯᠪᠢᠭᠡᠳ ᠪᠠᠶ᠋ᠢᠭ᠎ᠠ ᠴᠤ᠌ ᠶᠤᠮ ᠰᠢᠬ》᠂ 《ᠠᠷᠤᠭ ᠠ᠋ᠬᠦᠷᠦᠭᠰᠡᠡ ᠪᠦᠰᠡᠬᠦᠢ ᠪᠦᠵᠢᠭᠯᠡᠵᠤ ᠪᠠᠶ᠋ᠢᠭ᠎ᠠ ᠴᠤ᠌ ᠶᠤᠮ ᠰᠢᠬ / ᠠᠴᠢᠶ᠎ᠡ᠎ᠲᠠᠢ ᠴᠠᠭ᠋ᠠᠠ ᠳᠡᠮᠡᠭᠡ ᠭᠡᠪᠳᠡᠵᠤ ᠪᠠᠶ᠋ᠢᠭ᠎ᠠ ᠴᠤ᠌ ᠶᠤᠮ ᠰᠢᠬ / ᠠᠷᠰᠯᠠᠠ ᠪᠠᠷᠰ ᠬᠤᠶᠠᠷ ᠨᠤᠴᠤᠯᠳᠤᠵᠤ ᠪᠠᠶ᠋ᠢᠭ᠎ᠠ ᠴᠤ᠌ ᠶᠤᠮ ᠰᠢᠬ》᠂ 《ᠭᠠᠵᠠᠷ ᠬᠤᠯᠠ᠎ᠠᠴᠠ ᠰᠠᠨᠠᠭ᠍ᠤ᠎ᠳᠤ / ᠭᠠᠳᠠᠨ᠎ᠠ᠎ᠪᠠᠨ ᠪᠦᠷᠳᠦᠯᠵᠡᠵᠤ ᠬᠠᠷᠠᠭᠳᠠᠭ᠍ᠤ ᠶᠤᠮ / ᠭᠠᠯᠠᠭᠤ ᠰᠢᠪᠠᠭᠤ ᠭᠠᠩᠭ᠋ᠠᠨᠠᠭ᠍ᠤᠯᠠᠷ / ᠡᠵᠢ ᠵᠢ᠎ᠪᠠᠨ ᠳᠠᠭᠤᠯᠠᠮᠠᠷ / ᠳᠠᠭᠤᠯᠠᠮᠠᠷ ᠪᠤᠯᠬᠤ ᠶᠤᠮ》 ᠭᠡᠬᠦ ᠰᠢᠯᠦᠭ᠎ᠢ ᠳᠦᠷᠰᠦᠯᠡᠡ ᠪᠤᠳᠤᠯᠳᠠ᠎ᠪᠠᠷ ᠪᠢᠴᠢᠭᠰᠡᠡ᠎ᠨᠢ ᠮᠠᠰᠢ ᠳᠤᠳᠤᠷᠬᠠᠢ ᠪᠠᠶ᠋ᠢᠨ᠎ᠠ᠃ ᠠ᠋ᠮᠤᠨᠡᠬᠢ ᠰᠢᠯᠦᠭ᠎ᠲᠤ ᠵᠦᠭᠡᠯᠡᠡ ᠰᠠᠪᠢᠯᠵᠡᠬᠦ ᠰᠠᠯᠬᠢᠠ᠎ᠢ ᠡᠵᠢ ᠵᠢᠨ ᠵᠶ᠋ᠠᠨ ᠤᠷᠤᠭᠤᠯ ᠪᠤᠯᠤᠠ ᠭᠠᠷ ᠵᠶ᠋ᠠᠷ ᠳᠦᠷᠰᠦᠯᠡᠡ ᠰᠡᠳᠭᠢᠭᠰᠡᠡ ᠪᠤᠯ ᠳᠤᠮᠳᠠᠬᠢ ᠰᠢᠯᠦᠭ᠎ᠲᠤ ᠠ᠋ᠬᠦᠯᠠ ᠵᠢ ᠠᠷᠤᠭ ᠠ᠋ᠬᠦᠷᠦᠭᠰᠡᠡ ᠪᠦᠰᠡᠬᠦᠢ᠂ ᠠᠴᠢᠶ᠎ᠡ᠎ᠲᠠᠢ ᠴᠠᠭ᠋ᠠᠠ ᠳᠡᠮᠡᠭᠡ᠂ ᠠᠷᠰᠯᠠᠠ ᠪᠠᠷᠰ᠎ᠲᠠᠢ ᠳᠦᠷᠰᠦᠯᠡᠡ ᠪᠤᠳᠤᠪᠠ᠃ ᠬᠠᠷᠢᠠ ᠰᠡᠬᠦᠯᠴᠢ ᠵᠢᠨ ᠰᠢᠯᠦᠭ᠎ᠲᠤ ᠨᠠᠮᠤᠷ ᠪᠤᠯᠬᠤ᠎ᠳᠤ ᠠ᠋ᠭᠡ ᠨᠤᠳᠤᠭ ᠠ᠋ᠨᠡᠷᠢᠯᠳᠤ ᠡᠵᠢ᠎ᠪᠠᠨ ᠰᠠᠨᠠᠠ ᠮᠦᠷᠦᠭᠡᠳᠴᠤ ᠪᠠᠶ᠋ᠢᠭ᠎ᠠ ᠰᠡᠳᠬᠢᠯᠭᠡ ᠵᠢ ᠨᠤᠳᠤᠭ ᠤᠰᠤ ᠪᠤᠯᠤᠠ ᠡᠵᠢ᠎ᠨᠢ ᠠᠮᠢᠳᠤ ᠪᠤᠳᠠᠳᠠᠢ᠎ᠪᠠᠷ ᠬᠠᠷᠠᠭᠳᠠᠵᠤ ᠪᠠᠶ᠋ᠢᠭ᠎ᠠ᠎ᠪᠠᠷ ᠪᠤᠳᠠᠳᠠᠶ᠋ᠢᠵᠢᠭᠤᠯᠤᠠ ᠳᠦᠷᠰᠦᠯᠡᠵᠤ ᠭᠡᠶ᠋ᠢᠰᠪᠤᠷᠢᠯᠠᠠ ᠵᠢᠷᠤᠭᠯᠠᠭᠰᠠᠠ ᠪᠠᠶ᠋ᠢᠨ᠎ᠠ᠃ ᠠ᠋ᠶ᠋ᠢᠮᠤ ᠰᠢᠯᠦᠭ ᠪᠤᠯ ᠭᠡᠶ᠋ᠢᠰᠪᠤᠷᠢ ᠤᠬᠠᠭᠳᠠᠬᠤᠨᠴᠢᠯᠠᠭᠰᠠᠠ ᠰᠢᠯᠦᠭ᠎ᠢ ᠪᠤᠳᠤᠬᠤᠯᠠᠷ ᠰᠢᠯᠦᠭ᠎ᠤᠨ ᠳᠤᠳᠤᠷ᠎ᠠ᠎ᠪᠠᠨ ᠵᠢᠷᠤᠭ᠎ᠲᠠᠢ᠂ ᠵᠢᠷᠤᠭ᠎ᠤᠨ ᠳᠤᠳᠤᠷ᠎ᠠ᠎ᠪᠠᠨ ᠰᠠᠨᠠᠭ᠎ᠠ᠎ᠲᠠᠢ ᠪᠠᠶ᠋ᠢᠵᠤ ᠭᠡᠤᠭᠡᠳ᠎ᠤᠨ ᠰᠡᠳᠬᠢᠯᠭᠡ ᠵᠢ ᠶᠡᠭᠡᠭᠡᠡ ᠳᠠᠳᠠᠳᠠᠭ ᠶᠤᠮ᠃
     (2) ᠬᠤᠯᠪᠤᠠ ᠪᠤᠳᠤᠯᠳᠠ ᠵᠢ ᠪᠤᠯᠪᠠᠰᠤᠷᠠᠭᠤᠯᠤᠨ᠎ᠠ
      ᠬᠤᠯᠪᠤᠠ ᠪᠤᠳᠤᠯᠳᠠ᠎ᠪᠠᠷ ᠳᠠᠮᠵᠢᠠ ᠭᠡᠤᠭᠡᠳ᠎ᠤᠨ ᠰᠡᠳᠬᠢᠴᠠ ᠵᠢᠨ ᠤᠷᠤᠠ ᠵᠠᠢ ᠳᠡᠯᠡᠭᠳᠡᠵᠤ ᠭᠤᠸ᠎ᠠ ᠳᠠᠭ᠋ᠠᠰᠢᠶᠡᠯ᠎ᠤᠨ ᠮᠡᠳᠡᠷᠡᠮᠵᠢ᠎ᠨᠢ ᠴᠤ᠌ ᠪᠤᠯᠪᠠᠰᠤᠷᠠᠳᠠᠭ᠃ ᠬᠤᠯᠪᠤᠠ ᠪᠤᠳᠤᠯᠳᠠ ᠪᠤᠯ ᠵᠤᠬᠢᠶᠡᠡ ᠪᠦᠳᠦᠬᠡᠬᠦ ᠵᠢᠬᠦᠷ ᠶᠤᠮ᠂ ᠦᠭᠡᠷ᠎ᠡ᠎ᠪᠠᠷ ᠭᠡᠯᠡᠪᠡᠯ ᠬᠤᠯᠪᠤᠠ ᠪᠤᠳᠤᠯᠳᠠ ᠪᠠᠶ᠋ᠢᠮᠠᠨᠵᠢᠠ ᠬᠦᠮᠤᠠ᠎ᠤ ᠪᠤᠳᠤᠯ ᠰᠡᠳᠬᠢᠯᠭᠡ ᠬᠢᠵᠠᠭ᠋ᠠᠷ ᠦᠭᠡᠢ ᠤᠷᠤᠠ ᠵᠠᠢ᠎ᠳᠤ ᠬᠥᠷᠴᠤ ᠴᠢᠳᠠᠨ᠎ᠠ᠃ ᠬᠤᠯᠪᠤᠠ ᠪᠤᠳᠤᠯᠳᠠ᠎ᠨᠢ ᠪᠠᠰᠠ ᠴᠤ᠌ ᠪᠦᠳᠦᠭᠡᠯᠴᠢ ᠰᠡᠳᠬᠢᠬᠦᠢ ᠵᠢᠨ ᠵᠠᠮᠴᠢᠯᠠᠭᠤᠷ ᠶᠤᠮ᠂ ᠳᠠᠬᠢᠶ᠎ᠡ ᠵᠢ ᠦᠵᠡᠭᠡᠳ ᠰᠢᠪᠠᠭᠤᠳ᠎ᠢ ᠪᠤᠳᠤᠵᠤ ᠤᠯᠤᠠ᠂ ᠰᠢᠪᠠᠭᠤᠳ᠎ᠢ ᠦᠵᠡᠭᠡᠳ ᠨᠢᠰᠭᠡᠯ᠎ᠢ ᠪᠤᠳᠤᠵᠤ ᠤᠯᠤᠠ᠂ ᠨᠢᠰᠭᠡᠯ᠎ᠠᠴᠠ ᠴᠠᠭ᠋ᠠᠰᠢ᠎ᠪᠠᠨ ᠰᠠᠨᠰᠠᠷ ᠤᠷᠴᠢᠯᠡᠩ᠎ᠢ ᠭᠡᠶ᠋ᠢᠰᠪᠤᠷᠢᠯᠠᠠ ᠪᠤᠳᠤᠵᠤ ᠴᠢᠳᠠᠵᠤ ᠪᠠᠶ᠋ᠢᠪᠠᠯ ᠰᠡᠳᠬᠢᠬᠦᠢ ᠳᠡᠯᠡᠵᠤ ᠪᠠᠶ᠋ᠢᠭ᠎ᠠ ᠭᠡᠷᠡᠭ ᠶᠤᠮ᠃ ᠰᠢᠯᠦᠭ᠎ᠤᠨ ᠰᠡᠳᠬᠢᠬᠦᠢ ᠪᠤᠯ ᠮᠦᠠ ᠴᠤ᠌ ᠬᠤᠯᠪᠤᠠ ᠪᠤᠳᠤᠯᠳᠠ ᠵᠢᠨ ᠰᠡᠳᠬᠢᠬᠦᠢ ᠶᠤᠮ᠃ ᠵᠢᠱ᠌ᠢᠶᠡᠯᠡᠪᠡᠯ᠄ 《ᠬᠥᠪ ᠳᠠᠯᠠᠢ ᠵᠢᠨ ᠬᠠᠶᠠᠭᠳᠠᠯ ᠪᠤᠯᠤᠭᠰᠠᠠ / ᠬᠥᠪᠴᠢᠠ ᠴᠠᠭ᠋ᠠᠠ ᠮᠠᠩᠬ᠎ᠠ ᠮᠢᠨᠢ / ᠬᠥᠷᠦᠰᠤᠳᠤ ᠳᠡᠯᠡᠭᠡᠢ ᠵᠢᠨ ᠳᠡᠨᠤᠬᠦᠯ ᠪᠤᠯᠤᠭ᠋ᠠᠳ / ᠰᠠᠯᠬᠢᠠ᠎ᠤ ᠠ᠋ᠷᠭᠡ᠎ᠪᠠᠷ ᠤᠷᠤᠭᠤᠳᠠᠵᠤ ᠪᠠᠶ᠋ᠢᠨ᠎ᠠ / ᠬᠥᠮᠤᠠ ᠳᠦᠷᠦᠯᠬᠢᠳᠠᠠ ᠤᠷᠴᠢᠯᠠᠩ ᠵᠶ᠋ᠠᠷ ᠨᠢᠰᠦᠭᠡᠳ / ᠳᠠᠪᠢᠠ ᠵᠠᠭᠤᠠ ᠵᠶ᠋ᠠᠷ ᠰᠤᠶᠤᠯᠵᠢᠳᠠᠯ᠎ᠠ / ᠬᠥᠭᠡᠷᠦᠬᠦᠢ ᠴᠢ ᠯᠠ ᠳᠠᠯ᠎ᠠ᠎ᠪᠠᠷ ᠮᠦᠯᠬᠦᠭᠰᠡᠭᠡᠷ / ᠮᠢᠩᠭ᠋ᠠᠠ ᠭᠠᠵᠠᠷ ᠨᠡᠬᠦᠵᠤ ᠪᠠᠶ᠋ᠢᠨ᠎ᠠ / ᠠ᠋ᠳᠤᠭᠡ ᠪᠢ ᠠ᠋ᠷᠳᠡᠮ ᠰᠢᠨᠵᠢᠯᠡᠭᠡᠡ᠎ᠤ / ᠰᠢᠨ᠎ᠡ ᠰᠤᠷᠭ᠋ᠠᠯ᠎ᠢ ᠰᠤᠨᠤᠰᠬᠤ᠎ᠳᠤ / ᠠ᠋ᠯᠡᠰᠤ ᠴᠢ ᠵᠠᠯᠠᠭᠤ᠎ᠳᠤ᠎ᠪᠠᠨ / ᠦᠨᠳᠤᠷ ᠠᠭᠤᠯᠠ ᠪᠠᠶ᠋ᠢᠭᠰᠠᠠ ᠭᠡᠨ᠎ᠡ ᠁》 (ᠨᠠ᠊ · ᠰᠤᠩᠳᠤᠢ ᠵᠢᠨ 《ᠮᠠᠩᠬᠠᠠ᠎ᠤ ᠨᠤᠭᠤᠭ᠎ᠠ》᠎ᠠᠴᠠ) ᠭᠡᠳᠡᠭ ᠰᠢᠯᠦᠭ᠎ᠢ ᠠᠵᠢᠭᠯᠠᠭ᠍ᠤ᠎ᠳᠤ ᠠ᠋ᠯᠡᠰᠤ ᠪᠤᠯ ᠠ᠋ᠷᠳᠡᠡ᠎ᠳᠤ᠎ᠪᠠᠨ ᠦᠨᠳᠤᠷ ᠠᠭᠤᠯᠠ ᠪᠠᠶ᠋ᠢᠭᠰᠠᠠ ᠪᠦᠭᠡᠳ ᠠ᠋ᠳᠤᠭᠡ ᠳᠡᠯᠡᠭᠡᠢ ᠶᠢᠷᠳᠢᠨᠴᠤ ᠵᠢᠨ ᠰᠤᠶᠤᠯ ᠪᠤᠯᠪᠠᠰᠤᠠ᠎ᠠᠴᠠ ᠬᠤᠴᠤᠷᠤᠠ ᠳᠠᠯ᠎ᠠ ᠨᠤᠳᠤᠭ ᠵᠶ᠋ᠠᠷ ᠮᠦᠯᠬᠦᠭᠰᠡᠭᠡᠷ ᠪᠠᠶ᠋ᠢᠭ᠎ᠠ ᠶᠤᠮ ᠪᠠᠶ᠋ᠢᠨ᠎ᠠ᠃ ᠠ᠋ᠬᠦᠠ᠎ᠢ ᠪᠠᠭ᠋ᠠᠳᠤᠷᠯᠢᠭ ᠳᠡᠤᠭᠡ᠎ᠲᠠᠢ ᠮᠤᠩᠭᠤᠯ ᠦᠨᠳᠤᠰᠤᠳᠠᠠ᠎ᠲᠠᠢ᠎ᠪᠠᠨ ᠬᠤᠯᠪᠤᠠ ᠪᠤᠳᠤᠵᠤ ᠪᠢᠴᠢᠭᠰᠡᠡ᠎ᠨᠢ ᠮᠠᠰᠢ ᠳᠤᠳᠤᠷᠬᠠᠢ ᠪᠠᠶ᠋ᠢᠭ᠎ᠠ ᠪᠦᠭᠡᠳ ᠠ᠋ᠨᠡᠴᠢᠯᠡᠡ ᠪᠠᠳᠠᠭ ᠪᠤᠯᠭ᠋ᠠᠠ᠎ᠢ ᠶᠠᠭᠤ᠎ᠲᠠᠢ ᠬᠤᠯᠪᠤᠠ ᠪᠤᠳᠤᠭᠰᠠᠠ᠎ᠢ ᠰᠡᠳᠬᠢᠬᠦ ᠳᠤᠮᠳᠠ ᠭᠡᠤᠭᠡᠳ᠎ᠤᠨ ᠰᠡᠳᠬᠢᠬᠦᠢ ᠳᠡᠯᠡᠭᠳᠡᠵᠤ ᠪᠤᠯᠬᠤ ᠶᠤᠮ᠃ ᠠ᠋ᠬᠦᠠ᠎ᠠᠴᠠ ᠦᠵᠡᠬᠦᠯ᠎ᠡ ᠬᠤᠯᠪᠤᠠ ᠪᠤᠳᠤᠯᠳᠠ᠎ᠨᠢ ᠳᠦᠷᠰᠦᠯᠡᠡ ᠪᠤᠳᠤᠯᠳᠠ᠎ᠲᠠᠢ ᠳᠠᠩᠭᠡᠯᠢᠭ ᠨᠡᠶ᠋ᠢᠯᠡᠡ ᠠ᠋ᠷᠴᠢᠮ ᠨᠢᠭᠡᠳᠴᠤ ᠤᠷᠠᠠ ᠰᠠᠨᠠᠭ᠋ᠠᠠ᠎ᠤ ᠵᠢᠬᠦᠷ᠎ᠲᠤ ᠴᠡᠨᠡᠭ ᠦᠭᠳᠡᠭ ᠠᠵᠢ᠃
     (3) ᠬᠡᠶ᠋ᠢᠰᠪᠤᠷᠢ ᠰᠡᠳᠬᠢᠬᠦᠢ ᠵᠢᠨ ᠭᠦᠭᠵᠢᠯ᠎ᠢ ᠠᠬᠢᠭᠤᠯᠤᠨ᠎ᠠ
      ᠭᠡᠶ᠋ᠢᠰᠪᠤᠷᠢ ᠰᠡᠳᠬᠢᠬᠦᠢ ᠭᠡᠳᠡᠭ ᠪᠤᠯ ᠪᠠᠶ᠋ᠢᠬᠤ ᠦᠭᠡᠢ ᠶᠠᠭᠤᠮ᠎ᠠ ᠵᠢ ᠪᠠᠶ᠋ᠢᠬᠤ᠎ᠪᠠᠷ᠂ ᠦᠵᠡᠭᠡ ᠦᠭᠡᠢ ᠵᠦᠢ᠍ᠯ᠎ᠢ ᠦᠵᠡᠭᠰᠡᠡ ᠵᠶ᠋ᠠᠷ ᠭᠡᠶ᠋ᠢᠰᠪᠤᠷᠢᠯᠠᠠ ᠪᠤᠳᠤᠳᠠᠭ ᠨᠢᠭᠡ ᠵᠦᠢ᠍ᠯ᠎ᠤᠨ ᠵᠠᠳᠠᠭ᠋ᠠᠢ ᠰᠡᠳᠬᠢᠬᠦᠢ ᠪᠤᠯᠤᠨ᠎ᠠ᠃ ᠳᠡᠬᠦᠠ᠎ᠤ ᠬᠠᠮᠤᠭ᠎ᠤᠨ ᠳᠠᠪᠠᠭᠤᠯᠢᠭ ᠳᠠᠯ᠎ᠠ᠎ᠨᠢ ᠴᠠᠭ ᠪᠤᠯᠤᠠ ᠭᠠᠵᠠᠷ ᠤᠷᠤᠠ᠎ᠤ ᠬᠢᠵᠠᠭ᠋ᠠᠷ᠎ᠢ ᠳᠠᠪᠠᠵᠤ᠂ ᠴᠢᠯᠦᠭᠡᠳᠠᠢ᠎ᠪᠠᠷ ᠰᠡᠳᠬᠢᠳᠡᠭ᠃ ᠠ᠋ᠷᠳᠡᠡ᠎ᠤ ᠬᠥᠮᠤᠰ ᠶᠠᠮᠠᠷ ᠪᠠᠶ᠋ᠢᠭᠰᠠᠠ ᠪᠤᠢ? ᠢᠷᠡᠭᠡᠳᠤᠢ ᠵᠢᠨ ᠶᠢᠷᠳᠢᠨᠴᠤ ᠶᠠᠮᠠᠷ ᠪᠤᠯᠬᠤ ᠪᠤᠢ? ᠠ᠋ᠬᠦᠠ᠎ᠢ ᠭᠡᠡ ᠴᠤ᠌ ᠮᠡᠳᠡᠬᠦ ᠦᠭᠡᠢ᠃ ᠴᠢᠳᠬᠦᠷ ᠰᠠᠬᠢᠭᠤᠯᠰᠤᠠ ᠪᠠᠶ᠋ᠢᠳᠠᠭ ᠤᠤ? ᠬᠥᠮᠤᠰ ᠳᠤᠳᠤᠷ᠎ᠠ᠎ᠪᠠᠨ ᠶᠠᠭᠤ ᠶᠠᠭᠤ ᠪᠤᠳᠤᠵᠤ ᠶᠠᠪᠤᠳᠠᠭ ᠪᠤᠢ? ᠠᠮᠢᠳᠠᠠ ᠠᠷᠢᠶᠡᠳᠡᠡ ᠬᠠᠷᠢᠯᠴᠠᠠ ᠶᠠᠭ᠋ᠠᠬᠢᠵᠤ ᠬᠠᠷᠢᠴᠠᠳᠠᠭ ᠪᠤᠢ? ᠳᠡᠳᠡᠡ᠎ᠳᠤ ᠦᠭᠡ ᠭᠡᠯᠡ ᠭᠡᠵᠤ ᠪᠠᠶ᠋ᠢᠳᠠᠭ ᠤᠤ? ᠰᠠᠨᠰᠠᠷ᠎ᠤᠨ ᠬᠥᠮᠤᠠ ᠶᠠᠮᠠᠷ ᠪᠠᠶ᠋ᠢᠪᠠᠯ ᠵᠤᠬᠢᠬᠤ ᠪᠤᠢ? ᠠ᠋ᠨ᠋ᠨ ᠪᠦᠬᠦᠠ᠎ᠢ ᠤᠷᠠᠠ ᠵᠤᠬᠢᠶᠡᠯᠴᠢ ᠴᠦᠮ ᠳᠦᠷᠰᠦᠯᠡᠵᠤ ᠴᠢᠳᠠᠨ᠎ᠠ᠃ ᠭᠡᠬᠦ᠎ᠳᠤ᠎ᠪᠠᠨ ᠳᠡᠷᠡ ᠳᠦᠷᠰᠦᠯᠡᠯ᠎ᠨᠢ ᠠᠩᠬᠠᠠ᠎ᠤ ᠵᠢᠷᠤᠭ ᠳᠦᠷᠰᠤ ᠭᠡᠢ᠍ᠢ᠍ᠰᠪᠤᠷᠢ ᠰᠡᠳᠬᠢᠬᠦᠢ᠎ᠪᠠᠷ ᠬᠦᠳᠦᠯᠦᠭᠳᠡᠳᠡᠭ ᠶᠤᠮ᠃ ᠤᠷᠠᠠ ᠵᠤᠬᠢᠶᠡᠯ᠎ᠤᠨ ᠨᠢᠭᠡᠡ ᠭᠡᠯᠪᠡᠷᠢ ᠪᠤᠯᠬᠤ ᠢᠷᠠᠭᠤ ᠨᠠᠶ᠋ᠢᠷᠠᠭ ᠶᠠᠭ ᠠ᠋ᠨ᠋ᠨ ᠭᠡᠢ᠍ᠢ᠍ᠰᠪᠤᠷᠢ ᠰᠡᠳᠬᠢᠬᠦᠢ᠎ᠪᠠᠷ ᠵᠢᠬᠦᠷ ᠵᠶ᠋ᠠᠨ ᠪᠤᠯᠭ᠋ᠠᠳᠠᠭ᠃ ᠢᠷᠠᠭᠤ ᠨᠠᠶ᠋ᠢᠷᠠᠭ᠎ᠤᠨ ᠰᠡᠳᠬᠢᠬᠦᠢ ᠪᠤᠯ ᠦᠰᠦᠷᠤᠯᠳᠠ ᠳᠠᠯᠠᠯᠳᠠ ᠶᠡᠭᠡᠳᠠᠢ ᠶᠤᠮ᠂ ᠢᠯᠠᠩᠭᠤᠶ᠎ᠡ ᠪᠢᠰᠢᠯᠭ᠋ᠠᠯ᠎ᠤᠨ ᠰᠢᠨᠵᠢ᠎ᠲᠠᠢ ᠬᠥᠠ ᠤᠬᠠᠭ᠋ᠠᠯᠢᠭ ᠰᠢᠯᠦᠭ᠂ ᠰᠡᠳᠬᠢᠯᠭᠡᠡ᠎ᠤ ᠤᠶᠠᠩᠭ᠎ᠠ ᠵᠡᠷᠭᠡ ᠪᠤᠯ ᠰᠠᠨᠠᠭ᠎ᠠ ᠠᠬᠤᠢ᠎ᠨᠢ ᠠ᠋ᠯᠡᠷ ᠪᠠᠯᠠᠷ᠂ ᠬᠦᠠ ᠨᠢᠭᠤᠴᠠᠭ᠋ᠠᠢ ᠪᠠᠶ᠋ᠢᠵᠤ ᠴᠤᠯ ᠭᠡᠢ ᠰᠡᠳᠬᠢᠬᠦᠢ᠎ᠪᠠᠷ ᠵᠤᠬᠢᠶᠠᠭᠳᠠᠭᠰᠠᠠ ᠪᠠᠶ᠋ᠢᠳᠠᠭ᠃ ᠠ᠋ᠶ᠋ᠢᠮᠤ ᠰᠢᠯᠦᠭ᠎ᠢ ᠤᠩᠰᠢᠬᠤ᠎ᠳᠤ ᠳᠦᠷᠰᠦᠯᠢᠭ ᠰᠡᠳᠬᠢᠬᠦᠢ ᠪᠤᠶᠤ ᠯᠤᠬᠢᠭ ᠰᠡᠳᠬᠢᠬᠦᠢ ᠵᠢᠨ ᠠᠷᠭ᠎ᠠ ᠵᠢ ᠳᠦᠰᠢᠭᠯᠡᠭᠡᠳ ᠴᠡᠬᠡᠯ᠎ᠳᠤ᠎ᠨᠢ ᠬᠥᠷᠴᠤ ᠴᠢᠳᠠᠭ᠍ᠤ ᠦᠭᠡᠢ᠃ ᠤᠴᠢᠷ᠎ᠨᠢ ᠳᠡᠬᠦᠠ᠎ᠤ ᠳᠦᠯᠬᠢᠬᠦᠷ ᠪᠤᠯ ᠭᠡᠢ᠍ᠢ᠍ᠰᠪᠤᠷᠢ ᠰᠡᠳᠬᠢᠬᠦᠢ ᠪᠠᠶ᠋ᠢᠭ᠎ᠠ ᠶᠤᠮ᠃ ᠮᠤᠩᠭᠤᠯ ᠠᠷᠠᠳ᠎ᠤᠨ ᠵᠦᠢ᠍ᠷ ᠰᠡᠴᠡᠡ ᠦᠭᠡᠡ᠎ᠳᠤ ᠭᠡᠢ᠍ᠢ᠍ᠰᠪᠤᠷᠢ ᠰᠡᠳᠬᠢᠬᠦᠢ ᠵᠢᠨ ᠠᠷᠭ᠎ᠠ ᠵᠢ ᠠᠯᠢ ᠠ᠋ᠷᠳᠡᠡ᠎ᠠᠴᠠ ᠭᠡᠷᠡᠭᠯᠡᠵᠤ ᠢᠷᠡᠭᠰᠡᠡ ᠪᠠᠶ᠋ᠢᠪᠠ᠃ ᠵᠢᠱ᠌ᠢᠶᠡᠯᠡᠪᠡᠯ᠄ 《ᠬᠢᠯᠭ᠋ᠠᠰᠤᠠ ᠳᠡᠭᠡᠬᠦᠷ ᠬᠦᠶᠤᠯᠭᠡᠬᠦ》 ᠭᠡᠳᠡᠭ ᠰᠡᠴᠡᠡ ᠦᠭᠡ ᠪᠤᠯ ᠳᠠᠪᠠᠭᠤᠯᠤᠯ᠎ᠤᠨ ᠠᠷᠭ᠎ᠠ ᠵᠢ ᠭᠡᠷᠡᠭᠯᠡᠭᠰᠡᠡ ᠭᠡᠢ ᠰᠡᠳᠬᠢᠬᠦᠢ ᠵᠢᠨ ᠳᠠᠯᠠᠰ ᠪᠤᠯᠤᠨ᠎ᠠ᠃ ᠶᠠᠭ᠋ᠠᠬᠢᠭ᠋ᠠᠳ ᠭᠡᠬᠦᠯᠡᠷ ᠬᠢᠯᠭ᠋ᠠᠰᠤᠠ ᠳᠡᠭᠡᠬᠦᠷ ᠭᠡᠡ ᠴᠤ᠌ ᠬᠦᠶᠤᠵᠤ ᠪᠠᠶ᠋ᠢᠭ᠎ᠠ ᠦᠭᠡᠢ᠎ᠨᠢ ᠮᠡᠳᠡᠭᠡᠵᠢ᠃ ᠭᠡᠷᠪᠡ ᠦᠨᠡᠭᠡᠷ ᠬᠦᠶᠤᠬᠦ ᠪᠤᠯᠤᠮᠵᠢ ᠪᠠᠶ᠋ᠢᠨ᠎ᠠ ᠭᠡᠳᠡᠭ ᠪᠤᠯ ᠳᠡᠬᠦᠠ ᠳᠡᠭᠡᠬᠦᠷ ᠶᠠᠪᠤᠬᠤ᠎ᠳᠤ ᠪᠠᠭ᠎ᠠ ᠯᠠ ᠬᠠᠶ᠋ᠢᠬᠤᠷᠤᠮᠵᠢ ᠦᠭᠡᠢ᠍ᠢ᠍ᠳᠡᠪᠡᠯ ᠤᠶ᠋ᠢᠴᠢᠨ᠎ᠠ᠂ ᠡᠪ ᠦᠭᠡᠢ ᠢᠳᠡ᠎ᠲᠠᠢ ᠬᠥᠳᠡᠯᠪᠡᠯ ᠳᠠᠰᠤᠷᠠᠨ᠎ᠠ᠂ ᠦᠨᠡᠭᠡᠷ ᠪᠤᠳᠤᠬᠤ᠎ᠠᠴᠠ ᠵᠢᠷᠦᠭᠡ ᠳᠡᠯᠡᠰᠤᠮᠡᠷ ᠠᠶᠤᠮᠰᠢᠭ᠎ᠲᠠᠢ ᠪᠢᠵᠠ᠃ ᠳᠤᠰ ᠦᠭᠡ ᠵᠢ ᠠᠵᠢᠯ᠎ᠤᠨ ᠳᠤᠮᠳᠠ ᠤᠳᠤᠷᠢᠳᠤᠯᠭ᠎ᠠ᠎ᠨᠢ ᠳᠤᠤᠷᠡᠬᠢ ᠬᠦᠮᠤᠰ᠎ᠤᠨ ᠵᠶ᠋ᠠᠨ ᠦᠢ᠍ᠯᠠ ᠳᠠᠮᠤ ᠵᠢ᠎ᠨᠢ ᠦᠵᠡᠵᠤ ᠪᠠᠶ᠋ᠢᠭ᠎ᠠ ᠪᠠᠶ᠋ᠢᠳᠠᠯ᠎ᠳᠤ ᠳᠦᠷᠰᠦᠯᠡᠵᠤ ᠭᠡᠯᠡᠳᠡᠭ᠃ ᠭᠡᠬᠦ᠎ᠳᠤ᠎ᠪᠠᠨ ᠪᠤᠯᠤᠰᠢ ᠦᠭᠡᠢ ᠵᠦᠢ᠍ᠯ᠎ᠢ ᠪᠤᠯᠬᠤ ᠮᠡᠳᠤ ᠭᠡᠶ᠋ᠢᠰᠪᠤᠷᠢᠯᠠᠠ ᠰᠡᠳᠬᠢᠵᠤ ᠳᠦᠷᠰᠦᠯᠡᠭᠰᠡᠡ᠎ᠨᠢ ᠬᠥᠮᠤᠰ᠎ᠲᠤ ᠮᠠᠷᠳᠠᠭᠳᠠᠰᠢ ᠦᠭᠡᠢ ᠮᠡᠳᠡᠷᠡᠮᠵᠢ ᠤᠯᠭᠤᠨ᠎ᠠ᠃ ᠮᠤᠩᠭᠤᠯ ᠰᠢᠯᠦᠭ ᠮᠠᠨᠢ ᠢᠵᠠᠭᠤᠷ ᠰᠤᠶᠤᠯ᠎ᠤᠨ ᠵᠶ᠋ᠠᠨ ᠬᠥᠷᠦᠰᠤᠠ᠎ᠳᠤ ᠴᠡᠴᠡᠭᠯᠡᠭᠰᠡᠡ ᠪᠤᠯᠬᠤᠷ ᠭᠡᠢ ᠰᠡᠳᠬᠢᠬᠦᠢ ᠵᠢᠨ ᠠᠷᠭ᠎ᠠ ᠵᠢ ᠵᠦᠩᠳᠡᠭᠡᠡ ᠭᠡᠷᠡᠭᠯᠡᠳᠡᠭ᠃ ᠵᠢᠱ᠌ᠢᠶᠡᠯᠡᠪᠡᠯ᠄ 《ᠦᠰᠤᠠ ᠳᠦᠯᠵᠢᠬᠦ ᠳᠤᠳᠤᠮ ᠵᠶ᠋ᠠᠨ ᠪᠢ / ᠦᠨᠳᠤᠷ ᠪᠤᠯᠬᠤ ᠵᠢ ᠬᠥᠰᠡᠨᠡᠮ / ᠦᠨᠢᠷ ᠪᠠᠶᠠᠠ ᠠᠽᠢᠶ᠎ᠠ ᠵᠢᠨ ᠵᠶ᠋ᠠᠨ / ᠠᠭᠤᠯᠠᠰ ᠰᠢᠬ ᠦᠰᠬᠦ ᠵᠢ ᠬᠥᠰᠡᠨᠡᠮ / ᠤᠷᠴᠢᠯᠡᠩ ᠶᠡᠭᠡ ᠳᠡᠯᠡᠭᠡᠢ ᠳᠡᠭᠡᠷ᠎ᠡ / ᠤᠷᠬᠢᠯ ᠪᠤᠯᠢᠶᠠᠯᠳᠤᠬᠤ ᠢᠵᠢᠯᠢ ᠦᠭᠡᠢ / ᠤᠮᠤᠭ ᠰᠦᠷ ᠵᠶ᠋ᠠᠷ ᠵᠶ᠋ᠠᠨ ᠮᠠᠨᠳᠤᠭᠰᠠᠠ / ᠠ᠋ᠾᠢᠮᠠᠯᠢᠶ᠎ᠠ ᠰᠢᠭ ᠪᠤᠯᠬᠤ ᠵᠢ ᠬᠥᠰᠡᠨᠡᠮ》 (ᠷᠢ᠊ · ᠴᠤᠶ᠋ᠢᠨᠤᠮ᠎ᠤᠨ 《ᠠᠽᠢᠶ᠎ᠠ ᠵᠢᠨ ᠳᠤᠬᠠᠢ ᠪᠠᠷᠳᠠᠮᠨᠠᠯ》᠎ᠠᠴᠠ) ᠭᠡᠬᠦ ᠰᠢᠯᠦᠭ᠎ᠲᠤ ᠭᠡᠢ ᠰᠡᠳᠬᠢᠬᠦᠢ ᠵᠢᠨ ᠠᠷᠭ᠎ᠠ᠎ᠪᠠᠷ ᠦᠪᠡᠷ᠎ᠤᠨ ᠦᠨᠳᠤᠰᠤᠳᠠᠠ᠎ᠤ᠎ᠪᠠᠨ ᠳᠡᠯᠡᠭᠡᠢ᠎ᠳᠤ ᠤᠷᠤᠶ᠋ᠢᠯᠠᠭ᠍ᠤ ᠵᠢ ᠭᠦᠰᠡᠵᠦ ᠪᠠᠶ᠋ᠢᠭ᠎ᠠ ᠰᠠᠨᠠᠭ᠎ᠠ ᠵᠢ ᠬᠠᠷᠠᠭᠤᠯᠪᠠ᠃ 《ᠪᠢ》 ᠪᠤᠯ ᠵᠤᠬᠢᠶᠠᠭᠴᠢ ᠵᠢᠨ ᠳᠤᠰ ᠪᠡᠶ᠎ᠡ ᠪᠢᠰᠢ᠂ ᠬᠠᠷᠢᠠ ᠨᠢᠭᠡ ᠦᠨᠳᠤᠰᠤᠳᠠᠠ᠎ᠤ ᠳᠦᠯᠦᠭᠡᠯᠡᠬᠦᠯᠦᠯ ᠶᠤᠮ᠃ ᠳᠡᠬᠦᠠ᠎ᠢ ᠪᠠᠶ᠋ᠢᠭ᠋ᠠᠯᠢᠯᠢᠬ ᠰᠡᠳᠬᠢᠬᠦᠢ᠎ᠪᠠᠷ ᠤᠶ᠋ᠢᠯᠠᠭ᠋ᠠᠪᠠᠯ ᠳᠡᠭᠷᠢ ᠳᠤᠯᠤᠭᠰᠠᠠ ᠦᠨᠳᠤᠷ ᠬᠥᠮᠤᠠ ᠪᠤᠯᠬᠤ ᠭᠡᠰᠡᠡ ᠰᠠᠨᠠᠭ᠎ᠠ ᠵᠢ ᠭᠠᠷᠭ᠋ᠠᠭᠰᠠᠠ ᠮᠡᠳᠤ᠃ ᠭᠡᠷᠡᠭ ᠳᠡᠭᠡᠷ᠎ᠡ᠎ᠪᠠᠨ ᠳᠡᠶ᠋ᠢᠮᠤ ᠪᠤᠯᠤᠯᠴᠠᠭ᠎ᠠ ᠦᠭᠡᠢ᠃ ᠬᠥᠮᠤᠠ᠎ᠤ ᠦᠨᠳᠤᠷ ᠪᠤᠭᠤᠨᠢ ᠪᠡᠶ᠎ᠡ ᠮᠠᠭ᠍ᠠᠪᠤᠳ᠎ᠢ ᠠᠪᠤ ᠡᠵᠢ ᠤᠯᠭᠤᠳᠠᠭ᠎ᠠᠴᠠ ᠪᠢᠰᠢ᠂ ᠰᠠᠨᠠᠭ᠎ᠠ᠎ᠪᠠᠷ ᠪᠤᠯᠳᠠᠭ ᠦᠭᠡᠢ ᠶᠤᠮ᠃ ᠬᠠᠷᠢᠠ ᠤᠶᠤᠠ ᠮᠡᠳᠡᠯᠭᠡ᠂ ᠠ᠋ᠳ᠋ ᠪᠤᠳᠡᠰ᠎ᠤᠨ ᠪᠠᠶᠠᠯᠢᠭ᠎ᠢ ᠬᠥᠴᠤ ᠬᠥᠳᠡᠯᠮᠤᠷᠢ᠎ᠪᠠᠷ ᠳᠡᠮᠡᠴᠡᠵᠤ ᠤᠯᠤᠨ᠎ᠠ᠃ ᠳᠡᠶ᠋ᠢᠮᠤ᠎ᠠᠴᠠ ᠡ᠊ᠨᠳᠠ ᠭᠡᠯᠡᠵᠤ ᠪᠠᠶ᠋ᠢᠭ᠎ᠠ ᠦᠨᠳᠤᠷ ᠪᠤᠯᠬᠤ ᠭᠡᠰᠡᠡ ᠰᠠᠨᠠᠭ᠎ᠠ ᠪᠤᠯ ᠦᠨᠳᠤᠰᠤᠳᠠᠠ᠎ᠤ ᠰᠤᠶᠤᠯ ᠪᠤᠯᠪᠠᠰᠤᠠ᠂ ᠬᠥᠭᠵᠢᠯ ᠪᠠᠳᠠᠷᠠᠯ ᠳᠡᠯᠡᠭᠡᠢ᠎ᠳᠤ ᠲᠠᠷᠢᠭᠦᠯᠡᠭᠦ ᠵᠢ ᠬᠥᠰᠡᠭᠰᠡᠡ ᠮᠦᠷᠦᠭᠡᠳᠦᠯᠳᠤ ᠰᠠᠨᠠᠭ᠎ᠠ ᠵᠢ ᠭᠡᠢ ᠰᠡᠳᠬᠢᠮᠵᠢ ᠵᠢᠨ ᠠᠷᠭ᠎ᠠ᠎ᠪᠠᠷ ᠳᠦᠷᠰᠦᠯᠡᠭᠰᠡᠡ ᠪᠠᠶ᠋ᠢᠭ᠎ᠠ ᠶᠤᠮ᠃ ᠭᠡᠢ ᠰᠡᠳᠬᠢᠬᠦᠢ ᠵᠢᠨ ᠵᠢᠬᠦᠷ ᠪᠤᠯ ᠢᠩᠬᠢᠵᠤ ᠯᠠ ᠬᠦᠮᠤᠠ ᠳᠦᠷᠦᠯᠬᠢᠳᠠᠠ᠎ᠤ ᠪᠡᠶ᠎ᠡ ᠮᠠᠭ᠍ᠠᠪᠤᠳ᠎ᠠᠴᠠ ᠰᠤᠭᠤᠷᠠᠠ ᠭᠠᠷᠴᠤ᠂ ᠬᠦᠷᠴᠤ ᠪᠤᠯᠬᠤ ᠭᠠᠵᠠᠷ ᠬᠥᠷᠴᠤ ᠴᠢᠳᠠᠭ᠍ᠤ᠎ᠪᠠᠷ ᠪᠠᠷᠠᠭ᠍ᠤ ᠦᠭᠡᠢ ᠬᠦᠷᠴᠤ ᠪᠤᠯᠤᠰᠢ ᠦᠭᠡᠢ ᠭᠠᠵᠠᠷ᠎ᠲᠤ ᠴᠤ᠌ ᠴᠢᠯᠦᠭᠡᠳᠠᠢ᠎ᠪᠠᠷ ᠳᠡᠬᠦᠯᠢᠠ ᠬᠥᠷᠴᠤ ᠬᠢᠵᠠᠭ᠋ᠠᠷ ᠦᠭᠡᠢ ᠰᠠᠨᠠᠭ᠋ᠠᠠ᠎ᠤ ᠠᠭᠤᠳᠠᠮ ᠵᠠᠢ ᠵᠢ ᠡᠵᠡᠩᠨᠡᠳᠡᠭ ᠠᠵᠢ᠃
     (4) ᠬᠤᠷᠢᠶᠠᠩᠭᠤᠶ᠋ᠢᠯᠠᠭ᠍ᠤ ᠰᠡᠳᠬᠢᠬᠦᠢ ᠵᠢ ᠰᠤᠷᠢᠨ᠎ᠠ
      ᠢᠷᠠᠭᠤ ᠨᠠᠶ᠋ᠢᠷᠠᠭ ᠪᠤᠯ ᠭᠡᠯᠡᠡ᠎ᠳᠤ᠎ᠪᠠᠨ ᠬᠠᠷᠠᠮᠴᠢ ᠨᠢᠭᠡ ᠵᠦᠢ᠍ᠯ᠎ᠤᠨ ᠤᠷᠠᠠ ᠵᠤᠬᠢᠶᠡᠯ᠎ᠤᠨ ᠰᠲ᠋ᠢᠯᠢ ᠶᠤᠮ᠃ ᠳᠡᠷᠠ᠎ᠨᠢ ᠶᠠᠭᠤᠮ᠎ᠠ ᠦᠵᠡᠭᠳᠡᠯ᠎ᠢ ᠭᠠᠭᠴᠠ ᠬᠤᠶᠠᠷ ᠦᠭᠡ᠎ᠪᠠᠷ ᠤᠨᠤᠭ᠋ᠠᠠ ᠭᠡᠯᠡᠬᠦ ᠵᠢ ᠬᠦᠭᠡᠭᠡᠴᠡᠯᠳᠦᠳᠡᠭ ᠪᠦᠭᠡᠳ ᠭᠡᠯᠡᠡ᠎ᠤ ᠰᠢᠷᠭ᠋ᠠᠭ᠋ᠠᠯᠳᠠ ᠭᠡᠳᠤᠢ ᠶᠡᠭᠡ ᠪᠤᠯᠬᠤ ᠳᠤᠰᠤᠮ ᠰᠠᠨᠠᠭ᠎ᠠ ᠠᠬᠤᠢ᠎ᠨᠢ ᠳᠡᠳᠤᠢ ᠨᠢᠬᠳᠠ ᠪᠤᠯᠵᠤ᠂ ᠤᠩᠰᠢᠬᠤ᠎ᠳᠤ ᠨᠦᠮᠵᠦᠭ ᠰᠠᠨᠠᠭᠳᠠᠨ᠎ᠠ᠃ ᠤᠷᠠᠠ ᠵᠤᠬᠢᠶᠡᠯ᠎ᠢ ᠭᠡᠷᠪᠡ ᠢᠳᠡᠭᠡᠡ ᠵᠶ᠋ᠠᠷ ᠳᠦᠷᠰᠦᠯᠡᠡ ᠪᠤᠳᠤᠪᠡᠯ ᠢᠷᠠᠭᠤ ᠨᠠᠶ᠋ᠢᠷᠠᠭ ᠪᠤᠯ ᠦᠨᠳᠤᠷ ᠠᠭᠰᠢᠭ᠋ᠠᠯᠳᠠ᠎ᠲᠠᠢ ᠪᠤᠤᠪᠤ ᠵᠢᠨ ᠲᠦᠷᠦᠯ᠎ᠤᠨ ᠢᠳᠡᠭᠡᠡ ᠶᠤᠮ᠂ ᠤᠮᠳᠠᠭ᠋ᠠᠠ ᠵᠶ᠋ᠠᠷ ᠪᠤᠳᠤᠪᠠᠯ ᠰᠠᠷᠬᠤᠳ᠎ᠤᠨ ᠳᠦᠷᠦᠯ᠎ᠳᠤ ᠯᠠ ᠪᠠᠭᠳᠠᠬᠤ ᠪᠠᠶ᠋ᠢᠬ᠎ᠠ᠃ ᠠ᠋ᠨ᠋ᠨ ᠤᠨᠴᠠᠯᠢᠭ᠎ᠠᠴᠠ᠎ᠪᠠᠨ ᠪᠤᠯᠵᠤ ᠢᠷᠠᠭᠤ ᠨᠠᠶ᠋ᠢᠷᠠᠭ᠎ᠨᠢ ᠬᠥᠮᠤᠠ᠎ᠤ ᠰᠡᠳᠬᠢᠬᠦᠢ ᠵᠢᠨ ᠳᠡᠯᠡᠯᠳᠠ ᠬᠤᠷᠢᠶᠠᠩᠭᠤᠶ᠋ᠢᠯᠠᠯ᠎ᠤᠨ ᠬᠠᠷᠢᠮᠠᠭ᠍ᠠᠢ ᠴᠢᠨᠠᠷ᠎ᠢ ᠶᠡᠭᠡᠭᠡᠡ ᠱᠠᠭ᠋ᠠᠷᠳᠠᠳᠠᠭ᠃ ᠮᠤᠩᠭᠤᠯ ᠠᠷᠠᠳ᠎ᠤᠨ ᠭᠡᠪᠰᠢᠮᠡᠯ ᠦᠭᠡᠡ᠎ᠳᠤ᠎ᠬᠢ ᠦᠪᠡᠷᠮᠢᠴᠠ ᠭᠡᠯᠡᠴᠠ᠎ᠨᠦᠭᠦᠳ ᠪᠤᠯ ᠳᠡᠷᠡ ᠴᠡᠭ ᠵᠶ᠋ᠠᠷ ᠵᠶ᠋ᠠᠨ ᠢᠷᠠᠭᠤ ᠨᠠᠶ᠋ᠢᠷᠠᠭ᠎ᠤᠨ ᠰᠡᠳᠬᠢᠬᠦᠢ᠎ᠪᠠᠷ ᠵᠤᠬᠢᠶᠠᠭᠳᠠᠭᠰᠠᠠ ᠪᠠᠶ᠋ᠢᠳᠠᠭ᠃ ᠵᠢᠱ᠌ᠢᠶᠡᠯᠡᠪᠡᠯ᠄ 《ᠨᠢᠳᠤ ᠬᠤᠵᠢᠷᠯᠠᠭ᠍ᠤ》 ᠭᠡᠪᠡᠯ ᠰᠠᠶ᠋ᠢᠬᠠᠠ ᠶᠠᠭᠤᠮ᠎ᠠ ᠦᠵᠡᠵᠤ ᠭᠤᠸ᠎ᠠ ᠳᠠᠭ᠋ᠠᠰᠢᠶᠡᠯ ᠤᠯᠬᠤ ᠵᠢ ᠭᠡᠯᠡᠨ᠎ᠠ᠃ ᠠ᠋ᠨ᠋ᠨ ᠦᠭᠡ ᠵᠢ ᠯᠤᠬᠢᠭ ᠰᠡᠳᠬᠢᠬᠦᠢ᠎ᠪᠠᠷ ᠯᠠᠪᠰᠢᠷᠠᠭᠤᠯᠤᠠ ᠪᠤᠳᠤᠪᠠᠯ ᠠᠮᠢᠳᠤᠷᠠᠯ᠎ᠲᠠᠢ ᠵᠤᠬᠢᠴᠠᠭ᠍ᠤ ᠦᠭᠡᠢ ᠮᠡᠳᠤ᠃ ᠤᠴᠢᠷ᠎ᠨᠢ ᠨᠢᠳᠤᠠ᠎ᠳᠤ ᠬᠤᠵᠢᠷ ᠤᠷᠤᠪᠠᠯ ᠨᠢᠳᠤ ᠬᠤᠷᠤᠰᠴᠤ ᠡᠪᠡᠳᠤᠠ ᠳᠠᠭ᠋ᠠᠰᠢᠶᠡᠯ ᠤᠯᠬᠤ ᠪᠠᠶ᠋ᠢᠳᠤᠭ᠋ᠠᠢ ᠵᠤᠪᠠᠭᠤᠷᠢᠯᠠᠵᠤ ᠮᠡᠳᠡᠨ᠎ᠡ᠃ ᠭᠡᠳᠡᠯ᠎ᠡ ᠬᠤᠨᠢ ᠮᠠᠯ᠎ᠤᠨ ᠰᠢᠨᠤᠯ᠎ᠢ ᠶᠡᠭᠡ ᠬᠥᠳᠡᠯᠭᠡᠳᠡᠭ ᠢᠳᠡᠭᠡᠡ ᠪᠤᠯ ᠬᠤᠵᠢᠷ ᠳᠠᠪᠤᠰᠤ᠃ ᠠ᠋ᠶ᠋ᠢᠨ ᠬᠦ᠌ ᠨᠢᠳᠤᠠ᠎ᠤ ᠰᠢᠨᠤᠯ ᠳᠠᠶ᠋ᠢᠯᠭ᠍ᠤ ᠵᠢ ᠮᠠᠯᠵᠢᠬᠤ ᠰᠡᠳᠬᠢᠬᠦᠢ᠎ᠪᠠᠷ ᠬᠤᠯᠪᠤᠠ ᠰᠡᠳᠬᠢᠵᠤ 《ᠳᠤᠷ᠎ᠠ ᠪᠤᠯᠢᠶᠠᠭᠰᠠᠠ ᠶᠠᠭᠤᠮ᠎ᠠ ᠦᠵᠡᠵᠤ ᠨᠢᠳᠤᠠ᠎ᠤ ᠰᠢᠨᠤᠯ᠎ᠢ ᠬᠠᠩᠭ᠋ᠠᠯ᠎ᠠ》 ᠭᠡᠰᠡᠡ ᠤᠷᠳᠤ ᠦᠬᠦᠯᠡᠪᠤᠷᠢ ᠵᠢᠨ ᠰᠠᠨᠠᠭ᠎ᠠ ᠵᠢ ᠬᠤᠶᠠᠷᠬᠠᠠ ᠦᠭᠡᠡ᠎ᠳᠤ ᠪᠠᠭᠳᠠᠭ᠋ᠠᠭᠰᠠᠠ ᠪᠠᠶ᠋ᠢᠭ᠎ᠠ ᠶᠤᠮ᠃ ᠨᠡᠩ ᠢᠯᠠᠨᠭ᠌ᠭᠤᠶ᠎ᠠ ᠵᠦᠢ᠍ᠷ ᠰᠡᠴᠡᠡ ᠦᠭᠡᠡ᠎ᠳᠤ ᠪᠤᠯ ᠰᠢᠯᠦᠭ᠎ᠤᠨ ᠬᠤᠷᠢᠶᠠᠩᠭᠤᠢ ᠰᠡᠳᠬᠢᠬᠦᠢ ᠮᠠᠰᠢ ᠳᠤᠳᠤ ᠠᠵᠢᠭᠯᠠᠭᠳᠠᠨ᠎ᠠ᠃ 《ᠠᠪᠬᠤ ᠬᠥᠮᠤᠠ ᠪᠦᠬᠦᠶ᠋ᠢᠵᠤ᠂ ᠦᠭᠬᠦ ᠬᠥᠮᠤᠠ ᠭᠡᠳᠡᠶ᠋ᠢᠨ᠎ᠡ》 ᠭᠡᠳᠡᠭ ᠰᠡᠴᠡᠡ ᠦᠭᠡ ᠪᠤᠯ ᠤᠷᠤᠭ ᠬᠤᠷᠢᠮ᠎ᠤᠨ ᠵᠠᠩ ᠦᠢ᠍ᠯᠠ᠎ᠠᠴᠠ ᠢᠷᠡᠯ᠎ᠲᠠᠢ ᠦᠭᠡ ᠪᠠᠶ᠋ᠢᠵᠤ ᠳᠠᠭ᠋ᠠᠷᠠᠨ᠎ᠠ᠃ ᠭᠡᠤᠭᠡᠡ ᠭᠤᠶᠤᠭᠴᠢ ᠠᠷᠢᠬᠢ ᠬᠠᠳᠠᠭ ᠵᠶ᠋ᠠᠨ ᠡᠪᠤᠷᠳᠦᠯᠡᠡ ᠦᠬᠢᠠ᠎ᠤ ᠳᠠᠯ᠎ᠠ᠎ᠳᠤ ᠬᠥᠷᠴᠤ ᠭᠡᠳᠦᠨᠳᠡ ᠭᠤᠶᠤᠬᠤ ᠶᠤᠰᠤ ᠬᠥᠢ᠍ᠴᠡᠳᠭᠡᠨ᠎ᠡ᠃ ᠬᠠᠷᠢᠠ ᠦᠬᠢᠠ᠎ᠤ ᠠᠪᠤ ᠡᠵᠢ ᠳᠤᠰ ᠤᠷᠤᠭ᠎ᠤᠨ ᠶᠠᠪᠤᠳᠠᠯ᠎ᠳᠤ ᠳᠤᠷ᠎ᠠ᠎ᠲᠠᠢ ᠪᠠᠶ᠋ᠢᠯ᠎ᠠ ᠴᠤ᠌ ᠭᠡᠰᠡᠡ ᠳᠤᠷ᠎ᠠ ᠦᠭᠡᠢ ᠮᠡᠳᠤ ᠠᠪᠤᠷᠢᠯᠠᠠ ᠭᠡᠳᠡᠭᠡᠷ ᠪᠠᠶ᠋ᠢᠬᠤ ᠦᠭᠡᠢ ᠪᠤᠯ ᠦᠬᠢᠠ᠎ᠨᠢ ᠬᠤᠵᠢᠮ ᠬᠠᠷᠢ ᠵᠢᠨ ᠠ᠋ᠬᠦᠳᠡᠡ᠎ᠳᠤ ᠳᠤᠷᠠᠳᠠᠢ ᠬᠥᠶᠤᠠ ᠤᠴᠢᠭᠰᠠᠠ᠎ᠳᠤ ᠳᠤᠭ᠋ᠠᠴᠠᠭᠳᠠᠨ ᠬᠠᠳᠠᠮ᠎ᠳᠤ᠎ᠪᠠᠨ ᠬᠦᠩᠭᠡᠪᠴᠢᠯᠡᠭᠳᠡᠵᠤ ᠮᠡᠳᠡᠨ᠎ᠠ᠃ ᠠ᠋ᠶ᠋ᠢᠮᠤ ᠳᠤᠮᠤ ᠰᠤᠶᠤᠯ ᠢᠷᠭᠡᠨᠰᠢᠯ᠎ᠤᠨ ᠠᠭᠤᠯᠬᠤᠠ᠎ᠲᠠᠢ ᠰᠠᠨᠠᠭ᠎ᠠ ᠵᠢ ᠭᠠᠭᠴᠠ ᠦᠬᠦᠯᠡᠪᠤᠷᠢ᠎ᠳᠤ ᠪᠠᠭᠳᠠᠭ᠋ᠠᠨ᠎ᠠ ᠭᠡᠳᠡᠭ ᠦᠨᠡᠭᠡᠷ ᠭᠡᠯᠡᠡ᠎ᠤ ᠭᠠᠶ᠋ᠢᠬᠠᠮᠰᠢᠭ ᠪᠢᠵᠡ? ᠤᠳᠤ ᠠ᠋ᠨ᠋ᠨ ᠦᠭᠡ ᠵᠢ ᠠᠪᠴᠤ ᠦᠭᠬᠦ ᠵᠢᠨ ᠬᠠᠷᠢᠴᠠᠭ᠋ᠠᠠ ᠳᠡᠭᠡᠷ᠎ᠡ ᠶᠠᠮᠠᠷ ᠴᠤ᠌ ᠳᠤᠬᠢᠶᠡᠯᠳᠤᠯ᠎ᠳᠤ ᠴᠢᠯᠦᠭᠡᠳᠠᠢ ᠭᠡᠷᠡᠭᠯᠡᠵᠤ ᠪᠤᠯᠬᠤ ᠪᠦᠭᠡᠳ ᠢᠷᠠᠭᠤ ᠨᠠᠶ᠋ᠢᠷᠠᠭ᠎ᠤᠨ ᠬᠤᠷᠢᠶᠠᠩᠭᠤᠢ ᠰᠡᠳᠬᠢᠬᠦᠢ ᠭᠡᠳᠡᠭ ᠪᠤᠯ ᠢᠩᠬᠢᠵᠤ ᠯᠠ ᠳᠤᠭᠤᠷᠢᠭ᠎ᠤᠨ ᠳᠦᠪ ᠮᠡᠳᠤ ᠶᠡᠭᠡ ᠰᠠᠨᠠᠭ᠋ᠠᠠ᠎ᠤ ᠰᠢᠵᠢᠮ᠎ᠢ ᠵᠠᠩᠬᠢᠳᠴᠤ ᠳᠠᠷᠤᠭᠰᠠᠠ ᠪᠠᠶ᠋ᠢᠳᠠᠭ ᠵᠢᠷᠤᠮ᠎ᠲᠠᠢ᠃ ᠪᠢᠳᠡ 《ᠪᠤᠷᠵᠢᠬᠢᠨ᠎ᠤ ᠪᠤᠷᠤ ᠳᠠᠯ᠎ᠠ》 ᠭᠡᠳᠡᠭ ᠰᠢᠯᠦᠭ᠎ᠠᠴᠠ ᠭᠠᠭᠴᠠ ᠪᠠᠳᠠᠭ ᠦᠵᠡᠶ᠎ᠡ᠄
     《ᠰᠠᠨᠠᠭ᠎ᠠ ᠠᠯᠳᠠᠭ᠍ᠤ᠎ᠳᠤ / ᠠ᠋ᠭᠡ ᠵᠢᠨ ᠰᠦ ᠳᠠᠩᠨᠠᠢ᠎ᠳᠤ ᠠᠮᠳᠠᠭᠳᠠᠵᠤ / ᠰᠠᠯᠬᠢᠠ᠎ᠤ ᠦᠵᠤᠬᠦᠷ ᠵᠠᠯᠬᠢᠯᠠᠭ᠍ᠤ᠎ᠳᠤ / ᠠᠬᠢ ᠬᠤᠭᠤᠯᠠᠢ᠎ᠳᠤ ᠠᠷᠭ᠋ᠠᠭᠰᠠᠠ / ᠪᠤᠷᠵᠢᠬᠢᠠ᠎ᠤ ᠪᠤᠷᠤ ᠳᠠᠯ᠎ᠠ ᠮᠢᠨᠢ / ᠳᠡᠷᠭᠡᠯ ᠰᠠᠷᠠᠠ ᠳᠤᠭᠤᠯᠵᠤ ᠪᠠᠷᠠᠯ ᠦᠭᠡᠢ ᠭᠡᠭᠡᠷ᠎ᠡ ᠬᠤᠨᠤᠳᠠᠭ / ᠳᠡᠭᠷᠢ ᠵᠢᠨ ᠭᠡᠪᠳᠡᠷᠢ ᠪᠤᠭᠤᠷᠤᠯ ᠳᠠᠯ᠎ᠠ ᠮᠢᠨᠢ》᠂ ᠳᠤᠰ ᠰᠢᠯᠦᠭ᠎ᠤᠨ ᠠ᠋ᠬᠢᠠ᠎ᠳᠤ 《ᠰᠠᠨᠠᠭ᠎ᠠ ᠠᠯᠳᠠᠭ᠍ᠤ᠎ᠳᠤ / ᠠ᠋ᠭᠡ ᠵᠢᠨ ᠰᠦ ᠳᠠᠩᠨᠠᠢ᠎ᠳᠤ ᠠᠮᠳᠠᠭᠳᠠᠵᠤ》 ᠭᠡᠰᠡᠡ ᠰᠦᠷᠭᠡᠤᠴᠢᠯᠡᠯ᠎ᠤᠨ ᠠᠷᠭ᠎ᠠ᠎ᠪᠠᠷ ᠪᠢᠴᠢᠭᠰᠡᠡ ᠦᠭᠡ ᠪᠤᠢ᠃ 《ᠰᠠᠨᠠᠭ᠎ᠠ ᠠᠯᠳᠠᠭ᠍ᠤ》 ᠪᠤᠯ ᠵᠤᠪᠠᠭ᠍ᠤ ᠦᠶ᠎ᠡ ᠵᠢᠨ ᠰᠡᠳᠬᠢᠯ᠎ᠤᠨ ᠢᠯᠡᠷᠡᠯ ᠮᠦᠠ᠂ ᠬᠠᠷᠢᠠ 《ᠠ᠋ᠭᠡ ᠵᠢᠨ ᠰᠦ》 ᠪᠤᠯ ᠵᠤᠪᠠᠭ᠍ᠤᠯᠠᠷ ᠠᠮᠠᠠ᠎ᠳᠤ ᠠᠮᠳᠠᠭᠳᠠᠳᠠᠭ ᠵᠦᠢ᠍ᠯ ᠤᠭᠳᠤ ᠪᠢᠰᠢ (ᠵᠤᠪᠠᠭ᠍ᠤ᠎ᠳᠤ ᠭᠠᠰᠢᠭᠤᠠ ᠠᠮᠳᠠ ᠠᠮᠳᠠᠭᠳᠠᠨ᠎ᠠ ᠭᠡᠪᠡᠯ ᠵᠦᠪ ᠪᠢᠵᠠ)᠃ ᠭᠡᠳᠡᠯ᠎ᠡ ᠠ᠋ᠨ᠋ᠨ ᠤᠷᠴᠢᠠ᠎ᠳᠤ ᠳᠤᠰ ᠦᠭᠡ ᠵᠢ ᠭᠡᠷᠡᠭᠯᠡᠭᠰᠡᠡ᠎ᠨᠢ ᠰᠠᠨᠠᠭ᠎ᠠ ᠠᠯᠳᠠᠨ ᠤᠷᠳᠤ ᠠᠮᠢᠰᠬᠤᠭ᠎ᠠ ᠠᠪᠬᠤ ᠪᠦᠷᠢ ᠠᠮᠢᠰᠬᠤᠯ᠎ᠢ ᠳᠠᠭ᠋ᠠᠵᠤ ᠠ᠋ᠭᠡ ᠵᠢᠨ ᠰᠦ ᠮᠡᠳᠤ ᠠᠷᠢᠭᠤᠠ ᠠᠭ᠋ᠠᠷ ᠠᠮᠠᠠ᠎ᠳᠤ ᠤᠷᠤᠰᠤᠠ ᠤᠷᠤᠨ᠎ᠠ᠃ ᠤᠴᠢᠷ᠎ᠨᠢ ᠪᠤᠷᠵᠢᠬᠢᠠ᠎ᠤ ᠪᠤᠷᠤ ᠳᠠᠯ᠎ᠠ ᠪᠤᠯ ᠨᠤᠳᠤᠭ᠎ᠤᠨ ᠬᠥᠤ᠎ᠳᠤ᠎ᠪᠠᠨ ᠡᠵᠢ ᠳᠠᠯ᠎ᠠ ᠪᠢᠯᠠ᠃ 《ᠰᠠᠯᠬᠢᠠ᠎ᠤ ᠦᠵᠦᠬᠦᠷ ᠵᠠᠯᠬᠢᠯᠠᠭ᠍ᠤ᠎ᠳᠤ / ᠠᠬᠢ ᠬᠤᠭᠤᠯᠠᠢ᠎ᠳᠤ ᠠᠷᠭ᠋ᠠᠭᠰᠠᠠ》 ᠭᠡᠬᠦ ᠬᠤᠶᠠᠳᠤᠭ᠋ᠠᠷ ᠮᠦᠷ᠎ᠤᠨ 《ᠠᠷᠭ᠋ᠠᠭᠰᠠᠠ》 ᠭᠡᠳᠡᠭ ᠦᠭᠡ ᠵᠢ ᠳᠠᠩᠴᠤ ᠤᠨᠤᠵᠤ ᠭᠡᠯᠡᠵᠠᠢ᠃ 《ᠠᠷᠭ᠋ᠠᠬᠤ》 ᠪᠤᠯ ᠤᠰᠤ ᠦᠭᠡᠢ ᠬᠠᠭᠤᠷᠠᠢ ᠵᠦᠢ᠍ᠯ᠎ᠢ ᠢᠳᠡᠬᠦ ᠦᠶᠡᠰ ᠠᠮᠠᠠ᠎ᠳᠤ ᠪᠤᠳᠠᠷᠠᠬᠤ ᠵᠢ ᠭᠡᠯᠡᠨ᠎ᠡ᠃ ᠠᠬᠢ ᠡᠪᠡᠰᠤᠠ᠎ᠤ ᠳᠤᠭᠤᠰᠤ ᠪᠤᠯ ᠬᠠᠭᠤᠷᠠᠢ ᠵᠦᠢ᠍ᠯ᠂ ᠭᠡᠳᠡᠯ᠎ᠡ ᠰᠠᠯᠬᠢᠠ᠎ᠳᠤ ᠪᠤᠳᠠᠷᠠᠭ᠍ᠤ ᠠᠬᠢ ᠵᠢᠨ ᠳᠤᠭᠤᠰᠤ ᠠᠮᠢᠰᠬᠤᠯ᠎ᠲᠠᠭᠠᠨ ᠠᠭᠤᠰᠬᠢᠠ᠎ᠳᠤ ᠤᠷᠤᠬᠤ᠎ᠳᠤ ᠬᠤᠭᠤᠯᠠᠢ ᠠᠷᠭ᠋ᠠᠬᠤ ᠳᠤᠬᠢᠶᠡᠯᠳᠤᠯ ᠭᠠᠷᠬᠤ ᠦᠭᠡᠢ᠃ ᠠ᠋ᠨ᠋ᠨ ᠪᠤᠯ ᠡᠪᠡᠰᠤᠠ᠎ᠤ ᠰᠦᠯ ᠦᠳᠬᠡᠡ ᠭᠡᠭᠴᠢ ᠰᠠᠨᠠᠭ᠎ᠠ ᠵᠢ ᠬᠤᠷᠢᠶᠠᠩᠭᠤᠶ᠋ᠢᠯᠠᠵᠤ ᠳᠦᠷᠰᠦᠯᠡᠭᠰᠡᠡ ᠦᠭᠡ ᠶᠤᠮ᠃ 《ᠳᠡᠷᠭᠡᠯ ᠰᠠᠷᠠᠠ ᠳᠤᠭᠤᠯᠵᠤ ᠪᠠᠷᠠᠯ ᠦᠭᠡᠢ ᠭᠡᠭᠡᠷ᠎ᠡ ᠬᠤᠨᠤᠳᠠᠭ / ᠳᠡᠭᠷᠢ ᠵᠢᠨ ᠭᠡᠪᠳᠡᠷᠢ ᠪᠤᠭᠤᠷᠤᠯ ᠳᠠᠯ᠎ᠠ ᠮᠢᠨᠢ》 ᠭᠡᠳᠡᠭ ᠦᠭᠡᠡ᠎ᠤ ᠳᠦᠷᠰᠦᠯᠢᠭ ᠬᠤᠷᠢᠶᠠᠩᠭᠤᠢ ᠵᠢ ᠨᠡᠩ ᠶᠠᠭᠤᠠ ᠦᠬᠦᠯᠡᠬᠦ ᠠᠵᠢ! ᠰᠠᠷᠠ ᠰᠦᠨᠢᠵᠢᠠ ᠳᠡᠭᠡᠬᠦᠷ᠎ᠨᠢ ᠳᠠᠪᠬᠢᠭ᠋ᠠᠳ ᠵᠠᠬ᠎ᠠ᠎ᠳᠤ᠎ᠨᠢ ᠭᠠᠷᠴᠤ ᠴᠢᠳᠠᠭ᠍ᠤ ᠦᠭᠡᠢ ᠪᠤᠯᠬᠤᠷ ᠶᠠᠳᠠᠷᠠᠭ᠍ᠤ᠎ᠳᠤ᠎ᠪᠠᠨ ᠭᠡᠭᠡᠷ᠎ᠡ ᠬᠤᠨᠤᠴᠢᠬᠠᠳᠠᠭ᠂ ᠳᠡᠷᠡ ᠴᠤ᠌ ᠪᠠᠶ᠋ᠢᠳᠤᠭ᠋ᠠᠢ ᠳᠡᠭᠷᠢ ᠬᠥᠷᠳᠡᠯ᠎ᠡ ᠠ᠋ᠨ᠋ᠨ ᠳᠠᠯ᠎ᠠ ᠳᠡᠭᠡᠷ᠎ᠡ ᠢᠷᠡᠵᠤ ᠭᠡᠪᠳᠡᠵᠤ ᠠᠮᠠᠷᠠᠳᠠᠭ ᠳᠡᠶ᠋ᠢᠮᠤ ᠳᠤᠮᠤ ᠳᠠᠯ᠎ᠠ ᠠᠵᠢ᠃ ᠳᠠᠪᠠᠭᠤᠯᠤᠯ᠎ᠤᠨ ᠠᠷᠭ᠎ᠠ᠎ᠪᠠᠷ ᠳᠦᠷᠰᠦᠯᠡᠭᠳᠡᠭᠰᠡᠡ ᠠ᠋ᠨ᠋ᠨ ᠮᠦᠷ ᠦᠭᠡᠡ᠎ᠳᠤ ᠮᠤᠩᠭᠤᠯᠴᠤᠳ ᠪᠢᠳᠠ ᠰᠠᠷᠠ ᠬᠤᠨᠤᠳᠠᠭ᠂ ᠳᠡᠭᠷᠢ ᠨᠤᠳᠤᠭᠯᠠᠳᠠᠭ ᠳᠡᠶ᠋ᠢᠮᠤ ᠮᠤᠨᠳᠠᠭ ᠰᠠᠶ᠋ᠢᠬᠠᠠ ᠨᠤᠳᠤᠭ᠎ᠲᠤ ᠤᠯᠠᠠ ᠵᠠᠭᠤᠠ ᠵᠢᠯ (《ᠪᠤᠭᠤᠷᠤᠯ ᠳᠠᠯ᠎ᠠ》 ᠭᠡᠰᠡᠡ ᠪᠢᠵᠠ ᠳ᠋ᠠ?) ᠠᠵᠤ ᠠᠮᠢᠳᠤᠷᠠᠯ ᠵᠶ᠋ᠠᠨ ᠴᠤᠭᠴᠠᠯᠠᠵᠤ ᠢᠷᠡᠯ᠎ᠡ᠂ ᠠ᠋ᠶ᠋ᠢᠮᠤ ᠳᠠᠯ᠎ᠠ ᠳᠡᠯᠡᠭᠡᠢ ᠵᠢᠨ ᠬᠠᠮᠢᠭ᠎ᠠ ᠴᠤ᠌ ᠦᠭᠡᠷ᠎ᠡ ᠪᠠᠶ᠋ᠢᠬᠤ ᠦᠭᠡᠢ (ᠦᠭᠡᠷ᠎ᠡ ᠪᠠᠶ᠋ᠢᠪᠠᠯ ᠰᠠᠷᠠ ᠳᠡᠭᠷᠢ ᠬᠤᠶᠠᠷ ᠳᠡᠶ᠋ᠢᠰᠢ᠎ᠪᠠᠨ ᠵᠠᠶ᠋ᠢᠯᠠᠴᠢᠬᠠᠨ᠎ᠠ ᠪᠢᠵᠠ)᠂ ᠳᠡᠭᠡᠬᠦᠯᠡᠷ ᠨᠤᠳᠤᠭ᠎ᠤᠨ ᠰᠠᠶ᠋ᠢᠬᠠᠠ᠎ᠢ ᠡᠵᠡᠩᠨᠡᠵᠤ ᠳᠦᠷᠦᠭᠰᠡᠡ ᠮᠤᠩᠭᠤᠯᠴᠤᠳ ᠪᠢᠳᠠ ᠪᠤᠯ ᠦᠨᠡᠭᠡᠷ ᠳᠡᠭᠷᠢ ᠵᠢᠨ ᠳᠠᠭ᠋ᠠᠯᠠᠯ᠎ᠳᠤ ᠪᠠᠭᠳᠠᠭᠰᠠᠠ ᠪᠤᠶᠨᠨᠳᠠᠢ ᠦᠨᠳᠤᠰᠤᠳᠠᠠ ᠠᠵᠢ ᠭᠡᠰᠡᠡ ᠳᠤᠮᠤ ᠰᠠᠨᠠᠭ᠎ᠠ ᠵᠢ ᠪᠠᠭᠴᠠᠯᠠᠠ ᠪᠠᠭᠳᠠᠭ᠋ᠠᠭᠰᠠᠠ ᠪᠠᠶ᠋ᠢᠨ᠎ᠠ᠃ ᠭᠡᠤᠭᠡᠳ᠎ᠢ ᠰᠢᠯᠦᠭ᠎ᠤᠨ ᠠ᠋ᠶ᠋ᠢᠮᠤ ᠬᠤᠷᠢᠶᠠᠩᠭᠤᠢ ᠰᠡᠳᠬᠢᠬᠦᠢ ᠵᠢᠨ ᠴᠡᠭᠡᠯ᠎ᠳᠤ ᠬᠥᠳᠦᠯᠦᠠ ᠤᠷᠤᠭᠤᠯᠬᠤ᠎ᠨᠢ ᠳᠡᠳᠡᠡ᠎ᠤ ᠤᠢ ᠪᠢᠯᠢᠭ᠎ᠤᠨ ᠵᠢᠬᠦᠷ ᠳᠡᠯᠭᠡᠭᠳᠡᠬᠦ᠎ᠳᠤ ᠶᠠᠮᠠᠷ ᠶᠡᠭᠡ ᠳᠤᠰᠠ᠎ᠲᠠᠢ ᠭᠡᠭᠴᠢ ᠵᠢ ᠠ᠋ᠳᠡᠭᠡᠷ ᠵᠢᠱ᠌ᠢᠶᠡᠡ᠎ᠠᠴᠠ ᠦᠵᠡᠵᠤ ᠭᠠᠷᠬᠤ ᠪᠢᠰᠢ ᠤᠤ?
     3. ᠢᠷᠠᠭᠤ ᠨᠠᠶ᠋ᠢᠷᠠᠭ ᠬᠢᠭᠡᠳ ᠭᠡᠯᠡᠡ᠎ᠤ ᠪᠤᠯᠪᠠᠰᠤᠷᠠᠯ᠎ᠤᠨ ᠬᠠᠷᠢᠴᠠᠭ᠎ᠠ
      ᠢᠷᠠᠭᠤ ᠨᠠᠶ᠋ᠢᠷᠠᠭ ᠪᠤᠯ ᠳᠠᠩᠰᠤᠭ ᠭᠡᠯᠡᠡ᠎ᠤ ᠢᠷᠠᠭᠤ ᠪᠠᠶᠠᠯᠢᠭ ᠵᠶ᠋ᠠᠷ ᠵᠤᠬᠢᠶᠠᠭᠳᠠᠬᠰᠠᠨ ᠤᠷᠠᠠ ᠰᠠᠨᠠᠭ᠋ᠠᠨ᠎ᠤ ᠦᠩᠭᠡ ᠢᠯᠭ᠋ᠠᠷᠠᠭᠰᠠᠠ ᠴᠡᠴᠡᠭ ᠶᠤᠮ᠃ ᠭᠡᠤᠭᠡᠳ ᠭᠡᠯᠡ᠎ᠳᠤ ᠤᠷᠤᠮᠠᠭᠴᠠ ᠬᠠᠮᠤᠭ ᠳᠦᠬᠦᠮ ᠬᠠᠷᠢᠯᠴᠠᠭ᠋ᠠᠠ᠎ᠤ ᠭᠡᠯᠡ᠎ᠲᠠᠢ ᠪᠤᠯᠤᠨ᠎ᠠ᠃ ᠠ᠋ᠳᠤᠷ ᠳᠤᠳᠤᠮ᠎ᠤᠨ ᠬᠠᠷᠢᠯᠴᠠᠭ᠋ᠠᠠ᠎ᠳᠤ ᠳᠦᠬᠦᠮ ᠮᠦᠷᠳᠡᠭᠡᠡ ᠪᠠᠶ᠋ᠢᠩᠭᠤ ᠵᠢᠨ ᠭᠡᠷᠡᠭᠯᠡᠭᠡᠡ᠎ᠤ ᠦᠭᠡ ᠵᠢ ᠭᠡᠷᠡᠭᠯᠡᠵᠤ ᠴᠢᠳᠠᠪᠠᠯ ᠰᠠᠨᠠᠭ᠎ᠠ ᠪᠤᠳᠤᠯ ᠨᠡᠪᠳᠡᠷᠡᠯᠴᠡᠬᠦ᠎ᠳᠤ ᠰᠢᠯᠤᠭᠤᠬᠠᠠ ᠪᠤᠯᠳᠠᠭ᠃ ᠳᠡᠭᠡᠬᠦᠯᠡᠷ ᠮᠤᠩᠭᠤᠯᠴᠤᠳ ᠢᠷᠠᠭᠤ ᠨᠠᠶ᠋ᠢᠷᠠᠭ ᠵᠶ᠋ᠠᠷ ᠭᠡᠯᠡ ᠪᠤᠯᠪᠠᠰᠤᠷᠠᠭᠤᠯᠵᠤ ᠭᠡᠯᠡ᠎ᠪᠠᠨ ᠪᠠᠶᠠᠯᠢᠬ᠍ᠵᠢᠭᠤᠯᠬᠤ ᠨᠢᠭᠡᠡ ᠰᠠᠶ᠋ᠢᠬᠠᠠ ᠠᠷᠭ᠎ᠠ ᠵᠢ ᠪᠤᠳᠤᠵᠤ ᠤᠯᠵᠠᠢ᠃ ᠳᠡᠭᠡᠭᠡᠳ ᠰᠢᠯᠦᠭ᠎ᠨᠢ ᠳᠡᠭᠡᠷ᠎ᠡ ᠦᠶ᠎ᠡ᠎ᠠᠴᠠ ᠤᠳᠤ ᠪᠤᠯᠳᠠᠯ᠎ᠠ ᠭᠡᠯᠡ ᠬᠤᠷᠴᠠᠯᠠᠭ᠍ᠤ ᠪᠢᠯᠡᠬᠦᠤ ᠪᠤᠯᠵᠤ ᠰᠤᠷᠭ᠋ᠠᠭᠤᠯᠢ ᠵᠢᠨ ᠰᠤᠷᠭ᠋ᠠᠠ ᠬᠥᠮᠤᠵᠢᠯ᠎ᠠᠴᠠ ᠠ᠋ᠮᠤᠨᠡᠬᠢ ᠴᠢᠬᠤᠯᠠ ᠨᠢᠭᠡᠡ ᠬᠢᠴᠢᠶᠡᠯ ᠳᠦᠷᠦᠯ ᠪᠤᠯᠤᠭᠰᠠᠠ ᠪᠠᠶ᠋ᠢᠨ᠎ᠠ᠃ ᠳᠠᠭᠤᠤ ᠳᠠᠭᠤᠯᠠᠭ᠍ᠤ᠂ ᠰᠢᠯᠦᠭ ᠤᠩᠰᠢᠬᠤ᠂ ᠭᠡᠯᠡᠴᠠ ᠦᠭᠡ (ᠪᠤᠶᠤ ᠪᠢᠯᠢᠭ ᠰᠤᠷᠭ᠋ᠠᠯ) ᠴᠡᠭᠡᠵᠢᠯᠡᠬᠦ᠂ ᠤᠨᠢᠰᠤᠭ᠎ᠠ ᠳᠠᠭ᠋ᠠᠯᠴᠠᠭ᠍ᠤ᠂ ᠭᠡᠯᠡ ᠪᠤᠯᠪᠠᠰᠤᠷᠠᠭᠤᠯᠬᠤ ᠦᠭᠡ ᠰᠤᠷᠬᠤ ᠪᠤᠯ ᠠᠯᠢ ᠴᠤ᠌ ᠭᠡᠤᠭᠡᠳ᠎ᠤᠨ 《ᠨᠤᠮ᠎ᠳᠤ ᠤᠷᠤᠬᠤ》 ᠠᠯᠳᠠᠠ ᠬᠠᠭ᠋ᠠᠯᠭ᠎ᠠ ᠵᠢᠨ ᠳᠠᠳᠠᠭᠤᠷ ᠪᠤᠯᠤᠨ᠎ᠠ᠃ ᠳᠡᠭᠡᠬᠦ᠎ᠳᠤ 《ᠮᠢᠨᠤ ᠭᠡᠤᠭᠡᠳ ᠬᠤᠵᠢᠮ ᠰᠢᠯᠦᠭᠴᠢ ᠪᠤᠯᠤᠭ᠂ ᠠ᠋ᠰᠡᠬᠦᠯ᠎ᠡ ᠳᠠᠭᠤᠴᠢᠠ ᠪᠤᠯᠤᠭ》 ᠭᠡᠵᠤ ᠪᠤᠳᠤᠵᠤ ᠵᠢᠭ᠋ᠠᠳᠠᠭ ᠠᠪᠤ ᠡᠵᠢ ᠬᠤᠪᠤᠷ᠂ ᠬᠠᠷᠢᠠ ᠵᠦᠭᠡᠷ ᠯᠠ ᠭᠡᠤᠭᠡᠳ ᠪᠤᠯᠭ᠋ᠠᠠ ᠠ᠋ᠶ᠋ᠢᠮᠤ ᠪᠠᠶ᠋ᠢᠬᠤ ᠶᠤᠰᠤᠳᠠᠢ ᠭᠡᠵᠤ ᠰᠠᠨᠠᠨ᠎ᠠ᠃ ᠠ᠋ᠨ᠋ᠨ ᠪᠤᠯ ᠡᠪᠦᠭᠡ ᠳᠡᠭᠡᠳᠤᠰ᠎ᠤᠨ ᠮᠠᠨᠢ ᠢᠷᠠᠭᠤ ᠨᠠᠶ᠋ᠢᠷᠠᠭ ᠵᠶ᠋ᠠᠷ ᠭᠡᠯᠡᠡ᠎ᠤ ᠪᠤᠯᠪᠠᠰᠤᠷᠠᠯ ᠭᠦᠷᠳᠡᠭᠡᠭᠦ ᠠᠭᠤᠤ ᠶᠡᠭᠡ ᠨᠡᠭᠡᠭᠡᠯᠳᠠ ᠵᠢᠨ ᠬᠢᠨᠢ ᠨᠢᠭᠡ ᠵᠦᠢ᠍ᠯ ᠪᠤᠯᠤᠨ᠎ᠠ᠃ ᠵᠢᠱ᠌ᠢᠶᠡᠯᠡᠪᠡᠯ᠄ 《ᠪᠤᠷᠤ ᠬᠠᠯᠵᠠᠠ ᠳᠠᠤᠯᠠᠢ / ᠪᠤᠳᠠᠠ᠎ᠤ ᠳᠤᠮᠳᠠ᠎ᠠᠴᠠ ᠭᠠᠷᠤᠯ᠎ᠠ / ᠪᠤᠭᠤᠷ ᠪᠤᠭᠤᠷ ᠬᠥᠶᠤᠭᠡᠳ / ᠪᠤᠰᠤᠭ᠎ᠠ ᠬᠠᠳᠠᠠ᠎ᠳᠤ ᠤᠷᠤᠯ᠎ᠠ / ᠬᠥᠳᠡᠷ ᠪᠦᠳᠦᠬᠦᠠ ᠠᠮᠢᠳᠠᠠ / ᠬᠥᠷ ᠭᠡᠳ ᠢᠷᠡᠯ᠎ᠡ / ᠬᠥᠭᠡᠷᠦᠬᠦᠢ ᠪᠤᠷᠤ ᠳᠠᠤᠯᠠᠢ ᠵᠢᠨ / ᠬᠦᠨᠳᠡᠯᠡᠡ ᠵᠠᠮ᠎ᠢ ᠬᠠᠰᠢᠯ᠎ᠠ᠃ / ᠵᠢᠷᠦᠭᠡ ᠪᠠᠭ᠋ᠠᠳᠠᠢ ᠳᠠᠤᠯᠠᠢ / ᠵᠢᠭᠳᠡᠢ ᠠᠮᠢᠳᠠᠠ᠎ᠲᠠᠢ ᠤᠴᠠᠷᠠᠭ᠋ᠠᠳ / ᠵᠠᠮ ᠵᠶ᠋ᠠᠨ ᠠ᠋ᠷᠢᠵᠤ ᠶᠠᠪᠤᠬᠤ᠎ᠪᠠᠷ / ᠵᠠᠶ᠋ᠢᠯᠠᠵᠤ ᠴᠠᠭ᠋ᠠᠰᠢ ᠭᠠᠷᠤᠶ᠎ᠡ ᠭᠡᠳᠡᠯ᠎ᠡ / ᠵᠤᠭᠳᠤᠷ ᠦᠰᠤ᠎ᠨᠢ ᠯᠠᠭ᠋ᠠᠷᠠᠭᠰᠠᠠ / ᠵᠤᠳᠤᠭ᠋ᠠᠠ ᠭᠢᠮᠡᠷ ᠠᠮᠢᠳᠠᠠ / ᠵᠤ ᠰᠢᠯᠢ᠎ᠪᠠᠨ ᠰᠢᠯᠭᠡᠭᠡᠳ / ᠵᠤᠭᠰᠤᠵᠤ ᠠ᠋ᠮᠤᠨ᠎ᠡ᠎ᠠᠴᠠ᠎ᠨᠢ ᠵᠠᠩᠳᠤᠷᠪᠠ᠃》 ᠭᠡᠬᠦ ᠭᠡᠤᠭᠡᠳ᠎ᠤᠨ ᠰᠢᠯᠦᠭ᠎ᠢ ᠤᠩᠰᠢᠬᠤ᠎ᠳᠤ ᠭᠡᠯᠡ ᠪᠤᠯᠪᠠᠰᠤᠷᠠᠭ᠍ᠤ᠎ᠪᠠᠷ ᠪᠠᠷᠠᠭ᠍ᠤ ᠦᠭᠡᠢ ᠦᠯᠢᠭᠡᠷᠯᠢᠭ ᠰᠢᠨᠵᠢ᠎ᠨᠢ ᠭᠡᠤᠭᠡᠳ᠎ᠤᠨ ᠰᠤᠨᠢᠭᠤᠴᠢ ᠰᠡᠳᠬᠢᠯ᠎ᠢ ᠳᠠᠳᠠᠵᠤ ᠤᠳᠬ᠎ᠠ ᠵᠤᠬᠢᠶᠡᠯ᠎ᠤᠨ ᠳᠤᠷ᠎ᠠ ᠪᠠᠭ᠍ᠠᠠ᠎ᠳᠤ ᠠᠶᠠᠨᠳᠠᠭ᠋ᠠᠠ ᠬᠥᠳᠦᠯᠦᠭᠳᠡᠵᠤ ᠤᠷᠤᠬᠤ ᠶᠤᠮ᠃ ᠠ᠋ᠶ᠋ᠢᠮᠤᠷᠬᠦᠤ ᠰᠤᠷᠭ᠋ᠠᠠ ᠬᠥᠮᠤᠵᠢᠯ᠎ᠤᠨ ᠠᠷᠭ᠎ᠠ ᠭᠠᠭᠴᠠ ᠬᠦ᠌ ᠮᠤᠩᠭᠤᠯᠴᠤᠳ᠎ᠲᠤ ᠯᠠ ᠪᠠᠶ᠋ᠢᠳᠠᠭ ᠪᠢᠰᠢ᠂ ᠪᠤᠰᠤᠳ ᠦᠨᠳᠤᠰᠤᠳᠠᠠ ᠴᠤ᠌ ᠭᠡᠤᠭᠡᠳ᠎ᠢ ᠪᠢᠴᠢᠭ ᠰᠤᠷᠬᠤ᠎ᠠᠴᠠ ᠠ᠋ᠮᠤᠨ᠎ᠠ ᠰᠢᠯᠦᠭ ᠰᠤᠷᠭ᠋ᠠᠬᠤ ᠠᠷᠭ᠎ᠠ ᠵᠢ ᠭᠡᠷᠡᠭᠯᠡᠭᠰᠡᠭᠡᠷ ᠢᠷᠡᠭᠰᠡᠡ ᠪᠢᠯᠠ᠃
     4. ᠢᠷᠠᠭᠤ ᠨᠠᠶ᠋ᠢᠷᠠᠭ ᠬᠢᠭᠡᠳ ᠭᠤᠸ᠎ᠠ ᠮᠡᠳᠡᠷᠡᠮᠵᠢ ᠵᠢᠨ ᠬᠠᠷᠢᠴᠠᠭ᠎ᠠ
      ᠢᠷᠠᠭᠤ ᠨᠠᠶ᠋ᠢᠷᠠᠭ ᠪᠤᠯ ᠭᠡᠯᠡ᠎ᠪᠠᠷ ᠵᠤᠬᠢᠶᠠᠭᠳᠠᠭᠰᠠᠠ ᠵᠢᠷᠤᠭ᠂ ᠰᠡᠳᠬᠢᠯᠭᠡ᠎ᠪᠠᠷ ᠬᠡᠯᠬᠢᠭᠳᠡᠭᠰᠡᠡ ᠦᠭᠡᠡ᠎ᠤ ᠰᠤᠪᠤᠳ ᠮᠦᠠ᠃ ᠳᠡᠶ᠋ᠢᠮᠤ᠎ᠠᠴᠠ ᠰᠠᠶ᠋ᠢᠬᠠᠠ ᠢᠷᠠᠭᠤ ᠨᠠᠶ᠋ᠢᠷᠠᠭ᠎ᠢ ᠤᠩᠰᠢᠬᠤ ᠪᠤᠶᠤ ᠰᠤᠨᠤᠰᠬᠤ᠎ᠨᠢ ᠶᠠᠭ ᠯᠠ ᠳᠠᠭᠤᠤ ᠰᠤᠨᠤᠰᠴᠤ ᠵᠢᠷᠤᠭ ᠰᠤᠨᠢᠷᠬᠠᠬᠤ᠎ᠲᠠᠢ ᠠᠳᠠᠯᠢ ᠬᠥᠮᠤᠰ᠎ᠢ ᠭᠤᠸ᠎ᠠ ᠰᠠᠶ᠋ᠢᠬᠠᠠ ᠤᠷᠠᠯᠢᠭ᠎ᠤᠨ ᠤᠷᠴᠢᠠ᠎ᠳᠤ ᠳᠠᠭ᠋ᠠᠭᠤᠯᠤᠠ ᠤᠷᠤᠭᠤᠯᠵᠤ ᠬᠥᠭᠰᠡᠬᠦᠯᠦᠠ ᠳᠤᠭᠳᠤᠯᠤᠭᠤᠯᠳᠠᠭ᠃ ᠳᠡᠶ᠋ᠢᠮᠤ᠎ᠠᠴᠠ ᠢᠷᠠᠭᠤ ᠨᠠᠶ᠋ᠢᠷᠠᠭ ᠪᠤᠯ ᠪᠠᠰᠠ ᠴᠦ᠍ ᠨᠠᠭ᠋ᠠᠳᠤᠮ ᠴᠡᠩᠭᠡᠭᠡᠡ᠎ᠤ ᠭᠠᠵᠠᠷ ᠵᠤᠭ᠎ᠠ ᠴᠡᠩᠭᠡᠯ᠎ᠤᠨ ᠬᠠᠨᠤᠮᠵᠢ ᠵᠢ ᠤᠯᠭᠤᠵᠤ ᠪᠡᠶ᠎ᠡ ᠰᠡᠳᠬᠢᠯ᠎ᠤᠨ ᠴᠢᠯᠡᠭᠡ ᠳᠠᠶ᠋ᠢᠯᠭ᠍ᠤ ᠠᠷᠠᠳ᠎ᠤᠨ ᠤᠷᠠᠯᠢᠭ ᠪᠢᠯᠠ᠃ ᠰᠠᠶ᠋ᠢᠬᠠᠠ ᠢᠷᠠᠭᠤ ᠨᠠᠶ᠋ᠢᠷᠠᠭ᠎ᠢ ᠰᠤᠨᠤᠰᠤᠭᠰᠠᠠ᠎ᠤ ᠳᠠᠷᠠᠭ᠎ᠠ ᠶᠠᠮᠠᠷ ᠴᠤ᠌ ᠨᠠᠰᠤᠠ᠎ᠤ ᠬᠦᠮᠤᠠ ᠭᠡᠶ᠋ᠢᠷᠭᠡᠡ ᠳᠤᠭᠳᠤᠯᠵᠤ ᠭᠡᠳᠤᠠ ᠰᠠᠶ᠋ᠢᠬᠠᠠ ᠦᠭᠡ ᠭᠡᠯᠡᠮᠡᠷ ᠰᠠᠨᠠᠭᠳᠠᠨ᠎ᠠ᠃ ᠳᠡᠷᠡ ᠪᠤᠯ ᠰᠤᠨᠤᠰᠬᠤ ᠰᠡᠷᠡᠯ᠎ᠤᠨ ᠠ᠋ᠷᠭᠡᠳᠡᠡ᠎ᠠᠴᠠ ᠠ᠋ᠬᠦᠰᠦᠭᠰᠡᠡ ᠭᠤᠸ᠎ᠠ ᠮᠡᠳᠡᠷᠡᠮᠵᠢ ᠵᠢᠨ ᠬᠠᠷᠢᠭᠤ ᠳᠤᠰᠬᠠᠯ ᠪᠤᠯᠤᠨ᠎ᠠ᠃ ᠪᠢᠳᠡ ᠳ᠋᠊ · ᠫᠥᠷᠪᠤᠳᠤᠷᠵᠢ ᠠᠭᠰᠠᠠ᠎ᠤ 《ᠭᠡᠷ》 ᠭᠡᠳᠡᠭ ᠰᠢᠯᠦᠭ᠎ᠢ ᠰᠤᠨᠢᠷᠬᠠᠶ᠎ᠡ᠄
      ᠨᠣᠶᠠᠨ ᠣᠷᠭᠢᠯ᠎ᠤᠨ ᠴᠠᠰᠤᠲᠤ ᠣᠷᠣᠢ
      ᠨᠣᠭᠤᠭ᠋ᠠᠨ ᠲᠠᠯ᠎ᠠ ᠵᠢᠨ ᠴᠠᠭ᠋ᠠᠨ ᠰᠠᠷᠠᠨᠠᠢ
      ᠨᠣᠶ᠋ᠢᠷᠰᠤᠵᠤ ᠦᠯᠡᠳᠡᠭᠰᠡᠨ ᠬᠤᠨ᠎ᠤ ᠳᠡᠭᠳᠡᠭᠡᠬᠡᠢ
      ᠮᠣᠩᠭᠤᠯ ᠭᠡᠷ ᠮᠢᠨᠤ ᠥᠷᠭᠦᠭᠡ
        ᠨᠠᠷᠠ ᠪᠡᠯᠭᠡᠳᠡᠭᠰᠡᠨ ᠬᠦᠷᠳᠦᠨ ᠲᠣᠭᠤᠨᠣᠨ᠎ᠨᠢ
        ᠨᠠᠢ᠍ᠮᠠᠨ ᠳᠠᠭ᠎ᠠ᠂ ᠨᠠᠢ᠍ᠮᠠᠨ ᠵᠣᠪᠬᠢᠰ
        ᠨᠠᠶᠠᠨ ᠨᠢᠭᠡᠨ ᠤᠯᠠᠭ᠋ᠠᠨ ᠤᠨᠢ᠎ᠨᠢ
        ᠨᠠᠷᠠᠨ᠎ᠠᠴᠠ ᠪᠠᠭᠤᠭᠰᠠᠨ ᠠᠯᠲᠠᠨ ᠰᠠᠴᠤᠷᠠᠯ
      ᠠ᠋ᠷᠭᠢᠨ ᠲᠣᠭᠤᠷᠢᠨ ᠲᠠᠪᠤᠨ ᠬᠠᠨ᠎ᠠ᠎ᠨᠢ
      ᠠ᠋ᠬᠡ ᠣᠷᠣᠨ᠎ᠤ ᠳᠠᠷᠬᠠᠨ ᠲᠤᠭᠤᠷᠭ᠎ᠠ
      ᠠ᠋ᠩᠬᠡ ᠵᠢᠨ ᠠ᠋ᠭᠦᠳᠡᠨ᠎ᠳᠤ ᠠ᠋ᠷᠭᠢᠵᠦ ᠵᠣᠯᠭ᠋ᠠᠭ᠋ᠠᠳ
      ᠡᠪ ᠨᠠᠶ᠋ᠢᠷ᠎ᠤᠨ ᠪᠠᠲᠤ ᠰᠠᠶ᠋ᠢᠬᠠᠨ ᠬᠦᠷᠢᠶ᠎ᠡ
     
      ᠳᠤᠰ ᠰᠢᠯᠦᠭ ᠮᠤᠩᠭᠤᠯ ᠭᠡᠷ᠎ᠢ ᠮᠡᠳᠡᠳᠡᠭ ᠬᠥᠮᠤᠠ ᠪᠤᠯᠭ᠋ᠠᠠ᠎ᠤ ᠬᠠᠷᠠᠭ᠋ᠠᠠ᠎ᠳᠤ ᠦᠪᠡᠷ᠎ᠤᠨ ᠠ᠋ᠷᠭᠡ ᠦᠭᠡᠢ ᠨᠢᠭᠡᠡ ᠰᠠᠶ᠋ᠢᠬᠠᠠ ᠵᠢᠷᠤᠭ᠎ᠢ ᠳᠠᠳᠠᠵᠤ ᠠᠪᠴᠢᠷᠠᠨ᠎ᠠ᠃ ᠳᠡᠬᠦᠠ᠎ᠤ ᠭᠠᠳᠠᠷ ᠭᠡᠯᠪᠡᠷᠢ᠂ ᠳᠤᠳᠤᠭ᠋ᠠᠳᠤ ᠪᠦᠳᠦᠴᠠ ᠵᠢ ᠭᠡᠴᠢᠨᠡᠡ ᠤᠷᠠᠠ ᠭᠤᠶ᠋ᠢᠳᠠ ᠳᠦᠷᠰᠦᠯᠡᠭᠰᠡᠡ ᠠᠵᠢ᠃ ᠳᠦᠷᠦᠬᠦᠤ ᠪᠠᠳᠠᠭ᠎ᠲᠤ ᠮᠤᠩᠭᠤᠯ ᠭᠡᠷ᠎ᠤᠨ ᠴᠠᠭ᠋ᠠᠠ ᠦᠩᠭᠡ ᠵᠢ᠎ᠨᠢ ᠴᠠᠰᠤᠳᠤ ᠤᠷᠤᠢ᠎ᠲᠠᠢ ᠳᠦᠷᠰᠦᠯᠡᠵᠤ᠂ ᠳᠠᠷᠠᠭ᠎ᠠ᠎ᠨᠢ ᠳᠤᠭᠤᠷᠢᠭ ᠭᠡᠯᠪᠡᠷᠢ ᠵᠢ᠎ᠨᠢ ᠴᠠᠭ᠋ᠠᠠ ᠰᠠᠷᠠᠨᠠᠢ᠎ᠲᠠᠢ ᠬᠤᠯᠪᠤᠠ ᠰᠡᠳᠬᠢᠵᠤ᠂ ᠳᠠᠬᠢᠭ᠋ᠠᠳ ᠠᠮᠤᠷ ᠳᠠᠶ᠋ᠢᠪᠤᠩ ᠳᠦᠷᠦᠭᠳᠡᠯ᠎ᠢ᠎ᠨᠢ ᠨᠤᠶ᠋ᠢᠷᠰᠦᠭ᠍ᠰᠠᠠ ᠬᠤᠠ᠎ᠲᠠᠢ ᠵᠦᠢ᠍ᠷᠯᠠᠠ᠂ ᠠᠮᠢ᠎ᠲᠠᠢ ᠶᠠᠭᠤᠮ᠎ᠠ — ᠠᠮᠢ ᠦᠭᠡᠢ ᠪᠤᠳᠡᠰ᠂ ᠳᠤᠮᠤ ᠶᠠᠭᠤᠮ᠎ᠠ — ᠵᠢᠵᠢᠭ ᠶᠠᠭᠤᠮ᠎ᠠ ᠵᠢ ᠰᠤᠯᠢᠪᠴᠠᠭᠤᠯᠤᠠ ᠰᠡᠳᠬᠢᠭᠰᠡᠡ᠎ᠨᠢ ᠤᠷᠠᠠ ᠪᠢᠴᠢᠯᠭᠡᠳᠡᠡ᠎ᠤ ᠢᠳᠡᠯᠢᠭ ᠭᠤᠶᠤ ᠳᠠᠳᠠᠯᠭ᠋ᠠᠠ ᠪᠢᠴᠢᠯᠭᠡ ᠵᠢ ᠪᠤᠳᠤᠭᠳᠠᠭᠤᠯᠬᠤ ᠠᠵᠢ᠃ ᠠ᠋ᠬᠦᠠ᠎ᠠᠴᠠ ᠦᠵᠡᠬᠦᠯᠡᠷ ᠭᠡᠤᠭᠡᠳ᠎ᠢ ᠭᠡᠯᠡᠡ᠎ᠤ ᠭᠤᠸ᠎ᠡ ᠰᠠᠶ᠋ᠢᠬᠠᠠ᠎ᠤ ᠮᠡᠳᠡᠷᠡᠮᠵᠢ᠎ᠲᠠᠢ ᠪᠤᠯᠭ᠋ᠠᠬᠤ᠎ᠳᠤ ᠰᠢᠯᠦᠭ ᠪᠤᠯ ᠬᠠᠮᠤᠭ᠎ᠤᠨ ᠳᠦᠬᠦᠮ ᠪᠠᠭ᠋ᠠᠵᠢ ᠭᠡᠷᠡᠭᠯᠡᠬᠦᠷ ᠪᠤᠯᠬᠤ ᠶᠤᠮ᠃
     5. ᠢᠷᠠᠭᠤ ᠨᠠᠶ᠋ᠢᠷᠠᠭ ᠬᠢᠭᠡᠳ ᠴᠡᠭᠡᠵᠢᠯᠡᠬᠦ ᠴᠢᠳᠠᠪᠤᠷᠢ ᠵᠢᠨ ᠳᠡᠬᠦᠯᠳᠡᠷᠵᠢᠬᠦ ᠬᠠᠷᠢᠴᠠᠭ᠎ᠠ
      ᠭᠡᠤᠭᠡᠳ᠎ᠢ ᠭᠡᠯᠡ᠎ᠳᠤ ᠤᠷᠤᠬᠤ᠎ᠲᠠᠢ᠎ᠨᠢ ᠵᠡᠷᠭᠡ ᠰᠢᠯᠦᠭ ᠴᠡᠭᠡᠵᠢᠯᠡᠬᠦᠯᠵᠤ ᠭᠡᠯᠠ ᠵᠢ᠎ᠨᠢ ᠬᠤᠷᠴᠠᠯᠠᠳᠠᠭ ᠵᠠᠩᠰᠢᠯ ᠳᠤᠮᠳᠠᠳᠤ ᠤᠯᠤᠰ᠎ᠤᠨ ᠤᠯᠠᠮᠵᠢᠯᠠᠯᠳᠤ ᠰᠤᠷᠭ᠋ᠠᠠ ᠬᠥᠮᠤᠵᠢᠯ᠎ᠤᠨ ᠨᠢᠭᠡᠡ ᠳᠠᠳᠬᠠᠯ ᠪᠤᠯᠤᠭᠰᠠᠠ ᠳᠤᠬᠠᠢ ᠳᠡᠭᠡᠷ᠎ᠡ ᠶᠠᠷᠢᠯ᠎ᠠ᠃ ᠳᠡᠬᠦᠠ᠎ᠤ ᠪᠠᠰᠠ ᠨᠢᠭᠡ ᠵᠤᠷᠢᠯᠭ᠎ᠠ᠎ᠨᠢ ᠰᠢᠯᠦᠭ ᠪᠤᠯ ᠴᠠᠭᠡᠵᠢᠯᠡᠵᠤ ᠳᠤᠭᠳᠠᠭ᠋ᠠᠬᠤ᠎ᠳᠤ ᠳᠦᠬᠦᠮ ᠪᠤᠯᠬᠤᠷ ᠭᠡᠤᠭᠡᠳ᠎ᠤᠨ ᠴᠡᠭᠡᠵᠢᠯᠡᠬᠦ ᠴᠢᠳᠠᠪᠤᠷᠢ ᠵᠢ ᠪᠤᠯᠪᠠᠰᠤᠷᠠᠭᠤᠯᠬᠤ ᠵᠢᠨ ᠳᠦᠯᠦᠭᠡ ᠪᠠᠶ᠋ᠢᠭ᠎ᠠ ᠪᠢᠯᠠ᠃ ᠳᠠᠷᠢᠬᠢ ᠪᠤᠯ ᠬᠢᠳᠤᠭ᠎ᠠ᠎ᠲᠠᠢ ᠠᠳᠠᠯᠢ᠂ ᠭᠡᠬᠦ᠎ᠳᠤ᠎ᠪᠠᠨ ᠠ᠋ᠯᠡᠭᠳᠡᠳᠡᠭ ᠦᠭᠡᠢ ᠬᠢᠳᠤᠭ᠎ᠠ᠂ ᠬᠠᠷᠢᠠ ᠭᠡᠷᠡᠭᠯᠡᠬᠦ ᠦᠭᠡᠢ ᠪᠤᠯ ᠬᠢᠯᠪᠠᠷᠬᠠᠠ ᠵᠢᠪᠡᠷᠡᠵᠤ ᠮᠤᠬᠤᠳᠠᠭ ᠬᠢᠳᠤᠭ᠎ᠠ᠎ᠯᠤᠭ᠎ᠠ ᠠᠳᠠᠯᠢ ᠪᠠᠶ᠋ᠢᠳᠠᠭ ᠳᠤᠬᠠᠢ ᠠ᠋ᠷᠳᠡᠮᠳᠡᠳ ᠶᠠᠷᠢᠭ᠋ᠠᠳ ᠪᠠᠶ᠋ᠢᠭ᠎ᠠ ᠶᠤᠮ᠃ ᠳᠡᠷᠠ ᠬᠢᠳᠤᠭ᠎ᠠ ᠵᠢ ᠵᠢᠪᠡᠷᠡᠬᠦᠯᠬᠦ ᠦᠭᠡᠢ ᠮᠤᠬᠤᠭ᠋ᠠᠬᠤ ᠦᠭᠡᠢ ᠢᠮᠠᠭᠳᠠ ᠬᠤᠷᠴᠠ ᠪᠠᠶ᠋ᠢᠯᠭ᠋ᠠᠬᠤ ᠰᠣᠳᠤᠠ ᠠᠷᠭ᠎ᠠ ᠪᠤᠯ ᠴᠡᠭᠡᠵᠢᠯᠡᠬᠦ᠂ ᠰᠡᠳᠬᠢᠬᠦ ᠵᠢ ᠪᠠᠶ᠋ᠢᠩᠭᠤ ᠠᠵᠢᠯᠯᠠᠭᠤᠯᠬᠤ ᠶᠠᠪᠤᠳᠠᠯ ᠪᠤᠯᠤᠨ᠎ᠠ᠃ ᠳᠡᠭᠡᠬᠦᠯᠡᠷ ᠭᠡᠤᠭᠡᠳ᠎ᠢ ᠳᠠᠷᠢᠬᠢ ᠬᠦᠩᠭᠡᠡ᠂ ᠳᠤᠰᠬᠠᠯ ᠬᠤᠷᠴᠠ᠂ ᠰᠡᠳᠬᠢᠬᠦᠢ ᠬᠥᠨ᠂ ᠴᠡᠭᠡᠵᠢᠯᠡᠵᠤ ᠳᠤᠭᠳᠠᠭ᠋ᠠᠬᠤ ᠴᠢᠳᠠᠪᠤᠷᠢ᠎ᠪᠠᠷ ᠰᠠᠶ᠋ᠢᠠ ᠪᠠᠶ᠋ᠢᠯᠭ᠋ᠠᠶ᠎ᠡ ᠭᠡᠪᠡᠯ ᠳᠠᠷᠢᠬᠢ᠎ᠪᠠᠨ ᠪᠠᠶ᠋ᠢᠩᠭᠤ ᠠᠵᠢᠯᠯᠠᠭᠤᠯᠳᠠᠭ ᠳᠠᠳᠬᠠᠯ᠎ᠲᠠᠢ ᠪᠤᠯᠭ᠋ᠠᠬᠤ᠎ᠨᠢ ᠴᠢᠬᠤᠯᠠ᠃ ᠳᠡᠷᠡ ᠲᠠᠳᠬᠠᠯ᠎ᠢ ᠰᠤᠷᠢᠬᠤ ᠨᠢᠭᠡᠡ ᠠᠷᠭ᠎ᠠ ᠪᠤᠯ ᠰᠢᠯᠦᠭ ᠴᠡᠭᠡᠵᠢᠯᠡᠬᠦᠯᠬᠦ ᠪᠤᠯᠤᠨ᠎ᠠ᠃ ᠤᠳᠤ ᠪᠢᠳᠠ ᠳᠠᠰᠢᠪᠠᠯᠪᠠᠷ ᠭᠤᠸᠠᠢ ᠵᠢᠨ 《ᠳᠡᠭᠷᠢ ᠰᠢᠭ ᠪᠠᠢ》 ᠭᠡᠳᠡᠭ ᠰᠤᠷᠭ᠋ᠠᠯ ᠰᠢᠯᠦᠭ᠎ᠠᠴᠠ ᠭᠡᠳᠤᠠ ᠮᠦᠷ ᠰᠤᠨᠢᠷᠬᠠᠵᠤ᠂ ᠰᠢᠯᠦᠭ ᠴᠡᠭᠡᠵᠢᠯᠡᠬᠦ᠎ᠳᠤ ᠬᠢᠷᠢ ᠠᠮᠠᠷᠬᠠᠠ ᠪᠠᠶ᠋ᠢᠳᠠᠭ᠎ᠢ ᠦᠵᠡᠭᠡᠳᠡᠭᠡᠶ᠎ᠡ᠄
      ᠬᠠᠮᠤᠭ ᠪᠦᠬᠦᠳᠡᠭᠡᠷ ᠴᠢᠮ᠎ᠠ ᠵᠢ
      ᠬᠠᠷᠢᠶᠠᠵᠤ ᠨᠢᠯᠪᠤᠵᠤ ᠪᠠᠶ᠋ᠢᠪᠠᠴᠤ᠂ ᠳᠡᠭᠷᠢ ᠰᠢᠭ ᠪᠠᠢ
      ᠬᠠᠮᠤᠭ᠎ᠤᠨ ᠰᠠᠶ᠋ᠢᠠ ᠬᠥᠮᠤᠠ ᠭᠡᠵᠤ
      ᠬᠠᠰᠬᠢᠷᠴᠤ ᠢᠷᠦᠭᠡᠵᠤ ᠪᠠᠶ᠋ᠢᠪᠠᠴᠤ᠂ ᠳᠡᠭᠷᠢ ᠰᠢᠭ ᠪᠠᠢ
      ᠳᠠᠪᠴᠢᠶᠡᠷᠢ ᠪᠠᠷᠠᠭᠳᠠᠵᠤ ᠨᠦᠬᠦᠳ ᠴᠢᠨᠢ ᠤᠷᠭᠢᠪᠠᠴᠤ
      ᠳᠡᠭᠷᠢ ᠰᠢᠭ ᠪᠠᠢ᠂ ᠮᠦᠩᠭᠡᠳᠡ ᠠᠮᠤᠭᠤᠯᠠᠩ ᠁
      ᠳᠡᠷᠭᠡᠡ᠎ᠳᠤ ᠰᠠᠭᠤᠯᠭ᠋ᠠᠵᠤ᠂ ᠠᠯᠳᠠᠠ ᠳᠢᠳᠢᠮ ᠠ᠋ᠮᠤᠰᠭᠡᠪᠡᠴᠤ
      ᠳᠡᠭᠷᠢ ᠰᠢᠭ ᠪᠠᠢ᠂ ᠶᠠᠭᠤ ᠴᠤ᠌ ᠪᠤᠯᠤᠭ᠎ᠠ ᠦᠭᠡᠢ ᠶᠤᠮ ᠰᠢᠬ ᠁
      ᠳᠤᠰ ᠰᠢᠯᠦᠭ᠎ᠤᠨ ᠭᠡᠯᠡ ᠭᠡᠯᠡᠯᠭᠡ ᠳᠡᠳᠤᠢ ᠯᠠ ᠤᠷᠠᠠ ᠪᠢᠰᠢ᠂ ᠶᠡᠷᠦ᠎ᠳᠤ᠎ᠪᠠᠨ ᠯᠠ ᠶᠠᠷᠢᠶᠡᠡ᠎ᠤ ᠭᠡᠯᠡ᠎ᠪᠠᠷ ᠪᠢᠴᠢᠭᠳᠡᠵᠠᠢ᠃ ᠭᠡᠬᠦ᠎ᠳᠤ᠎ᠪᠠᠨ ᠠᠮᠢᠳᠤᠷᠠᠯ᠎ᠳᠤ ᠢᠯᠠᠩᠭᠤᠶ᠎ᠡ ᠠᠮᠢᠳᠠᠠ᠎ᠤ ᠳᠡᠭᠡᠳᠤ ᠪᠤᠯᠤᠭᠰᠠᠠ ᠬᠥᠮᠤᠠ᠎ᠳᠤ ᠶᠠᠭ᠋ᠠᠬᠢᠵᠤ ᠬᠠᠨᠳᠤᠬᠤ ᠳᠤᠬᠠᠢ ᠬᠥᠨ ᠤᠬᠠᠭ᠋ᠠᠯᠢᠭ ᠶᠤᠰᠤ ᠵᠢ ᠴᠦᠭᠡᠡ ᠦᠭᠡ᠎ᠪᠠᠷ ᠢᠯᠡᠷᠡᠬᠦᠯᠵᠤ ᠴᠢᠳᠠᠭᠰᠠᠠ ᠪᠠᠶ᠋ᠢᠨ᠎ᠠ᠃ ᠬᠥᠮᠤᠠ᠎ᠢ ᠦᠩᠭᠡᠷᠡᠵᠤ ᠤᠳᠬᠤ ᠴᠠᠭ ᠬᠤᠭᠤᠴᠠᠭ᠎ᠠ ᠠ᠋ᠯᠡᠭᠡᠳᠡᠭ᠂ ᠴᠠᠭ ᠬᠤᠭᠤᠴᠠᠭ᠎ᠠ᠎ᠲᠠᠢ ᠬᠠᠮᠳᠤ ᠠ᠋ᠷᠬᠢᠯᠳᠤᠵᠤ ᠪᠠᠶ᠋ᠢᠳᠠᠭ ᠳᠡᠷᠭᠡᠳᠡᠬᠢ ᠬᠥᠮᠤᠰ ᠴᠢᠨᠢ ᠠ᠋ᠯᠡᠭᠡᠳᠡᠭ᠃ ᠬᠥᠮᠤᠰ᠎ᠤᠨ ᠪᠠᠶ᠋ᠢᠭ᠋ᠠᠯᠢᠯᠢᠬ ᠵᠶ᠋ᠠᠷ ᠵᠶ᠋ᠠᠨ ᠠᠮᠢᠳᠤᠷᠠᠭ᠍ᠤ ᠪᠤᠯᠤᠮᠵᠢ ᠵᠢ ᠲᠡᠷᠭᠡᠳᠡᠬᠢ ᠨᠦᠬᠦᠳ ᠴᠢᠨᠢ ᠪᠠᠶ᠋ᠢᠩᠭᠤ ᠬᠠᠭ᠋ᠠᠳᠠᠭ᠂ ᠭᠠᠳᠠᠭ᠋ᠠᠳᠤ ᠶᠢᠷᠳᠢᠨᠴᠤ᠎ᠠᠴᠠ ᠢᠷᠡᠭᠰᠡᠡ ᠪᠤᠢ ᠪᠦᠬᠦᠢ ᠰᠤᠷᠠᠭ ᠵᠠᠩᠬᠢ ᠬᠦᠮᠤᠠ᠎ᠢ ᠪᠠᠶᠠᠷᠯᠠᠭᠤᠯᠵᠤ ᠭᠤᠮᠤᠳᠠᠭ᠋ᠠᠵᠤ᠂ ᠵᠤᠪᠠᠭ᠋ᠠᠵᠤ ᠳᠠᠷᠴᠢᠯᠭ᠋ᠠᠵᠤ ᠠᠳᠠᠭ᠋ᠠᠵᠢᠭᠤᠯᠵᠤ ᠬᠤᠷᠤᠰᠬᠠᠵᠤ᠂ ᠤᠶ᠋ᠢᠳᠬᠠᠷᠠᠯᠠᠭᠤᠯᠵᠤ ᠪᠤᠬᠢᠨᠢᠳᠤᠭᠤᠯᠵᠤ᠂ ᠭᠡᠶᠤᠷᠡᠬᠦᠯᠵᠤ ᠠᠯᠭ᠋ᠠᠰᠠᠭᠤᠯᠵᠤ ᠁ ᠨᠢᠭᠡ ᠯᠠ ᠮᠡᠳᠡᠬᠦ᠎ᠳᠤ ᠳᠡᠷᠡ ᠪᠦᠬᠦᠠ᠎ᠤ ᠮᠠᠭ᠋ᠠᠵᠢᠯᠳᠠ᠎ᠳᠤ ᠬᠦᠮᠤᠠ᠎ᠤ ᠰᠡᠳᠬᠢᠯ᠎ᠤᠨ ᠳᠠᠷᠤᠯᠳᠠ ᠬᠥᠨᠳᠤᠷᠠᠠ ᠪᠤᠳᠠᠭ᠋ᠠᠯᠢ ᠴᠢᠨᠠᠷ ᠬᠤᠪᠢᠷᠠᠵᠤ ᠪᠡᠶ᠎ᠡ ᠮᠠᠭ᠍ᠠᠪᠤᠳ᠎ᠤᠨ ᠡᠪᠡᠳᠴᠢᠠ᠎ᠤ ᠬᠤᠤᠷ ᠳᠤᠳᠤᠷ᠎ᠠ᠎ᠠᠴᠠ᠎ᠪᠠᠨ ᠤᠷᠭᠤᠬᠤ ᠵᠢᠨ ᠠᠮᠢᠳᠤ ᠬᠦᠷᠦᠰᠤ ᠪᠤᠯᠳᠠᠭ᠃ ᠳᠡᠭᠡᠬᠦᠯᠡᠷ ᠠ᠋ᠶ᠋ᠢᠮᠤᠷᠬᠦᠣ ᠰᠢᠯᠦᠭ᠎ᠢ ᠴᠡᠭᠡᠵᠢᠯᠡᠵᠤ ᠪᠠᠶ᠋ᠢᠪᠡᠯ ᠴᠡᠭᠡᠵᠢᠯᠡᠬᠦ ᠴᠢᠳᠠᠪᠤᠷᠢ ᠨᠡᠮᠡᠭᠳᠡᠬᠦ᠎ᠪᠠᠷ ᠪᠠᠷᠠᠭ᠍ᠤ ᠦᠭᠡᠢ ᠦᠪᠡᠷ᠎ᠢ᠎ᠪᠠᠨ ᠡᠵᠡᠮᠳᠡᠬᠦ᠎ᠳᠤ ᠴᠤ᠌ ᠠ᠋ᠮᠴᠢᠯᠡᠭᠡ ᠪᠤᠯᠳᠠᠭ᠃ ᠭᠡᠤᠭᠡᠳ᠎ᠲᠤ ᠪᠠᠭ᠎ᠠ᠎ᠠᠴᠠ᠎ᠨᠢ ᠰᠢᠯᠦᠭ ᠴᠡᠭᠡᠵᠢᠯᠡᠬᠦᠯᠬᠦ ᠪᠤᠯ ᠵᠠᠯᠬᠠᠭᠤ ᠡᠪᠡᠳᠴᠢᠠ᠎ᠳᠤ ᠨᠡᠷᠪᠡᠭᠳᠡᠬᠦ᠎ᠠᠴᠠ ᠰᠡᠷᠭᠡᠶ᠋ᠢᠯᠡᠬᠦ ᠰᠠᠶ᠋ᠢᠠ ᠵᠤᠷ ᠮᠦᠷᠳᠡᠭᠡᠡ ᠤᠢ ᠪᠢᠯᠢᠭ᠎ᠤᠨ ᠪᠤᠶ᠋ᠢᠵᠢᠯᠳᠠ ᠵᠢ ᠠᠬᠢᠭᠤᠯᠳᠠᠭ ᠰᠢᠮ᠎ᠡ ᠳᠡᠵᠢᠭᠡᠯ ᠪᠤᠯᠳᠠᠭ᠎ᠢ ᠡᠪᠦᠭᠡ ᠳᠡᠭᠡᠳᠤᠰ ᠮᠠᠨᠢ ᠠ᠋ᠷᠳᠡ᠎ᠠᠴᠠ ᠤᠢ᠍ᠢ᠍ᠯᠠᠭ᠋ᠠᠵᠤ ᠮᠠᠳᠡᠭᠰᠡᠨ ᠪᠠᠢ᠍ᠢ᠍ᠳᠠᠬ᠃
     6. ᠢᠷᠠᠭᠤ ᠨᠠᠶ᠋ᠢᠷᠠᠭ ᠬᠢᠭᠡᠳ ᠵᠤᠬᠢᠶᠡᠡ ᠪᠦᠳᠦᠬᠡᠬᠦᠢ ᠵᠢᠨ ᠬᠤᠯᠪᠤᠭᠳᠠᠯ (ᠤᠳᠤᠷᠢᠳᠬᠠᠯ)
      ᠢᠷᠠᠭᠤ ᠨᠠᠶ᠋ᠢᠷᠠᠭ ᠪᠤᠯ ᠵᠤᠬᠢᠶᠡᠡ ᠪᠦᠳᠦᠭᠡᠬᠦ ᠵᠠᠮ᠎ᠳᠤ ᠤᠷᠤᠬᠤ ᠵᠠᠮᠴᠢᠯᠠᠭᠤᠷ ᠮᠦᠠ᠃ ᠢᠷᠠᠭᠤ ᠨᠠᠶ᠋ᠢᠷᠠᠭ ᠠᠷᠪᠢᠠ ᠴᠡᠭᠡᠵᠢᠯᠡᠭᠰᠡᠡ ᠭᠡᠤᠭᠡᠳ ᠠ᠋ᠬᠢᠯᠡᠭᠡᠳ ᠳᠤᠯᠤᠭ᠋ᠠᠢ ᠬᠤᠯᠪᠤᠠ ᠵᠤᠬᠢᠶᠡᠡ ᠪᠦᠳᠦᠭᠡᠵᠤ ᠤᠷᠤᠯᠳᠤᠨ᠎ᠠ᠂ ᠳᠡᠷᠡ᠎ᠨᠢ ᠭᠡᠳᠤᠶ᠋ᠢᠪᠡᠷ ᠵᠢᠷ᠎ᠤᠨ ᠨᠢᠭᠡᠡ ᠬᠤᠯᠪᠤᠭ᠎ᠠ ᠦᠭᠡ ᠪᠠᠶ᠋ᠢᠭᠰᠠᠠ ᠴᠤ᠌ ᠤᠷᠠᠠ ᠰᠠᠨᠠᠭ᠋ᠠᠠ᠎ᠤ ᠵᠢᠬᠦᠷ ᠵᠶ᠋ᠠᠨ ᠳᠡᠯᠭᠡᠬᠦ ᠠᠩᠬᠠᠠ᠎ᠤ ᠭᠠᠷᠤᠭ᠎ᠠ᠎ᠨᠢ ᠪᠠᠶ᠋ᠢᠭ᠎ᠠ ᠶᠤᠮ᠃ ᠶᠡᠷᠤ᠎ᠨᠢ ᠤᠯᠠᠩᠬᠢ ᠳᠤᠭᠤᠵᠢᠰ᠎ᠤᠨ ᠵᠤᠬᠢᠶᠠᠯᠴᠢ ᠰᠢᠭᠤᠳ ᠬᠥᠤᠷᠨᠢᠯ ᠵᠤᠬᠢᠶᠡᠯ ᠵᠶ᠋ᠠᠷ ᠭᠠᠷᠤᠭ᠎ᠠ ᠠᠪᠳᠠᠭ ᠦᠭᠡᠢ᠂ ᠠ᠋ᠬᠢᠠ᠎ᠤ ᠦᠶ᠎ᠡ᠎ᠳᠤ ᠰᠢᠯᠦᠭ ᠪᠢᠴᠢᠵᠤ᠂ ᠬᠤᠵᠢᠮ᠎ᠨᠢ ᠰᠡᠳᠬᠢᠬᠦᠢ᠎ᠨᠢ ᠳᠡᠬᠦᠯᠳᠡᠷᠵᠢᠠ ᠭᠡᠯᠡᠯᠭᠡ᠎ᠨᠢ ᠪᠤᠯᠪᠠᠰᠤᠷᠠᠭ᠋ᠠᠳ ᠢᠷᠡᠪᠡᠯ ᠰᠠᠶᠢ ᠤᠢ ᠪᠢᠯᠢᠭ᠎ᠤᠨ ᠠ᠋ᠨ᠋ᠸᠷᠬᠢ᠎ᠪᠠᠨ ᠰᠢᠪᠬᠠᠭᠰᠠᠠ ᠤᠷᠳᠤ ᠶᠠᠭᠤᠮ᠎ᠠ ᠪᠢᠴᠢᠬᠦ ᠵᠠᠮ ᠤᠷᠤᠭᠤ ᠠᠯᠬᠤᠳᠠᠭ ᠶᠤᠮ᠃
     7. ᠢᠷᠠᠭᠤ ᠨᠠᠶ᠋ᠢᠷᠠᠭ ᠬᠢᠭᠡᠳ ᠦᠵᠡᠯ ᠰᠠᠨᠠᠭ᠎ᠠ ᠪᠦᠷᠢᠯᠳᠦᠬᠦᠢ ᠵᠢᠨ ᠬᠠᠷᠢᠴᠠᠭ᠎ᠠ
      ᠮᠠᠷᠺᠰ᠄ 《ᠦᠵᠡᠯ ᠰᠠᠨᠠᠭ᠋ᠠᠠ᠎ᠤ ᠰᠢᠭᠤᠳ ᠪᠤᠢ᠍ᠢ᠍ᠵᠢᠯᠳᠡ ᠪᠤᠯ ᠳᠠᠷᠤᠢ ᠦᠭᠡ ᠭᠡᠯᠡ ᠮᠦᠠ》 ᠭᠡᠵᠠᠢ᠃ ᠢᠷᠠᠭᠤ ᠨᠠᠶ᠋ᠢᠷᠠᠭ ᠪᠤᠯ ᠦᠭᠡ ᠭᠡᠯᠡᠡ᠎ᠤ ᠤᠷᠠᠯᠢᠭ ᠮᠦᠠ᠃ ᠳᠡᠷᠨ᠎ᠨᠢ ᠵᠤᠬᠢᠶᠠᠭᠴᠢ ᠵᠢᠨ ᠰᠡᠳᠬᠢᠯᠭᠡ᠎ᠪᠠᠷ ᠰᠦᠭ ᠰᠦᠯᠳᠠ᠎ᠪᠠᠨ ᠪᠤᠯᠭ᠋ᠠᠳᠠᠭ ᠤᠷᠠᠠ ᠵᠤᠬᠢᠶᠡᠯ᠎ᠤᠨ ᠨᠢᠭᠡᠡ ᠭᠡᠯᠪᠡᠷᠢ ᠪᠤᠯᠤᠨ᠎ᠠ᠃ ᠵᠤᠬᠢᠶᠠᠭᠴᠢ ᠵᠢᠨ ᠰᠡᠳᠬᠢᠯᠭᠡ ᠵᠢᠨ ᠴᠡᠨᠡᠭ᠎ᠨᠢ ᠦᠵᠡᠯ ᠰᠨᠨᠠᠭ᠎ᠠ ᠪᠤᠯᠬᠤ ᠶᠤᠮ᠃ ᠶᠠᠮᠠᠷ ᠴᠤ᠌ ᠦᠵᠡᠯ ᠰᠠᠨᠠᠭ᠎ᠠ ᠦᠭᠡᠢ ᠬᠥᠮᠤᠠ ᠢᠷᠠᠭᠤ ᠨᠠᠶ᠋ᠢᠷᠠᠭᠴᠢ ᠪᠤᠯᠵᠤ ᠴᠢᠳᠠᠭ᠍ᠤ ᠦᠭᠡᠢ᠃ ᠠᠮᠢᠳᠤᠷᠠᠯ᠎ᠤᠨ ᠳᠤᠬᠠᠢ᠂ ᠨᠡᠶ᠋ᠢᠭᠡᠮ ᠠᠬᠤᠢ ᠵᠢᠨ ᠳᠤᠬᠠᠢ᠂ ᠪᠠᠶ᠋ᠢᠭ᠋ᠠᠯᠢ ᠶᠢᠷᠳᠢᠨᠴᠤ ᠵᠢᠨ ᠳᠤᠬᠠᠢ᠂ ᠠᠮᠢ ᠨᠠᠰᠤᠠ᠎ᠤ ᠦᠷᠳᠡᠭ᠎ᠤᠨ ᠳᠤᠬᠠᠢ ᠭᠡᠬᠦᠴᠢᠯᠡᠡ ᠵᠤᠬᠢᠶᠠᠭᠴᠢ ᠵᠢᠨ ᠠᠬᠱ᠌ᠠᠠ ᠵᠠᠭᠤᠷ᠎ᠠ ᠵᠢᠨ ᠳᠤᠭᠳᠤᠯᠤᠯᠳᠠ ᠪᠤᠶᠤ ᠳᠡᠬᠦᠠ᠎ᠠᠴᠠ ᠪᠤᠯᠤᠭᠰᠠᠠ ᠳᠤᠳᠤᠭ᠋ᠠᠳᠤ ᠰᠡᠳᠬᠢᠯᠭᠡ ᠵᠢᠨ ᠳᠡᠯᠪᠡᠷᠡᠯᠳᠠ ᠵᠢ ᠠ᠋ᠷᠴᠢᠯᠡᠵᠤ ᠪᠠᠶ᠋ᠢᠭ᠎ᠠ ᠳᠠᠯᠳᠠ ᠬᠥᠴᠤᠠ ᠪᠤᠯ ᠦᠵᠡᠯ ᠰᠠᠨᠠᠭ᠎ᠠ ᠪᠠᠶ᠋ᠢᠵᠤ ᠳᠠᠭ᠋ᠠᠷᠠᠨ᠎ᠠ᠃ ᠰᠢᠯᠦᠭᠴᠢ ᠵᠢ ᠭᠡᠢ ᠰᠤᠯᠢᠶ᠎ᠠ᠎ᠲᠠᠢ ᠮᠡᠳᠤ ᠭᠡᠯᠡᠳᠡᠭ ᠬᠥᠮᠤᠰ ᠴᠤ᠌ ᠪᠤᠢ᠂ ᠳᠡᠷᠡ ᠬᠦ᠌ ᠭᠡᠢ ᠰᠤᠯᠢᠶ᠎ᠡ ᠶᠠᠭ᠋ᠠᠬᠢᠵᠤ ᠪᠤᠢ ᠪᠤᠯᠤᠭᠰᠠᠠ ᠪᠤᠢ? ᠳᠠᠯᠠᠢ ᠵᠢᠨ ᠴᠠᠯᠬᠢᠯᠳᠠ᠂ ᠭᠠᠵᠠᠷ ᠬᠥᠳᠡᠯᠦᠯᠳᠡ᠂ ᠭᠠᠯᠳᠤ ᠠᠭᠤᠯᠠ ᠵᠢᠨ ᠳᠡᠯᠪᠡᠷᠡᠯᠳᠠ ᠪᠤᠯ ᠭᠠᠵᠠᠷ᠎ᠤᠨ ᠴᠦᠮ᠎ᠠ ᠵᠢᠨ ᠬᠠᠯᠠᠭᠤᠠ ᠠ᠋ᠨ᠋ᠸᠷᠬᠢ᠎ᠠᠴᠠ ᠢᠷᠡᠳᠡᠭ᠂ ᠬᠠᠷᠢᠠ ᠰᠢᠯᠦᠭᠴᠢ ᠵᠢᠨ 《ᠭᠡᠢ ᠰᠤᠯᠢᠶᠡᠷᠡᠯ》 ᠪᠤᠯ ᠭᠠᠳᠠᠭ᠋ᠠᠳᠤ ᠶᠢᠷᠳᠢᠨᠴᠤ ᠪᠤᠯᠤᠠ ᠳᠤᠳᠤᠭ᠋ᠠᠳᠤ ᠰᠡᠳᠬᠢᠯᠭᠡ ᠵᠢᠨ ᠠ᠋ᠶᠡᠷᠡᠯ ᠪᠤᠶᠤ ᠬᠠᠭ᠋ᠠᠷᠠᠯ᠎ᠠᠴᠠ ᠠ᠋ᠬᠦᠰᠳᠡᠭ᠃ ᠳᠡᠷᠡ ᠬᠦ᠌ ᠠ᠋ᠶᠡᠷᠡᠯ ᠪᠤᠯᠤᠠ ᠬᠠᠭ᠋ᠠᠷᠠᠯ᠎ᠨᠢ ᠦᠵᠡᠯ ᠰᠠᠨᠠᠭ᠎ᠠ᠎ᠪᠠᠷ ᠢᠯᠴᠢ ᠬᠥᠴᠤᠠ ᠵᠶ᠋ᠠᠨ ᠪᠤᠯᠭ᠋ᠠᠳᠠᠭ ᠶᠤᠮ᠃ ᠠ᠋ᠶ᠋ᠢᠮᠤ᠎ᠠᠴᠠ ᠰᠢᠯᠦᠭ ᠪᠢᠴᠢᠬᠦ᠎ᠨᠢ ᠭᠡᠤᠭᠡᠳ᠎ᠤᠨ ᠦᠵᠡᠯ ᠰᠠᠨᠠᠭ᠋ᠠᠠ᠎ᠤ ᠪᠦᠷᠢᠯᠳᠦᠯ᠎ᠳᠤ ᠶᠡᠭᠡᠭᠡᠡ ᠳᠤᠰᠠ ᠪᠤᠯᠳᠠᠭ ᠠᠵᠢ᠃ ᠶᠠᠮᠠᠷ ᠴᠤ᠌ ᠰᠡᠳᠬᠢᠯᠭᠡ ᠦᠭᠡᠢ᠂ ᠶᠠᠭᠤ ᠦᠵᠡᠵᠤ ᠶᠠᠮᠠᠷ ᠵᠦᠢ᠍ᠯ ᠰᠤᠨᠤᠰᠴᠤ ᠪᠠᠶ᠋ᠢᠪᠠᠴᠤ ᠰᠡᠳᠬᠢᠯᠭᠡ ᠵᠢᠨ ᠳᠤᠭᠳᠤᠯᠤᠯ ᠠ᠋ᠬᠦᠰᠳᠡᠭ ᠦᠭᠡᠢ ᠬᠥᠮᠤᠠ ᠪᠤᠯ ᠠᠮᠢᠳᠠᠠ ᠮᠡᠳᠤ ᠪᠤᠯᠴᠢᠬᠠᠨ᠎ᠠ᠂ ᠳᠡᠳᠡᠡ᠎ᠳᠤ ᠰᠦᠰᠦᠭ ᠪᠢᠰᠢᠷᠡᠯ᠂ ᠢᠳᠡᠭᠡᠯ ᠵᠤᠷᠢᠭ᠂ ᠬᠥᠰᠡᠯ ᠮᠦᠷᠦᠭᠡᠳᠤᠯ᠂ ᠭᠤᠸ᠎ᠠ ᠳᠠᠭ᠋ᠠᠰᠢᠶᠡᠯ᠎ᠤᠨ ᠬᠥᠭᠡᠭᠡᠴᠡᠯᠳᠤᠯ᠂ ᠬᠠᠶ᠋ᠢᠷ᠎ᠠ ᠬᠤᠷᠤᠰᠤᠯ ᠤᠷᠤᠰᠢᠳᠠᠭ ᠦᠭᠡᠢ᠃ ᠵᠦᠪᠭᠡᠡ ᠠᠮᠢᠳᠤ ᠪᠤᠳᠡᠰ᠎ᠤᠨ ᠬᠠᠮᠤᠭ᠎ᠤᠨ ᠨᠠᠭ᠋ᠠᠳᠤ ᠵᠠᠬ᠎ᠠ ᠵᠢᠨ ᠠᠮᠢᠳᠤᠷᠠᠯ᠎ᠤᠨ ᠱᠠᠭ᠋ᠠᠷᠳᠠᠯᠭ᠎ᠠ᠎ᠪᠠᠷ ᠠᠮᠢᠳᠤᠷᠠᠵᠤ ᠪᠠᠶ᠋ᠢᠳᠠᠭ᠃ ᠳᠡᠶ᠋ᠢᠮᠤ ᠬᠥᠮᠤᠰ ᠦᠪᠡᠷ᠎ᠤᠨ ᠪᠡᠶ᠎ᠡ᠎ᠳᠤ᠎ᠪᠠᠨ ᠬᠠᠷᠢᠭᠤᠴᠠᠭ᠍ᠤ᠂ ᠨᠡᠶ᠋ᠢᠭᠡᠮ᠎ᠳᠤ ᠬᠠᠷᠢᠭᠤᠴᠠᠭ᠍ᠤ᠂ ᠪᠤᠰᠤᠳ᠎ᠲᠤ ᠬᠠᠷᠢᠭᠤᠴᠠᠭ᠍ᠤ᠂ ᠤᠯᠤᠰ ᠦᠨᠳᠤᠰᠤᠳᠠᠠ᠎ᠳᠤ᠎ᠪᠠᠨ ᠬᠠᠷᠢᠭᠤᠴᠠᠭ᠍ᠤ ᠤᠬᠠᠮᠰᠠᠷ᠎ᠲᠠᠢ ᠪᠠᠶ᠋ᠢᠵᠤ ᠭᠡᠷᠬᠢᠠ ᠴᠢᠳᠠᠭ᠍ᠤ ᠪᠤᠢ? ᠯᠤ᠌ ᠰᠢᠶᠦ᠋ᠨ᠄ 《ᠰᠢᠯᠦᠭ ᠪᠤᠯ ᠦᠨᠳᠤᠰᠤᠳᠠᠠ᠎ᠤ ᠰᠦᠭ ᠰᠦᠨᠡᠰᠤ ᠮᠦᠠ》 ᠭᠡᠵᠤ ᠶᠠᠷᠢᠭᠰᠠᠠ ᠪᠠᠶ᠋ᠢᠳᠠᠭ᠃ ᠳᠡᠭᠡᠬᠦᠯᠡᠷ ᠦᠨᠳᠤᠰᠤᠳᠠᠠ᠎ᠤ ᠰᠦᠭ ᠰᠦᠨᠡᠰᠤ᠎ᠪᠠᠷ᠎ᠨᠢ ᠲᠠᠷᠨᠢᠳᠠᠭ᠍ᠤ ᠨᠢᠭᠡᠡ ᠠᠷᠭ᠎ᠠ ᠵᠠᠮ ᠪᠤᠯ ᠢᠷᠠᠭᠤ ᠨᠠᠶ᠋ᠢᠷᠠᠭ᠎ᠤᠨ ᠬᠥᠮᠤᠵᠢᠯ ᠪᠠᠶ᠋ᠢᠵᠠᠢ᠃


      ᠬᠠᠶᠢᠬ᠄ ᠰᠢᠯᠢ ᠵᠢᠨ ᠭᠤᠤᠯ ᠠᠢ᠍ᠢ᠍ᠮᠠᠬ᠎ᠤᠨ ᠰᠤᠷᠭ᠋ᠠᠠ ᠬᠥᠮᠤᠵᠢᠯ᠎ᠤᠨ ᠳᠤᠪᠴᠢᠶᠡᠡ᠎ᠤ
              ᠦᠨᠳᠤᠰᠤᠳᠠᠠ᠎ᠤ ᠰᠤᠷᠭ᠋ᠠᠠ ᠬᠥᠮᠤᠵᠢᠯ᠎ᠤᠨ ᠰᠠᠯᠠᠭ᠎ᠠ
                         (ᠰᠠᠨᠭ᠌ᠵᠠᠢ ᠨᠠᠢ᠍ᠢ᠍ᠷᠠᠭᠤᠯᠪᠠ)

                          2018 ᠣᠨ᠎ᠤ 9 ᠳ᠋ᠦ᠍ᠭᠡᠷ ᠬᠤᠭᠤᠴᠠᠭ᠎ᠠ

ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
《ᠮᠣᠩᠭᠤᠯ᠎ᠤᠨ ᠨᠢᠭᠤᠴᠠ ᠲᠤᠪᠴᠢᠶᠠᠨ》᠎ᠤ ᠰᠤᠷᠭ᠋ᠠᠭᠤᠯᠢ ᠵᠢᠨ ᠬᠦᠷᠢᠶᠡᠨ᠎ᠳᠤ᠎ᠬᠢ ᠤᠩᠰᠢᠯᠭ᠎ᠠ
ᠤᠤᠭ᠋ᠠᠯ ᠰᠤᠶᠤᠯ᠎ᠤᠨ ᠮᠡᠳᠡᠷᠡᠮᠵᠢ᠎ᠲᠠᠢ ᠪᠤᠯᠵᠠᠭ᠋ᠠᠶ᠎ᠠ
ᠮᠤᠩᠭᠤᠯᠴᠤᠳ᠎ᠤᠨ ᠶᠠᠰᠤ ᠮᠦᠯᠵᠢᠭᠦ ᠭᠢᠭᠡᠳ ᠳᠡᠭᠦᠨ᠎ᠲᠠᠢ ᠬᠤᠯᠪᠤᠭᠳᠠᠭᠰᠠᠨ ᠴᠡᠭᠡᠷ ᠶᠤᠰᠤᠨ᠎ᠤ ᠰᠤᠶᠤᠯ
ᠮᠤᠩᠭᠤᠯᠴᠤᠳ᠎ᠤᠨ ᠶᠠᠰᠤ ᠮᠦᠯᠵᠢᠭᠦ ᠭᠢᠭᠡᠳ ᠳᠡᠭᠦᠨ᠎ᠲᠠᠢ ᠬᠤᠯᠪᠤᠭᠳᠠᠭᠰᠠᠨ ᠴᠡᠭᠡᠷ ᠶᠤᠰᠤᠨ᠎ᠤ ᠰᠤᠶᠤᠯ
ᠮᠤᠩᠭᠤᠯᠴᠤᠳ᠎ᠤᠨ ᠮᠡᠨᠳᠤᠴᠢᠯᠡᠭᠡᠨ᠎ᠤ ᠬᠡᠯᠡ ᠬᠡᠯᠡᠯᠭᠡ ᠵᠢᠨ ᠲᠤᠬᠠᠢ
 
             蒙ICP备05000248号