ᠰᠠᠶ᠋ᠢᠡᠡᠯᠪᠡᠭ
ᠪᠠᠭᠰᠢ ᠭᠦᠮᠤᠨ ᠪᠤᠯ ᠪᠢᠴᠢᠭ ᠵᠢᠭ᠋ᠠᠵᠤ ᠭᠦᠮᠤ᠎ᠨᠢ ᠭᠦᠮᠦᠵᠢᠭᠦᠯᠭᠦ ᠨᠠᠨᠳᠢᠨ ᠠ᠋ᠭᠦᠷᠭᠡ ᠬᠠᠷᠢᠭᠤᠴᠠᠯᠭ᠎ᠠ᠎ᠲᠠᠢ ᠪᠠᠶ᠋ᠢᠳᠠᠭ᠎ᠠᠴᠠ ᠨᠡᠶ᠋ᠢᠭᠡᠮ ᠲᠠᠶᠠᠭ᠋ᠠᠷ᠎ᠲᠤ ᠭᠦᠨᠳᠤᠯᠡᠭᠳᠡᠵᠤ᠂ ᠦᠪᠡᠷ᠎ᠤᠨ ᠪᠡᠶ᠎ᠡ᠎ᠳᠤ᠎ᠪᠠᠨ ᠴᠦ᠍ ᠴᠢᠩᠭ᠎ᠠ ᠬᠠᠳᠠᠭᠤ ᠱᠠᠭ᠋ᠠᠷᠳᠠᠯᠭ᠎ᠠ ᠵᠢ ᠲᠠᠯᠪᠢᠳᠠᠭ᠎ᠠᠴᠠ ᠶᠠᠭ᠋ᠠᠷᠠᠯᠳᠠᠢ ᠮᠦᠷᠳᠡᠭᠡᠨ ᠵᠦᠳᠡᠷᠡᠯᠳᠡᠢ ᠪᠠᠶ᠋ᠢᠳᠠᠭ᠃ ᠡ᠊ᠨᠳᠠ ᠪᠠᠭᠰᠢ ᠭᠦᠮᠤᠨ᠎ᠤ ᠠ᠋ᠳᠤᠷ ᠲᠤᠵᠢ ᠬᠢᠭᠦ ᠭᠤᠷᠪᠠᠨ ᠴᠢᠬᠤᠯᠠ ᠶᠠᠪᠤᠳᠠᠯ᠎ᠢ ᠲᠦᠭᠦᠮᠭᠡᠨ ᠶᠠᠷᠢᠶ᠎ᠠ᠃
ᠨᠢᠭᠡ᠂ ᠪᠢᠳᠠ ᠠ᠋ᠳᠤᠷ᠎ᠲᠤ᠎ᠪᠠᠨ ᠨᠢᠭᠡ ᠠ᠋ᠷᠡᠨ᠎ᠤ ᠠᠮᠳᠠᠳᠤ ᠬᠤᠭᠤᠯᠠ ᠵᠢ ᠪᠡᠯᠡᠳᠭᠡᠨ ᠬᠢᠵᠤ ᠢᠳᠡᠴᠢᠭᠡᠶ᠎ᠡ᠃
ᠬᠤᠭᠤᠯᠠ ᠪᠤᠳᠠᠭ᠎ᠠ᠎ᠪᠠᠨ ᠬᠢᠵᠤ ᠢᠳᠡᠭᠦ ᠪᠤᠯ ᠪᠢᠳᠠᠨ᠎ᠤ ᠶᠡᠷᠤ ᠵᠢᠨ ᠪᠠᠶ᠋ᠢᠩᠭᠤ ᠵᠢᠨ ᠠᠵᠢᠯ ᠪᠤᠯᠤᠨ᠎ᠠ᠂ ᠭᠡᠪᠡᠴᠤ ᠠᠵᠢᠯ᠎ᠤᠨ ᠶᠠᠭ᠋ᠠᠷᠠᠤ᠂ ᠴᠢᠨᠠᠭᠰᠢᠯᠠᠪᠠᠯ ᠴᠠᠭ ᠦᠶ᠎ᠡ ᠵᠢᠨ ᠭᠦᠭᠵᠢᠯᠳᠠ ᠵᠢᠨ ᠲᠦᠭᠦᠮ᠎ᠠᠴᠠ ᠪᠤᠯᠵᠤ ᠪᠢᠳᠠ ᠨᠢᠭᠡ ᠠ᠋ᠳᠤᠷ᠎ᠤᠨ ᠭᠤᠷᠪᠠᠨ ᠠ᠋ᠷᠡᠨ᠎ᠤ ᠬᠤᠭᠤᠯᠠ᠎ᠪᠠᠨ ᠢᠩᠬᠢᠵᠤ ᠲᠡᠭᠡᠵᠤ ᠠᠷᠭ᠋ᠠᠴᠠᠭ᠋ᠠᠬᠤ ᠪᠤᠶᠤ ᠲᠦᠭᠦᠮᠴᠢᠯᠡᠵᠤ ᠢᠳᠡᠳᠡᠭ᠃ ᠦᠵᠡᠭᠦ᠎ᠳᠤ ᠴᠠᠭ᠎ᠲᠤ ᠠᠷᠪᠢᠳᠡᠢ ᠮᠦᠷᠳᠡᠭᠡᠨ ᠲᠦᠭᠦᠮ ᠲᠦᠳᠡ ᠵᠢᠨ ᠲᠦᠷᠦᠭᠳᠡᠯ ᠦᠭᠳᠡᠭ᠃ ᠶᠠᠭ᠋ᠠᠬᠢᠪ ᠳ᠋ᠠ᠂ ᠶᠠᠭ᠋ᠠᠷᠠᠤ᠎ᠠᠴᠠ ᠪᠤᠯᠤᠬᠰᠠᠨ᠎ᠢ ᠤᠶ᠋ᠢᠯᠠᠭ᠋ᠠᠵᠤ ᠪᠤᠯᠤᠨ᠎ᠠ᠂ ᠭᠡᠪᠡᠴᠤ ᠪᠢᠳᠠ ᠠ᠋ᠨᠡᠭᠦ ᠠᠰᠠᠭᠤᠳᠠᠯ᠎ᠢ ᠲᠠᠬᠢᠨ ᠰᠡᠳᠬᠢᠵᠤ ᠦᠵᠡᠪᠡᠯ ᠭᠡᠷᠪᠡ ᠠ᠋ᠳᠤᠷ᠎ᠲᠤ᠎ᠪᠠᠨ ᠬᠠᠮᠤᠭ᠎ᠤᠨ ᠨᠠᠭ᠋ᠠᠳᠤ ᠵᠠᠬ᠎ᠠ᠎ᠳᠤ᠎ᠪᠠᠨ ᠨᠢᠭᠡ ᠠ᠋ᠷᠡᠨ᠎ᠤ ᠬᠤᠭᠤᠯᠠ᠎ᠪᠠᠨ ᠦᠪᠡᠷ ᠵᠶ᠋ᠠᠨ ᠬᠢᠵᠤ ᠢᠳᠡᠪᠠᠯ ᠭᠡᠳᠤᠢ ᠤᠯᠠᠨ ᠰᠠᠶ᠋ᠢᠨᠲᠠᠢ ᠲᠠᠯ᠎ᠠ ᠪᠠᠶ᠋ᠢᠬᠤ ᠵᠢ ᠤᠯᠵᠤ ᠲᠠᠨᠢᠵᠤ ᠪᠤᠯᠤᠨ᠎ᠠ᠃ ᠨᠡᠩ ᠢᠯᠠᠩᠭᠤᠶ᠎ᠠ ᠲᠤᠩ ᠴᠢᠬᠤᠯᠠ ᠨᠦᠯᠦᠭᠡ ᠵᠢ ᠠᠪᠴᠢᠷᠠᠳᠠᠭ᠃ ᠪᠤᠳᠠᠳᠡᠢ ᠭᠡᠯᠡᠪᠠᠯ ᠪᠢᠳᠠᠨ᠎ᠤ ᠪᠡᠶ᠎ᠡ ᠮᠠᠭ᠍ᠠᠪᠤᠳ᠎ᠤᠨ ᠠ᠋ᠷᠡᠭᠦᠯ ᠮᠠᠨᠳᠤ᠂ ᠲᠤᠳᠤᠭ᠋ᠠᠳᠤ ᠰᠡᠳᠬᠢᠴᠠ ᠵᠢᠨ ᠲᠠᠶ᠋ᠢᠪᠤᠰᠢᠷᠠᠯ ᠵᠢᠴᠢ ᠰᠤᠷᠭ᠋ᠠᠨ ᠭᠦᠮᠦᠵᠢᠭᠦᠯᠭᠦ ᠤᠶᠤᠨ ᠤᠬᠠᠭ᠋ᠠᠨ᠎ᠤ ᠲᠠᠯ᠎ᠠ᠎ᠪᠠᠷ ᠠᠷᠪᠢᠨ ᠵᠦᠪ ᠭᠦᠴᠤᠨ ᠵᠤᠶ᠋ᠢᠯ᠎ᠢ ᠤᠯᠭᠤᠵᠤ ᠦᠭᠳᠡᠭ ᠪᠠᠶ᠋ᠢᠨ᠎ᠠ᠃ ᠬᠤᠭᠤᠯᠠ ᠪᠤᠳᠠᠭ᠎ᠠ᠎ᠪᠠᠨ ᠦᠪᠡᠷ ᠵᠶ᠋ᠠᠨ ᠪᠡᠯᠡᠳᠭᠡᠵᠤ ᠬᠢᠭᠦ ᠶᠠᠪᠤᠴᠠ᠎ᠳᠤ ᠤᠶᠤᠨ ᠲᠠᠷᠢᠬᠢ ᠴᠢᠨᠠᠭᠰᠢᠯᠠᠪᠠᠯ ᠲᠤᠳᠤᠭ᠋ᠠᠳᠤ ᠰᠡᠳᠬᠢᠴᠠ᠎ᠪᠠᠨ ᠲᠠᠷᠤᠶ᠋ᠢᠬᠠᠨ ᠲᠤᠩ ᠶᠠᠭ᠋ᠠᠷᠠᠯᠳᠠᠢ ᠪᠠᠶ᠋ᠢᠭ᠎ᠠ ᠰᠤᠷᠭ᠋ᠠᠨ ᠭᠦᠮᠤᠵᠢᠯ᠎ᠤᠨ ᠠᠵᠢᠯ᠎ᠠᠴᠠ᠎ᠪᠠᠨ ᠰᠠᠯᠭ᠋ᠠᠵᠤ ᠠᠪᠴᠢᠷᠠᠭ᠋ᠠᠳ ᠠᠮᠢᠳᠤᠷᠠᠯ᠎ᠤᠨ ᠬᠠᠯᠠᠭᠤᠨ ᠪᠦᠯᠢᠶᠡᠨ᠎ᠢ ᠠ᠋ᠳ᠋ᠯᠡᠵᠤ ᠴᠢᠳᠠᠨ᠎ᠠ᠃ ᠠᠮᠢᠳᠤᠷᠠᠯ᠎ᠳᠤ᠎ᠪᠠᠨ ᠬᠠᠶ᠋ᠢᠷᠠᠳᠡᠢ ᠭᠦᠮᠤᠨ ᠰᠠᠶᠢ ᠰᠤᠷᠭ᠋ᠠᠨ ᠭᠦᠮᠦᠵᠢᠯ᠎ᠤᠨ ᠠᠵᠢᠯ᠎ᠢ ᠪᠠᠶᠠᠷ ᠪᠠᠶᠠᠰᠤᠯ᠎ᠲᠠᠢ ᠬᠢᠵᠤ ᠴᠢᠳᠠᠨ᠎ᠠ᠂ ᠮᠥᠨ ᠴᠦ᠍ ᠠᠷᠤᠳᠤᠨᠢ ᠪᠠᠶ᠋ᠢᠭ᠎ᠠ ᠲᠡᠳᠤᠢ ᠠᠷᠪᠢᠨ ᠰᠤᠷᠤᠬ᠍ᠴᠢᠳ ᠴᠤ᠌ ᠪᠠᠭᠰᠢ ᠵᠢᠨ ᠵᠶ᠋ᠠᠨ ᠪᠡᠶᠡᠨ᠎ᠠᠴᠠ ᠠᠮᠢᠳᠤᠷᠠᠯ ᠵᠶ᠋ᠠᠨ ᠬᠠᠶ᠋ᠢᠷᠠᠯᠠᠵᠤ᠂ ᠠᠮᠢᠳᠤᠷᠠᠯ᠎ᠳᠤ᠎ᠪᠠᠨ ᠪᠠᠶᠠᠰᠤᠩᠭᠤᠢ ᠭᠦᠮᠤᠨ ᠪᠤᠯᠬᠤ ᠭᠦᠮᠦᠵᠢᠯ ᠨᠦᠯᠦᠭᠡ ᠵᠢ ᠤᠯᠵᠤ ᠰᠤᠷᠳᠠᠭ᠃
ᠨᠢᠭᠡ ᠠ᠋ᠷᠡᠨ᠎ᠤ ᠠᠮᠳᠠᠳᠤ ᠬᠤᠭᠤᠯᠠ᠎ᠪᠠᠨ ᠬᠢᠵᠤ ᠢᠳᠡᠵᠤ᠎ᠪᠠᠷ ᠲᠠᠮᠵᠢᠨ᠂ ᠭᠡᠷ ᠪᠦᠯᠢ ᠵᠢᠨ ᠬᠠᠶ᠋ᠢᠷ᠎ᠠ ᠪᠢᠯᠬᠠᠬᠰᠠᠨ ᠠ᠋ᠶᠡᠯᠳᠡᠭ ᠰᠠᠶ᠋ᠢᠬᠠᠨ ᠤᠷᠴᠢᠨ ᠲᠤᠭᠤᠷᠢᠨ᠎ᠤ ᠲᠤᠮᠳᠠ ᠭᠦᠮᠤᠨ᠎ᠤ ᠠ᠋ᠷᠡᠭᠦᠯ ᠰᠠᠶ᠋ᠢᠬᠠᠨ ᠰᠡᠳᠬᠢᠴᠠ ᠵᠢᠨ ᠵᠠᠰᠠᠯ ᠴᠦ᠍ ᠰᠠᠮ ᠰᠡᠮᠡᠭᠡᠷᠭᠡᠨ ᠶᠠᠪᠤᠬᠳᠠᠵᠤ ᠪᠠᠶ᠋ᠢᠳᠠᠭ᠃ ᠭᠡᠳᠤᠶ᠋ᠢᠪᠠᠷ ᠠ᠋ᠳᠡᠭᠡᠷ ᠠᠵᠢᠯᠯᠠᠭ᠋ᠠᠨ᠎ᠤ ᠲᠤᠮᠳᠠ ᠪᠢᠳᠠ ᠶᠠᠮᠠᠷ ᠴᠦ᠍ ᠬᠠᠷᠠᠯᠳᠠ ᠵᠤᠷᠢᠯᠳᠠ ᠦᠭᠡᠢ ᠪᠠᠶ᠋ᠢᠳᠠᠭ ᠪᠤᠯᠪᠠᠴᠤ ᠠ᠋ᠨᠡ᠎ᠨᠢ ᠬᠠᠷᠢᠨ ᠬᠠᠮᠤᠭ᠎ᠤᠨ ᠪᠦᠳᠦᠮᠵᠢᠳᠡᠢ ᠰᠡᠳᠬᠢᠴᠠ ᠮᠡᠳᠡᠷᠡᠯ᠎ᠤᠨ ᠰᠤᠪᠢᠯᠠᠯᠳᠠ ᠪᠤᠯᠳᠠᠭ᠃ ᠠ᠋ᠨᠡ ᠪᠤᠯ ᠲᠠᠷᠤᠢ ᠠ᠋ᠬᠢ ᠪᠠᠶ᠋ᠢᠭ᠋ᠠᠯᠢ ᠠᠮᠢᠳᠤᠷᠠᠯ᠎ᠤᠨ ᠠᠭᠤᠤ ᠶᠡᠭᠡᠳᠤ ᠪᠠᠶ᠋ᠢᠭ᠎ᠠ ᠶᠤᠮ᠃ ᠠ᠋ᠭᠦᠨ᠎ᠤ ᠤᠯᠠᠮ ᠵᠶ᠋ᠠᠷ ᠪᠢᠳᠠ ᠨᠡᠩ ᠠᠮᠠᠷᠠᠨ ᠲᠠᠶ᠋ᠢᠪᠤᠰᠢᠷᠠᠵᠤ ᠠᠮᠢᠳᠤᠷᠠᠯ ᠨᠡᠩ ᠢᠯᠠᠩᠭᠤᠶ᠎ᠠ ᠠᠵᠢᠯ ᠤᠶ᠋ᠢᠯᠡᠰ᠎ᠲᠤ᠎ᠪᠠᠨ ᠤᠷᠬᠢᠯᠤᠮ᠎ᠠ ᠬᠠᠯᠠᠭᠤᠨ ᠰᠡᠳᠬᠢᠯᠭᠡ᠎ᠪᠠᠷ ᠤᠷᠤᠯᠴᠠᠭ᠍ᠤ᠎ᠪᠠᠷ ᠪᠠᠷᠠᠭ᠍ᠤ ᠦᠭᠡᠢ ᠮᠥᠨ ᠴᠤ᠌ ᠠᠵᠢᠯ᠎ᠤᠨ ᠲᠤᠮᠳᠠ᠎ᠪᠠᠨ ᠲᠤᠩ ᠠᠮᠠᠷᠬᠠᠨ ᠰᠢᠨ᠎ᠡ ᠠ᠋ᠭᠦᠳᠤᠯᠳᠠ ᠵᠢ ᠭᠠᠷᠭ᠋ᠠᠵᠤ ᠴᠢᠳᠠᠨ᠎ᠠ᠃ ᠦᠭᠡᠷ᠎ᠡ᠎ᠪᠠᠷ ᠭᠡᠯᠡᠪᠠᠯ ᠰᠤᠷᠭ᠋ᠠᠨ ᠭᠦᠮᠦᠵᠢᠯ᠂ ᠵᠢᠭ᠋ᠠᠨ ᠰᠤᠷᠭ᠋ᠠᠯᠳᠠ ᠵᠢᠨ ᠠᠵᠢᠯ᠎ᠤᠨ ᠲᠤᠮᠳᠠ᠎ᠪᠠᠨ ᠨᠡᠩ ᠠᠮᠠᠷᠬᠠᠨ ᠰᠤᠷᠤᠬ᠍ᠴᠢ ᠵᠢᠨ ᠵᠶ᠋ᠠᠨ ᠠ᠋ᠭᠦᠳᠡᠨ᠎ᠠᠴᠠ ᠭᠠᠳᠠᠭ᠋ᠠᠳᠤ ᠶᠡᠷᠳᠢᠨᠴᠤ ᠵᠢ ᠤᠶ᠋ᠢᠯᠠᠭ᠋ᠠᠨ ᠲᠠᠨᠢᠵᠤ᠂ ᠰᠤᠷᠤᠬ᠍ᠴᠢᠳ ᠵᠶ᠋ᠠᠨ ᠠ᠋ᠷᠡᠭᠦᠯ ᠪᠡᠶ᠎ᠡ᠎ᠲᠠᠢ᠂ ᠰᠠᠷᠠᠭᠤᠯ ᠤᠬᠠᠭ᠋ᠠᠨ᠎ᠲᠠᠢ ᠭᠦᠮᠤᠨ ᠪᠤᠯᠭ᠋ᠠᠨ ᠭᠦᠮᠦᠵᠢᠭᠦᠯᠵᠤ᠂ ᠪᠢᠴᠢᠭ ᠵᠢᠭ᠋ᠠᠵᠤ ᠭᠦᠮᠤᠨ ᠭᠦᠮᠦᠵᠢᠭᠦᠯᠭᠦ ᠲᠠᠷᠬᠠᠨ ᠠ᠋ᠭᠦᠷᠭᠡ ᠬᠠᠷᠢᠭᠤᠴᠠᠯᠭ᠎ᠠ᠎ᠪᠠᠨ ᠰᠡᠳᠬᠢᠯ ᠬᠠᠨᠤᠮᠵᠢᠳᠡᠢ ᠬᠢᠵᠤ ᠴᠢᠳᠠᠨ᠎ᠠ᠃ ᠠ᠋ᠶ᠋ᠢᠮᠤ᠎ᠠᠴᠠ᠂ ᠪᠤᠯᠵᠤ ᠯᠠ ᠪᠠᠶ᠋ᠢᠪᠠᠯ ᠪᠠᠭᠰᠢ ᠨᠠᠷ ᠮᠢᠨᠢ ᠭᠡᠳᠤᠢ ᠶᠠᠭ᠋ᠠᠷᠠᠤ ᠶᠠᠳᠠᠷᠠᠯᠳᠡᠢ ᠪᠠᠶ᠋ᠢᠬᠰᠠᠨ ᠴᠦ᠍ ᠬᠠᠮᠤᠭ᠎ᠤᠨ ᠨᠠᠭ᠋ᠠᠳᠤ ᠵᠠᠬ᠎ᠠ᠎ᠳᠤ᠎ᠪᠠᠨ ᠠ᠋ᠳᠤᠷ᠎ᠤᠨ ᠨᠢᠭᠡ ᠠ᠋ᠷᠡᠨ᠎ᠤ ᠬᠤᠭᠤᠯᠠ᠎ᠪᠠᠨ ᠭᠡᠷ ᠪᠦᠯᠢ ᠵᠢᠨ ᠭᠦᠮᠤᠰᠲᠠᠢᠪᠠᠨ ᠬᠠᠮᠳᠤ ᠬᠢᠵᠤ ᠪᠡᠯᠡᠳᠭᠡᠨ ᠬᠤᠭᠤᠯᠠᠯᠠᠵᠤ ᠪᠠᠶ᠋ᠢᠭ᠋ᠠᠷᠠᠢ᠃ ᠠᠮᠢᠳᠤᠷᠠᠯ ᠪᠤᠯ ᠲᠡᠷᠡ ᠭᠡᠪ ᠵᠶ᠋ᠠᠷ ᠵᠶ᠋ᠠᠨ ᠰᠤᠷᠤᠯᠴᠠᠯᠭ᠎ᠠ ᠪᠤᠯᠤᠨ᠎ᠠ᠂ ᠠᠮᠢᠳᠤᠷᠠᠯ᠎ᠤᠨ ᠵᠤᠯ ᠵᠢᠷᠭ᠋ᠠᠯ᠎ᠢ ᠠ᠋ᠳ᠋ᠯᠡᠵᠤ ᠪᠠᠶ᠋ᠢᠭ᠋ᠠᠳ ᠠᠮᠢᠳᠤᠷᠠᠯ᠎ᠳᠤ᠎ᠪᠠᠨ ᠬᠠᠶ᠋ᠢᠷᠡᠳᠡᠢ ᠲᠡᠷᠠ ᠤᠯᠠᠨ ᠭᠡᠦᠭᠡᠳ᠎ᠢ ᠭᠦᠮᠦᠵᠢᠭᠦᠯᠭᠦ᠎ᠪᠠᠷ ᠴᠢᠷᠮᠠᠶ᠋ᠢᠵᠠᠭ᠋ᠠᠶ᠎ᠠ᠃
ᠬᠤᠶᠠᠷ᠂ ᠪᠢᠳᠠ ᠠ᠋ᠳᠤᠷ᠎ᠲᠤ᠎ᠪᠠᠨ ᠨᠢᠭᠡ ᠴᠠᠭ᠎ᠤᠨ ᠪᠡᠶ᠎ᠡ ᠲᠠᠮᠢᠷ᠎ᠤᠨ ᠪᠤᠯᠪᠠᠰᠤᠷᠠᠯ᠎ᠳᠤ ᠤᠷᠤᠯᠴᠠᠵᠠᠭ᠋ᠠᠶᠠ᠃
ᠪᠡᠶ᠎ᠡ᠎ᠪᠠᠨ ᠪᠤᠯᠪᠠᠰᠤᠷᠠᠭᠤᠯᠬᠤ ᠵᠢᠨ ᠴᠢᠬᠤᠯᠠ ᠴᠢᠨᠠᠷ᠎ᠢ ᠪᠢᠳᠠ ᠮᠡᠳᠡᠳᠡᠭ᠂ ᠭᠡᠪᠡᠴᠤ ᠪᠤᠳᠠᠳᠡᠢ ᠤᠶ᠋ᠢᠯᠡ ᠠᠵᠢᠯᠯᠠᠭ᠎ᠠ ᠪᠤᠯᠭ᠋ᠠᠨ ᠪᠠᠷᠢᠮᠳᠠᠯᠠᠳᠠᠭ᠎ᠨᠢ ᠭᠡᠳᠤᠢ ᠪᠠᠶ᠋ᠢᠭ᠎ᠠ ᠵᠢ ᠰᠠᠨᠠᠭ᠋ᠠᠰᠢᠷᠠᠵᠤ ᠪᠠᠶ᠋ᠢᠨ᠎ᠠ᠃ ᠪᠡᠶ᠎ᠡ ᠲᠠᠮᠢᠷ᠎ᠤᠨ ᠪᠤᠯᠪᠠᠰᠤᠷᠠᠯ᠎ᠢ ᠬᠢᠵᠤ ᠪᠤᠳᠠᠳᠡᠢ ᠦᠷ᠎ᠡ ᠪᠦᠳᠦᠮᠵᠢ ᠤᠯᠳᠠᠭ ᠦᠭᠡᠢ ᠵᠢᠨ ᠭᠤᠤᠯ ᠰᠢᠯᠳᠠᠭ᠋ᠠᠨ᠎ᠨᠢ ᠨᠢᠭᠡ᠎ᠳᠤ ᠬᠠᠰᠢᠯᠠ ᠠᠵᠢᠯ ᠶᠠᠭ᠋ᠠᠷᠠᠤ ᠭᠡᠳ ᠴᠠᠭ ᠰᠢᠬᠠᠵᠤ ᠭᠠᠷᠭ᠋ᠠᠵᠤ ᠲᠡᠶ᠋ᠢᠯᠳᠡᠭ ᠦᠭᠡᠢ᠂ ᠲᠠᠷᠠᠭ᠎ᠠ᠎ᠨᠢ ᠬᠤᠪᠢ ᠭᠦᠮᠤᠨ᠎ᠤ ᠦᠵᠡᠯ ᠲᠠᠨᠢᠯᠳᠠ ᠵᠢᠴᠢ ᠲᠠᠳᠬᠠᠯ᠎ᠠᠴᠠ ᠪᠤᠯᠵᠤ ᠴᠠᠭ ᠦᠷᠭᠦᠯᠵᠢ ᠪᠠᠷᠢᠮᠳᠠᠯᠠᠵᠤ ᠲᠡᠶ᠋ᠢᠯᠳᠡᠭ ᠦᠭᠡᠢ᠃
ᠪᠠᠭᠰᠢ ᠭᠦᠮᠤᠨ᠎ᠤ ᠮᠦᠷ᠎ᠤᠨ ᠲᠡᠭᠡᠷ᠎ᠡ ᠲᠠᠯᠪᠢᠬᠳᠠᠵᠤ ᠪᠠᠶ᠋ᠢᠭ᠎ᠠ ᠠ᠋ᠭᠦᠷᠭᠡ ᠬᠠᠷᠢᠭᠤᠴᠠᠯᠭ᠎ᠠ ᠪᠤᠯ ᠲᠤᠶ᠋ᠢᠯ᠎ᠤᠨ ᠭᠦᠨᠳᠤ ᠪᠠᠶ᠋ᠢᠳᠠᠭ᠃ ᠵᠢᠱ᠌ᠢᠶᠡᠯᠡᠭᠡᠳ ᠭᠡᠯᠡᠪᠠᠯ᠂ ᠰᠤᠷᠤᠬ᠍ᠴᠢᠳ᠎ᠤᠨ ᠪᠡᠶ᠎ᠡ ᠰᠡᠳᠬᠢᠴᠠ ᠵᠢᠨ ᠠ᠋ᠷᠡᠭᠦᠯ ᠴᠢᠬᠢᠷᠠᠭ ᠦᠰᠤᠨ ᠪᠤᠶ᠋ᠢᠵᠢᠯᠳᠠ ᠵᠢ ᠬᠠᠶ᠋ᠢᠷᠠᠯᠠᠵᠤ ᠬᠠᠯᠠᠮᠵᠢᠯᠠᠭ᠍ᠤ᠎ᠠᠴᠠ ᠠ᠋ᠬᠢᠯᠡᠨ ᠬᠢᠴᠢᠶᠠᠯ ᠪᠡᠯᠡᠳᠭᠡᠭᠦ᠂ ᠬᠢᠴᠢᠶᠡᠯᠯᠡᠭᠦ᠂ ᠲᠠᠰᠬᠠᠯ ᠲᠠᠭ᠋ᠠᠭ᠋ᠠᠯᠭ᠋ᠠᠪᠤᠷᠢ ᠬᠠᠯᠠᠨ ᠵᠠᠰᠠᠭ᠍ᠤ ᠵᠢᠴᠢ ᠵᠢᠯᠤᠭᠤᠳᠤᠨ ᠪᠤᠯᠪᠠᠰᠤᠷᠠᠭᠤᠯᠬᠤ ᠭᠡᠳ ᠲᠡᠳᠤᠢ ᠠᠷᠪᠢᠨ ᠠᠵᠢᠯ᠎ᠤᠨ ᠲᠤᠮᠳᠠ ᠵᠢᠭ᠋ᠠᠬᠠᠨ ᠴᠦ᠍ ᠭᠡᠰᠡᠨ ᠰᠡᠳᠬᠢᠯ ᠠᠯᠭ᠋ᠠᠰᠠᠵᠤ ᠪᠤᠯᠳᠠᠭ ᠦᠭᠡᠢ᠂ ᠶᠠᠭ ᠠ᠋ᠶ᠋ᠢᠮᠤᠷᠭᠦᠤ ᠠᠵᠢᠯ ᠲᠦᠷᠤᠯ᠎ᠤᠨ ᠱᠠᠭ᠋ᠠᠷᠳᠠᠯᠭ᠎ᠠ᠎ᠠᠴᠠ ᠪᠤᠯᠵᠤ ᠶᠡᠷᠤ᠎ᠨᠢ ᠴᠠᠭ᠎ᠢ ᠰᠢᠬᠠᠨ ᠭᠠᠷᠭ᠋ᠠᠵᠤ ᠪᠡᠶ᠎ᠡ ᠲᠠᠮᠢᠷ᠎ᠤᠨ ᠪᠤᠯᠪᠠᠰᠤᠷᠠᠯ᠎ᠳᠤ ᠤᠷᠤᠯᠴᠠᠭ᠍ᠤ᠎ᠨᠢ ᠲᠤᠳᠠᠮᠠᠭ᠎ᠠᠴᠠ ᠪᠠᠭᠰᠢ ᠭᠦᠮᠤᠨ᠎ᠤ ᠪᠡᠶ᠎ᠡ ᠮᠠᠭ᠍ᠠᠪᠤᠳ ᠵᠢᠴᠢ ᠰᠡᠳᠬᠢᠴᠠ ᠵᠢᠨ ᠠ᠋ᠷᠡᠭᠦᠯ ᠮᠠᠨᠳᠤ ᠵᠢᠨ ᠲᠠᠯ᠎ᠠ᠎ᠪᠠᠷ ᠨᠠᠶ᠋ᠢᠭᠡᠮ ᠨᠡᠶ᠋ᠢᠳᠠ ᠵᠢᠨ ᠠᠩᠬᠠᠷᠤᠯ᠎ᠢ ᠤᠯᠠᠮ ᠲᠠᠳᠠᠭ᠍ᠤ ᠪᠤᠯᠵᠡᠢ᠃ ᠪᠢᠳᠠ ᠠ᠋ᠳᠤᠷ᠎ᠲᠤ᠎ᠪᠠᠨ ᠨᠢᠭᠡ ᠴᠠᠭ᠎ᠤᠨ ᠪᠡᠶ᠎ᠡ ᠲᠠᠮᠢᠷ᠎ᠤᠨ ᠪᠤᠯᠪᠠᠰᠤᠷᠠᠯ᠎ᠢ ᠪᠠᠷᠢᠮᠳᠠᠯᠠᠵᠤ ᠪᠠᠶ᠋ᠢᠪᠠᠯ ᠬᠠᠮᠤᠭ᠎ᠤᠨ ᠨᠠᠭ᠋ᠠᠳᠤ ᠵᠠᠬ᠎ᠠ᠎ᠳᠤ᠎ᠪᠠᠨ ᠦᠪᠡᠷ ᠵᠶ᠋ᠠᠨ ᠠ᠋ᠷᠡᠭᠦᠯ ᠰᠠᠷᠠᠭᠤᠯ ᠪᠡᠶ᠎ᠡ ᠰᠡᠳᠬᠢᠴᠠ᠎ᠲᠠᠢ ᠪᠤᠯᠵᠤ᠂ ᠰᠤᠷᠤᠬ᠍ᠴᠢᠳ᠎ᠲᠤ᠎ᠪᠠᠨ ᠴᠦ᠍ ᠪᠡᠶ᠎ᠡ ᠰᠡᠳᠬᠢᠴᠠ ᠵᠢᠨ ᠭᠡᠪ ᠪᠤᠯᠪᠠᠰᠤᠷᠠᠯ ᠵᠶ᠋ᠠᠷ ᠦᠨᠳᠤᠷ ᠪᠠᠭᠰᠢ ᠵᠢᠨ ᠭᠡᠪ ᠲᠦᠷᠢ ᠵᠢ ᠪᠦᠳᠦᠭᠡᠨ ᠦᠭᠴᠦ ᠴᠢᠳᠠᠨ᠎ᠠ᠃ ᠪᠠᠭᠰᠢ ᠭᠦᠮᠤᠨ ᠪᠤᠯ ᠲᠠᠷᠡ ᠭᠡᠪ ᠵᠶ᠋ᠠᠷ ᠵᠶ᠋ᠠᠨ ᠰᠤᠷᠤᠬ᠍ᠴᠢᠳ᠎ᠤᠨ ᠰᠤᠷᠤᠯᠴᠠᠬᠤ ᠲᠠᠭᠤᠷᠢᠶᠠᠯ ᠪᠤᠯᠤᠨ᠎ᠠ᠃ ᠪᠡᠶ᠎ᠡ ᠲᠠᠮᠢᠷ᠎ᠤᠨ ᠪᠤᠯᠪᠠᠰᠤᠷᠠᠯ᠎ᠳᠤ ᠤᠷᠤᠯᠴᠠᠭ᠍ᠤ᠎ᠪᠠᠷ ᠲᠠᠮᠵᠢᠨ ᠪᠢᠳᠠ ᠶᠠᠭ᠋ᠠᠷᠠᠯᠳᠠᠢ ᠠᠵᠢᠯ᠎ᠠᠴᠠ᠎ᠪᠠᠨ ᠪᠡᠶ᠎ᠡ᠎ᠪᠠᠨ ᠴᠢᠯᠦᠭᠡᠯᠡᠵᠤ ᠴᠢᠳᠠᠭ᠍ᠤ ᠮᠦᠷᠳᠡᠭᠡᠨ ᠰᠤᠷᠤᠬ᠍ᠴᠢᠳ᠎ᠤᠨ ᠠ᠋ᠷᠡᠭᠦᠯ ᠴᠢᠬᠢᠷᠠᠭ ᠵᠶ᠋ᠠᠷ ᠦᠰᠤᠨ ᠪᠤᠶ᠋ᠢᠵᠢᠬᠤ ᠵᠢ ᠨᠡᠩ ᠢᠯᠡᠭᠦᠤ ᠠᠩᠬᠠᠷᠤᠯ᠎ᠳᠤ᠎ᠪᠠᠨ ᠠᠪᠴᠤ ᠵᠢᠭ᠋ᠠᠨ ᠵᠢᠯᠤᠭᠤᠳᠴᠤ ᠴᠢᠳᠠᠨ᠎ᠠ᠃ ᠢᠢ᠍ᠮᠤᠠᠴᠠ ᠪᠢᠳᠠᠨ᠎ᠤ ᠠ᠋ᠳᠤᠷ᠎ᠤᠨ ᠠᠵᠢᠯ ᠭᠡᠳᠤᠢ ᠶᠠᠭ᠋ᠠᠷᠠᠤ ᠪᠠᠶ᠋ᠢᠬᠰᠠᠨ ᠴᠦ᠍᠂ ᠰᠤᠷᠤᠬ᠍ᠴᠢᠳ ᠪᠠ ᠦᠪᠡᠷ᠎ᠤᠨ ᠪᠡᠶ᠎ᠡ ᠵᠢᠨ ᠵᠶ᠋ᠠᠨ ᠠ᠋ᠷᠡᠭᠦᠯ ᠴᠢᠬᠢᠷᠠᠭ᠎ᠤᠨ ᠲᠦᠯᠦᠭᠡ ᠴᠠᠭ ᠵᠶ᠋ᠠᠨ ᠲᠤᠬᠢᠷᠠᠭᠤᠯᠵᠤ ᠪᠠᠶ᠋ᠢᠭ᠋ᠠᠳ ᠠ᠋ᠳᠤᠷ᠎ᠲᠤ᠎ᠪᠠᠨ ᠨᠢᠭᠡ ᠴᠠᠭ᠎ᠤᠨ ᠪᠡᠶ᠎ᠡ ᠲᠠᠮᠢᠷ᠎ᠤᠨ ᠪᠤᠯᠪᠠᠰᠤᠷᠠᠯ᠎ᠳᠤ ᠢᠳᠡᠪᠬᠢᠳᠡᠢ ᠤᠷᠤᠯᠴᠠᠵᠤ ᠰᠤᠷᠭ᠋ᠠᠨ ᠭᠦᠮᠦᠵᠢᠯ᠎ᠤᠨ ᠠᠵᠢᠯ ᠵᠶ᠋ᠠᠨ ᠨᠡᠩ ᠦᠷ᠎ᠡ ᠪᠦᠳᠦᠮᠵᠢᠳᠡᠢ ᠬᠢᠭᠦ᠎ᠪᠠᠷ ᠴᠢᠷᠮᠠᠶ᠋ᠢᠵᠠᠭ᠋ᠠᠶ᠎ᠠ᠃
ᠭᠤᠷᠪᠠ᠂ ᠪᠢᠳᠠ ᠠ᠋ᠳᠤᠷ᠎ᠲᠤ᠎ᠪᠠᠨ ᠨᠢᠭᠡ ᠴᠠᠭ᠎ᠤᠨ ᠨᠤᠮ ᠤᠩᠰᠢᠵᠤ ᠰᠤᠷᠤᠯᠴᠠᠭ᠍ᠤ ᠲᠠᠳᠬᠠᠯ᠎ᠢ ᠪᠤᠢ ᠪᠤᠯᠭ᠋ᠠᠴᠢᠬᠠᠶᠠ᠃
ᠪᠠᠭᠰᠢ ᠭᠦᠮᠤᠰ ᠠ᠋ᠳᠤᠷ ᠲᠤᠵᠢ ᠲᠤᠶ᠋ᠢᠯ᠎ᠤᠨ ᠶᠠᠭ᠋ᠠᠷᠠᠯᠳᠠᠢ ᠬᠢᠴᠢᠶᠡᠯ ᠲᠦᠷᠣᠯ᠎ᠤᠨ ᠵᠢᠭ᠋ᠠᠨ ᠰᠤᠷᠭ᠋ᠠᠯᠳᠠ᠎ᠠᠴᠠ ᠭᠠᠳᠠᠨ᠎ᠠ ᠪᠠᠰᠠ ᠲᠤᠩ ᠠᠷᠪᠢᠨ ᠵᠢᠭ᠋ᠠᠨ ᠰᠤᠷᠭ᠋ᠠᠯᠳᠠ ᠵᠢᠨ ᠲᠠᠭ᠋ᠠᠯᠳᠤᠬᠰᠠᠨ ᠠᠵᠢᠯ᠎ᠢ ᠮᠥᠨ ᠴᠠᠭ ᠲᠠᠷᠤᠢ᠎ᠳᠤ᠎ᠨᠢ ᠪᠡᠶᠡᠯᠡᠭᠦᠯᠭᠦ᠎ᠪᠠᠷ ᠪᠠᠷᠠᠭ᠍ᠤ ᠦᠭᠡᠢ ᠤᠯᠠᠨ ᠲᠠᠯ᠎ᠠ ᠵᠢᠨ ᠭᠦᠮᠤᠰ᠎ᠤᠨ ᠬᠤᠭᠤᠷᠤᠨᠳᠤᠭᠢ ᠬᠠᠷᠢᠴᠠᠭ᠎ᠠ ᠵᠢ ᠴᠦ᠍ ᠡᠪᠯᠢᠭ ᠰᠠᠶ᠋ᠢᠬᠠᠨ ᠰᠢᠢ᠍ᠳᠪᠤᠷᠢᠯᠡᠭᠦ ᠭᠡᠷᠡᠭᠳᠡᠢ ᠪᠠᠶ᠋ᠢᠳᠠᠭ᠂ ᠠ᠋ᠳᠡᠭᠡᠷ ᠠᠵᠢᠯ᠎ᠨᠢ ᠪᠠᠷᠤᠭ ᠪᠦᠭᠦᠯᠢ ᠠ᠋ᠳᠤᠷ᠎ᠤᠨ ᠴᠠᠭ᠎ᠢ ᠡᠵᠡᠯᠡᠭᠦ ᠮᠦᠷᠳᠡᠭᠡᠨ ᠵᠠᠷᠢᠮ᠎ᠳᠤ᠎ᠪᠠᠨ ᠴᠠᠭ ᠨᠠᠮᠠᠵᠤ ᠠᠵᠢᠯᠯᠠᠬᠤ ᠭᠡᠷᠡᠭᠳᠠᠢ ᠪᠠᠢ᠍ᠢ᠍ᠳᠠᠬ᠃ ᠶᠠᠭ ᠠ᠋ᠶ᠋ᠢᠮᠤᠷᠭᠦᠤ ᠪᠡᠶ᠎ᠡ ᠰᠡᠳᠬᠢᠴᠠ ᠵᠢᠨ ᠶᠠᠳᠠᠷᠠᠯ ᠭᠦᠨᠳᠤ ᠪᠠᠶ᠋ᠢᠬᠤ ᠦᠶᠡᠰ ᠪᠢᠳᠠ᠂ ᠨᠤᠮ ᠤᠩᠰᠢᠵᠤ ᠰᠤᠷᠤᠯᠴᠠᠨ᠎ᠠ ᠭᠡᠳᠡᠭ ᠬᠠᠮᠤᠭ᠎ᠤᠨ ᠪᠦᠳᠦᠮᠵᠢᠳᠡᠢ ᠠᠷᠭ᠎ᠠ ᠵᠠᠮ ᠵᠶ᠋ᠠᠷ ᠪᠡᠶ᠎ᠡ᠎ᠪᠠᠨ ᠴᠡᠨᠡᠭᠯᠡᠪᠠᠯ ᠠᠵᠢᠯ ᠤᠶ᠋ᠢᠯᠠᠰ ᠵᠶ᠋ᠠᠨ ᠦᠭᠡᠳᠡ᠎ᠲᠠᠢ ᠰᠠᠶ᠋ᠢᠬᠠᠨ ᠠ᠋ᠷᠭᠦᠵᠤ ᠶᠠᠪᠤᠨ ᠵᠢᠷᠭ᠋ᠠᠯ᠎ᠲᠠᠢ ᠪᠠᠭᠰᠢ ᠪᠤᠯᠵᠤ ᠴᠢᠳᠠᠨ᠎ᠠ᠃
ᠨᠤᠮ ᠤᠩᠰᠢᠵᠤ ᠰᠤᠷᠤᠯᠴᠠᠯᠭ᠎ᠠ ᠵᠢ ᠠ᠋ᠷᠬᠢᠮᠯᠡᠳᠡᠭ ᠭᠦᠮᠤᠨ ᠪᠤᠰᠤᠳ᠎ᠠᠴᠠ ᠨᠡᠩ ᠢᠯᠡᠭᠦᠤ ᠦᠪᠡᠷ᠎ᠤᠨ ᠪᠡᠶ᠎ᠡ ᠵᠢᠨ ᠵᠶ᠋ᠠᠨ ᠲᠤᠳᠠᠭᠤ ᠲᠤᠮᠳᠠᠭᠤᠷᠢ ᠤᠶ᠋ᠢᠯᠠᠭ᠋ᠠᠵᠤ᠂ ᠪᠤᠰᠤᠳ ᠭᠦᠮᠤᠰ ᠪᠠ ᠰᠤᠷᠤᠬ᠍ᠴᠢ᠎ᠲᠠᠢ ᠬᠠᠷᠢᠴᠠᠭ᠍ᠤᠳᠤᠪᠠᠨ ᠨᠡᠩ ᠠ᠋ᠶᠡᠯᠳᠡᠭ ᠵᠦᠭᠡᠯᠡᠨ᠂ ᠲᠠᠷᠤᠤ ᠬᠢᠴᠢᠶᠡᠩᠭᠦᠢ᠎ᠪᠠᠷ ᠲᠤᠩ ᠤᠯᠠᠨ ᠵᠦᠷᠢᠴᠡᠯ ᠮᠦᠷᠭᠦᠯᠳᠤᠭᠡᠨᠢ ᠵᠦᠪ ᠤᠨᠤᠪᠴᠢᠳᠡᠢ ᠰᠢᠢ᠍ᠳᠪᠤᠷᠢᠯᠠᠵᠤ ᠴᠢᠳᠠᠳᠠᠭ᠃ ᠠ᠋ᠨᠡ᠎ᠨᠢ ᠵᠤᠯ ᠵᠢᠷᠭ᠋ᠠᠯ᠎ᠲᠠᠢ ᠪᠠᠭᠰᠢ ᠪᠤᠯᠬᠤ ᠵᠢᠨ ᠦᠨᠳᠤᠰᠤᠨ ᠨᠦᠭᠦᠴᠡᠯ ᠪᠤᠯᠵᠤ ᠪᠤᠯᠤᠨ᠎ᠠ᠃ ᠨᠤᠮ ᠤᠩᠰᠢᠵᠤ ᠰᠤᠷᠤᠯᠴᠠᠯᠭ᠎ᠠ ᠵᠢ ᠠ᠋ᠷᠬᠢᠮᠯᠡᠳᠡᠭ ᠭᠦᠮᠤᠨ ᠠᠮᠢᠳᠤᠷᠠᠯ ᠵᠢᠴᠢ ᠠᠵᠢᠯ ᠤᠶ᠋ᠢᠯᠡᠰ᠎ᠤᠨ ᠵᠶ᠋ᠠᠨ ᠲᠤᠮᠳᠠ ᠲᠤᠯᠭ᠋ᠠᠷᠠᠭᠰᠠᠨ ᠠᠰᠠᠭᠤᠳᠠᠯ᠎ᠤᠳ᠎ᠢ ᠭᠦᠨᠴᠠ᠎ᠲᠠᠢ ᠰᠡᠳᠬᠢᠵᠤ ᠴᠢᠳᠠᠳᠠᠭ᠃ ᠤᠴᠢᠷ᠎ᠨᠢ ᠭᠦᠮᠤᠨ᠎ᠤ ᠰᠡᠳᠬᠢᠨ ᠪᠤᠳᠤᠯᠬᠢᠯᠠᠭ᠍ᠤ ᠤᠨᠴᠠᠯᠢᠭ᠎ᠠᠴᠠ ᠠᠪᠴᠤ ᠦᠵᠡᠪᠡᠯ ᠶᠡᠷᠤ᠎ᠨᠢ ᠲᠦᠭᠦᠮ ᠲᠦᠳᠡ᠎ᠳᠤ ᠲᠤᠷᠠᠲᠠᠢ ᠪᠠᠶ᠋ᠢᠳᠠᠭ᠎ᠠᠴᠠ ᠠᠮᠢᠳᠤᠷᠠᠯ ᠲᠤᠮᠳᠠ ᠦᠪᠡᠷ᠎ᠤᠨ ᠰᠡᠳᠬᠢᠨ ᠪᠤᠳᠤᠯᠬᠢᠯᠠᠭ᠍ᠤ ᠴᠢᠳᠠᠪᠤᠷᠢ᠎ᠪᠠᠨ ᠭᠡᠷᠬᠢᠨ ᠭᠦᠮᠦᠵᠢᠭᠦᠯᠭᠦ᠎ᠳᠤ ᠠᠩᠬᠠᠷᠤᠯ ᠪᠠ ᠭᠦᠴᠤ ᠭᠦᠳᠡᠯᠮᠤᠷᠢ ᠵᠠᠷᠤᠴᠠᠭᠤᠯᠳᠠᠭ ᠦᠭᠡᠢ ᠲᠤᠯᠠ ᠠᠮᠠᠷᠬᠠᠨ ᠰᠡᠳᠬᠢᠭᠦᠢ ᠵᠢᠨ ᠶᠠᠳᠠᠷᠠᠭᠤᠷᠠᠯᠳᠤ ᠤᠷᠤᠳᠠᠭ᠃ ᠶᠠᠭ ᠠ᠋ᠭᠦᠨ᠎ᠲᠠᠢ ᠠ᠋ᠰᠡᠷᠭᠦ᠎ᠪᠠᠷ ᠰᠤᠷᠭ᠋ᠠᠨ ᠭᠦᠮᠦᠵᠢᠯ᠎ᠤᠨ ᠠᠵᠢᠯ ᠪᠤᠯ ᠰᠡᠳᠬᠢᠨ ᠪᠤᠳᠤᠯᠬᠢᠯᠠᠭ᠍ᠤ ᠴᠢᠳᠠᠪᠤᠷᠢ ᠵᠢ ᠱᠠᠭ᠋ᠠᠷᠳᠠᠵᠤ ᠪᠠᠶ᠋ᠢᠬᠤ ᠮᠦᠷᠳᠡᠭᠡᠨ ᠠ᠋ᠭᠦᠳᠤᠨ ᠪᠦᠳᠤᠭᠡᠯᠴᠢ ᠴᠢᠨᠠᠷᠲᠠᠢ ᠠᠵᠢᠯ ᠲᠦᠷᠤᠯ ᠪᠤᠯᠤᠨ᠎ᠠ᠃ ᠠ᠋ᠶ᠋ᠢᠮᠤ᠎ᠠᠴᠠ ᠪᠠᠭᠰᠢ ᠭᠦᠮᠤᠨ᠎ᠤ ᠦᠰᠤᠨ ᠪᠤᠶ᠋ᠢᠵᠢᠯᠳᠠ᠎ᠳᠤ ᠨᠤᠮ ᠤᠩᠰᠢᠵᠤ ᠰᠤᠷᠤᠯᠴᠠᠭ᠍ᠤ᠎ᠨᠢ ᠲᠤᠩ ᠴᠢᠬᠤᠯᠠ ᠠᠴᠢ ᠬᠤᠯᠪᠤᠬᠳᠠᠯ᠎ᠲᠠᠢ᠃ ᠨᠤᠮ ᠤᠩᠰᠢᠵᠤ ᠰᠤᠷᠤᠯᠴᠠᠯᠭ᠎ᠠ ᠵᠢ ᠠ᠋ᠷᠬᠢᠮᠯᠡᠳᠡᠭ ᠭᠦᠮᠤᠨ ᠰᠠᠶᠢ ᠪᠢᠴᠢᠭ ᠵᠢᠭ᠋ᠠᠵᠤ ᠭᠦᠮᠤ᠎ᠨᠢ ᠭᠦᠮᠦᠵᠢᠭᠦᠯᠭᠦ ᠠᠵᠢᠯ᠎ᠢ ᠪᠦᠳᠦᠭᠡᠯᠴᠢ᠎ᠪᠠᠷ ᠰᠡᠳᠬᠢᠵᠤ ᠰᠤᠷᠤᠬ᠍ᠴᠢ᠎ᠪᠠᠨ ᠵᠦᠪ ᠲᠠᠭ᠋ᠠᠭᠤᠯᠤᠨ ᠵᠢᠯᠤᠭᠤᠳᠴᠤ ᠴᠢᠳᠠᠨ᠎ᠠ᠃ ᠰᠤᠷᠤᠯᠴᠠᠨ᠎ᠠ ᠭᠡᠳᠡᠭ ᠪᠤᠯ ᠭᠦᠮᠤᠨ ᠦᠪᠡᠷ᠎ᠤᠨ ᠪᠡᠶ᠎ᠡ᠎ᠪᠠᠨ ᠤᠯᠠᠮ ᠰᠢᠯᠢᠳᠡᠭ ᠪᠤᠯᠭ᠋ᠠᠨ ᠭᠠᠳᠠᠭ᠋ᠠᠳᠤ ᠶᠢᠷᠳᠢᠨᠴᠤ᠎ᠲᠠᠢ ᠵᠤᠬᠢᠴᠠᠨ ᠨᠡᠩ ᠴᠢᠨᠠᠭᠰᠢᠯᠠᠪᠠᠯ ᠠ᠋ᠭᠦᠳᠤᠯᠳᠠᠲᠠᠢ ᠡᠪ ᠨᠠᠶ᠋ᠢᠷᠳᠡᠢᠪᠠᠷ ᠶᠢᠷᠳᠢᠨᠴᠤ᠎ᠲᠠᠢ ᠬᠠᠷᠢᠴᠠᠵᠤ ᠴᠢᠳᠠᠭ᠍ᠤ ᠠᠵᠢᠯᠯᠠᠭ᠎ᠠ ᠪᠤᠯᠤᠨ᠎ᠠ᠃ ᠨᠤᠮ ᠤᠩᠰᠢᠵᠤ ᠰᠤᠷᠤᠯᠴᠠᠨ᠎ᠠ ᠭᠡᠳᠡᠭ ᠠᠵᠢᠯ᠎ᠨᠢ ᠲᠡᠷᠡ ᠲᠤᠤᠷ᠎ᠠ᠎ᠪᠠᠨ ᠨᠢᠭᠡ ᠭᠦᠮᠤᠨ᠎ᠤ ᠦᠰᠤᠨ ᠪᠤᠶ᠋ᠢᠵᠢᠯᠳᠠ᠎ᠳᠤ ᠨᠢᠳᠤᠨ᠎ᠳᠤ ᠦᠵᠡᠭᠳᠡᠵᠤ ᠭᠠᠷ᠎ᠲᠤ ᠪᠠᠷᠢᠬᠳᠠᠮᠠᠷ ᠢᠯᠡᠳᠳᠠ ᠬᠤᠪᠢᠷᠠᠯᠳᠠ ᠭᠠᠷᠭ᠋ᠠᠳᠠᠭ ᠦᠭᠡᠢ ᠪᠤᠯᠬᠤᠷ ᠪᠢᠳᠠ ᠶᠡᠷᠤ ᠵᠢᠨ ᠴᠠᠭ᠎ᠲᠤ᠎ᠪᠠᠨ ᠪᠠᠷᠢᠮᠳᠠᠯᠠᠭ᠍ᠤ᠎ᠪᠠᠷ ᠠᠨᠠᠢ ᠪᠠᠶ᠋ᠢᠳᠠᠭ᠃ ᠭᠡᠪᠡᠴᠤ ᠪᠠᠭᠰᠢ ᠭᠦᠮᠤᠨ᠎ᠤ ᠰᠤᠷᠭ᠋ᠠᠨ ᠭᠦᠮᠦᠵᠢᠭᠦᠯᠭᠦ ᠤᠬᠠᠭ᠋ᠠᠨ᠂ ᠰᠤᠷᠤᠬ᠍ᠴᠢ᠎ᠪᠠᠨ ᠤᠶ᠋ᠢᠯᠠᠭ᠋ᠠᠬᠤ ᠴᠢᠳᠠᠪᠤᠷᠢ ᠵᠢᠴᠢ ᠵᠢᠭ᠋ᠠᠨ ᠰᠤᠷᠭ᠋ᠠᠯᠳᠠ ᠵᠢᠨ ᠠᠵᠢᠯ ᠵᠶ᠋ᠠᠨ ᠪᠦᠳᠦᠮᠵᠢᠳᠡᠢ ᠭᠢᠭᠦ᠎ᠳᠤ ᠴᠢᠬᠤᠯᠠ ᠪᠦᠭᠦᠢ ᠢᠳᠡᠪᠬᠢᠳᠡᠢ ᠨᠦᠯᠦᠭᠡ ᠦᠵᠡᠭᠦᠯᠳᠡᠭ ᠪᠦᠭᠡᠳ ᠬᠠᠮᠤᠭ᠎ᠤᠨ ᠴᠢᠬᠤᠯᠠ᠎ᠨᠢ ᠪᠢᠳᠠᠨ᠎ᠤ ᠠᠵᠢᠯ᠎ᠤᠨ ᠶᠠᠳᠠᠷᠠᠭ᠎ᠠ ᠵᠢ ᠲᠠᠶ᠋ᠢᠯᠵᠤ ᠴᠢᠳᠠᠳᠠᠭ᠃ ᠠ᠋ᠶ᠋ᠢᠮᠤ᠎ᠠᠴᠠ ᠰᠤᠷᠭ᠋ᠠᠭᠤᠯᠢ ᠵᠢᠨ ᠠᠵᠢᠯ ᠭᠡᠳ ᠪᠦᠭᠦᠯᠢ ᠠ᠋ᠳᠤᠷ ᠵᠶ᠋ᠠᠷ ᠶᠠᠭ᠋ᠠᠷᠠᠭ᠋ᠠᠳ ᠪᠠᠶ᠋ᠢᠬᠤ᠎ᠳᠤ ᠪᠠᠨ ᠠ᠋ᠷᠳᠡ ᠤᠷᠤᠢ ᠵᠢᠨ ᠴᠢᠯᠦᠭᠡ ᠵᠠᠪ ᠵᠶ᠋ᠠᠨ ᠰᠢᠬᠠᠵᠤ ᠪᠠᠶ᠋ᠢᠭ᠋ᠠᠳ ᠨᠠᠮᠵᠢᠭᠤ ᠲᠠᠶ᠋ᠢᠪᠤᠭᠤ ᠨᠤᠮ ᠤᠩᠰᠢᠵᠤ ᠰᠠᠭᠤᠪᠠᠯ ᠶᠤᠰᠤᠳᠡᠢ ᠨᠢᠭᠡᠨ ᠴᠠᠭ᠎ᠤᠨ ᠦᠵᠠᠯ ᠰᠡᠳᠬᠢᠯᠭᠡ ᠵᠢᠨ ᠪᠠᠶᠠᠰᠤᠯ ᠪᠤᠯᠳᠠᠭ᠎ᠠᠴᠠ ᠪᠠᠭᠰᠢ ᠨᠠᠷ ᠮᠢᠨᠢ ᠠ᠋ᠳᠤᠷ ᠪᠦᠷᠢ ᠨᠤᠮ ᠤᠩᠰᠢᠨ ᠰᠤᠷᠤᠯᠴᠠᠬᠤ ᠲᠠᠳᠬᠠᠯ᠎ᠲᠠᠢ ᠪᠤᠯᠵᠠᠭ᠋ᠠᠶ᠎ᠠ᠃
ᠰᠤᠷᠭ᠋ᠠᠨ ᠭᠦᠮᠦᠵᠢᠯ ᠪᠤᠯ ᠢᠷᠡᠭᠡᠳᠤᠢ ᠵᠢᠨ ᠠᠵᠢᠯ ᠪᠠᠶ᠋ᠢᠵᠤ᠂ ᠪᠠᠭᠰᠢ ᠭᠦᠮᠤᠨ ᠪᠤᠯ ᠰᠤᠷᠤᠬ᠍ᠴᠢ ᠵᠢᠨ ᠮᠠᠷᠭ᠋ᠠᠰᠢ ᠪᠤᠯᠤᠨ᠎ᠠ᠃ ᠰᠤᠷᠤᠬ᠍ᠴᠢ᠎ᠳᠤ᠎ᠪᠠᠨ ᠰᠠᠶ᠋ᠢᠨ ᠰᠠᠶ᠋ᠢᠬᠠᠨ ᠢᠷᠡᠭᠡᠳᠤᠢ ᠵᠢ ᠤᠯᠭᠤᠨ᠂ ᠰᠢᠯᠢᠳᠡᠭ ᠰᠠᠶ᠋ᠢᠬᠠᠨ ᠪᠡᠶ᠎ᠡ ᠰᠡᠳᠬᠢᠴᠠ ᠵᠢᠨ ᠭᠡᠪ ᠪᠤᠯᠪᠠᠰᠤᠷᠠᠯ᠎ᠲᠠᠢ ᠭᠦᠮᠤᠨ ᠪᠤᠯᠬᠤ ᠵᠢ ᠵᠢᠭ᠋ᠠᠵᠤ ᠦᠭᠭᠦᠶ᠎ᠡ ᠭᠡᠪᠠᠯ ᠪᠢᠳᠠ ᠦᠪᠡᠷ᠎ᠤᠨ ᠪᠡᠶ᠎ᠡ᠎ᠠᠴᠠ᠎ᠪᠠᠨ ᠠ᠋ᠬᠢᠯᠡᠨ ᠵᠤᠯ ᠵᠢᠷᠭ᠋ᠠᠯ᠎ᠲᠠᠢ ᠠᠮᠢᠳᠤᠷᠠᠵᠤ ᠰᠤᠷᠤᠯᠴᠠᠵᠤ ᠴᠢᠳᠠᠭᠰᠠᠨ ᠪᠠᠶ᠋ᠢᠬᠤ ᠭᠡᠷᠡᠭᠳᠡᠢ᠃ ᠠ᠋ᠶ᠋ᠢᠮᠤ᠎ᠠᠴᠠ ᠭᠡᠳᠤᠢ ᠶᠠᠭ᠋ᠠᠷᠠᠤ ᠪᠠᠶ᠋ᠢᠬᠰᠠᠨ ᠴᠦ᠍ ᠠ᠋ᠳᠤᠷ ᠪᠦᠷᠢ ᠪᠡᠶᠡᠨ᠎ᠳᠤ᠎ᠪᠠᠨ ᠨᠢᠭᠡ ᠴᠠᠭ᠎ᠤᠨ ᠨᠤᠮ ᠤᠩᠰᠢᠵᠤ ᠰᠤᠷᠤᠯᠴᠠᠨ ᠦᠰᠤᠨ ᠪᠤᠶ᠋ᠢᠵᠢᠬᠤ᠂ ᠪᠡᠶ᠎ᠡ ᠰᠡᠳᠬᠢᠴᠨ᠎ᠪᠠᠨ ᠲᠠᠶ᠋ᠢᠪᠤᠰᠢᠷᠠᠭᠤᠯᠤᠨ ᠪᠤᠯᠪᠠᠰᠤᠷᠠᠭᠤᠯᠬᠤ ᠲᠠᠮᠢᠷ᠎ᠤᠨ ᠪᠤᠯᠪᠠᠰᠤᠷᠠᠯ ᠪᠠ ᠨᠢᠭᠡ ᠠ᠋ᠷᠡᠨ᠎ᠤ ᠠᠮᠳᠠᠳᠤ ᠬᠤᠭᠤᠯᠠ ᠪᠤᠳᠠᠭ᠎ᠠ ᠪᠡᠯᠡᠳᠭᠡᠨ ᠢᠳᠡᠭᠦ ᠴᠠᠭ᠎ᠢ ᠭᠠᠷᠭ᠋ᠠᠨ ᠦᠭᠴᠤ ᠪᠠᠶ᠋ᠢᠭ᠋ᠠᠷᠡᠢ᠃ ᠵᠤᠯ ᠵᠢᠷᠭ᠋ᠠᠯ᠎ᠲᠠᠢ ᠪᠠᠭᠰᠢ ᠰᠠᠶᠢ ᠨᠡᠩ ᠰᠢᠯᠢᠳᠡᠭ ᠰᠤᠷᠤᠬ᠍ᠴᠢᠳ᠎ᠢ ᠭᠦᠮᠦᠵᠢᠭᠦᠯᠵᠤ ᠴᠢᠳᠠᠨ᠎ᠠ ᠭᠡᠳᠡᠭ᠎ᠢ ᠢᠳᠡᠭᠡᠨ᠂ ᠰᠤᠷᠭ᠋ᠠᠨ ᠭᠦᠮᠦᠵᠢᠯ᠎ᠤᠨ ᠵᠤᠯ ᠵᠢᠷᠭ᠋ᠠᠯ᠎ᠤᠨ ᠤᠬᠠᠭ᠋ᠠᠨ᠎ᠢ ᠢᠯᠡᠭᠦᠭᠡᠨ ᠰᠤᠷᠤᠯᠴᠠᠶ᠎ᠠ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠦᠤᠰᠢᠨ ᠬᠤᠰᠢᠭᠤᠨ᠎ᠤ ᠮᠤᠩᠭᠤᠯ ᠦᠨᠳᠤᠰᠤᠳᠡᠨ᠎ᠤ
ᠲᠤᠷᠰᠢᠯᠳᠠ ᠵᠢᠨ ᠪᠠᠭ᠎ᠠ ᠰᠤᠷᠭ᠋ᠠᠭᠤᠯᠢ
(ᠠ᠋ᠾᠤᠢ᠍ᠩ ᠮᠸᠢ ᠨᠠᠢ᠍ᠢ᠍ᠷᠠᠭᠤᠯᠪᠠ)