ᠪᠤᠷᠵᠢᠭᠢᠨ ᠲᠡᠯᠭᠡᠷᠬᠦᠤ

ᠦᠨᠳᠤᠷ ᠰᠦᠷᠯᠢᠭ ᠠᠭᠤᠯᠠ ᠬᠠᠶ᠋ᠢᠷᠬᠠᠳ ᠠᠯᠳᠠᠨ ᠨᠠᠮᠤᠷ᠎ᠤᠨ ᠠᠯᠠᠭ᠋ᠠᠨ ᠲᠡᠭᠡᠷ᠎ᠡ ᠰᠢᠵᠢᠷᠳᠤᠨ ᠭᠢᠯᠠᠯᠵᠠᠭ᠋ᠠᠳ ᠤᠨᠴᠠ ᠵᠢᠨ ᠲᠠᠭ᠋ᠠᠳᠠᠶ᠋ᠢᠬᠠᠨ ᠪᠦᠭᠡᠳ ᠲᠠᠶ᠋ᠢᠪᠤᠭᠤᠬᠠᠨ᠃ ᠠᠭᠤᠳᠠᠮ ᠰᠠᠷᠠᠭᠤᠯᠬᠠᠨ ᠵᠢᠷᠦᠬᠡ ᠵᠢᠨ ᠲᠠᠯ᠎ᠠ᠎ᠳᠤ ᠡᠪᠡᠰᠤᠨ ᠲᠤᠯᠤᠭ᠋ᠠᠢ ᠬᠠᠯᠢᠭᠤᠷᠠᠨ ᠨᠠᠬᠢᠯᠵᠠᠵᠤ ᠤᠶᠠᠩᠭ᠋᠎ᠠ᠎ᠳᠤ ᠨᠠᠮᠤᠷ᠎ᠤᠨ ᠬᠤᠩᠭᠤᠷ ᠰᠠᠯᠬᠢᠨ᠎ᠠ ᠠᠶᠠᠷ ᠠᠶᠠᠷᠬᠠᠨ ᠭᠠᠩᠬᠤᠬᠤ᠎ᠨᠢ ᠤᠷᠮ᠎ᠠ ᠵᠢ ᠰᠡᠷᠭᠦᠭᠡᠮᠡᠷ ᠰᠠᠶ᠋ᠢᠬᠠᠨ᠃ ᠤᠭ᠋ᠠᠯᠵᠠᠯᠠᠨ ᠤᠷᠤᠰᠬᠤ ᠬᠠᠬᠢᠷ᠎ᠤᠨ ᠭᠤᠤᠯ ᠲᠦᠯᠭᠡᠨ ᠨᠠᠮᠵᠢᠭᠤᠬᠠᠨ ᠵᠶ᠋ᠠᠷ ᠠᠯᠤᠰ᠎ᠢ ᠴᠢᠭᠯᠡᠨ ᠤᠳᠬᠤ᠎ᠨᠢ ᠤᠳᠠᠭ᠋ᠠᠨ ᠤᠨ᠎ᠤ ᠲᠡᠤᠬᠡ ᠴᠠᠳᠢᠭ᠎ᠢ ᠤᠳᠤᠮᠳᠤ ᠬᠤᠶ᠋ᠢᠴᠢᠰ᠎ᠲᠤ᠎ᠪᠠᠨ ᠭᠦᠤᠷᠨᠢᠬᠦ ᠮᠡᠳᠤ᠃ ᠲᠡᠶ᠋ᠢᠮᠤ ᠡ᠂ ᠠᠭᠤᠯᠠ ᠤᠰᠤᠨ᠎ᠤ ᠲᠤᠮᠤᠭᠳᠤ ᠠᠯᠳᠠᠷ ᠠ᠋ᠷᠭᠦᠵᠤ ᠤᠯᠠᠨ ᠮᠢᠩᠭ᠋ᠠᠨ ᠰᠢᠯᠢᠳᠡᠭ ᠦᠷᠡᠰ ᠵᠶ᠋ᠠᠨ ᠲᠦᠷᠦᠭᠦᠯᠳᠡᠭ ᠬᠡᠶ᠋ᠢᠮᠦᠷᠢᠯᠢᠭ ᠨᠤᠳᠤᠭ ᠭᠡᠭᠴᠢ ᠦᠶ᠎ᠡ ᠵᠢᠨ ᠦᠶ᠎ᠡ᠎ᠳᠤ ᠮᠦᠩᠭᠡᠷᠡᠳᠡᠭ ᠤᠴᠢᠷᠳᠠᠢ᠃
ᠪᠤᠶᠠᠨᠳᠤ ᠰᠠᠶ᠋ᠢᠬᠠᠨ ᠠ᠋ᠨᠡ ᠨᠤᠳᠤᠭ᠎ᠠᠴᠠ ᠤᠯᠠᠨ ᠠᠷᠪᠢᠨ ᠠ᠋ᠷᠳᠡᠮᠳᠡᠨ ᠴᠢᠳᠠᠪᠤᠷᠢᠳᠠᠨ ᠴᠤᠯᠭᠤᠷᠠᠭᠰᠠᠭ᠋ᠠᠷ ᠢᠷᠡᠵᠡᠢ᠃ ᠠ᠋ᠭᠦᠨ᠎ᠤ ᠲᠤᠳᠤᠷᠠᠬᠢ ᠤᠨᠴᠠ ᠵᠢᠨ ᠨᠢᠭᠡᠨ ᠤᠳᠤᠨ — ᠰᠠᠶᠢᠬᠠᠨ ᠤᠯᠤᠰ᠂ ᠤᠷᠤᠨ᠎ᠤ ᠱᠠᠩᠨᠠᠯ ᠬᠦᠭᠢᠬᠦᠯᠦᠯ ᠵᠶ᠋ᠠᠷ ᠠ᠋ᠩᠭᠡᠷ ᠵᠶ᠋ᠠᠨ ᠮᠢᠯᠢᠶᠠᠯᠭ᠋ᠠᠵᠤ ᠨᠡᠶ᠋ᠢᠳᠡ ᠤᠯᠠᠨ᠎ᠤ᠎ᠪᠠᠨ ᠮᠠᠭᠳᠠᠭ᠋ᠠᠯ ᠰᠠᠶ᠋ᠢᠰᠢᠶᠠᠯ ᠵᠶ᠋ᠠᠷ ᠭᠠᠯᠭᠢᠭᠤᠯᠵᠤ ᠶᠠᠪᠤᠭ᠎ᠠ ᠰᠢᠨ᠎ᠡ ᠠ᠋ᠷᠢᠨ᠎ᠤ ᠰᠤᠳᠤᠨ ᠪᠠᠭᠰᠢ — ᠴᠢᠪᠠᠭ᠎ᠠ ᠮᠤᠩᠭᠤᠯ ᠪᠠᠭ᠎ᠠ ᠰᠤᠷᠭ᠋ᠠᠭᠤᠯᠢ ᠵᠢᠨ ᠲᠡᠳ᠋ ᠵᠠᠬᠢᠷᠤᠯ ᠯᠢ ᠬᠠᠢ ᠯᠦᠩ ᠨᠦᠬᠦᠷ ᠪᠤᠯ ᠲᠠᠷᠤᠢ ᠠ᠋ᠭᠦᠨ᠎ᠤ ᠲᠤᠳᠤᠷᠠᠬᠢ ᠨᠢᠭᠡᠨ ᠰᠢᠯᠢᠳᠡᠭ ᠵᠢᠱ᠌ᠢᠶ᠎ᠡ ᠪᠠᠶ᠋ᠢᠭ᠎ᠠ ᠶᠤᠮ᠃ ᠲᠡᠷᠡ ᠪᠤᠯ ᠤᠯᠠᠭ᠋ᠠᠠᠭ᠍ᠠᠳᠠ ᠬᠤᠳᠠ ᠵᠢᠨ ᠠᠷᠤ ᠬᠤᠷᠴᠢᠨ ᠬᠤᠰᠢᠭᠤᠨ᠎ᠤ ᠬᠠᠨᠰᠦ᠋ᠮ᠎ᠡ ᠰᠤᠮᠤ ᠵᠢᠨ ᠵᠢᠷᠤᠬᠡ ᠬᠡᠮᠡᠬᠦ ᠠᠭᠤᠯᠠ᠎ᠲᠠᠢ ᠤᠰᠤ᠎ᠲᠠᠢ ᠦᠯᠢᠭᠡᠷ᠎ᠲᠠᠢ ᠲᠡᠤᠬᠡ᠎ᠲᠠᠢ ᠰᠠᠶ᠋ᠢᠬᠠᠨ ᠭᠠᠵᠠᠷ ᠲᠠᠯ᠎ᠠ ᠵᠢᠨ ᠮᠠᠯᠴᠢᠨ ᠰᠠᠶ᠋ᠢᠨᠴᠤᠭᠳᠤ᠂ ᠪᠤᠤ ᠵᠢᠨ ᠬᠤᠸᠠ ᠵᠢᠨ ᠪᠤᠭᠤᠨᠢ ᠰᠠᠷᠠᠪᠴᠢ᠎ᠲᠠᠢ ᠪᠤᠷᠤ ᠭᠡᠷ᠎ᠲᠤ ᠪᠤᠯᠤᠷ ᠬᠠᠰ ᠰᠢᠬ ᠪᠤᠯᠪᠠᠷᠠᠢ ᠭᠡᠭᠡᠨᠴᠢᠷ ᠴᠢᠷᠠᠢ᠎ᠲᠠᠢ᠂ ᠪᠤᠳᠤᠭ᠎ᠤᠨ ᠬᠠᠷ᠎ᠠ ᠰᠢᠬ ᠲᠤᠩᠭ᠋ᠠᠯᠠᠭ ᠪᠤᠷᠤᠬᠠᠨ ᠨᠢᠳᠤ᠎ᠲᠠᠢ᠂ ᠪᠤᠳᠤᠵᠤ ᠵᠢᠷᠤᠭᠰᠠᠨ ᠰᠢᠬ ᠦᠳᠬᠡᠨ ᠰᠠᠶ᠋ᠢᠬᠠᠨ ᠬᠦᠮᠦᠰᠭᠡ᠎ᠲᠠᠢ᠂ ᠪᠤᠷᠭᠢᠯ ᠪᠤᠯᠠᠭ ᠰᠢᠬ ᠪᠢᠯᠢᠭ ᠴᠡᠴᠡᠨ ᠬᠡᠤᠬᠡᠨ᠎ᠨᠢ ᠪᠤᠯᠵᠤ ᠵᠠᠶᠠᠭ᠋ᠠᠭᠰᠠᠨ ᠪᠠᠶ᠋ᠢᠨ᠎ᠠ᠃ ᠲᠡᠷᠡ ᠮᠠᠨᠢ ᠬᠠᠷᠠᠬᠠᠨ ᠪᠠᠭ᠎ᠠ᠎ᠠᠴᠠ᠎ᠪᠠᠨ ᠠᠪᠤᠭ᠋ᠠᠳ ᠤᠨᠴᠠ ᠵᠢᠨ ᠰᠡᠴᠡᠨ ᠰᠡᠷᠭᠦᠯᠡᠩ᠂ ᠤᠷᠤᠯᠳᠤᠯᠭ᠎ᠠ ᠰᠠᠶ᠋ᠢᠳᠠᠢ ᠪᠠᠶ᠋ᠢᠵᠤ ᠨᠠᠭ᠋ᠠᠳᠤᠮ ᠲᠤᠭᠯᠠᠭ᠋ᠠᠮ᠂ ᠭᠡᠷ᠎ᠤᠨ ᠠᠷᠰᠠᠷ ᠠᠵᠢᠯ᠎ᠠᠴᠠ ᠠᠪᠤᠭ᠋ᠠᠳ ᠬᠡᠬᠡᠷ᠎ᠡ ᠲᠠᠯ᠎ᠠ ᠬᠤᠷᠠᠭ᠎ᠠ ᠲᠤᠭᠤᠯ ᠬᠠᠷᠢᠭᠤᠯᠬᠤ ᠵᠡᠷᠭᠡ᠎ᠳᠤ ᠪᠦᠷ ᠶᠡᠭᠡ ᠤᠷ᠎ᠠ ᠲᠡᠮ᠎ᠲᠠᠢ ᠪᠠᠶ᠋ᠢᠵᠤ ᠠᠶ᠋ᠢᠯ ᠰᠠᠭ᠋ᠠᠬᠠᠯᠳᠠ ᠵᠢᠨ ᠵᠶ᠋ᠠᠨ ᠮᠠᠭᠳᠠᠭ᠋ᠠᠯ ᠰᠠᠶ᠋ᠢᠰᠢᠶᠠᠯ᠎ᠢ ᠦᠷᠭᠦᠯᠵᠢ ᠬᠦᠷᠳᠡᠳᠡᠭ᠃ ᠨᠡᠩ ᠢᠯᠠᠩᠭᠤᠶ᠎ᠠ ᠠᠪᠤ ᠡᠵᠢ᠎ᠪᠠᠨ ᠬᠠᠪᠰᠤᠷᠴᠤ ᠠᠵᠢᠯ ᠬᠦᠳᠡᠯᠮᠦᠷᠢ ᠬᠢᠬᠦ ᠵᠡᠷᠭᠡ᠎ᠳᠤ ᠶᠡᠭᠡ ᠪᠠᠬᠠᠲᠠᠢ ᠪᠠᠶ᠋ᠢᠵᠤ ᠢᠰᠢᠭᠡ ᠵᠢᠨ ᠰᠡᠭᠦᠯ ᠰᠢᠭ ᠵᠢᠭ᠋ᠠᠬᠠᠨ ᠡᠪᠡᠷ ᠭᠡᠵᠢᠭᠡ᠎ᠪᠠᠨ ᠤᠳᠤᠶ᠋ᠢᠯᠭ᠋ᠠᠭ᠋ᠠᠳ ᠠ᠎ᠪᠠᠷ ᠲᠠᠪᠠᠷ ᠶᠠᠭᠤᠮ᠎ᠠ ᠬᠢᠵᠤ ᠤᠷᠤᠯᠳᠤᠵᠤ ᠯᠡ ᠪᠠᠶ᠋ᠢᠳᠠᠭ ᠪᠠᠭ᠎ᠠ᠎ᠠᠴᠠ᠎ᠪᠠᠨ ᠠᠵᠢᠬ᠍ᠴᠢ ᠭᠢᠷᠠᠭ᠍ᠠᠢ᠂ ᠤᠷᠠᠨ ᠰᠠᠮᠪᠠᠭ᠋ᠠᠯᠢᠭ ᠬᠡᠤᠬᠡᠳ ᠪᠢᠯᠡ᠃ ᠤᠨᠠᠭ᠋ᠠᠨ ᠨᠠᠰᠤ ᠵᠢ ᠤᠷᠮ᠎ᠠ ᠬᠦᠳᠦᠯᠵᠤ᠂ ᠤᠷᠤᠭᠰᠢ ᠵᠠᠮ᠎ᠢ ᠵᠤᠷᠢᠭ ᠬᠦᠳᠦᠯᠬᠦ ᠭᠡᠭᠴᠢ ᠶᠢᠷᠳᠢᠨᠴᠤ ᠵᠢᠨ ᠵᠢᠮ᠎ᠡ ᠪᠤᠶᠤ᠃ ᠪᠠᠭ᠎ᠠ ᠵᠢᠨ ᠰᠤᠷᠴᠤ ᠡᠵᠡᠮᠰᠢᠬᠦ ᠰᠤᠨᠢᠭᠤᠴᠢ ᠵᠠᠩ᠎ᠲᠠᠢ ᠲᠡᠷᠡ ᠮᠠᠨᠢ ᠢᠩᠬᠢᠵᠤ ᠯᠡ ᠤᠨᠠᠭ᠋ᠠᠨ ᠪᠠᠭ᠎ᠠ ᠨᠠᠰᠤᠨ᠎ᠠᠴᠠ᠎ᠪᠠᠨ ᠰᠤᠷᠬᠤ ᠵᠢᠨ ᠰᠠᠶ᠋ᠢᠬᠠᠨ ᠪᠤᠳᠤᠯ᠎ᠳᠤ ᠬᠦᠳᠦᠯᠦᠭᠳᠡᠵᠤ ᠬᠦᠰᠡᠯ ᠬᠦᠭᠡᠭᠡᠴᠡᠯᠳᠤᠯ᠎ᠤᠨ ᠵᠶ᠋ᠠᠨ ᠦᠷ᠎ᠤᠨ ᠭᠡᠭᠡ ᠵᠢ ᠤᠭᠳᠤᠨ ᠠᠪᠤᠭᠰᠠᠨ ᠪᠠᠶ᠋ᠢᠭ᠎ᠠ ᠶᠤᠮ ᠡ᠃ ᠲᠡᠷᠡ ᠮᠠᠨᠢ ᠠᠷᠠᠳ᠎ᠤᠨ ᠰᠤᠷᠭ᠋ᠠᠭᠤᠯᠢ ᠵᠢᠨ ᠠᠯᠳᠠᠨ ᠪᠤᠱ᠌ᠤᠭ᠎ᠠ ᠵᠢ ᠠᠯᠬᠤᠨ ᠤᠷᠤᠭᠰᠠᠨ ᠠᠩᠬᠠᠨ᠎ᠤ ᠠ᠋ᠳᠤᠷ᠎ᠠᠴᠠ᠎ᠪᠠᠨ ᠠᠪᠤᠭ᠋ᠠᠳ ᠬᠢᠴᠢᠶᠡᠯ ᠪᠦᠷᠢ ᠵᠢ ᠬᠢᠴᠢᠶᠡᠩᠭᠦᠶ᠋ᠢᠯᠡᠨ ᠰᠤᠷᠴᠤ ᠰᠢᠮᠳᠡᠨ ᠴᠢᠷᠮᠠᠶ᠋ᠢᠵᠤ ᠦᠪᠡᠷ᠎ᠤᠨ ᠵᠶ᠋ᠠᠨ ᠲᠤᠳᠤᠭ᠋ᠠᠳᠤ ᠠ᠋ᠨ᠋ᠸᠷᠭᠢ ᠪᠤᠯᠭ᠋ᠠᠵᠤ ᠡᠵᠡᠮᠰᠢᠭᠰᠡᠭᠡᠷ ᠪᠠᠶ᠋ᠢᠵᠤ ᠰᠤᠷᠬᠤ ᠵᠢᠨ ᠬᠤᠷᠤᠬᠠᠢ᠎ᠲᠠᠢ ᠪᠤᠯᠵᠤ ᠬᠤᠭᠤᠴᠠᠭ᠎ᠠ ᠪᠤᠯᠭ᠋ᠠᠨ᠎ᠢ ᠰᠢᠯᠢᠳᠡᠭ ᠪᠦᠳᠦᠮᠵᠢ᠎ᠪᠠᠷ ᠤᠭᠳᠤᠵᠤ ᠦᠳᠡᠭᠰᠡᠭᠡᠷ ᠪᠠᠶ᠋ᠢᠵᠤ ᠁ ᠨᠢᠭᠡ ᠯᠡ ᠮᠡᠳᠡᠬᠦ᠎ᠳᠤ ᠡᠪᠡᠷ ᠭᠡᠵᠢᠭᠡ ᠤᠳᠤᠶ᠋ᠢᠯᠭ᠋ᠠᠭᠰᠠᠨ ᠵᠢᠭ᠋ᠠᠯ ᠬᠡᠤᠬᠡᠨ ᠬᠠᠢ ᠯᠦᠩ ᠮᠠᠨᠢ ᠶᠡᠭᠡ ᠰᠤᠷᠭ᠋ᠠᠭᠤᠯᠢ ᠵᠢᠨ ᠤᠶᠤᠳᠠᠨ ᠪᠤᠯᠴᠢᠬᠠᠵᠤ ᠠᠷᠤ ᠬᠤᠷᠴᠢᠨ᠎ᠤ ᠲᠠᠯ᠎ᠠ ᠨᠤᠳᠤᠭ᠎ᠠᠴᠠ ᠦᠪᠤᠷ ᠮᠤᠩᠭᠤᠯ᠎ᠤᠨ ᠦᠨᠳᠤᠰᠦᠳᠡᠨ᠎ᠤ ᠶᠡᠭᠡ ᠰᠤᠷᠭ᠋ᠠᠭᠤᠯᠢ ᠵᠦᠭ ᠨᠢᠰᠦᠨ ᠲᠡᠭᠦᠯᠢᠬᠦ ᠪᠤᠯᠤᠯ᠎ᠠ᠃ ᠠ᠋ᠶ᠋ᠢᠨ ᠬᠦ᠌ ᠬᠠᠬᠢᠷ᠎ᠤᠨ ᠬᠦᠪᠡᠭᠡᠨ᠎ᠠᠴᠠ ᠲᠡᠪᠳᠡᠷᠢᠭᠰᠡᠨ ᠬᠠᠷᠴᠠᠭ᠋ᠠᠢ ᠵᠢᠨ ᠮᠠᠨᠢ ᠦᠳᠤ ᠰᠤᠳᠤ᠎ᠨᠢ ᠪᠦᠷᠢᠳᠴᠤ ᠵᠢᠷᠬᠢᠨ ᠲᠤᠩᠭᠤᠳᠬᠤ ᠠ᠋ᠭᠡᠰᠢᠭ ᠠᠶᠠᠯᠭᠤ᠎ᠨᠢ ᠬᠦᠷᠳᠡᠯ᠎ᠡ ᠴᠡᠭᠡᠵᠢ ᠰᠡᠳᠬᠢᠯ᠎ᠢ ᠲᠤᠭᠳᠤᠭᠤᠯᠤᠮᠠ᠂ ᠴᠢᠬᠢᠨ ᠰᠤᠨᠤᠷ᠎ᠢ ᠪᠠᠶᠠᠰᠬᠠᠮ᠎ᠠ ᠢᠷᠠᠭᠤ ᠠ᠋ᠭᠡᠰᠢᠭᠯᠢᠭ ᠰᠤᠳᠤᠨ ᠰᠤᠨᠤᠰᠬᠤᠯᠠᠩ ᠪᠠᠶ᠋ᠢᠵᠤ ᠦᠪᠦᠷ ᠮᠤᠩᠭᠤᠯ᠎ᠤᠨ ᠦᠨᠳᠦᠰᠦᠳᠡᠨ᠎ᠤ ᠶᠡᠭᠡ ᠰᠤᠷᠭ᠋ᠠᠭᠤᠯᠢ᠎ᠳᠤ ᠤᠯᠠᠨ ᠰᠠᠶ᠋ᠢᠬᠠᠨ ᠠᠮᠵᠢᠯᠳᠠ᠎ᠪᠠᠷ ᠤᠶᠤᠨ ᠤᠬᠠᠭ᠋ᠠᠨ ᠵᠶ᠋ᠠᠨ ᠰᠢᠮᠡᠵᠢᠭᠦᠯᠦᠨ ᠪᠠᠳᠤᠳᠬᠠᠭᠰᠠᠭ᠋ᠠᠷ ᠤᠨᠴᠠ ᠵᠢᠨ ᠰᠢᠯᠢᠳᠡᠭ ᠵᠶ᠋ᠠᠷ ᠦᠪᠤᠷ ᠮᠤᠨᠭ᠌ᠭᠤᠯ᠎ᠤᠨ ᠦᠨᠳᠤᠰᠤᠳᠠᠨ᠎ᠤ ᠶᠡᠭᠡ ᠰᠤᠷᠭ᠋ᠠᠭᠤᠯᠢ ᠵᠢ ᠲᠡᠭᠦᠰᠭᠡᠵᠤ ᠠᠷᠠᠳ᠎ᠤᠨ ᠪᠠᠭᠰᠢ ᠵᠢᠨ ᠠ᠋ᠩᠨᠡᠭᠡᠨ᠎ᠳᠤ ᠢᠳᠡᠭᠡᠯ ᠲᠡᠭᠦᠯᠳᠡᠷ ᠨᠡᠷ᠎ᠡ ᠮᠡᠳᠡᠭᠦᠯᠦᠭᠰᠡᠨ ᠪᠠᠶ᠋ᠢᠨ᠎ᠠ᠃ ᠢᠩᠬᠢᠭᠡᠳ ᠲᠡᠷᠡ ᠮᠠᠨᠢ ᠬᠠᠮᠢᠭ᠎ᠠ ᠬᠤᠪᠢᠶᠠᠭᠳᠠᠭ᠍ᠤᠪᠠᠨ ᠬᠦᠯᠢᠶᠡᠵᠤ ᠰᠡᠳᠬᠢᠯ ᠲᠤᠭᠳᠤᠯᠤᠨ ᠰᠠᠭᠤᠯ᠎ᠠ᠃ ᠲᠠᠮᠡᠢ ᠤᠳᠠᠭᠰᠠᠨ ᠦᠭᠡᠢ ᠮᠡᠳᠡᠭᠳᠡᠯ᠎ᠨᠢ ᠢᠷᠡᠴᠢᠬᠡᠵᠤ ᠲᠡᠭᠦᠨ᠎ᠢ ᠬᠤᠰᠢᠭᠤᠨ᠎ᠤ ᠬᠤᠶᠠᠳᠤᠭ᠋ᠠᠷ ᠪᠠᠭ᠎ᠠ ᠰᠤᠷᠭ᠋ᠠᠭᠤᠯᠢ᠎ᠳᠤ ᠬᠤᠪᠢᠶᠠᠷᠢᠯᠠᠭᠰᠠᠨ ᠪᠠᠶ᠋ᠢᠯ᠎ᠠ᠃ ᠴᠤᠯ ᠮᠠᠯᠵᠢᠬᠤ ᠮᠤᠩᠭᠤᠯ ᠨᠤᠳᠤᠭ᠎ᠲᠤ ᠲᠦᠷᠦᠵᠤ ᠦᠰᠦᠭᠰᠡᠨ ᠲᠡᠭᠦᠨ᠎ᠳᠤ ᠡ᠊ᠨᠡ ᠭᠦ᠌ ᠴᠤᠯ ᠬᠢᠳᠡᠳ ᠵᠶ᠋ᠠᠷ ᠬᠢᠴᠢᠶᠡᠯᠯᠡᠬᠦ ᠰᠤᠷᠭ᠋ᠠᠭᠤᠯᠢ᠎ᠳᠤ ᠬᠤᠪᠢᠶᠠᠷᠢᠯᠠᠭᠳᠠᠭᠰᠠᠨ ᠶᠠᠪᠤᠳᠠᠯ᠎ᠨᠢ ᠲᠤᠩ ᠰᠠᠨᠠᠭ᠋ᠠᠨ᠎ᠳᠤ ᠦᠭᠡᠢ ᠪᠠᠶ᠋ᠢᠵᠤ ᠬᠠᠢ ᠯᠦᠩ᠎ᠤᠨ ᠮᠠᠨᠢ ᠰᠢᠨ᠎ᠡ ᠠᠵᠢᠯ ᠠᠯᠪᠠᠨ᠎ᠳᠤ ᠭᠠᠷᠬᠤ ᠭᠡᠵᠤ ᠲᠤᠭᠳᠤᠯᠵᠤ ᠪᠠᠶᠠᠷᠯᠠᠭᠰᠠᠨ ᠬᠦᠭᠰᠡᠯ ᠬᠡᠶ᠋ᠢᠷᠬᠡᠯᠨᠢ ᠭ᠋ᠱ᠌ᠠᠨ ᠵᠠᠭᠤᠷ᠎ᠠ ᠮᠦᠰᠤ ᠵᠠᠯᠭᠢᠭᠰᠠᠨ ᠰᠢᠬ ᠬᠦᠢ᠍ᠳᠡᠨ ᠤᠷᠭᠢᠵᠤ ᠤᠴᠢᠪᠠ᠃ ᠲᠡᠷᠡ ᠮᠠᠨᠢ ᠲᠤᠯᠤᠭ᠋ᠠᠢ ᠭᠠᠨᠵᠤᠭ᠋ᠠᠯᠠᠨ ᠲᠤᠳᠤᠷ᠎ᠠ ᠦᠷᠦᠭᠡᠨ᠎ᠳᠤ᠎ᠪᠠᠨ ᠤᠷᠤᠵᠤ ᠠ᠋ᠭᠦᠳᠡ᠎ᠪᠠᠨ ᠲᠦᠭᠵᠢᠭᠡᠳ ᠨᠢᠭᠡ ᠰᠦᠨᠢ ᠪᠤᠳᠤᠯᠭ᠎ᠠ ᠪᠤᠯᠵᠤ ᠰᠠᠭᠤᠪᠠ᠃ ᠮᠤᠩᠭᠤᠯ ᠰᠤᠷᠭ᠋ᠠᠭᠤᠯᠢ᠎ᠳᠤ ᠬᠤᠪᠢᠶᠠᠭᠳᠠᠭᠰᠠᠨ ᠪᠤᠯ ᠪᠢ ᠠ᠋ᠨᠡ ᠦᠶ᠎ᠡ᠎ᠳᠤ ᠬᠦᠯ ᠭᠠᠵᠠᠷ ᠬᠦᠷᠬᠦ ᠦᠭᠡᠢ ᠪᠠᠶᠠᠷᠯᠠᠵᠤ ᠪᠠᠶ᠋ᠢᠬᠤ ᠦᠭᠡᠢ ᠤᠤ ᠳ᠋ᠠ ᠭᠡᠵᠤ ᠪᠤᠳᠤᠪᠠᠯ ᠨᠢᠳᠤᠨ ᠨᠢᠯᠪᠤᠰᠤ᠎ᠨᠢ ᠦᠪᠡᠷ᠎ᠤᠨ ᠠ᠋ᠷᠬᠡ ᠦᠭᠡᠢ ᠪᠦᠮᠪᠦᠷᠢᠨ᠎ᠡ᠃ ᠠ᠋ᠩ᠎ᠤᠨ ᠦᠶ᠎ᠡ᠎ᠳᠤ ᠬᠡᠳᠤᠨ ᠬᠢᠳᠠᠳ ᠦᠭᠡ ᠬᠡᠯᠡᠬᠦ᠎ᠳᠤ᠎ᠪᠠᠨ ᠴᠦ᠍ ᠬᠦᠴᠢᠷᠳᠡᠳᠡᠭ ᠬᠦᠮᠦᠨ ᠶᠠᠭ᠋ᠠᠬᠢᠵᠤ ᠬᠢᠴᠢᠶᠡᠯ᠎ᠤᠨ ᠲᠠᠶ᠋ᠢᠰᠠᠨ᠎ᠳᠤ ᠭᠠᠷᠴᠤ ᠬᠢᠴᠢᠶᠡᠯ ᠵᠢᠭ᠋ᠠᠳᠠᠭ ᠪᠢᠯᠡ ᠭᠡᠵᠤ ᠪᠤᠳᠤᠪᠠᠯ ᠲᠤᠯᠤᠭ᠋ᠠᠢ᠎ᠨᠢ ᠲᠦᠨᠡᠷᠡᠭᠡᠳ ᠶᠠᠪᠤᠴᠢᠬᠠᠨ᠎ᠠ᠃ ᠤᠴᠢᠬᠤ ᠦᠭᠡᠢ ᠭᠡᠭᠦᠯᠡᠷ ᠡᠴᠢᠨᠡᠭᠡᠨ ᠵᠢᠯ ᠪᠢᠴᠢᠭ ᠰᠤᠶᠤᠯ᠎ᠤᠨ ᠮᠦᠷ ᠭᠦᠭᠡᠭᠡᠵᠤ ᠵᠤᠪᠠᠨ ᠵᠦᠳᠡᠭᠰᠡᠨ᠎ᠨᠢ ᠴᠤᠬᠤᠮ ᠶᠠᠭᠤᠨ᠎ᠤ ᠲᠦᠯᠦᠭᠡ ᠪᠢᠯᠡ ᠭᠡᠳᠡᠭ ᠪᠤᠳᠤᠯ ᠲᠠᠷᠢᠭᠢᠨ᠎ᠳᠤᠨᠢ ᠠ᠋ᠷᠭᠢᠯᠳᠤᠨᠡ᠃ ᠮᠦᠨ ᠴᠦ᠍ ᠬᠠᠶ᠋ᠢᠷ᠎ᠠ᠎ᠳᠤ ᠠᠪᠤ ᠡᠵᠢ ᠵᠢᠨ᠎ᠬᠢᠨ᠎ᠢ ᠬᠡᠤᠬᠡᠨ᠎ᠤ᠎ᠪᠠᠨ ᠠᠮᠵᠢᠯᠳᠠ᠎ᠪᠠᠷ ᠤᠮᠤᠭᠰᠢᠭ᠋ᠠᠳ ᠪᠠᠶᠠᠰᠤᠭ᠋ᠠᠳ ᠪᠠᠶ᠋ᠢᠳᠠᠭ ᠢᠳᠡᠭᠡᠯ ᠨᠠᠶ᠋ᠢᠳᠠᠭᠰᠠᠨ ᠬᠠᠯᠠᠭᠤᠬᠠᠨ ᠬᠠᠷᠠᠴᠨ᠎ᠨᠢ ᠬᠠᠷᠠᠭᠳᠠᠭ᠍ᠤ ᠰᠢᠤᠬᠠᠨ ᠪᠤᠯᠤᠨ᠎ᠠ᠃ ᠢᠩᠭᠢᠬᠡᠳ ᠲᠡᠷᠡ ᠮᠠᠨᠢ ᠪᠤᠳᠤᠯᠭ᠎ᠠ ᠰᠢᠯᠤᠭᠤᠳᠴᠤ ᠵᠠᠪᠠᠯ ᠰᠠᠶ᠋ᠢᠨ ᠠᠵᠢᠯᠯᠠᠨ᠎ᠠ ᠭᠡᠵᠤ ᠰᠡᠳᠬᠢᠯ ᠰᠢᠭᠤᠳᠤᠨ ᠵᠤᠷᠢᠭ ᠵᠶ᠋ᠠᠨ ᠬᠦᠪᠴᠢᠯᠡᠯ᠎ᠡ᠃ ᠠ᠋ᠶ᠋ᠢᠨ ᠬᠦ᠌ ᠬᠤᠯᠠ ᠵᠢᠨ ᠶᠡᠭᠡ ᠬᠦᠰᠡᠯ ᠲᠦᠷᠦᠭᠡᠯᠡᠭᠰᠡᠨ ᠬᠦᠳᠡᠭᠡ ᠵᠢᠨ ᠨᠢᠭᠡ ᠬᠡᠤᠬᠡᠨ ᠬᠦᠭᠵᠢᠶᠡᠨᠳᠤ ᠬᠤᠳᠠ᠎ᠳᠤ ᠢᠷᠡᠬᠦᠯᠡᠷ ᠤᠭᠳᠤᠨ ᠠᠪᠤᠭᠰᠠᠨ ᠤᠷᠴᠢᠨ ᠲᠤᠭᠤᠷᠢᠨ᠎ᠨᠢ ᠤᠴᠢ ᠭᠡᠷᠡᠯ ᠪᠠᠳᠠᠷᠠᠭᠰᠠᠨ ᠤᠨᠳᠤᠤ ᠶᠢᠷᠳᠢᠨᠴᠤ ᠰᠢᠭ ᠰᠠᠨᠠᠭᠳᠠᠵᠤ ᠠᠮᠢᠳᠤᠷᠠᠯ ᠶᠠᠭᠤᠮ᠎ᠠ ᠪᠦᠭᠦᠳᠡ᠎ᠨᠢ ᠰᠢᠨ᠎ᠡ ᠴᠡᠭ᠎ᠠᠴᠠ ᠠ᠋ᠬᠢᠯᠡᠬᠦ ᠬᠡᠷᠡᠭᠳᠡᠢ ᠪᠤᠯᠤᠭᠰᠠᠨ ᠪᠠᠶ᠋ᠢᠯ᠎ᠠ᠃ 《ᠰᠠᠶ᠋ᠢᠨ ᠠ᠋ᠬᠢᠯᠡᠯᠳᠡ ᠪᠤᠯ ᠬᠠᠭ᠋ᠠᠰ ᠠᠮᠵᠢᠯᠳᠠ ᠤᠯᠤᠭᠰᠠᠨ᠎ᠲᠠᠢ ᠲᠡᠩᠴᠡᠨ᠎ᠡ》 ᠭᠡᠳᠡᠭ᠃ ᠬᠠᠢ ᠯᠦᠩ ᠮᠠᠨᠢ ᠠᠵᠢᠯ᠎ᠳᠤ ᠭᠠᠷᠤᠭᠰᠠᠨ ᠴᠠᠭ᠎ᠠᠴᠠ᠎ᠪᠠᠨ ᠠᠪᠤᠭ᠋ᠠᠳ ᠦᠪᠡᠷ᠎ᠤᠨ ᠪᠡᠶ᠎ᠡ᠎ᠳᠤ᠎ᠪᠠᠨ ᠴᠢᠩᠭ᠎ᠠ ᠱᠠᠭ᠋ᠠᠷᠳᠠᠯᠭ᠎ᠠ ᠲᠠᠯᠪᠢᠵᠤ ᠬᠢᠬᠦ ᠵᠢᠨ ᠲᠠᠭ᠋ᠠᠤ ᠰᠤᠷᠴᠤ ᠰᠤᠷᠬᠤ ᠵᠢᠨ ᠲᠠᠭ᠋ᠠᠤ ᠦᠢ᠍ᠯᠡᠳᠦᠯᠭᠡᠵᠢᠭᠦᠯᠵᠤ ᠤᠷᠭᠤᠬᠤ ᠵᠢᠨ ᠤᠯᠠᠭ᠋ᠠᠨ ᠨᠠᠷᠠᠨ᠎ᠠᠴᠠ ᠦᠳᠡᠰᠢ ᠵᠢᠨ ᠬᠠᠷᠠᠩᠭᠤᠢ ᠪᠦᠷᠦᠢ ᠪᠤᠯᠳᠠᠯ᠎ᠠ ᠰᠤᠷᠴᠤ ᠰᠤᠳᠤᠯᠵᠤ ᠬᠢᠵᠤ ᠦᠢ᠍ᠯᠡᠳᠦᠯᠭᠡᠵᠢᠭᠦᠯᠵᠤ ᠶᠠᠭ᠋ᠠᠷᠠᠵᠤ ᠮᠤᠩᠭ᠋ᠠᠨᠢᠵᠤ ᠪᠤᠵᠢᠭᠢᠨᠠᠯᠠ᠃ ᠬᠡᠳᠤᠶ᠋ᠢᠪᠡᠷ ᠬᠡᠯᠡᠭᠰᠡᠨ ᠶᠠᠷᠢᠭᠰᠠᠨ᠎ᠢ᠎ᠨᠢ ᠰᠤᠷᠤᠭᠴᠢᠳ᠎ᠨᠢ ᠤᠶ᠋ᠢᠯᠠᠭ᠋ᠠᠬᠤ᠎ᠪᠠᠷ ᠠᠨᠠᠢ ᠪᠠᠶ᠋ᠢᠭᠰᠠᠨ ᠴᠦ᠍ ᠲᠡᠷᠡ ᠮᠠᠰᠢ ᠵᠤᠷᠢᠭᠳᠠᠢ᠎ᠪᠠᠷ ᠲᠠᠬᠢᠨ ᠲᠠᠪᠳᠠᠨ ᠶᠠᠷᠢᠵᠤ ᠪᠠᠰᠠ ᠵᠠᠷᠢᠮ ᠦᠶ᠎ᠡ᠎ᠳᠤ ᠪᠢᠴᠢᠵᠤ ᠵᠢᠷᠤᠭ᠋ᠠᠳ ᠲᠠᠶ᠋ᠢᠯᠪᠤᠷᠢᠯᠠᠵᠤ ᠵᠢᠭ᠋ᠠᠳᠠᠭ ᠪᠠᠶ᠋ᠢᠯ᠎ᠠ᠃ ᠨᠢᠭᠡ ᠤᠳᠠᠭ᠋ᠠᠨ᠎ᠤ ᠬᠢᠴᠢᠶᠡᠯ ᠰᠤᠨᠤᠰᠬᠤ ᠬᠠᠮᠳᠤ ᠵᠢᠨ ᠬᠦᠳᠡᠯᠭᠡᠭᠡᠨ᠎ᠳᠤ ᠰᠤᠷᠭ᠋ᠠᠭᠤᠯᠢ᠎ᠠᠴᠠ᠎ᠨᠢ ᠲᠡᠭᠦᠨ᠎ᠤ ᠬᠢᠴᠢᠶᠡᠯ᠎ᠢ ᠰᠤᠨᠤᠰᠬᠤ᠎ᠪᠠᠷ ᠲᠤᠬᠢᠷᠠᠭᠤᠯᠪᠠ᠃ ᠰᠦᠨᠢᠵᠢᠨ ᠰᠠᠭᠤᠵᠤ ᠪᠡᠯᠡᠳᠬᠡᠭᠰᠡᠨ ᠲᠡᠭᠦᠨ᠎ᠤ ᠬᠢᠴᠢᠶᠡᠯᠯᠡᠭᠡ ᠬᠡᠳᠤᠶ᠋ᠢᠪᠡᠷ ᠪᠡᠯᠡᠳᠬᠡᠯ ᠲᠦᠭᠦᠭᠡᠷᠤᠮᠵᠢ ᠭᠦᠢ᠍ᠴᠡᠳ ᠰᠠᠶ᠋ᠢᠨ ᠪᠠᠶ᠋ᠢᠭᠰᠠᠨ ᠴᠦ᠍ ᠬᠡᠯᠡᠵᠤ ᠶᠠᠷᠢᠬᠤ ᠬᠦᠰᠢᠭᠦᠨ᠎ᠠᠴᠠ ᠪᠤᠯᠵᠤ ᠰᠠᠶ᠋ᠢᠨ ᠦᠨᠡᠯᠡᠯᠳᠡ ᠵᠢ ᠤᠯᠵᠤ ᠲᠡᠶ᠋ᠢᠯᠦᠭᠰᠡᠨ ᠦᠭᠡᠢ᠃ ᠶᠡᠷᠤ᠎ᠠᠴᠠ ᠢᠯᠠᠭᠳᠠᠵᠤ ᠦᠩᠭᠡᠷᠡᠭᠰᠡᠨ ᠦᠭᠡᠢ ᠲᠡᠭᠦᠨ᠎ᠳᠤ ᠡ᠊ᠨᠡ ᠭᠦ᠌ ᠶᠠᠪᠤᠳᠠᠯ᠎ᠨᠢ ᠲᠤᠩ ᠶᠡᠭᠡ ᠴᠤᠬᠢᠯᠳᠠ ᠪᠤᠯᠵᠤ ᠲᠡᠷᠡ ᠮᠠᠨᠢ ᠨᠡᠩ ᠢᠯᠡᠬᠦᠤ ᠰᠢᠳᠤ ᠵᠠᠭᠤᠵᠤ ᠪᠤᠢ ᠪᠦᠬᠦᠢ ᠴᠠᠭ ᠵᠶ᠋ᠠᠨ ᠵᠠᠷᠤᠴᠠᠭᠤᠯᠵᠤ ᠬᠢᠳᠡᠳ ᠦᠭᠡ ᠶᠠᠷᠢᠵᠤ ᠪᠤᠯᠪᠠᠰᠤᠷᠠᠭ᠍ᠤ ᠲᠡᠭᠡᠷ᠎ᠡ ᠬᠦᠴᠤ ᠲᠠᠯᠪᠢᠵᠠᠢ᠃ ᠲᠡᠷᠡ ᠮᠠᠨᠢ ᠪᠤᠰᠤᠳ᠎ᠲᠠᠢ ᠢᠳᠡᠪᠬᠢᠳᠡᠢ ᠬᠠᠷᠢᠯᠴᠠᠵᠤ ᠬᠦᠳᠡᠯᠦᠩᠭᠦᠢ᠎ᠪᠠᠷ ᠬᠠᠮᠳᠤ ᠠᠵᠢᠯᠯᠠᠭᠴᠢ᠎ᠪᠠᠨ ᠠ᠋ᠷᠢᠵᠤ ᠵᠤᠭᠤᠭᠳᠠᠨ ᠬᠢᠳᠡᠳ ᠦᠭᠡ᠎ᠪᠠᠨ ᠪᠠᠷᠢᠮᠵᠢᠶ᠎ᠠ᠎ᠪᠠᠷ ᠶᠠᠷᠢᠵᠤ ᠰᠤᠷᠬᠤ ᠵᠢᠨ ᠲᠠᠭ᠋ᠠᠤ ᠠ᠋ᠭᠦᠷᠭᠡᠯᠡᠭᠰᠡᠨ ᠬᠢᠴᠢᠶᠡᠯ ᠵᠶ᠋ᠠᠨ ᠰᠠᠶ᠋ᠢᠨ ᠵᠢᠭ᠋ᠠᠬᠤ᠎ᠪᠠᠷ ᠲᠤᠩ ᠶᠡᠭᠡ ᠬᠦᠴᠤ ᠭᠠᠷᠭ᠋ᠠᠵᠤ ᠨᠦᠬᠦᠴᠡᠯ ᠪᠤᠯᠤᠯᠴᠠᠭ᠎ᠠ ᠪᠦᠬᠦᠨ᠎ᠢ ᠠᠯᠳᠠᠯ ᠦᠭᠡᠢ ᠠᠰᠢᠭᠯᠠᠵᠤ ᠬᠤᠷᠳᠤᠨ ᠮᠤᠷᠢᠨ᠎ᠳᠤ ᠲᠠᠰᠢᠭᠤᠷ ᠲᠠᠯᠪᠢᠵᠤ ᠵᠢᠷᠦᠬᠡᠨ ᠲᠠᠮᠢᠷ ᠵᠶ᠋ᠠᠨ ᠰᠢᠪᠬᠠᠵᠤ ᠴᠢᠷᠮᠠᠶ᠋ᠢᠯᠠ ᠁ ᠦᠳᠡᠰᠢ ᠪᠤᠯᠭ᠋ᠠᠨ ᠰᠦᠨᠢ ᠲᠤᠮᠳᠠ ᠪᠤᠯᠳᠠᠯ᠎ᠠ ᠰᠤᠷᠤᠯᠴᠠᠨ᠎ᠠ᠂ ᠰᠤᠳᠤᠯᠤᠨ᠎ᠠ᠃ ᠴᠢᠪᠠᠭ᠎ᠠ ᠵᠢᠨ ᠦᠳᠡᠰᠢ ᠲᠤᠭ ᠨᠤᠶ᠋ᠢᠷᠲᠤᠪᠠᠨ ᠵᠡᠭᠦᠷᠮᠡᠭᠯᠡᠴᠢᠬᠡᠭᠰᠡᠨ ᠪᠠᠶ᠋ᠢᠬᠤ᠎ᠳᠤ ᠭᠠᠭᠴᠠ ᠲᠡᠷᠡ ᠮᠠᠨᠢ ᠠᠯᠪᠠᠨ ᠭᠡᠷ᠎ᠲᠤ᠎ᠪᠠᠨ ᠲᠤᠯᠤᠭ᠋ᠠᠢ ᠦᠨᠳᠡᠶ᠋ᠢᠯ ᠦᠭᠡᠢ ᠰᠤᠷᠤᠯᠴᠠᠭᠰᠠᠭ᠋ᠠᠷ ᠁ ᠲᠡᠭᠦᠨ᠎ᠳᠤ ᠪᠠᠷ᠎ᠠ ᠪᠤᠯᠳᠠᠭ ᠭᠠᠭᠴᠠ ᠵᠦᠢ᠍ᠯ ᠭᠡᠪᠡᠯ ᠬᠤᠶ᠋ᠢᠳᠤ ᠬᠠᠶᠠᠭ᠋ᠠᠨ ᠲᠡᠭᠡᠷ᠎ᠡ ᠲᠡᠭᠦᠵᠢᠯᠡᠵᠤ ᠪᠠᠶ᠋ᠢᠭ᠎ᠠ ᠠ᠋ᠯᠭᠦᠭᠡᠷᠳᠤ ᠴᠠᠭ᠃ ᠲᠡᠷᠡ ᠮᠠᠨᠢ ᠠ᠋ᠳᠤᠷ᠎ᠤᠨ ᠲᠦᠯᠦᠪᠯᠡᠭᠡ᠂ ᠮᠠᠷᠭ᠋ᠠᠰᠢ ᠵᠢᠨ ᠪᠡᠯᠡᠳᠬᠡᠮᠵᠢ᠎ᠪᠠᠨ ᠪᠦᠬᠦᠨ᠎ᠢ ᠲᠢᠭ ᠲᠠᠭ ᠪᠤᠯᠭ᠋ᠠᠵᠤ ᠲᠠᠯᠪᠢᠭ᠋ᠠᠳ ᠬᠦᠰᠢᠵᠤ ᠶᠠᠳᠠᠷᠠᠭᠰᠠᠨ ᠮᠦᠷᠤ ᠲᠠᠯᠤ᠎ᠪᠠᠨ ᠰᠢᠯᠭᠡᠭᠡᠵᠤ ᠰᠠᠨᠳᠠᠯᠢ ᠵᠢᠨ ᠲᠦᠰᠢᠯᠭᠡ᠎ᠪᠠᠨ ᠨᠠᠯᠠᠵᠤ ᠪᠠᠭ᠍ᠠᠨ ᠠᠮᠤᠰᠭᠢᠬᠤ ᠵᠠᠪᠰᠠᠷ ᠵᠶ᠋ᠠᠨ ᠠ᠋ᠷᠬᠡ ᠦᠭᠡᠢ ᠪᠤᠳᠤᠯ᠎ᠤᠨ ᠲᠠᠯᠠᠢ᠎ᠳᠤ ᠱᠤᠩᠪᠠᠵᠤ ᠠ᠋ᠭᠢᠯᠡᠨᠡ ᠁ ᠲᠡᠷᠡ ᠮᠠᠨᠢ ᠲᠡᠭᠷᠢ᠎ᠳᠤ ᠵᠡᠭᠦᠷᠮᠡᠭᠯᠡᠵᠤ ᠪᠠᠶ᠋ᠢᠭ᠎ᠠ ᠤᠳᠤᠳ᠎ᠢ ᠬᠠᠷᠠᠵᠤ ᠮᠡᠯᠡᠷᠡᠳᠡᠭ᠂ ᠨᠤᠳᠤᠭ᠎ᠲᠤ᠎ᠪᠠᠨ ᠪᠠᠶ᠋ᠢᠬᠤ᠎ᠳᠤ ᠬᠡᠭᠡᠷ᠎ᠡ ᠭᠠᠳᠠᠭ᠎ᠠ ᠤᠳᠤᠳ᠎ᠢ ᠬᠠᠷᠠᠭ᠋ᠠᠳ ᠬᠡᠪᠳᠡᠵᠤ ᠪᠠᠶ᠋ᠢᠬᠤ᠎ᠳᠤ ᠤᠶᠤᠨ ᠲᠠᠷᠢᠬᠢᠨᠳᠤᠨᠢ ᠲᠦᠭᠦᠷᠡᠩ ᠬᠦᠰᠡᠯ ᠮᠦᠷᠦᠭᠡᠳᠤᠯ ᠬᠠᠯᠭᠢᠨ ᠴᠠᠯᠭᠢᠨ ᠤᠷᠤᠵᠤ ᠢᠷᠡᠳᠡᠭ ᠪᠠᠶ᠋ᠢᠭᠰᠠᠨ ᠶᠤᠮ᠂ ᠤᠳᠤᠨ᠎ᠠᠴᠠ ᠤᠯᠠᠨ ᠠᠮᠵᠢᠯᠳᠠ ᠪᠦᠳᠦᠭᠡᠯ ᠭᠠᠷᠭ᠋ᠠᠬᠤ ᠭᠡᠰᠡᠨ ᠭᠤᠶᠤ ᠰᠠᠶ᠋ᠢᠬᠠᠨ ᠬᠦᠰᠡᠯ ᠬᠦᠪᠦᠷᠡᠭᠦᠯᠵᠤ ᠁ ᠶᠡᠷᠤ᠎ᠨᠢ ᠲᠡᠭᠡᠭᠡᠳ ᠤᠳᠤᠳ᠎ᠢ ᠬᠠᠷᠠᠵᠤ ᠬᠡᠪᠳᠡᠵᠤ ᠪᠠᠶ᠋ᠢᠬᠤ᠎ᠳᠤ ᠯᠡ ᠲᠡᠭᠦᠨ᠎ᠤ ᠮᠠᠨᠢ ᠮᠦᠷᠦᠭᠡᠳᠤᠯ ᠤᠳᠤᠨ᠎ᠳᠤ ᠬᠦᠷᠴᠤ ᠲᠡᠶ᠋ᠢᠯᠳᠡᠭ ᠶᠤᠮ ᠰᠢᠭ! ᠲᠡᠷᠡ ᠮᠠᠨᠢ ᠬᠦᠭᠡᠷᠦᠬᠦᠢ ᠦᠷᠭᠦᠯᠵᠢ ᠬᠦᠳᠡᠭᠡ ᠭᠡᠷ᠂ ᠬᠡᠤᠬᠡᠳ ᠨᠠᠰᠤ᠎ᠪᠠᠨ ᠰᠠᠨᠠᠵᠤ ᠮᠦᠷᠦᠭᠡᠳᠳᠡᠭ᠃ ᠠᠯᠢ ᠪᠠᠶ᠋ᠢᠭᠰᠠᠨ ᠵᠶ᠋ᠠᠨ ᠤᠷᠬᠢᠭ᠋ᠠᠳ ᠠᠪᠤ ᠡᠵᠢ᠎ᠳᠤ᠎ᠪᠠᠨ ᠬᠦᠶᠦᠭᠡᠳ ᠤᠴᠢᠮᠠᠷ ᠰᠠᠨᠠᠭᠳᠠᠨ᠎ᠠ᠃ ᠦᠳᠡᠯᠦᠭᠡ ᠪᠤᠯᠤᠭᠰᠠᠨ ᠠᠪᠤ ᠡᠵᠢ᠎ᠨᠢ ᠬᠠᠶ᠋ᠢᠷ᠎ᠠ᠎ᠳᠤ ᠬᠡᠤᠬᠡᠨ᠎ᠤ᠎ᠪᠠᠨ ᠠᠮᠵᠢᠯᠳᠠ᠎ᠪᠠᠷ ᠪᠠᠭ᠍ᠠᠷᠬᠠᠵᠤ ᠲᠤᠭᠳᠤᠯᠵᠤ ᠨᠤᠳᠤᠭ᠎ᠤᠨ ᠤᠯᠠᠨ᠎ᠳᠤ᠎ᠪᠠᠨ ᠭᠠᠶ᠋ᠢᠬᠠᠭᠤᠯᠵᠤ ᠰᠠᠭᠤᠭ᠎ᠠ ᠪᠠᠶ᠋ᠢᠬᠤ ᠳ᠋ᠠ᠂ ᠪᠢ ᠵᠠᠪᠠᠯ ᠠᠮᠵᠢᠯᠳᠠ ᠭᠠᠷᠭ᠋ᠠᠬᠤ ᠭᠡᠷᠡᠭᠳᠡᠢ᠂ ᠵᠠᠪᠠᠯ ᠨᠡᠶ᠋ᠢᠭᠡᠮ ᠨᠡᠶ᠋ᠢᠳᠡ᠎ᠳᠤ ᠮᠡᠳᠡᠷᠡᠭᠳᠡᠭᠰᠡᠨ ᠰᠠᠶ᠋ᠢᠨ ᠪᠠᠭᠰᠢ ᠪᠤᠯᠬᠤ ᠭᠡᠷᠡᠭᠳᠡᠢ ᠭᠡᠵᠤ ᠦᠷᠭᠦᠯᠵᠢ ᠶᠠᠷᠢᠳᠠᠭ ᠵᠢᠷᠦᠬᠡᠨ᠎ᠤ ᠭᠦᠨ᠎ᠳᠠᠬᠢ ᠠᠮᠠᠨ ᠲᠠᠷᠨᠢ᠎ᠪᠠᠨ ᠰᠠᠨᠠᠵᠤ ᠤᠯᠬᠤ᠎ᠲᠠᠢ ᠵᠡᠷᠭᠡ ᠵᠤᠷᠢᠭ᠎ᠨᠢ ᠬᠦᠪᠴᠢᠯᠡᠭᠳᠡᠭᠡᠳ ᠢᠷᠡᠳᠡᠭ᠃ 《ᠵᠤᠷᠢᠭ ᠬᠦᠮᠦᠨ᠎ᠢ ᠲᠡᠵᠢᠭᠡᠳᠡᠭ᠎ᠠᠴᠠ ᠪᠢᠰᠢ᠂ ᠨᠢᠯᠪᠤᠰᠤ ᠬᠦᠮᠦᠨ᠎ᠢ ᠲᠡᠵᠢᠭᠡᠳᠡᠭ ᠦᠭᠡᠢ》 《ᠵᠢᠷᠦᠬᠡᠨ᠎ᠳᠤ᠎ᠪᠠᠨ ᠭᠠᠯ᠎ᠲᠠᠢ ᠪᠠᠶ᠋ᠢᠭᠰᠠᠨ ᠴᠠᠭ᠎ᠲᠤ ᠵᠢᠳᠬᠦᠯ ᠮᠢᠨᠢ ᠯᠠᠪᠳᠠᠢ ᠠᠮᠵᠢᠯᠳᠠ ᠤᠯᠤᠨ᠎ᠠ》 ᠭᠡᠵᠤ ᠲᠡᠷᠡ ᠰᠢᠳᠤ ᠵᠠᠭᠤᠨ᠎ᠠ ᠁ ᠠᠰᠠᠷ᠎ᠤᠨ ᠴᠠᠭ᠋ᠠᠭᠤᠷ ᠦᠷ ᠮᠠᠩᠬᠠᠶ᠋ᠢᠵᠤ ᠠ᠋ᠬᠢᠯᠡᠯ᠎ᠡ᠂ ᠬᠠᠢ ᠯᠦᠩ ᠮᠠᠨᠢ ᠡ᠊ᠨᠡ ᠭᠦ᠌ ᠦᠷ᠎ᠤᠨ ᠭᠡᠭᠡ ᠵᠢ ᠦᠷᠯᠦᠭᠡ ᠪᠤᠯᠭ᠋ᠠᠨ ᠯᠠᠪ ᠴᠢᠪᠠᠭ᠎ᠠ ᠵᠡᠭᠡᠯᠢ ᠵᠢᠨ ᠪᠦᠬᠦ ᠬᠦᠮᠦᠨ᠎ᠤ ᠲᠤᠳᠤᠷ᠎ᠠ᠎ᠠᠴᠠ ᠬᠠᠮᠤᠭ᠎ᠤᠨ ᠲᠦᠷᠦᠭᠦᠨ᠎ᠳᠤ ᠤᠯᠵᠤ ᠬᠠᠷᠠᠳᠠᠭ ᠬᠦᠮᠦᠨ ᠪᠠᠶ᠋ᠢᠵᠤ ᠲᠠᠭ᠋ᠠᠷᠠᠨ᠎ᠠ᠃ ᠢᠩᠬᠢᠵᠤ ᠰᠢᠳᠤ ᠵᠠᠭᠤᠵᠤ ᠬᠦᠴᠢᠷ ᠪᠦᠬᠦᠨ᠎ᠢ ᠢᠯᠡᠨ ᠲᠠᠪᠠᠭᠰᠠᠭ᠋ᠠᠷ ᠨᠢᠭᠡ ᠮᠡᠳᠡᠬᠦ᠎ᠳᠤ ᠯᠡ ᠬᠠᠢ ᠯᠦᠩ ᠮᠠᠨᠢ ᠠ᠋ᠷᠡᠰ ᠬᠤᠪᠢᠷᠠᠯᠳᠠ᠎ᠲᠠᠢ ᠪᠤᠯᠴᠢᠬᠠᠵᠤ ᠁ ᠤᠬᠤᠷᠬᠠᠨ ᠬᠡᠳᠤᠬᠡᠨ ᠵᠢᠯ᠎ᠤᠨ ᠬᠤᠭᠤᠴᠠᠭ᠎ᠠ ᠲᠤᠳᠤᠷ᠎ᠠ ᠲᠡᠷᠡ ᠮᠠᠨᠢ ᠬᠡᠯᠡᠵᠤ ᠶᠠᠷᠢᠬᠤ᠎ᠳᠤ᠎ᠪᠠᠨ ᠪᠤᠯᠪᠠᠰᠤᠷᠠᠩᠭᠤᠢ ᠲᠠᠳᠮᠠᠭ᠋ᠠᠢ ᠪᠤᠯᠵᠤ ᠤᠯᠠᠨ᠎ᠤ᠎ᠪᠠᠨ ᠲᠤᠮᠳᠠ᠎ᠪᠠᠨ ᠭᠢᠯᠠᠷᠠᠭᠤᠯᠵᠤ ᠠ᠋ᠬᠢᠯᠡᠵᠡᠢ᠃ ᠢᠩᠭᠢᠭᠰᠡᠨ ᠵᠶ᠋ᠠᠷ ᠡᠯ᠎ᠡ ᠵᠦᠢ᠍ᠯ᠎ᠤᠨ ᠤᠷᠤᠯᠳᠤᠭ᠋ᠠᠨ ᠮᠦᠷᠦᠶ᠋ᠢᠴᠡᠭᠡᠨ᠎ᠳᠤ ᠲᠡᠷᠡ ᠮᠠᠨᠢ ᠰᠤᠷᠭ᠋ᠠᠭᠤᠯᠢ ᠨᠢᠭᠡᠴᠢ᠎ᠪᠠᠨ ᠲᠦᠯᠦᠭᠡᠯᠡᠨ ᠤᠷᠤᠯᠴᠠᠳᠠᠭ ᠪᠤᠯᠤᠯ᠎ᠠ᠃ ᠬᠠᠢ ᠯᠦᠩ ᠮᠠᠨᠢ ᠤᠳᠠᠭ᠎ᠠ ᠤᠳᠠᠭ᠎ᠠ᠎ᠠᠴᠠ᠎ᠪᠠᠨ ᠬᠦᠴᠦᠷᠬᠡᠭ ᠪᠤᠯᠵᠤ ᠤᠷᠢᠳ ᠬᠤᠵᠢᠳ 《ᠰᠢᠯᠢᠳᠡᠭ ᠨᠠᠮ᠎ᠤᠨ ᠭᠡᠰᠢᠭᠦᠨ》 《ᠰᠢᠯᠢᠳᠡᠭ ᠠᠩᠭᠢ ᠵᠢᠨ ᠠ᠋ᠷᠬᠢᠯᠡᠭᠴᠢ》 《ᠰᠢᠯᠢᠳᠡᠭ ᠵᠢᠭ᠋ᠠᠨ ᠰᠤᠷᠭ᠋ᠠᠬᠤ ᠴᠢᠳᠠᠪᠤᠷᠢᠳᠠᠨ》 《ᠦᠨᠳᠤᠰᠦᠳᠡᠨ᠎ᠤ ᠪᠦᠯᠬᠦᠮᠳᠡᠯ ᠲᠠᠪᠰᠢᠯᠳᠠ ᠵᠢᠨ ᠵᠢᠱ᠌ᠢᠶᠡᠴᠢ ᠲᠡᠷᠢᠭᠦᠨ》 ᠵᠡᠷᠭᠡ ᠱᠠᠩᠨᠠᠯ ᠭᠦᠬᠢᠬᠦᠯᠦᠯ ᠵᠶ᠋ᠠᠷ ᠰᠤᠷᠭ᠋ᠠᠨ ᠬᠦᠮᠦᠵᠢᠯ᠎ᠤᠨ ᠰᠢᠰᠲᠸᠮ᠎ᠢ ᠲᠤᠷᠭᠢᠭᠤᠯᠵᠤ ᠲᠤᠩᠰᠤᠯᠭ᠋ᠠᠯᠠ᠃ ᠮᠦᠨ ᠴᠦ᠍ ᠨᠠᠢ᠍ᠮᠠᠨ ᠮᠤᠵᠢ ᠤᠷᠤᠨ᠎ᠤ ᠦᠨᠳᠤᠰᠤᠨ ᠴᠢᠳᠠᠪᠤᠷᠢ ᠵᠢᠨ ᠤᠷᠤᠯᠳᠤᠭ᠋ᠠᠨ᠎ᠤ ᠬᠤᠶᠠᠳᠤᠭ᠋ᠠᠷ ᠲᠡᠰ᠂ 《ᠪᠦᠬᠦ ᠬᠤᠳᠠ ᠵᠢᠨ ᠪᠠᠭ᠎ᠠ ᠰᠤᠷᠭ᠋ᠠᠭᠤᠯᠢ ᠵᠢᠨ ᠲᠤᠭ᠋ᠠᠨ᠎ᠤ ᠤᠬᠠᠭ᠋ᠠᠨ᠎ᠤ 〈ᠭᠤᠷᠪᠠᠨ ᠠᠯᠬᠤᠮ᠎ᠳᠤ ᠵᠢᠭ᠋ᠠᠬᠤ ᠠᠷᠭ᠎ᠠ〉 ᠵᠢᠨ ᠰᠤᠳᠤᠯᠤᠨ ᠶᠠᠷᠢᠯᠴᠠᠭ᠍ᠤ ᠬᠤᠷᠠᠯ ᠲᠡᠭᠡᠷᠡᠬᠢ ᠦᠵᠡᠭᠦᠯᠭᠡ ᠵᠢᠨ ᠬᠢᠴᠢᠶᠡᠯᠯᠡᠭᠡ》 ᠵᠢᠨ ᠬᠤᠶᠠᠳᠤᠭ᠋ᠠᠷ ᠲᠡᠰ᠂ ᠠᠷᠤ ᠬᠤᠷᠴᠢᠨ ᠬᠤᠰᠢᠭᠤᠨ᠎ᠤ ᠠᠷᠠᠳ᠎ᠤᠨ ᠵᠠᠰᠠᠭ ᠤᠨ ᠤᠷᠳᠤᠨ᠎ᠤ ᠵᠢᠱ᠌ᠢᠶᠡᠴᠢ ᠪᠠᠭᠰᠢ ᠵᠢᠴᠢ ᠲᠡᠭᠦᠨ᠎ᠤ ᠲᠤᠭᠤᠷᠪᠢᠭᠰᠠᠨ 《ᠪᠠᠭ᠎ᠠ ᠰᠤᠷᠭ᠋ᠠᠭᠤᠯᠢ ᠵᠢᠨ ᠲᠤᠭ᠋ᠠᠨ᠎ᠤ ᠤᠬᠠᠭ᠋ᠠᠨ᠎ᠤ ᠬᠢᠴᠢᠶᠡᠯᠯᠡᠭᠡ ᠵᠢᠨ ᠦᠷ᠎ᠡ ᠪᠦᠳᠦᠮᠵᠢ ᠵᠢ ᠬᠡᠷᠬᠢᠨ ᠲᠡᠭᠡᠭᠰᠢᠯᠡᠭᠦᠯᠬᠦ ᠪᠤᠢ》 ᠭᠡᠳᠡᠭ ᠰᠡᠳᠤᠪ᠎ᠤᠨ ᠲᠤᠭᠤᠷᠢᠨ᠎ᠳᠤ ᠪᠢᠴᠢᠭᠰᠡᠨ ᠬᠡᠳᠤᠨ ᠦᠭᠦᠯᠡᠯ᠎ᠨᠢ ᠤᠷᠢᠳ ᠬᠤᠵᠢᠳ ᠤᠯᠤᠰ ᠤᠷᠤᠨ᠎ᠤ ᠰᠢᠯᠭ᠋ᠠᠷᠠᠭᠤᠯᠤᠯᠳᠠ᠎ᠳᠤ ᠲᠡᠷᠢᠭᠦᠨ ᠲᠡᠳ᠋᠎ᠲᠤ ᠲᠤᠳᠤᠷᠠᠵᠤ ᠰᠤᠷᠭ᠋ᠠᠭᠤᠯᠢ ᠨᠢᠭᠡᠴᠢ ᠵᠢᠨ ᠵᠶ᠋ᠠᠨ ᠨᠡᠷ᠎ᠡ ᠠᠯᠳᠠᠷ᠎ᠢ ᠲᠠᠭᠤᠷᠢᠰᠤᠭᠤᠯᠵᠤ ᠴᠢᠳᠠᠭᠰᠠᠨ ᠪᠠᠶ᠋ᠢᠨ᠎ᠠ᠃ ᠦᠭᠡᠳᠡᠷᠬᠡᠭ ᠦᠢ᠍ᠯᠡ᠎ᠨᠢ ᠤᠷᠮ᠎ᠠ ᠪᠠᠬ᠎ᠠ ᠵᠢ ᠬᠦᠭᠵᠢᠭᠡᠵᠤ ᠢᠳᠡᠭᠡᠯ ᠵᠤᠷᠢᠭ᠎ᠢ ᠠ᠋ᠷᠴᠢᠯᠡᠬᠦ ᠴᠡᠨᠡᠭ᠎ᠲᠠᠢ ᠪᠤᠯᠬᠤᠷ ᠲᠡᠷᠡ ᠤᠷᠮᠠᠰ ᠪᠠ ᠲᠤᠭᠳᠤᠯᠤᠯ᠂ ᠤᠬᠠᠭ᠋ᠠᠷᠠᠯ ᠪᠠ ᠪᠤᠯᠪᠠᠰᠤᠷᠠᠯ᠎ᠤᠨ ᠲᠤᠮᠳᠠ ᠠᠰᠠᠨ ᠪᠠᠳᠠᠷᠠᠭ᠍ᠤ ᠵᠢᠨ ᠢᠳᠡ ᠬᠦᠴᠦᠨ᠎ᠢ ᠲᠦᠷᠡᠯᠵᠡᠭᠦᠯᠦᠭᠰᠡᠭᠡᠷ ᠨᠡᠩ ᠪᠦᠷᠢᠨᠰᠢᠭᠰᠡᠨ᠂ ᠨᠡᠩ ᠲᠤᠷᠰᠢᠯᠭ᠋ᠠᠵᠢᠭᠰᠠᠨ ᠰᠢᠯᠢᠳᠡᠭ ᠭᠠᠷ ᠪᠤᠯᠵᠤ ᠵᠤᠬᠢᠶᠠᠨ ᠪᠠᠶ᠋ᠢᠭᠤᠯᠤᠯᠳᠠ᠎ᠠᠴᠠ ᠲᠡᠭᠦᠨ᠎ᠢ ᠬᠤᠰᠢᠭᠤᠨ᠎ᠤ ᠮᠤᠩᠭᠤᠯ ᠪᠠᠭ᠎ᠠ ᠰᠤᠷᠭ᠋ᠠᠭᠤᠯᠢ᠎ᠳᠤ ᠠᠮᠤᠷ ᠲᠦᠪᠰᠢᠨ᠎ᠤ ᠠ᠋ᠷᠬᠢᠯᠡᠭᠴᠢ ᠪᠠᠷ ᠲᠤᠮᠢᠯᠠᠪᠠ᠃ ᠲᠡᠭᠦᠨ᠎ᠤ ᠮᠦᠷ᠎ᠤᠨ᠎ᠳᠤ ᠲᠠᠯᠪᠢᠭᠳᠠᠭᠰᠠᠨ ᠠ᠋ᠭᠦᠷᠭᠡ ᠬᠦᠨᠳᠤ ᠮᠦᠷᠳᠡᠭᠡᠨ ᠬᠡᠴᠡᠭᠦᠤ᠃ ᠨᠢᠭᠡ ᠰᠤᠷᠭ᠋ᠠᠭᠤᠯᠢ ᠵᠢᠨ ᠪᠦᠬᠦ ᠲᠠᠯ᠎ᠠ ᠵᠢᠨ ᠠᠮᠤᠷ ᠲᠦᠪᠰᠢᠨ᠎ᠢ ᠠ᠋ᠰᠡᠨ ᠮᠡᠨᠳᠤ ᠠ᠋ᠩᠬᠡ ᠰᠠᠶ᠋ᠢᠬᠠᠨ ᠠᠪᠴᠤ ᠶᠠᠪᠤᠨ᠎ᠠ ᠭᠡᠳᠡᠭ ᠬᠢᠯᠪᠠᠷ ᠪᠤᠰᠤ᠃ ᠲᠡᠭᠡᠷ᠎ᠡ᠎ᠨᠢ ᠲᠡᠷᠡ ᠮᠠᠨᠢ ᠪᠠᠰᠠ ᠠᠩᠬᠢ ᠵᠢᠨ ᠠ᠋ᠷᠬᠢᠯᠡᠭᠴᠢ ᠵᠢᠨ ᠠᠵᠢᠯ᠂ ᠬᠢᠴᠢᠶᠡᠯ ᠲᠦᠷᠦᠯ᠎ᠤᠨ ᠠᠵᠢᠯ᠎ᠢ ᠲᠠᠭ᠋ᠠᠭ᠋ᠠᠴᠢᠯᠠᠨ ᠠ᠋ᠭᠦᠷᠭᠡᠯᠡᠵᠤ ᠠᠯᠢ ᠠᠯᠢᠨ᠎ᠳᠤ᠎ᠨᠢ ᠴᠤ᠌ ᠭᠠᠪᠰᠢᠭ᠋ᠠᠶ᠋ᠢᠯᠠᠵᠤ ᠬᠤᠰᠢᠭᠤᠷᠠᠵᠤ ᠶᠠᠪᠤᠨ᠎ᠠ᠃ ᠮᠦᠨ ᠴᠦ᠍ ᠪᠠᠰᠠ ᠲᠡᠭᠦᠨ᠎ᠤ ᠰᠤᠳᠤᠯᠤᠨ ᠶᠠᠪᠤᠭᠳᠠᠭᠤᠯᠵᠤ ᠪᠠᠶ᠋ᠢᠭ᠎ᠠ 《ᠪᠠᠭ᠎ᠠ ᠰᠤᠷᠭ᠋ᠠᠭᠤᠯᠢ ᠵᠢᠨ ᠲᠤᠭ᠋ᠠᠨ᠎ᠤ ᠤᠬᠠᠭ᠋ᠠᠨ᠎ᠤ ᠭᠤᠷᠪᠠᠨ ᠠᠯᠬᠤᠮ᠎ᠳᠤ ᠵᠢᠭ᠋ᠠᠨ ᠰᠤᠷᠭ᠋ᠠᠬᠤ ᠰᠤᠳᠤᠯᠭ᠋ᠠᠨ᠎ᠤ ᠠᠵᠢᠯ》 ᠵᠶ᠋ᠠᠨ ᠪᠦᠬᠦ ᠤᠷᠤᠨ ᠲᠠᠶᠠᠭ᠋ᠠᠷ᠂ ᠲᠡᠷᠡᠴᠢᠯᠡᠨ ᠪᠦᠬᠦ ᠤᠯᠤᠰ ᠲᠠᠶᠠᠭ᠋ᠠᠷ᠎ᠲᠤ ᠰᠠᠶ᠋ᠢᠨ ᠦᠷ᠎ᠡ ᠪᠦᠳᠦᠮᠵᠢ ᠦᠵᠡᠭᠦᠯᠬᠦ ᠭᠡᠵᠤ ᠪᠤᠢ ᠪᠦᠬᠦᠢ ᠬᠦᠴᠤ ᠬᠦᠯᠦᠰᠤ᠂ ᠤᠶᠤᠨ ᠤᠬᠠᠭ᠋ᠠᠨ ᠵᠶ᠋ᠠᠨ ᠰᠢᠪᠬᠠᠵᠤ ᠴᠢᠷᠮᠠᠶ᠋ᠢᠨ ᠠᠵᠢᠯᠯᠠᠵᠤ ᠶᠠᠪᠤᠨ᠎ᠠ᠃ ᠮᠦᠨ ᠴᠦ᠍ ᠠ᠋ᠭᠦᠨ᠎ᠤ᠎ᠪᠠᠨ ᠲᠤᠭᠤᠷᠢᠨ᠎ᠳᠤ ᠬᠢᠴᠢᠶᠡᠯ ᠲᠠᠶ᠋ᠢᠯᠤᠮᠵᠢ ᠬᠢᠵᠤ ᠵᠠᠯᠠᠭᠤ ᠪᠠᠭᠰᠢ ᠨᠠᠷ᠎ᠢ᠎ᠪᠠᠨ ᠲᠠᠶ᠋ᠢᠴᠢᠯᠠᠨ ᠲᠠᠭ᠋ᠠᠭᠤᠯᠵᠤ ᠬᠦᠮᠦᠵᠢᠭᠦᠯᠦᠨ ᠪᠤᠯᠪᠠᠰᠤᠷᠠᠭᠤᠯᠵᠤ ᠶᠠᠪᠤᠨ᠎ᠠ᠃ 《ᠴᠢᠷᠮᠠᠶ᠋ᠢᠯᠭ᠎ᠠ ᠬᠦᠮᠦᠨ᠎ᠢ ᠭᠤᠮᠤᠳᠠᠭ᠋ᠠᠳᠠᠭ ᠦᠭᠡᠢ》 ᠭᠡᠳᠡᠭ ᠤᠷᠤ᠎ᠲᠠᠢ ᠦᠭᠡ ᠪᠠᠶ᠋ᠢᠵᠠᠢ᠃ ᠬᠢᠭᠰᠡᠨ ᠠᠵᠢᠯ᠎ᠨᠢ ᠤᠯᠠᠨ᠎ᠳᠤ ᠮᠡᠳᠡᠷᠡᠭᠳᠡᠭᠡᠳ ᠢᠷᠡᠬᠦ᠎ᠪᠠᠷ ᠨᠡᠶ᠋ᠢᠭᠡᠮ ᠨᠡᠶ᠋ᠢᠳᠡ᠎ᠪᠠᠷ ᠵᠶ᠋ᠠᠨ ᠲᠡᠭᠦᠨ᠎ᠢ ᠪᠢᠰᠢᠷᠡᠨ ᠪᠠᠭ᠍ᠠᠷᠬᠠᠵᠤ ᠲᠡᠷᠡ ᠮᠠᠨᠢ ᠨᠡᠷ᠎ᠡ ᠨᠢᠳᠡᠷ᠎ᠲᠤ᠎ᠪᠠᠨ ᠲᠡᠩᠴᠡᠭᠰᠡᠨ ᠰᠢᠯᠢᠳᠡᠭ ᠨᠠᠮ᠎ᠤᠨ ᠭᠡᠰᠢᠭᠦᠨ᠂ ᠰᠢᠯᠢᠳᠡᠭ ᠤᠳᠤᠷᠢᠳᠬᠤ ᠺᠠᠳ᠋ᠷ᠎ᠤᠨ ᠬᠢᠷᠢ ᠵᠢ ᠪᠦᠷᠢᠯᠳᠦᠭᠦᠯᠵᠤ ᠴᠢᠪᠠᠭ᠎ᠠ ᠮᠤᠩᠭᠤᠯ ᠪᠠᠭ᠎ᠠ ᠰᠤᠷᠭ᠋ᠠᠭᠤᠯᠢ᠎ᠳᠤ ᠲᠡᠳ᠋ ᠵᠠᠬᠢᠷᠤᠯ ᠪᠤᠯᠵᠤ ᠲᠠᠪᠰᠢᠪᠠ᠃ ᠠ᠋ᠭᠦᠨ᠎ᠳᠤ ᠬᠠᠢ ᠯᠦᠩ ᠮᠠᠨᠢ ᠠ᠋ᠳᠡᠭᠡᠷ ᠠᠮᠵᠢᠯᠳᠠ᠎ᠳᠤ᠎ᠪᠠᠨ ᠰᠡᠳᠬᠢᠯ ᠬᠠᠨᠤᠭ᠋ᠠᠳ ᠯᠡ ᠰᠠᠭᠤᠭᠰᠠᠨ ᠪᠢᠰᠢ᠂ ᠲᠡᠷᠡ ᠮᠠᠨᠢ ᠶᠡᠷᠤ᠎ᠨᠢ ᠶᠠᠮᠠᠷ ᠶᠡᠭᠡ ᠬᠦᠨᠳᠤ ᠠ᠋ᠭᠦᠷᠭᠡ ᠵᠢ ᠬᠦᠯᠢᠶᠡᠭᠰᠡᠨ ᠴᠦ᠍ ᠠ᠋ᠨᠡ ᠲᠡᠷᠡ ᠰᠢᠯᠳᠠᠭ ᠵᠢᠭ᠋ᠠᠵᠤ ᠬᠤᠶ᠋ᠢᠰᠢ ᠤᠬᠤᠷᠢᠯ ᠦᠭᠡᠢ ᠬᠠᠨᠴᠤᠢ ᠰᠢᠮᠡᠯᠡᠨ ᠰᠢᠮᠳᠡᠭᠡᠳ ᠤᠷᠤᠳᠠᠭ ᠭᠡᠴᠡᠭᠦᠤ ᠭᠠᠷ ᠶᠤᠮ᠃ ᠲᠦᠷᠦᠭᠦᠭᠡᠨ ᠠᠷᠤ ᠬᠤᠷᠴᠢᠨ᠎ᠳᠤ ᠠᠶᠤᠯ᠎ᠳᠤ ᠬᠢᠵᠢᠭ ᠨᠦᠷᠢᠨ ᠢᠷᠡᠬᠦ᠎ᠳᠤ ᠲᠡᠷᠡ ᠮᠠᠨᠢ ᠰᠤᠷᠭ᠋ᠠᠨ ᠬᠦᠮᠦᠵᠢᠯ᠎ᠤᠨ ᠲᠤᠪᠴᠢᠶᠠᠨ᠎ᠤ ᠪᠠᠴᠢᠮ ᠤᠳᠠᠰᠤ ᠵᠢ ᠲᠤᠰᠤᠮᠠᠭᠴᠠ ᠰᠦᠨᠢ ᠲᠦᠯᠢ᠎ᠪᠠᠷ ᠦᠪᠡᠷ᠎ᠤᠨ ᠠᠩᠭ᠎ᠠ ᠨᠢᠯᠬ᠎ᠠ᠎ᠪᠠᠨ ᠦᠳᠡᠯᠦᠭᠡ ᠪᠤᠭᠤᠷᠤᠯᠳᠤᠪᠠᠨ ᠬᠠᠶᠠᠵᠤ ᠦᠭᠭᠦᠭᠡᠳ ᠬᠠᠮᠳᠤ ᠠᠵᠢᠯᠯᠠᠭᠴᠢ ᠠᠬ᠎ᠠ ᠲᠡᠭᠦᠤ ᠨᠠᠷ ᠵᠶ᠋ᠠᠨ ᠲᠠᠭ᠋ᠠᠭᠤᠯᠵᠤ ᠬᠢᠵᠢᠭ᠎ᠤᠨ ᠠ᠋ᠮᠦᠨ᠎ᠡ ᠹᠷᠤᠨᠲ᠎ᠲᠤ ᠰᠢᠭᠤᠷᠬᠠᠶ᠋ᠢᠯᠠᠨ ᠪᠠᠶ᠋ᠢᠯᠳᠤᠵᠤ ᠢᠯᠠᠯᠳᠠ ᠵᠢᠨ ᠲᠠᠭᠤᠨ ᠬᠠᠩᠭᠢᠨᠠᠭ᠍ᠤ ᠪᠤᠯᠳᠠᠯ᠎ᠠ ᠭᠠᠪᠰᠢᠭ᠋ᠠᠶ᠋ᠢᠯᠠᠨ ᠲᠡᠮᠡᠴᠡᠵᠤ ᠠ᠋ᠷᠦᠬᠡ ᠲᠠᠷᠠᠭ᠋ᠠᠯᠠᠨ ᠪᠦᠭᠡᠮ ᠬᠦᠴᠢᠯ᠎ᠤᠨ ᠪᠠᠶ᠋ᠢᠴᠠᠭ᠋ᠠᠯᠳᠠ ᠬᠢᠵᠤ ᠪᠠᠶ᠋ᠢᠴᠠᠭ᠋ᠠᠭᠰᠠᠨ ᠦᠯᠢᠭᠡᠷ ᠠ᠋ᠳ᠋᠎ᠢ ᠰᠢᠯᠭ᠋ᠠᠨ ᠪᠠᠶ᠋ᠢᠴᠠᠭ᠋ᠠᠬᠤ ᠦᠷᠳᠡᠭᠡ᠎ᠳᠤ ᠬᠦᠷᠭᠡᠬᠦ᠂ ᠲᠤᠭ᠎ᠠ ᠪᠦᠷᠢᠳᠬᠡᠯ᠎ᠤᠨ ᠠᠵᠢᠯ᠎ᠢ ᠬᠠᠷᠭᠤᠭᠤᠯᠬᠤ ᠵᠡᠷᠭᠡ ᠠᠵᠢᠯ᠎ᠳᠤ ᠠ᠋ᠳᠤᠷ ᠰᠦᠨᠢ ᠦᠭᠡᠢ ᠰᠢᠷᠭ᠋ᠠᠭᠤ ᠠᠵᠢᠯᠯᠠᠨ ᠦᠪᠡᠷ᠎ᠤᠨ ᠠ᠋ᠷᠦᠬᠡ ᠭᠡᠷ᠂ ᠦᠷ᠎ᠡ ᠬᠡᠤᠬᠡᠳ᠂ ᠠᠷᠤ ᠭᠡᠷ᠎ᠤᠨ ᠠᠳᠠᠯ ᠠᠮᠢᠳᠤᠷᠠᠯᠭ᠎ᠠ᠎ᠪᠠᠨ ᠠᠷᠤ᠎ᠳᠤ᠎ᠪᠠᠨ ᠤᠷᠬᠢᠵᠤ ᠤᠳᠤᠭ᠎ᠠ ᠦᠭᠡᠢ ᠲᠠᠶ᠋ᠢᠨ᠎ᠤ ᠠ᠋ᠮᠦᠨ᠎ᠡ ᠹᠷᠤᠨᠲ᠎ᠲᠤ ᠤᠷᠤᠨ ᠨᠤᠳᠤᠭ᠎ᠤᠨ ᠵᠶ᠋ᠠᠨ ᠠ᠋ᠰᠡᠨ ᠮᠡᠨᠳᠤ ᠵᠢᠨ ᠲᠦᠯᠦᠭᠡ᠂ ᠤᠯᠠᠨ ᠲᠦᠮᠡᠨ᠎ᠤ ᠠᠮᠢ ᠨᠠᠰᠤᠨ᠎ᠤ ᠠᠮᠤᠷ ᠲᠦᠪᠰᠢᠨ᠎ᠤ ᠲᠦᠯᠦᠭᠡ ᠨᠢᠭᠡᠨ ᠦᠵᠦᠭᠦᠷᠳᠤ ᠰᠡᠳᠬᠢᠯ ᠵᠶ᠋ᠠᠷ ᠤᠯᠠᠨ ᠤᠯᠠᠨ ᠬᠦᠴᠢᠷ ᠪᠡᠷᠬᠡ ᠵᠢ ᠲᠤᠭᠤᠯᠤᠨ ᠲᠡᠮᠡᠴᠡᠵᠤ ᠴᠢᠷᠮᠠᠶ᠋ᠢᠨ ᠠᠵᠢᠯᠯᠠᠵᠤ ᠢᠷᠡᠭᠰᠡᠨ᠎ᠨᠢ ᠰᠤᠨᠤᠰᠤᠭᠰᠠᠨ ᠬᠦᠮᠦᠨ ᠪᠦᠬᠦᠨ᠎ᠤ ᠰᠡᠳᠬᠢᠯ ᠵᠢᠷᠦᠭᠡ ᠵᠢ ᠭᠦᠨ᠎ᠡ ᠲᠤᠭᠳᠤᠭᠤᠯᠤᠭᠰᠠᠨ ᠶᠤᠮ᠃ ᠲᠡᠷᠡ ᠪᠤᠯ ᠦᠨᠡᠭᠡᠷ ᠨᠢᠭᠡ ᠶᠡᠷᠤ ᠪᠤᠰᠤ ᠵᠢᠨ ᠠ᠋ᠮᠡᠭᠳᠡᠢ ᠪᠠᠭ᠋ᠠᠳᠤᠷ ᠪᠤᠯᠬᠤ ᠶᠤᠮ᠃
ᠨᠠᠷᠠ ᠤᠷᠭᠤᠬᠤ᠎ᠳᠤ ᠨᠠᠪᠴᠢ ᠲᠡᠯᠭᠡᠷᠡᠨ᠎ᠡ᠂ ᠨᠠᠰᠤ ᠲᠦᠯᠵᠢᠬᠦ᠎ᠳᠤ ᠪᠢᠯᠢᠭ ᠠ᠋ᠰᠠᠨᠢᠨᠡ᠃ ᠤᠳᠤ ᠪᠤᠯᠬᠤ᠎ᠳᠤ ᠬᠠᠢ ᠯᠦᠩ ᠮᠠᠨᠢ ᠰᠤᠷᠭ᠋ᠠᠭᠤᠯᠢ ᠵᠢᠨ ᠵᠶ᠋ᠠᠨ ᠬᠦᠷᠢᠶᠡᠨ᠎ᠡ ᠬᠢᠴᠢᠶᠡᠯᠯᠡᠬᠦ ᠬᠤᠩᠬᠤᠨ ᠲᠠᠭᠤᠨ᠎ᠢ ᠵᠢᠷᠭ᠋ᠠᠯ ᠴᠠᠯᠭᠢᠳᠠᠯᠠ ᠭᠢᠰᠭᠢᠯᠡᠨ ᠶᠠᠪᠤᠬᠤ᠎ᠳᠤ ᠰᠡᠳᠬᠢᠯ ᠵᠢᠷᠦᠬᠡᠨ᠎ᠳᠤᠨᠢ ᠪᠠᠶᠠᠷ ᠪᠠᠶᠠᠰᠤᠯ ᠬᠠᠯᠭᠢᠯᠠᠨ ᠴᠠᠯᠭᠢᠯᠠᠵᠤ ᠠᠮᠢᠳᠤᠷᠠᠯ᠎ᠨᠢ ᠰᠤᠯᠤᠩᠭ᠋ᠠᠨ ᠲᠤᠯᠤᠭ᠋ᠠᠨ ᠦᠩᠭᠡ᠎ᠪᠠᠷ ᠮᠢᠷᠠᠯᠵᠠᠵᠤ ᠪᠠᠶ᠋ᠢᠳᠠᠭ᠃ ᠠᠷᠢᠭᠤᠨ ᠬᠦᠳᠡᠯᠮᠦᠷᠢ᠎ᠠᠴᠠ ᠠᠮᠵᠢᠯᠳᠠ ᠵᠢᠨ ᠴᠡᠴᠡᠭ ᠲᠡᠯᠭᠡᠷᠡᠨ᠎ᠡ᠃ ᠠ᠋ᠨᠡ ᠪᠤᠯ ᠲᠡᠭᠦᠨ᠎ᠤ ᠬᠦᠴᠦ ᠬᠦᠯᠦᠰᠤ᠎ᠠᠴᠠ ᠲᠡᠯᠭᠡᠷᠡᠭᠰᠡᠨ ᠠᠮᠢᠯᠠᠯ᠎ᠤᠨ ᠪᠡᠯᠭᠡᠳᠤ ᠴᠡᠴᠡᠭ᠂ ᠬᠦᠰᠡᠯ ᠬᠦᠭᠡᠭᠡᠴᠡᠯᠳᠤᠯ᠎ᠠᠴᠠ ᠰᠤᠶᠤᠭ᠋ᠠᠯᠠᠭᠰᠠᠨ ᠠᠮᠢᠵᠢᠷᠠᠯ᠎ᠤᠨ ᠦᠨᠳᠤᠰᠤ ᠪᠤᠯᠬᠤ ᠤᠴᠢᠷᠳᠠᠢ᠃ ᠬᠦᠮᠦᠨ ᠭᠡᠳᠡᠭ ᠶᠡᠷᠤ᠎ᠨᠢ ᠦᠪᠡᠷ᠎ᠤᠨ ᠬᠦᠰᠡᠵᠤ ᠰᠠᠨᠠᠭᠰᠠᠨ ᠵᠶ᠋ᠠᠨ ᠪᠡᠶᠡᠯᠡᠬᠦᠯᠵᠤ ᠲᠡᠶ᠋ᠢᠯᠦᠭᠰᠡᠨ ᠦᠶᠡᠰ ᠰᠡᠳᠬᠢᠯ ᠲᠤᠳᠤᠷ᠎ᠠ᠎ᠨᠢ ᠬᠡᠵᠢᠶᠡᠳᠡ ᠬᠠᠮᠤᠭ᠎ᠤᠨ ᠲᠠᠶ᠋ᠢᠪᠤᠭᠤᠨ ᠬᠠᠮᠤᠭ᠎ᠤᠨ ᠲᠡᠨᠢᠭᠦᠬᠡᠨ ᠪᠤᠯᠳᠠᠭ᠃ ᠬᠠᠢ ᠯᠦᠩ᠎ᠤᠨ ᠮᠠᠨᠢ ᠦᠭᠡᠳᠡ᠎ᠠᠴᠠ ᠦᠯᠢᠶᠡᠬᠦ ᠨᠤᠳᠤᠭ᠎ᠤᠨ ᠬᠤᠩᠭᠤᠷ ᠰᠠᠯᠬᠢᠨ᠎ᠢ ᠬᠦᠷᠳᠡᠯ᠎ᠡ 《ᠪᠤᠯᠵᠤ ᠪᠠᠶ᠋ᠢᠨ᠎ᠠ᠂ ᠬᠡᠤᠬᠡᠨ ᠮᠢᠨᠢ ᠪᠤᠯᠵᠤ ᠪᠠᠶ᠋ᠢᠨ᠎ᠠ》 ᠭᠡᠵᠤ ᠴᠢᠬᠢᠨ᠎ᠳᠤᠨᠢ ᠨᠠᠮᠤᠭᠤᠬᠠᠨ ᠰᠢᠪᠡᠨᠡᠭᠦ ᠰᠢᠭ᠂ ᠲᠤᠷᠭ᠎ᠠ ᠰᠢᠬ ᠨᠡᠮᠡᠭᠦᠬᠡᠨ ᠬᠠᠴᠠᠷ᠎ᠢ᠎ᠨᠢ ᠠᠶᠠᠷᠬᠠᠨ ᠢᠯᠪᠢᠬᠦ ᠰᠢᠭ ᠲᠠᠭ᠋ᠠᠳᠠᠶ᠋ᠢᠬᠠᠨ ᠁ ᠲᠡᠷᠡ ᠮᠠᠨᠢ ᠦᠳᠡᠰᠢ ᠵᠢᠨ ᠰᠡᠯᠡᠭᠦᠤ᠎ᠪᠠᠷ ᠠ᠋ᠩᠭᠦᠷᠡᠢ ᠦᠷ᠎ᠡ᠎ᠪᠠᠨ ᠬᠦᠳᠦᠯᠦᠭᠡᠳ ᠬᠠᠭᠢᠷ᠎ᠤᠨ ᠬᠦᠪᠡᠭᠡ ᠲᠠᠭ᠋ᠠᠵᠤ ᠠᠯᠬᠤᠯᠠᠭ᠍ᠤᠳᠤ ᠤᠷᠴᠢᠯᠠᠩ ᠶᠠᠭᠤᠮ᠎ᠠ ᠪᠦᠬᠦᠨ᠎ᠨᠢ ᠲᠡᠶ᠋ᠢᠮᠤ ᠯᠡ ᠠ᠋ᠭᠡᠯᠢᠳᠡᠶ᠋ᠢᠬᠡᠨ᠂ ᠲᠡᠶ᠋ᠢᠮᠤ ᠯᠡ ᠬᠠᠯᠠᠭᠤᠬᠠᠨ ᠰᠠᠨᠠᠭᠳᠠᠭ᠍ᠤ ᠵᠢ ᠬᠡᠯᠡᠬᠦ ᠶᠠᠭᠤᠨ᠃ ᠲᠡᠭᠡᠬᠦ᠎ᠳᠤ ᠲᠡᠭᠦᠨ᠎ᠤ ᠮᠠᠨᠢ ᠪᠤᠳᠤᠯ ᠰᠡᠳᠬᠢᠯ ᠤᠩᠭᠤᠨ ᠪᠠᠶ᠋ᠢᠭ᠋ᠠᠯᠢᠳᠤᠪᠠᠨ ᠠᠭᠤᠰᠴᠤ ᠲᠡᠷᠡ ᠮᠠᠨᠢ ᠨᠡᠩ ᠤᠯᠠᠨ ᠤᠯᠠᠨ ᠰᠢᠯᠢᠳᠡᠭ ᠰᠠᠶ᠋ᠢᠬᠠᠨ ᠠᠮᠵᠢᠯᠳᠠ᠎ᠪᠠᠷ ᠵᠶ᠋ᠠᠨ ᠤᠰᠤ ᠨᠤᠳᠤᠭ᠎ᠤᠨ ᠵᠶ᠋ᠠᠨ ᠠᠯᠳᠠᠷ ᠨᠡᠷ᠎ᠡ ᠵᠢ ᠮᠠᠨᠳᠤᠭᠤᠯᠵᠤ ᠲᠠᠭᠤᠷᠢᠰᠤᠭᠤᠯᠵᠤ ᠶᠠᠪᠤᠨ᠎ᠠ ᠳ᠋ᠠ ᠭᠡᠵᠤ ᠤᠷᠮᠠᠰᠢᠨ ᠲᠤᠭᠳᠤᠯᠬᠤ᠎ᠳᠤ ᠢᠳᠡᠭᠡᠯ ᠵᠤᠷᠢᠭ᠎ᠨᠢ ᠢᠯᠠᠯᠳᠠ ᠵᠢᠨ ᠲᠦᠷᠦᠭᠡ ᠵᠢ᠎ᠨᠢ ᠮᠢᠯᠢᠶᠠᠨ ᠮᠢᠯᠢᠶᠠᠭᠰᠠᠭ᠋ᠠᠷ ᠁ ᠲᠡᠭᠡᠬᠦ᠎ᠳᠤ ᠵᠢᠷᠦᠬᠡ ᠵᠢᠨ ᠠᠭᠤᠳᠠᠮ ᠲᠠᠯ᠎ᠠ ᠨᠡᠩ ᠠᠭᠤᠵᠢᠮ ᠲᠡᠨᠢᠭᠡᠷ ᠪᠤᠯᠵᠤ ᠴᠡᠩᠭᠡᠷᠯᠡᠨ ᠬᠠᠷᠠᠭᠳᠠᠨ᠎ᠠ ᠪᠢᠯᠡ ᠁
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠠᠷᠤ ᠬᠤᠷᠴᠢᠨ ᠬᠤᠰᠢᠭᠤᠨ᠎ᠤ ᠬᠦᠳᠡᠭᠡ ᠲᠤᠰᠬᠤᠨ᠎ᠢ
ᠬᠦᠭᠵᠢᠭᠦᠯᠦᠨ ᠮᠠᠨᠳᠤᠭᠤᠯᠬᠤ ᠲᠤᠪᠴᠢᠶ᠎ᠠ
(ᠠᠯᠳᠠᠰᠦᠢ᠍ᠭᠡ ᠨᠠᠢ᠍ᠢ᠍ᠷᠠᠭᠤᠯᠪᠠ)
2023.1 ᠳ᠋ᠦ᠍ᠭᠡᠷ ᠬᠤᠭᠤᠴᠠᠭ᠎ᠠ