ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠣᠷᠭᠢᠯ ᠪᠤᠯᠠᠭ
ᠦᠰᠤᠨ ᠪᠤᠢ᠍ᠢ᠍ᠵᠢᠯᠳᠠ ᠵᠢᠨ ᠲᠤᠮᠳᠠᠬᠢ ᠬᠠᠮᠤᠭ᠎ᠤᠨ ᠲᠤᠮᠤ ᠲᠠᠢ᠍ᠢ᠍ᠰᠤᠨ ᠪᠤᠯ ᠢᠴᠢᠨᠭᠭᠦᠷᠡᠭᠦ ᠰᠡᠳᠬᠢᠯᠭᠡ ᠪᠤᠯᠤᠨ᠎ᠠ
ᠨᠡᠶ᠋ᠢᠲᠡᠯᠡᠭᠰᠡᠨ ᠴᠠᠭ᠄ 2023-11-09

                    ᠲᠤᠤ ᠼᠢ᠎ᠲᠤ ᠽᠢ (ᠱᠠᠭ᠋ᠠᠵᠠᠩ ᠲᠠᠤᠯᠠᠢ)


      ᠨᠢᠭᠡ
      ᠮᠢᠨᠦ ᠬᠠᠮᠤᠭ ᠠᠨᠭ᠌ᠬᠠᠨ᠎ᠤ 《ᠲᠤᠰᠢᠶᠠᠯ》 ᠪᠤᠯ ᠪᠠᠭ᠎ᠠ ᠰᠤᠷᠭ᠋ᠠᠭᠤᠯᠢ ᠵᠢᠨ ᠭᠤᠷᠪᠠᠳᠤᠭ᠋ᠠᠷ ᠤᠨ᠎ᠤ ᠦᠶ᠎ᠠ᠎ᠳᠤ ᠠᠨᠭ᠌ᠬᠢ ᠵᠢᠨ ᠠ᠋ᠷᠬᠢᠯᠡᠭᠴᠢ ᠪᠠᠭᠰᠢ ᠨᠠᠮ᠎ᠠ ᠵᠢ ᠠᠨᠭ᠌ᠭ᠍ᠯᠢ ᠭᠡᠯᠡᠨ᠎ᠤ ᠬᠢᠴᠢᠶᠡᠯ᠎ᠤᠨ ᠲᠦᠯᠦᠭᠡᠯᠡᠭᠴᠢ᠎ᠪᠠᠷ ᠲᠤᠮᠢᠯᠠᠭᠰᠠᠨ ᠶᠠᠪᠤᠳᠠᠯ ᠪᠤᠯᠤᠨ᠎ᠠ᠃ ᠲᠠᠷᠠ ᠦᠶ᠎ᠠ᠎ᠳᠤ ᠠᠨᠭ᠌ᠭ᠍ᠯᠢ ᠭᠡᠯᠡ ᠤᠳᠤ ᠵᠢᠨ ᠠᠳᠠᠯᠢ ᠴᠢᠬᠤᠯᠠ ᠪᠠᠢ᠍ᠢ᠍ᠷᠢᠨ᠎ᠳᠤ ᠪᠠᠢ᠍ᠢ᠍ᠭᠰᠠᠨ ᠦᠭᠡᠢ ᠪᠤᠯᠬᠤᠷ ᠠᠨᠭ᠌ᠬᠢ  ᠵᠢᠨ ᠠ᠋ᠷᠬᠢᠯᠡᠭᠴᠢ ᠪᠠᠭᠰᠢ ᠰᠠᠨᠠᠭ᠋ᠠᠨ ᠲᠠᠪᠠ᠎ᠪᠠᠷ ᠵᠶ᠋ᠠᠨ ᠨᠠᠮ᠎ᠠ ᠵᠢ ᠲᠤᠮᠢᠯᠠᠭᠰᠠᠨ ᠲᠠᠳᠤᠢ       ᠶᠤᠮ᠃ ᠠᠨᠭ᠌ᠬᠢ ᠵᠢᠨ ᠪᠠᠭᠰᠢ ᠬᠤᠷᠤᠭᠤ᠎ᠪᠠᠷ ᠵᠶ᠋ᠠᠨ ᠮᠢᠨᠦ ᠰᠢᠷᠡᠭᠡ ᠵᠢ ᠲᠤᠭᠰᠢᠵᠤ ᠠ᠋ᠭᠦᠳᠠᠨ᠎ᠳᠤ ᠵᠤᠭᠰᠤᠵᠤ ᠪᠠᠢ᠍ᠢ᠍ᠭᠰᠠᠨ ᠠᠨᠭ᠌ᠭ᠍ᠯᠢ ᠭᠡᠯᠡᠨ᠎ᠤ ᠪᠠᠭᠰᠢ᠎ᠳᠤ᠄ 《ᠬᠤᠢ᠍ᠢ᠍ᠰᠢᠳᠠ ᠠ᠋ᠨᠡ ᠰᠤᠷᠤᠭᠴᠢ ᠲᠠᠷᠤᠢ ᠴᠢᠨᠦ ᠠᠨᠭ᠌ᠭ᠍ᠯᠢ ᠭᠡᠯᠡᠨ᠎ᠤ ᠬᠢᠴᠢᠶᠡᠯ᠎ᠤᠨ ᠲᠦᠯᠦᠭᠡᠯᠡᠭᠴᠢ ᠪᠤᠯᠤᠨ᠎ᠠ᠂ ᠲᠠᠰᠬᠠᠯ ᠬᠤᠷᠢᠶᠠᠬᠤ᠂ ᠲᠠᠰᠬᠠᠯ ᠬᠤᠪᠢᠶᠠᠬᠤ ᠵᠡᠷᠭᠡ ᠠᠵᠢᠯ᠎ᠳᠤ ᠲᠡᠭᠦᠨ᠎ᠢ ᠠ᠋ᠷᠢᠪᠡᠯ ᠪᠤᠯᠴᠢᠬᠠᠨ᠎ᠠ》 ᠭᠡᠪᠡ᠃
      ᠲᠡᠭᠷᠢ᠎ᠠᠴᠠ ᠪᠠᠭᠤᠭᠰᠠᠨ 《ᠢᠷᠠᠭᠤ ᠠᠯᠳᠠᠷ》᠎ᠤᠨ ᠠ᠋ᠮᠦᠨ᠎ᠠ ᠪᠢ ᠶᠠᠭ᠋ᠠᠬᠢᠬᠤ ᠶᠠᠭ᠋ᠠᠬᠢᠬᠤ᠎ᠪᠠᠨ ᠤᠯᠵᠤ ᠶᠠᠳᠠᠪᠠ᠃ ᠦᠨᠠᠨ᠎ᠳᠤ᠎ᠪᠠᠨ ᠠᠨᠭ᠌ᠬᠢ ᠵᠢᠨ ᠪᠠᠭᠰᠢ ᠨᠠᠮ᠎ᠠ ᠵᠢ ᠰᠤᠨᠭ᠌ᠭᠤᠭᠰᠨᠨ᠎ᠨᠢ ᠨᠠᠮ᠎ᠠ ᠵᠢ ᠢᠳᠡᠭᠡᠵᠦ ᠪᠠᠢ᠍ᠢ᠍ᠭ᠎ᠠ᠎ᠳᠤ ᠪᠠᠢ᠍ᠢ᠍ᠭ᠎ᠠ ᠪᠢᠰᠢ ᠬᠠᠷᠢᠨ ᠪᠢ ᠬᠠᠮᠤᠭ᠎ᠤᠨ ᠠ᠋ᠮᠦᠨ᠎ᠠ ᠮᠦᠷ᠎ᠲᠤ ᠰᠠᠭᠤᠵᠤ ᠪᠠᠢ᠍ᠢ᠍ᠭᠰᠠᠨ ᠪᠠ ᠠᠨᠭ᠌ᠬᠢ ᠵᠢᠨ ᠪᠠᠭᠰᠢ ᠮᠢᠨᠦ ᠰᠢᠷᠡᠭᠡᠨ᠎ᠤ ᠬᠠᠵᠠᠭᠤ᠎ᠳᠤ ᠵᠤᠭᠰᠤᠵᠤ ᠪᠠᠢ᠍ᠢ᠍ᠭᠰᠠᠨ᠎ᠲᠠᠢ ᠬᠤᠯᠪᠤᠭᠳᠠᠨ᠎ᠠ᠃
      ᠮᠢᠨᠦ ᠠᠨᠭ᠌ᠭ᠍ᠯᠢ ᠭᠡᠯᠡᠨ᠎ᠤ ᠪᠠᠭᠰᠢ ᠪᠤᠯ ᠰᠠᠶᠢᠬᠠᠨ ᠶᠡᠭᠡ ᠰᠤᠷᠭ᠋ᠠᠭᠤᠯᠢ ᠲᠡᠭᠦᠰᠴᠤ ᠢᠷᠡᠭᠰᠡᠨ ᠭᠡᠤᠭᠡᠨ ᠪᠤᠯᠬᠤᠷ ᠪᠠᠷᠬᠢᠷᠠᠯᠳᠤᠨ ᠦᠢ᠍ᠮᠠᠭᠦᠯᠵᠦ ᠪᠠᠢ᠍ᠢ᠍ᠭ᠎ᠠ ᠪᠠᠭ᠎ᠠ ᠰᠤᠷᠭ᠋ᠠᠭᠤᠯᠢ ᠵᠢᠨ ᠭᠡᠤᠭᠡᠳ᠎ᠢ ᠬᠠᠮᠢᠶᠠᠷᠤᠨ ᠵᠠᠬᠢᠷᠴᠤ ᠲᠠᠢ᠍ᠢ᠍ᠯᠭᠦ ᠦᠭᠡᠢ ᠪᠠᠢ᠍ᠢ᠍ᠪᠠ᠃ ᠬᠠᠶᠠ ᠨᠢᠭᠡ ᠲᠦᠢ᠍ᠳᠭᠡᠷ ᠰᠤᠷᠤᠭᠴᠢ ᠵᠢᠨ ᠨᠠᠷ᠎ᠠ ᠵᠢ ᠲᠤᠷᠠᠳᠤᠨ ᠰᠢᠭᠦᠮᠵᠢᠯᠡᠭᠦ᠎ᠳᠤ᠎ᠪᠠᠨ ᠴᠦ᠍ ᠴᠢᠷᠠᠢ ᠨᠢᠭᠤᠷ᠎ᠨᠢ ᠤᠯᠠᠢ᠍ᠢ᠍ᠵᠤ᠂ ᠠᠰᠠᠭᠤᠭᠰᠠᠨ ᠠᠰᠠᠭᠤᠯᠳᠠ ᠵᠢ᠎ᠨᠢ ᠬᠠᠷᠢᠭᠤᠯᠬᠤ ᠭᠦᠮᠦᠨ ᠦᠭᠡᠢ ᠦᠶ᠎ᠠ᠎ᠳᠤ ᠮᠦᠨ ᠴᠦ᠍ ᠠᠷᠭ᠎ᠠ ᠠᠭ᠋ᠠᠰᠢ᠎ᠨᠢ ᠪᠠᠷᠠᠭᠳᠠᠨ ᠴᠢᠷᠠᠢ᠎ᠨᠢ ᠤᠯᠠᠢ᠍ᠢ᠍ᠳᠠᠬ᠃
      ᠲᠠᠷᠠ ᠪᠠᠰᠠ ᠨᠠᠭᠡᠭᠡᠯᠳᠠ ᠵᠢᠨ ᠬᠢᠴᠢᠶᠠᠯ ᠤᠷᠤᠬᠤ᠎ᠠᠴᠠ᠎ᠪᠠᠨ ᠠ᠋ᠮᠦᠨ᠎ᠠ ᠭᠡᠨ ᠵᠶ᠋ᠠᠷ ᠶᠠᠮᠠᠷ ᠠᠰᠠᠭᠤᠯᠳᠠ ᠵᠢ ᠬᠠᠷᠢᠭᠤᠯᠤᠭᠤᠯᠬᠤ᠎ᠪᠠᠨ ᠤᠷᠢᠳ ᠵᠶ᠋ᠠᠷ ᠲᠤᠭᠳᠠᠭ᠋ᠠᠬᠤ ᠮᠠᠳᠤ ᠭᠡᠪᠰᠢᠭᠰᠡᠨ ᠠᠷᠭ᠎ᠠ ᠵᠢ ᠭᠡᠷᠡᠭᠯᠡᠭᠦ᠎ᠪᠠᠨ ᠭᠦᠷᠳᠠᠯ᠎ᠠ ᠮᠠᠳᠡᠳᠡᠭ ᠦᠭᠡᠢ ᠶᠤᠮ᠃ ᠰᠤᠷᠭ᠋ᠠᠭᠤᠯᠢ ᠵᠢᠨ ᠤᠳᠤᠷᠢᠳᠤᠯᠭ᠎ᠠ ᠨᠠᠭᠡᠭᠡᠯᠳᠠ ᠵᠢᠨ ᠬᠢᠴᠢᠶᠡᠯ ᠰᠤᠨᠤᠰᠬᠤ ᠨᠢᠭᠡ ᠤᠳᠠᠭ᠋ᠠᠨ᠎ᠤ ᠬᠢᠴᠢᠶᠡᠯ ᠲᠡᠭᠡᠷ᠎ᠠ ᠲᠠᠷᠠ ᠰᠤᠷᠤᠭᠴᠢ᠎ᠪᠠᠷ ᠵᠶ᠋ᠠᠨ ᠬᠢᠴᠢᠶᠡᠯ᠎ᠤᠨ ᠨᠢᠭᠡ ᠪᠠᠳᠠᠭ᠎ᠢ ᠤᠨᠭ᠌ᠰᠢᠭᠤᠯᠬᠤ᠎ᠪᠠᠷ ᠲᠦᠯᠦᠪᠯᠠᠵᠠᠢ᠃ ᠬᠢᠴᠢᠶᠡᠯ᠎ᠨᠢ ᠭᠦᠨᠳᠤ ᠪᠢᠰᠢ ᠮᠦᠷᠳᠡᠭᠡᠨ ᠭᠤᠷᠪᠠ ᠲᠦᠷᠪᠡ ᠤᠳᠠᠭ᠎ᠠ ᠠᠰᠠᠭᠤᠭᠰᠠᠨ ᠴᠦ᠍ ᠨᠢᠭᠡ ᠴᠦ᠍ ᠰᠤᠷᠤᠭᠴᠢ ᠭᠠᠷ ᠠ᠋ᠷᠭᠦᠵᠤ ᠤᠨᠭ᠌ᠰᠢᠭᠰᠠᠨ ᠦᠭᠡᠢ᠃
      ᠪᠢ ᠠ᠋ᠮᠦᠨ᠎ᠠ ᠮᠦᠷ᠎ᠲᠤ ᠰᠠᠭᠤᠵᠤ ᠪᠠᠢ᠍ᠢ᠍ᠭᠰᠠᠨ ᠪᠤᠯᠬᠤᠷ ᠲᠡᠭᠦᠨ᠎ᠤ ᠴᠢᠷᠠᠢ᠎ᠨᠢ ᠤᠯᠠᠮ᠎ᠠᠴᠠ ᠤᠯᠠᠮ ᠤᠯᠠᠢ᠍ᠢ᠍ᠵᠤ ᠠᠨᠭ᠌ᠬᠢ ᠵᠢᠨ ᠲᠤᠳᠤᠷᠠᠬᠢ ᠬᠢᠷᠢ ᠪᠦᠳᠤᠮᠵᠢ᠎ᠪᠠᠷ ᠰᠠᠢ᠍ᠢ᠍ᠨ ᠭᠡᠳᠤᠨ ᠰᠤᠷᠤᠭᠴᠢ᠎ᠠᠴᠠ ᠲᠤᠰᠠᠯᠠᠮᠵᠢ ᠭᠤᠶᠤᠵᠤ ᠪᠠᠢ᠍ᠢ᠍ᠭ᠎ᠠ ᠬᠠᠷᠠᠴᠠ ᠵᠢ᠎ᠨᠢ ᠲᠤᠪ ᠲᠤᠳᠤᠷᠬᠠᠢ ᠤᠯᠵᠤ ᠦᠵᠠᠯ᠎ᠠ᠃ ᠭᠡᠳᠡᠯ᠎ᠠ ᠲᠡᠭᠦᠨ᠎ᠤ ᠰᠡᠳᠬᠢᠯᠭᠡ ᠵᠢ ᠤᠢ᠍ᠢ᠍ᠯᠠᠭ᠋ᠠᠵᠤ ᠭᠠᠷ ᠠ᠋ᠷᠭᠦᠭᠰᠡᠨ ᠰᠤᠷᠤᠭᠴᠢ ᠨᠢᠭᠡ ᠴᠦ᠍ ᠭᠠᠷᠤᠭᠰᠠᠨ ᠦᠭᠡᠢ᠃
      ᠪᠠᠭ᠎ᠠ ᠨᠠᠰᠤᠨ᠎ᠤ ᠪᠠᠭ᠋ᠠᠳᠤᠷ ᠵᠤᠷᠢᠬ ᠬᠢᠭᠡᠳ ᠲᠡᠭᠷᠢ᠎ᠠᠴᠠ ᠪᠠᠭᠤᠭᠰᠠᠨ ᠬᠢᠴᠢᠶᠡᠯ᠎ᠤᠨ ᠲᠦᠯᠦᠭᠡᠯᠡᠭᠴᠢ ᠵᠢᠨ ᠢᠷᠠᠭᠤ ᠠᠯᠳᠠᠷ᠎ᠤᠨ ᠰᠢᠬᠠᠯᠳᠠ ᠲᠤᠤᠷ᠎ᠠ ᠪᠢ ᠦᠪᠠᠷ᠎ᠤᠨ 《ᠠᠨᠠᠢ》 ᠰᠤᠷᠤᠭᠴᠢ ᠵᠢᠨ ᠪᠠᠢ᠍ᠢ᠍ᠷᠢ ᠭᠠᠷᠤᠯ ᠵᠶ᠋ᠠᠨ ᠦᠯᠦ ᠬᠠᠢ᠍ᠢ᠍ᠬᠤᠷᠤᠨ ᠭᠠᠷ ᠵᠶ᠋ᠠᠨ ᠠ᠋ᠷᠭᠦᠪᠠ᠃ ᠠᠨᠭ᠌ᠭ᠍ᠯᠢ ᠭᠡᠯᠡᠨ᠎ᠤ ᠪᠠᠭᠰᠢ ᠮᠠᠨᠢ ᠭᠦᠨᠳᠤ ᠲᠠᠷᠤᠭ᠋ᠠᠰᠤ᠎ᠠᠴᠠ᠎ᠪᠠᠨ ᠮᠤᠯᠳᠤᠷᠠᠭᠰᠠᠨ ᠰᠢᠬ ᠨᠠᠳᠠ ᠵᠦᠭ ᠢᠨᠢᠶᠡᠭᠰᠡᠨ ᠪᠤᠯᠪᠠᠴᠤ ᠭᠠᠭᠴᠠᠬᠠᠨ ᠮᠢᠨᠦᠢ᠍ᠲ ᠪᠤᠯᠤᠯ ᠦᠭᠡᠢ ᠲᠠᠷᠠ ᠭᠦ᠌ ᠢᠨᠢᠶᠡᠮᠰᠦᠭ ᠴᠢᠷᠠᠢ᠎ᠨᠢ ᠤᠬᠢᠯᠠᠮᠠᠷ ᠪᠤᠯᠵᠤ ᠬᠤᠪᠢᠷᠠᠯ᠎ᠠ᠃
      ᠪᠢ ᠦᠪᠠᠷ ᠵᠶ᠋ᠠᠨ ᠬᠢᠷᠢ ᠵᠡᠷᠭᠡ ᠮᠠᠭᠤᠬᠠᠢ ᠤᠨᠭ᠌ᠰᠢᠭᠰᠠᠨ ᠬᠡᠳᠡᠭ ᠵᠶ᠋ᠠᠨ ᠮᠠᠳᠠᠭᠦ ᠦᠭᠡᠢ ᠪᠤᠯᠪᠠᠴᠤ ᠠᠨᠭ᠌ᠬᠢ ᠵᠢᠨ ᠨᠦᠭᠦᠳ᠎ᠤᠨ ᠭᠦᠷᠴᠢᠬᠢᠨᠠᠳᠠᠯ᠎ᠠ ᠢᠨᠢᠶᠡᠭᠦ ᠳᠠᠭᠤᠨ᠎ᠢ ᠬᠠᠷᠢᠨ ᠤᠯᠵᠤ ᠰᠤᠨᠤᠰᠤᠯ᠎ᠠ᠃ ᠠᠨᠭ᠌ᠭ᠍ᠯᠢ ᠭᠡᠯᠡᠨ᠎ᠤ ᠪᠠᠭᠰᠢ ᠮᠠᠨᠢ ᠭᠦᠵᠦᠭᠦᠨ᠎ᠳᠤ᠎ᠪᠠᠨ ᠲᠤᠯᠳᠠᠯ᠎ᠠ ᠤᠯᠠᠢ᠍ᠢ᠍ᠵᠠᠢ᠃ ᠲᠡᠭᠦᠨ᠎ᠤ ᠲᠤᠷ᠎ᠠ ᠦᠭᠡᠢ᠍ᠢ᠍ᠴᠡᠭᠰᠡᠨ ᠬᠠᠷᠠᠴᠠ᠎ᠨᠢ ᠮᠢᠨᠦ ᠠᠵᠢᠯᠯᠠᠭ᠎ᠠ᠎ᠠᠴᠠ ᠪᠤᠯᠵᠤ ᠲᠠᠭᠦᠨ ᠎ᠤ ᠭᠠᠴᠢᠭᠳᠠᠯ᠎ᠢ ᠤᠯᠠᠮ ᠭᠦᠨᠳᠤᠷᠡᠭᠦᠯᠦᠭᠰᠡᠨ ᠰᠢᠭ ᠪᠠᠢ᠍ᠢ᠍ᠯ᠎ᠠ᠃ ᠲᠠᠪᠳᠠᠯᠭ᠎ᠠ ᠵᠢᠨ ᠬᠢᠴᠢᠶᠡᠯ ᠲᠡᠭᠡᠷ᠎ᠠ ᠠᠨᠭ᠌ᠬᠢ ᠵᠢᠨ ᠠ᠋ᠷᠬᠢᠯᠡᠭᠴᠢ ᠪᠠᠭᠰᠢ ᠨᠠᠮ᠎ᠠ ᠵᠢ ᠠ᠋ᠷᠢᠵᠤ ᠢᠷᠡᠭᠡᠳ᠄ 《ᠴᠢᠨᠦ ᠤᠨᠭ᠌ᠰᠢᠵᠤ ᠪᠠᠢ᠍ᠢ᠍ᠬᠤ᠎ᠠᠴᠠ ᠦᠵᠠᠭᠦ᠎ᠳᠤ ᠶᠠᠭ᠋ᠠᠬᠢᠵᠤ ᠠᠨᠭ᠌ᠭ᠍ᠯᠢ ᠭᠡᠯᠡᠨ᠎ᠤ ᠬᠢᠴᠢᠶᠡᠯ᠎ᠤᠨ ᠲᠦᠯᠦᠭᠡᠯᠡᠭᠴᠢ ᠪᠤᠯᠬᠤ ᠪᠤᠢ᠂ ᠤᠨᠭ᠌ᠰᠢᠵᠤ ᠴᠢᠳᠠᠬᠤ ᠦᠭᠡᠢ ᠪᠠᠢ᠍ᠢ᠍ᠭ᠋ᠠᠳ ᠶᠠᠭᠤᠨ᠎ᠳᠤ ᠭᠠᠷ ᠠ᠋ᠷᠭᠦᠭᠦ ᠪᠤᠢ?》 ᠭᠡᠵᠤ ᠵᠢᠮᠡᠯᠡᠨ ᠬᠡᠯᠡᠪᠡ᠃
      ᠪᠢ ᠠᠨᠭ᠌ᠬᠢ ᠵᠢᠨ ᠵᠶ᠋ᠠᠨ ᠨᠢᠭᠤᠷ᠎ᠢ ᠪᠠᠷᠠᠴᠢᠬᠠᠭᠰᠠᠨ ᠭᠡᠵᠢ ᠤᠤ? ᠪᠦᠷ ᠮᠢᠨᠦ ᠪᠤᠷᠤᠭᠤ ᠭᠡᠵᠦ ᠪᠤᠳᠤᠭ᠋ᠠᠳ ᠵᠠᠮ ᠲᠤᠷᠰᠢ ᠤᠬᠢᠯᠠᠭᠰᠠᠭ᠋ᠠᠷ ᠬᠠᠷᠢᠪᠠ᠃ ᠠᠪᠤ ᠡᠵᠢ ᠮᠢᠨᠢ ᠮᠢᠨᠦ ᠬᠢᠯᠢᠰᠳᠡᠭᠰᠡᠨ ᠰᠢᠯᠳᠠᠭ᠋ᠠᠨ᠎ᠢ ᠠᠰᠠᠭᠤᠭ᠋ᠠᠳ ᠤᠴᠢᠷ ᠰᠢᠯᠳᠠᠭ᠋ᠠᠨ᠎ᠢ᠎ᠨᠢ ᠮᠠᠳᠡᠭᠰᠡᠨ ᠬᠤᠢ᠍ᠢ᠍ᠨ᠎ᠠ᠄ 《ᠲᠠᠷᠠᠭ᠎ᠠ ᠤᠳᠠᠭ᠎ᠠ ᠰᠠᠢ᠍ᠢ᠍ᠨ ᠪᠠᠯᠠᠳᠭᠡᠪᠡᠯ ᠪᠤᠯᠴᠢᠬᠠᠨ᠎ᠠ ᠰᠢᠳᠠ!》 ᠭᠡᠵᠦ ᠬᠡᠯᠡᠪᠡ᠃ ᠲᠠᠳᠠᠨᠤᠰ ᠪᠦᠷ ᠨᠠᠮ᠎ᠠ ᠵᠢ ᠪᠠᠯᠠᠳᠭᠡᠯ ᠦᠭᠡᠢ᠎ᠪᠠᠷ ᠭᠠᠷ ᠠ᠋ᠷᠭᠦᠯ᠎ᠠ ᠭᠡᠵᠦ ᠪᠤᠳᠤᠭᠰᠠᠨ ᠪᠤᠯᠤᠯᠳᠠᠢ ᠭᠡᠨ ᠴᠦ᠍ ᠭᠡᠳ ᠮᠢᠨᠦ ᠵᠤᠷᠢᠭ ᠰᠦᠰᠦ ᠭᠢᠭᠡᠳ ᠬᠠᠷᠢᠭᠤᠴᠠᠯᠭ᠋ᠠᠳᠤ ᠰᠡᠳᠬᠢᠯᠭᠡ ᠵᠢ ᠮᠠᠭᠳᠠᠭᠰᠠᠨ ᠦᠭᠡᠢ ᠬᠠᠷᠢᠨ 《ᠰᠠᠢ᠍ᠢ᠍ᠨ ᠪᠠᠯᠠᠳᠭᠡᠭᠦ ᠭᠡᠷᠡᠭᠳᠠᠢ》 ᠭᠡᠳᠡᠭ ᠶᠠᠪᠤᠳᠠᠯ᠎ᠢ ᠮᠠᠰᠢ ᠴᠢᠬᠤᠯᠠᠴᠢᠯᠠᠨ ᠶᠠᠷᠢᠵᠤ ᠪᠠᠢ᠍ᠢ᠍ᠯ᠎ᠠ᠃

      ᠬᠤᠶᠠᠷ
      ᠸᠢᠴᠠᠲ ᠲᠡᠭᠡᠷ᠎ᠠ ᠴᠢᠤ ᠴᠸᠨ᠎ᠤ ᠪᠢᠴᠢᠭᠰᠡᠨ᠄ 《ᠮᠠᠨ᠎ᠤ ᠰᠤᠷᠭ᠋ᠠᠨ ᠭᠦᠮᠦᠵᠢᠯ ᠠ᠋ᠢ᠍ᠢ᠍ᠮᠦ ᠪᠠᠢ᠍ᠢ᠍ᠵᠤ ᠪᠤᠯᠬᠤ           ᠦᠭᠡᠢ᠃ ᠮᠠᠨ᠎ᠤ ᠠᠮᠢᠳᠤᠷᠠᠯ ᠲᠤᠮᠳᠠ 〈ᠢᠴᠢᠨᠭᠭᠦᠷᠡᠭᠦ ᠰᠡᠳᠬᠢᠯᠭᠡ〉 ᠪᠤᠯ ᠲᠦᠢ᠍ᠯ᠎ᠤᠨ ᠭᠦᠨᠳᠤᠴᠠ᠎ᠲᠠᠢ ᠦᠭᠡ         ᠶᠤᠮ》 ᠭᠡᠰᠡᠨ ᠦᠵᠠᠯᠳᠠ ᠵᠢ ᠮᠠᠰᠢ ᠵᠦᠪᠰᠢᠶᠠᠷᠠᠵᠤ ᠪᠠᠢ᠍ᠢ᠍ᠨ᠎ᠠ᠃ ᠲᠦᠷᠦᠭᠰᠡᠨ ᠮᠠᠭᠤᠬᠠᠢ ᠪᠤᠯ ᠵᠠᠪᠠᠯ ᠭᠦᠮᠦᠨ᠎ᠤ ᠠᠷᠤ᠎ᠳᠤ ᠲᠠᠯᠳᠠᠯᠠᠬᠤ ᠴᠢᠬᠤᠯᠠ᠎ᠲᠠᠢ ᠭᠡᠵᠦ ᠤᠤ᠂ ᠲᠠᠭᠤᠤ ᠪᠦᠵᠢᠭ᠎ᠲᠤ᠎ᠪᠠᠨ ᠠᠨᠠᠢ ᠪᠤᠯ ᠵᠠᠪᠠᠯ ᠭᠦᠮᠦᠨ᠎ᠤ ᠠᠷᠤ᠎ᠳᠤ ᠵᠤᠭᠰᠤᠬᠤ ᠭᠡᠷᠡᠭᠳᠠᠢ ᠭᠡᠵᠢ ᠤᠤ? ᠭᠦᠮᠦᠨ᠎ᠤ ᠵᠠᠬ᠎ᠠ᠎ᠳᠤ ᠶᠠᠮᠠᠷ ᠨᠢᠭᠡᠨ ᠲᠠᠯ᠎ᠠ᠎ᠪᠠᠷ ᠭᠦᠷᠤᠯᠴᠠᠭᠦ ᠦᠭᠡᠢ ᠪᠤᠯ ᠵᠠᠪᠠᠯ ᠪᠤᠰᠤᠳ᠎ᠲᠤ ᠰᠢᠭᠦᠮᠵᠢᠯᠡᠭᠳᠡᠭᠦ ᠶᠤᠰᠤᠳᠠᠢ ᠪᠢᠰᠢ ᠪᠢᠵᠠ᠃ ᠠ᠋ᠩ᠎ᠤᠨ ᠨᠢᠭᠡ ᠭᠦᠮᠦᠨ ᠭᠦᠷᠳᠠᠯ᠎ᠠ ᠬᠢᠴᠢᠶᠡᠮᠡᠳᠡᠭᠡᠢ ᠰᠠᠷᠠᠮᠵᠢ᠎ᠲᠠᠢ ᠪᠠᠢ᠍ᠢ᠍ᠬᠤ ᠭᠡᠷᠡᠭᠳᠠᠢ᠃ ᠦᠪᠠᠷ᠎ᠤᠨ ᠸᠢᠴᠠᠲ᠂ ᠨᠠᠢ᠍ᠢ᠍ᠵᠢ ᠵᠢᠨ ᠲᠤᠭᠤᠷᠢᠭ᠎ᠲᠤ ᠦᠪᠠᠷ᠎ᠤᠨ ᠵᠢᠷᠤᠭ ᠰᠠᠭᠦᠳᠡᠷ ᠵᠶ᠋ᠠᠨ ᠨᠠᠢ᠍ᠢ᠍ᠳᠠᠯᠠᠭᠦ᠎ᠳᠤ ᠴᠦ᠍ 《ᠠᠢ᠂ ᠴᠢ ᠶᠠᠮᠠᠷ ᠮᠠᠭᠤᠬᠠᠢ ᠲᠦᠷᠦᠭᠰᠡᠨ ᠪᠤᠢ》 ᠭᠡᠭᠦ ᠰᠢᠭᠦᠮᠵᠢᠯᠡᠯ᠎ᠠᠴᠠ ᠵᠠᠢ᠍ᠢ᠍ᠯᠠᠵᠤ ᠴᠢᠳᠠᠬᠤ ᠦᠭᠡᠢ ᠪᠠᠢ᠍ᠢ᠍ᠳᠠᠬ᠃
      ᠪᠢ ᠨᠢᠭᠡ ᠵᠤᠬᠢᠶᠠᠨ ᠪᠢᠴᠢᠭᠦ ᠠᠪᠢᠶᠠᠰ᠎ᠲᠠᠢ ᠪᠢᠴᠢᠬᠠᠨ ᠨᠠᠢ᠍ᠢ᠍ᠵᠠ᠎ᠲᠠᠢ ᠲᠠᠨᠢᠯᠴᠠᠭᠰᠠᠨ ᠪᠢᠯᠡ᠃ ᠲᠠᠷᠠ ᠲᠦᠨᠭᠭᠡᠵᠦ ᠨᠢᠭᠡ ᠵᠤᠬᠢᠶᠠᠯ ᠨᠠᠢ᠍ᠢ᠍ᠳᠠᠯᠠᠭᠦᠯᠭᠦ᠎ᠳᠤ ᠲᠤᠤᠷ᠎ᠠ᠎ᠪᠠᠨ ᠵᠠᠷᠢᠮ ᠭᠦᠮᠦᠨ᠄ 《ᠶᠠᠭᠤ ᠪᠢᠴᠢᠴᠢᠭᠡᠭᠰᠡᠨ ᠪᠤᠢ᠂ ᠠ᠋ᠢ᠍ᠢ᠍ᠮᠦ ᠵᠤᠬᠢᠶᠠᠯ ᠨᠠᠢ᠍ᠢ᠍ᠳᠠᠯᠠᠭᠦᠯᠭᠦ᠎ᠳᠤ᠎ᠪᠠᠨ ᠢᠴᠢᠭᠰᠡᠨ ᠦᠭᠡᠢ ᠤᠤ?》 ᠭᠡᠰᠡᠨ ᠦᠭᠡ ᠦᠯᠠᠳᠡᠭᠡᠵᠡᠢ᠃ ᠲᠠᠷᠠ ᠭᠡᠤᠭᠡᠳ ᠢᠴᠢᠵᠤ ᠰᠠᠨᠳᠤᠷᠤᠨ ᠲᠠᠨᠭ᠌ᠰᠠᠯᠠᠭᠰᠠᠨ ᠳ᠋ᠤᠭ᠋ᠠᠷ ᠵᠶ᠋ᠠᠨ ᠲᠤᠤᠷ᠎ᠠ᠎ᠪᠠᠨ ᠦᠭᠡᠢ᠍ᠢ᠍ᠰᠭᠡᠭᠡᠳ ᠨᠠᠳᠠᠳᠤ᠄ 《ᠪᠢ ᠴᠦ᠍ ᠦᠪᠠᠷ ᠵᠶ᠋ᠠᠨ ᠪᠠᠯᠠᠳᠭᠡᠯ ᠦᠭᠡᠢ ᠭᠡᠵᠦ ᠪᠤᠳᠤᠵᠤ ᠪᠠᠢ᠍ᠢ᠍ᠨ᠎ᠠ᠃ ᠪᠢ ᠤᠷᠢᠳ ᠵᠶ᠋ᠠᠷ ᠰᠠᠢ᠍ᠢ᠍ᠨ ᠪᠤᠯᠪᠠᠰᠤᠷᠠᠭᠰᠠᠨ᠎ᠤ ᠬᠤᠢ᠍ᠢ᠍ᠨ᠎ᠠ ᠲᠡᠬᠢᠵᠤ ᠮᠠᠳᠠᠶ᠎ᠠ》 ᠭᠡᠵᠦ ᠭᠡᠯᠡᠪᠠ᠃
      ᠦᠨᠠᠨ᠎ᠳᠤ᠎ᠪᠠᠨ ᠪᠢ ᠲᠡᠭᠦᠨ᠎ᠳᠤ ᠲᠠᠢ᠍ᠢ᠍ᠳᠬᠤᠷᠠᠭᠤᠯᠬᠤ ᠭᠡᠳᠤᠨ ᠦᠭᠡ ᠭᠡᠯᠡᠶ᠎ᠠ ᠭᠡᠵᠦ ᠪᠤᠳᠤᠵᠤ ᠪᠠᠢ᠍ᠢ᠍ᠭᠰᠠᠨ ᠪᠤᠯᠪᠠᠴᠤ ᠶᠠᠭᠤ ᠭᠡᠯᠡᠭᠦ᠎ᠪᠠᠨ ᠤᠯᠤᠭᠰᠠᠨ ᠦᠭᠡᠢ᠃ ᠦᠵᠠᠳᠠᠯ᠎ᠠ ᠲᠠᠷᠠ ᠭᠡᠤᠭᠡᠳ ᠭᠡᠵᠢᠶᠠᠳᠠ 《ᠪᠡᠯᠡᠳᠭᠡᠯ           ᠬᠢᠭᠦ》 ᠱᠠᠳᠤᠨ᠎ᠳᠤ᠎ᠪᠠᠨ ᠪᠠᠢ᠍ᠢ᠍ᠭ᠎ᠠ ᠪᠤᠯᠬᠤᠷ ᠠᠯᠬᠤᠮ ᠪᠦᠷᠢ᠎ᠳᠤ ᠭᠦᠴᠢᠷᠳᠠᠭᠦ ᠮᠦᠷᠳᠡᠭᠡᠨ ᠶᠠᠮᠠᠷ ᠴᠦ᠍ ᠬᠠᠪᠰᠤᠷᠤᠮᠵᠢ ᠤᠯᠵᠤ ᠰᠤᠨᠤᠰᠬᠤ ᠦᠭᠡᠢ ᠲᠤᠯᠠ ᠲᠠᠪᠰᠢᠯᠳᠠ᠎ᠨᠢ ᠤᠳᠠᠭ᠋ᠠᠰᠢᠷᠠᠭᠰᠠᠭ᠋ᠠᠷ ᠡᠴᠤᠰ᠎ᠲᠤ᠎ᠪᠠᠨ ᠨᠢᠭᠡᠮᠤᠰᠤᠨ ᠪᠢᠴᠢᠭᠦ᠎ᠪᠠᠨ ᠪᠠᠢ᠍ᠢ᠍ᠴᠢᠬᠠᠪᠠ᠃

      ᠭᠤᠷᠪᠠ
      ᠮᠢᠨᠦ ᠪᠠᠰᠠ ᠨᠢᠭᠡ ᠨᠠᠢ᠍ᠢ᠍ᠵᠠ ᠠᠷᠪᠠᠨ ᠭᠦᠮᠦᠨ᠎ᠠᠴᠠ ᠢᠯᠠᠭᠦᠦ ᠴᠤᠭᠯᠠᠭ᠎ᠠ ᠪᠤᠯᠤᠭᠰᠠᠭ᠋ᠠᠷ ᠢᠴᠢᠵᠤ           ᠰᠠᠨᠳᠤᠷᠳᠠᠬ᠃ ᠨᠢᠭᠡ ᠤᠳᠠᠭ᠎ᠠ ᠨᠠᠯᠢᠶᠠᠳ ᠤᠯᠠᠨ ᠭᠦᠮᠦᠨ ᠴᠤᠭᠯᠠᠭᠰᠠᠨ᠎ᠳᠤ ᠰᠦᠨᠢᠵᠢᠨ ᠭᠡᠷᠡᠮ᠎ᠤᠨ ᠮᠤᠬᠤᠷ᠎ᠲᠤ ᠰᠢᠷᠭᠤᠭ᠋ᠠᠳ ᠲᠤᠯᠤᠭ᠋ᠠᠢ᠎ᠪᠠᠨ ᠴᠦ᠍ ᠠ᠋ᠷᠭᠦᠭᠰᠡᠨ ᠦᠭᠡᠢ᠃ ᠬᠠᠷᠢᠬᠤ ᠵᠠᠮ᠎ᠳᠤ᠎ᠪᠠᠨ ᠪᠢ ᠲᠡᠭᠦᠨ᠎ᠠᠴᠠ᠄ 《ᠰᠠᠶᠢᠬᠠᠨ ᠴᠢ ᠶᠠᠭ᠋ᠠᠬᠢᠭ᠋ᠠᠳ ᠨᠢᠭᠡ ᠴᠦ᠍ ᠦᠭᠡ ᠲᠤᠤᠭ᠋ᠠᠷᠬᠤ ᠦᠭᠡᠢ ᠪᠤᠢ?》 ᠭᠡᠵᠦ ᠠᠰᠠᠭᠤᠭᠰᠠᠨ᠎ᠳᠤ ᠲᠠᠷᠠ᠄ 《ᠭᠦᠮᠦᠨ ᠲᠡᠨᠭᠳᠡᠭᠦᠦ ᠤᠯᠠᠨ᠂ ᠪᠤᠷᠤᠭᠤ ᠵᠦᠷᠢᠭᠦᠦ ᠭᠡᠯᠡᠴᠢᠭᠡᠪᠡᠯ ᠭᠦᠮᠦᠨ᠎ᠤ ᠠ᠋ᠯᠡᠭ ᠪᠤᠯᠴᠢᠬᠠᠨ᠎ᠠ ᠰᠢᠤ!》 ᠭᠡᠪᠡ᠃
      《ᠭᠡᠨ ᠴᠢᠮ᠎ᠠ ᠵᠢ ᠠ᠋ᠯᠡᠭᠯᠡᠭᠦ ᠪᠤᠢ?》 ᠭᠡᠰᠡᠨ ᠦᠭᠡ ᠵᠢ ᠭᠡᠯᠡᠶ᠎ᠠ ᠭᠡᠵᠦ ᠪᠤᠳᠤᠭᠰᠠᠨ ᠪᠤᠯᠪᠠᠴᠤ ᠭᠡᠯᠡᠵᠦ ᠴᠢᠳᠠᠭᠰᠠᠨ ᠦᠭᠡᠢ᠃ ᠤᠴᠢᠷ᠎ᠨᠢ ᠲᠡᠭᠦᠨ᠎ᠢ ᠠ᠋ᠯᠡᠭᠯᠡᠵᠦ ᠪᠠᠢ᠍ᠢ᠍ᠭ᠎ᠠ ᠭᠦᠮᠦᠨ ᠦᠭᠡᠷ᠎ᠠ ᠭᠦᠮᠦᠨ ᠪᠢᠰᠢ ᠦᠪᠠᠷ᠎ᠤᠨ ᠪᠠᠶ᠎ᠠ᠎ᠨᠢ ᠪᠤᠯᠤᠨ᠎ᠠ ᠭᠡᠳᠡᠭ᠎ᠢ ᠪᠢᠳᠠ ᠪᠦᠷ ᠮᠠᠳᠠᠵᠤ ᠪᠤᠯᠤᠨ᠎ᠠ᠃

      ᠲᠦᠷᠪᠡ
      ᠡ᠊ᠨᠡ ᠭᠦ᠌ ᠰᠢᠯᠳᠠᠭ᠋ᠠᠨ᠎ᠠᠴᠠ ᠪᠤᠯᠵᠤ ᠪᠢ ᠳᠡᠳᠡᠭᠡᠷ ᠪᠤᠰᠤᠳ᠎ᠢ ᠲᠠᠪᠠᠬᠤ᠎ᠪᠠᠷ ᠴᠢᠷᠮᠠᠢ᠍ᠢ᠍ᠳᠠᠬ ᠭᠦᠮᠦᠨ᠎ᠢ ᠤᠨᠴᠠᠭ᠋ᠠᠢ ᠪᠠᠬᠠᠷᠬᠠᠳᠠᠬ᠃ ᠲᠠᠢ᠍ᠢ᠍ᠮᠦ ᠭᠦᠮᠦᠨ ᠪᠤᠯ ᠶᠠᠬ ᠪᠢᠳᠠᠨ᠎ᠤ ᠠ᠋ᠰᠠᠷᠭᠦ ᠲᠠᠯ᠎ᠠ ᠰᠢᠬ ᠪᠠᠢ᠍ᠢ᠍ᠳᠠᠬ᠃ ᠲᠠᠢ᠍ᠢ᠍ᠮᠦ ᠭᠦᠮᠦᠨ ᠭᠡᠵᠢᠶᠠᠳᠠ ᠤᠷᠴᠢᠨ ᠲᠤᠭᠤᠷᠢᠨ᠎ᠳᠤ ᠪᠠᠷᠢᠭᠳᠠᠳᠠᠬ ᠦᠭᠡᠢ᠂ ᠭᠡᠵᠢᠶᠠᠳᠠ ᠦᠪᠠᠷ᠎ᠢ᠎ᠪᠠᠨ ᠮᠠᠭᠤ ᠭᠡᠵᠦ ᠪᠤᠳᠤᠳᠠᠬ ᠦᠭᠡᠢ᠂ ᠭᠡᠵᠢᠶᠠᠳᠠ ᠦᠪᠠᠷ᠎ᠢ᠎ᠪᠠᠨ ᠨᠠᠩ ᠰᠠᠢ᠍ᠢ᠍ᠨ ᠪᠤᠯᠤᠨ᠎ᠠ ᠭᠡᠳᠡᠭ᠎ᠢ ᠢᠳᠡᠭᠡᠵᠦ ᠶᠠᠬ ᠯᠡ ᠨᠢᠭᠡ ᠵᠦᠢ᠍ᠯ᠎ᠤᠨ ᠲᠦᠷᠤᠯᠬᠢ ᠵᠢᠨ ᠠᠪᠢᠶᠠᠰ᠎ᠲᠠᠢ ᠰᠢᠬ ᠪᠤᠳᠤᠳᠠᠬ᠃
      ᠶᠠᠬ ᠠ᠋ᠢ᠍ᠢ᠍ᠮᠦ᠎ᠠᠴᠠ ᠮᠢᠨᠦ ᠲᠠᠨᠢᠳᠠᠬ ᠲᠠᠷᠠ ᠨᠠᠢ᠍ᠢ᠍ᠵᠠ᠎ᠳᠤ ᠶᠠᠷᠦ᠎ᠠᠴᠠ᠎ᠪᠠᠨ ᠲᠠᠢ᠍ᠢ᠍ᠮᠦ ᠨᠠᠷᠢᠨ ᠪᠤᠳᠤᠯᠢᠶᠠᠨ᠎ᠲᠠᠢ ᠲᠤᠳᠤᠭ᠋ᠠᠳᠤ ᠰᠡᠳᠬᠢᠯᠭᠡ ᠵᠢᠨ ᠲᠤᠭᠳᠠᠯᠴᠠᠭ᠎ᠠ ᠭᠡᠵᠦ ᠪᠠᠢ᠍ᠢ᠍ᠳᠠᠬ ᠦᠭᠡᠢ ᠪᠢᠯᠠ᠃ ᠲᠡᠭᠦᠨ᠎ᠤ ᠠᠭᠤᠷᠯᠠᠵᠦ ᠢᠨᠢᠶᠠᠭᠦ᠎ᠳᠤ᠎ᠨᠢ ᠪᠦᠷ ᠵᠤᠷᠢᠭᠤᠳᠠ ᠪᠢᠰᠢ ᠠᠶᠠᠨᠳᠠᠭ᠋ᠠᠨ᠎ᠤ ᠠ᠋ᠨ᠋ᠸᠷᠬᠢ ᠢᠯᠠᠷᠠᠵᠤ ᠪᠠᠢ᠍ᠢ᠍ᠳᠠᠬ ᠪᠤᠯᠬᠤᠷ ᠲᠡᠭᠦᠨ᠎ᠳᠤ ᠲᠤᠷ᠎ᠠ ᠦᠭᠡᠢ ᠭᠦᠮᠦᠨ ᠴᠦ᠍ ᠭᠡᠳ ᠲᠡᠭᠦᠨ ᠎ᠤ ᠪᠠᠶ᠎ᠠ ᠳᠡᠭᠡᠷᠡᠬᠢ ᠲᠠᠢ᠍ᠢ᠍ᠪᠤᠭᠤ ᠲᠡᠭᠵᠢᠨ ᠰᠡᠳᠬᠢᠯᠭᠡ ᠵᠢ ᠦᠭᠡᠢ᠍ᠢ᠍ᠰᠭᠡᠵᠦ ᠴᠢᠳᠠᠬᠤ ᠦᠭᠡᠢ ᠪᠠᠢ᠍ᠢ᠍ᠳᠠᠬ᠃ ᠲᠠᠷᠠ᠄ 《ᠲᠠᠯᠠᠭᠡᠢ ᠵᠢᠨ ᠰᠠᠭᠰᠤᠨ ᠪᠦᠮᠪᠦᠭᠡ ᠵᠢᠨ ᠬᠤᠯᠪᠤᠭ᠋ᠠᠨ᠎ᠤ ᠲᠠᠯᠠᠭᠡᠢ ᠵᠢᠨ ᠬᠤᠨᠳᠠᠭ᠋ᠠᠳᠤ ᠠ᠋ᠷᠡᠭᠳᠠᠢ ᠵᠢᠨ ᠤᠷᠤᠯᠳᠤᠭ᠋ᠠᠨ》 ᠭᠡᠳᠡᠭ᠎ᠢ 《ᠠ᠋ᠮᠡᠭᠳᠠᠢ ᠵᠢᠨ ᠤᠷᠤᠯᠳᠤᠭ᠋ᠠᠨ》 ᠭᠡᠵᠦ ᠭᠡᠯᠡᠴᠢᠭᠡᠭᠡᠳ ᠦᠴᠦᠭᠡᠨ ᠴᠦ᠍ ᠢᠴᠢᠭᠦ ᠦᠭᠡᠢ ᠪᠠᠢ᠍ᠢ᠍ᠪᠠ᠃ ᠭᠡᠳᠡᠯ᠎ᠠ ᠦᠭᠡᠷ᠎ᠠ ᠭᠦᠮᠦᠨ ᠬᠠᠵᠠᠭᠤ᠎ᠠᠴᠠ᠎ᠨᠢ᠄ 《ᠪᠤᠷᠬᠠᠨ᠂ ᠪᠢ ᠪᠠᠢ᠍ᠢ᠍ᠭᠰᠠᠨ ᠪᠤᠯ ᠤᠷᠤᠬᠤ ᠭᠠᠵᠠᠷ ᠵᠶ᠋ᠠᠨ ᠤᠯᠬᠤ ᠦᠭᠡᠢ ᠰᠠᠨᠳᠤᠷᠤᠨ᠎ᠠ》 ᠭᠡᠵᠦ ᠭᠡᠯᠡᠵᠤ ᠪᠠᠢ᠍ᠢ᠍ᠪᠠ᠃
      ᠦᠨᠠᠨ᠎ᠳᠤ᠎ᠪᠠᠨ ᠵᠤᠬᠢᠶᠠᠯᠴᠢ ᠲᠤᠮᠰ·ᠬᠠᠷᠳᠢ 《ᠳ᠋ᠸᠪᠠᠢ ᠵᠢᠨ ᠲᠠᠢ᠍ᠢ᠍ᠽ》 ᠭᠡᠳᠡᠭ ᠨᠤᠮ᠎ᠳᠤ᠎ᠪᠠᠨ ᠪᠢᠳᠠᠨ          ᠎ᠳᠤ᠄ 《ᠭᠡᠷᠪᠠ ᠲᠠᠷᠠ ᠠ᠋ᠳᠤᠷ ᠰᠦᠨᠢ ᠦᠭᠡᠢ ᠦᠪᠠᠷ᠎ᠢ᠎ᠪᠠᠨ ᠦᠷᠦ ᠡᠪᠡᠳᠴᠦ ᠭᠦᠭᠡᠷᠤᠭᠦᠢ᠍ᠢ᠍ᠯᠡᠭᠡᠳ ᠪᠠᠢ᠍ᠢ᠍ᠪᠠᠯ ᠪᠤᠰᠤᠳ ᠭᠦᠮᠦᠨ ᠲᠡᠭᠦᠨ᠎ᠢ ᠵᠦᠪᠭᠡᠨ 〈ᠱᠤᠷᠤᠨ᠎ᠳᠤ᠎ᠪᠠᠨ〉 ᠭᠡᠵᠦ ᠯᠡ ᠭᠡᠯᠡᠭᠦ ᠪᠤᠯᠤᠨ᠎ᠠ᠂ ᠭᠡᠷᠪᠠ ᠲᠠᠷᠠ ᠪᠠᠶᠠᠷ ᠪᠠᠶᠠᠰᠬᠤᠯᠠᠩ᠎ᠢ ᠭᠦᠭᠡᠭᠡᠴᠡᠯᠳᠤᠵᠤ ᠪᠤᠬᠢᠨᠢᠳᠤᠯ ᠪᠠᠴᠢᠮᠳᠠᠯ᠎ᠢ ᠦᠯᠳᠠᠭᠦ᠎ᠳᠤ ᠭᠦᠷᠪᠡᠯ ᠪᠤᠰᠤᠳ ᠭᠦᠮᠦᠨ ᠲᠡᠭᠦᠨ ᠎ᠢ 〈ᠭᠦᠶᠢ᠂ ᠲᠠᠷᠠ ᠴᠢᠨᠢ ᠦᠨᠠᠭᠡᠷ ᠲᠠᠰᠪᠤᠷᠢ ᠲᠠᠪᠵᠢᠶᠡᠷᠢ᠎ᠲᠠᠢ ᠪᠠᠢ᠍ᠢ᠍ᠨ᠎ᠠ〉 ᠭᠡᠵᠦ ᠭᠡᠯᠡᠭᠦ ᠪᠤᠯᠤᠨ᠎ᠠ》 ᠭᠡᠰᠡᠨ ᠬᠠᠷᠢᠭᠤᠯᠳᠠ ᠦᠭᠭᠦᠭᠰᠡᠨ ᠪᠠᠢ᠍ᠢ᠍ᠳᠠᠬ᠃
      ᠠ᠋ᠷᠬᠢᠨ ᠲᠤᠭᠤᠷᠢᠨ᠎ᠤ ᠭᠦᠮᠦᠰ ᠴᠢᠨᠢ ᠴᠢᠮ᠎ᠠ᠎ᠳᠤ ᠶᠠᠮᠠᠷ ᠮᠠᠶᠢᠬ ᠵᠶ᠋ᠠᠷ ᠬᠠᠨᠳᠤᠬᠤ ᠭᠡᠳᠡᠭ᠎ᠢ ᠰᠢᠢ᠍ᠳᠪᠤᠷᠢᠯᠡᠭᠦ ᠭᠦᠮᠦᠨ ᠪᠤᠯ ᠴᠢ ᠦᠪᠠᠷ ᠵᠶ᠋ᠠᠨ ᠶᠤᠮ᠃ ᠰᠢᠭᠦᠮᠵᠢᠯᠡᠭᠳᠡᠪᠡᠯ ᠵᠠᠢ᠍ᠢ᠍ᠯᠠᠬᠤ᠎ᠳᠤ ᠭᠦᠷᠪᠡᠯ ᠭᠦᠮᠦᠰ ᠴᠢᠮ᠎ᠠ ᠵᠢ ᠱᠤᠷᠤᠨ᠎ᠳᠤ᠎ᠪᠠᠨ ᠭᠡᠵᠦ ᠭᠡᠯᠡᠨ᠎ᠠ᠃ ᠰᠠᠨᠳᠤᠷᠤᠭ᠋ᠠᠳ ᠨᠢᠴᠤᠭ᠋ᠠᠪᠠᠯ ᠠᠪᠤᠨ ᠲᠤᠤᠷ᠎ᠠ᠎ᠪᠠᠨ ᠭᠡᠷᠡᠯᠳᠤᠮᠠᠷ           ᠦᠵᠡᠭᠳᠡᠨ᠎ᠠ᠃ ᠠ᠋ᠢ᠍ᠢ᠍ᠮᠦ᠎ᠠᠴᠠ ᠴᠢ ᠠ᠋ᠷᠭᠡᠪᠰᠢ ᠯᠠᠪᠳᠠᠭᠤᠨ ᠲᠠᠪᠴᠢᠶᠡᠷᠢ᠎ᠲᠠᠢ᠎ᠪᠠᠷ ᠭᠦᠮᠦᠰ᠎ᠤᠨ ᠠ᠋ᠮᠦᠨ᠎ᠠ ᠢᠯᠠᠷᠠᠵᠤ ᠲᠠᠭᠤᠯᠠᠬᠤ ᠴᠠᠭ᠎ᠲᠤ᠎ᠪᠠᠨ ᠲᠠᠭᠤᠯᠠᠵᠤ᠂ ᠵᠤᠭᠤᠭᠳᠠᠬᠤ ᠴᠠᠭ᠎ᠲᠤ᠎ᠪᠠᠨ ᠵᠤᠭᠤᠭᠳᠠᠪᠠᠯ ᠪᠤᠯᠴᠢᠬᠠᠨ᠎ᠠ᠃
      ᠭᠠᠭᠴᠠ ᠭᠦ᠌ ᠦᠪᠠᠷ᠎ᠤᠨ ᠢᠴᠢᠨᠭᠭᠦᠷᠢ᠎ᠪᠠᠨ ᠦᠪᠠᠷ ᠵᠶ᠋ᠠᠨ ᠮᠠᠷᠳᠠᠵᠤ ᠴᠢᠳᠠᠪᠠᠯ ᠪᠤᠰᠤᠳ ᠭᠦᠮᠦᠨ ᠰᠠᠶᠢ ᠴᠢᠮ᠎ᠠ ᠵᠢ ᠲᠠᠭ᠋ᠠᠭ᠋ᠠᠳ ᠮᠠᠷᠳᠠᠴᠢᠬᠠᠨ᠎ᠠ᠃ ᠠ᠋ᠨᠡ ᠲᠠᠯᠠᠭᠡᠢ ᠵᠦᠪᠭᠡᠨ ᠶᠠᠭᠤ ᠪᠦᠭᠦᠨ᠎ᠳᠤ᠎ᠪᠠᠨ ᠰᠠᠢ᠍ᠢ᠍ᠨ ᠪᠠᠢ᠍ᠢ᠍ᠳᠠᠬ ᠭᠦᠮᠦᠨ᠎ᠤ᠎ᠬᠢ ᠪᠢᠰᠢ ᠶᠤᠮ᠃ ᠲᠡᠭᠡᠭᠦ᠎ᠪᠠᠷ ᠵᠶ᠋ᠠᠨ ᠢᠴᠢᠨᠭᠭᠦᠷᠡᠭᠦ ᠰᠡᠳᠬᠢᠯᠭᠡ᠎ᠪᠠᠷ ᠦᠪᠠᠷ᠎ᠤᠨ ᠪᠤᠢ᠍ᠢ᠍ᠵᠢᠯᠳᠠ᠎ᠪᠠᠨ ᠦᠭᠡᠢ᠍ᠢ᠍ᠰᠭᠡᠵᠦ ᠪᠤᠯᠬᠤ ᠦᠭᠡᠢ᠃

      (《ᠪᠠᠭᠰᠢ ᠵᠢᠨ ᠬᠤᠷᠸ᠎ᠠ》 ᠰᠠᠳᠭᠦᠯ᠎ᠤᠨ 2019 ᠤᠨ᠎ᠤ 12 ᠳ᠋ᠤᠭ᠋ᠠᠷ 
              ᠬᠤᠭᠤᠴᠠᠭ᠎ᠠ᠎ᠠᠴᠠ ᠰᠠᠢ᠍ᠢ᠍ᠨᠪᠤᠶᠠᠨ ᠤᠷᠴᠢᠭᠤᠯᠤᠨ ᠨᠠᠢ᠍ᠢ᠍ᠷᠠᠭᠤᠯᠪᠠ)

 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠶᠠᠫᠤᠨ ᠤᠯᠤᠰ ᠰᠤᠷᠤᠭᠴᠢ ᠵᠢᠨ ᠬᠤᠭᠤᠯᠠ ᠵᠢ ᠢᠨᠭ᠌ᠬᠢᠵᠤ ᠬᠢᠵᠤ ᠪᠠᠢ᠍ᠢ᠍ᠨ᠎ᠠ
ᠰᠤᠷᠭ᠋ᠠᠨ ᠭᠦᠮᠦᠵᠢᠯ᠎ᠤᠨ ᠲᠤᠬᠠᠢ ᠲᠠᠰᠤᠭ ᠪᠤᠰᠤᠬ ᠦᠵᠡᠯᠳᠡ
 
             蒙ICP备05000248号