ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠡᠪᠡᠰᠦ ᠤᠷᠭᠤᠮᠠᠯ᠎ᠤᠨ ᠡᠮᠲᠦ ᠬᠡᠷᠡᠭᠴᠡᠭᠡ
ᠨᠡᠶ᠋ᠢᠲᠡᠯᠡᠭᠰᠡᠨ ᠴᠠᠭ᠄ 2023-11-16

      《ᠥᠷᠭᠡᠰᠦ ᠵᠢ ᠪᠠᠰᠤᠪᠠᠯ ᠡᠪᠡᠳᠴᠢᠨ ᠪᠣᠯᠣᠨ᠎ᠠ》 ᠭᠡᠳᠡᠭᠴᠢᠯᠡᠨ ᠡᠪᠡᠰᠦ ᠤᠷᠭᠤᠮᠠᠯ᠎ᠤᠨ ᠡᠮᠲᠦ ᠬᠡᠷᠡᠭᠴᠡᠭᠡ ᠵᠢ ᠰᠠᠶ᠋ᠢᠲᠤᠷ ᠮᠡᠳᠡᠵᠦ ᠰᠠᠶ᠋ᠢᠬᠠᠨ ᠬᠡᠷᠡᠭᠯᠡᠪᠡᠯ ᠡᠪᠡᠳᠴᠢᠨ ᠡᠮᠭᠡᠭ᠎ᠢ ᠠᠨᠠᠭ᠋ᠠᠳᠠᠭ ᠵᠢᠮ᠎ᠡ ᠶᠣᠰᠣ᠎ᠲᠠᠢ ᠪᠠᠶ᠋ᠢᠳᠠᠭ᠃ ᠳᠣᠣᠷ᠎ᠠ ᠵᠠᠷᠢᠮ ᠡᠪᠡᠰᠦ ᠤᠷᠭᠤᠮᠠᠯ᠎ᠤᠨ ᠡᠮᠲᠦ ᠬᠡᠷᠡᠭᠴᠡᠭᠡ᠎ᠠᠴᠠ ᠲᠥᠭᠦᠮ ᠲᠠᠨᠢᠯᠴᠠᠭᠤᠯᠤᠶ᠎ᠠ᠃
      ᠮᠠᠯᠹᠤᠳ᠄ ᠪᠦᠯᠢᠶᠡᠨ ᠴᠢᠨᠠᠷ᠎ᠲᠠᠢ ᠢᠯᠴᠢ ᠵᠢ ᠡᠭᠦᠰᠬᠡᠵᠦ᠂ ᠴᠢᠰᠤ ᠵᠢ ᠰᠠᠶ᠋ᠢᠵᠢᠷᠠᠭᠤᠯᠤᠨ᠂ ᠬᠦᠢ᠍ᠲᠡᠨ ᠡᠪᠡᠳᠴᠢᠨ ᠪᠠ ᠬᠥᠯ᠎ᠤᠨ ᠪᠠᠮ ᠡᠪᠡᠳᠴᠢᠨ᠎ᠢ ᠵᠠᠰᠠᠬᠤ᠎ᠳᠤ ᠬᠡᠷᠡᠭᠴᠡᠭᠡ᠎ᠲᠠᠢ ᠪᠠᠶ᠋ᠢᠳᠠᠭ᠃
      ᠮᠣᠷᠢᠨ ᠪᠤᠶᠠ᠄ (ᠯᠢᠳᠡᠷᠢ ᠭᠡᠵᠦ ᠪᠠᠰᠠ ᠬᠡᠯᠡᠳᠡᠭ) ᠴᠢᠨᠠᠷ ᠲᠡᠭᠰᠢ᠂ ᠦᠨᠳᠦᠰᠦ ᠵᠢ᠎ᠨᠢ ᠬᠡᠷᠡᠭᠯᠡᠳᠡᠭ᠃ ᠭᠤᠣᠯᠳᠠᠭᠤ ᠴᠢᠰᠤ᠎ᠪᠠᠷ ᠪᠠᠭ᠋ᠠᠰᠤ ᠠᠯᠳᠠᠬᠤ ᠵᠢ ᠵᠣᠭᠰᠣᠭ᠋ᠠᠵᠤ᠂ ᠬᠤᠳᠣᠭᠤᠳᠤᠨ᠎ᠤ ᠬᠦᠢ᠍ᠲᠡᠨ ᠰᠢᠷ᠎ᠠ ᠤᠰᠤ ᠵᠡᠷᠭᠡ ᠵᠢ ᠠᠨᠠᠭ᠋ᠠᠵᠤ᠂ ᠬᠢᠮᠤᠷᠠᠭᠰᠠᠨ ᠴᠢᠰᠤᠨ ᠬᠠᠯᠠᠭᠤᠨ᠎ᠢ ᠪᠣᠯᠪᠠᠰᠤᠷᠠᠭᠤᠯᠬᠤ᠎ᠳᠤ ᠲᠤᠩ ᠰᠠᠶ᠋ᠢᠨ ᠪᠠᠶ᠋ᠢᠳᠠᠭ᠃
      ᠵᠤᠮᠴᠠ᠄ ᠴᠢᠨᠠᠷ᠎ᠨᠢ ᠰᠡᠷᠢᠭᠦᠨ᠂ ᠴᠢᠳᠠᠯ᠎ᠨᠢ ᠲᠣᠭᠤᠯᠭ᠋ᠠᠬᠤ᠎ᠳᠤ ᠬᠡᠷᠡᠭᠯᠡᠳᠡᠭ᠃ ᠡᠰᠢ ᠵᠢ᠎ᠨᠢ ᠬᠡᠷᠡᠭᠯᠡᠪᠡᠯ ᠪᠠᠳᠭ᠋ᠠᠨ᠂ ᠬᠦᠢ᠍ᠲᠡᠨ᠎ᠢ ᠵᠠᠰᠠᠵᠤ᠂ ᠦᠨᠳᠦᠰᠦ ᠎ᠨᠢ ᠬᠠᠯᠠᠭᠤᠨ᠎ᠢ ᠲᠠᠭᠤᠵᠤ᠂ ᠬᠤᠣᠷ᠎ᠤᠨ ᠬᠠᠯᠠᠭᠤᠨ᠂ ᠰᠠᠪᠠᠨ᠎ᠤ ᠬᠠᠯᠠᠭᠤᠨ᠂ ᠪᠠᠳᠭ᠋ᠠᠨ ᠶᠠᠷ᠎ᠠ᠂ ᠰᠢᠷ᠎ᠠ ᠤᠰᠤ ᠵᠢ ᠠᠨᠠᠭ᠋ᠠᠵᠤ ᠴᠢᠳᠠᠳᠠᠭ᠃
      ᠪᠠᠯᠴᠢᠷᠤᠤ ᠡᠪᠡᠰᠦ᠄ (ᠠᠯᠲᠠᠨ ᠤᠲᠠᠰᠤ ᠭᠡᠵᠦ ᠪᠠᠰᠠ ᠬᠡᠯᠡᠳᠡᠭ) ᠰᠡᠷᠢᠭᠦᠨ ᠴᠢᠨᠠᠷ᠎ᠲᠠᠢ᠂ ᠴᠤᠯᠤ᠂ ᠰᠠᠪᠠ ᠡᠯᠢᠭᠡᠨ᠎ᠤ ᠬᠠᠯᠠᠭᠤᠨ᠎ᠢ ᠲᠠᠭᠤᠵᠤ᠂ ᠭᠠᠳᠠᠷ ᠰᠢᠷᠬ᠎ᠠ᠂ ᠮᠠᠭ᠋ᠠᠵᠢᠭᠤᠷ ᠬᠢᠭᠡᠳ ᠬᠠᠯᠠᠭᠤᠨ᠎ᠠᠴᠠ ᠪᠣᠯᠤᠭᠰᠠᠨ ᠲᠣᠯᠣᠭ᠋ᠠᠢ ᠵᠢᠨ ᠡᠪᠡᠳᠴᠢᠨ᠎ᠳᠤ ᠲᠤᠰᠠᠲᠠᠢ ᠪᠠᠶ᠋ᠢᠳᠠᠭ᠃
      ᠬᠠᠷ᠎ᠠ ᠯᠤᠤᠯᠢ᠄ ᠲᠡᠭᠰᠢ ᠴᠢᠨᠠᠷ᠎ᠲᠠᠢ᠂ ᠴᠢᠳᠠᠯ᠎ᠨᠢ ᠡᠪᠡᠳᠴᠢᠨ ᠪᠦᠬᠦᠨ᠎ᠢ ᠬᠥᠯᠥᠷᠡᠭᠦᠯᠦᠨ ᠠᠷᠢᠯᠭ᠋ᠠᠵᠤ ᠬᠠᠭᠤᠴᠢᠷᠠᠭᠰᠠᠨ ᠬᠢᠵᠢᠭ᠂ ᠴᠢᠰᠤ ᠪᠥᠭᠡᠮᠨᠡᠷᠡᠭᠰᠡᠨ ᠪᠠ ᠠᠭᠤᠰᠬᠢᠨ᠎ᠤ ᠬᠠᠳᠬᠤᠯᠭ᠎ᠠ᠂ ᠦᠶ᠎ᠡ ᠭᠡᠰᠢᠭᠦᠨ᠎ᠤ ᠰᠢᠷ᠎ᠠ ᠤᠰᠤ ᠵᠡᠷᠭᠡ ᠵᠢ ᠠᠨᠠᠭ᠋ᠠᠳᠠᠭ᠃
      ᠰᠤᠬᠠᠢ ᠮᠣᠳᠣ ᠄ ᠰᠡᠷᠢᠭᠦᠨ ᠴᠢᠨᠠᠷ᠎ᠲᠠᠢ᠂ ᠬᠠᠯᠠᠭᠤᠨ᠎ᠢ ᠲᠠᠭᠤᠵᠤ ᠬᠤᠣᠷ᠎ᠢ ᠠᠷᠢᠯᠭ᠋ᠠᠨ᠎ᠠ᠂ ᠭᠤᠣᠯᠳᠠᠭᠤ ᠰᠢᠷ᠎ᠠ ᠤᠰᠤ ᠵᠢ ᠬᠠᠳᠠᠭ᠋ᠠᠵᠤ᠂ ᠶᠠᠷ᠎ᠠ ᠰᠢᠷᠬᠠᠨ᠎ᠤ ᠬᠠᠯᠠᠭᠤᠨ᠎ᠢ ᠡᠮᠴᠢᠯᠡᠳᠡᠭ᠃
      ᠠᠷᠴᠠ᠄ ᠰᠡᠷᠢᠭᠦᠨ ᠴᠢᠨᠠᠷ᠎ᠲᠠᠢ᠂ ᠴᠢᠳᠠᠯ᠎ᠨᠢ ᠪᠣᠯ ᠪᠥᠭᠡᠷᠡᠨ᠎ᠤ ᠬᠠᠯᠠᠭᠤᠨ᠂ ᠰᠢᠭᠡᠬᠦ᠎ᠳᠤ ᠡᠪᠡᠳᠬᠦ᠂ ᠳᠠᠪᠤᠰᠠᠩ᠎ᠤᠨ ᠡᠪᠡᠳᠴᠢᠨ᠂ ᠶᠠᠰᠤᠨ᠎ᠳᠤ ᠰᠢᠨᠤᠭᠰᠠᠨ ᠬᠠᠯᠠᠭᠤᠨ᠂ ᠬᠤᠰᠬᠢᠨᠠᠭ᠎ᠤᠨ ᠭᠦᠪᠲᠦᠷᠦᠦ᠂ ᠪᠠᠭ᠋ᠠᠰᠤ ᠬᠠᠳᠠᠬᠤ᠂ ᠡᠮᠡᠭᠲᠡᠶ᠋ᠢᠴᠦᠳ᠎ᠤᠨ ᠴᠢᠰᠤ ᠪᠦᠷᠢᠯᠳᠦᠭᠰᠡᠨ ᠡᠪᠡᠳᠴᠢᠨ᠂ ᠬᠥᠯᠥᠰᠦ ᠭᠠᠷᠬᠤ᠂ ᠬᠡᠷᠦᠯᠭᠡ᠂ ᠡᠯᠢᠭᠡ ᠰᠥᠰᠥᠨ᠎ᠤ ᠡᠪᠡᠳᠴᠢᠨ ᠪᠠ ᠠᠷᠠᠰᠤᠨ᠎ᠳᠤ ᠲᠠᠷᠬᠠᠭᠰᠨᠠ ᠰᠢᠷ᠎ᠠ ᠵᠢᠨ ᠡᠪᠡᠳᠴᠢᠨ᠂ ᠲᠤᠰᠤᠯ ᠠᠯᠳᠠᠬᠤ ᠵᠡᠷᠭᠡ ᠡᠪᠡᠳᠴᠢᠨ᠎ᠢ ᠠᠨᠠᠭ᠋ᠠᠳᠠᠭ᠃
      ᠮᠣᠷᠢᠨ ᠰᠢᠷᠠᠯᠵᠢ᠄ ᠰᠡᠷᠢᠭᠦᠨ ᠴᠢᠨᠠᠷ᠎ᠲᠠᠢ᠂ ᠬᠠᠯᠠᠭᠤᠨ᠎ᠢ ᠠᠷᠢᠯᠭ᠋ᠠᠵᠤ᠂ ᠨᠠᠷᠠᠰᠢᠭᠰᠠᠨ ᠬᠤᠣᠷ᠎ᠢ ᠲᠠᠶ᠋ᠢᠯᠳᠠᠭ᠃ ᠪᠠᠰᠠ ᠱᠦᠯᠬᠦᠭᠡ ᠡᠪᠡᠳᠴᠢᠨ᠎ᠢ ᠵᠠᠰᠠᠵᠤ᠂ ᠬᠤᠭᠤᠯᠠᠢ ᠬᠠᠪᠤᠳᠴᠤ ᠬᠠᠭ᠋ᠠᠭᠳᠠᠬᠤ᠂ ᠪᠤᠶ᠋ᠢᠯᠠ ᠬᠠᠪᠤᠳᠬᠤ᠂ ᠪᠠᠭ᠍ᠤᠤ ᠵᠡᠷᠭᠡ ᠡᠪᠡᠳᠴᠢᠨ᠎ᠳᠤ ᠲᠤᠰᠠᠲᠠᠢ᠃
      ᠠᠬᠢ ᠄ ᠰᠡᠷᠢᠭᠦᠨ ᠴᠢᠨᠠᠷ᠎ᠲᠠᠢ᠂ ᠴᠢᠰᠤ ᠵᠢ ᠵᠣᠭᠰᠣᠭ᠋ᠠᠵᠤ᠂ ᠬᠠᠪᠤᠳᠠᠷ᠎ᠢ ᠬᠠᠷᠢᠭᠤᠯᠤᠨ᠎ᠠ᠃
      ᠯᠠᠵᠤᠤ᠄ ᠬᠠᠯᠠᠭᠤᠨ ᠴᠢᠨᠠᠷ᠎ᠲᠠᠢ᠂ ᠬᠠᠯᠠᠭᠤᠨ᠎ᠢ ᠠᠷᠢᠯᠭ᠋ᠠᠵᠤ᠂ ᠪᠡᠲᠡᠭᠢ ᠵᠢ ᠡᠪᠳᠡᠨ᠂ ᠬᠤᠷᠣᠬᠠᠢ ᠵᠢ ᠠᠯᠠᠬᠤ᠎ᠳᠤ ᠬᠡᠷᠡᠭᠯᠡᠨ᠎ᠡ᠃ ᠭᠤᠣᠯᠳᠠᠭᠤ᠂ ᠬᠤᠰᠬᠢᠨᠠᠭ᠎ᠤᠨ ᠭᠦᠪᠲᠦᠷᠦᠦ ᠪᠠ ᠱᠠᠮᠪᠠᠷᠠᠮ ᠡᠪᠡᠳᠴᠢᠨ᠎ᠢ ᠠᠨᠠᠭ᠋ᠠᠬᠤ᠎ᠳᠤ ᠲᠤᠰᠠᠲᠠᠢ᠃
      ᠱ᠌ᠢᠷᠦᠨ ᠤᠨᠵᠢᠯᠭ᠎ᠠ ᠄ ᠲᠡᠭᠰᠢ ᠴᠢᠨᠠᠷ᠎ᠲᠠᠢ᠂ ᠬᠠᠯᠠᠭᠤᠨ᠎ᠢ ᠠᠷᠢᠯᠭ᠋ᠠᠵᠤ᠂ ᠴᠤᠭᠯᠠᠷᠠᠭᠰᠠᠨ ᠮᠠᠭᠤ ᠴᠢᠰᠤ ᠵᠢ ᠲᠠᠷᠬᠠᠭ᠋ᠠᠨ᠎ᠠ᠃ ᠡᠯᠢᠭᠡ ᠪᠥᠭᠡᠷᠡᠨ᠎ᠤ ᠲᠠᠮᠢᠷ᠎ᠢ ᠰᠠᠶ᠋ᠢᠵᠢᠷᠠᠭᠤᠯᠵᠤ᠂ ᠵᠢᠷᠦᠬᠡᠨ ᠬᠠᠯᠠᠭᠤᠨ᠂ ᠬᠢᠮᠤᠷᠠᠭᠰᠠᠨ ᠬᠠᠯᠠᠭᠤᠨ᠂ ᠬᠥᠬᠦᠨ ᠬᠠᠪᠤᠲᠠᠢ ᠪᠠ ᠴᠢᠰᠤᠨ ᠪᠢᠳᠡᠬᠢ᠂ ᠤᠮᠠᠢ ᠵᠢᠨ ᠪᠢᠲᠡᠬᠢ᠂ ᠰᠠᠷ᠎ᠠ ᠵᠢᠨ ᠭ᠋ᠬᠢᠷ ᠬᠤᠷᠢᠭᠳᠠᠭᠰᠠᠨ᠎ᠢ ᠠᠨᠠᠭ᠋ᠠᠬᠤ᠎ᠳᠤ ᠬᠡᠷᠡᠭᠯᠡᠨ᠎ᠡ᠃
      ᠡᠪᠡᠰᠦᠨ ᠭᠦᠷᠭᠦᠮ᠄ ᠰᠡᠷᠢᠭᠦᠨ ᠴᠢᠨᠠᠷ᠎ᠲᠠᠢ᠂ ᠴᠢᠰᠤᠨ ᠭᠦᠶᠦᠳᠡᠯ᠎ᠢ ᠰᠠᠶ᠋ᠢᠵᠢᠷᠠᠭᠤᠯᠵᠤ ᠰᠠᠷ᠎ᠠ ᠵᠢᠨ ᠭ᠋ᠬᠢᠷ᠎ᠢ ᠲᠡᠭᠰᠢ ᠪᠣᠯᠭ᠋ᠠᠨ᠎ᠠ᠃ ᠪᠠᠰᠠ ᠡᠯᠢᠭᠡᠨ ᠬᠠᠯᠠᠭᠤᠨ᠎ᠢ ᠠᠷᠢᠯᠭ᠋ᠠᠵᠤ᠂ ᠲᠠᠮᠢᠷ᠎ᠢ ᠰᠠᠶ᠋ᠢᠵᠢᠷᠠᠭᠤᠯᠤᠨ᠎ᠠ᠂ ᠡᠪᠡᠳᠬᠦ ᠵᠢ ᠵᠣᠭᠰᠤᠭ᠋ᠠᠬᠤ ᠮᠥᠷᠲᠡᠭᠡᠨ ᠬᠠᠪᠤᠳᠠᠷ᠎ᠢ ᠬᠠᠷᠢᠭᠤᠯᠬᠤ ᠦᠢ᠍ᠯᠡᠳᠦᠯ᠎ᠲᠠᠢ᠃
      ᠭᠠᠩᠨᠠᠭᠤᠷ ᠡᠪᠡᠰᠦ ᠄ ᠰᠡᠷᠢᠭᠦᠨ ᠴᠢᠨᠠᠷ᠎ᠲᠠᠢ᠂ ᠢᠯᠵᠢᠷᠡᠬᠦ ᠵᠢ ᠵᠣᠭᠰᠣᠭ᠋ᠠᠵᠤ᠂ ᠰᠢᠷᠬ᠎ᠠ ᠵᠢ ᠠᠨᠠᠭ᠋ᠠᠬᠤ᠂ ᠬᠠᠪᠤᠳᠠᠷ᠎ᠢ ᠬᠠᠷᠢᠭᠤᠯᠬᠤ᠂ ᠬᠤᠣᠷ ᠲᠠᠶ᠋ᠢᠯᠬᠤ᠂ ᠬᠠᠯᠠᠭᠤᠨ᠎ᠢ ᠠᠷᠢᠯᠭ᠋ᠠᠬᠤ᠂ ᠬᠤᠷᠠᠭᠰᠠᠨ ᠮᠠᠭᠤ ᠴᠢᠰᠤ ᠵᠢ ᠲᠠᠷᠬᠠᠭ᠋ᠠᠬᠤ ᠴᠢᠳᠠᠯ᠎ᠲᠠᠢ᠃ ᠣᠭᠲᠣᠯᠣᠭᠰᠠᠨ ᠰᠢᠷᠬᠠᠨ᠎ᠳᠤ ᠰᠦ ᠵᠢ᠎ᠨᠢ ᠲᠦᠷᠬᠢᠪᠡᠯ ᠮᠠᠰᠢ ᠲᠦᠷᠭᠡᠨ ᠡᠳᠡᠭᠡᠷᠡᠴᠢᠬᠡᠨ᠎ᠡ᠃
      ᠰᠥᠰᠥ ᠡᠪᠡᠰᠦ᠄ ᠰᠡᠷᠢᠭᠦᠨ ᠴᠢᠨᠠᠷ᠎ᠲᠠᠢ᠂ ᠰᠢᠷ᠎ᠠ ᠵᠢᠨ ᠬᠠᠯᠠᠭᠤᠨ ᠵᠶ᠋ᠠᠷ ᠲᠣᠯᠣᠭ᠋ᠠᠢ ᠡᠪᠡᠳᠬᠦ᠂ ᠶᠡᠭᠡ᠎ᠪᠠᠷ ᠬᠠᠯᠠᠭᠤᠷᠠᠬᠤ᠂ ᠨᠢᠳᠦ ᠰᠢᠷᠠᠯᠠᠬᠤ᠂ ᠠᠮᠠ ᠭᠠᠰᠢᠭᠤᠷᠠᠬᠤ ᠵᠡᠷᠭᠡ ᠵᠢᠨ ᠡᠪᠡᠳᠴᠢᠨ᠎ᠳᠤ ᠲᠤᠰᠠᠲᠠᠢ ᠪᠠᠶ᠋ᠢᠳᠠᠭ᠃

ᠢᠷᠡᠯᠲᠡ᠄ ᠦᠦᠰᠢᠨ ᠬᠤᠰᠢᠭᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠡᠪᠡᠰᠦ ᠪᠡᠯᠴᠢᠭᠡᠷ᠎ᠤᠨ ᠭᠦᠷᠦᠰᠦ ᠰᠢᠷᠦᠢ ᠵᠢ ᠰᠤᠯᠠᠷᠠᠭᠤᠯᠬᠤ
ᠨᠠᠷᠢᠮᠤ ᠵᠢᠨ ᠴᠠᠢ᠌ᠬᠤ ᠡᠪᠡᠳᠴᠢᠨ
ᠦᠶᠡᠲᠦ ᠲᠠᠷᠢᠶᠠᠨ᠎ᠤ ᠲᠦᠷᠦᠯ᠎ᠤᠨ ᠬᠠᠷᠠᠤ ᠡᠪᠡᠳᠴᠢᠨ
ᠴᠠᠭ᠋ᠠᠨ ᠨᠣᠭᠤᠭ᠎ᠠ ᠵᠢᠨ ᠪᠠᠺᠲ᠋ᠧᠷᠢ ᠵᠢᠨ ᠴᠥᠮ᠎ᠡ ᠵᠢᠨ ᠡᠪᠡᠳᠴᠢᠨ᠎ᠢ ᠰᠡᠷᠭᠡᠶ᠋ᠢᠯᠡᠨ ᠵᠠᠰᠠᠬᠤ
ᠦᠵᠦᠮ᠎ᠤᠨ ᠴᠠᠢ᠌ᠷᠠᠵᠤ ᠢᠯᠵᠠᠷᠠᠬᠤ ᠡᠪᠡᠳᠴᠢᠨ
 
             蒙ICP备05000248号