ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠭᠦᠢ᠍ᠯᠡᠰᠦᠨ ᠨᠠᠪᠴᠢ ᠰᠢᠷᠠᠯᠠᠬᠤ ᠡᠪᠡᠳᠴᠢᠨ
ᠨᠡᠶ᠋ᠢᠲᠡᠯᠡᠭᠰᠡᠨ ᠴᠠᠭ᠄ 2024-02-20


    1. ᠰᠢᠨᠵᠢ ᠲᠡᠮᠳᠡᠭ
      ᠭᠤᠤᠯᠳᠠᠭᠤ ᠮᠤᠳᠤᠨ᠎ᠤ ᠰᠢᠨ᠎ᠡ ᠮᠦᠴᠢᠷ᠂ ᠨᠠᠪᠴᠢᠨ ᠢᠯᠳᠠᠰᠤ ᠵᠢ ᠬᠦᠨᠦᠭᠡᠳᠡᠭ᠂ ᠪᠠᠰᠠ ᠴᠡᠴᠡᠭ ᠪᠤᠯᠤᠨ ᠦᠷ᠎ᠡ ᠵᠢᠮᠢᠰ᠎ᠢ ᠬᠦᠨᠦᠭᠡᠨ᠎ᠡ᠃ ᠰᠢᠨ᠎ᠡ ᠮᠦᠴᠢᠷ᠎ᠲᠤ ᠡᠪᠡᠳᠴᠢᠨ ᠬᠠᠯᠳᠠᠪᠤᠷᠢᠯᠠᠭᠰᠠᠨ᠎ᠤ ᠳᠠᠷᠠᠭ᠎ᠠ᠂ ᠪᠦᠬᠦ ᠮᠤᠳᠤᠨ᠎ᠤ ᠰᠢᠨ᠎ᠡ ᠮᠦᠴᠢᠷ᠎ᠤᠨ ᠰᠠᠯᠠᠭ᠎ᠠ᠂ ᠨᠠᠪᠴᠢ ᠵᠢ ᠪᠦᠷ ᠡᠪᠡᠳᠴᠢᠯᠡᠭᠦᠯᠳᠡᠭ ᠶᠤᠮ᠃ ᠡᠪᠡᠳᠴᠢᠳᠠᠢ ᠰᠢᠨ᠎ᠡ ᠮᠦᠴᠢᠷ᠎ᠤᠨ ᠤᠷᠭᠤᠴᠠ᠎ᠨᠢ ᠠᠯᠭᠤᠷ ᠤᠳᠠᠭ᠋ᠠᠨ᠂ ᠦᠶ᠎ᠡ ᠵᠢᠨ ᠬᠤᠭᠤᠷᠤᠨᠳᠤᠬᠢ ᠵᠠᠢ᠎ᠨᠢ ᠤᠬᠤᠷ ᠮᠦᠷᠲᠡᠭᠡᠨ ᠪᠦᠲᠦᠭᠦᠨ᠂ ᠨᠠᠪᠴᠢ᠎ᠨᠢ ᠪᠠᠭᠯᠠᠷᠠᠵᠤ ᠤᠷᠭᠤᠭᠰᠠᠨ ᠬᠡᠯᠪᠡᠷᠢᠳᠠᠢ᠃ ᠨᠠᠪᠴᠢᠨ᠎ᠤ ᠦᠩᠭᠡᠨ ᠬᠠᠯᠢᠰᠤ᠎ᠨᠢ ᠡᠬᠢᠯᠡᠭᠡᠳ ᠬᠦᠨ ᠤᠯᠠᠭ᠋ᠠᠨ ᠦᠩᠭᠡᠳᠡᠢ᠂ ᠳᠠᠷᠠᠭ᠎ᠠ᠎ᠪᠠᠷ ᠰᠢᠷ᠎ᠠ ᠨᠤᠭᠤᠭ᠋ᠠᠨ ᠦᠩᠭᠡᠳᠡᠢ ᠬᠤᠪᠢᠷᠠᠭ᠋ᠠᠳ ᠲᠡᠭᠡᠷ᠎ᠡ᠎ᠨᠢ ᠰᠢᠷ᠎ᠠ ᠬᠦᠷᠡᠩ ᠦᠩᠭᠡ ᠵᠢᠨ ᠭᠦᠲᠦᠢ᠌ᠭᠰᠡᠨ ᠵᠢᠵᠢᠭ ᠲᠤᠰᠤᠯ ᠤᠷᠭᠤᠵᠤ ᠭᠠᠷᠳᠠᠭ᠃ ᠴᠡᠴᠡᠭ᠎ᠨᠢ ᠬᠦᠨᠦᠭᠡᠭᠳᠡᠪᠡᠯ ᠴᠡᠴᠡᠭ᠎ᠤᠨ ᠲᠤᠭᠲᠤᠢ᠎ᠨᠢ ᠵᠤᠵᠠᠭ᠋ᠠᠷᠠᠵᠤ᠂ ᠠᠮᠠᠷᠬᠠᠨ ᠴᠡᠴᠡᠭ ᠳᠡᠯᠭᠡᠷᠡᠬᠦ ᠦᠭᠡᠢ ᠮᠦᠷᠳᠡᠭᠡᠨ ᠴᠡᠴᠡᠭ᠎ᠤᠨ ᠲᠤᠭᠲᠤᠢ᠂ ᠴᠡᠴᠡᠭ᠎ᠤᠨ ᠬᠡᠯᠲᠡᠰ᠎ᠨᠢ ᠵᠤᠯᠭ᠋ᠠᠷᠠᠵᠤ ᠤᠨᠠᠳᠠᠭ ᠦᠭᠡᠢ᠃ ᠦᠷ᠎ᠡ ᠵᠢᠮᠢᠰ᠎ᠲᠤ ᠡᠪᠡᠳᠴᠢᠨ ᠬᠠᠯᠳᠠᠪᠤᠷᠢᠯᠠᠪᠠᠯ ᠤᠷᠭᠤᠴᠠ᠎ᠨᠢ ᠵᠤᠭᠰᠤᠵᠤ᠂ ᠦᠩᠭᠡᠨ ᠲᠠᠯ᠎ᠠ ᠳᠡᠭᠡᠷ᠎ᠡ᠎ᠨᠢ ᠰᠢᠷᠠᠪᠲᠤᠷ ᠦᠩᠭᠡ ᠵᠢᠨ ᠡᠪᠡᠳᠴᠢᠨ᠎ᠤ ᠲᠤᠯᠪᠤ᠎ᠲᠠᠢ᠂ ᠡᠪᠡᠳᠴᠢᠨ᠎ᠤ ᠲᠤᠯᠪᠤ ᠳᠡᠭᠡᠷ᠎ᠡ ᠤᠯᠠᠭ᠋ᠠᠨ ᠬᠦᠷᠡᠩ ᠦᠩᠭᠡ ᠵᠢᠨ ᠵᠢᠵᠢᠭ ᠮᠦᠬᠦᠯᠢᠭᠲᠦ ᠲᠤᠰᠤᠯ ᠭᠠᠷᠴᠤ᠂ ᠰᠡᠭᠦᠯᠴᠢ ᠵᠢᠨ ᠬᠤᠭᠤᠴᠠᠭ᠎ᠠ ᠪᠤᠯᠪᠠᠯ ᠬᠠᠳᠠᠵᠤ ᠦᠬᠦᠰᠢᠷᠡᠭᠡᠳ ᠵᠤᠯᠭ᠋ᠠᠷᠠᠵᠤ ᠤᠨᠠᠬᠤ ᠪᠤᠶᠤ ᠮᠦᠴᠢᠷ ᠳᠡᠭᠡᠷ᠎ᠡ᠎ᠪᠠᠨ ᠡᠯᠭᠦᠭᠳᠡᠵᠦ ᠪᠠᠢ᠌ᠳᠠᠭ᠃
     2. ᠰᠡᠷᠭᠡᠢ᠌ᠯᠡᠨ ᠵᠠᠰᠠᠬᠤ ᠠᠷᠭ᠎ᠠ
     (1)  ᠨᠠᠮᠤᠷ᠂ ᠡᠪᠦᠯ᠎ᠤᠨ ᠤᠯᠠᠷᠢᠯ᠎ᠳᠤ ᠡᠪᠡᠳᠴᠢᠳᠠᠢ ᠮᠦᠴᠢᠷ᠂ ᠡᠪᠡᠳᠴᠢᠳᠠᠢ ᠨᠠᠪᠴᠢ᠂ ᠡᠪᠡᠳᠴᠢᠳᠠᠢ ᠵᠢᠮᠢᠰ᠎ᠢ ᠬᠠᠢ᠌ᠴᠢᠯᠠᠨ ᠠᠪᠴᠤ᠂ ᠭᠠᠵᠠᠷ ᠳᠡᠭᠡᠷ᠎ᠡ ᠤᠨᠠᠭᠰᠠᠨ ᠦᠬᠦᠰᠢᠷᠡᠵᠦ ᠬᠠᠲᠠᠭᠰᠠᠨ ᠨᠠᠪᠴᠢ᠂ ᠵᠢᠮᠢᠰ᠎ᠢ ᠱᠦᠭᠦᠷᠳᠡᠵᠦ ᠴᠤᠭᠯᠠᠭᠤᠯᠤᠭ᠋ᠠᠳ ᠲᠡᠷᠡ ᠲᠤᠤᠷ᠎ᠠ᠎ᠨᠢ ᠰᠢᠲᠠᠭ᠋ᠠᠬᠤ ᠬᠡᠷᠡᠭᠳᠡᠢ᠃
     (2) ᠬᠠᠪᠤᠷ᠎ᠤᠨ ᠤᠯᠠᠷᠢᠯ᠎ᠳᠤ ᠡᠪᠡᠳᠴᠢᠳᠠᠢ ᠮᠦᠴᠢᠷ᠂ ᠨᠠᠪᠴᠢ ᠢᠯᠡᠷᠡᠪᠡᠯ ᠲᠡᠷᠡ ᠲᠤᠤᠷ᠎ᠠ᠎ᠨᠢ ᠤᠭᠲᠤᠯᠵᠤ ᠠᠪᠤᠭ᠋ᠠᠳ ᠰᠢᠲᠡᠭ᠋ᠠᠬᠤ ᠬᠡᠷᠡᠭᠳᠡᠢ᠃
     (3) ᠭᠦᠢ᠍ᠯᠡᠰᠦᠨ ᠮᠤᠳᠤ ᠨᠠᠪᠴᠢ᠎ᠪᠠᠨ ᠳᠡᠯᠭᠡᠬᠦ ᠦᠶ᠎ᠡ᠎ᠳᠤ 1᠄ 1.5᠄ 200 ᠵᠢᠨ ᠪᠤᠷᠳ᠋ ᠰᠢᠩᠭᠡᠨ᠎ᠢ 1~ 2 ᠤᠳᠠᠭ᠎ᠠ ᠰᠦᠷᠴᠢᠨ᠎ᠡ᠃ ᠡᠰᠡᠭᠦᠯ᠎ᠡ 50 % ᠵᠢᠨ ᠳ᠋ᠦᠸᠸ ᠵᠢᠶᠦ᠋ᠨ ᠯᠢᠩ 700 ᠳᠠᠬᠢᠨ᠎ᠤ ᠠᠭᠤᠰᠤᠮᠠᠯ᠎ᠢ ᠰᠦᠷᠴᠢᠨ᠎ᠡ᠃
     (4)  ᠪᠤᠷᠳ᠋ ᠰᠢᠩᠭᠡᠨ᠎ᠢ ᠨᠠᠢ᠌ᠷᠠᠭᠤᠯᠬᠤ ᠠᠷᠭ᠎ᠠ: 1 ᠺᠢᠯᠤᠭ᠌ᠷᠠᠮ ᠤᠨᠴᠠ ᠴᠢᠨᠠᠷᠲᠤ ᠬᠦᠬᠦᠷ ᠬᠦᠴᠢᠯ᠎ᠤᠨ ᠵᠠᠰ᠎ᠢ 100  ᠺᠢᠯᠤᠭ᠌ᠷᠠᠮ ᠤᠰᠤᠨ᠎ᠳᠤ ᠠᠭᠤᠰᠬᠠᠨ᠎ᠠ᠃ ᠲᠠᠬᠢᠨ 1.5 ᠺᠢᠯᠤᠭ᠌ᠷᠠᠮ  ᠤᠨᠴᠠ ᠴᠢᠨᠠᠷᠲᠤ ᠲᠦᠬᠦᠬᠡᠢ ᠴᠤᠬᠤᠢ ᠵᠢ 100 ᠺᠢᠯᠤᠭ᠌ᠷᠠᠮ ᠤᠰᠤᠨ᠎ᠳᠤ ᠠᠭᠤᠰᠬᠠᠨ᠎ᠠ᠃ ᠡᠨᠡ ᠬᠤᠶᠠᠷ ᠠᠭᠤᠰᠤᠮᠠᠯ᠎ᠢ ᠵᠡᠷᠭᠡ᠎ᠪᠠᠷ ᠨᠢᠭᠡ ᠰᠠᠪᠠᠨ᠎ᠳᠤ ᠬᠢᠬᠦ ᠵᠢᠨ ᠳᠠᠭ᠋ᠠᠤ ᠬᠤᠳᠬᠤᠵᠤ ᠬᠤᠯᠢᠭ᠋ᠠᠳ ᠡᠮ᠎ᠤᠨ ᠠᠭᠤᠰᠤᠮᠠᠯ᠎ᠨᠢ ᠴᠡᠩᠭᠡᠷ ᠬᠦᠬᠡ ᠦᠩᠭᠡᠳᠡᠢ ᠪᠤᠯᠪᠠᠯ ᠪᠤᠯᠴᠢᠬᠠᠨ᠎ᠠ᠃ ᠡᠮ ᠬᠡᠷᠡᠭᠯᠡᠬᠦ᠎ᠨᠢ ᠪᠠᠭ᠎ᠠ ᠪᠤᠯ ᠲᠤᠰ ᠲᠤᠰ᠎ᠤᠨ ᠪᠦᠷᠢᠯᠳᠦᠬᠦᠨ᠎ᠤ ᠬᠠᠷᠢᠴᠠᠯ ᠵᠶ᠋ᠠᠷ ᠨᠠᠢ᠌ᠷᠠᠭᠤᠯᠤᠨ᠎ᠠ᠃ ᠲᠤᠰ ᠡᠮ᠎ᠢ ᠬᠡᠷᠡᠭᠯᠡᠬᠦ ᠦᠶ᠎ᠡ᠎ᠳᠤ ᠨᠠᠢ᠌ᠷᠠᠭᠤᠯᠤᠨ᠎ᠠ᠃ ᠨᠠᠢ᠌ᠷᠠᠭᠤᠯᠤᠭᠰᠠᠨ ᠡᠮ᠎ᠢ 10  ᠴᠠᠭ ᠲᠠᠯᠪᠢᠪᠠᠯ ᠡᠬᠢᠯᠡᠵᠦ ᠦᠢ᠍ᠯᠡᠳᠦᠯ ᠵᠶ᠋ᠡᠨ ᠠᠯᠳᠠᠳᠠᠭ ᠶᠤᠮ᠃



ᠢᠷᠡᠯᠲᠡ᠄ 《ᠵᠢᠮᠢᠰ᠎ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ》
          
ᠬᠠᠮᠢᠶ᠎ᠡ ᠪᠦᠬᠦᠢ ᠰᠣᠨᠢᠨ
ᠦᠷ᠎ᠡ ᠰᠣᠩᠭᠤᠬᠤ᠎ᠳᠤ 《ᠲᠠᠪᠤ ᠵᠢ ᠠᠪᠬᠤ》 ᠪᠠ 《ᠲᠠᠪᠤ ᠵᠢ ᠠᠪᠬᠤ ᠦᠭᠡᠢ》
ᠳᠤᠯᠠᠭ᠋ᠠᠨ ᠬᠤᠲᠠ ᠵᠢᠨ ᠲᠠᠩᠰᠤᠭ ᠠᠶᠠᠯᠠᠯ — ᠡᠯᠡᠰᠦ ᠮᠠᠩᠬᠠᠨ᠎ᠤ ᠠᠶᠠᠯᠠᠯ
ᠭᠠᠵᠠᠷ ᠣᠷᠣᠨ᠎ᠳᠠᠭᠠᠨ ᠲᠣᠬᠢᠷᠠᠬᠤ ᠡᠷᠳᠡᠨᠢ ᠰᠢᠰᠢ ᠵᠢᠨ ᠦᠷ᠎ᠡ ᠵᠢ ᠬᠡᠷᠬᠢᠨ ᠰᠣᠩᠭᠤᠬᠤ ᠪᠤᠢ
ᠥᠪᠥᠷ ᠮᠣᠩᠭᠤᠯ᠎ᠤᠨ ᠵᠡᠭᠦᠨ ᠬᠤᠶ᠋ᠢᠲᠤ ᠵᠢᠨ ᠬᠠᠷ᠎ᠠ ᠬᠥᠷᠥᠰᠥ ᠵᠢ ᠬᠠᠮᠠᠭ᠋ᠠᠯᠠᠨ ᠠᠰᠢᠭᠯᠠᠬᠤ ᠮᠡᠷᠭᠡᠵᠢᠯ᠎ᠤᠨ ᠵᠠᠭᠪᠤᠷ (ᠨᠢᠭᠡ)
ᠥᠪᠥᠷ ᠮᠣᠩᠭᠤᠯ᠎ᠤᠨ ᠵᠡᠭᠦᠨ ᠬᠤᠶ᠋ᠢᠲᠤ ᠵᠢᠨ ᠬᠠᠷ᠎ᠠ ᠬᠥᠷᠥᠰᠥ ᠵᠢ ᠬᠠᠮᠠᠭ᠋ᠠᠯᠠᠨ ᠠᠰᠢᠭᠯᠠᠬᠤ ᠮᠡᠷᠭᠡᠵᠢᠯ᠎ᠤᠨ ᠵᠠᠭᠪᠤᠷ (ᠬᠤᠶᠠᠷ)
 
             蒙ICP备05000248号