
ᠴᠦᠭᠦᠷᠰᠦ ᠵᠢᠨ ᠢᠵᠠᠭᠤᠷ
ᠮᠥᠩᠬᠡ ᠨᠣᠭᠣᠭ᠋ᠠᠨ ᠲᠤᠷᠤᠭ ᠮᠣᠳᠣ᠂ 30m ᠬᠢᠷᠢ ᠥᠨᠳᠥᠷ᠃ ᠬᠣᠯᠲᠣᠰᠣ᠎ᠨᠢ ᠣᠯᠠᠪᠲᠤᠷ ᠬᠦᠷᠡᠩ ᠪᠥᠭᠡᠳ ᠭᠤᠯᠳᠤ᠎ᠪᠠᠷ ᠬᠠᠭ᠋ᠠᠷᠠᠵᠤ ᠱᠠᠭ᠋ᠠᠷᠠᠵᠤ ᠤᠨᠠᠨ᠎ᠠ᠃ ᠮᠥᠴᠢᠷ᠎ᠨᠢ ᠨᠠᠷᠢᠬᠠᠨ ᠤᠷᠲᠤ ᠮᠥᠷᠲᠡᠭᠡᠨ ᠨᠠᠪᠲᠠᠢ᠌ᠵᠤ ᠤᠷᠭᠤᠨ᠎ᠠ᠃ ᠨᠠᠪᠴᠢ᠎ᠨᠢ ᠳᠥᠷᠪᠡᠨ ᠢᠷᠮᠡᠭ᠎ᠲᠠᠢ᠂ ᠵᠡᠭᠦᠦ ᠰᠢᠭ ᠱᠣᠷᠣᠯᠵᠢᠨ ᠬᠡᠯᠪᠡᠷᠢ᠎ᠲᠠᠢ᠂ 1_1.5cm ᠤᠷᠲᠤ᠂ ᠳᠣᠲᠣᠭᠰᠢ᠎ᠪᠠᠨ ᠵᠢᠭ᠋ᠠᠬᠠᠨ ᠮᠤᠷᠤᠢ᠌ᠭᠰᠠᠨ ᠦᠵᠦᠭᠦᠷ᠎ᠲᠠᠢ᠂ ᠳᠣᠭᠣᠭᠰᠢ ᠰᠤᠨᠤᠭᠰᠠᠨ ᠥᠷᠭᠡᠨ ᠤᠭᠲᠠᠢ᠂ ᠬᠣᠶᠠᠷ ᠲᠠᠯ᠎ᠠ᠎ᠳᠠᠭᠠᠨ ᠪᠦᠷ ᠬᠡᠢ ᠵᠢᠨ ᠠᠮᠠᠰᠠᠷ᠎ᠤᠨ ᠴᠤᠪᠤᠭ᠎ᠠ᠎ᠲᠠᠢ᠂ ᠮᠥᠴᠢᠷ ᠳᠡᠭᠡᠷ᠎ᠡ᠎ᠪᠠᠨ ᠱᠤᠷᠠᠭᠯᠠᠨ ᠤᠷᠭᠤᠨ᠎ᠠ᠃ ᠴᠡᠴᠡᠭ᠎ᠨᠢ ᠭᠠᠭᠴᠠ ᠪᠡᠯᠭᠡ᠎ᠲᠠᠢ᠃ ᠨᠢᠭᠡ ᠭᠡᠷ᠎ᠲᠠᠢ᠃ ᠡᠷ᠎ᠡ ᠪᠠᠭ ᠴᠡᠴᠡᠭ᠎ᠨᠢ ᠮᠥᠴᠢᠷ᠎ᠤᠨ ᠣᠷᠣᠢ᠎ᠳᠠᠬᠢ ᠨᠠᠪᠴᠢᠨ᠎ᠤ ᠥᠪᠥᠷ᠎ᠲᠤ ᠭᠠᠭᠴᠠᠭ᠋ᠠᠷ ᠤᠷᠭᠤᠪᠠᠴᠤ ᠨᠡᠯᠢᠶᠡᠳ ᠬᠡᠳᠦ᠎ᠪᠠᠷ ᠬᠠᠪᠢᠳᠠᠯᠴᠠᠨ ᠣᠬᠣᠷ ᠲᠦᠷᠦᠭᠦᠦ ᠬᠡᠯᠪᠡᠷᠢ᠎ᠲᠠᠢ ᠪᠣᠯᠳᠠᠭ᠃ ᠡᠮ᠎ᠡ ᠪᠠᠭ ᠴᠡᠴᠡᠭ᠎ᠨᠢ ᠪᠥᠮᠪᠦᠭᠡᠨ ᠬᠡᠯᠪᠡᠷᠢ᠎ᠲᠠᠢ᠂ ᠵᠢᠵᠢᠭ ᠮᠥᠴᠢᠷ᠎ᠤᠨ ᠣᠷᠣᠢ᠎ᠳᠤ ᠭᠠᠭᠴᠠᠭ᠋ᠠᠷ ᠤᠷᠭᠤᠨ᠎ᠠ᠃ ᠦᠷ᠎ᠡ ᠵᠢᠨ ᠬᠠᠢ᠌ᠷᠠᠰᠤ ᠪᠦᠷᠢ᠎ᠨᠢ ᠶᠡᠷᠦ᠎ᠳᠡᠭᠡᠨ ᠬᠣᠶᠠᠷ ᠦᠷ᠎ᠡ ᠨᠠᠬᠢᠶ᠎ᠠ᠎ᠲᠠᠢ ᠪᠥᠭᠡᠳ ᠪᠠᠭᠯᠠᠭᠴᠢ ᠬᠠᠢ᠌ᠷᠠᠰᠤᠲᠠᠢᠪᠠᠨ ᠨᠡᠢ᠌ᠯᠡᠵᠦ ᠵᠥᠪᠬᠡᠨ ᠣᠷᠣᠢ᠎ᠳᠠᠭᠠᠨ ᠰᠠᠯᠤᠩᠭᠢ ᠪᠠᠢ᠌ᠳᠠᠭ᠃ ᠪᠤᠭᠤᠷᠴᠠᠭ᠎ᠨᠢ ᠪᠥᠮᠪᠦᠭᠡᠨ ᠬᠡᠯᠪᠡᠷᠢ᠎ᠲᠠᠢ᠂ ᠳ᠋ᠢᠶᠠᠮᠧᠲᠷ᠎ᠨᠢ 1.2_2cm᠂ ᠪᠠᠭ᠎ᠠ᠎ᠳᠠᠭᠠᠨ ᠨᠣᠭᠣᠭ᠋ᠠᠨ᠂ ᠪᠣᠯᠪᠠᠰᠤᠷᠠᠪᠠᠯ ᠬᠦᠷᠡᠩ ᠪᠣᠯᠤᠨ᠎ᠠ᠃ ᠦᠷ᠎ᠡ ᠵᠢᠨ ᠬᠠᠢ᠌ᠷᠠᠰᠤᠨᠢ ᠬᠣᠷᠢ ᠣᠷᠴᠢᠮ᠂ ᠰᠢᠭ᠋ᠠᠨᠲᠠᠭ ᠬᠡᠯᠪᠡᠷᠢ᠎ᠲᠠᠢ᠂ ᠲᠤᠰ ᠪᠦᠷᠢ ᠬᠣᠶᠠᠷ ᠦᠷ᠎ᠡ᠎ᠲᠠᠢ᠂ ᠳᠡᠭᠡᠳᠦ ᠬᠥᠪᠡᠭᠡ᠎ᠳᠡᠭᠡᠨ 5_6 ᠬᠤᠷᠴᠠ ᠬᠡᠷᠴᠢᠶᠡᠰᠦ᠎ᠲᠠᠢ᠂ ᠠᠷᠤᠳᠤᠨᠢ ᠭᠠᠳᠠᠭᠰᠢ ᠱᠤᠪᠤᠢ᠌ᠵᠤ ᠭᠠᠷᠤᠭᠰᠠᠨ ᠷᠣᠮᠪ ᠬᠡᠯᠪᠡᠷᠢᠲᠦ ᠳᠣᠪᠣᠭᠣᠷ᠎ᠲᠠᠢ᠃ ᠦᠷ᠎ᠡ᠎ᠨᠢ ᠪᠠᠬᠠᠨ ᠬᠠᠮᠰᠢᠭᠢᠷ᠂ ᠭᠤᠷᠪᠠᠯᠵᠢᠪᠲᠤᠷ ᠥᠨᠳᠡᠭᠡᠨ ᠬᠡᠯᠪᠡᠷᠢᠲᠡᠢ ᠪᠥᠭᠡᠳ ᠬᠠᠷᠠᠪᠲᠤᠷ ᠬᠦᠷᠡᠩ᠂ ᠬᠥᠪᠡᠭᠡ᠎ᠪᠠᠷ ᠢᠪᠴᠤᠤᠬᠠᠨ ᠳᠠᠯᠠᠪᠴᠢ᠎ᠲᠠᠢ᠃ ᠳᠤᠯᠠᠭ᠋ᠠᠨ ᠴᠢᠭᠢᠭ᠎ᠲᠠᠢ ᠠᠭᠤᠷ ᠠᠮᠢᠰᠬᠤᠯᠲᠤ ᠭᠠᠵᠠᠷ᠎ᠤᠨ ᠬᠦᠴᠢᠯᠯᠢᠭ ᠪᠥᠭᠡᠳ ᠡᠯᠡᠰᠦᠷᠬᠡᠭ ᠬᠥᠷᠥᠰᠥᠲᠦ ᠠᠭᠤᠯᠠ ᠵᠢᠨ ᠬᠠᠵᠠᠭᠤ᠎ᠪᠠᠷ ᠰᠠᠢ᠌ᠨ ᠤᠷᠭᠤᠨ᠎ᠠ᠃
ᠮᠠᠨ᠎ᠤ ᠤᠯᠤᠰ᠎ᠤᠨ ᠡᠮᠦᠨᠡᠲᠦ ᠣᠷᠣᠨ᠎ᠤ ᠡᠯ᠎ᠡ ᠮᠣᠵᠢ᠎ᠪᠠᠷ ᠪᠦᠷ ᠤᠷᠭᠤᠳᠠᠭ᠃
ᠨᠠᠪᠴᠢ᠂ ᠮᠥᠴᠢᠷ ᠡᠰᠢ ᠬᠢᠭᠡᠳ ᠦᠨᠳᠦᠰᠦᠨ᠎ᠳᠤ᠎ᠨᠢ ᠪᠦᠷ ᠠᠩᠬᠢᠯᠤᠮ᠎ᠠ ᠲᠣᠰᠣᠲᠠᠢ᠃ ᠬᠣᠯᠲᠣᠰᠣ᠎ᠨᠢ ᠡᠯᠳᠡᠭᠦᠷ᠎ᠤᠨ ᠲᠦᠭᠦᠬᠡᠢ ᠡᠳ᠋᠂ ᠮᠣᠳᠣ᠎ᠪᠠᠷ᠎ᠨᠢ ᠪᠠᠭ᠋ᠠᠵᠢ ᠬᠡᠷᠡᠭᠰᠡᠯ ᠬᠢᠨ᠎ᠡ᠃ ᠴᠡᠴᠡᠷᠯᠢᠭ᠎ᠲᠤ ᠲᠠᠷᠢᠵᠤ ᠦᠵᠡᠮᠵᠢ ᠵᠢᠨ ᠮᠣᠳᠣ ᠪᠣᠯᠭ᠋ᠠᠭᠰᠠᠨ ᠴᠦ᠍ ᠪᠣᠯᠤᠨ᠎ᠠ᠃ ᠬᠣᠯᠲᠣᠰᠣ᠎ᠨᠢ ᠡᠮ᠎ᠳᠤ ᠣᠷᠣᠨ᠎ᠠ᠃
ᠬᠢᠲᠠᠳ ᠨᠡᠷ᠎ᠡ᠄ 柳杉
ᠠᠩᠭ᠍ᠯᠢ ᠨᠡᠷ᠎ᠡ᠄ Cryptomeria fortunei Hooibrenk ex Otto et Dietr.
ᠦᠰᠦᠭ ᠠᠮᠢᠯᠠᠭᠤᠯᠤᠭᠴᠢ᠄ ᠲᠤᠶᠠᠭ᠎ᠠ ᠬᠢᠨᠠᠭᠴᠢ᠄ ᠫᠤ ᠴᠠᠭ᠋ᠠᠨ