ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠨᠡᠷᠡᠲᠦ᠍ ᠮᠣᠳᠣ
ᠰᠢᠪᠧᠷᠢᠶ᠎ᠡ ᠵᠣᠳᠣᠣ
ᠨᠡᠶ᠋ᠢᠲᠡᠯᠡᠭᠰᠡᠨ ᠴᠠᠭ᠄ 2025-03-26

    
    ᠨᠠᠷᠠᠰᠤ ᠵᠢᠨ ᠢᠵᠠᠭᠤᠷ
    ᠮᠥᠩᠬᠡ ᠨᠣᠭᠣᠭ᠋ᠠᠨ ᠲᠤᠷᠤᠭ ᠮᠣᠳᠣ᠃ ᠬᠣᠯᠲᠣᠰᠣ᠎ᠨᠢ ᠴᠠᠢ᠍ᠪᠤᠷ ᠬᠦᠷᠡᠩ ᠪᠥᠭᠡᠳ ᠭᠢᠯᠦᠭᠡᠷ᠃ ᠲᠤᠰ ᠵᠢᠯ᠎ᠤᠨ ᠮᠥᠴᠢᠷ᠎ᠨᠢ ᠰᠢᠷᠠᠪᠲᠤᠷ ᠦᠨᠡᠰᠦᠨ ᠥᠩᠭᠡᠲᠡᠢ᠂ ᠨᠢᠭ ᠤᠷᠭᠤᠭᠰᠠᠨ ᠨᠠᠷᠢᠨ ᠦᠰᠦ᠎ᠲᠠᠢ ᠪᠥᠭᠡᠳ ᠭᠢᠯᠠᠭ᠋ᠠᠷ᠃ ᠰᠢᠯᠮᠦᠦᠰᠦ᠎ᠨᠢ ᠢᠬ᠍ᠴᠤᠷᠠᠨ ᠤᠷᠭᠤᠨ᠎ᠠ᠂ ᠪᠦᠰᠡ ᠬᠡᠯᠪᠡᠷᠢ᠎ᠲᠠᠢ ᠪᠥᠭᠡᠳ ᠭᠣᠣᠯ ᠰᠤᠳᠠᠯ᠎ᠨᠢ ᠲᠠᠯ᠎ᠠ᠎ᠳᠠᠭᠠᠨ ᠬᠣᠲᠣᠢ᠍ᠭᠰᠠᠨ ᠪᠠᠢ᠍ᠳᠠᠭ᠂ ᠨᠠᠪᠴᠢᠨ᠎ᠤ ᠠᠷᠤ᠎ᠳᠤᠨᠢ ᠬᠣᠶᠠᠷ ᠵᠤᠷᠪᠤᠰ ᠬᠡᠢ ᠵᠢᠨ ᠠᠮᠠᠰᠠᠷ᠎ᠤᠨ ᠴᠠᠭ᠋ᠠᠪᠲᠤᠷ ᠴᠤᠪᠤᠭ᠎ᠠ ᠪᠣᠢ᠃ ᠲᠡᠵᠢᠭᠡᠯ᠎ᠤᠨ ᠮᠥᠴᠢᠷ᠎ᠲᠠᠬᠢ ᠨᠠᠪᠴᠢ᠎ᠨᠢ ᠦᠵᠦᠭᠦᠷ᠎ᠲᠡᠭᠡᠨ ᠵᠢᠭ᠋ᠠᠬᠠᠨ ᠬᠣᠲᠣᠭᠣᠷ᠂ ᠳᠡᠭᠡᠳᠦ ᠲᠠᠯ᠎ᠠ᠎ᠳᠠᠭᠠᠨ ᠬᠡᠢ ᠵᠢᠨ ᠠᠮᠠᠰᠠᠷ᠎ᠤᠨ ᠴᠤᠪᠤᠭ᠎ᠠ ᠦᠭᠡᠢ᠃ ᠵᠢᠮᠢᠰ᠎ᠤᠨ ᠮᠥᠴᠢᠷ ᠪᠤᠶᠤ ᠭᠣᠣᠯ ᠮᠥᠴᠢᠷ᠎ᠲᠠᠬᠢ ᠨᠠᠪᠴᠢ᠎ᠨᠢ ᠱᠣᠪᠣᠭᠣᠷ ᠪᠤᠶᠤ ᠮᠣᠬᠣᠭᠣ ᠦᠵᠦᠭᠦᠷ᠎ᠲᠠᠢ ᠪᠥᠭᠡᠳ ᠳᠡᠭᠡᠳᠦ ᠲᠠᠯ᠎ᠠ᠎ᠳᠠᠭᠠᠨ 2 — 6 ᠬᠡᠢ ᠵᠢᠨ ᠠᠮᠠᠰᠠᠷ᠎ᠤᠨ ᠴᠤᠪᠤᠭ᠎ᠠ᠎ᠲᠠᠢ᠃ ᠡᠷ᠎ᠡ ᠪᠠᠭ ᠴᠡᠴᠡᠭ᠎ᠨᠢ ᠨᠠᠪᠴᠢᠨ᠎ᠤ ᠥᠪᠥᠷ ᠲᠠᠯ᠎ᠠ ᠭᠠᠭᠴᠠᠭ᠋ᠠᠷ ᠤᠨᠵᠢᠢ᠍ᠵᠤ ᠤᠷᠭᠤᠨ᠎ᠠ᠃ ᠪᠣᠷᠭᠣᠴᠣᠭ᠎ᠨᠢ ᠰᠢᠯᠤᠭᠤᠨ ᠰᠠᠭᠤᠨ᠎ᠠ᠂ ᠪᠥᠭᠡᠷᠡᠩᠬᠡᠢ ᠪᠠᠭ᠋ᠠᠨ᠎ᠠ ᠬᠡᠯᠪᠡᠷᠢ᠎ᠲᠠᠢ᠂ 5 — 9.5cm ᠤᠷᠲᠤ᠂ ᠪᠣᠯᠪᠠᠰᠤᠷᠠᠪᠠᠯ ᠨᠣᠭᠣᠪᠲᠤᠷ ᠰᠢᠷ᠎ᠠ ᠪᠣᠯᠤᠨ᠎ᠠ᠃ ᠦᠷ᠎ᠡ ᠵᠢᠨ ᠬᠠᠢ᠍ᠷᠰᠤ᠎ᠨᠢ ᠲᠣᠩᠭᠣᠷᠤᠤ ᠥᠨᠳᠡᠭᠡ ᠰᠢᠭ ᠰᠢᠭ᠋ᠠᠭᠳᠠᠭ ᠬᠡᠯᠪᠡᠷᠢ᠎ᠲᠠᠢ᠂ ᠶᠡᠷᠦ᠎ᠳᠡᠭᠡᠨ ᠳᠤᠮᠳᠠ᠎ᠪᠠᠨ ᠨᠠᠷᠢᠰᠤᠭᠰᠠᠨ ᠪᠥᠭᠡᠳ ᠬᠣᠶᠠᠷ ᠬᠠᠵᠠᠭᠤ᠎ᠳᠠᠭᠠᠨ ᠴᠢᠬᠢ ᠮᠡᠲᠦ ᠳᠡᠯᠳᠡᠭᠡᠷ᠃ ᠪᠠᠭᠯᠠᠭᠴᠢ ᠬᠠᠢ᠍ᠷᠰᠤᠯᠢᠭ ᠢᠯᠡᠳᠡᠰᠦ᠎ᠨᠢ ᠲᠣᠩᠭᠣᠷᠠᠭᠤ ᠭᠤᠷᠪᠠᠯᠵᠢᠨ᠂ ᠳᠣᠪᠣᠢ᠍ᠭᠰᠠᠨ ᠦᠵᠦᠭᠦᠷ᠎ᠲᠠᠢ ᠦᠷ᠎ᠡ ᠵᠢᠨ ᠬᠠᠢ᠍ᠷᠰᠤ ᠵᠢᠨ ᠵᠶ᠋ᠠᠨ 1/3 — 1/2 ᠬᠢᠷᠢ ᠤᠷᠲᠤ᠃ ᠦᠷ᠎ᠡ ᠵᠢᠨ ᠬᠢᠨᠢ ᠳᠡᠭᠡᠳᠦ ᠦᠵᠦᠭᠦᠷ᠎ᠲᠤ ᠦᠷ᠎ᠡ ᠵᠢᠨ ᠤᠷᠲᠤ᠎ᠠᠴᠠ 1.5 — 2 ᠳᠠᠬᠢᠨ ᠤᠷᠲᠤ ᠨᠢᠮᠭᠡᠨ ᠬᠠᠯᠢᠰᠤᠯᠢᠭ ᠳᠠᠯᠠᠪᠴᠢ ᠪᠣᠢ᠃
    ᠳᠠᠯᠠᠢ ᠵᠢᠨ ᠲᠦᠪᠰᠢᠨ᠎ᠠᠴᠠ 1900 — 2400m ᠥᠨᠳᠥᠷ ᠠᠭᠤᠯᠠ᠎ᠪᠠᠷ ᠤᠷᠭᠤᠨ᠎ᠠ᠃
    ᠮᠠᠨ᠎ᠤ ᠤᠯᠤᠰ᠎ᠤᠨ ᠰᠢᠨᠵᠢᠶᠠᠩ᠎ᠤᠨ ᠵᠡᠭᠦᠨ ᠬᠣᠢ᠍ᠲᠤ ᠬᠡᠰᠡᠭ ᠵᠶ᠋ᠠᠷ ᠤᠷᠭᠤᠳᠠᠭ᠃
    ᠮᠣᠳᠣ ᠵᠢ᠎ᠨᠢ ᠪᠠᠷᠢᠯᠭ᠎ᠠ᠎ᠳᠤ ᠠᠰᠢᠭᠯᠠᠨ᠎ᠠ᠃ ᠦᠷ᠎ᠡ᠎ᠳᠤᠨᠢ 20%᠎ᠤ ᠲᠣᠰᠣ ᠪᠣᠢ᠂ ᠲᠣᠰᠣ ᠵᠢ᠎ᠨᠢ ᠰᠢᠬᠠᠵᠤ ᠠᠪᠤᠨ ᠠᠵᠤ ᠦᠢ᠍ᠯᠡᠳᠪᠦᠷᠢ᠎ᠳᠤ ᠠᠰᠢᠭᠯᠠᠨ᠎ᠠ᠃
    ᠬᠢᠲᠠᠳ ᠨᠡᠷ᠎ᠡ᠄ 西伯利亚冷杉
     ᠠᠩᠭ᠍ᠯᠢ ᠨᠡᠷ᠎ᠡ᠄ Abies sibirica Ledeb
    ᠦᠰᠦᠭ ᠠᠮᠢᠯᠠᠭᠤᠯᠤᠭᠴᠢ᠄ ᠳ᠋᠊ ᠡᠷᠬᠢᠮᠪᠠᠭ᠋ᠠᠲᠤᠷ
    ᠬᠢᠨᠠᠭᠴᠢ᠄ ᠴᠠᠭ᠋ᠠᠨ


202403131447050.jpg



ᠢᠷᠡᠯᠲᠡ᠄ ᠬᠡᠢ᠌ᠮᠦᠷᠢ ᠰᠦᠯᠵᠢᠶ᠎ᠡ
          
ᠬᠠᠮᠢᠶ᠎ᠡ ᠪᠦᠬᠦᠢ ᠰᠣᠨᠢᠨ
 
             蒙ICP备05000248号