ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠨᠡᠷᠡᠲᠦ᠍ ᠮᠣᠳᠣ
ᠬᠣᠨᠢᠨ ᠠᠷᠴᠠ
ᠨᠡᠶ᠋ᠢᠲᠡᠯᠡᠭᠰᠡᠨ ᠴᠠᠭ᠄ 2024-04-25


    
202404050901570.jpg


    ᠠᠷᠴᠠ ᠵᠢᠨ ᠢᠵᠠᠭᠤᠷ
    ᠭᠠᠵᠠᠷ ᠳᠡᠭᠡᠷ᠎ᠡ ᠬᠡᠪᠲᠡᠭᠡ ᠤᠷᠭᠤᠬᠤ ᠮᠥᠩᠬᠡ ᠨᠣᠭᠣᠭ᠋ᠠᠨ ᠪᠤᠲᠠ ᠮᠣᠳᠣ᠂ ᠬᠠᠶᠠ ᠲᠤᠷᠤᠭ ᠮᠣᠳᠣ ᠪᠣᠯᠳᠠᠭ᠎ᠨᠢ ᠪᠣᠢ᠃ ᠨᠠᠪᠴᠢ᠎ᠨᠢ ᠰᠦᠯᠵᠢᠯᠳᠦᠨ ᠴᠢᠭᠲᠠᠯᠠᠵᠤ ᠤᠷᠭᠤᠨ᠎ᠠ᠃ ᠵᠡᠭᠦᠦ ᠬᠡᠯᠪᠡᠷᠢᠲᠦ ᠨᠠᠪᠴᠢ᠎ᠨᠢ ᠶᠡᠷᠦ᠎ᠳᠡᠭᠡᠨ ᠵᠠᠯᠠᠭᠤ ᠤᠷᠭᠤᠮᠠᠯ ᠳᠡᠭᠡᠷ᠎ᠡ ᠪᠠᠢ᠍ᠳᠠᠭ ᠪᠣᠯᠪᠠᠴᠤ ᠵᠠᠷᠢᠮ᠎ᠳᠠᠭᠠᠨ ᠢᠳᠡᠷᠬᠡᠭ ᠤᠷᠭᠤᠮᠠᠯ᠎ᠨᠢ ᠴᠦ᠍ ᠴᠥᠭᠡᠨ ᠵᠡᠭᠦᠦ ᠮᠡᠲᠦ ᠨᠠᠪᠴᠢ᠎ᠲᠠᠢ ᠪᠠᠢ᠌ᠳᠠᠭ᠂ ᠡᠨᠡ ᠬᠦ᠌ ᠨᠠᠪᠴᠢ᠎ᠨᠢ ᠲᠠᠰᠢᠭᠤ᠎ᠪᠠᠷ ᠳᠡᠭᠡᠭᠰᠢ᠎ᠪᠠᠨ ᠤᠷᠭᠤᠨ᠎ᠠ᠂ ᠭᠠᠳᠠᠭᠰᠢ ᠳᠡᠯᠭᠡᠬᠦ ᠦᠭᠡᠢ᠂ 3 — 7mm ᠤᠷᠲᠤ᠂ ᠢᠭᠴᠤ ᠪᠠᠢ᠌ᠷᠢᠯᠡᠨ᠎ᠡ᠃  ᠬᠠᠢ᠌ᠷᠰᠤᠨ ᠬᠡᠯᠪᠡᠷᠢᠲᠦ ᠨᠠᠪᠴᠢ᠎ᠨᠢ 1 — 2.5mm ᠤᠷᠲᠤ᠂ ᠮᠤᠬᠤᠷ ᠪᠤᠶᠤ ᠵᠢᠭ᠋ᠠᠬᠠᠨ ᠱᠣᠪᠬᠣ ᠦᠵᠦᠭᠦᠷ᠎ᠲᠠᠢ᠂ ᠵᠢᠭ᠋ᠠᠰᠤᠨ ᠬᠠᠢ᠌ᠷᠰᠤ ᠮᠡᠲᠦ ᠢᠬ᠍ᠴᠤ ᠪᠠᠢ᠍ᠷᠢᠯᠠᠭᠰᠠᠨ ᠪᠥᠭᠡᠳ ᠠᠷᠤ ᠲᠠᠯ᠎ᠠ ᠵᠢᠨ ᠬᠢᠨᠢ ᠳᠤᠮᠳᠠ ᠬᠠᠪᠢ᠎ᠪᠠᠷ ᠵᠤᠤᠪᠠᠩ ᠪᠤᠯᠴᠢᠷᠬᠠᠢ ᠪᠣᠢ᠃ ᠪᠤᠭᠤᠷᠴᠠᠭ᠎ᠨᠢ ᠨᠡᠯᠢᠶᠡᠳ ᠤᠷᠲᠤ ᠮᠥᠷᠲᠡᠭᠡᠨ ᠤᠨᠵᠢᠢ᠍ᠭᠰᠠᠨ ᠵᠢᠵᠢᠭ ᠮᠥᠴᠢᠷ᠎ᠤᠨ ᠣᠷᠣᠢ᠎ᠳᠤ ᠰᠠᠭᠤᠨ᠎ᠠ᠂ ᠡᠮᠬᠢ ᠦᠭᠡᠢ ᠲᠣᠩᠭᠣᠷᠠᠭᠤ ᠥᠨᠳᠡᠭᠡᠯᠵᠢᠨ ᠰᠢᠭ ᠪᠥᠮᠪᠦᠭᠡᠨ ᠬᠡᠯᠪᠡᠷᠢ᠎ᠲᠠᠢ᠂ ᠡᠰᠡᠬᠦᠯ᠎ᠡ ᠪᠠᠷᠤᠭ ᠪᠥᠭᠡᠷᠡᠩᠬᠡᠢ ᠪᠤᠶᠤ ᠥᠨᠳᠡᠭᠡᠯᠵᠢᠨ ᠪᠥᠭᠡᠷᠡᠩᠬᠡᠢ᠂ ᠲᠡᠭᠰᠢᠬᠡᠨ ᠲᠣᠭᠣᠷᠢᠭ ᠪᠤᠶᠤ ᠠᠴᠠ ᠮᠡᠲᠦ ᠣᠷᠣᠢ᠎ᠲᠠᠢ᠂ 5 — 9mm ᠤᠷᠲᠤ᠂ ᠪᠣᠯᠪᠠᠰᠤᠷᠠᠪᠠᠯ ᠬᠠᠷᠠᠪᠲᠤᠷ ᠬᠦᠷᠡᠩ ᠪᠤᠶᠤ ᠪᠣᠷᠣᠪᠲᠤᠷ ᠬᠠᠷ᠎ᠠ ᠥᠩᠭᠡᠲᠡᠢ ᠪᠣᠯᠬᠤ ᠪᠥᠭᠡᠳ ᠴᠠᠭ᠋ᠠᠨ ᠣ᠎ᠲᠠᠢ᠃ ᠦᠷ᠎ᠡ᠎ᠨᠢ 1 — 5 (ᠶᠡᠷᠦ᠎ᠳᠡᠭᠡᠨ 2 — 3)᠂ ᠵᠢᠭ᠋ᠠᠬᠠᠨ᠂ ᠬᠠᠪᠲᠠᠭ᠋ᠠᠢ᠂ ᠥᠨᠳᠡᠭᠡᠯᠵᠢᠨ ᠪᠥᠭᠡᠷᠡᠩᠬᠡᠢ ᠪᠣᠯᠪᠠᠴᠤ ᠨᠢᠷᠤᠭᠤᠯᠠᠭᠰᠠᠨ ᠢᠷᠮᠡᠭ᠎ᠲᠠᠢ᠂ ᠪᠠᠬᠠᠨ ᠴᠥᠭᠡᠬᠡᠨ ᠬᠡᠳᠦᠨ ᠮᠣᠳᠣᠨ᠎ᠤ ᠪᠣᠬᠢ ᠵᠢᠨ ᠬᠣᠪᠢᠯ᠎ᠲᠠᠢ᠃
    ᠳᠠᠯᠠᠢ ᠵᠢᠨ ᠲᠦᠪᠰᠢᠨ᠎ᠠᠴᠠ ᠳᠡᠭᠡᠭᠰᠢ 1200 — 2800m ᠥᠨᠳᠥᠷ ᠭᠠᠵᠠᠷ᠎ᠤᠨ ᠡᠯᠡᠰᠦᠷᠬᠡᠭ ᠬᠥᠷᠥᠰᠥ ᠪᠤᠶᠤ ᠬᠠᠢ᠌ᠷ ᠴᠢᠯᠠᠭᠤᠲᠤ ᠭᠠᠩ ᠬᠠᠭᠤᠷᠠᠢ ᠠᠭᠤᠯᠠ᠂ ᠣᠢ ᠮᠣᠳᠣᠨ ᠳᠣᠲᠣᠷ᠎ᠠ ᠤᠷᠭᠤᠨ᠎ᠠ᠃
    ᠮᠠᠨ᠎ᠤ ᠤᠯᠤᠰ᠎ᠤᠨ ᠥᠪᠥᠷ ᠮᠣᠩᠭᠣᠯ᠂ ᠰᠢᠨᠵᠢᠶᠠᠩ᠂ ᠬᠥᠬᠡᠨᠠᠭᠤᠷ᠂ ᠭᠠᠨᠰᠦ᠂ ᠱᠠᠨᠰᠢ᠂ ᠵᠡᠷᠭᠡ ᠮᠣᠵᠢ ᠣᠷᠣᠨ ᠵᠶ᠋ᠠᠷ ᠤᠷᠭᠤᠳᠠᠭ᠃ ᠬᠥᠷᠥᠰᠥ ᠰᠢᠷᠣᠢ ᠵᠢ ᠬᠠᠮᠠᠭ᠋ᠠᠯᠠᠬᠤ ᠪᠤᠶᠤ ᠡᠯᠡᠰᠦ ᠵᠢ ᠲᠣᠭᠲᠠᠪᠤᠷᠢᠵᠢᠭᠤᠯᠬᠤ ᠪᠤᠲᠠ ᠮᠣᠳᠣ ᠮᠥᠨ᠃ ᠨᠠᠪᠴᠢ ᠮᠥᠴᠢᠷ᠎ᠲᠤᠨᠢ ᠳᠡᠭᠳᠡᠮᠡᠬᠡᠢ ᠲᠣᠰᠣ ᠪᠣᠢ᠂ ᠪᠠᠰᠠ ᠡᠮ᠎ᠳᠤ ᠣᠷᠣᠨ᠎ᠠ᠃
    ᠬᠢᠲᠠᠳ ᠨᠡᠷ᠎ᠡ᠄ 沙地柏
    ᠠᠩᠭᠯᠢ ᠨᠡᠷ᠎ᠡ᠄ Sabina vulgaris Ant

ᠢᠷᠡᠯᠲᠡ᠄ ᠬᠡᠢ᠌ᠮᠦᠷᠢ ᠰᠦᠯᠵᠢᠶ᠎ᠡ
          
ᠬᠠᠮᠢᠶ᠎ᠡ ᠪᠦᠬᠦᠢ ᠰᠣᠨᠢᠨ
ᠲᠤᠱ᠌ᠠᠮᠠᠨ ᠵᠢᠮᠢᠰ
ᠤᠰᠤᠨ ᠴᠦᠭᠦᠷᠰᠦ
ᠴᠠᠭ᠋ᠠᠨ ᠭᠠᠯᠳᠠᠰᠤ
ᠲᠡᠮᠦᠷ ᠬᠠᠷᠭ᠋ᠠᠢ
 
             蒙ICP备05000248号