ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠨᠡᠷᠡᠲᠦ᠍ ᠮᠣᠳᠣ
ᠮᠠᠢ᠌ᠯᠠᠰᠤ
ᠨᠡᠶ᠋ᠢᠲᠡᠯᠡᠭᠰᠡᠨ ᠴᠠᠭ᠄ 2024-04-18

     

202404020905070.jpg



     ᠠᠷᠴᠠ ᠵᠢᠨ ᠢᠵᠠᠭᠤᠷ
    ᠮᠥᠩᠬᠡ ᠨᠣᠭᠣᠭ᠋ᠠᠨ ᠲᠤᠷᠤᠭ ᠮᠣᠳᠣ᠂ 20m ᠬᠢᠷᠢ ᠥᠨᠳᠥᠷ ᠪᠣᠯᠳᠠᠭ᠂ ᠭᠥᠯᠢᠭᠡᠷ ᠪᠥᠭᠡᠳ  ᠴᠠᠢ᠌ᠪᠤᠷ ᠬᠦᠷᠡᠩ ᠬᠣᠯᠲᠣᠰᠣ᠎ᠲᠠᠢ᠃ ᠮᠥᠴᠢᠷ᠎ᠨᠢ ᠨᠠᠷᠢᠬᠠᠨ ᠤᠷᠲᠤ᠂ ᠤᠨᠵᠢᠢ᠍ᠵᠤ ᠤᠷᠭᠤᠨ᠎ᠠ᠃ ᠨᠠᠪᠴᠢ᠎ᠨᠢ ᠶᠡᠷᠦ᠎ᠳᠡᠭᠡᠨ ᠬᠠᠢ᠌ᠷᠰᠤᠨ ᠢᠯᠲᠠᠰᠤ ᠰᠢᠭ᠋ ᠪᠥᠭᠡᠳ ᠥᠨᠳᠡᠭᠡᠯᠵᠢᠨ ᠪᠤᠶᠤ ᠭᠤᠷᠪᠠᠯᠵᠢᠨ᠂ ᠱᠣᠪᠬᠣ ᠦᠵᠦᠭᠦᠷ᠎ᠲᠠᠢ᠂ ᠮᠥᠴᠢᠷ ᠳᠡᠭᠡᠷ᠎ᠡ᠎ᠪᠠᠨ ᠰᠣᠯᠪᠢᠴᠠᠵᠤ ᠴᠢᠭᠲᠠᠯᠠᠨ ᠤᠷᠭᠤᠨ᠎ᠠ᠂ ᠭᠡᠪᠡᠴᠦ ᠨᠢᠯᠬ᠎ᠠ ᠮᠣᠳᠣ ᠪᠤᠶᠤ ᠥᠲᠡᠯᠦᠭᠰᠡᠨ ᠮᠣᠳᠣᠨ᠎ᠤ ᠪᠦᠳᠦᠭᠦᠨ ᠰᠠᠯᠠᠭ᠎ᠠ ᠮᠥᠴᠢᠷ ᠳᠡᠭᠡᠷ᠎ᠡ ᠪᠣᠯ ᠭᠤᠷᠪᠠ ᠳᠥᠷᠪᠡᠨ ᠪᠦᠰᠡ ᠬᠡᠯᠪᠡᠷᠢᠲᠦ ᠪᠤᠶᠤ ᠱᠣᠷᠣᠯᠵᠢᠨ ᠬᠡᠯᠪᠡᠷᠢᠲᠦ ᠨᠠᠪᠴᠢ ᠲᠤᠭᠤᠢ᠌ᠷᠠᠨ ᠤᠷᠭᠤᠳᠠᠭ᠃ ᠴᠡᠴᠡᠭ᠎ᠨᠢ ᠵᠢᠵᠢᠭ᠂ ᠭᠠᠭᠴᠠ ᠪᠡᠯᠭᠡ᠎ᠲᠠᠢ᠂ ᠨᠢᠭᠡ ᠭᠡᠷ᠎ᠲᠠᠢ᠂ ᠪᠦᠷ ᠮᠥᠴᠢᠷ᠎ᠤᠨ ᠣᠷᠣᠢ᠎ᠳᠤ ᠤᠷᠭᠤᠨ᠎ᠠ᠃ ᠡᠷ᠎ᠡ ᠪᠠᠭ ᠴᠡᠴᠡᠭ᠎ᠨᠢ ᠵᠤᠤᠪᠠᠩ᠂ ᠰᠢᠷ᠎ᠠ᠂ ᠶᠡᠷᠦ᠎ᠳᠡᠭᠡᠨ ᠨᠠᠢ᠍ᠮᠠᠨ ᠲᠣᠭᠣᠷᠴᠣᠭ᠎ᠲᠠᠢ᠃ ᠡᠮ᠎ᠡ ᠪᠠᠭ ᠴᠡᠴᠡᠭ᠎ᠨᠢ ᠪᠥᠮᠪᠥᠭᠡᠯᠢᠭ᠃ ᠪᠣᠷᠭᠣᠴᠣᠭ᠎ᠨᠢ ᠪᠥᠮᠪᠦᠭᠡᠨ ᠬᠡᠯᠪᠡᠷᠢ᠎ᠲᠠᠢ ᠪᠥᠭᠡᠳ ᠬᠦᠷᠡᠩ᠂ ᠳ᠋ᠢᠶᠠᠮᠧᠲᠷ᠎ᠨᠢ 8 — 12mm᠂ ᠳᠠᠷᠠᠭ᠎ᠠ ᠵᠢᠯ᠎ᠤᠨ ᠬᠢᠨᠢ ᠵᠤᠨ ᠪᠣᠯᠪᠠᠰᠤᠷᠠᠨ᠎ᠠ᠂ ᠠᠮᠠᠯᠠᠨ ᠪᠠᠢ᠍ᠷᠢᠯᠠᠭᠰᠠᠨ ᠨᠠᠢ᠍ᠮᠠᠨ ᠪᠠᠮᠪᠠᠢ ᠬᠡᠯᠪᠡᠷᠢᠲᠦ ᠦᠷ᠎ᠡ ᠵᠢᠨ ᠬᠠᠢ᠌ᠷᠰᠤ᠎ᠲᠠᠢ᠃ ᠬᠥᠭᠵᠢᠯ᠎ᠲᠠᠢ ᠬᠠᠢ᠌ᠷᠰᠤ᠎ᠨᠢ 5 — 6 ᠦᠷ᠎ᠡ᠎ᠲᠠᠢ ᠪᠥᠭᠡᠳ ᠣᠷᠣᠢ᠎ᠳᠠᠭᠠᠨ ᠣᠬᠣᠷᠬᠠᠨ ᠱᠤᠪᠤᠢ᠌ᠭᠰᠠᠨ ᠦᠵᠦᠭᠦᠷ᠎ᠲᠠᠢ᠃ ᠦᠷ᠎ᠡ᠎ᠨᠢ ᠥᠨᠳᠡᠭᠡᠯᠵᠢᠨ᠂ 3mm ᠣᠷᠴᠢᠮ ᠤᠷᠲᠤ᠂ ᠵᠢᠭ᠋ᠠᠬᠠᠨ ᠳᠠᠯᠠᠪᠴᠢ᠎ᠲᠠᠢ᠃ ᠳᠤᠯᠠᠭ᠋ᠠᠨ ᠴᠢᠭᠢᠭᠲᠡᠢ ᠠᠭᠤᠷ ᠠᠮᠢᠰᠬᠤᠯᠲᠤ ᠭᠠᠵᠠᠷ᠎ᠤᠨ ᠺᠠᠯᠽᠲᠤ ᠬᠥᠷᠥᠰᠥᠨ᠎ᠳᠤ ᠤᠷᠭᠤᠨ᠎ᠠ᠂ ᠤᠯᠠᠭ᠋ᠠᠨ ᠴᠢᠯᠠᠭᠤᠲᠤ ᠭᠠᠵᠠᠷ ᠪᠣᠯᠤᠨ ᠴᠣᠬᠣᠢ ᠵᠢᠨ ᠴᠢᠯᠠᠭᠤᠲᠤ ᠭᠠᠵᠠᠷ ᠵᠶ᠋ᠠᠷ ᠨᠡᠩ ᠴᠦ᠍ ᠣᠯᠠᠨ ᠤᠷᠭᠤᠳᠠᠭ᠃ ᠣᠯᠠᠨ ᠠᠷᠠᠴᠢᠯᠠᠨ ᠵᠠᠢ᠌ᠯᠠᠵᠤ ᠪᠣᠢ᠃
    ᠮᠠᠨ᠎ᠤ ᠤᠯᠤᠰ᠎ᠤᠨ ᠰᠧᠴᠤᠸᠠᠨ᠂ ᠬᠤᠪᠧᠢ ᠮᠣᠵᠢ᠎ᠪᠠᠷ ᠪᠠᠢ᠌ᠭ᠋ᠠᠯᠢ ᠵᠢᠨ ᠣᠢ ᠪᠣᠯᠵᠤ ᠤᠷᠭᠤᠵᠤ ᠪᠣᠢ᠃ ᠵᠧᠵᠢᠶᠠᠩ᠂ ᠠᠨᠾᠥ᠋ᠢ᠂ ᠾᠧᠨᠠᠨ᠂ ᠱᠠᠨᠰᠢ᠂ ᠭᠠᠨᠰᠦ᠂ ᠭᠦᠢ᠍ᠵᠧᠦ᠂ ᠶᠦᠨᠨᠠᠨ᠂ ᠭᠣᠸᠠᠩᠳᠥ᠋ᠩ᠂ ᠭᠤᠸᠠᠩᠰᠢ᠂ ᠬᠤᠨᠠᠨ᠂ ᠵᠢᠶᠠᠩᠰᠢ᠂ ᠹᠦᠵᠢᠶᠠᠨ᠂ ᠲᠠᠢ᠌ᠸᠠᠨ ᠵᠡᠷᠭᠡ ᠮᠣᠵᠢ᠎ᠪᠠᠷ ᠪᠦᠷ ᠤᠷᠭᠤᠳᠠᠭ᠃
    ᠡᠰᠢ᠂ ᠦᠨᠳᠦᠰᠦ ᠬᠢᠭᠡᠳ ᠨᠠᠪᠴᠢ᠎ᠠᠴᠠ᠎ᠨᠢ ᠠᠩᠬᠢᠯᠤᠮ᠎ᠠ ᠲᠣᠰᠣ ᠠᠪᠴᠤ ᠪᠣᠯᠤᠨ᠎ᠠ᠃ ᠮᠣᠳᠣ ᠵᠢ᠎ᠨᠢ ᠪᠠᠷᠢᠯᠭ᠎ᠠ᠂ ᠣᠩᠭᠣᠴᠠ᠂ ᠭᠡᠷ ᠪᠤᠶᠤ ᠲᠠᠷᠢᠶᠠᠯᠠᠩ᠎ᠤᠨ ᠪᠠᠭ᠋ᠠᠵᠢ ᠬᠡᠷᠡᠭᠰᠡᠯ᠎ᠳᠤ ᠠᠰᠢᠭᠯᠠᠨ᠎ᠠ᠃ ᠦᠵᠡᠮᠵᠢ ᠵᠢᠨ ᠮᠣᠳᠣ᠃ ᠪᠣᠷᠭᠣᠴᠣᠭ᠂ ᠦᠨᠳᠦᠰᠦ᠂ ᠨᠠᠪᠴᠢ ᠮᠥᠴᠢᠷ᠎ᠨᠢ ᠪᠦᠷ ᠡᠮ᠎ᠳᠤ ᠣᠷᠣᠨ᠎ᠠ᠃
    ᠬᠢᠲᠠᠳ ᠨᠡᠷ᠎ᠡ᠄ 柏木
    ᠠᠩᠭ᠍ᠯᠢ ᠨᠡᠷ᠎ᠡ᠄ Cupressus Funebris Endl.
    ᠦᠰᠦᠭ ᠠᠮᠢᠯᠠᠭᠤᠯᠤᠭᠴᠢ᠄ ᠳ᠋᠊᠂ ᠡᠷᠬᠢᠮᠪᠠᠭ᠋ᠠᠲᠤᠷ
    ᠬᠢᠨᠠᠭᠴᠢ᠄ ᠫᠤ · ᠴᠠᠭ᠋ᠠᠨ

ᠢᠷᠡᠯᠲᠡ᠄ ᠬᠡᠢ᠌ᠮᠦᠷᠢ ᠰᠦᠯᠵᠢᠶ᠎ᠡ
          
ᠬᠠᠮᠢᠶ᠎ᠡ ᠪᠦᠬᠦᠢ ᠰᠣᠨᠢᠨ
ᠬᠣᠨᠢᠨ ᠠᠷᠴᠠ
ᠲᠤᠱ᠌ᠠᠮᠠᠨ ᠵᠢᠮᠢᠰ
ᠤᠰᠤᠨ ᠴᠦᠭᠦᠷᠰᠦ
ᠴᠠᠭ᠋ᠠᠨ ᠭᠠᠯᠳᠠᠰᠤ
ᠲᠡᠮᠦᠷ ᠬᠠᠷᠭ᠋ᠠᠢ
 
             蒙ICP备05000248号