ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠨᠡᠷᠡᠲᠦ᠍ ᠮᠣᠳᠣ
ᠴᠦᠭᠦᠷᠰᠦ (ᠭᠡᠯᠢᠭ ᠮᠣᠳᠣ)
ᠨᠡᠶ᠋ᠢᠲᠡᠯᠡᠭᠰᠡᠨ ᠴᠠᠭ᠄ 2025-01-02

   

202403290926250.jpg

 
    ᠴᠦᠭᠦᠷᠰᠦ ᠵᠢᠨ ᠢᠵᠠᠭᠤᠷ
    ᠮᠥᠩᠬᠡ ᠨᠣᠭᠣᠭ᠋ᠠᠨ ᠲᠤᠷᠤᠭ ᠮᠣᠳᠣ᠂ 30m ᠬᠢᠷᠢ ᠥᠨᠳᠥᠷ᠂ ᠬᠦᠷᠡᠩ ᠬᠣᠯᠲᠣᠰᠣ᠎ᠲᠠᠢ᠃ ᠮᠥᠴᠢᠷ᠎ᠨᠢ ᠲᠤᠭᠤᠢ᠌ᠷᠠᠨ ᠰᠠᠷᠪᠠᠭ᠋ᠠᠷ ᠤᠷᠭᠤᠵᠤ ᠦᠵᠦᠭᠦᠷ᠎ᠨᠢ ᠵᠢᠭ᠋ᠠᠬᠠᠨ ᠳᠣᠭᠣᠭᠰᠢ ᠤᠨᠵᠢᠭᠢᠷ  ᠪᠠᠢ᠌ᠳᠠᠭ᠃ ᠨᠠᠪᠴᠢ᠎ᠨᠢ ᠪᠦᠰᠡ ᠰᠢᠭ ᠬᠠᠪᠲᠠᠭ᠋ᠠᠢ ᠲᠡᠪᠡᠨᠡ ᠬᠡᠯᠪᠡᠷᠢ᠎ᠲᠠᠢ᠂ ᠲᠤᠩ ᠬᠠᠲᠠᠭᠤ᠂ 3 — 6cm ᠤᠷᠲᠤ᠂ ᠨᠠᠷᠢᠨ ᠬᠢᠷᠥᠭᠡᠨ ᠰᠢᠳᠦ ᠰᠢᠭ ᠬᠥᠪᠡᠭᠡ᠎ᠲᠠᠢ ᠪᠥᠭᠡᠳ ᠠᠷᠤ᠎ᠳᠠᠭᠠᠨ ᠬᠣᠶᠠᠷ ᠵᠤᠷᠪᠤᠰ ᠴᠠᠭ᠋ᠠᠨ ᠥᠩᠭᠡᠲᠦ ᠬᠡᠢ ᠵᠢᠨ ᠠᠮᠠᠰᠠᠷ᠎ᠤᠨ ᠴᠤᠪᠤᠭ᠎ᠠ᠎ᠲᠠᠢ᠂ ᠮᠥᠴᠢᠷ ᠳᠡᠭᠡᠷ᠎ᠡ᠎ᠪᠠᠨ ᠱᠣᠷᠬᠠᠯᠠᠭᠰᠠᠨ ᠰᠢᠭ᠋ ᠴᠤᠪᠤᠷᠠᠨ ᠤᠷᠭᠤᠬᠤ ᠪᠣᠯᠪᠠᠴᠤ ᠶᠡᠷᠦ᠎ᠳᠡᠭᠡᠨ ᠤᠭ᠎ᠨᠢ ᠮᠤᠷᠤᠢ᠌ᠵᠤ ᠬᠣᠶᠠᠷ ᠮᠥᠷᠯᠡᠨ ᠵᠡᠷᠭᠡᠴᠡᠨ᠎ᠡ᠃ ᠴᠡᠴᠡᠭ᠎ᠨᠢ ᠭᠠᠭᠴᠠ ᠪᠡᠯᠭᠡ᠎ᠲᠠᠢ᠂ ᠨᠢᠭᠡ ᠭᠡᠷ᠎ᠲᠠᠢ᠃ ᠡᠷ᠎ᠡ ᠪᠠᠭ ᠴᠡᠴᠡᠭ᠎ᠨᠢ ᠶᠡᠷᠦᠩᠬᠡᠢ ᠪᠠᠭᠯᠠᠭᠴᠢ ᠰᠢᠭ᠋ ᠬᠠᠢ᠌ᠷᠰᠤᠨ ᠢᠯᠲᠠᠰᠤ᠎ᠲᠠᠢ ᠪᠥᠭᠡᠳ ᠮᠥᠴᠢᠷ᠎ᠤᠨ ᠣᠷᠣᠢ᠎ᠳᠤ ᠳᠥᠴᠢ ᠲᠠᠪᠢ᠎ᠪᠠᠷ ᠪᠠᠭᠯᠠᠷᠠᠨ ᠤᠷᠭᠤᠳᠠᠭ᠃ ᠲᠣᠭᠣᠰᠣᠪᠴᠢ᠎ᠨᠢ ᠭᠤᠷᠪᠠᠨ ᠲᠠᠰᠤᠭ᠎ᠲᠠᠢ᠃ ᠡᠮ᠎ᠡ ᠪᠠᠭ ᠴᠡᠴᠡᠭ᠎ᠨᠢ ᠪᠥᠮᠪᠦᠭᠡᠨ ᠬᠡᠯᠪᠡᠷᠢ᠎ᠲᠠᠢ᠂ ᠭᠦᠢ᠍ᠬᠡᠨ ᠬᠦᠷᠡᠩ ᠥᠩᠭᠡᠲᠡᠢ ᠪᠥᠭᠡᠳ ᠮᠥᠴᠢᠷ᠎ᠤᠨ ᠣᠷᠣᠢ᠎ᠳᠤ 1 — 3᠎ᠪᠠᠷ ᠰᠢᠬᠠᠯᠳᠤᠨ ᠤᠷᠭᠤᠳᠠᠭ᠃ ᠪᠣᠷᠭᠣᠴᠣᠭ᠎ᠨᠢ ᠥᠨᠳᠡᠭᠡᠯᠵᠢᠨ ᠪᠤᠶᠤ ᠪᠥᠮᠪᠥᠭᠡᠯᠢᠭ᠂ 2.5 — 5cm ᠤᠷᠲᠤ᠂ ᠪᠠᠭᠯᠠᠭᠴᠢ ᠬᠠᠢ᠌ᠷᠰᠤ᠎ᠨᠢ ᠰᠠᠷᠢᠰᠤᠯᠢᠭ᠂ ᠭᠦᠢ᠍ᠬᠡᠨ ᠰᠢᠷ᠎ᠠ ᠬᠦᠷᠡᠩ᠂ ᠨᠠᠷᠢᠨ ᠬᠢᠷᠥᠭᠡᠨ ᠰᠢᠳᠦᠲᠦ ᠬᠥᠪᠡᠭᠡ᠎ᠲᠠᠢ᠂ ᠱᠣᠪᠬᠣ ᠣᠷᠣᠢ᠎ᠲᠠᠢ᠃ ᠦᠷ᠎ᠡ ᠵᠢᠨ ᠬᠠᠢ᠌ᠷᠰᠤ᠎ᠨᠢ ᠵᠢᠵᠢᠭ᠂ ᠲᠤᠰ ᠪᠦᠷᠢ ᠵᠢᠨ ᠥᠪᠥᠷ ᠲᠠᠯ᠎ᠠ᠎ᠳᠤ ᠭᠤᠷᠪᠠᠨ ᠦᠷ᠎ᠡ ᠪᠣᠢ᠃ ᠦᠷ᠎ᠡ᠎ᠨᠢ ᠬᠠᠪᠲᠠᠭ᠋ᠠᠢ᠂ 6 — 8mm ᠤᠷᠲᠤ᠂ ᠬᠦᠷᠡᠩ᠂ ᠬᠣᠶᠠᠷ ᠬᠥᠪᠡᠭᠡ᠎ᠳᠤᠨᠢ ᠢᠪᠴᠤᠤ ᠳᠠᠯᠠᠪᠴᠢ᠎ᠲᠠᠢ᠃
    ᠳᠤᠯᠠᠭ᠋ᠠᠨ ᠪᠥᠭᠡᠳ ᠴᠢᠭᠢᠭᠲᠡᠢ ᠠᠭᠤᠷ ᠠᠮᠢᠰᠬᠤᠯᠲᠤ ᠭᠠᠵᠠᠷ᠎ᠤᠨ ᠢᠯᠵᠠᠮᠠᠭ ᠶᠡᠬᠡᠲᠡᠢ ᠡᠯᠡᠰᠦᠷᠬᠡᠭ ᠬᠥᠷᠥᠰᠥᠨ᠎ᠳᠤ ᠰᠠᠢ᠌ᠨ ᠤᠷᠭᠤᠨ᠎ᠠ᠃
    ᠮᠠᠨ᠎ᠤ ᠤᠯᠤᠰ᠎ᠤᠨ ᠣᠨᠴᠠ ᠭᠠᠷᠤᠯᠲᠠ ᠮᠥᠨ ᠪᠥᠭᠡᠳ ᠡᠮᠦᠨᠡᠲᠦ ᠬᠡᠰᠡᠭ᠎ᠤᠨ ᠡᠯ᠎ᠡ ᠮᠣᠵᠢ ᠣᠷᠣᠨ᠎ᠳᠤ ᠪᠦᠷ ᠤᠷᠭᠤᠳᠠᠭ᠃ ᠮᠣᠳᠣ ᠵᠢ᠎ᠨᠢ ᠭᠡᠷ ᠪᠠᠷᠢᠯᠭ᠎ᠠ᠂ ᠬᠥᠭᠥᠷᠭᠡ᠂ ᠳᠡᠷ᠎ᠡ ᠮᠣᠳᠣ᠂ ᠴᠠᠬᠢᠯᠭ᠋ᠠᠨ ᠤᠲᠠᠰᠤᠨ᠎ᠤ ᠪᠠᠭ᠋ᠠᠨ᠎ᠠ ᠵᠡᠷᠭᠡ᠎ᠳᠤ ᠬᠡᠷᠡᠭᠯᠡᠨ᠎ᠡ᠃ ᠦᠷ᠎ᠡ᠎ᠠᠴᠠ᠎ᠨᠢ ᠲᠣᠰᠣ ᠠᠪᠴᠤ ᠪᠣᠯᠤᠨ᠎ᠠ᠃ ᠡᠰᠢᠨ᠎ᠤ ᠮᠣᠳᠣᠯᠢᠭ ᠬᠡᠰᠡᠭ᠎ᠲᠤᠨᠢ ᠠᠩᠬᠢᠯᠤᠮ᠎ᠠ ᠲᠣᠰᠣ ᠪᠣᠢ᠃ ᠦᠨᠳᠦᠰᠦ᠂ ᠨᠠᠪᠴᠢ ᠬᠢᠭᠡᠳ ᠬᠣᠯᠲᠣᠰᠣ᠎ᠨᠢ ᠡᠮ᠎ᠳᠤ ᠣᠷᠣᠨ᠎ᠠ᠃
    ᠬᠢᠲᠠᠳ ᠨᠡᠷ᠎ᠡ᠄ 杉木 (杉)
    ᠠᠩᠭ᠍ᠯᠢ ᠨᠡᠷ᠎ᠡ᠄ Cunninghamia lanceolata (Lamb.) Hook.
    ᠦᠰᠦᠭ ᠠᠮᠢᠯᠠᠭᠤᠯᠤᠭᠴᠢ᠄ ᠳ᠋᠊᠂ ᠡᠷᠬᠢᠮᠪᠠᠭ᠋ᠠᠲᠤᠷ   ᠬᠢᠨᠠᠭᠴᠢ᠄ ᠫᠤ · ᠴᠠᠭ᠋ᠠᠨ

ᠢᠷᠡᠯᠲᠡ᠄ ᠬᠡᠢ᠌ᠮᠦᠷᠢ ᠰᠦᠯᠵᠢᠶ᠎ᠡ
          
ᠬᠠᠮᠢᠶ᠎ᠡ ᠪᠦᠬᠦᠢ ᠰᠣᠨᠢᠨ
ᠰᠢᠪᠧᠷᠢᠶ᠎ᠡ ᠵᠣᠳᠣᠣ
ᠪᠣᠳᠢ ᠮᠣᠳᠣ
ᠲᠠᠪᠤᠯᠵᠢᠨ ᠪᠠᠲᠤᠴᠠᠭ᠋ᠠᠨ
ᠬᠠᠶ᠋ᠢᠯᠠᠰᠤᠨ ᠮᠣᠳᠣ
ᠮᠠᠢ᠌ᠯᠠᠰᠤ
 
             蒙ICP备05000248号