ᠰᠡᠳᠬᠦᠯ ᠪᠤᠯ ᠲᠡᠤᠬᠡ ᠶᠤᠮ
ᠨᠡᠶᠢᠲᠡᠯᠡᠭᠰᠡᠨ ᠴᠠᠭ᠄
2021/11/26
ᠰᠡᠳᠬᠦᠯ ᠪᠤᠯ ᠲᠡᠤᠬᠡ ᠶᠤᠮ                     ᠰᠠᠶᠢ᠊ · ᠰᠡᠴᠡᠨᠪᠠᠭᠠᠳᠤᠷ   ᠦᠯᠵᠡᠶᠢᠰᠦ᠋ᠷᠦᠩ  ᠵᠤᠬᠢᠶᠠᠪᠠ         ᠦᠨᠤᠳᠤᠷ ᠤᠨ ︽ᠨᠡᠶᠢᠬᠡᠮ︾ ᠬᠡᠮᠡᠬᠦ ᠰᠡᠳᠬᠦᠯ 1991 ᠤᠨ ᠳᠤ ︽ᠤᠷᠤᠭ᠂ ᠬᠡᠷ ᠪᠦᠯᠢ᠂ ᠨᠡᠶᠢᠬᠡᠮ︾ ᠬᠡᠮᠡᠬᠦ ᠨᠡᠷ᠎ᠡ ᠪᠠᠷ ᠤᠤᠭᠠᠨ ᠳ᠋ᠤᠭᠠᠷ ᠢᠶᠠᠨ ᠡᠬᠢᠯᠡᠬᠦᠯᠵᠤ᠂ 1992 ᠣᠨ ᠤ ᠨᠢᠬᠡᠳᠤᠬᠡᠷ ᠬᠤᠭᠤᠴᠠᠭ᠎ᠠ ᠶᠢ ᠲᠤᠰ ᠲᠤ  ᠨᠢ ᠬᠡᠪᠯᠡᠬᠦᠯᠦᠬᠡᠳ᠂  ᠰᠡᠳᠬᠦᠯ ᠤᠨ ᠨᠢᠭᠤᠷ ᠤᠨ ᠲᠤᠭ᠎ᠠ ᠬᠤᠪᠢᠷᠠᠬᠰᠠᠨ ᠦᠬᠡᠢ ᠪᠠᠶᠢᠳᠠᠯ ᠲᠤᠤᠷ᠎ᠠ ᠬᠤᠶᠠᠷ᠂ ᠭᠤᠷᠪᠠᠳᠤᠭᠠᠷ ᠬᠤᠭᠤᠴᠠᠭ᠎ᠠ ᠶᠢ ᠨᠡᠶᠢᠯᠡᠬᠦᠯᠦᠨ ᠬᠡᠪᠯᠡᠬᠦᠯᠦᠭᠰᠨᠨ ᠨᠢ ᠲᠤᠬᠠᠢ ᠶᠢᠨ ᠦᠶ᠎ᠡ ᠶᠢᠨ ᠰᠡᠳᠬᠦᠯ ᠡᠷᠬᠢᠯᠡᠬᠦ ᠨᠦᠬᠦᠴᠡᠯ ᠪᠠᠶᠢᠳᠠᠯ ᠤᠨ ᠬᠠᠳᠠᠭᠤ ᠪᠡᠷᠬᠡ ᠶᠢ ᠡᠷᠬᠡ ᠦᠬᠡᠢ ᠦᠵᠡᠵᠤ ᠭᠠᠷᠤᠨ᠎ᠠ᠃ 《ᠲᠦᠮᠡᠨ ᠠᠯᠬᠤᠮ ᠤᠨ ᠲᠦᠷᠤᠬᠦᠤ ᠠᠯᠬᠤᠮ》 ᠬᠡᠳᠡᠭ ᠡᠨᠡ ᠳ᠋ᠠ᠃    2020 ᠤᠨ ᠤ 8 ᠳ᠋ᠤᠭᠠᠷ ᠰᠠᠷ᠎ᠠ ᠶᠢᠨ 2 ᠤ ᠡᠳᠤᠷ  ᠪᠢ ︽ᠨᠡᠶᠢᠬᠡᠮ︾ ᠰᠡᠳᠬᠦᠯ ᠳᠤ ᠢᠷᠡᠵᠤ ᠠᠵᠢᠯᠯᠠᠬᠰᠠᠨ᠃ ︽ᠨᠡᠶᠢᠬᠡᠮ︾ ᠰᠡᠳᠬᠦᠯ   ᠤᠨ ᠬᠤᠪᠢ ᠳᠤ ᠰᠢᠨᠡᠬᠡᠨ ᠨᠠᠶᠢᠷᠠᠭᠤᠯᠤᠬᠴᠢ ᠪᠤᠯᠪᠠᠴᠤ ᠤᠭ ᠨᠢ ᠤᠳᠠᠭᠠᠨ ᠵᠢᠯ ᠲᠧᠯᠸᠢᠰ ᠤᠨ ᠰᠤᠷᠪᠤᠯᠵᠢᠯᠠᠬᠴᠢ᠂ ᠨᠠᠶᠢᠷᠠᠭᠤᠯᠤᠬᠴᠢ ᠪᠠᠷ ᠠᠵᠢᠯᠯᠠᠬᠰᠠᠨ ᠤ ᠲᠡᠬᠡᠷ᠎ᠡ ︽ᠦᠨᠢᠷ ᠴᠡᠴᠡᠭ︾ ᠰᠡᠳᠬᠦᠯ ᠳᠤ ᠬᠤᠶᠠᠷ ᠵᠢᠯ ᠨᠠᠶᠢᠷᠠᠭᠤᠯᠤᠬᠴᠢ ᠪᠠᠷ ᠠᠵᠢᠯᠯᠠᠬᠰᠠᠨ ᠪᠤᠯᠬᠤᠷ ᠠᠷᠠᠢ ᠰᠢᠨ᠎ᠡ ᠨᠠᠶᠢᠷᠠᠭᠤᠯᠤᠬᠴᠢ ᠪᠢᠰᠢ ᠴᠦ ᠬᠠᠭᠤᠴᠢᠨ ᠨᠠᠶᠢᠷᠠᠭᠤᠯᠤᠬᠴᠢ ᠯᠠᠪ ᠪᠢᠰᠢ ᠪᠦᠬᠡᠳ ᠳᠡᠭᠡᠷ᠎ᠡ ᠵᠠᠭᠤᠨ ᠤ ᠶᠡᠷᠡᠬᠡᠳ ᠤᠨ  ᠳᠤ ᠬᠢᠳᠡᠳ ᠰᠡᠳᠬᠦᠯ ᠤᠡᠭᠰᠢᠬᠤ ᠳᠤ ᠪᠠᠨ ︽ᠪᠢ ᠵᠤᠭᠤᠰ ᠠᠪᠬᠤ ᠦᠬᠡᠢ᠂ ᠠᠪᠤ ᠪᠠᠨ ᠠᠪᠤᠨ᠎ᠠ︾  ᠬᠡᠬᠦ ᠮᠡᠳᠤ  ᠶᠢᠨ ᠪᠤᠯᠤᠮᠠᠷ ᠭᠡᠵᠤ ᠦᠵᠡᠭᠰᠡᠨ ᠵᠤᠬᠢᠶᠠᠯ ᠢᠶᠠᠨ ᠮᠤᠩᠭᠤᠯᠴᠢᠯᠠᠭᠠᠳ ᠲᠤᠬᠠᠢ ᠶᠢᠨ ᠦᠶ᠎ᠡ ᠶᠢᠨ ︽ᠤᠷᠤᠭ᠂ ᠬᠡᠷ ᠪᠦᠯᠢ᠂ ᠨᠡᠶᠢᠬᠡᠮ︾ ᠰᠡᠳᠬᠦᠯ ᠳᠤ ᠨᠡᠶᠢᠳᠡᠯᠡᠳᠡᠭ ᠪᠠᠶᠢᠬᠰᠠᠨ ᠪᠤᠯᠪᠠᠴᠤ᠂ ᠰᠡᠳᠬᠦᠯ ᠤᠨ ᠲᠤᠬᠠᠢ᠂ ᠨᠡᠩᠳᠡ ︽ᠨᠡᠶᠢᠬᠡᠮ︾ ᠰᠡᠳᠬᠦᠯ ᠤᠨ ᠲᠤᠬᠠᠢ ᠶᠠᠭᠤᠮ᠎ᠠ ᠶᠠᠷᠢᠬᠤ ᠳᠤ ᠮᠡᠳᠡᠴᠨ᠂ ᠵᠤᠷᠢᠭ ᠬᠤᠶᠠᠷ ᠠᠷᠠᠢ ᠬᠤᠮᠰᠠᠳᠠᠬᠤ ᠠᠵᠢ᠃ ᠤᠴᠢᠷ ᠡᠶᠢᠮᠤ ᠠᠴᠠ ︽ᠨᠡᠶᠢᠬᠡᠮ︾ ᠰᠡᠳᠬᠦᠯ ᠤᠨ ᠲᠤᠭᠤᠷᠢᠨ ᠳᠤ ᠤᠷᠴᠢᠮᠬᠠᠨ ᠪᠤᠯᠤᠬᠰᠠᠨ ᠬᠤᠶᠠᠷ ᠶᠠᠪᠤᠳᠠᠯ ᠢ ᠲᠤᠭᠠᠴᠢᠨ ᠦᠬᠦᠯᠡᠵᠤ ᠬᠠᠭᠤᠳᠠᠰᠤ ᠲᠦᠬᠦᠷᠬᠡᠰᠤ᠃     ᠮᠢᠨᠤ ᠬᠤᠪᠢ ᠳᠤ ᠨᠤᠮ ᠪᠢᠴᠢᠭ ᠬᠠᠷᠢᠴᠠᠩᠭᠤᠢ ᠴᠦᠬᠡᠨ ᠨᠠᠶᠠᠭᠠᠳ ᠤᠨ ᠳᠤ ᠲᠤᠮᠳᠠᠳᠤ ᠰᠤᠷᠭᠠᠭᠤᠯᠢ ᠪᠠᠨ ᠲᠦᠬᠦᠷᠬᠡᠭᠰᠡᠨ ᠪᠤᠯᠬᠤᠷ ᠲᠤᠬᠠᠢ ᠶᠢᠨ ᠦᠶ᠎ᠡ ᠶᠢᠨ ᠡᠳᠤᠷ ᠤᠨ ᠤᠳᠤ ᠮᠡᠳᠤ ᠬᠡᠳᠤᠬᠡᠨ ᠰᠡᠳᠬᠦᠯ ᠢ ᠠᠯᠳᠠᠯ ᠦᠬᠡᠢ ᠤᠡᠭᠰᠢᠳᠠᠭ ᠤᠨ ᠬᠠᠷᠠᠭ᠎ᠠ ᠪᠠᠷ ᠳᠡᠭᠡᠷ᠎ᠡ ᠵᠠᠭᠤᠨ ᠤ ᠶᠡᠷᠡᠬᠡᠳ ᠤᠨ ᠤ ᠡᠬᠢᠨ ᠳᠤ ︽ᠤᠷᠤᠭ᠂ ᠬᠡᠷ ᠪᠦᠯᠢ᠂ ᠨᠡᠶᠢᠬᠡᠮ ︾ ᠬᠠᠷᠠᠭᠠᠨ ᠳᠤ ᠦᠷᠳᠡᠵᠤ ᠤᠡᠭᠰᠢᠬᠤ ᠲᠤᠷᠠᠳᠠᠢ ᠰᠡᠳᠬᠦᠯ ᠤᠨ ᠨᠢᠬᠡ ᠪᠤᠯᠤᠬᠰᠠᠨ ᠨᠢ ᠭᠠᠷᠴᠠᠭ᠎ᠠ ᠦᠬᠡᠢ᠃ ᠲᠡᠷᠨ ᠦᠶ᠎ᠡ ᠳᠤ ᠠᠶᠢᠯ ᠪᠤᠯᠭᠠᠨ ᠤ ᠬᠤᠷᠭᠤᠨ ᠲᠡᠬᠡᠷ᠎ᠡ᠂ ᠬᠠᠯᠠᠭᠤᠨ ᠬᠠᠨᠵᠤᠨ ᠲᠡᠬᠡᠷ᠎ᠡ ︽ᠦᠨᠢᠷ ᠴᠡᠴᠡᠭ︾᠂ ︽ᠲᠡᠯᠡᠬᠡᠢ ᠶᠢᠨ ᠤᠳᠬ᠎ᠠ ᠵᠤᠬᠢᠶᠠᠯ︾ ︽ᠤᠷᠤᠭ᠂ ᠬᠡᠷ ᠪᠦᠯᠢ᠂ ᠨᠡᠶᠢᠬᠡᠮ︾  ᠵᠡᠷᠬᠡ ᠰᠡᠳᠬᠦᠯ ᠪᠠᠶᠢᠬᠰᠠᠨ ᠢ ᠬᠦᠮᠦᠰ ᠲᠤᠷᠠᠳᠬᠠᠨ ᠶᠠᠷᠢᠬᠤ ᠲᠤᠷᠠᠳᠠᠢ ᠪᠠᠶᠢᠳᠠᠭ᠃ ᠲᠡᠷᠨ ᠦᠶ᠎ᠡ ᠳᠤ  ᠤᠡᠭᠰᠢᠬᠴᠢ᠂ ᠰᠡᠳᠬᠦᠯ ᠤᠨ ᠬᠠᠷᠢᠴᠠᠭ᠎ᠠ ᠮᠠᠨᠢ ᠤᠷᠤᠭᠤᠯ ᠰᠢᠳᠤᠨ ᠤ ᠬᠠᠷᠢᠴᠠᠭ᠎ᠠ ᠰᠢᠭ᠋ ᠲᠤᠩ ᠤᠶᠢᠷᠠᠬᠠᠨ ᠪᠠᠶᠢᠬᠰᠠᠨ ᠪᠦᠬᠡᠳ ᠤᠳᠤ ᠴᠦ ᠬᠤᠯᠠᠳᠠᠭ᠎ᠠ ᠦᠬᠡᠢ ᠬᠤᠯᠪᠤᠭ᠎ᠠ ᠲᠠᠢ ᠶᠠᠪᠤᠬᠰᠠᠭᠠᠷ ᠪᠠᠶᠢᠨᠠᠮ ᠠᠵᠤᠭᠤ᠃     ᠦᠨᠤ ᠵᠢᠯ ᠪᠤᠯ ᠲᠤᠮᠳᠠᠳᠤ ᠤᠯᠤᠰ ᠤᠨ ᠡᠪ ᠬᠠᠮᠳᠤ ᠨᠠᠮ ᠪᠠᠶᠢᠭᠤᠯᠤᠬᠳᠠᠬᠰᠠᠨ 100 ᠵᠢᠯ ᠤᠨ ᠤᠢ ᠲᠤᠬᠢᠶᠠᠬᠰᠠᠨ ᠪᠤᠯᠬᠤᠷ ᠮᠠᠨ ᠤ ︽ᠨᠡᠶᠢᠬᠡᠮ︾ ᠰᠡᠳᠬᠦᠯ ︽ᠨᠠᠮ ᠪᠠᠶᠢᠭᠤᠯᠤᠬᠳᠠᠬᠰᠠᠨ 100 ᠵᠢᠯ ᠤᠨ ᠤᠢ︾ ᠳᠤ ᠵᠤᠷᠢᠭᠤᠯᠤᠬᠰᠠᠨ ᠲᠤᠰᠬᠠᠢ ᠳ᠋ᠤᠭᠠᠷ ᠭᠠᠷᠭᠠᠵᠤ᠂ ᠡᠨᠡ ᠬᠦ ᠢᠷᠡᠭᠤ ᠠᠯᠳᠠᠷᠳᠠᠢ ᠴᠠᠭ ᠮᠦᠴᠨ ᠶᠢ ᠲᠡᠮᠳᠡᠭᠯᠡᠭᠰᠡᠨ ᠶᠤᠮ ᠃ ᠤᠯᠳᠤᠢ ᠪᠢ ᠠᠴᠢᠳᠤ ᠠᠪᠤ ᠶᠢᠨ ᠢᠶᠠᠨ ᠨᠠᠳᠠ ᠳᠤ ᠦᠪᠯᠡᠵᠤ ᠦᠯᠡᠳᠡᠭᠡᠭᠰᠡᠨ ᠤᠶᠤᠨ ᠤ ᠦᠪ ᠠᠴᠠ ᠬᠤᠪᠢᠶᠠᠯᠴᠠᠬᠤ ᠰᠠᠨᠠᠭ᠎ᠠ ᠪᠠᠷ ︽ᠰᠠᠶᠢᠨ ᠢ ᠨᠢ ᠴᠡᠬᠡᠵᠢᠯᠡᠵᠤ ᠶᠠᠪᠤᠭᠠᠷᠠᠢ︾ ᠬᠡᠮᠡᠬᠦ ᠭᠠᠷᠴᠠᠭ ᠲᠠᠢ ᠪᠡᠰᠡᠷᠡᠭ ᠵᠤᠬᠢᠶᠠᠯ ᠪᠢᠴᠢᠯ᠎ᠡ᠃ ᠰᠡᠳᠬᠦᠯ ᠨᠡᠶᠢᠳᠡᠯᠡᠭᠳᠡᠭᠡᠳ ᠬᠠᠭᠠᠰ ᠰᠠᠷ᠎ᠠ ᠶᠢᠨ ᠲᠠᠷᠠᠭ᠎ᠠ ᠪᠠᠶᠢᠬ᠎ᠠ᠂ ᠪᠠᠭᠠᠷᠢᠨ ᠪᠠᠷᠠᠭᠤᠨ ᠬᠤᠰᠢᠭᠤ ᠪᠠᠷ ᠨᠤᠳᠤᠭ ᠲᠠᠢ᠂ ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠬᠠᠤᠯᠢ ᠴᠠᠭᠠᠵᠨ ᠶᠢᠨ ᠲᠡᠬᠡᠳᠤ ᠰᠤᠷᠭᠠᠭᠤᠯᠢ ᠳᠤ ᠠᠰᠫᠢᠷᠡᠨᠲ ᠦᠵᠡᠵᠤ ᠪᠠᠶᠢᠭ᠎ᠠ ᠮᠦᠴᠢᠷ ᠬᠡᠮᠡᠬᠦ ᠤᠶᠤᠳᠠᠨ ᠲᠡᠬᠦᠤ ᠮᠢᠨᠤ ᠵᠤᠬᠢᠶᠠᠯ ᠢ ᠨᠢᠮᠪᠠᠢ ᠤᠡᠭᠰᠢᠬᠰᠠᠨ ᠲᠤᠬᠠᠢ  ᠪᠠᠨ ᠨᠠᠳᠠ ᠳᠤ ᠲᠡᠮᠳᠡᠭᠯᠡᠨ  ᠢᠯᠡᠭᠡᠵᠦ ᠪᠢᠯᠨ᠃ ᠲᠡᠬᠦᠨ  ᠢ ᠰᠡᠶᠢᠷᠡᠬᠦᠯᠪᠡᠯ᠄    ︽︿ᠰᠠᠶᠢᠨ ᠢ ᠨᠢ ᠴᠡᠬᠡᠵᠢᠯᠡᠵᠤ ᠶᠠᠪᠤᠭᠠᠷᠠᠢ﹀ ᠬᠡᠬᠦ ᠵᠤᠬᠢᠶᠠᠯ ᠢ ᠨᠠᠮᠤᠷ ᠤᠨ ᠰᠡᠷᠢᠬᠦᠤ ᠤᠷᠤᠬᠰᠠᠨ ᠵᠢᠩ ᠲᠠᠢ ᠦᠷᠯᠦᠬᠡ ᠤᠡᠭᠰᠢᠬᠰᠠᠨ ᠶᠤᠮ᠂ ᠬᠡᠬᠦ ᠳᠤ ᠤᠡᠭᠰᠢᠭᠠᠳ ᠪᠠᠷᠠᠬᠤ ᠳᠤ ᠨᠠᠮᠤᠷ ᠤᠨ ᠰᠡᠷᠢᠬᠦᠨ ᠵᠢᠩ ᠢ ᠮᠠᠷᠳᠠᠭᠤᠯᠤᠮ᠎ᠠ ᠰᠡᠳᠬᠢᠯ ᠢ ᠲᠤᠯᠠᠭᠠᠯᠠᠬᠰᠠᠨ ᠢᠯᠴᠢ ᠲᠠᠢ ᠵᠤᠬᠢᠶᠠᠯ ᠪᠤᠯᠤᠬᠰᠠᠨ ᠭᠡᠵᠤ ᠦᠵᠡᠯ᠎ᠡ᠃ ᠲᠤᠰ ᠵᠤᠬᠢᠶᠠᠯ ᠢ ᠤᠡᠭᠰᠢᠭᠠᠳ ᠬᠠᠷᠠᠭᠠᠨ ᠳᠤ ᠨᠦᠮᠵᠦᠭᠳᠡᠢ᠂ ᠠᠯᠤᠰ ᠤᠨ ᠬᠠᠷᠠᠭ᠎ᠠ ᠲᠠᠢ᠂ ᠪᠢᠳᠡᠬᠦᠬᠡᠨ ᠳᠤ ᠪᠠᠨ ᠤᠯᠠᠨ ᠶᠠᠭᠤᠮ᠎ᠠ ᠲᠤᠩᠭᠠᠳᠠᠭ᠂ ᠬᠡᠷ ᠪᠦᠯᠢ ᠳᠤ ᠪᠠᠨ ᠬᠠᠷᠢᠭᠤᠴᠠᠯᠭ᠎ᠠ ᠲᠠᠢ ᠮᠤᠩᠭᠤᠯ ᠠᠪᠤ ᠶᠢᠨ ᠲᠦᠷᠬᠦ ᠢᠯᠡᠷᠡᠯ᠎ᠡ᠃ ᠵᠤᠬᠢᠶᠠᠬᠴᠢ ᠳᠤ ᠡᠶᠢᠮᠤ ᠨᠦᠮᠵᠦᠭᠳᠡᠢ ᠠᠭᠤᠤ ᠠᠪᠤ ᠪᠠᠶᠢᠳᠠᠭ ᠲᠤ ᠨᠢ  ᠬᠡᠴᠢᠨᠡᠬᠡᠨ ᠤᠯᠠᠨ ᠬᠦᠮᠦᠨ ᠪᠠᠭ᠋ᠠᠷᠬᠠᠳᠠᠭ ᠪᠤᠯ︖ ᠬᠦᠮᠦᠨ ᠶᠡᠷᠤ ᠨᠢ ᠡᠷᠡᠬᠦᠯ ᠤᠬᠠᠭᠠᠨ ᠰᠠᠷᠠᠭᠤᠯ ᠪᠤᠳᠤᠯᠭ᠎ᠠ ᠲᠠᠢ ᠬᠡᠷ ᠪᠦᠯᠢ ᠳᠤ ᠵᠠᠶᠠᠭᠠᠬᠳᠠᠨ᠎ᠠ ᠭᠡᠵᠤ ᠲᠡᠬᠦᠨ ᠤ ᠬᠤᠵᠢᠮ ᠤᠨ ᠠᠮᠢᠳᠤᠷᠠᠯ ᠳᠤ ᠶᠠᠭᠤᠳᠠᠢ ᠴᠢᠬᠤᠯᠨ ᠪᠢᠯᠨ᠃ ᠶᠡᠷᠤ ᠨᠢ ᠠᠷᠤᠬᠴᠢᠨ ᠬᠦᠮᠦᠨ ᠨᠠᠳᠠ ᠳᠤ ᠶᠡᠭᠡ ᠡᠬᠡᠯᠢ ᠲᠠᠢ ᠰᠠᠨᠠᠬᠳᠠᠳᠠᠭ᠂ ᠮᠤᠩᠭᠤᠯ ᠬᠦᠮᠦᠨ ᠤ ᠰᠢᠯᠢᠳᠡᠭ ᠤᠯᠠᠮᠵᠢᠯᠠᠯᠳᠤ ᠵᠠᠩ ᠴᠢᠨᠠᠷ ᠢ ᠬᠠᠳᠠᠭᠠᠯᠠᠬᠰᠠᠨ ᠤᠶᠠᠬᠠᠨ ᠨᠤᠳᠤᠭ ᠭᠡᠵᠤ ᠪᠤᠳᠤᠬᠳᠠᠳᠠᠭ᠃ ᠲᠤᠰ ᠮᠡᠳᠡᠷᠡᠮᠵᠢ ᠤᠤᠯ ᠵᠤᠬᠢᠶᠠᠯ ᠢ ᠤᠡᠭᠰᠢᠬᠤ ᠳᠤ ᠲᠠᠬᠢᠨᠳᠠ ᠮᠡᠳᠡᠷᠡᠭᠳᠡᠬᠦ ᠨᠢ᠃     ᠲᠤᠰ ᠵᠤᠬᠢᠶᠠᠯ ᠳᠤ ᠪᠢᠴᠢᠭᠰᠡᠨ ᠨᠢᠬᠡᠨ ᠤᠴᠢᠷ ᠰᠡᠳᠬᠢᠯ ᠤᠨ ᠬᠦᠨ ᠳᠤ ᠬᠢ ᠴᠢᠪᠬᠠᠳᠠᠰᠤ ᠶᠢ ᠴᠢᠪᠬᠠᠳᠠᠯ᠎ᠠ᠃ ᠠᠳᠡ ᠲᠤᠪᠴᠢᠯᠠᠨ ᠲᠤᠷᠠᠳᠪᠠᠰᠤ᠄ ᠵᠤᠬᠢᠶᠠᠬᠴᠢ ᠶᠢᠨ ᠡᠪᠦᠭᠡ ᠬᠤᠶᠠᠷ ᠮᠠᠯ ᠢ ᠬᠤᠯᠠᠭᠠᠶᠢᠯᠠᠯ᠎ᠠ ᠭᠡᠵᠤ ᠬᠢᠯᠢᠰᠳᠡᠭᠳᠡᠭᠰᠡᠨ ᠪᠤᠯᠪᠠᠴᠤ ᠵᠤᠬᠢᠶᠠᠬᠴᠢ ᠶᠢᠨ ᠠᠪᠤ ᠳᠤ 〈 ᠮᠢᠨᠤ ᠬᠦᠤ ᠬᠤᠵᠢᠮ ᠴᠢᠳᠠᠯ ᠤᠷᠤᠯ᠎ᠠ ᠬᠡᠳ ᠦᠰ ᠪᠤᠳᠤᠵᠤ ᠦᠰᠢᠶ᠎ᠡ ᠠᠪᠤᠨ᠎ᠠ ᠭᠡᠵᠤ ᠪᠤᠯᠬᠤ ᠦᠬᠡᠢ ᠰᠢᠤ᠂ ᠬᠦᠮᠦᠨ ᠤ ᠰᠠᠶᠢᠨ ᠢ ᠨᠢ ᠪᠤᠳᠤᠵᠤ ᠮᠠᠭᠤ ᠶᠢ ᠨᠢ ᠮᠠᠷᠳᠠᠵᠤ ᠠᠮᠢᠳᠤᠷᠠᠭᠠᠷᠠᠢ 〉 ᠭᠡᠵᠤ ᠵᠠᠬᠢᠬᠰᠠᠨ ᠪᠠ ᠵᠤᠬᠢᠶᠠᠬᠴᠢ ᠶᠢᠨ ᠠᠪᠤ ᠳᠤ ᠦᠰᠢᠶ᠎ᠡ ᠠᠪᠬᠤ ᠵᠠᠪᠰᠢᠶᠠᠨ ᠪᠠᠶᠢᠬᠰᠠᠨ ᠴᠦ ᠠᠪᠤ ᠶᠢᠨ ᠢᠶᠠᠨ ᠦᠬᠡ ᠶᠢ ᠪᠤᠳᠤᠵᠤ ᠦᠰᠢᠶ᠎ᠡ ᠠᠪᠬᠤ ᠭᠡᠵᠤ ᠤᠷᠤᠯᠳᠤᠬᠰᠠᠨ ᠦᠬᠡᠢ᠂ ᠬᠠᠷᠢᠨ ᠵᠤᠬᠢᠶᠠᠬᠴᠢ ᠳᠤ 〈 ᠬᠦᠮᠦᠨ ᠤ ᠰᠠᠶᠢᠨ ᠢ ᠪᠤᠳᠤᠵᠤ ᠮᠠᠭᠤ ᠶᠢ ᠨᠢ ᠮᠠᠷᠳᠠᠵᠤ ᠠᠮᠢᠳᠤᠷᠠᠭᠠᠷᠠᠢ 〉ᠬᠡᠳᠡᠭ ᠰᠤᠷᠭᠠᠯ ᠢ ᠤᠯᠠᠮᠵᠢᠯᠠᠵᠤ ᠬᠠᠶᠢᠷᠠᠯᠠᠬᠰᠠᠨ᠃ ᠬᠦᠮᠦᠨ ᠤ ᠰᠠᠶᠢᠨ ᠢ ᠪᠤᠳᠤᠵᠤ ᠮᠠᠭᠤ ᠶᠢ ᠨᠢ ᠮᠠᠷᠳᠠᠵᠤ ᠠᠮᠢᠳᠤᠷᠠᠬᠤ ᠪᠤᠯ ᠮᠠᠰᠢ ᠠᠭᠤᠤ ᠶᠡᠭᠡ ᠦᠵᠡᠯ ᠰᠠᠨᠠᠭ᠎ᠠ ᠶᠢ ᠠᠭᠤᠯᠤᠬᠰᠠᠨ ᠬᠦᠨ ᠤᠬᠠᠭᠠᠨ ᠤ ᠠᠮᠢᠳᠤᠷᠠᠬᠤᠢ ᠶᠢᠨ ᠤᠨᠤᠯ᠃ ᠦᠰᠢᠶ᠎ᠡ ᠬᠤᠨᠵᠢᠩ ᠪᠤᠳᠤᠬᠤ ᠦᠬᠡᠢ ᠦᠵᠡᠯ ᠰᠠᠨᠠᠭᠠᠨ ᠳᠤ ᠦᠪᠡᠷ ᠲᠤ ᠨᠢ ᠤᠶᠤᠨ ᠰᠠᠨᠠᠭᠠᠨ ᠤ ᠪᠤᠶᠤ ᠡᠳ᠋ ᠪᠤᠳᠠᠰ ᠤᠨ ᠬᠤᠬᠢᠷᠠᠯ ᠤᠴᠠᠷᠠᠭᠤᠯᠤᠬᠰᠠᠨ ᠡᠳᠡᠬᠡᠳ ᠲᠤ ᠬᠠᠷᠢᠭᠤ ᠬᠤᠬᠢᠷᠠᠯ ᠰᠠᠨᠠᠭᠠᠴᠢᠯᠠᠬᠤ ᠦᠬᠡᠢ ᠠᠭᠤᠳᠠᠮ ᠪᠠᠭᠳᠠᠭᠠᠮᠵᠢ ᠲᠠᠢ ᠠᠭᠤᠴᠢᠯᠠᠯ ᠤᠨ ᠦᠵᠡᠯ ᠰᠠᠨᠠᠭ᠎ᠠ ᠠᠭᠤᠯᠤᠬᠳᠠᠵᠤ ᠪᠠᠶᠢᠨ᠎ᠠ᠃ ᠬᠦᠮᠦᠨ ᠲᠦᠷᠤᠯᠬᠢᠳᠡᠨ ᠤ ᠲᠡᠤᠬᠡᠨ ᠳᠤ ᠦᠰᠢᠶ᠎ᠡ ᠠᠪᠤᠯᠳᠠ ᠠᠴᠠ ᠪᠤᠯᠵᠤ ᠮᠠᠰᠢ ᠤᠯᠠᠨ ᠠᠮᠢ ᠨᠠᠰᠤ᠂ ᠰᠤᠶᠤᠯ ᠪᠤᠯᠪᠠᠰᠤᠨ ᠰᠦᠢᠳᠭᠡᠭᠳᠡᠭᠰᠡᠨ ᠪᠠᠶᠢᠳᠠᠭ᠃ ᠤᠨᠴᠠᠭᠠᠶᠢᠯᠠᠨ ᠦᠬᠡᠨ ᠤ ᠦᠰᠢᠶ᠎ᠡ ᠬᠦᠮᠦᠨ ᠤ ᠬᠤᠷᠤᠰᠤᠯ ᠢ ᠶᠡᠬᠡᠳᠡ ᠲᠡᠭᠳᠡᠬᠡᠬᠦ ᠬᠦᠴᠤᠨ ᠲᠠᠢ ᠪᠠᠶᠢᠳᠠᠭ᠃ ᠦᠬᠡᠨ ᠤ ᠦᠰᠢᠶ᠎ᠡ ᠠᠴᠠ ᠴᠢᠰᠤᠨ ᠤ ᠦᠰᠢᠶ᠎ᠡ ᠦᠦᠬᠡᠳᠡ ᠤᠯᠠᠷᠢᠬᠤ ᠪᠠᠶᠢᠳᠠᠯ ᠵᠦᠡᠭᠳᠡᠬᠡᠨ ᠬᠠᠷᠭᠤᠳᠠᠭ᠃ ᠡᠨᠡ ᠪᠤᠯ ᠮᠠᠰᠢ ᠬᠦᠮᠦᠯᠢᠭ ᠪᠤᠰᠤ᠂ ᠬᠦᠮᠦᠨ ᠲᠦᠷᠤᠯᠬᠢᠳᠡᠨ ᠤ ᠤᠢ ᠪᠤᠯᠪᠠᠰᠤᠨ ᠤ ᠬᠦᠭᠵᠢᠯᠳᠡ ᠳᠤ ᠮᠠᠭᠤ ᠨᠦᠯᠦᠬᠡ ᠪᠦᠬᠦᠢ᠂ ᠬᠦᠮᠦᠨ ᠲᠦᠷᠤᠯᠬᠢᠳᠡᠨ ᠳᠤ ᠤᠤᠯ ᠠᠴᠠ ᠪᠠᠨ ᠪᠠᠶᠢᠳᠠᠭ ᠮᠠᠭᠤ ᠵᠠᠩ ᠠᠷᠠᠨᠰᠢᠨ ᠪᠤᠶᠤ ᠦᠵᠡᠯ ᠪᠤᠳᠤᠯ᠃ ᠡᠨᠡ ᠬᠦ ᠦᠵᠡᠯ ᠪᠤᠳᠤᠯ ᠢ ᠲᠠᠷᠤᠵᠤ᠂ ᠨᠤᠮᠤᠬᠠᠳᠬᠠᠵᠤ ᠶᠠᠪᠤᠬᠤ ᠪᠤᠯ ᠬᠦᠮᠦᠨ ᠲᠦᠷᠤᠯᠬᠢᠳᠡᠨ ᠤ ᠰᠠᠶᠢᠨ ᠰᠠᠶᠢᠬᠠᠨ  ᠢ ᠡᠷᠢᠯᠬᠢᠯᠡᠬᠦ ᠵᠠᠮ ᠳᠤ ᠬᠢ ᠮᠦᠡᠭᠭᠡ ᠶᠢᠨ ᠰᠡᠳᠤᠪ ᠮᠥᠨ᠃ ᠮᠡᠳᠡᠬᠡᠵᠢ᠂ ᠬᠦᠮᠦᠨ ᠤ ᠮᠠᠭᠤ ᠶᠢ ᠮᠠᠷᠳᠠᠬᠤ ᠰᠡᠳᠬᠢᠯ  ᠤᠨ ᠬᠦᠳᠡᠯᠬᠡᠬᠡᠨ ᠤ ᠶᠠᠪᠤᠴᠨ ᠳᠤ ᠮᠠᠰᠢ ᠲᠠᠭ᠎ᠠ ᠦᠬᠡᠢ ᠮᠡᠳᠡᠷᠡᠮᠵᠢ ᠲᠦᠷᠤᠬᠦᠯᠤᠨ᠎ᠡ᠃ ᠡᠨᠡ ᠲᠠᠭ᠎ᠠ ᠦᠬᠡᠢ ᠮᠡᠳᠡᠷᠡᠮᠵᠢ ᠶᠢ ᠢᠯᠠᠨ ᠲᠠᠪᠠᠭ᠋ᠤ ᠳᠤ ᠤᠢ ᠤᠬᠠᠭᠠᠨ᠂ ᠲᠡᠰᠪᠤᠷᠢ ᠲᠡᠪᠴᠢᠶᠡᠷᠢ ᠠᠭᠤᠳᠠᠮ ᠪᠠᠭᠳᠠᠭᠠᠮᠵᠢ ᠱᠠᠭᠠᠷᠳᠠᠬᠳᠠᠨ᠎ᠠ᠃ ᠡᠨᠡ ᠬᠦ ᠶᠠᠪᠤᠴᠨ ᠳᠤ ᠪᠦᠬᠦ ᠬᠦᠮᠦᠨ ᠲᠦᠷᠤᠯᠬᠢᠳᠡᠨ ᠤ ᠮᠦᠡᠭᠭᠡ ᠶᠢᠨ ᠬᠦᠬᠡᠬᠡᠴᠡᠯᠳᠤᠯ ᠪᠤᠯᠬᠤ ᠰᠠᠶᠢᠨ ᠰᠠᠶᠢᠬᠠᠨ᠂ ᠬᠦᠮᠦᠡᠯᠢᠭ᠂ ᠡᠶ᠎ᠡ ᠨᠠᠶᠢᠷ᠂ ᠪᠤᠯᠪᠠᠰᠤᠨ᠂ ᠡᠨᠡᠷᠢᠩᠭᠦᠢ ᠰᠡᠳᠬᠢᠯ ᠵᠡᠷᠬᠡ ᠬᠦᠨ ᠤᠬᠠᠭᠠᠨ ᠤ ᠲᠡᠬᠡᠳᠤ ᠵᠡᠷᠬᠡ ᠶᠢᠨ ᠰᠢᠯᠢᠳᠡᠭ ᠠᠮᠢᠳᠤᠷᠠᠬᠤᠢ ᠶᠢᠨ ᠤᠨᠤᠯ ᠲᠠᠪᠳᠠᠬᠳᠠᠬᠤ ᠪᠤᠯᠤᠨ᠎ᠠ᠃ ᠡᠶᠢᠮᠤ ᠠᠴᠠ ᠵᠤᠬᠢᠶᠠᠬᠴᠢ ᠮᠠᠰᠢ ᠠᠵᠨ ᠲᠠᠢ ᠪᠠᠷ ᠬᠠᠷᠠᠬᠠᠨ ᠪᠠᠭ᠎ᠠ ᠳᠤ ᠪᠠᠨ ᠲᠡᠬᠦᠨ ᠤ ᠡᠪᠦᠭᠡ — ᠠᠪᠤ — ᠵᠤᠬᠢᠶᠠᠬᠴᠢ ᠬᠡᠬᠦ ᠲᠠᠷᠠᠭᠠᠯᠠᠯ ᠢᠶᠠᠷ ᠲᠠᠨᠢᠨ ᠮᠡᠳᠡᠷᠡᠬᠦᠢ ᠶᠢᠨ ᠦᠨᠳᠤᠷ ᠬᠡᠪ ᠪᠤᠯᠪᠠᠰᠤᠷᠠᠯ ᠢ ᠬᠦᠷᠳᠡᠵᠡᠢ᠃ ᠡᠨᠡ ᠬᠦ ᠦᠵᠡᠯ ᠰᠠᠨᠠᠭ᠎ᠠ ᠵᠤᠬᠢᠶᠠᠬᠴᠢ ᠶᠢᠨ ᠠᠮᠢᠳᠤᠷᠠᠯ ᠳᠤ ᠪᠠᠭ᠎ᠠ ᠪᠤᠰᠤ ᠠᠵᠨ ᠵᠢᠷᠭᠠᠯ ᠢ ᠠᠪᠴᠢᠷᠠᠬᠰᠠᠨ ᠬᠡᠳᠡᠭ ᠲᠤ ᠡᠷᠡᠬᠡᠯᠵᠡᠬᠦ ᠦᠬᠡᠢ᠃ ᠲᠠᠷᠠᠭ᠎ᠠ ᠨᠢ ᠬᠦᠮᠦᠨ ᠤ ᠰᠠᠶᠢᠨ ᠢ ᠪᠤᠳᠤᠵᠤ ᠶᠠᠪᠤᠬᠤ ᠪᠤᠯ ᠦᠪᠡᠷ ᠲᠤ᠂ ᠦᠷᠤᠬᠡᠯ ᠳᠤ ᠲᠤᠯᠠᠭᠠᠬᠠᠨ ᠮᠡᠳᠡᠷᠡᠮᠵᠢ ᠠᠪᠴᠢᠷᠠᠬᠤ ᠶᠠᠪᠤᠳᠠᠯ ᠪᠤᠯᠤᠨ᠎ᠠ᠃ ᠬᠦᠮᠦᠨ ᠤ ᠮᠠᠭᠤ ᠮᠠᠭᠤᠬᠠᠢ ᠶᠢ ᠮᠠᠷᠳᠠᠵᠤ᠂ ᠰᠠᠶᠢᠨ ᠰᠠᠶᠢᠬᠠᠨ ᠲᠠᠯ᠎ᠠ ᠶᠢ ᠪᠤᠳᠤᠵᠤ ᠶᠠᠪᠤᠬᠤ ᠪᠤᠯ ᠰᠡᠳᠬᠢᠯ ᠢᠶᠠᠨ ᠠᠷᠢᠭᠤᠰᠬᠠᠵᠤ ᠶᠠᠪᠤᠵᠤ ᠪᠠᠶᠢᠬᠤ ᠲᠠᠢ ᠠᠳᠠᠯᠢᠬᠠᠨ ᠶᠤᠮ᠃ ᠲᠤᠰ ᠵᠤᠬᠢᠶᠠᠯ ᠳᠤ ᠡᠬᠦᠨ ᠠᠴᠠ ᠪᠤᠰᠤᠳ ᠪᠠᠰᠨ ᠰᠢᠳᠤᠷᠭᠤ ᠶᠤᠰᠤ ᠶᠢ ᠬᠦᠬᠡᠬᠡᠴᠡᠯᠳᠦᠬᠦ᠂ ᠠᠬᠠᠰ ᠵᠠᠬᠠᠰ ᠬᠦᠨᠳᠤᠯᠡᠬᠦ ᠵᠡᠷᠬᠡ ᠤᠯᠠᠨ ᠤᠯᠠᠨ ᠰᠢᠯᠢᠳᠡᠭ ᠬᠡᠷ ᠤᠨ ᠰᠤᠷᠭᠠᠯ ᠠᠭᠤᠯᠤᠬᠳᠠᠵᠤ ᠪᠠᠶᠢᠨ᠎ᠠ᠃ ᠴᠠᠭ ᠪᠠ ᠤᠶᠤᠨ ᠤ ᠬᠠᠷᠠᠭ᠎ᠠ ᠠᠴᠠ ᠠᠳᠡ ᠬᠦᠷᠳᠡᠯ᠎ᠡ ᠪᠢᠴᠢᠶ᠎ᠡ᠃ ᠲᠤᠰ ᠵᠤᠬᠢᠶᠠᠯ ᠢ ᠤᠡᠭᠰᠢᠬᠰᠠᠨ ᠤᠡᠭᠰᠢᠬᠴᠢ ᠪᠤᠯᠭᠠᠨᠨ ᠰᠡᠳᠬᠢᠯ ᠢᠶᠠᠨ ᠲᠤᠯᠠᠭᠠᠯᠠᠵᠤ᠂ ᠠᠮᠢᠳᠤᠷᠠᠬᠤᠢ  ᠶᠢᠨ ᠰᠠᠶᠢᠨ ᠰᠠᠶᠢᠬᠠᠨ ᠬᠦᠬᠡᠬᠡᠴᠡᠯᠳᠤᠯ ᠢ ᠲᠠᠨᠢᠨ ᠮᠡᠳᠡᠵᠤ᠂ ᠲᠡᠬᠦᠨ ᠢ ᠦᠨᠡᠨ ᠬᠦ ᠮᠡᠳᠡᠷᠡᠵᠤ ᠲᠤᠩᠭᠠᠪᠠᠯ ᠠᠮᠢᠳᠤᠷᠠᠯ   ᠤᠨ ᠵᠠᠮ ᠰᠠᠷᠠᠭᠤᠯᠵᠢᠬᠤ ᠪᠤᠯᠤᠨ᠎ᠠ ᠬᠡᠳᠡᠭ ᠲᠤ ᠢᠳᠡᠬᠡᠵᠤ ᠪᠠᠶᠢᠨ᠎ᠠ᠃     ᠨᠢᠬᠡᠨ ᠰᠤᠷᠭᠠᠨ ᠬᠦᠮᠤᠵᠢᠯᠳᠠᠨ  ᠄〈 ᠨᠤᠮ ᠢᠶᠠᠨ ᠬᠠᠭᠠᠭᠠᠳ ᠴᠡᠬᠡᠵᠢᠯᠡᠭᠰᠡᠨ ᠢᠶᠠᠨ ᠮᠠᠷᠳᠠᠬᠰᠠᠨ ᠤ ᠲᠠᠷᠠᠭ᠎ᠠ ᠦᠯᠡᠳᠡᠭᠰᠡᠨ ᠲᠡᠷᠨ ᠵᠦᠢᠯ ᠪᠤᠯ ᠰᠤᠷᠭᠠᠨ ᠬᠦᠮᠤᠵᠢᠯ 〉 ᠭᠡᠵᠤ ᠬᠡᠯᠡᠭᠰᠡᠨ ᠰᠢᠭ ᠢᠶᠠᠷ ᠤᠳᠤ ᠪᠢᠴᠢᠵᠤ ᠪᠠᠶᠢᠭ᠎ᠠ ᠲᠡᠮᠳᠡᠭᠯᠡᠯ ᠪᠤᠯ 2017 ᠤᠨ ᠠᠴᠠ ᠨᠠᠭᠠᠰᠢᠬᠢ ᠡᠬᠡ ᠬᠡᠯᠨ ᠪᠠᠷ ᠢᠶᠠᠨ ᠪᠢᠴᠢᠵᠤ ᠪᠠᠶᠢᠭ᠎ᠠ ᠠᠩᠬᠠᠨ ᠤ ᠲᠡᠮᠳᠡᠭᠯᠡᠯ ᠪᠤᠯᠤᠨ᠎ᠠ᠃ ᠲᠤᠰ ᠲᠡᠮᠳᠡᠭᠯᠡᠯ ᠢ ᠦᠪᠡᠷ ᠠᠴᠠ ᠮᠢᠨᠢ ᠪᠤᠰᠤᠳ ᠴᠤᠷ ᠤᠨ ᠭᠠᠭᠴᠨ ᠤᠡᠭᠰᠢᠬᠴᠢ ᠪᠤᠯᠬᠤ ᠪᠠᠭᠰᠢᠳᠠᠨ ᠲᠨ ᠰᠢᠬᠦᠮᠵᠢᠯᠡᠨ᠂ ᠠᠭᠤᠴᠢᠯᠠᠨ ᠤᠡᠭᠰᠢᠬᠤ ᠳᠤ ᠨᠠᠶᠢᠳᠠᠵᠤ ᠪᠠᠶᠢᠨ᠎ᠠ᠃ ᠶᠠᠭᠤᠳᠠᠢ ᠴᠦ ᠤᠳᠬ᠎ᠠ ᠵᠤᠬᠢᠶᠠᠯ ᠰᠤᠨᠢᠷᠬᠠᠳᠠᠭ ᠰᠤᠨᠢᠷᠬᠠᠯ ᠮᠢᠨᠢ ᠨᠠᠳᠠ ᠳᠤ ᠦᠪ ᠪᠤᠯᠤᠨ ᠦᠯᠡᠳᠡᠵᠤ ᠪᠠᠶᠢᠨ᠎ᠠ᠂ ᠡᠨᠡ ᠰᠤᠨᠢᠷᠬᠠᠯ ᠢ ᠮᠢᠨᠢ ᠤᠨᠳᠠᠷᠠᠭᠠᠬᠤ ᠦᠬᠡᠢ ᠪᠠᠶᠢᠬᠤ ᠭᠡᠵᠤ ᠲᠠᠨ ᠤ ᠵᠤᠬᠢᠶᠠᠯ ᠨᠠᠳᠠ ᠳᠤ ᠤᠡᠭᠰᠢᠬᠳᠠᠬᠰᠠᠨ ᠪᠠᠶᠢᠵᠤ ᠮᠡᠳᠡᠨ᠎ᠡ᠃ ᠮᠥᠨ ᠴᠦ ᠰᠠᠶᠢᠨ ᠰᠠᠶᠢᠬᠠᠨ ᠠᠮᠢᠳᠤᠷᠠᠯ ᠲᠠᠢ ᠲᠠᠨ ᠤ ᠤᠷᠠᠨ ᠵᠤᠬᠢᠶᠠᠯ ᠤᠨ ᠵᠠᠮ ᠤᠯᠠᠮ ᠦᠷᠬᠡᠵᠢᠵᠤ᠂ ᠤᠯᠠᠨ ᠰᠠᠶᠢᠠᠬᠨ ᠪᠦᠳᠦᠬᠡᠯ ᠤᠨᠳᠤᠷᠠᠭᠤᠯᠵᠤ᠂ ᠤᠡᠭᠰᠢᠬᠴᠢ ᠪᠢᠳᠡᠨ ᠤ ᠬᠡᠬᠡᠨ ᠮᠡᠯᠮᠡᠢ ᠶᠢ ᠲᠠᠩᠳᠠ ᠪᠠᠶᠠᠰᠬᠠᠬᠤ ᠶᠢ ᠬᠦᠰᠡᠶ᠎ᠡ᠃︾     ᠤᠶᠤᠳᠠᠨ ᠲᠡᠬᠦᠤ ᠮᠦᠴᠢᠷ ᠵᠤᠨ ᠤ ᠠᠮᠠᠷᠠᠯᠳᠠ ᠪᠠᠷ ᠨᠤᠳᠤᠭ ᠲᠤ ᠪᠠᠨ ᠪᠠᠶᠢᠬᠤ ᠵᠠᠪᠰᠢᠶᠠᠨ ᠢᠶᠠᠷ ᠮᠠᠨ ᠤ ᠰᠡᠳᠬᠦᠯ ᠢ ᠤᠡᠭᠰᠢᠵᠤ᠂ ᠮᠢᠨᠤ ᠵᠤᠬᠢᠶᠠᠯ ᠢ ᠤᠡᠭᠰᠢᠬᠰᠠᠨ ᠪᠠᠶᠢᠵᠠᠢ᠃ ᠬᠡᠷᠪᠡ ᠰᠤᠷᠤᠯᠭ᠎ᠠ ᠶᠠᠭᠠᠷᠠᠤ ᠦᠶ᠎ᠡ ᠳᠤ ᠪᠠᠶᠢᠬᠰᠠᠨ ᠪᠤᠯ ᠤᠡᠭᠰᠢᠬᠤ ᠵᠠᠪᠰᠢᠶᠠᠨ᠂ ᠨᠡᠩᠳᠡ ᠡᠶᠢᠮᠤ ᠬᠦᠨᠴᠨ ᠲᠠᠢ ᠦᠨᠡᠯᠡᠯᠳᠡ ᠶᠢ ᠪᠢᠴᠢᠴᠢᠭᠡᠬᠦ ᠴᠠᠭ ᠵᠠᠪ ᠠᠯᠠᠭ᠎ᠠ ᠪᠠᠶᠢᠬ᠎ᠠ ᠳ᠋ᠠ᠃ ᠡᠨᠡ ᠲᠦᠷᠦᠭᠳᠡᠯ ᠳᠤ ᠬᠠᠤᠯᠢ ᠴᠠᠭᠠᠵᠨ ᠶᠢᠨ ᠮᠡᠷᠬᠡᠵᠢᠯ ᠢᠶᠠᠷ ᠠᠰᠫᠢᠷᠠᠨᠲ ᠦᠵᠡᠵᠤ ᠪᠠᠶᠢᠭ᠎ᠠ ᠤᠶᠤᠳᠠᠨ ᠬᠦᠮᠦᠨ ᠤ ᠬᠢᠷᠠᠬᠠᠢ ᠬᠠᠷᠠᠴᠨ᠂ ᠬᠤᠷᠴᠨ ᠮᠡᠳᠡᠷᠡᠮᠵᠢ᠂ ᠤᠡᠭᠰᠢᠯᠭ᠎ᠠ ᠪᠢᠴᠢᠯᠬᠡ ᠶᠢ ᠰᠠᠭᠤᠷᠢ ᠴᠤᠬᠤᠯᠵᠠᠵᠤ ᠪᠠᠶᠢᠭ᠎ᠠ ᠰᠢᠤ᠃ ᠨᠢᠬᠡ ᠪᠤᠳᠤᠪᠠᠯ ᠬᠦᠮᠦᠨ ᠳᠤ ᠴᠠᠭ ᠲᠠᠢ ᠪᠠᠶᠢᠨ᠎ᠠ ᠬᠡᠳᠡᠭ ᠬᠡᠴᠢᠨᠡᠬᠡᠨ ᠴᠦ ᠰᠠᠶᠢᠬᠠᠨ ᠪᠢᠯᠨ ᠳ᠋ᠠ᠃ ᠶᠠᠷᠢᠶᠠᠨ ᠦᠬᠡᠢ ᠮᠢᠨᠤ ᠵᠤᠬᠢᠶᠠᠯ ᠢ᠂ ᠮᠠᠨ ᠤ ᠰᠡᠳᠬᠦᠯ ᠢ ᠤᠡᠭᠰᠢᠬᠰᠠᠨ ᠤᠡᠭᠰᠢᠬᠴᠢ ᠭᠠᠭᠴᠨ ᠮᠦᠴᠢᠷ  ᠢᠶᠠᠷ ᠵᠤᠬᠰᠤᠬᠤ ᠦᠬᠡᠢ ᠪᠦᠬᠡᠳ ᠤᠡᠭᠰᠢᠬᠰᠠᠨ ᠪᠤᠯᠭᠠᠨ ᠡᠶᠢᠮᠤ ᠲᠦᠷᠦᠭᠳᠡᠯ ᠤᠷᠤᠬᠤ ᠦᠬᠡᠢ᠂ ᠤᠷᠤᠬᠰᠠᠨ ᠪᠤᠯᠭᠠᠨ ᠨᠠᠳᠠ ᠳᠤ ᠢᠡᠭᠭᠢᠵᠤ ᠪᠢᠴᠢᠬᠦ ᠦᠬᠡᠢ᠂ ᠪᠢᠴᠢᠭᠰᠡᠨ ᠢᠶᠠᠷ ᠪᠤᠳᠤᠬᠤ ᠪᠠᠷ ᠨᠠᠳᠠ ᠳᠤ ᠶᠠᠪᠤᠭᠤᠯᠬᠤ ᠦᠬᠡᠢ ᠪᠠᠶᠢᠵᠤ ᠪᠦᠷ ᠪᠤᠯᠤᠨ᠎ᠠ᠃ ᠮᠢᠨᠤ ᠬᠤᠪᠢ ᠳᠤ ᠤᠯᠳᠤᠢ ᠵᠤᠬᠢᠶᠠᠯ ᠳᠤ ᠮᠢᠨᠢ ᠡᠶᠢᠮᠤ ᠨᠢᠬᠡ ᠰᠢᠳᠤᠷᠭᠤ ᠭᠤᠤᠯᠴᠢ ᠤᠡᠭᠰᠢᠬᠴᠢ ᠲᠠᠢ ᠪᠠᠶᠢᠬᠤ ᠳᠤ ᠬᠦᠢᠴᠡᠭᠡ᠃ ᠡᠨᠡ ᠵᠤᠬᠢᠶᠠᠯ ᠢᠶᠠᠷ ᠲᠠᠮᠵᠢᠵᠤ ᠮᠠᠨ ᠤ ᠰᠡᠳᠬᠦᠯ ᠢ ᠦᠷᠬᠦᠯᠵᠢᠯᠡᠨ ᠬᠠᠯᠠᠮᠵᠢᠯᠠᠨ ᠤᠡᠭᠰᠢᠳᠠᠭ ᠪᠤᠯ ᠮᠢᠨᠤ᠂ ᠤᠡᠭᠰᠢᠬᠴᠢ ᠶᠢᠨ᠂ ᠰᠡᠳᠬᠦᠯ ᠤᠨ ᠮᠠᠨᠢ ᠪᠤᠶᠠᠨ ᠲᠡᠷᠨ ᠡ ᠭᠡᠵᠤ ᠵᠠᠯᠪᠠᠷᠢᠵᠤ ᠶᠠᠪᠤᠨᠠᠮ᠃     ᠪᠠᠰᠨ ᠨᠢᠬᠡᠨ ᠲᠤᠷᠠᠳᠤᠭᠤᠰᠢᠳᠠᠢ ᠤᠴᠠᠷᠠᠯ ᠬᠡᠪᠡᠯ ᠤᠷᠴᠢᠮᠬᠠᠨ ᠭᠠᠨᠰᠤ ᠮᠤᠵᠢ ᠶᠢᠨ ᠰᠦᠪᠸᠢ ᠮᠤᠩᠭᠤᠯ ᠦᠨᠳᠤᠰᠤᠳᠡᠨ ᠤ ᠦᠪᠡᠷᠳᠡᠬᠡᠨ ᠵᠠᠰᠠᠬᠤ ᠰᠢᠶᠠᠨ ᠳᠤ ᠤᠴᠢᠭᠠᠳ ᠰᠦᠪᠸᠢ ᠶᠢᠨ ᠮᠤᠩᠭᠤᠯ ᠲᠤᠮᠳᠠᠳᠤ ᠰᠤᠷᠭᠠᠭᠤᠯᠢ  ᠶᠢᠨ ᠰᠡᠴᠡᠩᠭᠤᠸ᠎ᠠ ᠬᠡᠮᠡᠬᠦ ᠤᠯᠤᠰ ᠲᠦᠷᠤ ᠶᠢᠨ ᠪᠠᠭᠰᠢ ᠲᠠᠢ ᠲᠠᠨᠢᠯᠴᠠᠬᠰᠠᠨ ᠶᠤᠮ᠃ ᠲᠡᠬᠦᠨ ᠤ ᠮᠠᠰᠢᠨ ᠳᠤ ᠰᠠᠭᠤᠵᠤ ᠵᠤᠭᠤᠬᠳᠠᠵᠤ ᠶᠠᠪᠤᠬᠤ ᠵᠠᠭᠤᠷ᠎ᠠ ᠲᠡᠷᠨ ᠪᠠᠷ᠄ ︽ᠪᠢ ᠲᠦᠷᠤᠬᠦᠬᠡᠨ ᠦᠪᠤᠷ ᠮᠤᠩᠭᠤᠯ ᠠᠴᠠ ᠬᠡᠳᠤᠨ ᠨᠤᠮ ᠠᠪᠤᠬᠰᠠᠨ ᠳᠤ ᠲᠠᠨ ᠤ ᠰᠡᠳᠬᠦᠯ ᠢᠶᠠᠷ ᠪᠠᠭᠯᠠᠵᠤ ᠢᠷᠡᠬᠦᠯᠵᠡᠢ᠃ ᠲᠡᠷᠨ ᠲᠡᠬᠡᠷ᠎ᠡ ᠨᠢ ᠴᠤᠬᠳᠠᠯᠠᠢ ᠬᠡᠬᠦ ᠬᠦᠮᠦᠨ ᠤ ᠪᠢᠴᠢᠭᠰᠡᠨ ︿ᠨᠤᠮ ᠤᠡᠭᠰᠢᠬᠤ ᠵᠠᠩᠰᠢᠯ ᠢᠶᠠᠨ ᠪᠢᠳᠡᠬᠡᠢ ᠬᠠᠶᠠᠭᠠᠷᠠᠢ﹀ ᠬᠡᠬᠦ ᠵᠤᠬᠢᠶᠠᠯ ᠪᠠᠶᠢᠬᠰᠠᠨ ᠢ ᠨᠢ ᠪᠢ ᠪᠠᠭ᠋ᠠᠷᠬᠠᠨ ᠤᠡᠭᠰᠢᠭᠠᠳ᠂ ᠨᠠᠨᠳᠢᠩᠨᠠᠨ ᠬᠠᠳᠠᠭᠠᠯᠠᠵᠤ ᠲᠠᠯᠪᠢᠬᠰᠠᠨ︾ ᠭᠡᠵᠤ ᠶᠠᠷᠢᠵᠠᠢ ᠪᠢᠯᠨ᠃ ᠡᠨᠡ ᠶᠡᠭᠡ ᠤᠳᠬ᠎ᠠ ᠠᠭᠤᠯᠭ᠎ᠠ  ᠲᠠᠢ ᠶᠠᠪᠤᠳᠠᠯ ᠳ᠋ᠠ᠃ ᠡᠬᠦᠨ ᠢ ᠰᠤᠨᠤᠰᠤᠭᠠᠳ ᠪᠢ ᠡᠯᠳᠡᠪ ᠡᠷᠢᠶᠡᠨ ᠢ ᠪᠤᠳᠤᠬᠰᠠᠨᠨ ᠮᠠᠨᠢ ᠦᠨᠡᠨᠳᠡᠢ᠃ ᠨᠢᠬᠡ ᠲᠠᠯ᠎ᠠ  ᠪᠠᠷ ᠪᠦᠳᠤᠨ ᠰᠡᠳᠬᠦᠯ ᠢ ᠮᠢᠨᠢ ᠡᠪᠳᠡᠵᠤ ᠨᠤᠮ ᠪᠠᠭᠯᠠᠬᠰᠠᠨ ᠬᠦᠮᠦᠨ ᠳᠤ ᠪᠠᠭ᠋ᠠᠨ ᠭᠤᠮᠤᠳᠠᠬᠤ ᠶᠤᠮ᠃ ᠨᠦᠬᠦᠬᠡ ᠲᠠᠯ᠎ᠠ ᠪᠠᠷ ᠲᠠᠰᠤᠷᠬᠠᠢ ᠲᠠᠮᠳᠤᠭ ᠬᠠᠭᠤᠳᠠᠰᠤ ᠴᠦ ᠪᠠᠢ ᠬᠦᠷᠬᠦ ᠶᠤᠰᠤᠳᠠᠢ ᠬᠦᠮᠦᠨ ᠤ ᠪᠠᠨ ᠭᠠᠷ ᠲᠤ ᠬᠦᠷᠦᠭᠰᠡᠨ  ᠳᠤ ᠪᠠᠶᠠᠷᠯᠠᠨᠠᠮ᠃ ᠡᠬᠦᠨ ᠤ ᠲᠠᠰᠢᠷᠠᠮ ᠳᠤ ᠰᠡᠳᠬᠦᠯ ᠢᠶᠠᠷ ᠨᠤᠮ ᠪᠠᠭᠯᠠᠬᠰᠠᠨ ᠦᠬᠡᠢ ᠪᠤᠯ ᠮᠠᠨ ᠤ ᠰᠡᠳᠬᠦᠯ ᠬᠡᠵᠢᠶ᠎ᠡ ᠰᠡᠴᠡᠩᠭᠤᠸ᠎ᠠ ᠪᠠᠭᠰᠢ ᠶᠢᠨ ᠭᠠᠷ ᠲᠤ᠂ ᠰᠦᠪᠸᠢ ᠮᠤᠩᠭᠤᠯ ᠲᠤᠮᠳᠠᠳᠤ ᠰᠤᠷᠭᠠᠭᠤᠯᠢ ᠶᠢᠨ ᠪᠠᠭᠰᠢ ᠰᠤᠷᠤᠬᠴᠢᠳ ᠤᠨ ᠭᠠᠷ ᠲᠤ ᠬᠦᠷᠬᠦ ᠶᠢ ᠪᠤᠤ ᠮᠡᠳᠡ ᠭᠡᠵᠤ ᠪᠤᠳᠤᠬᠤ ᠪᠠᠷ ᠰᠡᠳᠬᠦᠯ ᠢ ᠡᠪᠳᠡᠵᠤ ᠨᠤᠮ ᠪᠠᠭᠯᠠᠬᠴᠢ  ᠳᠤ ᠲᠠᠯᠠᠷᠬᠠᠮᠠᠷ ᠴᠦ ᠰᠠᠨᠠᠬᠳᠠᠬᠤ ᠪᠢᠯᠨ᠃ ᠬᠦᠮᠦᠨ ᠤ ᠪᠤᠳᠤᠯ ᠡ ᠬᠡᠵᠢ᠃    ᠬᠠᠷᠢᠵᠤ ᠢᠷᠡᠭᠰᠡᠨ ᠤ ᠲᠠᠷᠠᠭ᠎ᠠ《 ᠨᠡᠶᠢᠬᠡᠮ》 ᠰᠡᠳᠬᠦᠯ ᠤᠨ ᠬᠤᠷᠢᠶᠠᠨ ᠲᠠᠷᠤᠭ᠎ᠠ᠂ ᠶᠡᠷᠤᠩᠭᠡᠢ ᠨᠠᠶᠢᠷᠠᠭᠤᠯᠤᠬᠴᠢ ᠬᠠᠢ ᠹᠸᠡᠭ ᠲᠠᠷᠤᠭ᠎ᠠ ᠳᠤ ᠡᠨᠡ ᠬᠦ ᠬᠤᠪᠤᠷᠬᠠᠨ ᠲᠤᠬᠢᠶᠠᠯᠳᠤᠯ ᠢᠶᠠᠨ ᠵᠤᠭᠤᠭ ᠪᠤᠯᠭᠠᠵᠤ ᠶᠠᠷᠢᠪᠠᠯ᠄ ︽ᠰᠦᠪᠸᠢ ᠮᠤᠩᠭᠤᠯ ᠲᠤᠮᠳᠠᠳᠤ ᠰᠤᠷᠭᠠᠭᠤᠯᠢ ᠳᠤ ᠮᠠᠨ ᠤ ᠰᠡᠳᠬᠦᠯ ᠬᠦᠷᠤᠬᠡ ᠦᠬᠡᠢ ᠰᠢᠤ᠂ ᠲᠠᠷᠠᠭ᠎ᠠ ᠰᠠᠷ᠎ᠠ  ᠠᠴᠠ ᠡᠬᠢᠯᠡᠬᠡᠳ ᠲᠡᠳᠡᠨ ᠳᠤ ᠬᠡᠳᠤᠨ ᠲᠡᠪᠳᠡᠷ ᠶᠠᠪᠤᠭᠤᠯᠤᠶ᠎ᠠ᠂ ᠲᠠ ᠬᠠᠶ᠋ᠢᠭ ᠢ ᠤᠯᠤᠭᠠᠳ ᠦᠭᠬᠦᠬᠡᠷᠡᠢ︾ ᠬᠡᠰᠡᠨ  ᠳᠤ ᠪᠢ ᠰᠢᠬᠢᠷ ᠤᠯᠤᠬᠰᠠᠨ ᠬᠡᠤᠬᠡᠳ ᠰᠢᠭ᠋ ᠪᠠᠶᠠᠷᠯᠠᠨ ᠡᠨᠡ ᠬᠦ ᠬᠠᠯᠠᠭᠤᠨ ᠴᠢᠮᠡᠭᠡ ᠶᠢ ᠲᠤᠤᠷ᠎ᠠ ᠨᠢ ᠰᠡᠴᠡᠩᠭᠤᠸ᠎ᠠ ᠪᠠᠭᠰᠢ ᠳᠤ ᠢᠯᠡᠬᠡᠵᠤ᠂ ᠰᠦᠪᠸᠢ ᠮᠤᠩᠭᠤᠯ ᠲᠤᠮᠳᠠᠳᠤ ᠰᠤᠷᠭᠠᠭᠤᠯᠢ ᠶᠢᠨ ᠨᠤᠮ ᠤᠨ ᠰᠠᠩ ᠤᠨ ᠬᠠᠶ᠋ᠢᠭ ᠢ ᠨᠢ  ᠠᠪᠴᠣ ᠪᠢᠯᠨ᠃ ᠲᠡᠶᠢᠮᠤ ᠡ᠂ ᠲᠠᠷᠠᠭ᠎ᠠ ᠰᠠᠷ᠎ᠠ ᠠᠴᠠ ᠮᠠᠨ ᠤ ᠰᠡᠳᠬᠦᠯ ᠴᠡᠬᠡᠯ ᠠᠭᠤᠯᠨ ᠶᠢᠨ ᠬᠤᠷᠮᠤᠢ ᠳᠤ᠂ ᠴᠡᠩᠭᠡᠷ ᠭᠤᠪᠢ ᠳᠤ ᠰᠦᠨᠳᠡᠷᠯᠡᠭᠰᠡᠨ ᠰᠦᠪᠸᠢ ᠮᠤᠩᠭᠤᠯ ᠲᠤᠮᠳᠠᠳᠤ ᠰᠤᠷᠭᠠᠭᠤᠯᠢ ᠶᠢᠨ ᠤᠶᠠᠭᠠᠨ ᠳᠤ ᠪᠠᠭᠤᠬᠤ ᠲᠡᠳᠤᠢ ᠦᠬᠡᠢ ᠰᠦᠷᠦᠭ ᠲᠤ ᠨᠢ ᠢᠵᠢᠯᠢᠰᠢᠵᠤ᠂ ᠰᠦᠮᠪᠤᠷ ᠮᠦᠡᠭᠭᠡ ᠶᠢᠨ ᠡᠩᠭᠡᠷ ᠲᠤ ᠨᠤᠳᠤᠬᠰᠢᠬᠤ ᠪᠤᠯᠤᠨ᠎ᠠ᠂ ᠶᠠᠭᠤᠳᠠᠢ ᠪᠠᠶᠠᠷ᠂ ᠶᠠᠭᠤᠳᠠᠢ ᠵᠠᠪᠰᠢᠶᠠᠨ᠃     ︽ᠦᠨᠤᠳᠤᠷ ᠤᠨ ᠤᠷᠠᠨ ᠵᠤᠬᠢᠶᠠᠯ ᠪᠤᠯ ᠮᠠᠷᠭᠠᠰᠢ ᠶᠢᠨ ᠲᠡᠤᠬᠡ︾ ᠬᠡᠳᠡᠭ ᠦᠬᠡ ᠪᠤᠢ᠃ ᠰᠡᠳᠬᠦᠯ ᠴᠦ ᠲᠡᠤᠬᠡ ᠶᠤᠮ᠂ ᠴᠠᠭ ᠦᠶ᠎ᠡ ᠶᠢᠨ ᠦᠡᠭᠭᠡ ᠪᠤᠳᠤᠭ ᠬᠦᠨ᠎ᠡ ᠰᠢᠩᠭᠡᠭᠡᠰᠤᠳᠡᠢ ᠲᠡᠤᠬᠡ ᠶᠤᠮ᠃ ᠦᠡᠭᠭᠡᠷᠡᠭᠰᠡᠨ ᠭᠤᠴᠢᠨ ᠵᠢᠯ ᠢᠶᠠᠨ ᠲᠤᠷᠠᠳᠬᠠᠨ ᠲᠡᠮᠳᠡᠭᠯᠡᠵᠤ ᠪᠠᠶᠢᠭ᠎ᠠ ᠦᠨᠤᠳᠤᠷ ᠢᠷᠡᠬᠡᠳᠤᠢ ᠶᠢᠨ ᠭᠤᠴᠢᠨ ᠵᠢᠯ ᠤᠨ ᠠᠷᠤ ᠳᠤ ︽ᠨᠡᠶᠢᠬᠡᠮ︾ ᠰᠡᠳᠬᠦᠯ ᠮᠠᠨᠢ ᠨᠡᠶᠢᠬᠡᠮ᠂ ᠴᠠᠭ ᠦᠶ᠎ᠡ ᠶᠢᠨ ᠦᠡᠭᠭᠡ ᠪᠤᠳᠤᠭ ᠢᠶᠠᠷ ᠤᠯᠠᠨ ᠦᠡᠭᠭᠡᠵᠢᠨ ᠢᠯᠭᠠᠷᠠᠵᠤ᠂ ᠤᠡᠭᠰᠢᠬᠴᠢ ᠠᠴᠠ ᠪᠠᠨ ᠤᠯᠠᠮ ᠤᠶᠢᠷᠠᠬᠠᠨ ᠪᠤᠯᠵᠤ᠂ ᠤᠡᠭᠰᠢᠬᠴᠢ ᠶᠢᠨ ᠬᠠᠷᠠᠭ᠎ᠠ ᠪᠠᠷ ᠤᠷᠤᠵᠤ᠂ ᠤᠭᠤᠷᠠᠭ ᠲᠠᠷᠢᠬᠢᠨ ᠳᠤ ᠨᠢ ᠰᠢᠮᠡᠵᠢᠬᠦ ᠪᠤᠯᠤᠭᠠᠰᠠᠢ ᠬᠡᠮᠡᠬᠦ ᠠᠯᠠᠭ ᠵᠢᠷᠤᠬᠡᠨ ᠤ ᠠᠷᠢᠭᠤᠨ ᠵᠦᠡᠭᠨᠡᠯ ᠢᠶᠠᠨ ᠡᠷᠬᠦᠶ᠎ᠡ᠃      ᠰᠡᠳᠬᠦᠯ ᠤᠨ ᠴᠠᠭᠠᠨ ᠪᠤᠶᠠᠨ ᠲᠡᠯᠬᠡᠷᠡᠨ ᠲᠡᠯᠬᠡᠷᠡᠬᠦ ᠪᠤᠯᠳᠤᠭᠠᠢ︕ ᠵᠤᠬᠢᠶᠠᠬᠴᠢ ᠶᠢᠨ ᠬᠠᠶ᠋ᠢᠭ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ ᠤᠨ ᠬᠤᠷᠢᠶ᠎ᠠ
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号