ᠰᠤᠶᠤᠯ ᠤᠨ ᠭᠠᠶᠢᠬᠠᠮᠰᠢᠭ ᠢ ᠨᠠᠷᠭᠢᠭᠤᠯᠤᠭᠰᠠᠨ《 ᠨᠡᠶᠢᠭᠡᠮ》 ᠰᠡᠳᠬᠦᠯ ᠮᠢᠨᠢ
ᠨᠡᠶᠢᠲᠡᠯᠡᠭᠰᠡᠨ ᠴᠠᠭ᠄
2021/11/30
ᠰᠤᠶᠤᠯ ᠤᠨ ᠭᠠᠶᠢᠬᠠᠮᠰᠢᠭ ᠢ ᠨᠠᠷᠭᠢᠭᠤᠯᠤᠭᠰᠠᠨ《 ᠨᠡᠶᠢᠭᠡᠮ》 ᠰᠡᠳᠬᠦᠯ ᠮᠢᠨᠢ       —《 ᠨᠡᠶᠢᠭᠡᠮ 》ᠰᠡᠳᠬᠦᠯ ᠤᠨ ᠭᠤᠴᠢᠨ ᠵᠢᠯ ᠤᠨ ᠤᠢ ᠳᠤ                                       ᠨᠠ᠊ · ᠵᠢᠷᠭᠠᠯ  ᠵᠤᠬᠢᠶᠠᠪᠠ    ᠤᠨ ᠴᠠᠭ ᠤᠷᠴᠢᠨ ᠨᠢᠳᠤ ᠢᠷᠮᠡᠬᠦ ᠵᠠᠭᠤᠷ᠎ᠠ ᠭᠤᠴᠢᠨ ᠬᠠᠪᠤᠷ ᠨᠠᠮᠤᠷ ᠦᠩᠭᠡᠷᠡᠨ ᠣᠳᠬᠤ ᠳᠤ ᠬᠦᠮᠦᠨ ᠨᠡᠶᠢᠭᠡᠮ ᠢ ᠲᠠᠨᠢᠭᠤᠯᠤᠨ ᠰᠤᠶᠤᠯ ᠤᠨ ᠭᠠᠶᠢᠬᠠᠮᠰᠢᠭ ᠢ ᠨᠠᠷᠭᠢᠭᠤᠯᠤᠭᠰᠠᠨ 《ᠨᠡᠶᠢᠭᠡᠮ 》ᠰᠡᠳᠬᠦᠯ ᠴᠤ ᠠᠭᠤᠤ ᠶᠡᠭᠡ ᠡᠪ ᠬᠠᠮᠲᠤ ᠨᠠᠮ ᠤᠨ ᠮᠡᠨᠳᠦᠯᠡᠭᠰᠡᠨ ᠵᠠᠭᠤᠨ ᠵᠢᠯ ᠤᠨ ᠦᠪᠡᠳᠡᠭᠰᠢ ᠪᠠᠶᠠᠷ ᠤᠨ ᠬᠦᠭᠵᠢᠶᠡᠨ ᠨᠠᠷᠭᠢᠶᠠᠨ ᠤ ᠬᠠᠮᠲᠤ ᠪᠠᠷ ᠭᠤᠴᠢᠨ ᠵᠢᠯ ᠤᠨ ᠤᠢ ᠪᠠᠨ ᠤᠭᠲᠤᠨ ᠠᠪᠴᠢᠷᠠᠯ᠎ᠠ᠃ᠨᠤᠮ ᠤᠨ ᠬᠤᠷᠭᠤᠨ   ᠳᠤ ᠬᠢ ᠤᠯᠠᠨ ᠭᠠᠵᠠᠷ ᠤᠨ ᠮᠤᠩᠭᠤᠯ ᠬᠢᠲᠠᠳ ᠰᠡᠳᠬᠦᠯ ᠢ ᠤᠷᠪᠠᠭᠤᠯᠤᠨ ᠦᠵᠡᠬᠦ ᠪᠦᠷᠢ 《ᠨᠡᠶᠢᠭᠡᠮ》 ᠰᠡᠳᠬᠦᠯ ᠮᠠᠨᠢ ᠬᠠᠷᠠᠭᠠᠨ ᠳᠤ ᠤᠨᠴᠠᠭᠠᠢ ᠲᠤᠳᠤᠷᠠᠨ ᠰᠡᠳᠬᠢᠯ ᠤᠨ ᠳᠤᠲᠤᠷ᠎ᠠ ᠪᠠᠶᠠᠷ ᠲᠠᠯᠠᠷᠬᠠᠯ ᠤᠨ ᠦᠭᠡ ᠪᠠᠶᠢᠨ ᠪᠠᠶᠢᠨ  ᠴᠣᠬᠤᠯᠵᠠᠭᠠᠳ ᠯᠡ ᠢᠷᠡᠳᠡᠭ᠃ᠨᠤᠮ ᠰᠡᠳᠬᠦᠯ ᠤᠨ ᠦᠩᠭᠡ ᠶᠢᠨ ᠴᠡᠴᠡᠭᠡᠰ ᠤᠨ ᠳᠤᠮᠳᠠ ᠦᠪᠡᠷ ᠤᠨ ᠭᠡᠬᠦ ᠦᠵᠡᠰᠭᠦᠯᠡᠩ ᠢᠶᠠᠷ ᠢᠶᠠᠨ ᠰᠤᠳᠤᠨ ᠠᠭᠤᠯᠭ᠎ᠠ᠂ ᠰᠣᠨᠢᠭᠤᠴᠢ ᠦᠯᠢᠭᠡᠷ᠂ ᠤᠷᠮ᠎ᠠ ᠲᠠᠢ ᠪᠦᠲᠦᠭᠡᠯ ᠢᠶᠠᠷ ᠢᠶᠠᠨ ᠦᠩᠭᠡ ᠦᠵᠡᠮᠵᠢ ᠪᠠᠨ ᠱᠠᠭᠰᠢᠭᠤᠯᠤᠨ ᠳᠠᠶᠠᠭᠠᠷ ᠤᠨ ᠰᠣᠨᠤᠷ ᠢ ᠮᠢᠯᠢᠶᠠᠨ ᠬᠠᠷᠠᠭ᠎ᠠ ᠶᠢ ᠪᠣᠯᠢᠶᠠᠳᠠᠭ ᠨᠢ 《ᠨᠡᠶᠢᠭᠡᠮ》 ᠭᠡᠭᠴᠢ ᠡᠭᠡᠯ ᠵᠢᠷ ᠤᠨ ᠡᠷᠬᠢᠮ ᠨᠢᠭᠡᠨ ᠮᠣᠩᠭᠤᠯ ᠰᠡᠳᠬᠦᠯ ᠪᠢᠯᠡ᠃《ᠨᠡᠶᠢᠭᠡᠮ》 ᠰᠡᠳᠬᠦᠯ ᠭᠡᠭᠴᠢ ᠨᠡᠶᠢᠲᠡ ᠲᠦᠮᠡᠨ ᠳᠤ ᠣᠶᠤᠨ ᠤ ᠰᠢᠮ᠎ᠡ ᠶᠢ ᠬᠦᠷᠲᠡᠭᠡᠵᠦ᠂ ᠲᠦᠷᠦ ᠵᠠᠰᠠᠭ ᠤᠨ ᠳᠠᠭᠤᠨ ᠬᠤᠭᠤᠯᠠᠢ ᠪᠤᠯᠵᠤ᠂ ᠴᠠᠭ ᠡᠷᠢᠨ ᠤ ᠬᠦᠭ ᠠᠶᠢᠵᠠᠮ ᠲᠠᠢ ᠠᠯᠬᠤᠭ᠎ᠠ ᠵᠤᠬᠢᠴᠠᠨ ᠠᠮᠢᠰᠬᠤᠭ᠎ᠠ ᠨᠢᠭᠡᠳᠴᠦ᠂ ᠦᠪᠡᠷ ᠤᠨ  ᠡᠭᠦᠷᠭᠡ ᠪᠠᠨ ᠭᠢᠯᠠᠯᠵᠠᠲᠠᠯ᠎ᠠ ᠰᠠᠶᠢᠬᠠᠨ ᠪᠡᠶᠡᠯᠡᠭᠦᠯᠵᠦ ᠶᠠᠪᠤᠭᠰᠠᠨ ᠢᠶᠠᠷ ᠢᠶᠠᠨ ᠣᠩᠰᠢᠭᠴᠢᠳ ᠤᠨ ᠲᠠᠭᠠᠰᠢᠶᠠᠯ ᠢ ᠬᠦᠷᠲᠡᠵᠦ ᠣᠢ ᠣᠬᠠᠭᠠᠨ ᠳᠤ ᠨᠢ ᠭᠦᠨ ᠰᠠᠭᠤᠭᠳᠠᠯ ᠲᠠᠢ᠂ ᠲᠠᠷᠬᠠᠭᠠᠯᠲᠠ ᠶᠢᠨ ᠬᠡᠪᠴᠢᠶ᠎ᠡ   ᠨᠢ ᠦᠷᠭᠡᠨ ᠪᠠᠶᠢᠳᠠᠭ᠃《ᠨᠡᠶᠢᠭᠡᠮ》 ᠰᠡᠳᠬᠦᠯ ᠮᠠᠨᠢ ᠦᠷᠭᠡᠨ ᠤᠯᠠᠨ ᠣᠩᠰᠢᠭᠴᠢ ᠲᠠᠢ ᠪᠠᠨ ᠵᠣᠯᠭᠠᠭᠰᠠᠨ ᠲᠡᠷᠡ ᠴᠠᠭ ᠮᠦᠴᠡ ᠠᠴᠠ ᠠᠷᠠᠳ ᠤᠨ ᠠᠮᠢᠳᠤᠷᠠᠯ ᠲᠠᠢ ᠣᠶᠢᠷᠠᠲᠤᠨ᠂ ᠬᠦᠮᠦᠰ ᠤᠨ ᠳᠤᠷ᠎ᠠ ᠰᠣᠨᠢᠷᠬᠠᠯ ᠳᠤ ᠨᠡᠶᠢᠴᠡᠭᠰᠡᠨ ᠵᠤᠬᠢᠶᠠᠯ ᠪᠦᠲᠦᠭᠡᠯ ᠢ ᠤᠳᠠᠭ᠎ᠠ ᠳᠠᠷᠠᠭᠠᠯᠠᠨ ᠨᠡᠶᠢᠲᠡᠯᠡᠵᠦ᠂ ᠠᠩᠬᠠᠷᠤᠯ ᠢ ᠨᠢ ᠲᠠᠲᠠᠨ ᠮᠠᠰᠢ ᠰᠠᠶᠢᠨ ᠨᠦᠯᠦᠭᠡ ᠲᠤᠰᠬᠠᠯ  ᠭᠠᠷᠭᠠᠵᠤ᠂ 《ᠨᠡᠶᠢᠭᠡᠮ》 ᠰᠡᠳᠬᠦᠯ ᠢ ᠮᠡᠳᠡᠬᠦ ᠦᠭᠡᠢ ᠬᠦᠮᠦᠨ ᠴᠦᠬᠡᠨ ᠪᠣᠯᠤᠭᠰᠠᠨ ᠨᠢ ᠨᠢᠭᠡᠨ ᠭᠠᠶᠢᠬᠠᠮᠰᠢᠭ ᠶᠤᠮ᠃   — 《ᠨᠡᠶᠢᠭᠡᠮ》 ᠰᠡᠳᠬᠦᠯ ᠢ ᠪᠠᠨ ᠤᠩᠰᠢᠶ᠎ᠠ᠂ ᠤᠯᠠᠨ ᠤᠴᠢᠷ ᠢ ᠮᠡᠳᠡᠵᠦ ᠪᠣᠯᠤᠨ᠎ᠠ᠂ ᠰᠠᠶᠢᠬᠠᠨ ᠰᠡᠳᠬᠦᠯ ᠰᠢᠦ︕ ᠭᠡᠵᠦ ᠬᠦᠳᠡᠭᠡ ᠶᠢᠨ ᠬᠦᠮᠦᠰ ᠬᠠᠷᠢᠯᠴᠠᠨ ᠵᠤᠭᠤᠭᠳᠠᠵᠤ ᠰᠢᠤᠳᠠᠨ ᠤ ᠭᠠᠵᠠᠷ ᠢ ᠴᠢᠭᠯᠡᠬᠦ   ᠨᠢ  ᠪᠠᠶᠢᠩᠭᠤ  ᠬᠠᠷᠠᠭᠳᠠᠳᠠᠭ ᠨᠢ ᠦᠨᠡᠨ  ᠃   — ᠲᠡᠷᠡ ᠤᠳᠠᠭ᠎ᠠ ᠶᠢᠨ ᠰᠡᠳᠬᠦᠯ ᠳᠤ ᠮᠠᠯᠴᠢᠨ ᠲᠦᠮᠡᠨ ᠤ ᠠᠮᠢᠳᠤᠷᠠᠯ ᠤᠨ ᠲᠤᠬᠠᠢ ᠤᠨᠤᠪᠴᠢᠲᠡᠢ ᠰᠠᠶᠢᠬᠠᠨ ᠶᠠᠷᠢᠭᠰᠠᠨ ᠶᠤᠮ᠃ ᠮᠠᠨᠤᠰ ᠲᠤ ᠲᠤᠰᠠ ᠳᠦᠭᠦᠮ ᠪᠤᠯᠤᠭᠰᠠᠨ  ᠳ᠋ᠠ︕ ᠭᠡᠵᠦ ᠬᠠᠶᠠ ᠨᠢᠭᠡ ᠨ᠊ ᠢ ᠪᠤᠳᠤᠯ ᠢᠶᠠᠨ ᠳᠡᠯᠭᠡᠳᠡᠭ᠃   ᠬᠦᠳᠡᠭᠡ ᠨᠤᠲᠤᠭ ᠤᠨ ᠬᠦᠮᠦᠰ ᠲᠤ《 ᠨᠡᠶᠢᠭᠡᠮ》 ᠰᠡᠳᠬᠦᠯ ᠨᠢ ᠤᠩᠰᠢᠬᠤ ᠶᠢᠨ ᠰᠤᠨᠢᠷᠬᠠᠯ᠂ ᠰᠤᠷᠬᠤ ᠶᠢᠨ ᠪᠠᠭ᠋ᠠᠷᠬᠠᠯ᠂ ᠰᠢᠨᠵᠢᠯᠡᠬᠦ ᠤᠬᠠᠭᠠᠨ ᠤ ᠰᠢᠮ᠎ᠡ ᠬᠦᠷᠲᠡᠭᠡᠯ᠂ ᠠᠮᠢᠳᠤᠷᠠᠯ ᠤᠨ ᠲᠤᠰᠠᠯᠠᠮᠵᠢ᠂ ᠦᠨᠡᠯᠡᠬᠦ ᠶᠢᠨ ᠰᠢᠵᠢᠮ ᠪᠣᠯᠵᠤ ᠪᠠᠶᠢᠭᠰᠠᠨ ᠨᠢ ᠡᠷᠭᠢᠴᠡᠭᠦᠯᠦᠨ ᠪᠣᠳᠤᠬᠤ ᠳᠤ ᠢᠲᠡᠭᠡᠭᠳᠡᠰᠢ ᠦᠭᠡᠢ ᠭᠠᠶᠢᠬᠠᠮᠰᠢᠭ ᠭᠡᠪᠡᠯ ᠨᠢᠭᠡ ᠯᠡ ᠦᠭᠡ ᠰᠠᠨ᠃   ᠲᠤᠬᠠᠢ ᠶᠢᠨ ᠦᠶᠡᠰ ᠬᠦᠳᠡᠭᠡ ᠶᠠᠪᠤᠬᠤ ᠵᠠᠭᠤᠷ᠎ᠠ ᠡᠭᠡᠯ ᠵᠢᠷ ᠤᠨ ᠮᠠᠯᠴᠢᠳ ᠴᠤ《 ᠨᠡᠶᠢᠭᠡᠮ》 ᠰᠡᠳᠬᠦᠯ ᠢ ᠬᠤᠪᠢ ᠪᠠᠷ ᠢᠶᠠᠨ ᠵᠠᠬᠢᠶᠠᠯᠠᠨ ᠤᠩᠰᠢᠵᠤ᠂ ᠬᠢᠷᠢ ᠪᠠᠷᠤᠭ ᠤᠨ  ᠪᠢᠴᠢᠭ ᠮᠡᠳᠡᠬᠦ ᠠᠶᠢᠯ ᠳᠤ ᠨᠢᠭᠡᠨ ᠬᠤᠪᠢ ᠬᠠᠷᠠᠭᠳᠠᠵᠤ ᠪᠠᠶᠢᠵᠠᠢ ᠭᠡᠬᠦ ᠳᠤ ᠬᠡᠲᠦᠷᠡᠮᠡᠷ ᠤᠴᠢᠷ ᠦᠭᠡᠢ᠃ ᠬᠠᠮᠢᠭ᠎ᠠ ᠭᠠᠵᠠᠷ ᠬᠦᠷᠦᠭᠰᠡᠨ ᠴᠤ ᠨᠣᠮ ᠰᠡᠳᠬᠦᠯ ᠤᠨ ᠲᠤᠬᠠᠢ ᠵᠤᠭᠤᠭᠳᠠᠪᠠᠯ ᠬᠠᠮᠤᠭ ᠤᠨ ᠲᠦᠷᠦᠭᠦᠦ 《ᠨᠡᠶᠢᠭᠡᠮ》 ᠰᠡᠳᠬᠦᠯ ᠢ ᠪᠠᠭ᠋ᠠᠲᠠᠶᠢᠬᠠᠨ ᠬᠦᠤᠷᠨᠢᠯᠳᠦᠵᠦ᠂ ᠠᠯᠢ ᠬᠤᠭᠤᠴᠠᠭ᠎ᠠ  ᠶᠢᠨ ᠶᠠᠮᠠᠷ ᠵᠤᠬᠢᠶᠠᠯ ᠨᠢ ᠤᠩᠰᠢᠬᠤ ᠳᠤ ᠰᠠᠶᠢᠬᠠᠨ᠂ ᠠᠯᠢ ᠬᠤᠭᠤᠴᠠᠭ᠎ᠠ ᠶᠢᠨ ᠠᠯᠢ ᠨᠢᠭᠡᠨ ᠵᠤᠬᠢᠶᠠᠯ  ᠨᠢ ᠰᠣᠨᠢᠨ ᠰᠡᠪᠡᠭᠦᠨ ᠭᠡᠵᠦ ᠤᠷᠮ᠎ᠠ ᠲᠠᠢ ᠶᠠᠷᠢᠯᠳᠤᠨ ᠪᠠᠭ᠋ᠠᠲᠠᠢ ᠳᠦᠷᠭᠢᠯᠳᠦᠬᠦ ᠨᠢ ᠨᠢᠭᠡᠨ ᠴᠠᠭ ᠤᠨ ᠤᠶᠤᠨ ᠤ ᠲᠡᠵᠢᠭᠡᠯ ᠰᠡᠳᠬᠢᠯ ᠤᠨ ᠪᠠᠭ᠋ᠠᠷᠬᠠᠯ ᠪᠤᠯᠵᠤ ᠪᠠᠶᠢᠵᠠᠢ᠃   — ᠡᠷᠡᠭᠦᠯ ᠬᠠᠮᠠᠭᠠᠯᠠᠯ᠂ ᠠᠮᠢᠳᠤᠷᠠᠯ ᠤᠨ ᠶᠡᠷᠦ ᠶᠢᠨ ᠮᠡᠳᠡᠯᠭᠡ ᠭᠡᠵᠦ ᠶᠡᠷᠦ ᠠᠴᠠ ᠤᠯᠵᠤ ᠮᠡᠳᠡᠭᠡᠳᠦᠢ ᠰᠢᠨ᠎ᠡ ᠤᠴᠢᠷ᠂ ᠶᠤᠰᠤᠲᠡᠢ ᠨᠢᠳᠤ ᠨᠡᠬᠡᠭᠡᠭᠳᠡᠯ᠎ᠡ︕ ᠭᠡᠵᠦ ᠤᠩᠰᠢᠭᠴᠢᠳ ᠪᠤᠳᠤᠯ ᠤᠨ ᠦᠭᠡ ᠪᠠᠨ ᠬᠡᠯᠡᠳᠡᠭ ᠨᠢ ᠪᠠᠶᠢᠨ ᠳᠠᠬᠢᠨ ᠰᠤᠨᠤᠷ ᠲᠤ ᠬᠠᠩᠭᠢᠨᠠᠭᠠᠳ ᠪᠠᠶᠢᠳᠠᠭ ᠨᠢ ᠬᠠᠴᠢᠨ ᠶᠤᠮ᠃ᠮᠢᠨᠤ ᠪᠡᠶ᠎ᠡ ᠴᠤ ᠡᠭᠡᠯ ᠨᠢᠭᠡᠨ ᠤᠩᠰᠢᠭᠴᠢ᠂ ᠠᠵᠢᠯ ᠤᠨ ᠴᠢᠯᠦᠭᠡᠨ ᠤ ᠵᠤᠬᠢᠶᠠᠭᠴᠢ ᠶᠢᠨ ᠬᠤᠪᠢ ᠳᠤ 《ᠨᠡᠶᠢᠭᠡᠮ》 ᠰᠡᠳᠬᠦᠯ ᠢ ᠪᠠᠨ ᠦᠷᠭᠦᠯᠵᠢ ᠠᠩᠬᠠᠷᠤᠨ ᠤᠩᠰᠢᠵᠤ᠂ ᠰᠤᠳᠤᠨ ᠰᠠᠶᠢᠬᠠᠨ ᠪᠦᠲᠦᠭᠡᠯ ᠢ ᠨᠢ ᠰᠤᠨᠢᠷᠬᠠᠵᠤ᠂ ᠮᠡᠳᠡᠯᠭᠡ ᠶᠢᠨ ᠰᠠᠩ ᠠᠴᠠ ᠬᠢᠴᠢᠶᠡᠯ ᠰᠤᠷᠴᠤ᠂ ᠦᠭᠡᠰ ᠤᠨ ᠳᠠᠯᠠᠢ ᠠᠴᠠ ᠪᠢᠴᠢᠭ ᠡᠵᠡᠮᠰᠢᠵᠦ᠂ ᠬᠦᠮᠦᠨ ᠵᠤᠨ ᠲᠠᠢ ᠪᠠᠨ ᠠᠳᠠᠯᠢᠬᠠᠨ ᠪᠠᠭ᠋ᠠᠷᠬᠠᠨ ᠬᠦᠤᠷᠨᠢᠯᠳᠦᠵᠦ᠂ ᠬᠡᠮᠵᠢᠶᠡᠯᠡᠰᠢ ᠦᠭᠡᠢ ᠪᠠᠭ᠋ᠠᠳᠤᠯ ᠵᠤᠷᠢᠭᠵᠢᠯ᠂ ᠠᠴᠢ ᠲᠤᠰᠠ ᠶᠢ ᠨᠢ ᠬᠦᠷᠲᠡᠵᠦ ᠶᠠᠪᠤᠭᠰᠠᠨ ᠮᠢᠨᠢ ᠬᠡᠵᠢᠶ᠎ᠡ ᠴᠤ ᠮᠠᠷᠲᠠᠭᠳᠠᠰᠢ ᠦᠭᠡᠢ ᠪᠠᠯ ᠪᠤᠷᠠᠮ ᠰᠢᠭ᠋ ᠳᠤᠷᠠᠳᠬᠠᠯ ᠪᠠᠶᠢᠨᠠᠮ᠃    ᠭᠤᠴᠢᠨ ᠵᠢᠯ ᠤᠨ ᠬᠠᠪᠤᠷ ᠨᠠᠮᠤᠷ ᠢ ᠨᠢ ᠪᠠᠭ᠋ᠠᠳᠤᠨ ᠡᠷᠭᠢᠴᠡᠭᠦᠯᠬᠦ ᠳᠤ ᠣᠯᠳᠤᠢ ᠪᠦᠲᠦᠭᠡᠯ ᠮᠢᠨᠢ ᠤᠷᠤᠨ ᠵᠠᠢ  ᠪᠠᠨ ᠡᠵᠡᠯᠡᠵᠦ᠂ ᠳᠦᠷᠪᠡᠨ ᠵᠦᠭ ᠤᠨ ᠤᠩᠰᠢᠭᠴᠢ ᠶᠢᠨ ᠠᠯᠠᠭᠠᠨ ᠳᠤ ᠳᠤᠷᠠᠶᠢᠵᠤ᠂ ᠨᠢᠭᠡᠨ ᠴᠠᠭ ᠤᠨ ᠵᠤᠭ᠎ᠠ ᠴᠡᠩᠭᠡᠯ ᠪᠤᠯᠵᠤ ᠪᠠᠶᠢᠭᠰᠠᠨ ᠢ ᠬᠡᠯᠡᠬᠦ ᠳᠤ ᠪᠠᠭ᠋ᠠᠲᠠᠢ  ᠪᠢᠯᠡ᠃   ᠮᠢᠨᠤ ᠪᠢᠴᠢᠭᠰᠡᠨ 《ᠨᠤᠲᠤᠭ ᠤᠨ ᠰᠠᠶᠢᠬᠠᠨ》᠂ 《ᠰᠦᠨ ᠴᠡᠴᠡᠭ》᠂ 《ᠡᠬᠡ ᠬᠡᠯᠡᠨ ᠤ ᠢᠪᠡᠭᠡᠯ ᠳᠤ》 ᠂ 《ᠬᠦᠳᠡᠭᠡ ᠪᠠᠭᠤᠭᠰᠠᠨ ᠲᠡᠮᠳᠡᠭᠯᠡᠯ》᠂ 《ᠨᠤᠲᠤᠭ ᠤᠨ ᠦᠳᠡᠰᠢ》᠂ 《ᠡᠪᠦᠯ ᠤᠨ ᠦᠳᠡ》᠂ 《ᠨᠤᠲᠤᠭ ᠤᠨ ᠬᠡᠰᠢᠭ》᠂ 《ᠠᠷᠪᠠᠨ ᠵᠢᠷᠭᠤᠭᠠᠨ ᠨᠠᠰᠤ》᠂ 《ᠤᠯᠠᠭᠠᠡᠮᠦ᠋ᠴᠢᠷ ᠢᠷᠡᠯ᠎ᠡ》᠂ 《ᠭᠤᠷᠯᠤᠰ ᠨᠤᠲᠤᠭ ᠲᠤ》 ᠵᠡᠷᠭᠡ ᠶᠢᠨ ᠭᠤᠴᠢᠭᠠᠳ ᠪᠦᠲᠦᠭᠡᠯ ᠮᠢᠨᠢ《 ᠨᠡᠶᠢᠭᠡᠮ 》ᠰᠡᠳᠬᠦᠯ ᠳᠤ  ᠨᠡᠶᠢᠲᠡᠯᠡᠭᠳᠡᠵᠡᠢ᠃ ᠡᠨᠡ ᠪᠦᠬᠦᠨ ᠪᠣᠯ ᠡᠷᠬᠢᠮ ᠰᠡᠳᠬᠦᠯ ᠤᠨ ᠮᠢᠨᠢ ᠦᠭᠭᠢᠶᠡᠮᠦᠷ ᠬᠠᠶᠢᠷ᠎ᠠ᠂ ᠡᠷᠬᠢᠮ ᠨᠠᠶᠢᠷᠠᠭᠤᠯᠤᠭᠴᠢ ᠪᠠᠭᠰᠢ ᠨᠠᠷ ᠤᠨ ᠨᠠᠨᠳᠢᠨ ᠬᠦᠳᠡᠯᠮᠦᠷᠢ᠂ ᠴᠠᠭ ᠦᠶ᠎ᠡ ᠶᠢᠨ ᠦᠩᠭᠡ ᠵᠢᠷᠤᠭ ᠢ ᠪᠢᠴᠢᠭᠰᠡᠨ ᠲᠡᠮᠳᠡᠭᠯᠡᠯ ᠬᠡᠮᠡᠨ ᠪᠢ ᠴᠢᠩ ᠰᠡᠳᠬᠢᠯ ᠠᠴᠠ  ᠪᠠᠨ ᠲᠠᠯᠠᠷᠬᠠᠳᠠᠭ᠃2011 ᠣᠨ ᠤ 11 ᠳ᠋ᠤᠭᠡᠷ ᠰᠠᠷ᠎ᠠ ᠳᠤ ᠡᠬᠡ ᠤᠯᠤᠰ ᠤᠨ ᠪᠠᠷᠠᠭᠤᠨ ᠡᠮᠦᠨᠡᠲᠦ ᠬᠢᠵᠠᠭᠠᠷ   ᠲᠤ ᠬᠢ ᠰᠧᠴᠤᠸᠠᠨ ᠮᠤᠵᠢ ᠶᠢᠨ ᠰᠢᠴᠠᠩ ᠬᠤᠲᠠ ᠳᠤ ᠮᠤᠩᠭᠤᠯ ᠰᠡᠳᠬᠦᠯ ᠤᠨ ᠡᠭᠡᠯᠵᠢᠲᠦ ᠬᠤᠷᠠᠯ ᠳᠤ ᠤᠷᠢᠭᠳᠠᠨ  ᠣᠷᠣᠯᠴᠠᠭᠰᠠᠨ ᠨᠢ ᠡᠨᠡ ᠨᠠᠰᠤᠨ ᠤ ᠬᠠᠮᠤᠭ ᠤᠨ ᠶᠡᠭᠡ ᠤᠯᠵᠠᠭᠤᠷᠬᠠᠯ ᠶᠤᠮ᠃ ᠲᠡᠷᠡ ᠤᠳᠠᠭᠠᠨ ᠤ ᠠᠶᠠᠯᠠᠯ ᠢ ᠪᠠᠨ ᠡᠮᠬᠢᠯᠡᠨ ᠪᠢᠴᠢᠭᠰᠡᠨ ︽ᠲᠦᠮᠡᠨ ᠭᠠᠵᠠᠷ ᠠᠶᠠᠯᠠᠨ ᠲᠦᠷᠦᠯ ᠤᠭᠰᠠᠭ᠎ᠠ ᠪᠠᠨ ᠡᠷᠭᠢᠨ ᠦᠵᠡᠭᠰᠡᠨ ᠨᠢ︾ ᠭᠡᠬᠦ ᠵᠤᠬᠢᠶᠠᠯ   ᠢ ᠮᠢᠨᠢ  《ᠨᠡᠶᠢᠭᠡᠮ》 ᠰᠡᠳᠬᠦᠯ ᠮᠢᠨᠢ 2012 ᠣᠨ ᠤ ᠭᠤᠷᠪᠠᠳᠤᠭᠠᠷ ᠬᠤᠭᠤᠴᠠᠭ᠎ᠠ ᠠᠴᠠ ᠪᠠᠨ ᠡᠬᠢᠯᠡᠨ ᠨᠡᠶᠢᠲᠡᠯᠡᠵᠦ᠂ ᠨᠡᠶᠢᠲᠡ ᠳᠤᠯᠤᠭᠠᠨ ᠬᠤᠭᠤᠴᠠᠭ᠎ᠠ ᠦᠷᠭᠦᠯᠵᠢᠯᠡᠨ ᠨᠡᠶᠢᠲᠡᠯᠡᠭᠰᠡᠨ ᠨᠢ ᠤᠩᠰᠢᠭᠴᠢᠳ ᠤᠨ ᠳᠤᠮᠳᠠ ᠭᠦᠨ ᠨᠦᠯᠦᠭᠡ ᠭᠠᠷᠴᠤ ᠲᠠᠭᠠᠰᠢᠶᠠᠯ ᠢ ᠨᠢ ᠬᠦᠷᠲᠡᠵᠦ᠂ ᠰᠡᠳᠬᠢᠯ ᠳᠤ ᠮᠢᠨᠢ ᠡᠷᠬᠢᠮ ᠨᠠᠨᠳᠢᠨ ᠳᠤᠷᠠᠰᠤᠯ ᠪᠤᠯᠤᠨ ᠰᠡᠶᠢᠯᠦᠭᠳᠡᠭᠰᠡᠨ  ᠢᠶᠠᠨ ᠡᠷᠭᠢᠴᠡᠭᠦᠯᠦᠨ ᠪᠤᠳᠤᠬᠤ ᠳᠤ ᠳᠤᠭᠳᠤᠯᠤᠨ ᠪᠠᠶᠠᠰᠳᠠᠭ᠃ ᠪᠢ ᠡᠳᠡᠭᠡᠷ ᠰᠡᠳᠬᠦᠯ ᠢ ᠪᠠᠨ ᠲᠢᠭᠯᠡᠵᠦ᠂ ᠳᠠᠩᠰᠡ ᠡᠪᠬᠡᠮᠡᠯ ᠤᠨ ᠬᠦᠷᠢᠶᠡᠯᠡᠩ ᠳᠤ ᠬᠦᠷᠭᠡᠨ ᠦᠨᠢᠳᠡ ᠶᠢᠨ ᠦᠪ ᠪᠣᠯᠭᠠᠨ ᠬᠠᠳᠠᠭᠠᠯᠠᠭᠰᠠᠨ ᠶᠤᠮ᠃   《ᠨᠡᠶᠢᠭᠡᠮ 》ᠰᠡᠳᠬᠦᠯ ᠮᠢᠨᠢ ᠣᠩᠰᠢᠭᠴᠢ ᠲᠦᠮᠡᠨ ᠳᠤ ᠣᠶᠣᠨ ᠤ ᠬᠤᠷ᠎ᠠ  ᠱᠠᠭᠢᠭᠤᠯᠵᠤ᠂ ᠰᠡᠳᠬᠢᠯ ᠤᠨ ᠷᠠᠰᠢᠶᠠᠨ ᠢ ᠰᠣᠶᠣᠷᠬᠠᠵᠤ᠂ ᠪᠠᠶᠠᠷ ᠪᠠᠭ᠋ᠠᠳᠤᠯ᠂ ᠬᠦᠰᠡᠯ ᠪᠤᠳᠤᠯ ᠤᠨ ᠬᠢᠨᠢ ᠲᠤᠷᠭᠠᠨ ᠰᠢᠵᠢᠮ ᠪᠣᠯᠤᠭᠰᠠᠭᠠᠷ ᠢᠷᠡᠵᠡᠢ ᠃ 《ᠨᠡᠶᠢᠭᠡᠮ》 ᠰᠡᠳᠬᠦᠯ ᠠᠴᠠ ᠠᠷᠠᠳ ᠤᠨ ᠵᠠᠩ ᠦᠢᠯᠡ᠂  ᠰᠤᠶᠤᠯ᠂ ᠬᠡᠤᠬᠡᠳ ᠪᠠᠭᠠᠴᠤᠳ ᠢ ᠬᠦᠮᠦᠵᠢᠭᠦᠯᠬᠦ ᠶᠤᠰᠤᠨ᠂ ᠡᠷᠲᠡ ᠡᠳᠦᠭᠡ ᠶᠢᠨ ᠲᠡᠤᠬᠡ ᠶᠢᠨ ᠲᠤᠬᠠᠢ ᠤᠯᠠᠨ ᠵᠤᠬᠢᠶᠠᠯ ᠢ ᠠᠮᠲᠠᠷᠬᠠᠨ ᠤᠩᠰᠢᠵᠤ᠂ ᠮᠡᠳᠡᠯᠭᠡ ᠤᠶᠢᠯᠠᠭᠠᠯᠲᠠ ᠪᠠᠨ ᠨᠡᠮᠡᠭᠳᠡᠭᠦᠯᠦᠨ᠂ ᠦᠨᠡᠲᠦ ᠴᠤᠬᠠᠭ ᠬᠦᠮᠦᠵᠢᠯ ᠢ ᠬᠦᠷᠲᠡᠭᠰᠡᠨ ᠨᠢ ᠠᠵᠢᠯ ᠦᠢᠯᠡᠰ ᠲᠤ  ᠮᠢᠨᠢ ᠲᠤᠰᠠ ᠪᠣᠯᠵᠤ᠂ ᠵᠤᠬᠢᠶᠠᠨ ᠪᠢᠴᠢᠯᠭᠡ ᠳᠤ ᠮᠢᠨᠢ ᠳᠡᠮ ᠦᠵᠡᠭᠦᠯᠦᠭᠰᠡᠨ ᠦᠨ᠎ᠡ ᠴᠡᠨ᠎ᠡ   ᠨᠢ ᠦᠨᠡᠯᠡᠬᠦ ᠶᠢᠨ ᠠᠷᠭ᠎ᠠ ᠦᠭᠡᠢ ᠶᠣᠮ᠃     ᠴᠠᠭ ᠡᠷᠢᠨ ᠣᠷᠤᠭᠰᠢᠯᠠᠵᠤ᠂ ᠰᠤᠶᠤᠯ ᠮᠡᠷᠭᠡᠵᠢᠯ ᠨᠢᠰᠬᠦ ᠮᠡᠲᠦ ᠲᠦᠷᠭᠡᠨ ᠬᠦᠭᠵᠢᠵᠤ ᠪᠤᠢ᠃ 《ᠨᠡᠶᠢᠭᠡᠮ 》ᠰᠡᠳᠬᠦᠯ ᠮᠢᠨᠢ ᠦᠩᠭᠡᠷᠡᠭᠰᠡᠨ ᠤ ᠠᠮᠵᠢᠯᠲᠠ ᠪᠠᠨ ᠨᠠᠨᠳᠢᠩᠨᠠᠵᠤ᠂ ᠦᠨᠦᠳᠦᠷ ᠤᠨ ᠪᠦᠲᠦᠮᠵᠢ ᠪᠠᠨ ᠡᠷᠬᠢᠮᠯᠡᠵᠦ᠂  ᠢᠷᠡᠬᠦ ᠮᠠᠷᠭᠠᠰᠢ ᠶᠢᠨ ᠳᠦᠷᠦᠭᠡ  ᠪᠠᠨ ᠴᠢᠩᠭᠠᠯᠠᠨ᠂ ᠤᠩᠰᠢᠭᠴᠢ ᠲᠦᠮᠡᠨ ᠳᠤ ᠪᠠᠨ ᠣᠶᠣᠨ ᠢ ᠰᠡᠬᠡᠭᠡᠷᠡᠭᠦᠯᠦᠨ ᠪᠢᠯᠢᠭ ᠢ ᠬᠤᠷᠴᠠᠯᠠᠬᠤ ᠰᠤᠳᠤᠨ ᠪᠦᠲᠦᠭᠡᠯ ᠢᠶᠠᠨ ᠦᠷᠭᠦᠯᠵᠢ ᠬᠦᠷᠲᠡᠭᠡᠬᠦ ᠶᠢ   ᠬᠦᠰᠡᠨ ᠵᠦᠩᠨᠡᠨᠡᠮ᠃《  ᠨᠡᠶᠢᠭᠡᠮ》 ᠰᠡᠳᠬᠦᠯ  ᠮᠢᠨᠢ ᠮᠤᠩᠭᠤᠯ ᠮᠣᠷᠢᠨ ᠤ ᠵᠤᠷᠢᠭ ᠰᠠᠨᠠᠭ᠎ᠠ ᠪᠠᠷ ᠦᠢᠯᠡᠰ ᠤᠨ ᠠᠶᠠᠨ ᠳᠤ  ᠪᠠᠨ ᠬᠤᠰᠢᠭᠤᠷᠠᠵᠤ᠂ ᠨᠡᠶᠢᠭᠡᠮ ᠤᠨ ᠬᠦᠭᠵᠢᠯᠲᠡ ᠳᠠᠪᠰᠢᠯᠲᠠ ᠳᠤ ᠠᠷᠠᠯ ᠤᠨ ᠱᠠᠷ ᠮᠡᠲᠦ ᠵᠢᠳᠬᠦᠨ᠂ ᠠᠵᠢᠯ ᠦᠢᠯᠡᠰ  ᠤᠨ ᠢᠷᠠᠭᠤ ᠬᠠᠭᠤᠳᠠᠰᠤ  ᠪᠠᠨ ᠳᠠᠬᠢᠨ ᠪᠢᠴᠢᠭᠯᠡᠬᠦ  ᠪᠣᠯᠣᠭᠠᠰᠠᠢ᠃《ᠨᠡᠶᠢᠭᠡᠮ》 ᠰᠡᠳᠬᠦᠯ ᠮᠢᠨᠢ ᠰᠤᠳᠤᠨ  ᠬᠡᠪᠯᠡᠯ  ᠨᠡᠶᠢᠲᠡ ᠲᠦᠮᠡᠨ ᠤ ᠬᠠᠮᠲᠤ ᠶᠢᠨ ᠰᠡᠳᠬᠦᠯ  ᠨᠠᠷᠭᠢᠨ ᠪᠠᠶᠠᠰᠬᠤ ᠶᠢᠨ ᠠᠯᠲᠠᠨ ᠰᠢᠵᠢᠮ  ᠨᠠᠷᠠᠯᠠᠭ ᠬᠤᠷᠸ᠎ᠠ ᠶᠢᠨ ᠤᠶᠤᠨ ᠤ ᠬᠤᠷ᠎ᠠ ᠁ ᠭᠡᠵᠦ ᠭᠤᠴᠢᠨ ᠵᠢᠯ ᠤᠨ ᠠᠶᠠᠨ ᠤ ᠠᠮᠵᠢᠯᠲᠠ᠂ ᠬᠦᠰᠡᠯ ᠤᠨ ᠰᠠᠶᠢᠬᠠᠨ ᠢᠷᠡᠭᠡᠳᠦᠢ ᠶᠢ ᠴᠢᠨᠢ  ᠪᠢ ᠪᠠᠭ᠋ᠠᠷᠬᠠᠨ ᠳᠠᠭᠤᠯᠠᠨᠠᠮ᠃ᠵᠤᠬᠢᠶᠠᠭᠴᠢ ᠶᠢᠨ ᠬᠠᠶ᠋ᠢᠭ : ᠠᠷᠤ ᠬᠤᠷᠴᠢᠨ ᠬᠤᠰᠢᠭᠤ  ᠶᠢᠨ ᠴᠢᠪᠠᠭ᠎ᠠ ᠪᠠᠯᠭᠠᠰᠤ
 
ᠢᠷᠡᠯᠲᠡ᠄ ᠦᠪᠤᠷ ᠮᠤᠩᠭᠤᠯ ᠤᠨ ︽ᠨᠡᠶᠢᠬᠡᠮ ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号