ᠳᠤᠷᠠᠰᠬᠤ ᠶᠢᠨ ᠵᠢᠷᠭᠠᠯ
ᠨᠡᠶᠢᠲᠡᠯᠡᠭᠰᠡᠨ ᠴᠠᠭ᠄
2021/12/2
ᠳᠤᠷᠠᠰᠬᠤ ᠶᠢᠨ ᠵᠢᠷᠭᠠᠯ           ᠫᠦ᠊ · ᠦᠯᠵᠠᠢ  ᠵᠣᠬᠢᠶᠠᠪᠠ    ᠬᠦᠮᠤᠨ ᠨᠢᠭᠡᠪᠤᠷᠢ ᠶᠢᠨ ᠠᠵᠢᠯ ᠦᠢᠯᠡᠰ᠂ ᠳᠤᠷ᠎ᠠ ᠰᠤᠨᠢᠷᠬᠠᠯ᠂ ᠠᠮᠢᠳᠤᠷᠠᠯ ᠤᠨ ᠳᠠᠳᠬᠠᠯ ᠠᠴᠠ ᠪᠤᠯᠵᠤ ᠳᠡᠳᠡᠨ ᠤ ᠵᠢᠷᠭᠠᠯ ᠤᠨ ᠮᠡᠳᠡᠷᠡᠮᠵᠢ ᠬᠠᠷᠢᠯᠴᠠᠨ ᠠᠳᠠᠯᠢ ᠦᠭᠡᠢ ᠪᠠᠶᠢᠳᠠᠭ᠃ ᠠᠵᠢᠯ ᠠᠮᠢᠳᠤᠷᠠᠯ ᠤᠨ ᠳᠤᠮᠳᠠ ᠪᠠᠨ ᠪᠠᠶᠢᠩᠭᠤ ᠰᠤᠳᠤᠷ ᠨᠤᠮ ᠲᠠᠢ ᠬᠠᠨᠢᠯᠠᠵᠤ᠂ ᠪᠢᠴᠢᠭ ᠦᠰᠤᠭ᠌ ᠲᠠᠢ ᠨᠤᠴᠤᠯᠳᠤᠵᠤ ᠶᠠᠪᠤᠳᠠᠭ ᠬᠦᠮᠤᠨ ᠡᠳᠤᠷ ᠤᠨ ᠤᠳᠠᠭᠠᠨ ᠳᠤ ᠨᠤᠮ ᠪᠢᠴᠢᠭ ᠤᠨ ᠳᠤᠭᠤᠷᠢᠨ ᠳᠤ ᠠᠯᠢ ᠤᠯᠠᠨ ᠳᠤᠷᠠᠳᠬᠠᠯ ᠲᠠᠢ ᠪᠤᠯᠵᠤ᠂ ᠳᠡᠳᠡᠭᠡᠷ ᠢᠶᠠᠨ ᠡᠷᠭᠢᠴᠡᠬᠦᠯᠵᠤ ᠳᠤᠷᠠᠰᠬᠤ ᠶᠢᠨ ᠵᠢᠷᠭᠠᠯ ᠳᠤ ᠱᠤᠮᠪᠠᠳᠠᠭ ᠰᠠᠨ᠃    ᠭᠤᠴᠢᠨ ᠵᠢᠯ ᠤᠨ ᠡᠮᠤᠨ᠎ᠡ ︽ᠤᠩᠰᠢᠭᠴᠢᠳ ᠲᠤ ᠨᠠᠶᠢᠭᠡᠮ ᠤᠨ ᠤᠬᠠᠭᠠᠨ᠂ ᠬᠠᠤᠯᠢ ᠶᠢᠨ ᠤᠬᠠᠭᠠᠨ᠂ ᠶᠤᠰᠤ ᠰᠤᠷᠳᠠᠬᠤᠨ ᠤ ᠤᠬᠠᠭᠠᠨ᠂ ᠠᠮᠢᠳᠤᠷᠠᠬᠤ ᠵᠦᠢ ᠶᠢᠨ ᠤᠬᠠᠭᠠᠨ᠂ ᠤᠷᠤᠭ ᠤᠨ ᠰᠤᠳᠤᠯᠤᠯ᠂ ᠭᠡᠷ ᠪᠦᠯᠢ ᠶᠢᠨ ᠰᠤᠳᠤᠯᠤᠯ᠂ ᠦᠨᠳᠤᠰᠤᠳᠡᠨ ᠤ ᠰᠤᠳᠤᠯᠤᠯ᠂ ᠠᠷᠠᠳ ᠤᠨ ᠭᠡᠪ ᠵᠠᠩᠰᠢᠯ ᠤᠨ ᠤᠬᠠᠭᠠᠨ ᠵᠡᠷᠭᠡ ᠤᠯᠠᠨ ᠳᠦᠷᠤᠯ ᠤᠨ ᠰᠢᠨᠵᠢᠯᠡᠬᠦ ᠤᠬᠠᠭᠠᠨ︾ ᠢ ᠤᠯᠠᠮᠵᠢᠯᠠᠬᠤ ᠵᠤᠷᠢᠯᠳᠠ ᠲᠠᠢ ᠨᠢᠭᠡᠨ ᠰᠡᠳᠬᠦᠯ ᠮᠡᠨᠳᠤᠯᠠᠵᠤ ᠪᠢᠯᠠ᠂ ᠳᠡᠷᠡ ᠪᠤᠯ ︽ᠤᠷᠴᠢᠨ ᠵᠤᠭᠢᠴᠠᠬᠤ ᠤᠷᠴᠢᠯᠠᠩ ᠤᠨ ᠵᠢᠮ᠎ᠡ᠂ ᠬᠤᠪᠢᠰᠤᠨ ᠬᠦᠭᠵᠢᠬᠦ ᠨᠡᠶᠢᠭᠡᠮ ᠤᠨ ᠶᠤᠰᠤ ᠪᠠᠷ ᠤᠩᠰᠢᠭᠴᠢᠳ ᠳᠦᠮᠠᠨ   ᠳᠤ ᠪᠠᠨ ᠨᠡᠩ ᠰᠢᠨ᠎ᠡ ᠰᠤᠷᠭᠤᠭ᠂ ᠠᠮᠢᠵᠢᠷᠠᠭᠤᠨ ᠳᠡᠯᠭᠡᠷᠡᠬᠦᠨ ᠠᠭᠤᠯᠭ᠎ᠠ ᠶᠢ ᠳᠤᠯᠢᠯᠠᠭᠤᠯᠬᠤ ᠬᠠᠷᠠᠭᠠᠰᠤ︾ ᠠᠴᠠ ︽ᠤᠷᠤᠭ  ᠭᠡᠷ ᠪᠦᠯᠢ  ᠨᠠᠶᠢᠭᠡᠮ︾ ᠠᠴᠠ ᠪᠠᠨ ︽ᠰᠢᠨᠡᠷᠭᠡᠭ ᠨᠡᠷ᠎ᠡ᠂ ᠵᠢᠪᠬᠤᠭᠠᠯᠢᠭ ᠳᠦᠷᠬᠦ︾ ᠪᠠᠷ ᠢᠯᠡᠷᠡᠭᠰᠡᠨ ︽ᠨᠡᠶᠢᠭᠡᠮ︾ ᠰᠡᠳᠬᠦᠯ ᠪᠤᠯᠬᠤ ᠶᠤᠮ᠃ ︽ᠨᠡᠶᠢᠭᠡᠮ︾ ᠰᠡᠳᠬᠦᠯ ᠮᠠᠨᠢ ︽ᠮᠡᠳᠡᠯᠭᠡ ᠶᠢᠨ ᠴᠢᠨᠠᠷ᠂ ᠤᠨᠤᠯ ᠤᠨ ᠴᠢᠨᠠᠷ᠂ ᠭᠡᠷᠡᠭᠴᠡᠭᠡᠳᠤ ᠴᠢᠨᠠᠷ᠂ ᠶᠡᠷᠤᠩᠭᠡᠢ ᠴᠢᠨᠠᠷ ᠪᠤᠯᠤᠨ ᠰᠤᠨᠢᠷᠬᠠᠯᠳᠤ ᠴᠢᠨᠠᠷ︾ ᠢ ᠤᠶᠠᠯᠳᠤᠭᠤᠯᠤᠨ ᠤᠩᠰᠢᠭᠴᠢ ᠳᠦᠮᠡᠨ ᠲᠠᠢ ᠪᠠᠨ ᠵᠤᠯᠭᠠᠵᠤ ᠪᠠᠶᠢᠭᠰᠠᠨ ᠪᠤᠯ᠂ ᠦᠨᠤᠳᠤᠷ ︽ᠠᠷᠠᠳ ᠤᠨ ᠶᠠᠪᠤᠳᠠᠯ ᠤᠨ ᠤᠨᠴᠠᠯᠢᠭ᠂ ᠳᠦᠷᠤ ᠶᠢᠨ ᠪᠤᠳᠤᠯᠭ᠎ᠠ ᠶᠢᠨ ᠳᠠᠶᠢᠯᠤᠮᠵᠢ᠂ ᠨᠡᠶᠢᠭᠡᠮ ᠤᠨ ᠳᠡᠯᠭᠡᠷ ᠬᠠᠷᠠᠭ᠎ᠠ᠂ ᠰᠤᠳᠤᠨ ᠪᠦᠳᠤᠭᠡᠯ ᠤᠨ ᠠᠮᠳᠠᠷᠬᠠᠯ︾ ᠢ ᠤᠩᠰᠢᠭᠴᠢ ᠤᠯᠠᠨ ᠳᠤ ᠬᠦᠷᠭᠡᠵᠤ ᠴᠢᠳᠠᠭᠰᠠᠨ ᠢᠶᠠᠷ ᠢᠶᠠᠨ ᠨᠡᠶᠢᠭᠡᠮ ᠨᠠᠶᠢᠳᠠ ᠳᠤ ᠶᠡᠭᠡᠭᠡᠨ ᠨᠦᠯᠤᠭᠡ ᠳᠤᠰᠬᠠᠯ  ᠲᠠᠢ ᠪᠠᠶᠢᠳᠠᠭ᠃    ︽ᠨᠠᠶᠢᠭᠡᠮ︾ ᠰᠡᠳᠬᠦᠯ ᠲᠠᠢ ᠳᠠᠨᠢᠯᠴᠠᠵᠤ᠂ ᠳᠡᠬᠦᠨ ᠢ ᠠᠩᠬᠠᠷᠤᠨ ᠤᠩᠰᠢᠵᠤ᠂ ᠮᠥᠨ ᠪᠠᠰᠠ ᠬᠠᠶᠠ ᠨᠢᠭᠡ ᠬᠤᠶᠠᠷ ᠬᠤᠪᠢ ᠡᠭᠡ ᠪᠢᠴᠢᠭ ᠪᠢᠴᠢᠵᠤ ᠨᠠᠶᠢᠳᠠᠯᠠᠬᠦᠯᠵᠤ ᠶᠠᠪᠤᠭᠰᠠᠨ ᠤ ᠬᠤᠪᠢ ᠳᠤ ᠳᠤᠷᠠᠳᠬᠠᠬᠤ ᠵᠦᠢᠯ ᠤᠯᠠᠨ ᠦᠭᠡᠢ ᠴᠤ ᠭᠡᠰᠡᠨ ᠦᠨᠤᠳᠤᠷ ᠡᠷᠭᠢᠴᠡᠬᠦᠯᠤᠨ ᠪᠤᠳᠤᠬᠤ ᠳᠤ ᠳᠤᠷᠠᠰᠬᠤ ᠶᠠᠭᠤᠮ᠎ᠠ ᠮᠥᠨ ᠪᠠᠶᠢᠵᠤ᠂ ᠨᠢᠭᠡ᠂ ᠬᠤᠶᠠᠷ ᠂ ᠭᠤᠷᠪᠠ ᠁ ᠭᠡᠬᠦᠴᠢᠯᠡᠨ ᠳᠡᠮᠳᠡᠭᠯᠡᠵᠤ ᠴᠢᠳᠠᠬᠤ ᠦᠭᠡᠢ ᠪᠤᠯᠪᠠᠴᠤ ᠳᠤᠷᠠᠰᠬᠤ ᠵᠦᠢᠯ ᠪᠠᠶᠢᠨ᠎ᠠ᠂ ᠦᠨᠢᠳᠡ ᠶᠢᠨ ᠳᠤᠷᠠᠰᠬᠠᠯ ᠪᠤᠯᠤᠭᠰᠠᠨ ᠪᠤᠳᠠᠳᠤ ᠡᠳ᠋ ᠴᠤ ᠪᠤᠢ᠃    ᠨᠢᠭᠡᠨ ᠰᠡᠳᠬᠦᠯ ᠤᠨ ᠨᠡᠶᠢᠭᠡᠮ ᠨᠠᠶᠢᠳᠠ ᠳᠤ ᠮᠡᠳᠡᠷᠡᠭᠳᠡᠬᠦ ᠨᠢ ᠳᠡᠬᠦᠨ ᠤ ᠠᠭᠤᠯᠭ᠎ᠠ ᠪᠠᠶᠢᠵᠤ᠂ ᠦᠪᠡᠷᠮᠢᠴᠠ ᠭᠡᠪ ᠨᠡᠮᠪᠠ ᠪᠠᠷ ᠢᠶᠠᠨ ᠤᠩᠰᠢᠭᠴᠢ ᠶᠢ ᠡᠵᠡᠮᠳᠡᠬᠦ ᠳᠤ ᠪᠠᠶᠢᠳᠠᠭ᠃ ᠶᠠᠮᠠᠷ ᠨᠢᠭᠡᠨ ᠵᠤᠭᠢᠶᠠᠭᠴᠢ ᠶᠢᠨ ᠰᠡᠳᠬᠦᠯ ᠳᠤ ᠳᠠᠨᠢᠭᠳᠠᠬᠤ ᠨᠢ ᠳᠡᠬᠦᠨ ᠤ ᠡᠭᠡ ᠪᠢᠴᠢᠭ ᠲᠤ ᠪᠠᠶᠢᠳᠠᠭ᠃ ᠤᠩᠰᠢᠭᠴᠢ ᠶᠢᠨ ᠳᠤᠮᠳᠠ ᠦᠷᠭᠡᠨ ᠨᠦᠯᠤᠭᠡ ᠳᠤᠰᠬᠠᠯ  ᠲᠠᠢ ︽ᠨᠡᠶᠢᠭᠡᠮ︾ ᠮᠠᠨᠢ ᠳᠡᠭᠡᠷ᠎ᠡ ᠵᠠᠭᠤᠨ ᠤ ᠶᠡᠷᠡᠭᠡᠳ ᠤᠨ ᠤ ᠡᠭᠢᠨ ᠳᠤ ᠮᠡᠨᠳᠤᠯᠡᠮᠡᠭᠴᠠ ᠪᠢ ᠳᠡᠬᠦᠨ ᠲᠠᠢ ᠳᠠᠨᠢᠯᠴᠠᠵᠤ ᠡᠳᠤᠭᠡ ᠪᠤᠯᠳᠠᠯ᠎ᠠ ᠤᠩᠰᠢᠨ ᠰᠤᠨᠢᠷᠬᠠᠵᠤ ᠤᠶᠤᠨ ᠤ ᠰᠢᠮ᠎ᠡ ᠬᠦᠷᠳᠡᠬᠦ ᠶᠢᠨ ᠳᠠᠭᠠᠤ ᠡᠭᠡ ᠪᠢᠴᠢᠭ  ᠢᠶᠠᠨ ᠢᠯᠡᠭᠡᠵᠤ ᠶᠠᠪᠤᠯ᠎ᠠ᠃ ︽ᠠᠯᠠᠭ᠎ᠠ ᠴᠠᠭᠠᠰᠤᠨ ᠠᠴᠠ ᠦᠷᠳᠡᠭ ᠰᠢᠡᠵᠢᠭᠴᠢ︾ ᠭᠡᠰᠡᠨ ᠨᠢᠭᠡᠨ ᠬᠤᠪᠢ ᠴᠢᠮᠠᠭᠡᠯᠡᠯ  ᠮᠢᠨᠢ ᠨᠠᠶᠢᠷᠠᠭᠤᠯᠤᠭᠴᠢ ᠪᠠᠭᠰᠢ ᠶᠢᠨ ᠨᠢᠮᠪᠠᠢ ᠵᠠᠰᠠᠯᠳᠠ ᠪᠠᠷ 1995 ᠤᠨ ᠤ ᠵᠢᠷᠭᠤᠳᠤᠭᠠᠷ ᠬᠤᠭᠤᠴᠠᠭ᠎ᠠ ᠳᠤ ᠨᠡᠶᠢᠳᠡᠯᠡᠭᠳᠡᠵᠤ᠂ ᠪᠢᠴᠢᠵᠤ ᠵᠢᠷᠤᠬᠤ ᠶᠢᠨ ᠤᠷᠮ᠎ᠠ ᠶᠢ ᠬᠦᠭᠵᠢᠭᠡᠨ᠂ ᠡᠭᠡ ᠪᠢᠴᠢᠭ ᠢᠯᠡᠭᠡᠬᠦ ᠶᠢᠨ ᠵᠤᠷᠢᠭ ᠢ ᠬᠦᠪᠴᠢᠯᠡᠵᠤ ᠪᠢᠯᠠ᠃ ᠳᠡᠭᠡᠭᠡᠳ ᠰᠢᠷᠭᠠᠭᠠᠯᠳᠠ ᠪᠠᠷ ᠳᠤᠳᠠᠮᠠᠭ ᠡᠭᠡ ᠪᠢᠴᠢᠭ ᠤᠳ ᠠᠴᠠ ᠪᠠᠨ  ᠡᠷᠡᠭᠡᠯᠡᠯ ᠦᠭᠡᠢ ᠢᠯᠡᠭᠡᠳᠡᠭ ᠪᠤᠯᠵᠤ᠂ ᠨᠠᠶᠢᠷᠠᠭᠤᠯᠤᠴᠢ ᠪᠠᠭᠰᠢ ᠶᠢᠨ ᠠᠷᠢᠭᠤᠨ ᠬᠦᠳᠡᠯᠮᠤᠷᠢ ᠪᠠᠷ ᠤᠯᠠᠮ ᠴᠢᠨᠠᠷᠵᠢᠭᠰᠠᠨ ᠠᠷᠪᠠᠭᠠᠳ ᠡᠭᠡ ᠪᠢᠴᠢᠭ ᠰᠡᠳᠬᠦᠯ ᠤᠨ ᠬᠠᠭᠤᠳᠠᠰᠤᠨ᠎ᠠ ᠢᠯᠡᠷᠡᠵᠤ᠂ ᠮᠢᠨᠤ ᠪᠢᠷ ᠢᠶᠠᠨ ᠤᠯᠠᠮ ᠬᠤᠷᠴᠠᠯᠠᠬᠤ ᠳᠤ ᠤᠷᠮ᠎ᠠ ᠬᠠᠶᠢᠷᠠᠯᠠᠵᠤ ᠪᠢᠯᠠ᠃ ᠨᠡᠩ ᠳᠤᠷᠠᠰᠤᠮᠵᠢ ᠲᠠᠢ ᠨᠢ 2017 ᠤᠨ ᠤ ᠵᠢᠯ ᠤᠨ ᠡᠴᠤᠰ ᠲᠤ ᠪᠠᠶᠠᠨᠨᠠᠭᠤᠷ ᠬᠤᠳᠠ ᠶᠢᠨ ᠤᠷᠠᠳ ᠤᠨ ᠬᠤᠶᠢᠳᠤ ᠬᠤᠰᠢᠭᠤᠨ ᠳᠤ ᠪᠤᠯᠤᠭᠰᠠᠨ ︽ᠦᠪᠤᠷ ᠮᠤᠩᠭᠤᠯ ᠤᠨ ᠤᠷᠠᠳ ᠤᠪᠤᠭᠠᠨ ᠰᠤᠶᠤᠯ ᠤᠨ ᠰᠤᠳᠤᠯᠭᠠᠨ ᠤ ᠨᠡᠶᠢᠭᠡᠮᠯᠢᠭ ᠪᠠᠶᠢᠭᠤᠯᠤᠭᠳᠠᠬᠤ ᠵᠢᠴᠢ ᠤᠪᠤᠭᠠᠨ ᠰᠤᠶᠤᠯ ᠮᠤᠩᠭᠤᠯ ᠭᠡᠷ ᠤᠨ ᠰᠤᠶᠤᠯ  ᠤᠨ ᠰᠤᠳᠤᠯᠤᠨ ᠶᠠᠷᠢᠯᠴᠠᠬᠤ ᠬᠤᠷᠠᠯ︾ ᠳᠤ ᠤᠷᠤᠯᠴᠠᠬᠤ ᠳᠠᠰᠢᠷᠠᠮ ᠢᠶᠠᠷ ᠤᠷᠠᠳ ᠤᠨ ᠳᠤᠬᠠᠢ ᠦᠢᠯᠠᠭᠠᠵᠤ ᠮᠡᠳᠡᠭᠰᠡᠨ ᠢᠶᠠᠨ ᠡᠮᠭᠢᠯᠡᠵᠤ᠂ ︽ᠤᠷᠠᠳ ᠨᠤᠳᠤᠭ ᠲᠤ︾ ᠭᠡᠰᠡᠨ ᠨᠢᠭᠡᠨ ᠬᠤᠪᠢ ᠡᠭᠡ ᠪᠢᠴᠢᠭ ᠢᠯᠡᠭᠡᠭᠰᠡᠨ ᠢ      2020 ᠤᠨ ᠤ ᠶᠢᠰᠤᠳᠤᠭᠡᠷ ᠬᠤᠭᠤᠴᠠᠭ᠎ᠠ ᠳᠤ ᠨᠡᠶᠢᠳᠡᠯᠡᠵᠤ ᠦᠭᠬᠦᠯ᠎ᠡ᠃ ᠡᠨᠡ ᠨᠢ ᠮᠢᠨᠤ ᠬᠤᠪᠢ ᠳᠤ ᠠᠪᠴᠤ ᠭᠡᠯᠡᠪᠡᠯ ᠦᠨᠡᠭᠡᠷ ᠰᠠᠨᠠᠭᠠᠨ ᠠᠴᠠ ᠭᠠᠳᠠᠭᠤᠷ ᠶᠠᠪᠤᠳᠠᠯ ᠪᠤᠯᠬᠤ ᠶᠤᠮ᠂ ᠤᠴᠢᠷ ᠨᠢ ᠮᠢᠨᠤ ᠪᠤᠳᠤᠯ ᠳᠤ ᠬᠤᠶᠠᠷ ᠭᠤᠷᠪᠠᠨ ᠵᠢᠯ ᠤᠨ ᠡᠮᠤᠨ᠎ᠡ ᠦᠭᠬᠦᠭᠰᠡᠨ ᠡᠭᠡ ᠪᠢᠴᠢᠭ ᠨᠢᠭᠡᠨᠳᠠ ᠺᠤᠮᠫᠢᠦ᠋ᠲ᠋ᠧᠷ ᠠᠴᠠ ᠠᠷᠴᠢᠭᠳᠠᠭᠰᠠᠨ ᠪᠠᠶᠢᠬᠤ ᠶᠤᠰᠤᠳᠠᠢ᠂ ᠭᠡᠪᠡᠴᠤ ᠰᠡᠳᠬᠦᠯ ᠤᠨ ᠬᠢᠨ ᠬᠠᠷᠢᠨ ᠢᠩᠭᠢᠵᠤ ᠭᠢᠭᠰᠡᠨ ᠦᠭᠡᠢ᠂ ᠡᠨᠡ ᠨᠢ ᠨᠠᠶᠢᠷᠠᠭᠤᠯᠬᠤ ᠭᠡᠯᠳᠡᠰ ᠤᠨ  ᠬᠢᠨ ᠤ ᠵᠤᠭᠢᠶᠠᠭᠴᠢ ᠳᠤ ᠬᠠᠨᠳᠤᠬᠤ ᠬᠠᠷᠢᠭᠤᠴᠠᠯᠭᠠᠳᠤ ᠤᠪᠤᠷ᠂ ᠡᠭᠡ ᠪᠢᠴᠢᠭ ᠢ ᠬᠠᠳᠠᠭᠠᠯᠠᠵᠤ ᠰᠶᠢᠳᠪᠤᠷᠢᠯᠡᠬᠦ ᠠᠷᠭ᠎ᠠ ᠶᠢ ᠨᠢᠭᠡ ᠶᠤᠰᠤᠨ ᠳᠤ ᠬᠠᠷᠠᠭᠤᠯᠵᠤ ᠪᠠᠶᠢᠭ᠎ᠠ ᠭᠡᠵᠤ ᠦᠵᠡᠬᠦ ᠳᠤ ᠢᠯᠡᠬᠦᠳᠡᠬᠦ ᠦᠭᠡᠢ ᠪᠢᠵᠠ᠃ ᠡᠨᠡ ᠤᠴᠢᠷ  ᠨᠢ  ᠨᠠᠳᠠ ᠳᠤ ᠮᠠᠷᠳᠠᠭᠳᠠᠰᠢ ᠦᠭᠡᠢ ᠰᠠᠭᠤᠭᠳᠠᠯ ᠦᠯᠳᠡᠭᠡᠭᠰᠡᠨ ᠪᠤᠯᠬᠤᠷ ᠠᠳᠡ ᠤᠨᠴᠠᠯᠠᠵᠤ ᠳᠤᠷᠠᠳᠬᠠᠨ ᠳᠡᠮᠳᠡᠭᠯᠡᠵᠤ ᠪᠠᠶᠢᠭ᠎ᠠ ᠶᠤᠮ᠃    ︽ᠤᠷᠤᠭ  ᠭᠡᠷ ᠪᠦᠯᠢ  ᠨᠠᠶᠢᠭᠡᠮ︾ ᠪᠤᠶᠤ ︽ᠨᠡᠶᠢᠭᠡᠮ︾ ᠰᠡᠳᠬᠦᠯ ᠲᠠᠢ ᠳᠠᠨᠢᠯᠴᠠᠵᠤ᠂ ᠴᠢᠳᠠᠬᠤ ᠶᠢᠨ ᠳᠤᠳᠤᠷ᠎ᠠ ᠰᠡᠳᠬᠦᠯ ᠤᠨ ᠠᠵᠢᠯ ᠢ ᠳᠡᠮᠵᠢᠵᠤ᠂ ᠴᠢᠳᠠᠯ ᠤᠨ ᠢᠶᠠᠨ ᠭᠢᠷᠢ ᠪᠠᠷ ᠡᠭᠡ ᠪᠢᠴᠢᠭ ᠪᠢᠴᠢᠵᠤ ᠢᠯᠡᠭᠡᠬᠦ ᠶᠢ ᠪᠠᠷᠢᠮᠳᠠᠯᠠᠵᠤ ᠪᠠᠶᠢᠭᠰᠠᠨ ᠢᠶᠠᠷ ᠰᠡᠳᠬᠦᠯ ᠤᠨ ᠬᠤᠷᠢᠶ᠎ᠠ ᠶᠢᠨ ᠬᠦᠭᠢᠬᠦᠯᠤᠯ ᠵᠤᠷᠢᠭᠵᠢᠭᠤᠯᠤᠯ ᠢ ᠴᠤ ᠳᠤᠰᠴᠤ ᠪᠠᠶᠢᠯ᠎ᠠ᠃ 1994 ᠤᠨ ᠳᠤ ᠴᠢᠮᠡᠭᠡᠯᠡᠭᠴᠢ ᠪᠠᠷ ᠡᠯᠰᠡᠭᠳᠡᠵᠤ᠂ 1995 ᠤᠨ ᠤ ᠵᠢᠯ ᠤᠨ ᠡᠭᠢᠨ ᠳᠤ ᠳᠤᠷᠠᠰᠬᠠᠯ ᠤᠨ ᠪᠤᠳᠠᠰ ᠬᠦᠯᠢᠶᠡᠵᠤ ᠪᠠᠶᠢᠭᠰᠠᠨ ᠪᠤᠯ᠂ ᠵᠢᠯ ᠤᠨ ᠡᠴᠤᠰ ᠲᠤ ᠰᠢᠯᠢᠳᠡᠭ ᠴᠢᠮᠡᠭᠡᠯᠡᠭᠴᠢ ᠪᠠᠷ ᠦᠨᠡᠯᠡᠭᠳᠡᠵᠤ᠂ ︽ᠴᠢᠮᠡᠭᠡᠯᠡᠭᠴᠢ ᠶᠢᠨ ᠦᠨᠠᠮᠯᠠᠯ︾᠂ ᠰᠡᠳᠬᠦᠯ ᠤᠨ ᠬᠤᠷᠢᠶ᠎ᠠ ᠶᠢᠨ ︽ᠤᠷᠤᠭ ᠭᠡᠷ ᠪᠦᠯᠢ ᠨᠠᠶᠢᠭᠡᠮ︾ ᠭᠡᠰᠡᠨ ᠮᠤᠩᠭᠤᠯ ᠭᠢᠳᠡᠳ ᠠᠩᠭ᠍ᠯᠢ ᠦᠰᠤᠭ᠌ ᠲᠠᠢ ᠳᠤᠰᠬᠠᠢ ᠳᠡᠮᠳᠡᠭᠯᠡᠯ ᠤᠨ ᠳᠡᠪᠳᠡᠷ ᠵᠡᠷᠭᠡ ᠶᠢ ᠬᠦᠯᠢᠶᠡᠭᠰᠡᠨ ᠨᠢ ᠡᠳᠤᠭᠡ ᠳᠤᠷᠠᠳᠬᠠᠯ  ᠲᠠᠢ᠂ ᠳᠤᠷᠠᠰᠬᠠᠯ ᠲᠠᠢ ᠡᠳ᠋ ᠦᠯᠤᠭ᠌ ᠤᠨ ᠬᠤᠪᠢ ᠪᠠᠷ ᠶᠠᠭᠠᠭᠢᠬᠤ ᠶᠢᠨ ᠠᠷᠭ᠎ᠠ ᠦᠭᠡᠢ ᠨᠢᠳᠤᠨ ᠦᠵᠡᠭᠳᠡᠵᠤ ᠭᠠᠷ  ᠲᠤ ᠪᠠᠷᠢᠭᠳᠠᠭᠰᠠᠨ ᠪᠤᠳᠠᠳᠤ ᠭᠡᠷᠡᠴᠢ ᠪᠤᠯᠵᠤ ᠡᠷᠭᠢᠴᠡᠬᠦᠯᠤᠯ ᠤᠨ ᠶᠢᠷᠳᠢᠨᠴᠤ ᠳᠤ ᠬᠦᠳᠤᠯᠤᠭᠡᠳ ᠪᠠᠶᠢᠨ᠎ᠠ᠃    ᠢᠯᠠᠩᠭᠤᠶ᠎ᠠ ᠪᠢ 2008 ᠤᠨ ᠤ ᠡᠭᠢᠨ ᠳᠤ ᠮᠤᠩᠭᠤᠯ ᠰᠡᠳᠬᠦᠯ ᠤᠨ ᠠᠩᠬᠠᠨ ᠤ ᠳ᠋ᠤᠭᠠᠷ ᠢ ᠴᠤᠭᠯᠠᠭᠤᠯᠠᠬᠤ ᠪᠤᠳᠤᠯ ᠳᠦᠷᠤᠭ᠍ᠳᠡᠵᠤ᠂ ᠬᠠᠳᠠᠭᠠᠯᠠᠵᠤ ᠪᠠᠶᠢᠭᠰᠠᠨ ᠭᠡᠳᠤᠨ ᠵᠠᠭᠤᠨ ᠬᠤᠪᠢ ᠰᠡᠳᠬᠦᠯ ᠤᠳ ᠢᠶᠠᠨ ᠡᠷᠭᠢᠬᠦᠯᠵᠤ ᠤᠷᠪᠠᠭᠤᠯᠤᠭᠠᠳ ︽ᠦᠨᠳᠤᠰᠤᠳᠡᠨ ᠤ ᠪᠦᠯᠬᠦᠮᠳᠠᠯ︾ ︵ᠡᠳᠤᠭᠡ ᠶᠢᠨ ︽ᠳᠤᠮᠳᠠᠳᠤ ᠶᠢᠨ ᠦᠨᠳᠤᠰᠤᠳᠡᠨ︾︶ ᠵᠡᠷᠭᠡ ᠠᠷᠪᠠᠨ ᠳᠤᠯᠤᠭᠠᠨ ᠬᠤᠪᠢ ᠰᠡᠳᠬᠦᠯ ᠤᠨ ᠠᠩᠬᠠᠨ ᠤ ᠳ᠋ᠤᠭᠠᠷ ᠢ ᠠᠩᠬ᠎ᠠ ᠰᠢᠬᠦᠨ ᠭᠠᠷᠭᠠᠵᠤ ᠳᠡᠮᠳᠡᠭᠯᠡᠨ ᠳᠠᠩᠰᠠᠯᠠᠵᠤ ᠳᠤᠰᠬᠠᠢ ᠤᠷᠤᠨ ᠪᠠᠶᠢᠷᠢ ᠤᠯᠭᠤᠨ ᠳᠠᠯᠪᠢᠵᠤ ᠪᠢᠯᠠ᠃ ᠬᠠᠷᠢᠨ ᠨᠢᠭᠡ ᠵᠢᠯ ᠤᠨ ᠳᠠᠷᠠᠭ᠎ᠠ᠂ ᠳᠤᠬᠠᠶᠢᠯᠠᠪᠠᠯ 2009 ᠤᠨ ᠤ 8 ᠰᠠᠷ᠎ᠠ ᠶᠢᠨ 11 ᠤ ᠡᠳᠤᠷ ᠮᠥᠨ ᠬᠠᠳᠠᠭᠠᠯᠠᠵᠤ ᠪᠠᠶᠢᠭ᠎ᠠ ᠨᠤᠮ ᠰᠡᠳᠬᠦᠯ ᠢᠶᠠᠨ ᠦᠷᠬᠦᠯᠵᠢᠯᠡᠨ ᠡᠷᠭᠢᠬᠦᠯᠵᠤ ᠪᠠᠶᠢᠭᠠᠳ ︽ᠤᠷᠤᠭ  ᠭᠡᠷ ᠪᠦᠯᠢ  ᠨᠠᠶᠢᠭᠡᠮ︾ ᠤᠨ ᠠᠩᠬᠠᠨ ᠤ ᠳ᠋ᠤᠭᠠᠷ ᠢ ᠤᠯᠵᠤ᠂ ᠡᠨᠡ ᠨᠢ ᠶᠠᠭ ᠯᠠ ︽ ᠰᠢᠨ᠎ᠡ ᠡᠭᠡ ᠬᠠᠭᠤᠷᠠᠢ︾ ᠶᠢ ᠢᠯᠡᠷᠡᠬᠦᠯᠤᠭ᠍ᠰᠡᠨ ᠮᠡᠳᠤ ᠪᠠᠶᠠᠷ ᠪᠤᠯᠵᠤ᠂ ᠮᠢᠨᠤ ᠴᠤᠭᠯᠠᠭᠤᠯᠭ᠎ᠠ  ᠶᠢᠨ ᠪᠠᠶᠠᠯᠢᠭᠵᠢᠯ᠂ ᠳᠤᠭ᠎ᠠ ᠨᠤᠷᠮ᠎ᠠ ᠶᠢᠨ ᠨᠡᠮᠡᠭᠳᠡᠯ ᠢ ᠠᠭᠢᠭᠤᠯᠵᠤ᠂ ᠡᠳᠤᠭᠡ ᠴᠤᠭᠯᠠᠭᠤᠯᠵᠤ ᠬᠠᠳᠠᠭᠠᠯᠠᠭᠰᠠᠨ ᠬᠤᠶᠠᠷ ᠵᠠᠭᠤ ᠭᠠᠷᠤᠢ ᠬᠤᠪᠢ ᠠᠩᠬᠠᠨ ᠤ ᠳ᠋ᠤᠭᠠᠷ ᠤᠨ ᠳᠤᠮᠳᠠ ᠦᠪᠡᠷ ᠤᠨ ᠭᠡᠰᠡᠨ ᠤᠷᠤᠨ ᠪᠠᠶᠢᠷᠢ ᠪᠠᠨ ᠡᠵᠡᠯᠡᠵᠤ ᠂ ᠨᠤᠮ ᠤᠨ ᠵᠢᠶᠠᠰᠠᠨ᠎ᠠ ︽ᠰᠠᠭᠠᠳᠠᠨ᠎ᠠ︾᠃    ᠡᠨᠡ ᠪᠦᠬᠦᠨ ᠪᠤᠯ ᠮᠢᠨᠤ ︽ᠨᠡᠶᠢᠭᠡᠮ︾ ᠰᠡᠳᠬᠦᠯ ᠢᠶᠠᠨ ᠳᠤᠷᠠᠰᠴᠤ ᠰᠠᠭᠤᠬᠤ ᠶᠢᠨ ᠠᠵᠠ ᠵᠢᠷᠭᠠᠯ ᠰᠠᠨ︕ ᠵᠤᠬᠢᠶᠠᠭᠴᠢ ᠶᠢᠨ ᠬᠠᠶ᠋ᠢᠭ᠄ ᠠᠯᠠᠱᠠ ᠠᠶᠢᠮᠠᠭ ᠤᠨ ᠠᠯᠠᠱᠠ ᠵᠡᠬᠦᠨ ᠬᠤᠰᠢᠭᠤᠨ ᠤ ᠪᠠᠶᠠᠨᠬᠤᠳᠠ ᠪᠠᠯᠭᠠᠰᠤ ᠶᠢᠨ ᠰᠢᠤᠸᠠᠢ ᡁᠢ ᠶᠤᠸᠠᠨ ᠰᠠᠭᠤᠭᠠᠯᠢ ᠳᠤᠭᠤᠷᠢᠭ ᠤᠨ ᠠᠷᠪᠠᠳᠤᠭᠠᠷ ᠠᠰᠠᠷ ᠤᠨ ᠬᠤᠶᠠᠳᠤᠭᠠᠷ ᠤᠷᠤᠴᠠ ᠶᠢᠨ 401 ᠳ᠋ᠤᠭᠡᠷ ᠭᠡᠷ
 
ᠢᠷᠡᠯᠲᠡ᠄ ᠦᠪᠤᠷ ᠮᠤᠩᠭᠤᠯ ᠤᠨ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号