ᠲᠠᠷᠢᠶ᠎ᠠ ᠦᠲᠦᠷᠮᠡᠳᠡᠬᠦ
ᠨᠡᠶᠢᠲᠡᠯᠡᠭᠰᠡᠨ ᠴᠠᠭ᠄
2021/12/1
     ᠲᠠᠷᠢᠶ᠎ᠠ ᠦᠲᠦᠷᠮᠡᠳᠡᠬᠦ ᠳᠤ ᠶᠠᠭᠤᠨ ᠤ ᠤᠷᠢᠳ ᠬᠠᠳᠠᠭᠤᠯᠢᠭ᠂ ᠬᠠᠶᠢᠷ ᠴᠢᠯᠠᠭᠤ ᠦᠭᠡᠢ ᠭᠠᠵᠠᠷ ᠢ ᠰᠤᠩᠭᠤᠵᠤ᠂ ᠲᠤᠭᠤᠶᠢᠯᠠᠨ ᠬᠠᠯᠴᠠᠭᠠᠶᠢᠯᠠᠵᠤ ᠲᠤᠯᠢᠨ ᠭᠦᠯᠢᠭᠡᠷ ᠲᠡᠭᠰᠢᠯᠡᠬᠦ ᠶᠢ ︽ᠦᠲᠦᠷᠮ᠎ᠡ ᠶᠢᠨ ᠭᠠᠵᠠᠷ ᠵᠠᠰᠠᠬᠤ︾ ᠭᠡᠳᠡᠭ᠃ ᠲᠡᠭᠡᠭᠡᠳ ᠲᠠᠷᠢᠶ᠎ᠠ ᠪᠠᠨ ᠲᠡᠭᠡᠭᠡᠵᠦ ᠦᠲᠦᠷᠮ᠎ᠡ ᠳᠤ ᠣᠷᠤᠭᠤᠯᠬᠤ ᠶᠢ ︽ᠲᠠᠷᠢᠶ᠎ᠠ ᠲᠡᠭᠡᠭᠡᠬᠦ︾ ᠭᠡᠳᠡᠭ᠃ ᠰᠠᠶᠢᠨ ᠲᠠᠷᠢᠶ᠎ᠠ ᠶᠢ ᠰᠠᠶᠢᠨ ᠡᠷ᠎ᠡ ᠪᠣᠯ ᠠᠷᠪᠠᠨ ᠵᠢᠷᠭᠤᠭᠠᠨ ᠪᠣᠭᠤᠵᠢ ᠲᠡᠭᠡᠭᠡᠵᠦ᠂ ᠣᠯᠠᠩᠬᠢ ᠬᠦᠮᠦᠨ ᠠᠷᠪᠠᠨ ᠬᠤᠶᠠᠷ ᠪᠣᠭᠤᠵᠢ ᠲᠡᠭᠡᠭᠡᠳᠡᠭ᠃      ᠲᠡᠭᠡᠭᠡᠵᠦ ᠠᠪᠴᠢᠷᠠᠭᠰᠠᠨ ᠲᠠᠷᠢᠶ᠎ᠠ ᠪᠠᠨ ᠦᠲᠦᠷᠮ᠎ᠡ ᠶᠢᠨ ᠭᠠᠵᠠᠷ ᠳᠡᠭᠡᠷ᠎ᠡ ᠪᠠᠨ ᠪᠣᠭᠤᠵᠢ ᠪᠠᠷ ᠰᠢᠬᠠᠯᠴᠠᠭᠤᠯᠤᠨ᠂ ᠲᠠᠷᠢᠶᠠᠨ ᠲᠣᠯᠤᠭᠠᠢ ᠪᠠᠨ ᠳᠡᠭᠡᠭᠰᠢ ᠬᠠᠨᠳᠤᠭᠤᠯᠤᠨ ᠣᠪᠤᠭᠠᠯᠠᠵᠤ ᠲᠠᠯᠪᠢᠬᠤ ᠶᠢ ︽ᠲᠠᠷᠢᠶ᠎ᠠ ᠣᠪᠤᠭᠠᠯᠠᠬᠤ︾ ᠭᠡᠳᠡᠭ᠃ ᠲᠠᠷᠢᠶ᠎ᠠ ᠪᠠᠨ ᠪᠦᠬᠦᠨ ᠢ ᠲᠡᠭᠡᠭᠡᠵᠦ ᠪᠠᠷᠠᠭᠰᠠᠨ ᠤ ᠬᠤᠶᠢᠨ᠎ᠠ ᠪᠣᠶᠤ ᠦᠲᠦᠷᠮ᠎ᠡ ᠶᠢᠨ ᠬᠡᠮᠵᠢᠶ᠎ᠡ ᠪᠠᠷ ᠢᠶᠠᠨ ᠲᠠᠷᠢᠶ᠎ᠠ ᠪᠠᠨ ᠣᠪᠤᠭᠠᠯᠠᠭᠰᠠᠨ ᠤ ᠬᠤᠶᠢᠨ᠎ᠠ ᠪᠣᠭᠤᠵᠢ ᠪᠠᠨ ᠠᠯᠳᠠᠷᠠᠭᠠᠨ ᠳᠡᠯᠭᠡᠬᠦ ᠶᠢ ︽ᠲᠠᠷᠢᠶ᠎ᠠ ᠳᠡᠪᠢᠰᠬᠦ︾ ᠭᠡᠳᠡᠭ᠃      ᠲᠠᠷᠢᠶ᠎ᠠ ᠳᠡᠪᠢᠰᠬᠦ ᠳᠤ ᠪᠠᠨ ᠭᠠᠳᠠᠷ ᠬᠦᠪᠡᠭᠡ ᠪᠠᠷ ᠨᠢ ᠨᠢᠭᠡ ᠮᠦᠷ ᠲᠣᠯᠤᠭᠠᠢ ᠶᠢ ᠨᠢ ᠳᠣᠲᠤᠭᠰᠢ ᠬᠠᠨᠳᠤᠭᠤᠯᠤᠨ ᠪᠣᠭᠤᠵᠢ ᠶᠢ ᠨᠢ ᠠᠯᠳᠠᠷᠠᠭᠠᠨ ᠲᠠᠯᠪᠢᠬᠤ ᠶᠢ ︽ᠭᠠᠳᠠᠷ ᠵᠠᠭᠠᠮ᠎ᠡ ᠲᠠᠯᠪᠢᠬᠤ︾ ᠭᠡᠨ᠎ᠡ᠃ ᠲᠡᠭᠡᠭᠰᠡᠨ ᠤ ᠳᠠᠷᠠᠭ᠎ᠠ ᠭᠠᠳᠠᠷ ᠠᠴᠠ ᠳᠣᠲᠤᠭᠰᠢ ᠲᠠᠷᠢᠶᠠᠨ ᠲᠣᠯᠤᠭᠠᠢ ᠪᠠᠨ ᠭᠠᠳᠠᠭᠰᠢ ᠬᠠᠨᠳᠤᠭᠤᠯᠵᠤ ᠳᠡᠪᠢᠰᠦᠭᠡᠳ᠂ ᠬᠠᠮᠤᠭ ᠭᠤᠣᠯ ᠭᠡᠰᠡᠭ ᠲᠤ ᠨᠢ ᠠᠷᠪᠠᠭᠠᠳ ᠪᠣᠭᠤᠵᠢ ᠲᠠᠷᠢᠶ᠎ᠠ ᠶᠢ ᠣᠪᠤᠭᠠᠯᠠᠵᠤ ︽ᠦᠲᠦᠷᠮ᠎ᠡ ᠶᠢᠨ ᠭᠤᠣᠯ︾ ᠪᠣᠯᠭᠠᠳᠠᠭ᠃ ᠠᠳᠡ ᠬᠦᠷᠲᠡᠯ᠎ᠡ ᠬᠢᠬᠦ ᠠᠵᠢᠯ ᠢ ︽ᠲᠠᠷᠢᠶ᠎ᠠ ᠳᠡᠪᠢᠰᠬᠦ︾ ᠪᠣᠶᠤ ︽ᠦᠲᠦᠷᠮ᠎ᠡ ᠳᠡᠪᠢᠰᠬᠦ︾ ᠭᠡᠵᠦ ᠨᠡᠷᠡᠯᠡᠳᠡᠭ᠃ ᠦᠲᠦᠷᠮ᠎ᠡ ᠳᠡᠪᠢᠰᠴᠦ ᠪᠠᠷᠠᠪᠠᠯ ᠬᠤᠯᠪᠤᠭ᠎ᠠ ᠳᠡᠯᠪᠡᠭᠡ ᠲᠠᠢ ᠦᠬᠡᠷ ᠣᠷᠤᠭᠤᠯᠵᠦ᠂ ᠦᠬᠡᠷ ᠢᠶᠠᠷ ᠬᠢᠰᠬᠢᠯᠡᠬᠦᠯᠬᠦ ᠶᠢ ︽ᠦᠬᠡᠷ ᠶᠠᠪᠤᠭᠤᠯᠬᠤ︾ ᠭᠡᠳᠡᠭ᠃      ᠦᠬᠡᠷ ᠶᠠᠪᠤᠭᠤᠯᠤᠭᠰᠠᠨ ᠤ ᠳᠠᠷᠠᠭ᠎ᠠ᠂ ᠬᠤᠶᠠᠷ ᠦᠬᠡᠷ ᠬᠦᠯᠦᠭᠰᠡᠨ ᠪᠣᠯᠤ ᠪᠠᠷ ᠪᠣᠯᠤᠳᠠᠬᠤ ᠶᠢ ︽ᠪᠣᠯᠤ ᠶᠠᠪᠤᠭᠤᠯᠬᠤ︾ ᠭᠡᠨ᠎ᠡ᠃ ᠮᠣᠩᠭᠤᠯ ᠲᠠᠷᠢᠶᠠᠨ ᠤ ᠪᠣᠯᠤ ᠪᠣᠯ ᠨᠢᠭᠡ ᠲᠠᠯ᠎ᠠ ᠨᠢ ᠪᠦᠳᠦᠭᠦᠨ᠂ ᠨᠢᠭᠡ ᠲᠠᠯ᠎ᠠ ᠨᠢ ᠵᠢᠭᠠᠬᠠᠨ ᠱᠣᠪᠲᠤᠩ ᠪᠠᠶᠢᠳᠠᠭ᠃ ᠮᠣᠩᠭᠤᠯ ᠲᠠᠷᠢᠶᠠᠨ ᠤ ᠪᠣᠯᠤ ᠶᠢᠨ ᠪᠦᠲᠦᠴᠡ ᠮᠠᠰᠢ ᠳᠦᠭᠦᠮ ᠪᠠᠶᠢᠵᠤ᠂ ᠪᠣᠯᠤ᠂ ᠬᠤᠶᠠᠷ ᠠᠷᠠᠯ᠂ ᠬᠤᠶᠠᠷ ᠢᠯᠡᠦ᠂ ᠬᠤᠶᠠᠷ ᠡᠷᠡᠭᠡᠳᠡᠰᠦ᠂ ᠬᠤᠶᠠᠷ ᠬᠦᠢᠰᠦ᠂ ᠬᠤᠶᠠᠷ ᠬᠤᠯᠬᠢ ᠪᠠᠷ ᠪᠦᠷᠢᠯᠳᠦᠳᠡᠭ᠃ ᠪᠣᠯᠤᠳᠠᠬᠤ ᠳᠤ ᠪᠠᠨ ᠪᠤᠯᠤ ᠶᠢᠨ ᠪᠦᠳᠦᠭᠦᠨ ᠪᠤᠨᠳᠤᠭᠤᠷ ᠲᠠᠯ᠎ᠠ ᠶᠢ ᠨᠢ ᠭᠠᠳᠠᠭᠰᠢ ᠬᠠᠨᠳᠤᠭᠤᠯᠵᠤ᠂ ᠨᠠᠷᠠ ᠡᠰᠡᠷᠭᠦ ︵ᠪᠣᠷᠤᠭᠤ︶ ᠵᠤᠩ ᠶᠠᠪᠤᠭᠤᠯᠤᠨ᠎ᠠ᠃ ᠲᠠᠷᠢᠶ᠎ᠠ ᠰᠦᠷᠡᠯᠰᠢᠭᠦᠯᠡᠷ ᠮᠦᠯᠢᠭᠳᠡᠭᠰᠡᠨ ᠰᠦᠷᠡᠯ ᠢ ᠨᠢ ᠠᠴᠠ ᠪᠠᠷ ᠭᠠᠳᠠᠭᠰᠢ ᠬᠠᠯᠮᠠᠨ᠎ᠠ᠃ ᠨᠡᠯᠢᠶᠡᠳ ᠪᠣᠯᠤᠳᠠᠭᠰᠠᠨ ᠤ ᠬᠤᠶᠢᠨ᠎ᠠ ᠳᠠᠬᠢᠭᠠᠳ ᠦᠲᠦᠷᠮ᠎ᠡ ᠳᠡᠪᠢᠰᠬᠦ ᠦᠭᠡᠢ ᠪᠣᠯ ᠰᠡᠭᠰᠦᠷᠴᠦ ᠣᠷᠤᠭᠤᠯᠤᠭᠠᠳ ᠭᠤᠣᠯ ᠪᠣᠯᠭᠠᠭᠰᠠᠨ ᠲᠠᠷᠢᠶ᠎ᠠ ᠪᠠᠨ ᠡᠷᠬᠢᠨ ᠲᠤᠭᠤᠷᠢᠨ ᠰᠦᠷᠴᠢᠳᠡᠭ᠃ ᠡᠭᠦᠨ ᠢ ︽ᠦᠲᠦᠷᠮ᠎ᠡ ᠶᠢᠨ ᠵᠠᠭᠠᠮ᠎ᠠ ᠡᠷᠭᠢᠭᠦᠯᠦᠨ᠎ᠡ︾ ᠭᠡᠳᠡᠭ᠃ ᠢᠩᠭᠢᠵᠦ ᠠᠴᠠ ᠪᠠᠷ ᠪᠤᠳᠠᠭ᠎ᠠ ᠶᠢ ᠨᠢ ᠰᠡᠭᠰᠦᠷᠴᠦ ᠦᠯᠡᠳᠡᠭᠡᠨ ᠰᠦᠷᠡᠯ ᠢ ᠨᠢ ᠭᠠᠳᠠᠭᠰᠢ ᠪᠠᠨ ᠬᠠᠯᠮᠠᠵᠦ᠂ ᠡᠪᠡᠰᠦ ᠶᠢ ᠨᠢ ᠬᠦᠭᠡᠭᠡᠵᠦ ᠪᠠᠷᠠᠭᠰᠠᠭᠠᠷ ᠪᠤᠳᠠᠭ᠎ᠠ ᠪᠠᠨ ᠣᠪᠤᠭᠠᠯᠠᠨ᠎ᠠ᠃ ᠵᠠᠯᠭᠠᠭᠠᠳ ᠣᠪᠤᠭᠠᠯᠠᠭᠰᠠᠨ ᠪᠤᠳᠠᠭ᠎ᠠ ᠪᠠᠨ ᠵᠢᠪᠠᠷ ᠤᠨ ᠠᠶᠠᠰ ᠢᠶᠠᠷ ᠮᠣᠳᠤᠨ ᠦᠯᠳᠡᠬᠦ ︵ᠬᠦᠷᠵᠡ︶ ᠪᠠᠷ ᠳᠡᠭᠡᠭᠰᠢ ᠰᠦᠷᠴᠢᠨ ᠬᠠᠶᠠᠯᠠᠬᠤ ᠳᠤ ᠨᠦᠭᠦᠭᠡ ᠬᠦᠮᠦᠨ ᠮᠣᠶᠤᠳᠠᠭᠤᠷ ︵ᠦᠲᠦᠷᠮ᠎ᠡ ᠳᠡᠭᠡᠷ᠎ᠡ ᠬᠡᠷᠡᠭᠯᠡᠬᠦ ᠲᠤᠰᠬᠠᠶᠢᠯᠠᠨ ᠪᠡᠯᠡᠳᠭᠡᠭᠰᠡᠨ ᠦᠵᠦᠭᠦᠷᠯᠢᠭ ᠳᠡᠷᠡᠰᠦᠨ ᠱᠦᠭᠦᠷ︶ ᠪᠠᠷ ᠡᠪᠡᠰᠦ ᠯᠤᠭ ᠢ ᠨᠢ ᠮᠣᠶᠤᠳᠠᠵᠤ ᠦᠭᠭᠦᠨ᠎ᠡ᠃ ᠡᠭᠦᠨ ᠢ ︽ᠪᠤᠳᠠᠭ᠎ᠠ ᠬᠠᠶᠠᠬᠤ︾ ᠪᠤᠶᠤ ︽ᠦᠲᠦᠷᠮ᠎ᠡ ᠴᠠᠭᠠᠯᠠᠬᠤ︾ ᠭᠡᠳᠡᠭ ᠪᠦᠭᠡᠳ ᠪᠤᠳᠠᠭ᠎ᠠ ᠬᠠᠶᠠᠵᠦ ᠪᠠᠷᠠᠪᠠᠯ ᠦᠲᠦᠷᠮ᠎ᠡ ᠶᠢᠨ ᠠᠵᠢᠯ ᠳᠠᠭᠤᠰᠴᠤ ︽ᠦᠲᠦᠷᠮ᠎ᠡ ᠮᠢᠯᠢᠶᠠᠬᠤ︾ ᠨᠠᠶᠢᠷ ᠬᠢᠨ᠎ᠡ᠃      ᠬᠠᠶᠠᠭᠰᠠᠨ ︵ᠠᠷᠢᠯᠭᠠᠭᠰᠠᠨ᠂ ᠴᠠᠭᠠᠯᠠᠭᠰᠠᠨ︶ ᠪᠤᠳᠠᠭ᠎ᠠ ᠪᠠᠨ ᠪᠦᠮᠪᠦᠭᠡᠯᠢᠭ ᠰᠠᠶᠢᠬᠠᠨ ᠣᠪᠤᠭᠠᠯᠠᠵᠤ᠂ ᠬᠤᠶᠠᠷ ᠬᠦᠮᠦᠨ ᠬᠤᠶᠠᠷ ᠲᠠᠯ᠎ᠠ ᠳᠤ ᠨᠢ ᠰᠠᠭᠤᠭᠠᠳ ᠦᠵᠡᠬᠦ ᠳᠤ ᠬᠠᠷᠢᠯᠴᠠᠨ ᠮᠠᠩᠨᠠᠢ ᠶᠢᠨ ᠬᠠᠷ᠎ᠠ ᠴᠠᠭᠠᠨ ᠵᠠᠭᠠᠳᠠᠰᠤ ᠪᠠᠨ ᠣᠯᠵᠤ ᠦᠵᠡᠪᠡᠯ ᠬᠤᠶᠠᠷ ᠵᠠᠭᠤ ᠲᠠᠪᠢᠨ ᠳ᠋ᠸᠤ ᠶᠠᠨᠳᠠᠨ᠎ᠠ ᠭᠡᠵᠤ ᠵᠢᠱᠢᠳᠡᠭ᠃ ᠡᠨᠡ ᠪᠣᠯ ᠦᠲᠦᠷᠮ᠎ᠡ ᠳᠠᠬᠢ ᠪᠤᠳᠠᠭ᠎ᠠ ᠪᠠᠨ ᠶᠠᠨᠳᠠᠬᠤ ᠠᠴᠠ ᠡᠮᠦᠨ᠎ᠡ ᠪᠠᠷᠤᠭᠯᠠᠴᠢᠬᠠᠳᠠᠭ ᠨᠡᠯᠢᠶᠡᠳ ᠪᠠᠲᠤᠯᠠᠭ᠎ᠠ ᠲᠠᠢ ᠬᠡᠮᠵᠢᠯᠲᠡ ᠪᠣᠯᠤᠨ᠎ᠠ᠃      ᠪᠤᠳᠠᠭ᠎ᠠ ᠴᠠᠭᠠᠯᠠᠵᠤ ᠪᠠᠶᠢᠬᠤ ᠳᠤ ᠪᠦᠰᠡᠭᠦᠢ ᠬᠦᠮᠦᠨ ᠣᠴᠢᠵᠦ ᠪᠣᠯᠳᠠᠭ ᠦᠭᠡᠢ ᠪᠦᠭᠡᠳ ᠪᠤᠳᠠᠭ᠎ᠠ ᠶᠠᠨᠳᠠᠵᠤ ᠪᠠᠶᠢᠬᠤ ᠶᠢ ᠠᠯᠤᠰ ᠠᠴᠠ ᠴᠦ ᠬᠠᠷᠠᠵᠤ ᠪᠣᠯᠳᠠᠭ ᠦᠭᠡᠢ᠂ ᠲᠤᠭᠠᠯᠠᠵᠤ ᠨᠡᠩ ᠪᠣᠯᠳᠠᠭ ᠦᠭᠡᠢ ᠴᠡᠭᠡᠷ ᠲᠠᠢ ᠪᠠᠶᠢᠳᠠᠭ᠃      ︵ᠢᠷᠡᠯᠲᠡ᠄ ᠨᠠ᠊· ᠪᠣᠶᠠᠨᠬᠡᠰᠢᠭ ᠤᠨ ᠨᠠᠶᠢᠷᠠᠭᠤᠯᠤᠭᠰᠠᠨ ︽ᠮᠣᠩᠭᠤᠯ ᠲᠡᠦᠭᠡ ᠰᠤᠶᠤᠯ ᠤᠨ ᠰᠤᠩᠭᠤᠳᠠᠭ ᠵᠤᠬᠢᠶᠠᠯ ᠤᠨ ᠬᠦᠮᠦᠷᠭᠡ᠂ ᠵᠠᠩ ᠦᠢᠯᠡ ᠶᠢᠨ ᠴᠤᠪᠤᠷᠠᠯ ︿ᠪᠠᠭᠠᠷᠢᠨ ᠵᠠᠩ ᠦᠢᠯᠡ﹀︾ ᠭᠡᠬᠦ ᠨᠣᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠣᠩᠭᠤᠯ ᠲᠡᠦᠭᠡ ᠰᠤᠶᠤᠯ ᠤᠨ ᠰᠤᠩᠭᠤᠳᠠᠭ ᠵᠤᠬᠢᠶᠠᠯ ᠤᠨ ᠬᠦᠮᠦᠷᠭᠡ᠂ ᠵᠠᠩ ᠦᠢᠯᠡ ᠶᠢᠨ ᠴᠤᠪᠤᠷᠠᠯ ︿ᠪᠠᠭᠠᠷᠢᠨ ᠵᠠᠩ ᠦᠢᠯᠡ﹀︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号