ᠲᠠᠷᠢᠶ᠎ᠠ ᠤᠷᠭᠤᠵᠤ ᠴᠢᠬᠢᠯᠡᠬᠦ ᠦᠶ᠎ᠡ ᠠᠴᠠ ᠡᠬᠢᠯᠡᠵᠦ᠂ ᠮᠠᠯ ᠤᠨᠤᠭ᠎ᠠ᠂ ᠬᠡᠭᠡᠷ᠎ᠡ ᠶᠢᠨ ᠠᠮᠢᠲᠠᠨ ᠲᠠᠷᠢᠶ᠎ᠠ | ᠲᠦᠮᠦᠰᠦ ᠶᠢ ᠰᠦᠢᠳᠭᠡᠬᠦ ᠠᠴᠠ ᠰᠡᠷᠭᠡᠶᠢᠯᠡᠵᠦ᠂ ᠲᠠᠷᠢᠶ᠎ᠠ ᠪᠠᠨ ᠮᠠᠨᠠᠳᠠᠭ᠃ ᠲᠠᠷᠢᠶ᠎ᠠ ᠮᠠᠨᠠᠬᠤ ᠠᠵᠢᠯ ᠨᠢ ᠲᠠᠷᠢᠶ᠎ᠠ | ᠬᠠᠳᠤᠵᠤ ᠪᠠᠷᠠᠲᠠᠯ᠎ᠠ ᠦᠷᠭᠦᠯᠵᠢᠯᠡᠳᠡᠭ᠃ ᠨᠤᠲᠤᠭ ᠣᠰᠣᠨ ᠤ ᠢᠯᠭᠠᠭ᠎ᠠ ᠵᠦᠷᠢᠶ᠎ᠡ ᠠᠴᠠ ᠪᠣᠯᠵᠣ᠂ ᠡᠶᠢᠮᠦᠷᠬᠦᠦ ᠠᠵᠢᠯ | ᠳᠠᠭᠠᠭᠠᠭᠴᠢ ᠶᠢ ᠲᠠᠷᠢᠶ᠎ᠠ ᠮᠠᠨᠠᠭᠴᠢ᠂ ᠲᠠᠷᠢᠶ᠎ᠠ ᠬᠠᠷᠠᠭᠴᠢ᠂ ᠲᠠᠷᠢᠶ᠎ᠠ ᠰᠠᠬᠢᠭᠴᠢ ᠭᠡᠵᠦ ᠶᠠᠩᠵᠤ ᠪᠣᠯᠭᠠᠨ ᠢᠶᠠᠷ ᠨᠡᠷᠡᠯᠡᠳᠡᠭ᠃ | ᠲᠠᠷᠢᠶ᠎ᠠ ᠰᠠᠬᠢᠭᠴᠢ ᠨᠢ ᠦᠨᠳᠦᠷ ᠰᠢᠭ ᠤᠷᠤᠢ ᠳᠡᠭᠡᠷ᠎ᠡ ᠤᠪᠤᠬᠠᠢ ᠪᠤᠰᠬᠠᠵᠤ ᠰᠠᠭᠤᠳᠠᠭ᠃ ᠲᠠᠷᠢᠶ᠎ᠠ ᠰᠠᠬᠢᠵᠤ | ᠬᠠᠮᠠᠭᠠᠯᠠᠬᠤ ᠳᠤ ᠪᠠᠨ ᠪᠠᠰᠠ ᠡᠪᠡᠰᠦ᠂ ᠪᠤᠷᠭᠠᠰᠤ᠂ ᠪᠤᠳᠠ᠂ ᠬᠠᠷᠭᠠᠨ᠎ᠠ ᠪᠠᠷ ᠮᠠᠨᠤᠤᠯ ᠬᠢᠵᠦ᠂ ᠪᠢᠯᠵᠤᠤᠬᠠᠢ ᠰᠢᠪᠠᠭᠤ ᠶᠢ | ᠦᠷᠭᠦᠭᠡᠵᠦ ᠠᠶᠤᠯᠭᠠᠬᠤ ᠳᠤ ᠵᠤᠷᠢᠭᠤᠯᠳᠠᠭ᠃ | | | ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ | ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |