ᠲᠠᠷᠢᠶ᠎ᠠ ᠲᠠᠩᠨᠠᠬᠤ
ᠨᠡᠶᠢᠲᠡᠯᠡᠭᠰᠡᠨ ᠴᠠᠭ᠄
2021/8/11
     ᠲᠠᠷᠢᠶ᠎ᠠ ᠲᠠᠩᠨᠠᠬᠤ ᠪᠣᠯ ᠮᠦᠨ ᠲᠠᠷᠢᠶ᠎ᠠ ᠶᠢ ᠠᠷᠠᠴᠢᠯᠠᠵᠤ ᠳᠤᠲᠤᠮᠳᠠᠬᠤ ᠴᠢᠬᠤᠯᠠ ᠨᠢᠭᠡ ᠠᠵᠢᠯᠯᠠᠭ᠎ᠠ ᠮᠦᠨ᠃ ᠲᠠᠷᠢᠶᠠᠨ ᠴᠢᠬᠢ ᠨᠡᠯᠢᠶᠡᠳ ᠦᠨᠳᠦᠷ ᠤᠷᠭᠤᠭᠰᠠᠨ ᠦᠶ᠎ᠡ ᠳᠤ᠂ ᠤᠷᠭᠤᠮᠠᠯ ᠤᠨ ᠦᠨᠳᠦᠰᠦᠨ ᠤ ᠰᠢᠷᠣᠢ ᠶᠢ ᠵᠤᠵᠠᠭᠠᠷᠠᠭᠤᠯᠬᠤ ᠵᠣᠷᠢᠯᠭ᠎ᠠ ᠪᠠᠷ ᠲᠠᠷᠢᠶᠠᠨ ᠴᠢᠬᠢ ᠶᠢᠨ ᠦᠨᠳᠦᠰᠦᠨ ᠳᠤ ᠰᠢᠷᠤᠢ ᠪᠠᠭᠤᠯᠭᠠᠬᠤ ᠶᠢ ᠲᠠᠷᠢᠶ᠎ᠠ ᠲᠠᠩᠨᠠᠬᠤ ᠭᠡᠳᠡᠭ᠂ ᠲᠠᠷᠢᠮᠠᠯ ᠤᠨ ᠠᠳᠠᠯᠢ ᠪᠤᠰᠤ ᠠᠴᠠ ᠪᠣᠯᠵᠤ᠂ ᠲᠠᠩᠨᠠᠬᠤ ᠱᠠᠭᠠᠷᠳᠠᠯᠭ᠎ᠠ ᠨᠢ ᠴᠤ ᠠᠳᠠᠯᠢ ᠦᠭᠡᠢ᠃ ᠲᠠᠷᠢᠶ᠎ᠠ ᠠᠷᠴᠢᠵᠦ ᠪᠠᠷᠠᠭᠰᠠᠨ ᠤ ᠰᠡᠭᠦᠯᠡᠷ ᠲᠠᠷᠢᠶ᠎ᠠ ᠲᠠᠩᠨᠠᠳᠠᠭ᠃ ᠰᠢᠰᠢ᠂ ᠡᠷᠳᠡᠨᠢ ᠰᠢᠰᠢ ᠶᠢᠨ ᠵᠦᠢᠯ ᠢ ᠨᠢᠭᠡ ᠲᠤᠬᠤᠢ ᠰᠢᠬᠠᠮ ᠦᠨᠳᠦᠷ᠂ ᠨᠠᠷᠢᠮᠤ᠂ ᠮᠣᠩᠭᠤᠯ ᠠᠮᠤ᠂ ᠰᠢᠯᠦᠬᠡᠢ᠂ ᠪᠤᠷᠴᠠᠭ ᠤᠨ ᠵᠦᠢᠯ ᠢ ᠪᠠᠷᠤᠭ ᠲᠠᠪᠤᠨ ᠢᠮᠠᠬᠤ ᠦᠨᠳᠦᠷ ᠪᠣᠯᠬᠤ ᠦᠶ᠎ᠡ ᠳᠤ ᠲᠡᠷᠢᠭᠦᠨ ᠤᠳᠠᠭ᠎ᠠ ᠲᠠᠩᠨᠠᠳᠠᠭ ᠪᠦᠭᠡᠳ ᠡᠭᠦᠨ ᠢ ᠪᠠᠰᠠ ᠲᠠᠷᠢᠶ᠎ᠠ ᠰᠤᠮᠤᠳᠠᠬᠤ ᠭᠡᠳᠡᠭ᠃ ᠭᠡᠬᠦ ᠳᠤ ᠪᠠᠨ ᠡᠷᠳᠡᠨᠢ ᠰᠢᠰᠢ᠂ ᠰᠢᠰᠢ᠂ ᠨᠠᠷᠢᠮᠤ ᠵᠡᠷᠭᠡ ᠡᠷᠲᠡ ᠶᠢᠨ ᠲᠠᠷᠢᠶ᠎ᠠ ᠶᠢ ᠭᠦᠨ ᠰᠢᠭ ᠲᠠᠩᠨᠠᠵᠤ᠂ ᠰᠠᠭᠠᠭ᠂ ᠮᠣᠩᠭᠤᠯ ᠠᠮᠤ ᠵᠡᠷᠭᠡ ᠤᠷᠤᠢ ᠶᠢᠨ ᠲᠠᠷᠢᠶ᠎ᠠ ᠶᠢ ᠭᠦᠢᠬᠡᠨ ᠲᠠᠩᠨᠠᠬᠤ ᠪᠣᠶᠣ ᠵᠠᠷᠢᠮ ᠭᠠᠵᠠᠷ ᠲᠤ ᠲᠠᠩᠨᠠᠳᠠᠭ ᠦᠭᠡᠢ᠃ ᠣᠯᠠᠩᠬᠢ ᠭᠠᠵᠠᠷ ᠲᠤ ᠨᠢᠭᠡ ᠤᠳᠠᠭ᠎ᠠ ᠲᠠᠩᠨᠠᠳᠠᠭ ᠪᠣᠯᠪᠠᠴᠤ ᠣᠨᠴᠠ ᠵᠠᠷᠢᠮ ᠭᠠᠵᠠᠷ ᠠᠩᠬ᠎ᠠ ᠤᠳᠠᠭ᠎ᠠ ᠲᠠᠩᠨᠠᠭᠰᠠᠨ ᠠᠴᠠ ᠠᠷᠪᠠᠭᠠᠳ ᠡᠳᠦᠷ ᠤᠨ ᠳᠠᠷᠠᠭ᠎ᠠ᠂ ᠬᠤᠶᠠᠳᠡᠬᠢ ᠤᠳᠠᠭ᠎ᠠ ᠲᠠᠩᠨᠠᠳᠠᠭ᠃ ︵ᠰᠢ· ᠬᠠᠰᠪᠠᠭᠠᠲᠤᠷ︶      ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽​ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号