ᠦᠬᠡᠷ ᠤᠨ ᠢᠮ ᠲᠡᠮᠳᠡᠭ ᠲᠤ ᠵᠢᠷᠦᠬᠡ ᠢᠮ᠂ ᠤᠭᠲᠤᠭᠤᠯ ᠢᠮ᠂ ᠰᠠᠮ ᠢᠮ᠂ ᠬᠠᠭᠠᠯᠪᠤᠷᠢ ᠢᠮ᠂ | ᠲᠠᠭᠠᠷᠢᠮᠠᠯ ᠢᠮ᠂ ᠤᠩᠬᠢ ᠢᠮ ᠵᠡᠷᠭᠡ ᠵᠢᠷᠭᠤᠭᠠᠨ ᠵᠦᠢᠯ ᠤᠨ ᠪᠠᠶᠢᠳᠠᠭ᠃ | ᠦᠬᠡᠷ ᠢᠮᠨᠡᠬᠦ ᠤᠷᠤᠨ ᠪᠠᠶᠢᠷᠢ ᠪᠠ ᠢᠮᠨᠡᠬᠦ ᠠᠷᠭ᠎ᠠ ᠨᠢ ᠮᠦᠨ ᠠᠳᠣᠭᠤ ᠢᠮᠨᠡᠬᠦ ᠲᠠᠢ ᠠᠳᠠᠯᠢ ᠪᠠᠶᠢᠳᠠᠭ᠃ | ᠡᠭᠦᠨ ᠳᠤ ᠠᠳᠠᠯᠢ ᠦᠭᠡᠢ ᠲᠠᠯ᠎ᠠ ᠭᠡᠪᠡᠯ ᠦᠬᠡᠷ ᠢ ᠲᠤᠭᠤᠯ ᠪᠠᠶᠢᠬᠤ ᠦᠶ᠎ᠡ ᠳᠤᠨᠢ ᠢᠮᠨᠡᠨᠡ᠃ ᠤᠴᠢᠷ ᠨᠢ | ᠦᠬᠡᠷ ᠤᠨ ᠴᠢᠬᠢ ᠨᠢ ᠵᠤᠵᠠᠭᠠᠨ ᠲᠤᠯᠠ ᠲᠤᠭᠤᠯ ᠪᠠᠶᠢᠬᠤ ᠳᠤᠨᠢ ᠢᠮᠨᠡᠪᠡᠯ ᠴᠢᠰᠤ ᠭᠠᠷᠬᠤ ᠨᠢ ᠪᠠᠭ᠎ᠠ ᠪᠠᠶᠢᠵᠤ᠂ | ᠡᠳᠡᠭᠡᠷᠡᠬᠦ ᠨᠢ ᠬᠤᠷᠳᠤᠨ ᠶᠤᠮ᠃ ᠲᠤᠭᠤᠯ ᠤᠨ ᠪᠤᠷᠤᠭᠤ ᠴᠢᠬᠢᠨ ᠤ ᠬᠢᠨᠢ ᠭᠠᠳᠠᠷ ᠲᠠᠯ᠎ᠠ ᠳᠤᠨᠢ ᠢᠮ ᠭᠠᠷᠭᠠᠨ᠎ᠠ᠃ | ᠭᠤᠣᠯᠳᠠᠭᠤ ᠬᠤᠷᠴᠠ ᠢᠷ ᠲᠠᠢ ᠬᠠᠶᠢᠴᠢ ᠶᠢ ᠬᠡᠷᠡᠭᠯᠡᠳᠡᠭ᠃ | ᠦᠬᠡᠷ ᠲᠤ ᠭᠠᠨᠵᠤᠭ᠎ᠠ ᠢᠮ ᠪᠠ ᠰᠦᠢᠬᠡ ᠢᠮ ᠢ ᠬᠢᠳᠡᠭ ᠦᠭᠡᠢ᠂ ᠬᠠᠷᠢᠨ ᠠᠳᠣᠭᠤᠨ ᠳᠤ ᠬᠢᠬᠦ ᠦᠭᠡᠢ | ᠰᠠᠮ ᠢᠮ ᠪᠠ ᠲᠠᠭᠠᠷᠢᠮᠠᠯ ᠢᠮ ᠢ ᠦᠬᠡᠷ ᠲᠤ ᠬᠢᠳᠡᠭ᠃ | ᠰᠠᠮ ᠢᠮ ᠢ ᠲᠤᠭᠤᠯ ᠤᠨ ᠪᠤᠷᠤᠭᠤ ᠲᠠᠯ᠎ᠠ ᠶᠢᠨ ᠴᠢᠬᠢᠨ ᠤ ᠳᠤᠤᠷ᠎ᠠ ᠲᠠᠯ᠎ᠠ ᠠᠴᠠ ᠨᠢ ᠳᠡᠭᠡᠭᠰᠢ ᠭᠤᠷᠪᠠ | ᠬᠠᠶᠢᠴᠢᠯᠠᠨ᠎ᠠ᠃ ᠭᠡᠬᠦ ᠳᠡᠭᠡᠨ ᠵᠠᠢ ᠨᠢ ᠬᠡᠳᠦ ᠤᠶᠢᠷᠠᠯᠴᠠᠭ᠎ᠠ ᠪᠣᠯ ᠡᠳᠡᠭᠡᠷᠡᠭᠰᠡᠨ ᠤ ᠳᠠᠷᠠᠭ᠎ᠠ ᠰᠠᠮ ᠢᠮ ᠨᠢ ᠨᠡᠩ | ᠢᠯᠡ ᠲᠤᠳᠤ ᠬᠠᠷᠠᠭᠳᠠᠨ᠎ᠠ᠃ ᠢᠮ ᠭᠠᠷᠭᠠᠵᠤ ᠪᠠᠶᠢᠭ᠎ᠠ ᠬᠦᠮᠦᠨ ᠭᠤᠷᠪᠠ ᠬᠠᠶᠢᠴᠢᠯᠠᠭᠠᠳ ᠬᠠᠶᠢᠴᠢᠯᠠᠭᠳᠠᠭᠰᠠᠨ | ᠬᠤᠶᠠᠷ ᠵᠢᠵᠢᠭ ᠬᠡᠰᠡᠭ ᠢ ᠵᠠᠪᠠᠯ ᠨᠠᠭᠠᠰᠢ ᠴᠠᠭᠠᠰᠢ ᠲᠠᠲᠠᠵᠤ ᠢᠯᠡ ᠲᠤᠳᠤ ᠪᠣᠯᠭᠠᠵᠤ ᠲᠠᠯᠪᠢᠨ᠎ᠠ᠃ | ᠲᠠᠭᠠᠷᠢᠮᠠᠯ ᠢᠮ ᠢ ᠢᠮᠨᠡᠬᠦ ᠳᠤ ᠠᠮᠠᠷᠬᠠᠨ ᠶᠤᠮ᠃ ᠲᠤᠭᠤᠯ ᠤᠨ ᠪᠤᠷᠤᠭᠤ ᠲᠠᠯ᠎ᠠ ᠶᠢᠨ ᠴᠢᠬᠢᠨ ᠤ ᠮᠡᠷᠭᠡᠨ | ᠦᠵᠦᠭᠦᠷ ᠢ ᠬᠤᠷᠤᠭᠤ ᠢᠯᠡᠭᠦᠦ ᠰᠢᠭ ᠦᠷᠭᠡᠨ ᠲᠠᠯᠪᠢᠵᠤ ᠪᠠᠶᠢᠭᠠᠳ ᠬᠠᠶᠢᠴᠢ ᠪᠠᠷ ᠠᠰ ᠬᠠᠶᠢᠴᠢᠯᠠᠵᠤ ᠠᠪᠤᠨ᠎ᠠ᠃ | ᠪᠤᠬ᠎ᠠ ᠲᠠᠯᠪᠢᠬᠤ ᠪᠠᠷ ᠦᠵᠡᠵᠦ ᠲᠤᠭᠲᠠᠭᠰᠠᠨ ᠡᠷ᠎ᠡ ᠲᠤᠭᠤᠯ ᠢ ᠢᠮ ᠭᠠᠷᠭᠠᠳᠠᠭ ᠦᠭᠡᠢ᠂ ᠬᠠᠮᠤᠭ ᠨᠠᠭᠠᠲᠤ | ᠵᠠᠬ᠎ᠠ ᠳᠠᠭᠠᠨ ᠲᠠᠭᠠᠷᠢᠮᠠᠯ ᠢᠮ ᠢ ᠭᠠᠷᠭᠠᠬᠤ ᠦᠭᠡᠢ ᠪᠠᠶᠢᠳᠠᠭ᠃ | | | ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ | ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |